ᠪᠠᠭᠠᠪᠠᠭᠠᠢ – ᠯ᠂ ᠪᠠᠳᠠᠷᠴᠢ Баавгай – Л ᠂ Бадарч
ᠪᠠᠭᠠᠪᠠᠭᠠᠢ
( ᠶᠣᠭᠲᠠ ᠦᠯᠢᠭᠡᠷ)
ᠠᠩ ᠠᠮᠢᠲᠠᠨ ᠪᠦᠷᠢᠲᠦᠭᠰᠡᠨ
ᠠᠵᠤ ᠠᠬᠤᠢ ᠶ᠋ᠢᠨ ᠭᠠᠵᠠᠷ ᠲᠤ
ᠪᠣᠯᠪᠠᠰᠤᠨ ᠬᠦᠴᠦᠨ ᠢ ᠡᠷᠬᠢᠯᠡᠭᠰᠡᠨ
ᠪᠣᠷᠣ ᠪᠠᠭᠠᠪᠠᠭᠠᠢ ᠰᠠᠭᠤᠵᠤ ᠭᠡᠨ᠎ᠡ᠃
ᠵᠠᠯᠬᠠᠭᠤ ᠪᠠᠭᠠᠪᠠᠭᠠᠢ ᠥᠷᠥᠭᠡᠨ ᠳ᠋ᠡᠭᠡᠨ
ᠲᠠᠮᠠᠬᠢ ᠪᠠᠨ ᠪᠠᠭᠠᠬᠢᠭᠤᠯᠵᠤ ᠰᠠᠭᠤᠬᠤ ᠳᠤ
《 ᠪᠣᠯᠬᠤ ᠤᠤ》 ᠭᠡᠰᠡᠨ ᠨᠢᠯᠤᠭᠤᠨ ᠳᠠᠭᠤ
ᠪᠣᠱᠣᠭᠠᠨ ᠪ ᠴᠠᠭᠠᠨ᠎ᠠ ᠠ᠋ᠴᠠ ᠭᠠᠷᠤᠯ᠎ᠠ᠃
《 ᠵᠠ》 ᠭᠡᠵᠦ ᠪᠠᠭᠠᠪᠠᠭᠠᠢ ᠭᠤᠸᠠᠢ
ᠵᠠᠩᠲᠤᠷᠤᠩᠭᠤᠶ᠋ᠢᠬᠠᠨ ᠬᠡᠯᠡᠪᠡ᠃
《 ᠰᠠᠶ᠋ᠢᠨ ᠪᠠᠶ᠋ᠢᠨ᠎ᠠ ᠤᠤ》 ᠭᠡᠭᠰᠡᠭᠡᠷ
ᠰᠠᠭᠠᠷᠠᠯ ᠴᠢᠨᠣ᠎ᠠ ᠣᠷᠣᠵᠤ ᠢᠷᠡᠪᠡ᠃
ᠲᠠ ᠶᠠᠭᠤ ᠭᠡᠵᠦ ᠶᠠᠪᠤᠨ᠎ᠠ ᠪᠤᠢ ᠭᠡᠵᠦ
ᠪᠠᠭᠠᠪᠠᠭᠠᠢ ᠭᠤᠸᠠᠢ ᠪᠠᠪᠠᠲᠤᠨᠠᠪᠠ᠃
ᠲᠠᠨ ᠪ ᠳᠤ ᠠᠵᠢᠯ ᠪᠠᠶ᠋ᠢᠨ᠎ᠠ ᠤᠤ ᠭᠡᠵᠦ
ᠵᠢᠷᠲᠠᠭᠠᠢ ᠴᠢᠨᠣ᠎ᠠ ᠵᠢᠷᠪᠠᠯᠵᠠᠪᠠ᠃
ᠨᠢᠲᠦᠨ ᠪ ᠰᠢᠯ ᠶ᠋ᠢᠡᠨ ᠵᠡᠭᠦᠭᠡᠳ
ᠨᠦᠰᠡᠷ ᠪᠠᠭᠠᠪᠠᠭᠠᠢ ᠬᠡᠯᠡᠪᠡ᠄
ᠠᠵᠢᠯ ᠡᠷᠢᠵᠦ ᠶᠠᠪᠤᠨ᠎ᠠ ᠤᠤ?
ᠠᠰᠢᠭᠦᠢ ᠶᠠᠭᠤᠨ ᠰᠠᠶ᠋ᠢᠨ ᠶᠤᠮ ᠪᠤᠢ!
ᠢᠷᠵᠠᠶ᠋ᠢᠵᠤ ᠢᠨᠢᠶᠡᠬᠦ ᠶᠠᠭᠤ ᠪᠠᠶ᠋ᠢᠬᠤ ᠪᠤᠢ
ᠶᠠᠮᠠᠷ ᠠᠵᠢᠯ ᠳᠤ ᠰᠠᠨᠠᠬ᠋᠎ᠠ ᠲᠠᠢ ᠪᠤᠢ?
