ᠰᠡᠭᠦᠯᠴᠢ ᠶᠢᠨ ᠡᠳᠦᠷ – ᠷ ᠂ ᠴᠣᠢᠨᠣᠮ Сүүлчийн өдөр – Р ᠂ Чойном ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠭᠦᠯᠴᠢ ᠶᠢᠨ ᠡᠳᠦᠷ – ᠷ ᠂ ᠴᠣᠢᠨᠣᠮ Сүүлчийн өдөр – Р ᠂ Чойном

ᠰᠡᠭᠦᠯᠴᠢ ᠶᠢᠨ ᠡᠳᠦᠷ – ᠷ ᠂ ᠴᠣᠢᠨᠣᠮ Сүүлчийн өдөр – Р ᠂ Чойном

2023-07-06

460

ᠰᠡᠭᠦᠯᠴᠢ ᠶᠢᠨ ᠡᠳᠦᠷ


      ᠠᠷᠠᠢ ᠭᠡᠵᠦ ᠦᠦᠷ ᠦ᠋ᠨ ᠭᠣᠵᠣᠩ ᠭᠡᠭᠡ ᠲᠤᠰᠬᠤ ᠳ᠋ᠤ᠌ ᠲᠣᠭᠣᠨᠣᠨ ᠳᠡᠭᠡᠷ᠎ᠡ ᠪᠣᠯᠵᠣᠮᠣᠷ ᠵᠢᠷᠭᠢᠪᠡ᠃
      ᠭᠡᠷ ᠦ᠋ᠨ ᠳᠣᠲᠣᠷ᠎ᠠ ᠨᠠᠮ ᠭᠦᠮ ᠂ ᠥᠨᠥᠴᠢᠨ ᠭᠠᠭᠴᠠ ᠬᠥᠮᠦᠨ ᠦ᠌ ᠴᠡᠴᠡᠭᠡᠨᠡᠭᠰᠡᠨ ᠠᠮᠢᠰᠬᠤᠯ ᠰᠤᠯᠠᠬᠠᠨ ᠰᠣᠨᠣᠰᠳᠠᠬᠤ ᠪᠥᠭᠡᠳ ᠦᠶ᠎ᠡ ᠦᠶ᠎ᠡ  ᠳᠣᠣᠷᠠᠬᠠᠨ ᠳᠤᠤᠭᠠᠷᠴᠤ ᠰᠡᠭᠦᠷᠡᠰᠦ ᠠᠯᠳᠠᠬᠤ ᠨᠢ ᠪᠡᠶ᠎ᠡ ᠰᠡᠳᠬᠢᠯ ᠬᠣᠶᠠᠷ ᠵᠣᠪᠠᠭᠤᠷᠢ ᠶᠡᠬᠡᠲᠡᠢ ᠶ᠋ᠢᠨ ᠭᠡᠷᠡᠴᠢ ᠠᠵᠢ᠃ 
      ᠥᠩᠭᠡᠷᠡᠭᠰᠡᠨ ᠰᠥᠨᠢ ᠪᠠᠷᠤᠭ ᠤᠨᠲᠠᠭ᠎ᠠ ᠦᠭᠡᠢ᠃ ᠲᠠᠷᠢᠬᠢ ᠲᠣᠯᠣᠭᠠᠢ ᠨᠢ ᠬᠠᠯᠠᠭᠤ ᠣᠷᠬᠢᠨ ᠳᠦᠢᠷᠡᠬᠦ ᠪᠥᠭᠡᠳ ᠴᠡᠭᠡᠵᠢᠨ ᠳᠣᠲᠣᠷ᠎ᠠ ᠨᠢ ᠰᠢᠳᠡᠵᠦ ᠪᠠᠢᠬᠤ ᠮᠡᠲᠦ ᠲᠤᠯᠠ ᠠᠮᠠ ᠨᠢ ᠠᠭᠰᠠᠵᠤ ᠂ ᠵᠡᠰ ᠦ᠋ᠨ ᠪᠠᠯ ᠮᠡᠲᠦ ᠵᠦᠢᠯ ᠠᠮᠲᠠᠯᠠᠭᠳᠠᠨ᠎ᠠ᠃ 
      ᠨᠣᠢᠷ ᠲᠤ᠌ ᠮᠠᠭᠤ ᠪᠣᠯᠤᠭᠰᠠᠭᠠᠷ ᠵᠢᠯ ᠢᠯᠡᠭᠦᠦ ᠪᠣᠯᠵᠤ ᠪᠠᠢᠭ᠎ᠠ ᠪᠣᠯᠪᠠᠴᠤ᠂ ᠰᠠᠶᠢᠬᠠᠨ ᠤ᠋ ᠬᠡᠳᠦ ᠬᠣᠨᠣᠭ ᠠ᠋ᠴᠠ ᠪᠦᠷ ᠤᠨᠲᠠᠵᠤ ᠠᠮᠠᠷᠠᠵᠤ ᠴᠢᠳᠠᠬᠤ ᠪᠠᠨ ᠪᠣᠯᠢᠭ᠍ᠰᠠᠨ ᠡᠨᠡ ᠬᠥᠮᠦᠨ ᠂ ᠥᠪᠡᠷ ᠦ᠋ᠨ ᠨᠠᠮᠲᠠᠷ ᠶᠠᠪᠤᠳᠠᠯ ᠢ᠋ ᠬᠠᠶᠠ ᠡᠷᠭᠢᠨ ᠨᠡᠬᠡᠨ ᠪᠣᠳᠣᠬᠤ ᠪᠣᠯᠪᠠᠴᠤ ᠲᠡᠷᠡ ᠪᠦᠷᠢ ᠶ᠋ᠢ ᠨᠠᠷᠢᠨ ᠳᠡᠰ ᠳᠠᠷᠠᠭᠠᠯᠠᠨ ᠰᠠᠨᠠᠵᠤ ᠡᠰᠡ ᠴᠢᠳᠠᠨ᠎ᠠ᠃ 
      ᠬᠥᠳᠡᠭᠡ ᠨᠤᠲᠤᠭ ᠤ᠋ᠨ ᠪᠦᠷᠦᠭ ᠳᠠᠷᠤᠤᠬᠠᠨ ᠪᠠᠭ᠎ᠠ ᠨᠠᠰᠤ᠂ ᠶᠣᠰᠣ ᠰᠤᠷᠪᠤᠯᠵᠢ᠂ ᠤᠳᠤᠮ ᠤᠭᠰᠠᠭ᠎ᠠ ᠪᠦᠬᠦᠢ ᠡᠴᠢᠭᠡ ᠶ᠋ᠢᠨ ᠭᠠᠯ ᠭᠣᠯᠣᠮᠲᠠ ᠂ ᠨᠣᠮ ᠡᠷᠳᠡᠮ ᠦ᠋ᠨ ᠮᠥᠷ ᠬᠥᠭᠡᠭᠡᠭᠰᠡᠨ ᠡᠬᠢᠨ ᠦ᠌ ᠵᠢᠯ ᠦ᠋ᠳ᠂  ᠵᠢᠪᠬᠤᠯᠠᠩᠲᠤ ᠵᠠᠯᠠᠭᠤ ᠨᠠᠰᠤ᠂ ᠬᠢᠯᠪᠠᠷᠬᠠᠨ ᠮᠠᠨᠳᠤᠬᠤ ᠠᠯᠳᠠᠷ ᠨᠡᠷ᠎ᠡ ᠬᠢᠭᠡᠳ ᠠᠩᠬᠠᠨ ᠤ᠋ ᠢᠨᠠᠭ ᠰᠡᠳᠬᠢᠯ ᠁ ᠡᠢᠨ ᠬᠦ᠌ ᠂ ᠢᠨᠠᠭ ᠰᠡᠳᠬᠢᠯ ᠦ᠋ᠨ ᠲᠡᠷᠡ ᠲᠠᠩᠰᠤᠭᠬᠠᠨ ᠦᠶ᠎ᠡ ᠶ᠋ᠢ ᠰᠠᠨᠠᠬᠤ ᠠ᠋ᠴᠠ ᠰᠡᠳᠬᠢᠯ  ᠳᠣᠲᠤᠷ᠎ᠠ ᠨᠢ ᠶᠠᠮᠠᠷᠬᠠᠨ ᠨᠢᠭᠡᠨ ᠵᠦᠢᠯ ᠲᠠᠰᠤᠷᠠᠨ ᠤᠨᠠᠬᠤ ᠰᠢᠭ᠋ ᠪᠣᠯᠵᠤ ᠰᠠᠮ ᠰᠠᠨᠠᠭ᠎ᠠ ᠠᠯᠳᠠᠨ᠎ᠠ᠃ 
