ᠠᠯᠳᠠᠭᠳᠠᠭᠰᠠᠨ ᠠᠵᠢᠷᠭ᠎ᠠ – ᠴ ᠂ ᠳᠠᠮᠳᠢᠨᠰᠦ᠋ᠷᠦᠩ Алдагдсан азарга – Ч ᠂ Дамдинсүрэн
ᠠᠯᠳᠠᠭᠳᠠᠭᠰᠠᠨ ᠠᠵᠢᠷᠭ᠎ᠠ
( ᠬᠣᠱᠣᠩ ᠦᠭᠦᠯᠡᠯᠭᠡ)
ᠬᠣᠲᠠ ᠶ᠋ᠢᠨ ᠨᠢᠭᠡᠨ ᠣᠶᠤᠲᠠᠨ ᠵᠤᠨ ᠪ ᠠᠮᠠᠷᠠᠯᠲᠠ ᠪᠠᠷ ᠨᠤᠲᠤᠭ ᠲᠠᠭᠠᠨ ᠬᠠᠷᠢᠵᠤ ᠭᠡᠨ᠎ᠡ᠂ ᠡᠨᠡ ᠪᠣᠯ ᠬᠣᠷᠢᠭᠠᠳ ᠨᠠᠰᠤᠲᠠᠢ ᠬᠦᠦ ᠪᠠᠶ᠋ᠢᠵᠠᠢ᠃ ᠴᠣᠬᠣᠮ ᠨᠡᠷ᠎ᠡ ᠶ᠋ᠢ ᠨᠢ ᠬᠡᠯᠡᠬᠦ ᠶ᠋ᠢ ᠪᠠᠶ᠋ᠢᠶ᠎ᠠ᠃ ᠵᠠ ᠥᠯᠵᠡᠢ ᠨᠡᠷ᠎ᠡ ᠲᠡᠢ ᠶᠤᠮ ᠪᠤᠯᠤᠭ᠂ ᠭᠡᠷ ᠨᠢ ᠪᠠᠶᠠᠨ ᠠᠶ᠋ᠢᠯ ᠲᠤᠯᠠ ᠣᠯᠠᠨ ᠠᠲᠤᠭᠤ ᠲᠠᠢ ᠶᠤᠮ ᠪᠠᠶ᠋ᠢᠵᠠᠢ᠃ ᠥᠯᠵᠡᠢ ᠬᠠᠷᠢᠭᠠᠳ ᠠᠲᠤᠭᠤᠨ ᠳ᠋ᠤ᠌ ᠶᠠᠪᠤᠲᠠᠭ ᠪᠣᠯᠵᠠᠢ᠃
ᠬᠡᠲᠦᠨ ᠵᠢᠯ ᠰᠤᠷᠭᠠᠭᠤᠯᠢ ᠳ᠋ᠤ᠌ ᠶᠠᠪᠤᠭᠰᠠᠨ ᠲᠤᠯᠠ ᠠᠲᠤᠭᠤ ᠶ᠋ᠢ ᠪᠦᠷᠢᠨ ᠲᠠᠨᠢᠬᠤ ᠦᠭᠡᠢ᠂ ᠢᠢᠮᠦ ᠳ᠋ᠤ᠌ ᠠᠵᠢᠷᠭᠠᠨ ᠲᠣᠬ᠋᠎ᠠ ᠪᠠᠷ ᠠᠲᠤᠭᠤ ᠪᠠᠨ ᠪᠦᠷᠢᠤᠠᠭᠡᠵᠦ ᠶᠠᠪᠤᠲᠠᠭ ᠪᠢᠯᠡ᠃ ᠠᠵᠢᠷᠬ᠋ᠠ ᠨᠢ ᠪᠦᠷᠢᠨ ᠪᠠᠶ᠋ᠢᠪᠠᠯ ᠠᠲᠤᠭᠤ ᠪᠦᠷᠢᠨ ᠭᠡᠵᠦ ᠪᠣᠲᠣᠲᠠᠭ ᠪᠠᠶ᠋ᠢᠪᠠ᠃ ᠠᠵᠢᠷᠬ᠋ᠠ ᠪᠦᠷᠢ ᠠᠷᠪᠠ ᠬᠣᠷᠢᠭᠠᠳ ᠭᠡᠭᠦᠦ ᠲᠡᠢ ᠨᠢᠭᠡ ᠰᠥᠷᠦᠭ ᠪᠣᠯᠵᠤ ᠲᠤᠰᠬᠠᠢ ᠶᠠᠪᠤᠲᠠᠭ ᠲᠤᠯᠠ ᠮᠥᠨ ᠠᠵᠢᠷᠬ᠋ᠠ ᠪᠠᠷ ᠠᠲᠤᠭᠤ ᠶ᠋ᠢ ᠪᠦᠷᠢᠤᠠᠬᠡᠵᠦ ᠪᠣᠯᠤᠭᠠᠳ ᠪᠠᠶ᠋ᠢᠪᠠ᠃
ᠥᠯᠵᠡᠢ᠂ ᠨᠢᠭᠡᠨ ᠥᠷᠯᠥᠭᠡ ᠪᠡᠯᠴᠢᠭᠡᠷᠯᠡᠭᠰᠡᠨ ᠠᠲᠤᠭᠤ ᠪᠠᠨ ᠬᠤᠷᠢᠶᠠᠵᠤ ᠠᠵᠢᠷᠬ᠋ᠠ ᠨᠤᠭᠤᠳ ᠶ᠋ᠢᠠᠨ ᠪᠦᠷᠢᠤᠠᠬᠡᠪᠡᠯ ᠠᠯᠠᠭ ᠠᠵᠢᠷᠬ᠋ᠠ ᠨᠢ ᠪᠠᠶ᠋ᠢᠲᠠᠭ ᠦᠭᠡᠢ᠃ ᠢᠢᠮᠦ ᠳ᠋ᠤ᠌ ᠪᠦᠬᠦ ᠠᠲᠤᠭᠤ ᠪᠠᠨ ᠴᠠᠭᠠᠨ ᠨᠠᠭᠤᠷ ᠦ᠋ᠨ ᠬᠦᠪᠡᠭᠡᠨ ᠠᠪᠴᠢᠷᠠᠵᠤ ᠣᠷᠬᠢᠭᠠᠳ ᠠᠯᠠᠭ ᠠᠵᠢᠷᠬ᠋ᠠ ᠲᠠᠢ ᠠᠲᠤᠭᠤ ᠪᠠᠨ ᠡᠷᠢᠬᠦ ᠪᠡᠷ ᠶᠠᠪᠤᠪᠠ᠃
ᠥᠯᠵᠡᠢ᠂ ᠰᠢᠯᠢ ᠲᠠᠯ᠎ᠠ ᠶ᠋ᠢ ᠱᠦᠭᠦᠷᠲᠡᠨ ᠳᠣᠪᠣ ᠬᠣᠩᠬᠣᠷ ᠊ᠢ ᠨᠡᠩᠵᠢᠨ ᠡᠷᠢᠨ ᠡᠷᠢᠭᠰᠡᠭᠡᠷ ᠡᠲᠦᠷ ᠳᠤᠷᠰᠢ ᠶᠠᠪᠤᠪᠠᠴᠤ ᠶᠡᠷᠦ ᠣᠯᠤᠭᠰᠠᠨ ᠦᠭᠡᠢ᠃ ᠲᠡᠷᠡ ᠨᠤᠲᠤᠭ ᠲᠤ ᠠᠶ᠋ᠢᠯ ᠣᠯᠠᠨ ᠲᠤᠯᠠ ᠠᠲᠤᠭᠤ ᠪᠠᠰᠠ ᠣᠯᠠᠨ᠂ ᠶᠠᠮᠠᠷ ᠨᠢᠭᠡᠨ ᠠᠯᠠᠭ ᠲᠠᠢ ᠠᠲᠤᠭᠤ ᠬᠠᠷᠠᠭᠲᠠᠪᠠᠯ ᠨᠢᠳᠦ ᠪᠡᠨ ᠬᠥᠬᠡᠷᠡᠲᠡᠯ᠎ᠡ ᠰᠢᠷᠲᠡᠨ ᠭᠣᠷᠢᠲᠠᠭᠰᠠᠭᠠᠷ ᠣᠴᠢᠨ᠎ᠠ᠃
