ᠢᠲᠡᠭᠡᠮᠵᠢᠲᠦ ᠨᠠᠶ᠋ᠢᠲ‍ᠠᠯᠬ᠋᠎ᠠ ᠶ᠋ᠢᠨ ᠺᠣᠮᠫᠠᠨᠢ Итгэмжит найдлгын компани ᠪᠣᠰᠣᠳ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠲᠡᠭᠡᠮᠵᠢᠲᠦ ᠨᠠᠶ᠋ᠢᠲ‍ᠠᠯᠬ᠋᠎ᠠ ᠶ᠋ᠢᠨ ᠺᠣᠮᠫᠠᠨᠢ Итгэмжит найдлгын компани

ᠢᠲᠡᠭᠡᠮᠵᠢᠲᠦ ᠨᠠᠶ᠋ᠢᠲ‍ᠠᠯᠬ᠋᠎ᠠ ᠶ᠋ᠢᠨ ᠺᠣᠮᠫᠠᠨᠢ Итгэмжит найдлгын компани

ᠠᠩᠭᠢᠯᠠᠯ:ᠪᠣᠰᠣᠳ
2023-07-11

467

ᠢᠲᠡᠭᠡᠮᠵᠢᠲᠦ ᠨᠠᠶ᠋ᠢᠲ‍ᠠᠯᠬ᠋᠎ᠠ ᠶ᠋ᠢᠨ ᠺᠣᠮᠫᠠᠨᠢ


       ᠳᠡᠯᠡᠬᠡᠢ ᠶ᠋ᠢᠨ ᠬᠣᠶᠠᠳᠤᠭᠠᠷ ᠲᠡᠢᠨ ᠡᠴᠡ ᠡᠮᠦᠨᠡᠬᠡᠨ ᠂  ᠭᠧᠷᠮᠠᠨ ᠳᠤ ᠪᠠᠪᠢᠨᠠ ᠢᠲᠡᠭᠡᠮᠵᠢᠲᠦ ᠺᠣᠮᠫᠠᠨᠢ ᠭᠡᠳᠡᠭ ᠲᠤᠰᠬᠠᠢᠯᠠᠨ ᠵᠣᠴᠢᠳ ᠲᠤ᠌ ᠦᠨᠡᠲᠡᠢ ᠡᠳ᠋ ᠪᠣᠳᠠᠰ ᠬᠠᠳᠠᠭᠠᠯᠠᠵᠤ ᠥᠭᠳᠡᠭ ᠨᠢᠭᠡᠨ ᠶᠠᠯᠢᠮ ᠦᠭᠡᠢ ᠢᠲᠡᠭᠡᠮᠵᠢᠲᠦ ᠨᠠᠢᠳᠠᠯᠭ᠎ᠠ ᠶᠢᠨ ᠺᠣᠮᠫᠠᠨᠢ ᠪᠠᠢᠪᠠ᠃  ᠲᠡᠢᠨ ᠡᠭᠦᠰᠦᠭᠰᠡᠨ ᠦ᠌ ᠳᠠᠷᠠᠭ᠎ᠠ ᠂  ᠬᠥᠮᠦᠰ ᠬᠣᠢᠨ᠎ᠠ ᠬᠣᠢᠨ᠎ᠠ ᠠ᠋ᠴᠠ ᠪᠠᠨ ᠡᠳ᠋ ᠪᠣᠳᠠᠰ ᠢ᠋ᠶ᠋ᠠᠨ ᠠᠪᠴᠤ ᠶᠠᠪᠤᠭᠠᠳ ᠂ ᠳᠥᠷᠪᠡᠨ ᠵᠦᠭ ᠲᠦ᠍ ᠰᠠᠷᠨᠢᠨ ᠳᠤᠲᠠᠭᠠᠪᠠ᠃  ᠵᠠᠩᠭᠤᠢᠳᠠ ᠨᠢ ᠪᠠᠰᠠ ᠵᠢᠭᠠᠬᠠᠨ ᠲᠠᠲᠠᠭᠠᠯᠵᠠᠵᠤ ᠪᠠᠢᠭᠠᠳ ᠳᠤᠲᠠᠭᠠᠵᠤ ᠭᠡᠨ᠎ᠡ ᠃ ᠵᠥᠪᠬᠡᠨ ᠰᠢ ᠶᠠ ᠪᠠᠰᠠ ᠯᠠ ᠲᠡᠨᠳᠡ ᠳᠠᠩᠰᠠ ᠪᠦᠷᠢᠳᠬᠡᠵᠦ  ᠪᠠᠢᠨ᠎ᠠ᠃  ᠳᠡᠯᠪᠡᠴᠢᠬᠦ ᠪᠥᠮᠪᠥᠭᠡ ᠨᠢᠭᠡ ᠨᠢᠭᠡ ᠪᠡᠷ ᠢᠲᠡᠭᠡᠯᠲᠦ ᠨᠠᠢᠳᠠᠯᠭ᠎ᠠ ᠶ᠋ᠢᠨ ᠺᠣᠮᠫᠠᠨᠢ ᠶ᠋ᠢᠨ ᠬᠠᠪᠢ ᠳ᠋ᠤ᠌ ᠳᠡᠯᠪᠡᠷᠡᠨ ᠳᠤᠤᠭᠠᠷᠴᠤ ᠪᠠᠢᠬᠤ ᠳ᠋ᠤ᠌᠂  ᠰᠢ ᠶᠠ ᠶᠠᠭ ᠯᠠ ᠣᠯᠵᠤ ᠰᠣᠨᠣᠰᠤᠭᠰᠠᠨ ᠦᠭᠡᠢ ᠰᠢᠭ  ᠪᠠᠢᠯ᠎ᠠ᠃ ᠲᠡᠷᠡ ᠳᠠᠩᠰᠠ ᠪᠠᠨ ᠪᠦᠷᠢᠳᠬᠡᠵᠦ ᠳᠠᠭᠤᠰᠤᠭᠠᠳ ᠂ ᠯᠧᠭ᠌ ᠭᠡᠳᠡᠭ ᠵᠣᠴᠢᠨ ᠶᠠᠭᠤᠮ᠎ᠠ ᠪᠠᠨ ᠠᠪᠴᠤ ᠶᠠᠪᠤᠭ᠎ᠠ ᠦᠭᠡᠢ ᠪᠠᠢᠬᠤ ᠶ᠋ᠢ ᠣᠯᠵᠤ ᠮᠡᠳᠡᠪᠡ᠃ ᠲᠡᠷᠡ ᠪᠣᠯ ᠨᠢᠭᠡ 50 ᠳ᠋ᠦᠩᠰᠢᠭᠤᠷ ᠮᠠᠷᠺ ᠤ᠋ᠨ ᠥᠷᠲᠡᠭ ᠲᠡᠢ ᠪᠠᠳᠮᠠᠷᠠᠭ᠎ᠠ( ᠤᠯᠠᠭᠠᠨ ᠥᠩᠭᠡ ᠲᠡᠢ ᠡᠷᠳᠡᠨᠢ ᠶ᠋ᠢᠨ ᠴᠢᠯᠠᠭᠤ) ᠪᠣᠯᠤᠨ᠎ᠠ ᠃  ᠰᠢ ᠶᠠ ᠂ ᠪᠠᠳᠮᠠᠷᠠᠭ᠎ᠠ ᠪᠣᠯᠤᠨ ᠪᠦᠬᠦ ᠮᠠᠲ᠋ᠧᠷᠢᠶᠠᠯ ᠢ᠋ ᠨᠢᠭᠡ ᠵᠢᠵᠢᠭ ᠬᠠᠢᠷᠴᠠᠭ ᠲᠤ᠌ ᠬᠢᠵᠦ ᠂ ᠳᠠᠷᠠᠭ᠎ᠠ ᠨᠢ ᠪᠦᠬᠦ ᠳᠠᠩᠰᠠ ᠪᠠᠨ ᠠᠪᠴᠤ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠠ᠋ᠴᠠ ᠰᠠᠯᠵᠠᠢ᠃ 
      ᠬᠡᠳᠦᠨ ᠡᠳᠦᠷ ᠦ᠋ᠨ ᠳᠠᠷᠠᠭ᠎ᠠ᠂ ᠲᠡᠢᠨ ᠦ᠌ ᠭᠠᠯ ᠪᠠᠪᠢᠨᠠ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠶ᠋ᠢᠨ ᠣᠢᠷ᠎ᠠ ᠣᠷᠴᠢᠮ  ᠢ ᠲᠠᠮᠲᠤᠭ ᠪᠣᠯᠲᠠᠯ᠎ᠠ ᠲᠠᠯᠬᠢᠨ ᠲᠡᠭᠰᠢᠯᠡᠪᠡ᠃  ᠰᠢ ᠶᠠ ᠴᠦ᠍ ᠲᠡᠢᠨ ᠦ᠌ ᠰᠠᠮᠠᠭᠤᠷᠠᠯ ᠠ᠋ᠴᠠ ᠵᠠᠢᠯᠠᠬᠤ ᠶ᠋ᠢᠨ ᠲᠥᠯᠥᠭᠡ ᠭᠠᠵᠠᠷ ᠪᠣᠯᠭᠠᠨ ᠳ᠋ᠤ᠌ ᠲᠤᠲᠠᠭᠠᠨ ᠭᠦᠶᠦᠪᠡ᠃ ᠭᠡᠪᠡᠴᠦ ᠬᠠᠮᠢᠭ᠎ᠠ ᠣᠴᠢᠭᠰᠠᠨ ᠴᠤ᠌᠂ ᠰᠢ ᠶᠠ ᠪᠦᠷ ᠪᠡᠶ᠎ᠡ ᠳ᠋ᠡᠭᠡᠨ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠶ᠋ᠢᠨ ᠳᠠᠩᠰᠠ ᠪᠠ ᠲᠡᠷᠡ ᠡᠷᠳᠡᠨᠢ ᠶ᠋ᠢᠨ ᠴᠢᠯᠠᠭᠤ ᠶ᠋ᠢ ᠠᠪᠴᠤ ᠶᠠᠪᠤᠵᠤ ᠪᠠᠢᠯ᠎ᠠ᠃ ᠲᠡᠭᠦᠨ ᠦ᠌ ᠪᠣᠳᠣᠬᠤ ᠪᠠᠷ᠂ ᠲᠡᠷᠡ ᠪᠠᠰᠠ ᠪᠠᠪᠢᠨᠠ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠶ᠋ᠢᠨ ᠠᠵᠢᠯᠲᠠᠨ ᠂ ᠲᠡᠷᠡ ᠲᠡᠢᠨ ᠳᠠᠭᠤᠰᠬᠤ ᠪᠣᠯᠲᠠᠯ᠎ᠠ ᠳᠠᠩᠰᠠ ᠬᠠᠷ᠎ᠠ ᠪᠣᠯᠤᠨ ᠡᠷᠳᠡᠨᠢ ᠶ᠋ᠢᠨ ᠴᠢᠯᠠᠭᠤ ᠪᠠᠨ ᠬᠠᠳᠠᠭᠠᠯᠠᠵᠤ᠂ ᠲᠡᠢᠨ ᠳᠠᠭᠤᠰᠤᠮᠠᠭᠴᠠ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠳ᠋ᠤ᠌ ᠬᠦᠷᠭᠡᠨ᠎ᠡ ᠭᠡᠵᠦ ᠪᠣᠳᠣᠪᠠ᠃ 
       ᠲᠡᠢᠨ ᠡᠴᠦᠰ ᠲᠡᠭᠡᠨ ᠳᠠᠭᠤᠰᠴᠤ᠂ ᠰᠢ ᠶᠠ ᠭᠤᠷᠪᠠᠨ ᠬᠡᠦᠬᠡᠳ ᠢ᠋ᠶ᠋ᠡᠨ ᠳᠠᠭᠠᠭᠤᠯᠤᠨ ᠪᠧᠷᠯᠢᠨ ᠳ᠋ᠦ᠍ ᠪᠤᠴᠠᠪᠠ᠃ ᠭᠡᠲᠡᠯ᠎ᠡ ᠪᠠᠪᠢᠨᠠ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠶ᠋ᠢᠨ ᠵᠠᠩᠭᠤᠢᠳᠠ ᠨᠢᠭᠡᠨᠲᠡ ᠲᠡᠢᠨ ᠳᠠᠵᠢᠨ ᠤ᠋ ᠳᠤᠮᠳᠠ ᠦᠬᠦᠵᠦ᠂  ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠨᠢ ᠨᠢᠭᠡᠨᠲᠡ ᠣᠷᠣᠰᠢᠬᠤ ᠪᠠᠨ ᠪᠣᠯᠢᠪᠠ᠃ ᠭᠡᠪᠡᠴᠦ ᠰᠢ ᠶᠠ  ᠪᠠᠰᠠᠯᠠ ᠳᠠᠩᠰᠠ ᠪᠠ ᠡᠷᠳᠡᠨᠢ ᠶ᠋ᠢᠨ ᠴᠢᠯᠠᠭᠤ ᠶ᠋ᠢ ᠬᠠᠳᠠᠭᠠᠯᠠᠭᠰᠠᠭᠠᠷ ᠪᠠᠢᠯ᠎ᠠ᠃ ᠤᠴᠢᠷ ᠨᠢ ᠡᠷᠳᠡᠨᠢ ᠶ᠋ᠢᠨ ᠴᠢᠯᠠᠭᠤ ᠪᠣᠯ  ᠨᠠᠢᠳᠠᠭᠴᠢ ᠶ᠋ᠢᠨ ᠨᠠᠢᠳᠠᠨ ᠬᠠᠳᠠᠭᠠᠯᠠᠭᠤᠯᠤᠭᠰᠠᠨ ᠶᠠᠭᠤᠮ᠎ᠠ ᠶᠤᠮ ᠂ ᠨᠠᠢᠳᠠᠭᠴᠢ ᠡᠷᠳᠡᠨᠢ ᠶ᠋ᠢᠨ ᠴᠢᠯᠠᠭᠤ ᠪᠠᠨ ᠠᠪᠴᠤ ᠶᠠᠪᠤᠭᠰᠠᠨ ᠦᠭᠡᠢ ᠪᠣᠯ ᠲᠡᠷᠡ ᠳᠠᠷᠤᠢ ᠨᠠᠢᠳᠠᠭᠴᠢ ᠳ᠋ᠤ᠌ ᠬᠠᠳᠠᠭᠠᠯᠠᠨ ᠬᠠᠮᠢᠶᠠᠷᠴᠤ ᠥᠭᠴᠦ᠂ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠶ᠋ᠢᠨ ᠢᠲᠡᠭᠡᠯ ᠬᠦᠨᠳᠦ ᠶ᠋ᠢ ᠪᠠᠲᠤ ᠰᠠᠬᠢᠬᠤ ᠬᠡᠷᠡᠭᠲᠡᠢ ᠭᠡᠵᠦ ᠪᠣᠳᠣᠵᠠᠢ᠃ 
       ᠬᠡᠴᠢᠨᠡᠨ ᠵᠢᠯ ᠥᠩᠭᠡᠷᠡᠯ᠎ᠡ᠃ ᠰᠢ ᠶᠠ  ᠶᠡᠷᠦ ᠨᠢ ᠠᠵᠢᠯ ᠣᠯᠤᠭ᠎ᠠ ᠦᠭᠡᠢ ᠂ ᠲᠡᠷᠡ ᠭᠤᠷᠪᠠᠨ ᠬᠡᠦᠬᠡᠳ  ᠢᠶᠠᠨ ᠳᠠᠭᠠᠭᠤᠯᠤᠨ ᠲᠤᠢᠯ ᠤ᠋ᠨ ᠶᠠᠳᠠᠭᠤ ᠵᠦᠳᠡᠭᠦᠦ ᠠᠮᠢᠳᠤᠷᠠᠵᠤ ᠪᠠᠢᠪᠠ᠃ ᠦᠨᠡᠨ ᠳ᠋ᠡᠭᠡᠨ ᠲᠤᠬᠠᠢ ᠶ᠋ᠢᠨ ᠦᠶ᠎ᠡ ᠳ᠋ᠦ᠍ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠳ᠋ᠤ᠌ ᠡᠷᠳᠡᠨᠢ ᠶ᠋ᠢᠨ ᠴᠢᠯᠠᠭᠤ ᠬᠠᠳᠠᠭᠠᠯᠠᠵᠤ  ᠪᠠᠢᠭᠰᠠᠨ ᠯᠧᠭ᠌ ᠴᠦ᠍ ᠲᠡᠢᠨ ᠦ᠌ ᠰᠠᠮᠠᠭᠤᠷᠠᠯ ᠳᠤᠮᠳᠠ ᠦᠬᠦᠴᠢᠬᠡᠵᠡᠢ᠃ ᠲᠡᠷᠡ ᠬᠦ᠌ ᠦᠨᠡᠯᠡᠰᠢ ᠦᠭᠡᠢ ᠪᠠᠳᠮᠠᠷᠠᠭ᠎ᠠ( ᠤᠯᠠᠭᠠᠨ ᠥᠩᠭᠡ ᠲᠡᠢ ᠡᠷᠳᠡᠨᠢ ᠶ᠋ᠢᠨ ᠴᠢᠯᠠᠭᠤ) ᠶ᠋ᠢ ᠠᠯᠢ ᠡᠷᠲᠡ ᠲᠠᠨᠢᠵᠤ ᠠᠪᠬᠤ ᠬᠥᠮᠦᠨ ᠦᠭᠡᠢ ᠪᠣᠯᠵᠠᠢ ᠃ ᠰᠢ ᠶᠠ ᠲᠡᠭᠦᠨ ᠢ᠋ ᠰᠡᠮᠡᠭᠡᠷᠬᠡᠨ ᠬᠤᠳᠠᠯᠳᠤᠵᠤ ᠂ ᠬᠡᠮᠡᠷᠯᠢᠭ ᠡᠮᠦᠰᠴᠦ᠂ ᠬᠠᠰ ᠢ᠋ᠶ᠋ᠠᠷ  ᠭᠣᠶᠣᠯᠠᠬᠤ ᠠᠮᠢᠳᠤᠷᠠᠯ ᠢ᠋ ᠣᠯᠵᠤ ᠪᠣᠯᠤᠨ᠎ᠠ᠃ ᠭᠡᠲᠡᠯ᠎ᠡ ᠲᠡᠷᠡ ᠲᠡᠭᠡᠵᠦ ᠬᠢᠭᠰᠡᠨ ᠦᠭᠡᠢ᠃ ᠲᠡᠷᠡ ᠪᠣᠯ ᠨᠠᠢᠳᠠᠭᠴᠢ ᠶᠢᠨ ᠡᠳ᠋ ᠪᠣᠳᠠᠰ ᠶᠤᠮ᠃ ᠲᠡᠷᠡ ᠵᠥᠪᠬᠡᠨ ᠬᠠᠳᠠᠭᠠᠯᠠᠵᠤ ᠪᠣᠯᠤᠨ᠎ᠠ ᠂ ᠶᠠᠮᠠᠷ ᠴᠤ᠌ ᠥᠭᠡᠷ᠎ᠡ ᠰᠠᠨᠠᠭ᠎ᠠ ᠪᠠᠢᠵᠤ ᠪᠣᠯᠬᠤ ᠦᠭᠡᠢ ᠭᠡᠵᠦ ᠵᠣᠷᠢᠵᠠᠢ ᠃ 
       1978 ᠣᠨ ᠳ᠋ᠤ᠌ ᠂ ᠲᠤᠬᠠᠢ ᠶ᠋ᠢᠨ ᠭᠠᠵᠠᠷ ᠤ᠋ᠨ ᠵᠠᠰᠠᠭ ᠤ᠋ᠨ ᠣᠷᠳᠣᠨ ᠲᠡᠢᠨ ᠦ᠌ ᠮᠦᠽᠧᠢ ᠪᠠᠢᠭᠤᠯᠵᠤ᠂ ᠨᠡᠢᠭᠡᠮ ᠨᠡᠢᠲᠡ ᠡᠴᠡ ᠳᠡᠯᠡᠬᠡᠢ ᠶ᠋ᠢᠨ ᠬᠣᠶᠠᠳᠤᠭᠠᠷ ᠲᠡᠢᠨ ᠦ᠌ ᠦᠯᠡᠳᠡᠭᠳᠡᠯ ᠪᠣᠳᠠᠰ ᠢ᠋ ᠴᠤᠭᠯᠠᠭᠤᠯᠤᠭᠰᠠᠨ ᠳ᠋ᠤ᠌ ᠂  ᠰᠢ ᠶᠠ ᠳᠠᠷᠤᠢ ᠲᠡᠭᠦᠨ ᠦ᠌ ᠬᠠᠳᠠᠭᠠᠯᠠᠵᠤ ᠪᠠᠢᠭᠰᠠᠨ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠶ᠋ᠢᠨ ᠳᠠᠩᠰᠠ ᠬᠠᠷ᠎ᠠ ᠪᠠ ᠪᠠᠳᠮᠠᠷᠠᠭ᠎ᠠ ᠪᠠᠨ ᠭᠠᠷᠭᠠᠨ ᠥᠭᠴᠡᠢ᠃ ᠵᠠᠰᠠᠭ ᠤ᠋ᠨ ᠣᠷᠳᠣᠨ ᠣᠯᠠᠨ ᠲᠠᠯ᠎ᠠ ᠪᠠᠷ ᠴᠢᠷᠮᠠᠢᠵᠤ᠂ ᠰᠢ ᠶᠠ ᠶ᠋ᠢ ᠬᠠᠪᠰᠤᠷᠤᠨ ᠯᠧᠭ᠌  ᠤᠨ ᠣᠮᠪᠣᠯᠣ  ᠳ᠋ᠤᠷᠯ  ᠢ ᠡᠷᠢᠵᠦ ᠣᠯᠪᠠ᠃  ᠳ᠋ᠤᠷᠯ ᠲᠡᠷᠡ ᠡᠷᠳᠡᠨᠢ ᠶ᠋ᠢᠨ ᠴᠢᠯᠠᠭᠤ ᠶ᠋ᠢ ᠠᠪᠤᠭᠠᠳ ᠂ ᠡᠷᠳᠡᠨᠢ ᠶ᠋ᠢᠨ ᠴᠢᠯᠠᠭᠤ ᠪᠠᠨ ᠬᠤᠳᠠᠯᠳᠤᠭᠰᠠᠨ ᠤ᠋ ᠳᠠᠷᠠᠭ᠎ᠠ᠂ ᠬᠠᠭᠠᠰ ᠢ᠋ ᠨᠢ  ᠰᠢ ᠶᠠ ᠳ᠋ᠤ᠌ ᠥᠭᠭᠦᠨ᠎ᠡ ᠭᠡᠰᠡᠨ ᠳ᠋ᠦ᠍ ᠂  ᠰᠢ ᠶᠠ ᠵᠥᠪᠬᠡᠨ ᠡᠳᠡᠭᠡᠷ ᠵᠢᠯ ᠦ᠋ᠳ ᠦ᠋ᠨ ᠬᠠᠳᠠᠭᠠᠯᠠᠭᠰᠠᠨ ᠰᠦᠢᠳᠬᠡᠯ  ᠢᠶᠠᠨ ᠯᠠ ᠬᠤᠷᠢᠶᠠᠨ᠎ᠠ ᠭᠡᠵᠡᠢ᠃ 
      ᠰᠢ ᠶᠠ ᠶ᠋ᠢᠨ  ᠬᠡᠷᠡᠭ ᠰᠣᠨᠢᠨ ᠳᠡᠭᠡᠷ᠎ᠡ ᠭᠠᠷᠴᠤ ᠂ ᠬᠥᠮᠦᠰ ᠲᠡᠭᠦᠨ ᠦ᠌ ᠦᠨᠡᠨᠴᠢ ᠢᠲᠡᠭᠡᠮᠵᠢ ᠳ᠋ᠦ᠍ ᠰᠡᠳᠬᠢᠯ ᠳᠣᠭᠳᠣᠯᠵᠤ᠂ ᠵᠠᠷᠢᠮ ᠬᠥᠮᠦᠨ ᠲᠡᠭᠦᠨ ᠢ᠋ ᠬᠤᠳᠠᠯᠳᠤᠭᠠᠴᠢᠳ ᠤ᠋ᠨ ᠡᠪᠯᠡᠯ ᠦ᠋ᠨ ᠶᠡᠷᠦᠩᠬᠡᠢ ᠵᠥᠪᠯᠡᠭᠴᠢ ᠪᠣᠯᠭᠠᠬᠤ ᠪᠠᠷ ᠳᠤᠷᠠᠳᠤᠯᠭ᠎ᠠ ᠭᠠᠷᠭᠠᠬᠤ ᠳ᠋ᠤ᠌  ᠲᠡᠷᠡ ᠨᠠᠰᠤ ᠠᠭᠰᠢᠷᠠᠭᠰᠠᠨ ᠢ᠋ᠶ᠋ᠠᠷ ᠰᠢᠯᠲᠠᠭ ᠪᠣᠯᠭᠠᠵᠤ ᠲᠦᠯᠬᠢᠵᠡᠢ᠃ ᠰᠡᠭᠦᠯᠡᠷ ᠨᠢ ᠪᠠᠰᠠ ᠬᠡᠳᠦᠨ ᠲᠣᠮᠣ ᠬᠡᠯᠪᠡᠷᠢ ᠶ᠋ᠢᠨ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠲᠡᠭᠦᠨ ᠢ᠋ ᠡᠷᠢᠵᠦ ᠂ ᠨᠡᠷ᠎ᠡ ᠬᠦᠨᠳᠦᠲᠦ ᠶᠡᠷᠦᠩᠬᠡᠢ ᠵᠠᠬᠢᠷᠤᠯ ᠲᠣᠮᠢᠯᠠᠭᠤᠯᠬᠤ ᠪᠠᠷ ᠱᠠᠭᠠᠷᠳᠠᠭᠰᠠᠨ ᠳ᠋ᠤ᠌ ᠲᠡᠷᠡ ᠪᠦᠷ ᠵᠥᠪᠰᠢᠶᠡᠷᠡᠭᠰᠡᠨ ᠦᠭᠡᠢ᠃     
      ᠤᠳᠠᠯ ᠦᠭᠡᠢ ᠰᠢ ᠶᠠ ᠨᠠᠰᠤ ᠪᠠᠷᠠᠪᠠ᠃ ᠬᠡᠳᠦᠨ ᠺᠣᠮᠫᠠᠨᠢ ᠲᠡᠭᠦᠨ ᠦ᠌ ᠬᠦᠦ ᠺᠷᠢᠰ ᠢ᠋ ᠡᠷᠢᠵᠦ ᠣᠯᠤᠭᠠᠳ᠂ ᠰᠢ ᠶᠠ ᠶ᠋ᠢᠨ ᠨᠡᠷ᠎ᠡ ᠶ᠋ᠢ ᠨᠢ ᠬᠤᠳᠠᠯᠳᠤᠨ ᠠᠪᠴᠤ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠭᠡᠵᠦ ᠨᠡᠷᠡᠢᠳᠬᠦ ᠶ᠋ᠢ ᠱᠠᠭᠠᠷᠳᠠᠪᠠ᠃ ᠺᠷᠢᠰ ᠴᠤᠬᠤᠮ ᠶᠠᠭᠠᠬᠢᠵᠤ ᠰᠤᠩᠭᠤᠯᠲᠠ ᠬᠢᠪᠡᠯ ᠵᠣᠬᠢᠰᠲᠠᠢ ᠪᠢᠯᠡ ᠬᠡᠮᠡᠨ ᠲᠠᠲᠠᠭᠠᠯᠵᠠᠵᠤ ᠪᠠᠢᠭᠰᠠᠨ ᠢᠶᠠᠨ᠂ ᠰᠡᠭᠦᠯ ᠳᠦ ᠨᠢ ᠬᠡᠳᠦᠨ ᠺᠣᠮᠫᠠᠨᠢ  ᠪᠡᠷ ᠥᠷᠢᠰᠦᠯᠳᠦᠭᠦᠯᠦᠭᠰᠡᠨ ᠦ ᠳ᠋ᠦᠩ ᠳᠤ ᠂ ᠫᠯᠠᠲ᠋ᠤ᠋ ᠶ᠋ᠢᠨ ᠢᠲᠡᠭᠡᠮᠵᠢ ᠶ᠋ᠢᠨ ᠺᠣᠮᠫᠠᠨᠢ 80 ᠳ᠋ᠦᠩᠰᠢᠭᠤᠷ ᠮᠠᠷᠺ ᠤ᠋ᠨ ᠥᠨᠳᠥᠷ ᠦᠨ᠎ᠡ ᠪᠡᠷ ᠰᠢ ᠶᠠ ᠶ᠋ᠢᠨ ᠨᠡᠷ᠎ᠡ ᠬᠠᠲᠠᠬᠤ ᠡᠷᠬᠡ ᠶ᠋ᠢ ᠣᠯᠵᠠᠢ᠃ ᠮᠠᠰᠢ ᠣᠯᠠᠨ ᠬᠥᠮᠦᠨ ᠣᠢᠯᠠᠭᠠᠬᠤ ᠦᠭᠡᠢ᠄《 ᠨᠢᠭᠡ ᠨᠡᠷ᠎ᠡ ᠲᠡᠢᠮᠦ ᠠᠷᠪᠢᠨ ᠵᠣᠭᠣᠰ ᠬᠦᠷᠦᠨ᠎ᠡ ᠦᠦ?》 