ᠮᠠᠨᠳᠤᠬᠠᠢ ᠰᠡᠴᠡᠨ ᠬᠠᠲᠤᠨ(ᠲᠡᠦᠬᠡᠨ ᠺᠢᠨᠣ᠋)Мандхай Цэцэн хатан ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨᠳᠤᠬᠠᠢ ᠰᠡᠴᠡᠨ ᠬᠠᠲᠤᠨ(ᠲᠡᠦᠬᠡᠨ ᠺᠢᠨᠣ᠋)Мандхай Цэцэн хатан

ᠮᠠᠨᠳᠤᠬᠠᠢ ᠰᠡᠴᠡᠨ ᠬᠠᠲᠤᠨ(ᠲᠡᠦᠬᠡᠨ ᠺᠢᠨᠣ᠋)Мандхай Цэцэн хатан

ᠠᠩᠭᠢᠯᠠᠯ:ᠺᠢᠨᠣ᠋
2023-01-27

5941

ᠮᠠᠨᠳᠤᠬᠠᠢ ᠰᠡᠴᠡᠨ ᠬᠠᠲᠤᠨ1_2

ᠮᠠᠨᠳᠤᠬᠠᠢ ᠰᠡᠴᠡᠨ ᠬᠠᠲᠤᠨ2_2

ᠮᠠᠨᠳᠤᠬᠠᠢ ᠰᠡᠴᠡᠨ ᠬᠠᠲᠤᠨ ᠺᠢᠨᠣ᠋ 30 ᠵᠢᠯМандухай цэцэн хатан кино

ᠮᠠᠨᠳᠤᠬᠠᠢ ᠰᠡᠴᠡᠨ ᠬᠠᠲᠤᠨ ᠬᠥᠭᠵᠢᠮМандухай цэцэн Хатан Хөгжим

ᠮᠠᠨᠳᠤᠬᠠᠢ ᠰᠡᠴᠡᠨ ᠬᠠᠲᠤᠨ(1448 - 1526)

  ᠮᠣᠩᠭᠣᠯ ᠲᠦᠮᠡᠨ ᠦ ᠬᠠᠮᠤᠭ ᠤᠨ  ᠬᠦᠨᠳᠦᠲᠡᠢ ᠬᠠᠲᠤᠨ ᠶᠤᠮ᠂14-15 ᠵᠠᠭᠤᠨ ᠤ ᠶᠡᠬᠡ ᠮᠣᠩᠭᠣᠯ ᠤᠯᠤᠰ  ᠵᠠᠳᠠᠷᠠᠨ᠂ ᠠᠯᠲᠠᠨ ᠤᠷᠤᠭ ᠤᠨ ᠨᠣᠶᠠᠷᠬᠠᠯ ᠮᠥᠬᠦᠨ᠂ ᠲᠥᠷᠦ ᠤᠭᠰᠠᠭ᠎ᠠ ᠵᠠᠯᠭᠠᠮᠵᠢᠯᠠᠬᠤ ᠠᠯᠲᠠᠨ ᠤᠷᠤᠭ ᠤᠨ ᠬᠦᠮᠦᠨ ᠦᠭᠡᠢ᠂ ᠬᠠᠭᠠᠨ ᠰᠠᠭᠤᠳᠠᠯ ᠬᠣᠭᠣᠰᠣᠷᠠᠭᠰᠠᠨ ᠴᠠᠭ ᠲᠤ ᠨᠢᠭᠡᠨ ᠮᠣᠩᠭᠣᠯ ᠪᠦᠰᠡᠭᠦᠢ ᠲᠠᠰᠤᠷᠴᠤ ᠪᠠᠢᠭᠰᠠᠨ ᠠᠯᠲᠠᠨ ᠤᠷᠤᠭ ᠤᠨ ᠠᠮᠢ ᠶᠢ ᠬᠠᠯᠠᠭᠤᠨ ᠡᠯᠢᠭᠡ ᠪᠡᠷ ᠢᠶᠡᠨ ᠲᠡᠪᠡᠷᠢᠵᠡᠢ᠂ ᠬᠠᠲᠠᠨ ᠵᠣᠷᠢᠭ᠂ ᠰᠡᠴᠡᠨ ᠤᠬᠠᠭᠠᠨ ᠤ ᠪᠠᠨ ᠬᠦᠴᠤ ᠪᠡᠷ ᠮᠣᠩᠭᠣᠯ ᠤᠨ ᠲᠥᠷᠦ ᠢ ᠲᠠᠬᠢᠨ ᠰᠡᠷᠭᠦᠭᠡᠵᠦ ᠴᠢᠳᠠᠵᠠᠢ᠃

