ᠣᠷᠳᠣᠰ ᠤ᠋ᠨ ᠢᠵᠠᠭᠤᠷ ᠬᠤᠷᠢᠮ ᠤ᠋ᠨ ᠬᠤᠷ ᠰᠠᠭᠠᠳᠠᠭ ᠤ᠋ᠨ ᠣᠩᠭᠣᠨ ᠠᠵᠢᠷᠭᠠᠨ ᠤ᠋ ᠢᠷᠦᠭᠡᠯОрдсын язгуур хурмын хор саадган онгон азарганы ерөөл
ᠣᠷᠳᠣᠰ ᠤ᠋ᠨ ᠢᠵᠠᠭᠤᠷ ᠬᠤᠷᠢᠮ ᠤ᠋ᠨ ᠬᠤᠷ ᠰᠠᠭᠠᠳᠠᠭ ᠤ᠋ᠨ ᠣᠩᠭᠣᠨ ᠠᠵᠢᠷᠭᠠᠨ ᠤ᠋ ᠢᠷᠦᠭᠡᠯ
ᠬᠣᠨᠵᠢᠨ ᠢᠷᠦᠭᠡᠯᠴᠢ᠄ ᠬᠡᠷᠡᠢᠳ ᠪᠠ᠂ ᠬᠡᠢᠷᠦᠪ
ᠤᠸᠮ ᠠ ᠬᠣᠩ ᠤᠸᠮ ᠠ ᠬᠣᠩ ᠤᠸᠮ ᠰᠠᠢᠨ ᠠᠮᠤᠭᠤᠯᠠᠩ ᠲᠠᠨ ᠪᠣᠯᠲᠤᠭᠠᠢ!
ᠰᠠᠩᠮᠠᠢ ᠳᠤᠮᠳᠠ ᠪᠠᠨ ᠰᠠᠷ᠎ᠠ ᠲᠠᠢ
ᠰᠠᠷᠠᠨ ᠳᠡᠭᠡᠷ᠎ᠡ ᠪᠡᠨ ᠨᠠᠷᠠ ᠲᠠᠢ
ᠯᠣᠪᠣᠨ ᠭᠠᠷᠪᠤ ᠶ᠋ᠢᠨ ᠲᠠᠮᠠᠭ᠎ᠠ ᠲᠠᠢ
ᠯᠤᠤᠰ ᠤ᠋ᠨ ᠬᠠᠭᠠᠨ ᠤ᠋ ᠰᠡᠲᠡᠷ ᠲᠡᠢ
ᠵᠠᠭᠠᠨ ᠮᠡᠲᠦ ᠶᠡᠬᠡ ᠲᠣᠯᠣᠭᠠᠢ ᠲᠠᠢ
ᠵᠢᠭᠠᠰᠤᠨ ᠮᠡᠲᠦ ᠡᠷᠢᠶᠡᠨ ᠲᠠᠩᠨᠠᠢ ᠲᠠᠢ
ᠴᠢᠨᠣ᠎ᠠ ᠶ᠋ᠢᠨ ᠬᠣᠶᠠᠷ ᠴᠢᠬᠢ ᠲᠡᠢ
ᠴᠣᠯᠮᠣᠨ ᠬᠣᠶᠠᠷ ᠨᠢᠳᠦ ᠲᠡᠢ
ᠴᠣᠮᠪᠣᠨ ᠳᠥᠷᠪᠡᠨ ᠲᠤᠭᠤᠷᠠᠢ ᠲᠠᠢ
ᠲᠠᠰᠠᠮ᠎ᠠ ᠶ᠋ᠢᠨ ᠳᠡᠯ ᠲᠡᠢ
ᠰᠣᠯᠣᠩᠭ᠎ᠠ ᠶ᠋ᠢᠨ ᠰᠡᠭᠦᠯ ᠲᠡᠢ
ᠦᠶ᠎ᠡ ᠪᠦᠷᠢ ᠳ᠋ᠡᠭᠡᠨ ᠦᠰᠦ ᠲᠡᠢ
ᠦᠰᠦ ᠪᠦᠷᠢ ᠳ᠋ᠡᠭᠡᠨ ᠠᠯᠲᠠ ᠲᠠᠢ
ᠡᠷᠳᠡᠨᠢ ᠶ᠋ᠢᠨ ᠰᠢᠨᠵᠢ ᠪᠦᠷᠢᠳᠦᠭᠰᠡᠨ
ᠡᠷᠳᠡᠨᠢᠲᠦ ᠬᠦᠯᠦᠭ ᠮᠣᠷᠢ ᠶ᠋ᠢ ᠴᠢᠨᠢ
ᠡᠯᠳᠡᠪ ᠦ᠋ᠨ ᠠᠮᠲᠠᠲᠤ ᠢᠳᠡᠭᠡᠨ ᠤᠮᠳᠠᠭᠠᠨ
ᠰᠦᠨ ᠰᠠᠷᠬᠤᠳ ᠢ᠋ᠶ᠋ᠠᠷ ᠢᠷᠦᠭᠡᠵᠦ ᠮᠢᠯᠢᠶᠠᠮᠤᠢ!