ᠭᠡᠵᠡᠭᠡᠵᠡᠢ᠃ ᠫᠯᠠᠲ᠋ᠤ᠋ ᠺᠣᠮᠫᠠᠨᠢ ᠶ᠋ᠢᠨ ᠶᠡᠷᠦᠩᠬᠡᠢ ᠵᠠᠬᠢᠷᠤᠯ ᠬᠡᠯᠡᠬᠦ ᠳ᠋ᠡᠭᠡᠨ ᠄《〈 ᠰᠢ ᠶᠠ〉ᠨᠢ ᠨᠢᠭᠡᠨᠲᠡ ᠬᠤᠪᠢ ᠬᠥᠮᠦᠨ ᠦ᠌ ᠨᠡᠷ᠎ᠡ ᠲᠡᠳᠦᠢ ᠪᠢᠰᠢ ᠪᠣᠯᠵᠠᠢ ᠂ ᠲᠡᠷᠡ ᠨᠢ ᠨᠢᠭᠡ ᠵᠦᠢᠯ ᠦ᠋ᠨ ᠠᠵᠤ ᠠᠬᠤᠢᠯᠠᠯ ᠤ᠋ᠨ ᠵᠣᠷᠢᠭ ᠰᠠᠨᠠᠭ᠎ᠠ ᠶ᠋ᠢ ᠲᠥᠯᠥᠭᠡᠯᠡᠳᠡᠭ ᠂ ᠨᠢᠭᠡ ᠵᠦᠢᠯ ᠦ᠋ᠨ ᠦᠨ᠎ᠡ ᠲᠡᠢ  ᠪᠢᠳᠦᠷᠢᠶ᠎ᠡ ᠶ᠋ᠢᠨ ᠦᠨᠡᠨᠴᠢ ᠢᠲᠡᠭᠡᠮᠵᠢ ᠪᠣᠯᠤᠨ᠎ᠠ᠂ 80 ᠳ᠋ᠦᠩᠰᠢᠭᠤᠷ ᠵᠠᠷᠤᠴᠠᠭᠤᠯᠵᠤ  ᠪᠠᠢᠭᠠᠳ ᠡᠨᠡ ᠬᠦ᠌ ᠢᠷᠠᠭᠤ ᠠᠯᠳᠠᠷ ᠢ᠋ ᠬᠤᠳᠠᠯᠳᠤᠨ ᠠᠪᠬᠤ ᠨᠢ ᠪᠡᠨ᠎ᠡ ᠲᠡᠢ ᠶᠦᠮ》 ᠭᠡᠵᠡᠢ! 
      ᠤᠳᠠᠯ ᠦᠭᠡᠢ ᠫᠯᠠᠲ᠋ᠤ᠋ ᠶ᠋ᠢᠨ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠨᠢ ᠰᠢ ᠶᠠ ᠶ᠋ᠢᠨ ᠢᠲᠡᠭᠡᠮᠵᠢᠲᠦ ᠨᠠᠢᠳᠠᠯᠭ᠎ᠠ ᠶ᠋ᠢᠨ ᠺᠣᠮᠫᠠᠨᠢ ᠭᠡᠵᠦ ᠨᠡᠷ᠎ᠡ ᠪᠡᠨ  ᠬᠠᠯᠠᠭᠰᠠᠨ ᠳ᠋ᠤ᠌ ᠠᠷᠠᠯᠵᠢᠶᠠᠨ ᠤ᠋ ᠬᠡᠮᠵᠢᠶ᠎ᠡ ᠨᠢ ᠦᠨᠡᠬᠡᠷ ᠳᠡᠭᠡᠭᠰᠢᠯᠡᠵᠡᠢ᠃ ᠦᠨᠡᠨᠴᠢ ᠢᠲᠡᠭᠡᠮᠵᠢ ᠨᠢ ᠥᠷᠲᠡᠭ ᠢ᠋ ᠪᠦᠲᠦᠭᠡᠳᠡᠭ ᠦ᠋ᠨ ᠤᠴᠢᠷ ᠨᠢ᠂ ᠦᠨᠡᠨᠴᠢ ᠢᠲᠡᠭᠡᠮᠵᠢ ᠶ᠋ᠢᠨ ᠲᠤᠰ ᠪᠡᠶ᠎ᠡ ᠨᠢ ᠦᠨᠡᠯᠡᠰᠢ ᠦᠭᠡᠢ ᠥᠷᠲᠡᠭ ᠲᠠᠢ ᠡᠴᠡ ᠪᠣᠯᠤᠭᠰᠠᠨ ᠶᠤᠮ᠃  
      ᠴᠢ ᠦᠨᠡᠨᠴᠢ ᠢᠲᠡᠭᠡᠮᠵᠢ ᠶ᠋ᠢ ᠢᠲᠡᠭᠡᠯ ᠪᠢᠰᠢᠷᠡᠯ ᠪᠠ ᠬᠠᠷᠢᠭᠤᠴᠠᠯᠭ᠎ᠠ ᠪᠣᠯᠭᠠᠬᠤ ᠦᠶᠡᠰ ᠂ ᠴᠢ ᠬᠥᠮᠦᠰ ᠦ᠋ᠨ ᠳᠡᠮᠵᠢᠯᠭᠡ ᠪᠠ ᠢᠲᠡᠭᠡᠯ ᠢ᠋ ᠣᠯᠵᠤ ᠂ ᠬᠢᠵᠠᠭᠠᠯᠠᠰᠢ ᠦᠭᠡᠢ ᠡᠳ᠋ ᠬᠥᠷᠥᠩᠭᠡ ᠲᠡᠢ ᠪᠣᠯᠵᠤ ᠴᠢᠳᠠᠳᠠᠭ ᠨᠢ ᠡᠭᠦᠨ ᠡᠴᠡ ᠡᠭᠦᠰᠦᠯᠲᠡᠢ᠃ 