ᠮᠠᠨᠳᠤᠬᠠᠢ ᠰᠡᠴᠡᠨ ᠬᠠᠲᠤᠨ ᠪᠤᠯ ᠤᠮᠠᠷᠠᠲᠤ ᠶᠤᠸᠠᠨ ᠤᠯᠤᠰ ᠤᠨ ᠦᠶ ᠠ  ᠶᠢᠨ ᠮᠣᠩᠭᠤᠯ ᠤᠨ ᠲᠠᠬᠢᠨ ᠮᠠᠨᠳᠤᠯᠲᠡ  ᠳᠦ ᠰᠢᠢᠳᠪᠦᠷᠢᠯᠡᠬᠦ ᠦᠢᠯᠡᠳᠦᠯ ᠦᠵᠡᠭᠦᠯᠦᠭᠰᠡᠨ ᠡᠮᠡᠭᠲᠡᠢ ᠪᠠᠭᠠᠲᠤᠷ ᠪᠤᠯᠤᠨ᠎ᠠ᠃ ᠮᠦᠨ ᠴᠦ ᠮᠣᠩᠭᠤᠯ ᠤᠨ ᠲᠡᠦᠬᠡᠨ ᠳ᠋ᠡᠬᠢ ᠨᠢᠭᠡᠨ ᠡᠮᠡᠭᠲᠡᠢ ᠤᠯᠤᠰ ᠲᠦᠷᠦᠴᠢᠨ ᠮᠦᠷᠲᠡᠭᠡᠨ ᠴᠣᠯᠭᠤᠷᠠᠭᠰᠠᠨ ᠴᠡᠷᠢᠨ ᠲᠠᠢᠨ ᠤ ᠡᠷᠳᠡᠮᠲᠡᠨ ᠮᠦᠨ᠃ ᠲᠡᠷᠡ ᠠᠤᠭ᠎ᠠ ᠵᠤᠷᠢᠭ ᠪᠠ ᠤᠶᠤᠨ ᠤᠬᠠᠭᠠᠨ  ᠢᠶᠠᠷ ᠢᠶᠠᠨ ᠴᠢᠩᠬᠢᠰ ᠬᠠᠭᠠᠨ ᠤ ᠠᠯᠲᠠᠨ ᠤᠷᠤᠭᠲᠠᠨ ᠤ ᠬᠤᠢᠴᠢᠰ ᠪᠤᠯᠬᠤ ᠪᠠᠲᠤᠮᠦ᠋ᠩᠬᠡ ᠵᠢ ᠡᠷᠭᠦᠨ ᠲᠡᠳᠭᠦᠵᠦ ᠬᠠᠭᠠᠨ ᠰᠠᠭᠤᠷᠢᠨ  ᠳᠤ ᠰᠠᠭᠤᠯᠭᠠᠵᠤ᠂ ᠪᠠᠲᠦᠮᠦ᠋ᠩᠭᠡ ᠬᠤᠶᠠᠳᠡᠬᠢ ᠤᠳᠠᠭ᠎ᠠ ᠨᠢᠭᠡᠳᠭᠡᠬᠦ  ᠳᠤ ᠪᠠᠲᠤ ᠪᠡᠬᠢ ᠰᠠᠭᠤᠷᠢ ᠵᠢ ᠲᠠᠯᠪᠢᠵᠦ ᠦᠭᠪᠡ᠃