ᠭᠡᠲᠡᠯ᠎ᠡ ᠲᠡᠷᠡ ᠠᠲᠤᠭᠤᠨ ᠳ᠋ᠤ᠌ ᠭᠡᠭᠦᠦ ᠪᠤᠶᠤ ᠠᠯᠠᠭ ᠮᠣᠷᠢ ᠪᠠᠶ᠋ᠢᠨ᠎ᠠ᠃ ᠡᠰᠡᠪᠡᠯ ᠶᠡᠷᠦ ᠳ᠋ᠡᠭᠡᠨ ᠠᠯᠠᠭ ᠠᠲᠤᠭᠤ ᠦᠭᠡᠢ᠃ ᠬᠠᠷᠢᠨ ᠬᠠᠷ᠎ᠠ ᠴᠠᠭᠠᠨ ᠬᠣᠶᠠᠷ ᠵᠢᠰᠦᠮ ᠦ᠋ᠨ ᠮᠣᠷᠢ ᠳᠠᠪᠬᠤᠷᠯᠠᠨ ᠪᠠᠶ᠋ᠢᠭᠠᠳ ᠠᠯᠠᠭ ᠠᠲᠤᠭᠤ ᠮᠡᠲᠦ ᠬᠠᠷᠠᠭᠲᠠᠭᠰᠠᠨ ᠪᠠᠶ᠋ᠢᠨ᠎ᠠ᠃ ᠦᠲᠡᠰᠢ ᠪᠣᠯᠬᠤ ᠳ᠋ᠤ᠌ ᠥᠯᠵᠡᠢ ᠶ᠋ᠢᠨ ᠣᠨᠤᠭᠰᠠᠨ ᠮᠣᠷᠢ ᠠᠷᠠᠢ ᠬᠡᠵᠦ ᠬᠥᠯ ᠶ᠋ᠢᠡᠨ ᠰᠣᠯᠪᠢᠨᠠ᠃ ᠠᠲᠤᠭᠤᠴᠢᠨ ᠥᠯᠵᠡᠢ ᠭᠠᠰᠢᠭᠤᠲᠠᠯ ᠲᠠᠢ ᠪᠠᠷ ᠪᠤᠴᠠᠵᠤ ᠮᠣᠷᠢ ᠪᠠᠨ ᠶᠡᠭᠦᠯᠡᠵᠦ ᠤᠨᠤᠭᠠᠳ ᠳᠠᠬᠢᠨ ᠡᠷᠢᠶ᠎ᠡ ᠭᠡᠵᠦ ᠠᠲᠤᠭᠤᠨ ᠳ᠋ᠠᠭᠠᠨ ᠢᠷᠡᠪᠡᠯ ᠲᠡᠨᠳᠡ ᠣᠯᠠᠨ ᠬᠥᠮᠦᠨ ᠮᠣᠷᠢ ᠪᠠᠨ ᠶᠡᠭᠦᠯᠡᠨ ᠣᠨᠤᠵᠤ ᠪᠠᠶ᠋ᠢᠪᠠ᠃
ᠥᠯᠵᠡᠢ ᠶ᠋ᠢᠨ ᠡᠴᠢᠭᠡ᠄
— ᠴᠢ ᠶᠠᠭᠠᠬᠢᠭᠠᠳ ᠢᠩᠭᠢᠵᠦ ᠣᠲᠠᠪᠠ ᠭᠡᠵᠦ ᠠᠰᠠᠭᠤᠪᠠᠯ ᠥᠯᠵᠡᠢ ᠴᠢᠬᠤᠯᠲᠠᠵᠤ ᠬᠡᠯᠡᠭᠰᠡᠨ ᠨᠢ᠄