      ᠰᠠᠨᠠᠭ᠎ᠠ ᠠᠯᠳᠠᠬᠤ ᠳ᠋ᠤ᠌ ᠠᠶᠤᠤᠯᠢᠬᠠᠢ ᠴᠡᠭᠡᠵᠢ ᠬᠥᠨᠳᠡᠭᠳᠡᠨ᠎ᠡ ᠃ 
      – ᠪᠢ ᠭᠡᠳᠡᠭ ᠬᠥᠮᠦᠨ ᠳᠦ᠋ᠭᠦᠷᠴᠢᠬᠡᠭᠰᠡᠨ ᠠᠷᠢᠬᠢᠴᠢᠨ ᠪᠣᠯᠵᠠᠢ ! ᠭᠡᠵᠦ ᠦᠯᠦ ᠮᠡᠳᠡᠭ ᠰᠢᠪᠡᠨᠡᠨ ᠬᠡᠯᠡᠭᠰᠡᠨ ᠨᠢ ᠲᠡᠭᠷᠢ ᠲᠤᠯᠲᠠᠯ᠎ᠠ ᠬᠠᠰᠬᠢᠷᠤᠨ ᠬᠡᠯᠡᠭᠰᠡᠨ ᠮᠡᠲᠦ ᠂ ᠠᠶᠤᠮᠰᠢᠭ᠍ᠲᠤ ᠴᠤᠤᠷᠢᠶ᠎ᠠ ᠨᠢ ᠤᠭᠤᠷᠠᠭ ᠲᠠᠷᠢᠬᠢᠨ ᠤ᠋ ᠭᠦᠨ ᠤᠷᠤᠭᠤ ᠳᠠᠭᠤᠷᠢᠰᠤᠨ ᠵᠠᠮᠬᠠᠷᠠᠪᠠ᠃ 
      ᠠᠩᠬᠠᠨ ᠤ᠋ ᠢᠨᠠᠭ ᠲᠡᠷᠡ ᠬᠦ᠌ ᠲᠣᠭᠣᠷᠢᠭ ᠴᠠᠭᠠᠨ ᠴᠢᠷᠠᠢ ᠲᠠᠢ ᠂ ᠨᠠᠷᠢᠬᠠᠨ ᠪᠡᠯᠭᠡᠭᠦᠰᠦᠲᠦ ᠲᠣᠶᠢᠬᠠᠨ ᠪᠦᠰᠡᠭᠦᠢ ᠨᠢ ᠪᠠᠰᠠ ᠯᠠ ᠡᠨᠡ ᠬᠣᠲᠠ ᠳ᠋ᠤ᠌ ᠠᠷᠢᠬᠢ ᠤᠤᠭᠤᠵᠤ ᠰᠡᠳᠬᠢᠯ ᠰᠢᠷᠬ᠎ᠠ ᠲᠠᠢ ᠶᠠᠪᠤᠳᠠᠭ ᠢ᠋ ᠰᠠᠨᠠᠨ ᠵᠢᠷᠦᠬᠡᠨ ᠳᠣᠲᠣᠷ᠎ᠠ ᠪᠠᠨ ᠭᠠᠰᠠᠯᠤᠨ᠎ᠠ ᠃ 《 ᠬᠥᠭᠡᠷᠦᠬᠦᠢ !ᠪᠢ ᠲᠡᠭᠦᠨ ᠢ᠋ ᠥᠪᠡᠷ ᠤᠷᠤᠭᠤ ᠪᠠᠨ ᠣᠢᠷᠠᠲᠤᠭᠤᠯᠤᠭ᠎ᠠ ᠦᠭᠡᠢ ᠰᠠᠨ ᠪᠣᠯ ᠳᠡᠭᠡᠷ᠎ᠡ ᠪᠠᠢᠵᠠᠢ  ᠳᠠ᠁ 》
     ᠲᠡᠷᠡ ᠬᠥᠮᠦᠨ ᠶᠡᠬᠡ ᠰᠢᠷᠠᠲᠤᠵᠠᠢ ᠃ ᠨᠣᠢᠷ ᠦᠭᠡᠢ ᠬᠣᠨᠣᠭᠰᠠᠨ ᠣᠢ ᠤᠬᠠᠭᠠᠨ ᠨᠢ ᠤᠨᠲᠠᠭ᠎ᠠ ᠰᠡᠷᠢᠭᠦᠨ ᠬᠣᠶᠠᠷ ᠤ᠋ᠨ ᠵᠠᠪᠰᠠᠷ ᠲᠤ᠌ ᠪᠥᠭᠡᠳ ᠬᠤᠷᠤᠭᠤ ᠪᠠᠨ ᠬᠥᠳᠡᠯᠭᠡᠬᠦ ᠳ᠋ᠦ᠍ ᠪᠡᠷᠬᠡ ᠪᠣᠳᠣᠭᠳᠠᠨ ᠂ ᠬᠡᠭᠦᠷ ᠮᠡᠲᠦ ᠭᠤᠯᠳᠤᠢᠨ ᠬᠡᠪᠲᠡᠨ᠎ᠡ᠃ 