ᠮᠠᠨᠳᠤᠬᠠᠢ ᠰᠡᠴᠡᠨ ᠬᠠᠲᠤᠨ ᠨᠢ ᠲᠦᠮᠡᠳ ᠠᠢᠮᠠᠭ ᠤᠨ ᠡᠩᠭᠦᠳ ᠣᠲᠣᠭ ᠤᠨ ᠴᠣᠷᠣᠰᠪᠠᠢ ᠲᠡᠮᠦᠷ ᠴᠢᠩᠰᠠᠩ (ᠴᠣᠷᠣᠰ ᠤᠨ ᠪᠠᠶᠠᠨᠲᠡᠮᠦᠷ ᠴᠢᠩᠰᠠᠩ?) ᠬᠡᠮᠡᠬᠦ ᠬᠦᠮᠦᠨ ᠦ ᠥᠬᠢᠨ ᠪᠣᠯᠵᠤ 1448 ᠣᠨ ᠤ ᠰᠢᠷ᠎ᠠ ᠯᠤᠤ ᠵᠢᠯ ᠲᠥᠷᠦᠵᠡᠢ᠃ 1479 ᠣᠨ ᠳᠤ ᠮᠠᠨᠳᠤᠭᠤᠯ ᠬᠠᠭᠠᠨ ᠨᠠᠰᠤ ᠪᠠᠷᠠᠵᠠᠢ᠂ ᠮᠠᠨᠳᠤᠬᠠᠢ ᠰᠡᠴᠡᠨ ᠬᠠᠲᠤᠨ ᠪᠡᠯᠪᠡᠰᠦᠷᠡᠨ ᠬᠣᠴᠣᠷᠴᠠᠢ᠃ ᠬᠠᠭᠠᠨ ᠤ ᠰᠠᠭᠤᠷᠢ ᠶᠢ ᠬᠣᠭᠣᠰᠣᠨ ᠤᠳᠠᠭᠠᠨ ᠪᠠᠢᠯᠭᠠᠪᠠᠯ᠂ ᠹᠧᠣᠳᠠᠯ ᠤᠳ ᠤᠨ ᠬᠣᠭᠣᠷᠣᠨᠳᠣᠬᠢ ᠳᠠᠢᠨ ᠰᠠᠮᠠᠭᠤᠨ ᠤᠯᠠᠮ ᠢᠶᠠᠷ ᠰᠢᠷᠦᠭᠦᠰᠴᠤ᠂ ᠵᠥᠷᠢᠴᠡᠯ ᠲᠡᠮᠡᠴᠡᠯ ᠨᠢ ᠬᠤᠷᠴᠠᠳᠠᠵᠤ᠂ ᠮᠣᠩᠭᠣᠯ ᠤᠨ ᠬᠠᠭᠠᠨᠲᠤ ᠲᠥᠷᠥ ᠬᠢᠮᠤᠷᠠᠬᠤ ᠪᠣᠯᠤᠨ᠎ᠠ ᠭᠡᠳᠡᠭ ᠢ ᠮᠠᠨᠳᠤᠬᠠᠢ ᠰᠠᠢᠨ ᠣᠢᠯᠠᠭᠠᠵᠤ ᠪᠠᠢᠪᠠ᠃ ᠲᠡᠢᠮᠦ ᠡᠴᠡ ᠡᠷᠲᠡᠨ ᠦ ᠤᠯᠠᠮᠵᠢᠯᠠᠯ ᠢ ᠪᠠᠷᠢᠮᠲᠠᠯᠠᠨ᠂ ᠰᠢᠨ᠎ᠡ ᠬᠠᠭᠠᠨ ᠢ ᠲᠣᠳᠣᠷᠠᠭᠤᠯᠵᠤ ᠬᠠᠭᠠᠨ ᠰᠠᠭᠤᠷᠢᠨ ᠳᠤ ᠵᠠᠯᠠᠬᠤ ᠬᠦᠷᠲᠡᠯ᠎ᠡ ᠲᠦᠷᠦᠭᠦᠦ ᠬᠠᠭᠠᠨ ᠤ ᠬᠠᠲᠤᠨ ᠲᠥᠷᠥ ᠪᠠᠷᠢᠬᠤ ᠶᠣᠰᠣ ᠢ ᠪᠠᠷᠢᠮᠲᠠᠯᠠᠨ ᠪᠠᠭ᠎ᠠ ᠨᠠᠰᠤᠨ ᠠᠴᠠ ᠪᠠᠨ ᠡᠴᠢᠭᠡ ᠡᠬᠡ ᠡᠴᠡ ᠪᠡᠨ ᠥᠨᠥᠴᠢᠷᠡᠨ ᠬᠣᠴᠣᠷᠤᠭᠰᠠᠨ ᠪᠠᠲᠦᠮᠦ᠋ᠩᠭᠡ  ᠶᠢ ᠣᠯᠵᠤ ᠠᠪᠴᠤ᠂ ᠥᠪᠡᠷ ᠦᠨ ᠪᠡᠶ᠎ᠡ ᠪᠡᠷ ᠥᠰᠬᠡᠨ ᠬᠦᠮᠦᠵᠢᠭᠦᠯᠵᠦ᠂ ᠭᠠᠷ ᠢ ᠨᠢ ᠭᠠᠨᠵᠤᠭᠠᠨ ᠳᠤ᠂ ᠬᠥᠯ ᠢ ᠨᠢ ᠳᠥᠷᠦᠭᠡᠨ ᠳᠦ ᠬᠦᠷᠭᠡᠵᠦ ᠬᠠᠭᠠᠨ ᠰᠢᠷᠡᠭᠡᠨ ᠳᠦ ᠰᠠᠭᠤᠯᠭᠠᠭᠰᠠᠨ ᠠᠵᠡᠢ᠃ ᠲᠡᠷᠡ ᠪᠡᠷ ᠲᠥᠷᠥ ᠪᠠᠷᠢᠬᠤ ᠬᠦᠮᠦᠨ ᠨᠢ ᠴᠢᠩᠭᠢᠰ ᠬᠠᠭᠠᠨ ᠤ ᠠᠯᠲᠠᠨ ᠤᠷᠤᠭ ᠤᠨ ᠭᠣᠣᠯ ᠤᠳᠤᠮ᠂ ᠬᠠᠭᠠᠨ ᠰᠠᠭᠤᠷᠢ ᠢ ᠵᠠᠯᠭᠠᠮᠵᠢᠯᠠᠬᠤ ᠡᠷᠬᠡ ᠲᠡᠢ ᠬᠦᠮᠦᠨ ᠮᠠᠨᠳᠤᠭᠤᠯ ᠬᠠᠭᠠᠨ ᠤ ᠠᠵᠢ᠂ ᠪᠠᠶᠠᠨᠮᠥ᠋ᠩᠬᠡ ᠵᠢᠨᠦᠩ ᠦᠨ ᠥᠨᠥᠴᠢᠨ ᠬᠣᠴᠣᠷᠤᠭᠰᠠᠨ ᠭᠠᠭᠴᠠ ᠦᠷ᠎ᠡ ᠪᠠᠲᠦᠮᠦ᠋ᠩᠭᠡ ᠪᠣᠯᠬᠤ ᠶᠣᠰᠣᠲᠠᠢ ᠭᠡᠵᠦ ᠦᠵᠡᠵᠦ ᠪᠠᠢᠭᠰᠠᠨ ᠶᠤᠮ᠃ ᠭᠡᠪᠡᠴᠦ ᠡᠨᠡ ᠬᠦᠦ ᠨᠠᠰᠤᠨ ᠪᠠᠭ᠎ᠠ ᠪᠠᠢᠯ᠎ᠠ᠃ ᠪᠠᠲᠦᠮᠦ᠋ᠩᠭᠡ ᠳᠠᠶᠠᠩ ᠬᠠᠭᠠᠨ ᠨᠢ ᠪᠠᠶᠠᠨᠮᠥ᠋ᠩᠬᠡ ᠵᠢᠨᠦᠩ ᠪᠣᠯᠤᠨ ᠰᠢᠬᠢᠷᠡ ᠲᠠᠢᠬᠤ ᠶᠢᠨ ᠲᠦᠷᠦᠭᠰᠡᠨ ᠬᠥᠪᠡᠭᠦᠨ ᠶᠤᠮ᠃

ᠪᠠᠲᠦᠮᠦ᠋ᠩᠭᠡ  ᠶᠢ ᠶᠡᠬᠡ ᠰᠠᠭᠤᠷᠢᠨ ᠳᠤ ᠵᠠᠯᠠᠭᠰᠠᠨ ᠨᠢ
ᠪᠠᠯᠭᠠᠴᠢᠨ ᠤ ᠪᠠᠭᠠᠢ ᠭᠡᠳᠡᠭ ᠬᠦᠮᠦᠨ ᠥᠨᠦᠴᠢᠨ ᠬᠦᠦ ᠪᠠᠲᠦᠮᠦ᠋ᠩᠭᠡ  ᠶᠢ ᠦᠷᠡᠴᠢᠯᠡᠨ ᠠᠪᠤᠭᠰᠠᠨ ᠪᠣᠯᠪᠠᠴᠤ᠂ ᠬᠣᠭᠣᠯᠠ ᠤᠮᠳᠠ ᠮᠠᠭᠤ ᠲᠠᠢ ᠪᠠᠢᠯᠭᠠᠭᠰᠠᠨ ᠠᠴᠠ ᠪᠡᠲᠡᠭᠢ ᠡᠪᠡᠳᠴᠢᠨ ᠳᠦ ᠪᠠᠷᠢᠭᠳᠠᠵᠤ ᠡᠳᠡᠭᠡᠷᠡᠬᠦ ᠦᠭᠡᠢ ᠤᠳᠤᠭᠰᠠᠨ ᠢ ᠲᠠᠩᠭᠤᠳ ᠤᠨ ᠲᠡᠮᠦᠷᠬᠤᠳᠠᠭ ᠭᠡᠳᠡᠭ ᠬᠦᠮᠦᠨ ᠣᠯᠵᠤ ᠮᠡᠳᠡᠨ᠂ ᠭᠤᠶᠤᠵᠤ ᠦᠵᠡᠭᠡᠳ ᠪᠦᠲᠦᠭᠡ ᠦᠭᠡᠢ ᠲᠤᠯᠠ ᠪᠠᠭᠠᠢ ᠠᠴᠠ ᠪᠤᠯᠢᠶᠠᠨ ᠠᠪᠴᠤ᠂ ᠥᠪᠡᠷ ᠦᠨ ᠡᠬᠡᠨᠡᠷ ᠰᠠᠢᠬᠠᠢ ᠪᠠᠷ ᠢᠶᠠᠨ ᠠᠰᠠᠷᠠᠭᠤᠯᠵᠠᠢ᠃ ᠲᠡᠳᠡ ᠢᠰᠦᠨ ᠴᠠᠭᠠᠨ ᠢᠩᠭᠡᠨ ᠦ ᠰᠦ᠋ ᠪᠡᠷ ᠲᠡᠵᠢᠭᠡᠵᠦ᠂ ᠭᠤᠷᠪᠠᠨ ᠮᠥᠩᠭᠥᠨ ᠠᠶᠠᠭ᠎ᠠ ᠢ ᠴᠣᠭᠣᠷᠠᠲᠠᠯ᠎ᠠ ᠢᠯᠡᠵᠦ ᠡᠮᠴᠢᠯᠡᠨ ᠵᠠᠰᠠᠭᠰᠠᠨ ᠢᠶᠠᠷ ᠪᠠᠲᠦᠮᠦ᠋ᠩᠭᠡ  ᠶᠢᠨ ᠡᠪᠡᠳᠴᠢᠨ ᠢᠯᠠᠭᠠᠷᠢ ᠪᠣᠯᠤᠭᠰᠠᠨ ᠭᠡᠳᠡᠭ᠃ ᠡᠭᠦᠨ ᠦ ᠳᠠᠷᠠᠭ᠎ᠠ ᠲᠡᠮᠦᠷ ᠬᠠᠳᠠᠭ ᠪᠠᠲᠦᠮᠦ᠋ᠩᠭᠡ  ᠶᠢ ᠮᠠᠨᠳᠤᠬᠠᠢ ᠰᠡᠴᠡᠨ ᠬᠠᠲᠤᠨ ᠳᠤ ᠠᠪᠠᠴᠢᠵᠤ ᠥᠭᠪᠡ᠃ ᠮᠠᠨᠳᠤᠬᠠᠢ ᠰᠡᠴᠡᠨ ᠬᠠᠲᠤᠨ ᠠᠯᠲᠠᠨ ᠤᠷᠤᠭ ᠤᠨ ᠭᠠᠭᠴᠠ ᠬᠦᠦ ᠪᠠᠲᠦᠮᠦ᠋ᠩᠭᠡ  ᠶᠢ ᠠᠰᠠᠷᠠᠨ ᠬᠦᠮᠦᠵᠢᠭᠦᠯᠵᠦ ᠠᠭᠤᠤ ᠰᠠᠭᠤᠳᠠᠯ ᠳᠤ ᠰᠠᠭᠤᠯᠭᠠᠬᠤ ᠪᠣᠳᠣᠯ ᠲᠠᠢ ᠪᠠᠢᠬᠤ ᠦᠶ᠎ᠡ ᠳᠦ ᠬᠠᠪᠤᠲᠤ ᠬᠠᠰᠠᠷ ᠤᠨ ᠬᠣᠢᠴᠢ᠂ ᠬᠣᠷᠴᠢᠨ ᠠᠢᠮᠠᠭ ᠤᠨ ᠥᠨᠥᠪᠣᠯ ᠳᠤ ᠸᠠᠩ ᠡᠯᠴᠢ ᠢᠯᠡᠭᠡᠵᠦ ᠮᠠᠨᠳᠤᠬᠠᠢ ᠰᠡᠴᠡᠨ ᠬᠠᠲᠤᠨ ᠳᠤ᠄ ᠭᠠᠯ ᠢ ᠴᠢᠨᠢ ᠴᠣᠬᠢᠵᠤ᠂ ᠨᠤᠲᠤᠭ ᠢ ᠴᠢᠨᠢ ᠵᠢᠭᠠᠵᠤ ᠥᠭᠭᠦᠰᠦ ᠭᠡᠵᠦ ᠬᠡᠯᠡᠭᠦᠯᠪᠡ᠃

ᠭᠡᠰᠡᠨ ᠪᠥᠯᠦᠭᠡ ᠬᠡᠮᠡᠨ ᠲᠡᠦᠬᠡ᠂ ᠰᠤᠳᠤᠷ ᠪᠢᠴᠢᠭ ᠦᠳ ᠲᠦ ᠲᠡᠮᠳᠡᠭᠯᠡᠭᠳᠡᠨ ᠦᠯᠡᠳᠡᠵᠡᠢ᠃
ᠪᠠᠲᠦᠮᠦ᠋ᠩᠭᠡ ᠳᠠᠶᠠᠩ ᠬᠠᠭᠠᠨ ᠲᠥᠷᠦ ᠪᠠᠷᠢᠬᠤ ᠴᠢᠳᠠᠪᠤᠷᠢ ᠲᠠᠢ ᠪᠣᠯᠤᠭ᠎ᠠ ᠦᠭᠡᠢ ᠪᠠᠯᠴᠢᠷ ᠪᠠᠢᠭᠰᠠᠨ ᠲᠤᠯᠠ ᠮᠠᠨᠳᠤᠬᠠᠢ ᠰᠡᠴᠡᠨ ᠬᠠᠲᠤᠨ ᠲᠡᠭᠦᠨ ᠦ ᠬᠠᠲᠤᠨ ᠨᠢ ᠪᠣᠯᠵᠤ ᠡᠷᠬᠡᠲᠦ ᠪᠣᠷᠵᠢᠭᠢᠨ ᠤ ᠤᠨᠲᠠᠷᠠᠴᠢ ᠪᠠᠢᠭᠰᠠᠨ ᠭᠠᠯ ᠢ ᠠᠰᠠᠭᠠᠭᠰᠠᠨ ᠪᠠᠢᠨ᠎ᠠ᠃
1471 ᠣᠨ ᠤ ᠴᠠᠭᠠᠭᠴᠢᠨ ᠲᠠᠤᠯᠠᠢ ᠵᠢᠯ ᠮᠠᠨᠳᠤᠬᠠᠢ ᠰᠡᠴᠡᠨ ᠬᠠᠲᠤᠨ ᠪᠠᠲᠦᠮᠦ᠋ᠩᠭᠡ  ᠶᠢ ᠦᠬᠡᠷ ᠲᠡᠷᠭᠡᠨ ᠳᠦ ᠰᠠᠭᠤᠯᠭᠠᠨ ᠴᠡᠷᠢᠭᠯᠡᠨ ᠮᠣᠷᠳᠠᠵᠤ᠂ ᠰᠠᠮᠠᠭᠤᠨ ᠦᠢᠮᠡᠭᠡᠨ ᠲᠠᠷᠢᠵᠤ ᠠᠮᠤᠷ ᠵᠠᠶᠠᠭ᠎ᠠ ᠦᠵᠡᠭᠦᠯᠬᠦ ᠦᠭᠡᠢ ᠪᠠᠢᠭᠰᠠᠨ ᠳᠥᠷᠪᠡᠨ ᠣᠢᠷᠠᠳ ᠢ ᠲᠠᠰ ᠪᠦᠷᠢᠳᠦ ᠬᠡᠮᠡᠬᠦ ᠭᠠᠵᠠᠷ ᠲᠣᠰᠴᠤ ᠪᠠᠢᠯᠳᠤᠪᠠ᠃

