ᠰᠡᠭᠦᠯᠡᠨ ᠬᠦᠦСүүлэн хүү ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠭᠦᠯᠡᠨ ᠬᠦᠦСүүлэн хүү

ᠰᠡᠭᠦᠯᠡᠨ ᠬᠦᠦСүүлэн хүү

ᠠᠩᠭᠢᠯᠠᠯ:ᠳᠣᠮᠣᠭ ᠦᠯᠢᠭᠡᠷ
2022-01-26

1124

ᠰᠡᠭᠦᠯᠡᠨ ᠬᠦᠦ

   ᠡᠷᠲᠡ ᠤᠷᠢᠳᠤ ᠶ᠋ᠢᠨ ᠴᠠᠭ ᠲᠤ᠌ ᠡᠮᠡᠭᠡᠨ ᠡᠪᠦᠭᠡᠨ ᠬᠣᠶᠠᠷ ᠠᠮᠢᠳᠤᠷᠠᠵᠤ ᠪᠠᠢᠵᠠᠢ᠃
ᠨᠢᠭᠡ ᠡᠳᠦᠷ ᠡᠮᠡᠭᠡᠨ ᠢᠮᠠᠭ᠎ᠠ ᠪᠠᠨ ᠬᠠᠷᠢᠭᠤᠯᠵᠤ ᠶᠠᠪᠤᠭᠠᠳ ᠲᠤᠷᠭᠢᠭᠠᠳ ᠣᠷᠬᠢᠵᠠᠢ᠃ ᠭᠡᠲᠡᠯ᠎ᠡ ᠨᠢᠭᠡ ᠢᠮᠠᠭᠠᠨ ᠤ᠋ ᠰᠡᠭᠦᠯ ᠲᠠᠰᠤᠷᠠᠭᠠᠳ ᠤᠨᠠᠴᠢᠬᠠᠵᠠᠢ ᠭᠡᠨ᠎ᠡ᠃ ᠲᠡᠷᠡ ᠶ᠋ᠢ ᠡᠪᠦᠭᠡᠨ ᠳ᠋ᠦ᠍ ᠪᠡᠨ ᠬᠡᠯᠡᠬᠦ ᠦᠭᠡᠢ ᠨᠢᠭᠤᠭᠠᠳ ᠭᠡᠷ ᠦ᠋ᠨ ᠬᠢ ᠪᠡᠨ ᠵᠠᠪᠠᠭ ᠲᠤ᠌ ᠬᠠᠪᠴᠢᠭᠤᠯᠵᠠᠢ᠃ ᠡᠭᠦᠨ ᠡᠴᠡ ᠬᠣᠢᠰᠢ ᠣᠯᠠᠨ ᠴᠤ᠌ ᠬᠣᠨᠣᠭ ᠥᠩᠭᠡᠷᠡᠴᠦ᠂ ᠨᠢᠭᠡ ᠡᠳᠦᠷ ᠡᠮᠡᠭᠡᠨ ᠰᠦ ᠪᠡᠨ ᠲᠠᠯᠪᠢᠵᠤ ᠳᠠᠭᠤᠰᠤᠭᠠᠳ ᠲᠣᠭᠣᠭ᠎ᠠ ᠪᠠᠨ ᠬᠤᠰᠤᠵᠤ ᠪᠠᠢᠭᠰᠠᠨ ᠢ᠋ᠶ᠋ᠠᠨ᠂ ᠢᠰᠢ᠂ ᠴᠠᠪᠠᠰᠤ ᠳᠠ᠂ ᠬᠤᠰᠤᠮ ᠢᠳᠡᠬᠦ ᠬᠡᠦᠬᠡᠳ ᠲᠡᠢ ᠴᠦ᠍ ᠪᠣᠯᠤᠭᠠᠰᠠᠢ ᠭᠡᠵᠦ ᠬᠡᠯᠡᠭᠰᠡᠨ ᠳ᠋ᠦ᠍ ᠬᠥᠶᠢ᠂ ᠪᠢ ᠶᠠᠭᠠᠬᠢᠭ᠎ᠠ ᠪᠣᠢ? ᠭᠡᠳ ᠪᠢᠴᠢᠬᠠᠨ ᠰᠡᠭᠦᠯ ᠰᠢᠭ ᠵᠢᠵᠢᠭᠬᠡᠨ ᠬᠡᠦᠬᠡᠳ ᠣᠷᠣᠭᠠᠳ ᠢᠷᠡᠵᠡᠢ᠃ ᠲᠡᠭᠡᠬᠦ ᠳ᠋ᠦ᠍ ᠨᠢ ᠬᠤᠰᠤᠮ ᠢ᠋ᠶ᠋ᠠᠨ ᠥᠭᠭᠦᠭᠡᠳ ᠡᠮᠡᠭᠡᠨ ᠬᠦᠦ ᠲᠡᠢ ᠪᠣᠯᠤᠯ᠎ᠠ ᠭᠡᠳ ᠶᠡᠬᠡᠳᠡ ᠪᠠᠶᠠᠷᠯᠠᠨ ᠡᠪᠦᠭᠡᠨ ᠢ᠋ ᠪᠡᠨ ᠢᠮᠠᠭᠠᠨ ᠠ᠋ᠴᠠ ᠪᠠᠨ ᠢᠷᠡᠬᠦ ᠳ᠋ᠦ᠍ ᠪᠠᠶᠠᠷ ᠬᠥᠷ ᠪᠣᠯᠭᠠᠨ ᠶᠠᠷᠢᠯ᠎ᠠ᠃ ᠡᠪᠦᠭᠡᠨ ᠪᠠᠰᠠ ᠪᠠᠶᠠᠷᠯᠠᠵᠤ ᠬᠦᠦ ᠪᠡᠨ ᠦᠨᠦᠰᠦᠯ᠎ᠡ᠂ ᠡᠭᠦᠨ ᠡᠴᠡ ᠬᠣᠢᠰᠢ ᠭᠤᠷᠪᠠᠭᠤᠯᠠ ᠪᠠᠨ ᠠᠮᠢᠳᠤᠷᠠᠵᠤ ᠡᠬᠢᠯᠡᠭᠰᠡᠨ ᠪᠥᠭᠡᠳ ᠬᠦᠦ ᠪᠡᠨ ᠰᠡᠭᠦᠯᠡᠨ ᠬᠦᠦ ᠭᠡᠵᠦ ᠨᠡᠷᠡᠯᠡᠵᠡᠢ᠃ ᠰᠡᠭᠦᠯᠡᠨ ᠬᠦᠦ ᠣᠪᠣᠭ᠎ᠠ ᠲᠣᠮᠣᠷᠠᠵᠤ ᠦᠳᠡᠰᠢ ᠣᠷᠣᠢ ᠮᠠᠯ ᠢ᠋ᠶ᠋ᠠᠨ ᠬᠣᠲᠠᠯᠠᠭᠤᠯᠬᠤ ᠪᠣᠯᠵᠠᠢ᠃ ᠨᠢᠭᠡ ᠣᠷᠣᠢ ᠰᠡᠭᠦᠯᠡᠨ ᠬᠦᠦ ᠮᠠᠯ ᠢ᠋ᠶ᠋ᠠᠨ ᠬᠣᠲᠠᠯᠠᠭᠤᠯᠵᠤ ᠶᠠᠪᠤᠲᠠᠯ᠎ᠠ ᠬᠣᠶᠠᠷ ᠲᠠᠨᠢᠬᠤ ᠦᠭᠡᠢ ᠬᠥᠮᠦᠨ ᠢᠷᠡᠭᠡᠳ ᠰᠡᠭᠦᠯᠡᠨ ᠬᠦᠦ ᠶ᠋ᠢ ᠬᠢ ᠬᠢ ᠬᠢ ᠭᠤᠷᠪᠠᠭᠤᠯᠠ ᠪᠠᠨ ᠬᠠᠭᠠᠨ ᠤ᠋ ᠬᠢ ᠡᠴᠡ ᠶᠠᠭᠤᠮ᠎ᠠ ᠬᠤᠯᠠᠭᠠᠢ ᠬᠢᠶ᠎ᠡ ᠬᠢᠬᠦ ᠳ᠋ᠦ᠍ ᠨᠢ ᠰᠡᠭᠦᠯᠡᠨ ᠬᠦᠦ ᠵᠥᠪᠰᠢᠶᠡᠷᠡᠵᠦ ᠮᠠᠯ ᠢ᠋ᠶ᠋ᠠᠨ ᠠᠪᠠᠴᠢᠵᠤ ᠬᠠᠰᠢᠴᠢᠬᠠᠭᠠᠳ ᠲᠡᠳᠡᠨ ᠦ᠌ ᠬᠠᠮᠲᠤ ᠶᠠᠪᠤᠵᠠᠢ᠃ ᠰᠥᠨᠢ ᠪᠣᠯᠵᠤ ᠠᠮᠢᠲᠠᠨ ᠬᠥᠮᠦᠨ ᠤᠨᠲᠠᠭᠠᠳ ᠨᠠᠮ ᠭᠦᠮ ᠪᠣᠯᠬᠤ ᠶ᠋ᠢᠨ ᠬᠢᠷᠢ ᠳ᠋ᠦ᠍ ᠰᠡᠭᠦᠯᠡᠨ ᠬᠦᠦ ᠴᠢ ᠣᠴᠢᠭᠠᠳ ᠬᠠᠭᠠᠨ ᠤ᠋ ᠬᠦᠷᠡᠩ ᠱᠠᠷ ᠢ᠋ ᠪᠠᠷᠢᠭᠠᠳ ᠢᠷ᠎ᠡ ᠭᠡᠬᠦ ᠳ᠋ᠦ᠍ ᠨᠢ ᠰᠡᠭᠦᠯᠡᠨ ᠬᠦᠦ ᠵᠥᠪᠰᠢᠶᠡᠷᠡᠭᠡᠳ ᠬᠠᠭᠠᠨ ᠤ᠋ ᠦᠬᠡᠷ ᠲᠦ᠍ ᠣᠴᠢᠭᠠᠳ ᠲᠣᠮᠣ ᠬᠦᠷᠡᠩ ᠱᠠᠷ ᠢ᠋ ᠠᠪᠬᠤ ᠤᠤ? ᠵᠢᠵᠢᠭ ᠬᠦᠷᠡᠩ ᠱᠠᠷ ᠢ᠋ ᠠᠪᠬᠤ ᠤᠤ? ᠭᠡᠳ ᠬᠠᠰᠬᠢᠷᠴᠠᠢ᠃ ᠭᠡᠲᠡᠯ᠎ᠡ ᠬᠠᠭᠠᠨ ᠤ᠋ ᠬᠢᠨ ᠦᠬᠡᠷ ᠲᠦ᠍ ᠬᠤᠯᠠᠭᠠᠢ ᠣᠷᠣᠯ᠎ᠠ ᠭᠡᠳ ᠯᠡ ᠨᠠᠭᠠᠨ᠎ᠠ ᠤᠤ ᠴᠠᠭᠠᠨ᠎ᠠ ᠤᠤ ᠪᠣᠯᠵᠤ ᠫᠤᠤ ᠱᠣᠣ ᠲᠠᠯᠪᠢᠵᠤ ᠨᠣᠬᠠᠢ ᠪᠣᠷᠭᠣᠵᠤ ᠰᠦᠢᠳ ᠪᠣᠯᠤᠯ᠎ᠠ᠃ ᠲᠡᠭᠡᠬᠦ ᠳ᠋ᠦ᠍ ᠰᠡᠭᠦᠯᠡᠨ ᠬᠦᠦ ᠦᠬᠡᠷ ᠦ᠋ᠨ ᠴᠢᠬᠢᠨ ᠳᠣᠲᠣᠷ᠎ᠠ ᠨᠢᠭᠤᠭᠳᠠᠭᠠᠳ ᠴᠢᠮᠡᠭᠡ ᠨᠠᠮᠵᠢᠭᠰᠠᠨ ᠤ᠋ ᠳᠠᠷᠠᠭ᠎ᠠ ᠲᠣᠮᠣ ᠬᠦᠷᠡᠩ ᠱᠠᠷ ᠢ᠋ ᠬᠥᠳᠡᠯᠦᠭᠡᠳ ᠣᠴᠢᠵᠤ ᠭᠡᠨ᠎ᠡ᠃
ᠱᠠᠷ ᠢ᠋ᠶ᠋ᠠᠨ ᠠᠯᠠᠬᠤ ᠭᠡᠲᠡᠯ᠎ᠡ ᠰᠦᠬᠡ ᠪᠠᠢᠳᠠᠭ ᠦᠭᠡᠢ᠃ ᠲᠡᠭᠡᠲᠡᠯ᠎ᠡ ᠰᠡᠭᠦᠯᠡᠨ ᠬᠦᠦ ᠳ᠋ᠦ᠍᠂ ᠵᠠ ᠴᠢ ᠰᠦᠬᠡ ᠬᠤᠯᠠᠭᠠᠢ ᠬᠢᠭᠡᠳ ᠢᠷ᠎ᠡ ᠭᠡᠵᠦ ᠬᠡᠯᠡᠬᠦ ᠳ᠋ᠦ᠍ ᠳᠠᠬᠢᠭᠠᠳ ᠯᠠ ᠰᠡᠭᠦᠯᠡᠨ ᠬᠦᠦ ᠶᠠᠪᠤᠵᠤ ᠭᠡᠨ᠎ᠡ᠂ ᠰᠡᠭᠦᠯᠡᠨ ᠬᠦᠦ ᠬᠠᠭᠠᠨ ᠤ᠋ ᠭᠠᠳᠠᠭ᠎ᠠ ᠣᠴᠢᠭᠠᠳ ᠲᠦᠯᠡᠭᠡᠨ ᠳᠡᠭᠡᠷ᠎ᠡ ᠨᠢ ᠢᠷᠡᠭᠡᠳ ᠲᠣᠮᠣ ᠪᠠᠯᠲᠠ ᠶ᠋ᠢ ᠨᠢ ᠠᠪᠬᠤ ᠤᠤ? ᠵᠢᠵᠢᠭ ᠪᠠᠯᠲᠠ ᠶ᠋ᠢ ᠨᠢ ᠠᠪᠬᠤ ᠤᠤ? ᠭᠡᠳ ᠬᠠᠰᠬᠢᠷᠬᠤ ᠳ᠋ᠤ᠌ ᠬᠠᠭᠠᠨ ᠤ᠋ ᠬᠢᠨ᠂ ᠦᠭᠡᠢ ᠰᠦᠬᠡ ᠬᠤᠯᠠᠭᠠᠢ ᠳ᠋ᠤ᠌ ᠠᠪᠤᠯ᠎ᠠ ᠭᠡᠳ ᠫᠤᠤ ᠱᠣᠣ ᠲᠠᠯᠪᠢᠵᠤ ᠨᠣᠬᠠᠢ ᠬᠤᠴᠠᠵᠤ ᠪᠠᠢᠭᠠᠳ ᠴᠢᠮᠡᠭᠡ ᠨᠠᠮᠳᠠᠬᠤ ᠪᠠᠷ ᠨᠢ ᠲᠣᠮᠣ ᠪᠠᠯᠲᠠ ᠶ᠋ᠢ ᠨᠢ ᠠᠪᠤᠭᠠᠳ ᠢᠩᠭᠢᠭᠡᠳ ᠭᠤᠷᠪᠠᠭᠤᠯᠠ ᠪᠠᠨ ᠱᠠᠷ ᠢ᠋ᠶ᠋ᠠᠨ ᠠᠯᠠᠭᠠᠳ ᠬᠤᠪᠢᠶᠠᠬᠤ ᠪᠣᠯᠵᠠᠢ᠂ ᠰᠡᠭᠦᠯᠡᠨ ᠬᠦᠦ ᠴᠢ ᠶᠠᠭᠤ ᠶ᠋ᠢ ᠨᠢ ᠠᠪᠬᠤ ᠪᠣᠢ ᠭᠡᠵᠦ ᠥᠨᠥ ᠬᠣᠶᠠᠷ ᠬᠤᠯᠠᠭᠠᠢᠴᠢ ᠠᠰᠠᠭᠤᠬᠤ ᠳ᠋ᠤ᠌ ᠥ᠂ ᠪᠢ ᠰᠡᠭᠦᠯ ᠭᠦᠵᠡᠭᠡ ᠬᠣᠶᠠᠷ ᠢ᠋ ᠨᠢ ᠠᠪᠤᠶ᠎ᠠ ᠭᠡᠵᠦ ᠰᠡᠭᠦᠯᠡᠨ ᠬᠦᠦ ᠬᠡᠯᠡᠭᠡᠳ ᠰᠡᠭᠦᠯ ᠭᠦᠵᠡᠭᠡ ᠬᠣᠶᠠᠷ ᠢ᠋ᠶ᠋ᠠᠨ ᠠᠪᠤᠭᠠᠳ ᠶᠠᠪᠤᠵᠤ ᠭᠡᠨ᠎ᠡ᠃ ᠲᠡᠭᠡᠭᠡᠳ ᠰᠡᠭᠦᠯᠡᠨ ᠬᠦᠦ ᠬᠣᠶᠠᠷ ᠬᠤᠯᠠᠭᠠᠢᠴᠢ ᠶ᠋ᠢᠨ ᠶᠠᠪᠤᠬᠤ ᠶ᠋ᠢ ᠶᠠᠭ ᠵᠠᠮ ᠢ᠋ ᠨᠢ ᠲᠣᠰᠴᠤ ᠣᠴᠢᠭᠠᠳ ᠭᠦᠵᠡᠭᠡ ᠪᠡᠨ ᠦᠯᠢᠶᠡᠵᠦ ᠰᠡᠭᠦᠯ ᠦ᠋ᠨ ᠶ᠋ᠢᠡᠨ ᠬᠢᠯᠭᠠᠰᠤ ᠪᠠᠷ ᠠᠮᠠ ᠶ᠋ᠢ ᠨᠢ ᠪᠣᠭᠣᠭᠠᠳ ᠵᠠ ᠴᠢ ᠬᠡᠨ ᠲᠡᠢ ᠠᠪᠤᠭᠰᠠᠨ ᠪᠣᠢ? ᠬᠡᠯᠡ᠂ ᠬᠡᠯᠡᠬᠦ ᠦᠭᠡᠢ ᠦᠦ? ᠴᠢ᠂ ᠠ ᠲᠡᠢᠮᠦ ᠪᠣᠢ᠂ ᠵᠠᠳᠠᠷᠠᠭᠰᠠᠨ ᠵᠣᠯᠢᠭ ᠤᠤ ᠭᠡᠵᠦ ᠬᠤᠳᠠᠯ ᠢ᠋ᠶ᠋ᠠᠷ ᠵᠠᠩᠨᠠᠨ ᠬᠠᠷᠢᠶᠠᠵᠤ᠂ ᠰᠡᠭᠦᠯ ᠢ᠋ᠶ᠋ᠡᠷ ᠢ᠋ᠶ᠋ᠡᠷ ᠦᠯᠢᠶᠡᠭᠰᠡᠨ ᠭᠦᠵᠡᠭᠡ ᠶ᠋ᠢ ᠫᠠᠳ ᠬᠢᠲᠡᠯ᠎ᠡ ᠫᠢᠳ ᠬᠢᠲᠡᠯ᠎ᠡ ᠤᠷᠢᠶᠠᠯᠠᠭᠠᠨ ᠨᠦᠳᠦᠵᠦ ᠪᠠᠢᠵᠠᠢ᠂ ᠡᠭᠦᠨ ᠢ᠋ ᠬᠣᠶᠠᠷ ᠬᠤᠯᠠᠭᠠᠢᠴᠢ ᠬᠣᠯᠠ ᠠ᠋ᠴᠠ ᠰᠣᠨᠣᠰᠤᠭᠠᠳ ᠰᠡᠭᠦᠯᠡᠨ ᠬᠦᠦ ᠪᠠᠷᠢᠭᠳᠠᠴᠢᠬᠠᠵᠠᠢ ᠭᠡᠵᠦ ᠪᠣᠳᠣᠵᠤ ᠠᠶᠤᠭᠠᠳ ᠬᠠᠮᠤᠭ ᠮᠢᠬ᠎ᠠ ᠪᠠᠨ ᠬᠠ ᠭᠤᠶ᠎ᠠ ᠪᠠᠷ ᠨᠢ ᠡᠢᠰᠢ ᠲᠡᠢᠰᠢ ᠰᠢᠳᠡᠵᠦ ᠣᠷᠬᠢᠭᠠᠳ ᠶᠠᠪᠤᠭᠠᠳ ᠥᠭᠴᠡᠢ᠃ ᠰᠡᠭᠦᠯᠡᠨ ᠬᠦᠦ ᠱᠠᠷ ᠤ᠋ᠨ ᠪᠦᠬᠦ ᠮᠢᠬ᠎ᠠ ᠶ᠋ᠢ ᠬᠡᠪ ᠢ᠋ᠶ᠋ᠡᠷ ᠨᠢ ᠠᠪᠤᠭᠠᠳ ᠬᠠᠷᠢᠵᠠᠢ ᠭᠡᠨ᠎ᠡ᠂ ᠲᠡᠭᠡᠭᠡᠳ ᠨᠢᠭᠡ ᠡᠳᠦᠷ ᠬᠠᠭᠠᠨ ᠰᠡᠭᠦᠯᠡᠨ ᠬᠦᠦ ᠶ᠋ᠢ ᠵᠣᠷᠢᠭᠤᠳᠠ ᠦᠵᠡᠬᠦ ᠪᠡᠷ ᠢᠷᠡᠬᠦ ᠳ᠋ᠦ᠍ ᠰᠡᠭᠦᠯᠡᠨ ᠬᠦᠦ ᠬᠠᠭᠠᠨ ᠤ᠋ ᠮᠣᠷᠢ ᠶ᠋ᠢ ᠤᠶᠠᠵᠤ ᠥᠭᠬᠦ ᠳ᠋ᠦ᠍ ᠪᠡᠨ ᠮᠣᠷᠢᠨ ᠤ᠋ ᠬᠢᠨᠢ ᠬᠠᠮᠠᠷ ᠢ᠋ ᠨᠢ ᠠᠪᠤᠭᠠᠳ᠂ ᠡᠭᠦᠳᠡ ᠰᠡᠬᠦᠭᠡᠳ ᠣᠷᠣᠭᠤᠯᠬᠤ ᠳ᠋ᠤ᠌ ᠪᠠᠨ ᠮᠠᠯᠠᠭᠠᠢ ᠶ᠋ᠢᠨ ᠬᠢᠨᠢ ᠤᠲᠤᠭ᠎ᠠ ᠵᠢᠩᠰᠡ ᠶ᠋ᠢ ᠨᠢ ᠠᠪᠴᠢᠬᠠᠵᠠᠢ᠂ ᠭᠤᠲᠤᠰᠤ ᠳᠡᠪᠢᠰᠴᠦ ᠥᠭᠬᠦ ᠳ᠋ᠦ᠍ ᠪᠡᠨ ᠭᠤᠲᠤᠯ ᠤ᠋ᠨ ᠬᠢᠨᠢ ᠤᠯᠠ ᠶ᠋ᠢ ᠨᠢ ᠠᠪᠴᠢᠬᠠᠵᠠᠢ᠂ ᠬᠠᠭᠠᠨ ᠨᠡᠯᠢᠶᠡᠳ ᠰᠠᠭᠤᠵᠤ ᠴᠠᠢ ᠤᠤᠭᠤᠵᠤ ᠪᠠᠢᠭᠠᠳ ᠶᠠᠪᠤᠬᠤ ᠪᠣᠯᠤᠭᠰᠠᠨ ᠳ᠋ᠤ᠌ ᠰᠡᠭᠦᠯᠡᠨ ᠬᠦᠦ ᠬᠠᠭᠠᠨᠲᠠᠨ ᠭᠤᠸᠠᠢ ᠬᠠᠭᠠᠨ ᠬᠥᠮᠦᠨ ᠪᠠᠢᠲᠠᠯ᠎ᠠ ᠪᠠᠨ ᠤᠯᠠ ᠦᠭᠡᠢ ᠭᠤᠲᠤᠯ᠂ ᠤᠲᠤᠭ᠎ᠠ ᠦᠭᠡᠢ ᠮᠠᠯᠠᠭᠠᠢ᠂ ᠬᠠᠮᠠᠷ ᠦᠭᠡᠢ ᠮᠣᠷᠢ ᠶᠠᠭᠤᠨ ᠳ᠋ᠤ᠌ ᠡᠳ᠋ᠯᠡᠵᠦ ᠤᠨᠤᠵᠤ ᠶᠠᠪᠤᠳᠠᠭ ᠶᠤᠮ ᠳᠠ ᠭᠡᠵᠦ ᠠᠰᠠᠭᠤᠵᠠᠢ᠃ ᠭᠡᠲᠡᠯ᠎ᠡ ᠬᠠᠭᠠᠨ ᠭᠤᠲᠤᠯ ᠮᠣᠷᠢ ᠪᠠᠨ ᠦᠵᠡᠭᠡᠳ ᠰᠡᠭᠦᠯᠡᠨ ᠬᠦᠦ ᠳ᠋ᠦ᠍ ᠴᠢᠳᠠᠭᠳᠠᠭᠰᠠᠨ ᠳ᠋ᠤ᠌ ᠪᠠᠨ ᠰᠢᠷᠠᠯᠬᠠᠵᠤ᠂ ᠠ ᠰᠡᠭᠦᠯᠡᠨ ᠬᠦᠦ ᠴᠢ ᠲᠡᠢᠮᠦ ᠰᠦᠷᠡᠬᠡᠢ ᠴᠢᠳᠠᠮᠠᠭᠠᠢ ᠶᠤᠮ ᠪᠣᠯ ᠮᠢᠨᠦ ᠬᠠᠲᠤᠨ ᠤ᠋ ᠡᠷᠳᠡᠨᠢ ᠶ᠋ᠢᠨ ᠠᠯᠲᠠᠨ ᠪᠥᠭᠡᠵᠢ ᠶ᠋ᠢ ᠥᠨᠥ ᠣᠷᠣᠢ ᠠᠪᠤᠭᠠᠳ ᠣᠷᠭᠢ᠂ ᠰᠡᠭᠦᠯᠡᠨ ᠬᠦᠦ ᠴᠦ᠍ ᠵᠠ ᠭᠡᠵᠦ ᠵᠥᠪᠰᠢᠶᠡᠷᠡᠴᠡᠢ᠃
ᠬᠠᠭᠠᠨ ᠭᠡᠷ ᠤᠷᠤᠭᠤ ᠪᠠᠨ ᠶᠠᠪᠤᠭᠠᠳ ᠥᠭᠴᠡᠢ ᠭᠡᠨ᠎ᠡ᠂ ᠰᠡᠭᠦᠯᠡᠨ ᠬᠦᠦ ᠦᠳᠡᠰᠢ ᠶ᠋ᠢᠨ ᠪᠦᠷᠦᠩᠬᠡᠢ ᠪᠣᠯᠬᠤ ᠳ᠋ᠤ᠌ ᠬᠠᠭᠠᠨ ᠤ᠋ ᠳ᠋ᠤ᠌ ᠣᠴᠢᠵᠤ ᠭᠡᠷ ᠳᠡᠭᠡᠷ᠎ᠡ ᠨᠢ ᠭᠠᠷᠤᠭᠠᠳ ᠲᠣᠭᠣᠨᠣ ᠶ᠋ᠢᠨ ᠴᠠᠮᠬᠠᠭ ᠲᠤ᠌ ᠨᠢᠭᠤᠭᠳᠠᠭᠠᠳ ᠬᠠᠷᠠᠵᠠᠢ ᠭᠡᠨ᠎ᠡ᠂ ᠬᠠᠲᠤᠨ ᠣᠷᠣᠨ ᠳᠡᠭᠡᠷ᠎ᠡ ᠪᠡᠨ ᠤᠨᠲᠠᠬᠤ ᠳ᠋ᠤ᠌ ᠪᠠᠨ ᠡᠷᠳᠡᠨᠢ ᠶ᠋ᠢᠨ ᠠᠯᠲᠠᠨ ᠪᠥᠭᠡᠵᠢ ᠪᠡᠨ ᠠᠮᠠᠨ ᠳ᠋ᠤ᠌ ᠪᠠᠨ ᠬᠢᠵᠡᠢ᠂ ᠣᠷᠣ ᠶ᠋ᠢᠨ ᠤᠷᠳᠤᠭᠤᠷ ᠬᠠᠭᠠᠨ ᠥᠪᠡᠷ ᠢ᠋ᠶ᠋ᠡᠷ ᠬᠡᠪᠲᠡᠪᠡ᠂ ᠬᠣᠢᠮᠣᠷ ᠲᠤ᠌ ᠨᠢ ᠬᠣᠶᠠᠷ ᠯᠠᠮᠠ᠂ ᠪᠠᠷᠠᠭᠤᠨ ᠲᠠᠯ᠎ᠠ ᠳ᠋ᠤ᠌ ᠬᠣᠶᠠᠷ ᠡᠷᠡᠭᠲᠡᠢ ᠵᠠᠷᠤᠴᠠ᠂ ᠵᠡᠭᠦᠨ ᠲᠠᠯ᠎ᠠ ᠳ᠋ᠤ᠌ ᠬᠠᠭᠠᠨ ᠤ᠋ ᠬᠥᠯ ᠳ᠋ᠦ᠍ ᠠᠶᠠᠭᠠᠴᠢᠨ ᠰᠢᠪᠡᠭᠴᠢᠨ ᠬᠣᠶᠠᠷ ᠬᠡᠦᠬᠡᠨ᠂ ᠬᠣᠶᠠᠷ ᠬᠠᠲᠠᠪᠴᠢᠨ ᠳ᠋ᠤ᠌ ᠨᠢ ᠵᠢᠰ ᠭᠠᠤᠯᠢ ᠬᠣᠰᠢᠭᠤ ᠲᠠᠢ ᠬᠣᠶᠠᠷ ᠰᠢᠮᠨᠤ᠂ ᠭᠡᠷ ᠦ᠋ᠨ ᠭᠠᠳᠠᠨ᠎ᠠ ᠠᠰᠠᠷ ᠪᠠᠰᠠᠷ ᠬᠣᠶᠠᠷ ᠨᠣᠬᠠᠢ᠂ ᠳᠠᠷᠠᠭ᠎ᠠ ᠨᠢ ᠬᠠᠵᠠᠳᠠᠭ ᠬᠠᠢᠷᠳᠠᠭ ᠪᠤᠤᠷ᠎ᠠ ᠪᠠᠨ ᠤᠶᠠᠵᠤ ᠲᠤᠰ ᠲᠤ᠌ ᠨᠢ ᠰᠡᠷᠡᠩᠭᠡ ᠪᠠᠢᠬᠤ ᠶ᠋ᠢ ᠵᠠᠬᠢᠵᠠᠢ᠃ ᠡᠭᠦᠨ ᠢ᠋ ᠮᠡᠳᠡᠭᠰᠡᠨ ᠰᠡᠭᠦᠯᠡᠨ ᠬᠦᠦ ᠬᠠᠲᠤᠨ ᠤ᠋ ᠡᠷᠳᠡᠨᠢ ᠶ᠋ᠢᠨ ᠠᠯᠲᠠᠨ ᠪᠥᠭᠡᠵᠢ ᠶ᠋ᠢ ᠠᠪᠬᠤ ᠪᠠᠷ ᠰᠢᠢᠳᠴᠦ᠂ ᠰᠥᠨᠢ ᠳᠤᠮᠳᠠ ᠪᠣᠯᠬᠤ ᠶ᠋ᠢᠨ ᠬᠢᠷᠢ ᠬᠣᠲᠠᠨ ᠳ᠋ᠤ᠌ ᠨᠢ ᠣᠷᠣᠵᠤ᠂ ᠨᠢᠭᠡ ᠬᠡᠭᠡᠯ ᠲᠡᠢ ᠪᠦᠳᠦᠭᠦᠨ ᠡᠮ᠎ᠡ ᠬᠣᠨᠢ ᠠᠯᠠᠭᠠᠳ ᠬᠣᠷᠮᠣᠢ ᠱᠣᠷᠪᠤᠭᠤ ᠣᠯᠤᠭᠠᠳ ᠬᠠᠭᠠᠨ ᠤ᠋ ᠡᠭᠦᠳᠡᠨ ᠳ᠋ᠦ᠍ ᠣᠴᠢᠵᠠᠢ᠃ ᠲᠡᠭᠡᠭᠡᠳ ᠬᠠᠵᠠᠳᠠᠭ ᠬᠠᠢᠷᠳᠠᠭ ᠬᠣᠶᠠᠷ ᠪᠤᠤᠷ᠎ᠠ ᠳ᠋ᠤ᠌ ᠨᠢ ᠬᠣᠶᠠᠷ ᠬᠣᠷᠮᠣᠢ ᠱᠣᠷᠪᠣᠭᠤ ᠪᠠᠨ ᠬᠤᠪᠢᠶᠠᠵᠤ ᠥᠭᠪᠡ᠃ ᠠᠰᠠᠷ ᠪᠠᠰᠠᠷ ᠨᠣᠬᠠᠢ ᠳ᠋ᠤ᠌ ᠨᠢ ᠬᠣᠨᠢᠨ ᠤ᠋ ᠪᠥᠭᠰᠡ ᠴᠡᠭᠡᠵᠢ ᠶ᠋ᠢ ᠥᠭᠭᠦᠭᠡᠳ ᠵᠢᠰ ᠭᠠᠤᠯᠢ ᠬᠣᠰᠢᠭᠤ ᠲᠠᠢ ᠰᠢᠮᠨᠤᠰ ᠲᠤ᠌ ᠨᠢ ᠡᠯᠢᠭᠡ ᠠᠭᠤᠰᠬᠢ ᠶ᠋ᠢ ᠨᠢ ᠨᠢᠭᠡ ᠨᠢᠭᠡ ᠪᠡᠷ ᠨᠢ ᠥᠭᠭᠦᠭᠡᠳ ᠭᠡᠷ ᠲᠦ᠍ ᠨᠢ ᠣᠷᠣᠭᠠᠳ ᠬᠣᠶᠠᠷ ᠵᠠᠷᠤᠴᠠ ᠬᠠᠷ᠎ᠠ ᠬᠥᠮᠦᠨ ᠦ᠌ ᠬᠤᠴᠢᠯᠭ᠎ᠠ ᠶ᠋ᠢ ᠰᠡᠬᠦᠵᠦ ᠬᠣᠳᠣᠭᠣᠳᠣ ᠴᠢᠴᠠᠭ᠎ᠠ ᠶ᠋ᠢ ᠨᠢ ᠠᠰᠬᠠᠵᠤ᠂ ᠠᠶᠠᠭᠠᠴᠢᠨ ᠰᠢᠪᠡᠭᠴᠢᠨ ᠬᠡᠦᠬᠡᠨ ᠦ᠌ ᠬᠤᠴᠢᠯᠭ᠎ᠠ ᠶ᠋ᠢ ᠪᠠᠰᠠ ᠰᠡᠬᠦᠵᠦ ᠳᠤᠲᠠᠭᠤ ᠤᠯᠠᠭᠠᠨ ᠨᠢᠴᠦᠭᠦᠨ ᠬᠤᠷᠠᠭ᠎ᠠ ᠶ᠋ᠢ ᠬᠢᠵᠦ᠂ ᠬᠣᠶᠠᠷ ᠯᠠᠮᠠ ᠶ᠋ᠢᠨ ᠲᠣᠯᠣᠭᠠᠢ ᠳ᠋ᠤ᠌ ᠰᠡᠮᠡᠵᠡ ᠶ᠋ᠢ ᠰᠡᠮᠬᠡᠨ ᠣᠷᠢᠶᠠᠵᠤ᠂ ᠬᠠᠭᠠᠨ ᠤ᠋ ᠡᠪᠦᠷ ᠲᠦ᠍ ᠬᠣᠶᠠᠷ ᠪᠥᠭᠡᠷ᠎ᠡ ᠶ᠋ᠢ ᠨᠢ ᠬᠢᠭᠡᠳ ᠬᠠᠲᠤᠨ ᠤ᠋ ᠠᠮᠠ ᠳ᠋ᠤ᠌ ᠰᠥᠰᠥ ᠶ᠋ᠢ ᠨᠢ ᠬᠢᠴᠢᠬᠡᠵᠡᠢ᠃ ᠬᠠᠲᠤᠨ᠄ ᠠ ᠬᠠᠭ ᠲᠦᠢ ᠭᠡᠳ ᠯᠡ ᠨᠢᠯᠪᠤᠵᠤ ᠣᠷᠬᠢᠲᠠᠯ᠎ᠠ ᠠᠯᠲᠠᠨ ᠪᠥᠭᠡᠵᠢ ᠨᠢ ᠭᠠᠷᠤᠭᠠᠳ ᠢᠷᠡᠵᠡᠢ᠃ ᠰᠡᠭᠦᠯᠡᠨ ᠬᠦᠦ ᠪᠥᠭᠡᠵᠢ ᠶ᠋ᠢ ᠠᠪᠤᠭᠠᠳ ᠭᠦᠶᠦᠵᠦ ᠭᠠᠷᠤᠭᠰᠠᠨ ᠢ᠋ᠶ᠋ᠠᠨ ᠭᠡᠷ ᠳᠡᠭᠡᠷ᠎ᠡ ᠨᠢ ᠭᠠᠷᠤᠭᠠᠳ ᠲᠣᠭᠣᠨᠣ ᠶ᠋ᠢᠨ ᠴᠠᠮᠬᠠᠭ ᠲᠤ᠌ ᠣᠬᠢᠭᠠᠳ ᠨᠢᠭᠤᠭᠳᠠᠭᠠᠳ ᠬᠠᠷᠠᠵᠠᠢ ᠭᠡᠨ᠎ᠡ᠂ ᠬᠠᠲᠤᠨ ᠤᠴᠢᠷ ᠦᠭᠡᠢ ᠶᠡᠬᠡ ᠨᠢᠯᠪᠤᠨ ᠬᠠᠬᠠᠵᠤ ᠴᠠᠴᠠᠵᠤ ᠪᠠᠢᠬᠤ ᠮᠥᠷᠲᠡᠭᠡᠨ ᠬᠠᠭᠠᠨ ᠭᠤᠸᠠᠢ᠂ ᠬᠠᠭᠠᠨ ᠭᠤᠸᠠᠢ᠂ ᠪᠣᠰᠤᠭᠠᠷᠠᠢ᠂ ᠠᠯᠲᠠᠨ ᠪᠥᠭᠡᠵᠢ ᠶ᠋ᠢ ᠰᠡᠭᠦᠯᠡᠨ ᠬᠦᠦ ᠠᠪᠤᠭᠠᠳ ᠶᠠᠪᠤᠯ᠎ᠠ᠃ ᠬᠠᠭᠠᠨ ᠨᠣᠢᠷ ᠲᠤ᠌ ᠪᠠᠨ ᠤᠨᠲᠠᠵᠤ ᠪᠠᠢᠭᠰᠠᠨ ᠢ᠋ᠶ᠋ᠠᠨ ᠡᠪ ᠦᠭᠡᠢ ᠬᠦᠢᠲᠡᠨ ᠶᠠᠭᠤᠮ᠎ᠠ ᠬᠣᠶᠠᠷ ᠲᠠᠯ᠎ᠠ ᠤᠷᠤᠭᠤ ᠨᠢ ᠤᠨᠠᠬᠤ ᠳ᠋ᠤ᠌ ᠶᠣᠣ ᠶᠣᠣ ᠶᠣᠣ᠂ ᠬᠣᠶᠠᠷ ᠪᠥᠭᠡᠷ᠎ᠡ ᠤᠨᠠᠴᠢᠬᠠᠯ᠎ᠠ ᠭᠡᠵᠦ ᠶᠠᠩᠭᠤᠷᠬᠠᠭᠠᠳ ᠪᠣᠰᠤᠭᠰᠠᠨ ᠦᠭᠡᠢ᠃
ᠬᠣᠶᠠᠷ ᠯᠠᠮᠠ ᠭᠤᠸᠠᠢ᠂ ᠪᠣᠰᠤᠭᠠᠷᠠᠢ ᠭᠡᠵᠦ ᠬᠠᠲᠤᠨ ᠳᠠᠭᠤᠳᠠᠪᠠ᠃
ᠪᠠᠢᠵᠠᠭᠠᠷᠠᠢ᠂ ᠪᠠᠢᠵᠠᠭᠠᠷᠠᠢ᠂ ᠪᠠᠩᠵᠢᠯ ᠴᠠᠮᠴᠠ ᠲᠣᠯᠣᠭᠠᠢ ᠳ᠋ᠤ᠌ ᠣᠷᠢᠶᠠᠯᠳᠤᠴᠢᠬᠠᠭᠠᠳ ᠤᠷᠠᠭᠳᠠᠭᠠᠳ ᠪᠠᠢᠨ᠎ᠠ᠃
ᠵᠠᠷᠤᠴᠠ ᠬᠣᠶᠠᠷ ᠬᠦᠦ ᠮᠢᠨᠢ ᠪᠣᠰᠤᠭᠠᠷᠠᠢ
ᠬᠦᠢ ᠂ ᠴᠢ ᠦᠦ? ᠪᠢ ᠦᠦ? ᠴᠢ ᠯᠡ ᠴᠢᠴᠠᠭ᠎ᠠ ᠠᠯᠳᠠᠴᠢᠬᠠᠵᠠᠢ᠂ ᠦᠭᠡᠢ ᠪᠢ ᠪᠢᠰᠢ ᠠ᠋᠂ ᠦᠭᠡᠢ ᠴᠢ ᠠᠯᠳᠠᠴᠢᠬᠠᠵᠠᠢ ᠭᠡᠵᠦ ᠬᠡᠷᠡᠯᠳᠦᠭᠡᠳ ᠪᠣᠰᠤᠭᠰᠠᠨ ᠦᠭᠡᠢ᠃
ᠠᠶᠠᠭᠠᠴᠢᠨ ᠰᠢᠪᠡᠭᠴᠢᠨ ᠬᠣᠶᠠᠷ ᠬᠡᠦᠬᠡᠨ ᠠ᠋᠂ ᠪᠣᠰᠤᠭᠠᠷᠠᠢ᠂ ᠪᠣᠰᠤᠭᠠᠷᠠᠢ᠂ ᠠᠯᠲᠠᠨ ᠪᠥᠭᠡᠵᠢ ᠁ ᠶᠠᠭᠠᠬᠢᠳᠠᠭ ᠪᠢᠯᠡ? ᠭᠡᠬᠦ ᠳ᠋ᠦ᠍ ᠴᠢᠨᠦ ᠬᠦᠦ ᠦᠦ ᠮᠢᠨᠦ ᠬᠦᠦ ᠦᠦ ᠭᠡᠵᠦ ᠪᠤᠯᠢᠶᠠᠯᠴᠠᠯᠳᠤᠭᠠᠳ ᠪᠣᠰᠤᠭᠰᠠᠨ ᠦᠭᠡᠢ᠃
ᠵᠢᠰ ᠭᠠᠤᠯᠢ ᠬᠣᠰᠢᠭᠤ ᠲᠠᠢ ᠬᠣᠶᠠᠷ ᠰᠢᠮᠨᠤ ᠶᠠᠪᠤᠭᠠᠷᠠᠢ᠂ ᠠᠯᠲᠠᠨ ᠪᠥᠭᠡᠵᠢ ᠶ᠋ᠢ ᠮᠢᠨᠢ ᠠᠪᠤᠭᠠᠳ ᠢᠷ᠎ᠡ!