ᠵᠢᠷᠲᠠᠭᠠᠢ ᠴᠢᠨᠣ᠎ᠠ ᠮᠠᠭᠠᠰᠠᠭᠠᠨᠠᠭᠠᠳ
ᠵᠠᠯᠢᠲᠠᠢ ᠭᠡᠭᠴᠢ ᠪᠡᠷ ᠬᠡᠯᠡᠪᠡ᠃
ᠮᠠᠰᠢ ᠪᠠᠬ᠋᠎ᠠ ᠨᠠᠰᠤᠨ ᠠ᠋ᠴᠠ ᠪᠠᠨ
ᠮᠠᠯ ᠪᠠᠷᠠᠲᠠᠭᠰᠠᠨ ᠪᠣᠯᠬᠣᠷ
ᠬᠣᠨᠢᠴᠢᠨ ᠪᠣᠯᠬᠤ ᠶ᠋ᠢ ᠬᠦᠰᠡᠵᠦ
ᠬᠣᠯᠠ ᠠ᠋ᠴᠠ ᠪᠢ ᠢᠷᠡᠯ᠎ᠡ ᠭᠡᠪᠡ᠃
ᠠᠰᠢᠭᠦᠢ ᠶᠠᠭᠤᠨ ᠰᠠᠶ᠋ᠢᠨ ᠶᠤᠮ ᠪᠤᠢ
ᠠᠵᠠ ᠪᠠᠷ ᠴᠢ ᠬᠦᠷᠴᠦ ᠢᠷᠡᠵᠡᠢ᠃
ᠬᠣᠨᠢᠴᠢᠨ ᠪ ᠣᠷᠣᠨ ᠣᠩᠭᠣᠷᠬᠠᠢ᠁
ᠬᠣᠩᠭᠣᠷ ᠮᠢᠨᠢ ᠠᠵᠢᠯᠯᠠᠭᠠᠷᠠᠢ᠃
ᠣᠲᠣᠬᠠᠨ ᠠᠵᠢᠯ ᠢ ᠴᠢᠨᠢ
ᠣᠯᠤᠭᠠᠳ ᠥᠭᠭᠦᠶ᠎ᠡ ᠴᠢᠮ᠎ᠠ ᠳᠤ ᠭᠡᠳ
ᠨᠠᠷᠢᠨ ᠪᠢᠴᠢᠭ ᠦ᠋ᠨ ᠳᠠᠷᠤᠬ᠋᠎ᠠ ᠪᠠᠨ
ᠪᠦᠲᠦᠭᠦᠨ ᠪᠠᠭᠠᠪᠠᠭᠠᠢ ᠳᠠᠭᠤᠲᠠᠯᠠ
ᠬᠠᠷᠪᠢᠩ ᠤᠨᠵᠢᠬᠰᠠᠨ ᠭᠠᠬᠠᠢ
ᠬᠠᠭᠠᠯᠬ᠋ᠠ ᠪᠠᠷ ᠳᠥᠩᠭᠡᠵᠦ ᠴᠣᠬᠤᠶ᠋ᠢᠯᠠ
ᠬᠦᠨᠲᠦᠲᠦ ᠴᠢᠨᠣ᠎ᠠ ᠶ᠋ᠢᠨ ᠠᠨᠺᠸᠭᠧ ①
ᠬᠦᠰᠦᠨᠦᠭᠲᠦ ᠳᠡᠭᠡᠷ᠎ᠡ ᠪᠡᠨ ᠪᠦᠷᠢᠤᠠᠬᠡᠵᠦ
ᠳᠠᠷᠤᠢ ᠬᠣᠨᠢᠴᠢᠨ ᠶ᠋ᠢᠠᠷ ᠠᠪᠬᠤ
ᠳᠠᠷᠤᠬ᠋᠎ᠠ ᠶ᠋ᠢᠨ ᠲᠤᠰᠢᠶᠠᠯ ᠪᠢᠴᠢ! ᠭᠡᠵᠦ
ᠪᠣᠯᠪᠠᠰᠤᠨ ᠬᠦᠴᠦᠨ ᠪ ᠡᠷᠬᠢᠯᠡᠭᠴᠢ
ᠪᠣᠷᠣ ᠪᠠᠭᠠᠪᠠᠭᠠᠢ ᠲᠤᠰᠢᠶᠠᠯ᠎ᠠ᠃
ᠪᠦᠲᠦᠭᠦᠨ ᠪᠠᠭᠠᠪᠠᠭᠠᠢ ᠶ᠋ᠢᠨ ᠠᠯᠲᠠᠷ
ᠪᠦᠬᠦ ᠣᠢ ᠪᠠᠷ ᠲᠠᠷᠬᠠᠯ᠎ᠠ᠃
ᠡᠷᠭᠦᠲᠡᠯ ᠪᠠᠷᠢᠬᠰᠠᠨ ᠠᠮᠢᠲᠠᠳ
ᠡᠲᠦᠷ ᠪᠦᠷᠢ ᠴᠤᠪᠤᠯᠠ᠃
ᠠᠷᠭᠠᠲᠤ ᠰᠢᠷ᠎ᠠ ᠦᠨᠡᠭᠡ
ᠠᠯᠲᠠ ᠡᠷᠭᠦᠲᠡᠯ ᠪᠠᠷᠢᠭᠠᠳ