ᠥᠷᠭᠡᠵᠢᠨ ᠪᠠᠶᠠᠵᠢᠬᠤ ᠥᠷᠭᠡᠨ ᠲᠥᠷᠥᠯ ᠦ᠋ᠨ
ᠲᠥᠪ ᠳᠤᠮᠳᠠ ᠡᠩᠬᠡ ᠶᠠᠪᠤᠵᠤ
ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
2008 ᠣᠨ ᠤ᠋7 ᠰᠠᠷ᠎ᠠ ᠶ᠋ᠢᠨ19 ᠦ᠌ ᠡᠳᠦᠷ
※ ᠲᠠᠢᠯᠪᠤᠷᠢ᠄
ᠭᠠᠷᠴᠠᠭ ᠲᠤ᠌᠂ ᠢᠵᠠᠭᠤᠷ ᠤ᠋ᠨ ᠰᠠᠭᠠᠳᠠᠭ ᠲᠤ᠌ ᠰᠢᠨ᠎ᠡ ᠬᠦᠷᠭᠡᠨ ᠬᠦᠦ ᠨᠤᠮᠤ ᠰᠠᠭᠠᠳᠠᠭ ᠢ᠋ᠶ᠋ᠠᠨ ᠪᠦᠰᠡᠯᠡᠵᠦ ᠣᠩᠭᠣᠨ ᠠᠵᠢᠷᠭ᠎ᠠ ᠤᠨᠤᠵᠤ ᠰᠥᠨᠢ ᠪᠡᠷ ᠶᠠᠪᠤᠵᠤ ᠰᠢᠨ᠎ᠡ ᠪᠡᠷᠢ ᠪᠡᠨ ᠪᠠᠭᠤᠯᠭᠠᠬᠤ ᠪᠠᠷ ᠶᠠᠪᠤᠳᠠᠭ ᠵᠠᠩ ᠢ᠋ ᠤᠯᠠᠮᠵᠢᠯᠠᠨ ᠦᠯᠡᠳᠡᠭᠡᠬᠦ ᠶ᠋ᠢᠨ ᠡᠭᠦᠳᠡᠨᠡᠴᠡ ᠨᠡᠮᠡᠯᠲᠡ ᠣᠷᠣᠭᠤᠯᠪᠠ᠃ *ᠭᠣᠣᠯ ᠳ᠋ᠤ᠌ ᠨᠢ ᠰᠢᠩᠭᠡᠭᠡᠯᠲᠡ ᠶ᠋ᠢᠨ ᠠᠯᠳᠠᠭᠳᠠᠯ ᠠ᠋ᠴᠠ ᠨᠢᠭᠡ ᠮᠥᠷ ᠦᠭᠡ ᠶ᠋ᠢ ᠨᠡᠮᠡᠵᠦ ᠣᠷᠣᠭᠤᠯᠪᠠ᠃
ᠦᠰᠦᠭ ᠠᠮᠢᠯᠠᠭᠤᠯᠤᠭᠴᠢ᠄ ᠬᠡᠷᠡᠢᠳ ᠨᠠᠷᠠᠰᠤ
ᠦᠰᠦᠭ ᠬᠠᠳᠠᠭᠴᠢ᠄ ᠬᠡᠷᠡᠢᠳ ᠨᠠᠷᠠᠰᠤ
ᠦᠰᠦᠭ ᠬᠢᠨᠠᠭᠴᠢ᠄ ᠣᠳᠬᠠᠨᠰᠣ᠎ᠡ᠂ ᠲᠣᠳᠣᠭᠡᠷᠡᠯ