ᠴᠢ ᠠᠭᠤᠰᠬᠢ ᠢᠳᠡᠭᠰᠡᠨ
ᠠᠢ ᠪᠢ ᠵᠢᠷᠦᠬᠡ ᠢᠳᠡᠭᠰᠡᠨ᠂ ᠴᠢ ᠶᠠᠪᠤ
ᠦᠭᠡᠢ᠂ ᠴᠢ ᠶᠠᠪᠤ
ᠴᠢ ᠶᠠᠪᠤ
ᠦᠭᠡᠢ᠂ ᠴᠢ ᠶᠠᠪᠤ ᠭᠡᠵᠦ ᠬᠡᠷᠡᠭᠦᠯᠳᠡᠭᠡᠳ ᠬᠥᠲᠥᠯᠦᠭᠰᠡᠨ ᠦᠭᠡᠢ᠃
ᠬᠠᠲᠤᠨ ᠪᠦᠷ ᠲᠡᠪᠡᠳᠡᠨ ᠰᠠᠨᠳᠤᠷᠴᠤ᠂ ᠠᠯᠲᠠᠨ ᠪᠥᠭᠡᠵᠢ᠂ ᠠᠰᠠᠷ ᠪᠠᠰᠠᠷ ᠬᠣᠶᠠᠷ ᠨᠣᠬᠠᠢ ᠳᠠᠭᠤ ᠳᠠᠭᠤ
ᠦᠭᠡᠢ᠂ ᠪᠢ ᠴᠡᠭᠡᠵᠢ ᠢᠳᠡᠭᠰᠡᠨ᠂ ᠴᠢ ᠪᠥᠭᠰᠡ ᠢᠳᠡᠭᠰᠡᠨ ᠢ᠋ᠶ᠋ᠡᠷ ᠢ᠋ᠶ᠋ᠡᠷ ᠶᠠᠪᠤ
ᠦᠭᠡᠢ᠂ ᠴᠡᠭᠡᠵᠢ ᠶᠡᠬᠡ ᠮᠢᠬ᠎ᠠ ᠲᠠᠢ᠂ ᠴᠢ ᠶᠠᠪᠤ
ᠰᠡᠭᠦᠯ ᠲᠡᠢ ᠤᠭᠤᠴᠠ ᠢᠳᠡᠭᠰᠡᠨ ᠢ᠋ᠶ᠋ᠡᠷ ᠢ᠋ᠶ᠋ᠡᠷ ᠴᠢ ᠶᠠᠪᠤᠬᠤ ᠦᠭᠡᠢ ᠦᠦ ᠭᠡᠵᠦ ᠬᠡᠷᠡᠯᠳᠦᠵᠦ ᠨᠣᠴᠣᠯᠳᠤᠭᠠᠳ ᠪᠠᠰᠠ ᠯᠠ ᠶᠠᠪᠤᠭᠰᠠᠨ ᠦᠭᠡᠢ᠃
ᠬᠠᠵᠠᠳᠠᠭ ᠬᠠᠢᠷᠳᠠᠭ ᠪᠤᠤᠷ᠎ᠠ ᠮᠢᠨᠢ᠂ ᠶᠠᠪᠤᠭᠠᠷᠠᠢ ᠰᠡᠭᠦᠯᠡᠨ ᠬᠦᠦ ᠪᠥᠭᠡᠵᠢ ᠶ᠋ᠢ ᠮᠢᠨᠢ ᠠᠪᠤᠭᠠᠳ ᠶᠠᠪᠤᠴᠢᠬᠠᠯ᠎ᠠ ᠭᠡᠬᠦ ᠳ᠋ᠦ᠍ ᠨᠢ ᠴᠢ ᠶᠡᠬᠡ ᠬᠣᠷᠮᠣᠢ ᠱᠣᠷᠪᠣᠭᠣ ᠢᠳᠡᠭᠰᠡᠨ ᠢ᠋ᠶ᠋ᠡᠷ ᠢ᠋ᠶ᠋ᠡᠷ ᠶᠠᠪᠤ᠂ ᠪᠢ ᠪᠠᠭ᠎ᠠ ᠬᠣᠷᠮᠣᠢ ᠢᠳᠡᠭᠰᠡᠨ᠂ ᠸᠠ ᠴᠢ ᠶᠠᠪᠤ
ᠦᠭᠡᠢ᠂ ᠴᠢ ᠶᠠᠪᠤ
ᠪᠢ ᠶᠠᠪᠤᠬᠤ ᠦᠭᠡᠢ ᠭᠡᠵᠦ ᠵᠥᠷᠢᠯᠳᠦᠭᠡᠳ ᠠᠯᠢ ᠠᠯᠢ ᠨᠢ ᠶᠠᠪᠤᠭᠰᠠᠨ ᠦᠭᠡᠢ᠃
ᠬᠠᠲᠤᠨ ᠬᠡᠢ ᠳᠡᠮᠡᠢ ᠪᠤᠬᠢᠨᠢᠳᠤᠨ ᠬᠣᠴᠣᠷᠬᠤ ᠳ᠋ᠤ᠌ ᠡᠷᠳᠡᠨᠢ ᠶ᠋ᠢᠨ ᠠᠯᠲᠠᠨ ᠪᠥᠭᠡᠵᠢ ᠶ᠋ᠢ ᠠᠪᠤᠭᠰᠠᠨ ᠰᠡᠭᠦᠯᠡᠨ ᠬᠦᠦ ᠪᠠᠶᠠᠷ ᠲᠠᠢ ᠪᠠᠷ ᠭᠡᠷ ᠲᠡᠭᠡᠨ ᠬᠠᠷᠢᠵᠤ ᠡᠷᠳᠡᠨᠢ ᠶ᠋ᠢᠨ ᠬᠦᠴᠦᠲᠦ ᠷᠢᠳᠢ ᠰᠢᠳᠢᠲᠦ ᠪᠥᠭᠡᠵᠢ ᠪᠡᠨ ᠡᠮᠡᠭᠡᠨ ᠡᠵᠢ ᠳ᠋ᠦ᠍ ᠪᠡᠨ ᠥᠭᠭᠦᠭᠡᠳ ᠠᠮᠠᠷ ᠰᠠᠢᠬᠠᠨ ᠳ᠋ᠤ᠌ ᠪᠠᠨ ᠵᠢᠷᠭᠠᠵᠠᠢ᠃

   ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
   ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
   ᠬᠢᠨᠠᠭᠴᠢ᠄ ᠮᠥᠴᠢᠷ