ᠴᠢᠩᠭᠢᠰ ᠬᠠᠭᠠᠨЧингис хаан ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠩᠭᠢᠰ ᠬᠠᠭᠠᠨЧингис хаан

ᠴᠢᠩᠭᠢᠰ ᠬᠠᠭᠠᠨЧингис хаан

2023-07-08

444

《ᠴᠢᠩᠭᠢᠰ ᠬᠠᠭᠠᠨ》 ᠬᠡᠦᠬᠡᠯᠳᠡᠢ ᠶ᠋ᠢᠨ ᠺᠢᠨᠣ᠋

    ᠴᠢᠩᠭᠢᠰ ᠬᠠᠭᠠᠨ ᠭᠡᠵᠦ ᠳᠡᠯᠡᠬᠡᠢ ᠶ᠋ᠢᠨ ᠰᠤᠤ ᠲᠠᠢ ᠠᠷᠠᠩᠭ᠎ᠠ ᠲᠠᠢ ᠤᠳᠤᠷᠢᠳᠤᠭᠴᠢ ᠭᠡᠳᠡᠭ ᠢ᠋ ᠣᠳᠣ ᠴᠤ᠌ ᠬᠥᠮᠦᠨ ᠲᠥᠷᠥᠯᠬᠢᠲᠡᠨ ᠦ᠌ ᠲᠡᠦᠬᠡ ᠱᠠᠭᠰᠢᠳᠠᠭ ᠯᠠ ᠳᠠ᠂ ᠬᠡᠷᠪᠡ ᠲᠠ ᠨᠠᠷ ᠣᠯᠵᠤ ᠤᠩᠰᠢᠳᠠᠭ ᠪᠣᠯ᠃ 2006 ᠣᠨ ᠳ᠋ᠤ᠌ ᠢᠲ᠋ᠠᠯᠢ᠂ ᠭᠧᠷᠮᠠᠨ ᠤᠯᠤᠰ ᠤ᠋ᠨ ᠬᠠᠮᠲᠤᠷᠠᠨ ᠬᠢᠭᠰᠡᠨ 《ᠴᠢᠩᠭᠢᠰ ᠬᠠᠭᠠᠨ》 ᠬᠡᠦᠬᠡᠳ ᠲᠦ᠍ ᠵᠣᠷᠢᠭᠤᠯᠤᠭᠰᠠᠨ ᠬᠡᠦᠬᠡᠯᠳᠡᠢ ᠶ᠋ᠢᠨ ᠺᠢᠨᠣ᠋᠃
--------------------------------------
    ᠡᠭᠦᠨ ᠢ᠋ ᠬᠥᠷᠪᠡᠭᠦᠯᠦᠭᠡᠳ ᠮᠣᠩᠭᠣᠯ ᠳᠠᠭᠤᠤ ᠣᠷᠣᠭᠤᠯᠪᠠᠯ ᠶᠡᠬᠡ ᠯᠡ ᠲᠣᠮᠣ ᠪᠦᠲᠦᠭᠡᠯ ᠳᠡ ᠬᠡᠦᠬᠡᠳ ᠦ᠋ᠨ ᠣᠶᠤᠨ ᠤ᠋ ᠰᠠᠩ ᠳ᠋ᠤ᠌ ᠲᠤᠩ ᠲᠤᠰᠠᠲᠠᠢ᠃ ᠪᠠᠷᠠᠭᠤᠨ ᠤ᠋ ᠬᠢᠨ ᠮᠣᠩᠭᠣᠯ ᠤ᠋ᠨ ᠲᠡᠦᠬᠡ ᠪᠡᠷ ᠬᠡᠦᠬᠡᠳ ᠢ᠋ᠶ᠋ᠡᠨ ᠬᠥᠮᠦᠵᠢᠭᠦᠯᠵᠦ ᠪᠠᠢᠬᠤ ᠳ᠋ᠤ᠌ ᠪᠢᠳᠡ ᠣᠷᠬᠢᠭᠳᠠᠵᠤ ᠬᠠᠶᠠᠭᠳᠠᠭᠰᠠᠨ ᠬᠣᠭ ᠤ᠋ᠨ ᠪᠣᠯᠪᠠᠰᠤᠷᠠᠯ ᠤ᠋ᠨ ᠰᠢᠰᠲ᠋ᠧᠮ ᠢ᠋ ᠨᠢ ᠬᠠᠭᠤᠯᠵᠤ ᠰᠠᠭᠤᠬᠤ ᠴᠤ᠌ ᠭᠡᠵᠦ᠃
    ᠣᠷᠣᠯᠢᠨᠳᠣ ᠺᠣᠷᠷᠠᠳᠠ ᠭᠡᠵᠦ ᠢᠲ᠋ᠠᠯᠢ ᠶ᠋ᠢᠨ ᠺᠢᠨᠣ᠋ ᠨᠠᠢᠷᠠᠭᠤᠯᠤᠭᠴᠢ᠂ ᠠᠨᠢᠮᠠᠲ᠋ᠣᠷ᠂ ᠺᠢᠨᠣ᠋ ᠫᠷᠣᠳᠢᠶᠦ᠋ᠰᠧᠷ᠃ ᠲᠡᠷᠡ ᠪᠡᠷ Mondo ᠲᠧᠯᠸᠢᠰ ᠢ᠋ ᠡᠭᠦᠰᠬᠡᠨ ᠪᠠᠢᠭᠤᠯᠤᠭᠴᠢ᠂ ᠶᠡᠷᠦᠩᠬᠡᠢᠯᠡᠭᠴᠢ᠂ ᠭᠦᠢᠴᠡᠳᠬᠡᠬᠦ ᠵᠠᠬᠢᠷᠤᠯ᠂ ᠰᠠᠩᠬᠦᠦ ᠶ᠋ᠢᠨ ᠶᠡᠷᠦᠩᠬᠡᠢ ᠵᠠᠬᠢᠷᠤᠯ ᠪᠠᠢᠭᠰᠠᠨ᠃ ᠡᠨᠡ ᠬᠥᠮᠦᠨ ᠮᠣᠩᠭᠣᠯ ᠭᠡᠰᠡᠨ ᠰᠡᠳᠦᠪ ᠢ᠋ᠶ᠋ᠡᠷ 《ᠨᠢᠭᠤᠴᠠ ᠲᠣᠪᠴᠢᠶ᠎ᠠ》 ᠸᠢᠯᠢᠭᠧᠯᠮ ᠷᠦᠪᠠᠷᠰᠺ ᠤ᠋ᠨ ᠲᠡᠮᠳᠡᠭᠯᠡᠯ ᠡᠴᠡ ᠬᠡᠳᠦ ᠬᠡᠳᠦᠨ ᠮᠣᠩᠭᠣᠯ ᠭᠡᠰᠡᠨ ᠴᠤᠪᠤᠷᠠᠯ ᠬᠡᠦᠬᠡᠯᠳᠡᠢ ᠶ᠋ᠢᠨ ᠺᠢᠨᠣ᠋ ᠬᠢᠭᠰᠡᠨ ᠳᠡᠯᠡᠬᠡᠢ ᠳ᠋ᠦ᠍ ᠠᠯᠳᠠᠷᠲᠠᠢ ᠬᠡᠦᠬᠡᠯᠳᠡᠢ ᠶ᠋ᠢᠨ ᠺᠢᠨᠣᠨ ᠤ᠋ ᠨᠠᠢᠷᠠᠭᠤᠯᠤᠭ᠍ᠴᠢ᠂ᠤᠷᠠᠨ ᠪᠦᠲᠦᠭᠡᠯᠴᠢ ᠶᠦᠮ ᠪᠠᠢᠨ᠎ᠠ