1473 ᠣᠨ ᠤ ᠬᠠᠷᠠᠭᠴᠢᠨ ᠮᠣᠭᠠᠢ ᠵᠢᠯ ᠮᠠᠨᠳᠤᠬᠠᠢ ᠰᠡᠴᠡᠨ ᠬᠠᠲᠤᠨ ᠲᠥᠷᠦ ᠢᠨ ᠬᠡᠷᠡᠭ ᠢ 10 ᠨᠠᠰᠤᠲᠠᠢ ᠪᠠᠲᠦᠮᠦ᠋ᠩᠭᠡ  ᠳᠤ ᠰᠢᠯᠵᠢᠭᠦᠯᠦᠨ ᠥᠭᠭᠦᠭᠰᠡᠨ ᠢᠶᠡᠨ ᠵᠠᠷᠯᠠᠭᠰᠠᠨ ᠪᠠᠢᠨ᠎ᠠ᠃

ᠮᠠᠨᠳᠤᠬᠠᠢ ᠰᠡᠴᠡᠨ ᠬᠠᠲᠤᠨ᠂ ᠴᠢᠩᠭᠢᠰ ᠬᠠᠭᠠᠨ ᠤ ᠠᠯᠲᠠᠨ ᠤᠷᠤᠭ ᠤᠨ ᠦᠶ᠎ᠡ ᠵᠠᠯᠭᠠᠬᠤ ᠦᠢᠯᠡᠰ ᠢ ᠰᠡᠷᠭᠦᠭᠡᠨ ᠮᠠᠨᠳᠤᠭᠤᠯᠬᠤ  ᠶᠢᠨ ᠲᠥᠯᠥᠭᠡ ᠬᠦᠴᠦ ᠴᠢᠳᠠᠯ᠂ ᠠᠷᠭ᠎ᠠ ᠤᠬᠠᠭᠠᠨ ᠢᠶᠠᠨ ᠰᠢᠪᠬᠠᠵᠤ᠂ ᠥᠪᠡᠷ ᠦᠨ ᠪᠡᠶ᠎ᠡ ᠪᠡᠷ ᠳᠠᠢᠨ ᠪᠠᠢᠯᠳᠤᠭᠠᠨ ᠳᠤ ᠶᠠᠪᠤᠵᠤ ᠪᠠᠢᠭᠰᠠᠨ ᠢ ᠮᠠᠨ ᠤ ᠰᠤᠷᠪᠤᠯᠵᠢ ᠪᠢᠴᠢᠭ ᠦᠳ ᠲᠦ᠄ ᠰᠠᠢᠲᠤᠷ ᠰᠠᠭᠠᠳᠠᠭᠯᠠᠵᠤ᠂ ᠰᠠᠳᠠᠷᠠᠭᠰᠠᠨ ᠦᠰᠦ ᠪᠡᠨ ᠬᠤᠷᠢᠶᠠᠨ᠂ ᠰᠠᠢᠨ ᠳᠠᠢᠨ ᠬᠠᠭᠠᠨ ᠢ ᠦᠬᠡᠭᠯᠡᠵᠦ (ᠦᠬᠡᠷ ᠲᠡᠷᠭᠡᠨ ᠳᠦ ᠰᠠᠭᠤᠯᠭᠠᠵᠤ) ᠮᠣᠷᠳᠠᠪᠠ ᠭᠡᠵᠦ ᠲᠡᠮᠳᠡᠭᠯᠡᠭᠰᠡᠨ ᠪᠠᠢᠳᠠᠭ ᠠᠵᠢ᠃