ᠠᠵᠤ ᠠᠬᠤᠢ ᠳᠤ ᠳᠠᠬᠢᠶᠠᠴᠢᠨ ᠶ᠋ᠢᠠᠷ
ᠠᠪᠤᠨ᠎ᠠ ᠤᠤ ᠭᠡᠵᠦ ᠢᠷᠡᠯ᠎ᠡ᠃
ᠤᠬᠤᠨ᠎ᠠ ᠭᠤᠸᠠᠢ ᠬᠦᠷᠲᠡᠯ᠎ᠡ
ᠤᠷᠲᠤ ᠡᠷᠭᠦᠲᠡᠯ ᠬᠢᠭᠡᠳ
ᠠᠵᠤ ᠠᠬᠤᠢ ᠳ᠋ᠤ ᠴᠡᠪᠡᠷᠯᠡᠭᠴᠢ ᠪᠡᠷ
ᠠᠵᠢᠯᠯᠠᠭᠤᠯ ᠭᠡᠵᠦ ᠭᠤᠶᠤᠯ᠎ᠠ᠃
ᠬᠤᠯᠤᠭᠠᠨ᠎ᠠ ᠬᠦᠦ ᠬᠦᠷᠲᠡᠯ᠎ᠡ
ᠬᠤᠪᠢ ᠶ᠋ᠢᠨ ᠡᠷᠭᠦᠲᠡᠯ ᠪᠢᠴᠢᠭᠡᠳ
ᠠᠷᠬᠢᠸ ② ᠰᠺᠯᠠᠳ᠋ ③ ᠬᠣᠶᠠᠷ ᠦ᠋ᠨ
ᠠᠯᠢ ᠨᠢᠭᠡᠨ ᠳ᠋ᠤᠨᠢ ᠣᠷᠣᠶ᠎ᠠ ᠭᠡᠪᠡ᠃
ᠡᠷᠭᠦᠲᠡᠯ ᠪᠠᠷᠢᠬᠰᠠᠨ ᠠᠮᠢᠲᠠᠳ
ᠥᠷᠥᠰᠢᠶᠡᠯ ᠬᠠᠶ᠋ᠢᠷ᠎ᠠ ᠬᠦᠷᠲᠡᠯ᠎ᠡ᠃
ᠪᠠᠭᠠᠪᠠᠭᠠᠢ ᠭᠤᠸᠠᠢ ᠴᠣᠬᠢᠵᠤ
ᠭᠠᠬᠠᠢ ᠭᠤᠸᠠᠢ ᠳᠠᠩᠰᠠᠯᠠᠵᠤ
ᠥᠪᠡᠷ ᠥᠪᠡᠷ ᠦ᠋ᠨ ᠬᠢᠨᠢ ᠬᠦᠰᠡᠭᠰᠡᠨ
ᠥᠨᠲᠥᠷ ᠲᠤᠰᠢᠶᠠᠯ ᠳᠤ ᠳᠡᠪᠰᠢᠭᠦᠯᠵᠡᠢ᠃
ᠲᠡᠷᠡ ᠪᠠᠭᠠᠪᠠᠭᠠᠢ ᠶ᠋ᠢᠨ ᠶᠠᠪᠤᠲᠠᠯ
ᠲᠡᠭᠡᠭᠡᠳ ᠶᠠᠭᠤ ᠪᠣᠯᠤᠭᠰᠠᠨ ᠨᠢ
ᠬᠡᠨ ᠬᠥᠮᠦᠨ ᠢᠯᠡᠷᠬᠡᠢ ᠲᠤᠯᠠ
ᠬᠡᠯᠡᠵᠦ ᠨᠤᠷᠰᠢᠭᠠᠳ ᠶᠠᠭᠠᠬᠢᠵᠤ ᠪᠤᠢ ᠳ᠋ᠠ᠃
— — — —
① ᠠᠨᠺᠸᠭᠧ – ᠪᠡᠶ᠎ᠡ ᠶ᠋ᠢᠨ ᠪᠠᠶ᠋ᠢᠴᠠᠭᠠᠯᠲᠠ ᠶ᠋ᠢᠨ ᠬᠦᠰᠦᠨᠦᠭᠲᠦ
② ᠠᠷᠬᠢᠸ – ᠬᠠᠭᠤᠴᠢᠨ ᠳᠠᠩᠰᠠ ᠬᠠᠲᠠᠭᠠᠯᠠᠬᠤ ᠭᠠᠵᠠᠷ
③ ᠰᠺᠯᠠᠳ᠋ – ᠠᠭᠤᠯᠬᠤ ᠬᠥᠮᠥᠷᠭᠡ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠪᠠᠭᠠᠲᠤᠷ
ᠬᠢᠨᠠᠭᠴᠢ ᠄ ᠴᠣᠯᠮᠣᠨᠲᠤᠶᠠᠭ᠎ᠠ
2023 ᠣᠨ ᠪ 7 ᠰᠠᠷ᠎ᠠ ᠶ᠋ᠢᠨ 4