— ᠶᠠᠭᠠᠬᠢᠭᠠᠳ ᠣᠲᠠᠪᠠ ᠭᠡᠵᠦ ᠲᠠ ᠶᠠᠭᠤ ᠬᠡᠯᠡᠵᠦ ᠪᠠᠶ᠋ᠢᠨ᠎ᠠ? ᠠᠯᠠᠭ ᠠᠵᠢᠷᠬ᠋ᠠ ᠲᠠᠢ ᠠᠲᠤᠭᠤ ᠠᠯᠠᠬ᠋᠎ᠠ ᠪᠣᠯᠤᠭᠠᠳ ᠪᠥᠷ ᠡᠷᠢᠵᠦ ᠣᠯᠤᠭᠰᠠᠨ ᠦᠭᠡᠢ᠃ ᠬᠤᠯᠠᠭᠠᠢ ᠠᠪᠤᠭᠰᠠᠨ ᠪᠤᠶᠤ ᠴᠢᠨᠣ᠎ᠠ ᠳ᠋ᠤ᠌ ᠢᠲᠡᠭᠲᠡᠭᠰᠡᠨ ᠪᠢᠵᠡ ᠭᠡᠪᠡᠯ ᠡᠴᠢᠭᠡ ᠬᠡᠯᠡᠭᠰᠡᠨ ᠨᠢ᠄
— ᠴᠢ ᠶᠠᠮᠠᠷ ᠮᠣᠷᠢ ᠣᠨᠤᠵᠤ ᠶᠠᠪᠤᠨ᠎ᠠ? ᠭᠡᠬᠦ ᠥᠯᠵᠡᠢ ᠮᠣᠷᠢᠨ ᠡᠴᠡ ᠪᠡᠨ ᠪᠠᠭᠤᠵᠤ ᠦᠵᠡᠪᠡᠯ ᠠᠯᠠᠭ ᠠᠵᠢᠷᠬ᠋ᠠ ᠨᠢ ᠬᠠᠷᠢᠭᠤ ᠦᠭᠡᠢ ᠵᠦᠲᠡᠷᠡᠵᠦ ᠲᠣᠯᠣᠭᠠᠢ ᠪᠠᠨ ᠤᠨᠵᠢᠢᠭᠤᠯᠤᠨ ᠵᠣᠭᠰᠣᠵᠤ ᠪᠠᠶ᠋ᠢᠨ᠎ᠠ᠃ ᠥᠯᠵᠡᠢ ᠂ ᠠᠯᠠᠭ ᠠᠵᠢᠷᠬ᠋ᠠ ᠪᠠᠨ ᠣᠨᠤᠭᠠᠳ ᠠᠯᠠᠭ ᠠᠵᠢᠷᠬ᠋ᠠ ᠲᠠᠢ ᠠᠲᠤᠭᠤ ᠶ᠋ᠢ ᠪᠠᠶ᠋ᠢᠬᠰᠠᠭᠠᠷ ᠠᠲᠠᠯ᠎ᠠ ᠡᠲᠦᠷ ᠲᠣᠷᠰᠢ ᠳᠡᠮᠡᠢ ᠡᠷᠢᠭᠰᠡᠨ ᠪᠠᠶ᠋ᠢᠵᠠᠢ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠲᠡᠭᠷᠢ ᠡᠵᠢ
ᠬᠢᠨᠠᠭᠴᠢ ᠄ ᠴᠣᠯᠮᠣᠨᠲᠤᠶᠠᠭ᠎ᠠ
2023᠂7᠂3 ᠪ ᠡᠲᠦᠷ