      ᠳᠡᠯᠡᠬᠡᠢ ᠶᠢᠷᠲᠢᠨᠴᠦ ᠡᠢᠮᠦ ᠲᠣᠮᠣ ᠂ ᠢᠲᠡᠭᠡᠯ ᠨᠠᠢᠳᠠᠪᠤᠷᠢᠲᠠᠢ ᠨᠢ ᠮᠠᠰᠢ ᠴᠢᠬᠤᠯᠠ ᠃ 

      ※ ᠨᠢᠭᠡ ᠬᠥᠮᠦᠨ ᠦ᠌ ᠡᠷᠬᠢᠮ ᠳᠡᠭᠡᠳᠦ ᠰᠤᠷᠲᠠᠯ ᠨᠢ ᠲᠡᠭᠦᠨ ᠦ᠌ ᠪᠠᠶᠠᠨ ᠶᠠᠳᠠᠭᠤ ᠲᠠᠢ ᠬᠣᠯᠪᠣᠭᠳᠠᠯ ᠦᠭᠡᠢ᠃ ᠬᠠᠷᠢᠨ ᠲᠡᠭᠦᠨ ᠦ᠌ ᠢᠲᠡᠭᠡᠯ ᠨᠠᠢᠳᠠᠪᠤᠷᠢ ᠪᠠ ᠠᠵᠢᠯ ᠤ᠋ᠨ ᠬᠠᠷᠢᠭᠤᠴᠠᠯᠭ᠎ᠠ ᠲᠠᠢ ᠰᠢᠭᠤᠳ ᠨᠥᠯᠥᠭᠡ ᠲᠡᠢ ᠪᠠᠢᠳᠠᠭ᠃ ᠠᠯᠢᠪᠠ ᠪᠦᠬᠦᠨ ᠳ᠋ᠦ᠍ ᠭᠠᠭᠴᠠ ᠬᠦ᠌ ᠬᠠᠯᠠᠭᠤᠨ ᠬᠠᠢᠷ᠎ᠠ ᠪᠣᠯ ᠬᠠᠮᠤᠭ ᠤ᠋ᠨ ᠰᠠᠢᠨ ᠪᠠᠭᠰᠢ ᠮᠥᠨ᠃ ᠲᠡᠷᠡ ᠨᠢ ᠬᠠᠷᠢᠭᠤᠴᠠᠯᠭᠠᠲᠤ ᠰᠡᠳᠬᠢᠯᠭᠡ ᠡᠴᠡ ᠢᠷᠡᠯᠲᠡ ᠲᠡᠢ᠃ ᠦᠨᠡᠨ ᠪᠣᠳᠠᠲᠠᠢ ᠦᠢᠯᠡ ᠠᠵᠢᠯᠯᠠᠭ᠎ᠠ ᠨᠢ  ᠬᠠᠮᠤᠭ ᠤ᠋ᠨ ᠭᠣᠶᠣ ᠪᠠᠢᠳᠠᠭ᠃ ᠦᠨᠡᠨ ᠢ᠋ ᠠᠯᠳᠠᠪᠠᠯ ᠰᠠᠢᠬᠠᠨ ᠢ᠋ ᠴᠦ᠍ ᠬᠠᠮᠲᠤ ᠳ᠋ᠤᠨᠢ ᠠᠯᠳᠠᠨ᠎ᠠ᠃ ᠨᠢᠭᠡᠨ ᠠᠪᠢᠶᠠᠰ ᠪᠢᠯᠢᠭ ᠲᠡᠢ ᠬᠥᠮᠦᠨ ᠬᠠᠮᠤᠭ ᠤ᠋ᠨ ᠬᠦᠴᠢᠷ ᠵᠣᠪᠠᠭᠤᠷᠢᠲᠠᠢ ᠴᠠᠭ ᠲᠤ᠌ ᠴᠤ᠌ ᠭᠤᠸ᠎ᠠ ᠰᠠᠢᠬᠠᠨ ᠤ᠋ ᠡᠯᠧᠮᠧᠨ᠋ᠲ ᠢ᠋ ᠡᠷᠢᠵᠦ ᠣᠯᠳᠠᠭ ᠶᠤᠮ ᠪᠠᠢᠨ᠎ᠠ ᠭᠡᠰᠡᠨ ᠦᠨᠡᠨ ᠶᠣᠰᠣ ᠶ᠋ᠢ ᠬᠠᠷᠠᠭᠤᠯᠪᠠ᠃  

   ᠦᠰᠦᠭ ᠠᠮᠢᠯᠠᠭᠤᠯᠤᠭᠴᠢ᠄ ᠪᠠᠯᠵᠢ  
    ᠬᠢᠨᠠᠭᠴᠢ᠄ ᠮᠥᠩᠬᠡᠭᠠᠯ᠂ ᠰᠡᠬᠡᠭᠡᠷᠡᠯ 
    ᠨᠠᠢᠷᠠᠭᠤᠯᠵᠤ  ᠪᠢᠴᠢᠭᠡᠳ ᠲᠠᠢᠯᠪᠤᠷᠢ ᠬᠠᠲᠠᠭᠰᠠᠨ ᠨᠢ᠄ ᠣᠳᠬᠠᠨᠰᠣ ‍ᠠ᠋