     ᠰᠢᠷᠠᠲᠤᠯ ᠳ᠋ᠤ᠌ ᠬᠡᠮᠵᠢᠶ᠎ᠡ ᠭᠡᠵᠦ ᠪᠠᠢᠳᠠᠭ ᠪᠣᠯ ᠲᠡᠷᠡ ᠬᠡᠮᠵᠢᠶ᠎ᠡ ᠬᠡᠲᠦᠷᠡᠭᠰᠡᠭᠡᠷ ᠳᠠᠷᠤᠢ ᠭᠤᠷᠪᠠᠨ ᠵᠢᠯ ᠲᠠᠪᠤᠨ ᠰᠠᠷ᠎ᠠ ᠠᠷᠪᠠᠨ ᠶᠢᠰᠦᠨ ᠬᠣᠨᠣᠭ ᠪᠣᠯᠪᠠ ᠃ 
     ᠡᠨᠡ ᠵᠠᠪᠰᠠᠷ ᠶᠢᠷᠲᠢᠨᠴᠦ ᠶ᠋ᠢᠨ ᠦᠢᠯᠡ ᠶᠠᠪᠤᠳᠠᠯ ᠢ᠋ ᠵᠡᠭᠦᠳᠦ ᠮᠡᠲᠦ ᠥᠩᠭᠡᠷᠡᠭᠡᠵᠦ᠂  ᠰᠠᠨᠠᠬᠤ ᠪᠠ  ᠢᠴᠢᠬᠦ᠂  ᠰᠠᠨᠳᠤᠷᠬᠤ ᠪᠠ ᠡᠷᠡᠮᠡᠯᠵᠡᠬᠦ᠂ ᠠᠵᠤ ᠲᠥᠷᠥᠬᠦ ᠶ᠋ᠢᠨ ᠡᠭᠡᠯ ᠶᠣᠰᠣᠨ ᠠ᠋ᠴᠠ ᠭᠠᠳᠠᠨ᠎ᠠ ᠭᠠᠷᠴᠤ᠂ ᠭᠠᠨᠢᠬᠠᠷᠠᠵᠤ  ᠭᠠᠢᠬᠠᠰᠢᠷᠠᠵᠤ ᠢᠷᠡᠵᠡᠢ᠃ 
     ᠣᠳᠣ ᠭᠡᠷ ᠦ᠋ᠨ ᠳᠣᠲᠣᠷ᠎ᠠ ᠥᠪᠡᠷ ᠡᠴᠡ ᠨᠢ ᠥᠭᠡᠷ᠎ᠡ ᠬᠥᠮᠦᠨ ᠦᠭᠡᠢ ᠂ ᠡᠷᠭᠢᠨ ᠲᠣᠭᠣᠷᠢᠨ  ᠡᠯᠦᠢ ᠬᠤᠯᠤᠢ᠃ ᠠᠷᠠᠢ ᠭᠡᠵᠦ ᠦᠦᠷ ᠭᠡᠢᠭᠡᠳ᠂ ᠪᠣᠷᠣ ᠪᠣᠯᠵᠣᠮᠣᠷ ᠲᠣᠭᠣᠨᠣᠨ ᠳᠡᠭᠡᠷ᠎ᠡ ᠵᠢᠷᠭᠢᠬᠦ ᠨᠢ ᠠᠲᠠᠭᠠᠷᠬᠠᠮ᠎ᠠ ᠬᠠᠷᠠᠭᠳᠠᠪᠠ ᠃ 
      – ᠪᠢ ᠴᠦ᠍ ᠮᠥᠨ  ᠳᠦᠭᠦᠷᠦᠭᠰᠡᠨ ᠠᠷᠢᠬᠢᠴᠢᠨ ᠪᠣᠯᠵᠠᠢ ᠳᠠ! ᠭᠡᠵᠦ ᠤᠷᠤᠭᠤᠯ ᠢ᠋ᠶ᠋ᠠᠨ ᠠᠶᠠᠷᠬᠠᠨ ᠬᠥᠳᠡᠯᠭᠡᠵᠦ ᠦᠯᠦ ᠮᠡᠳᠡᠭ ᠰᠢᠪᠡᠨᠡᠬᠦ ᠳ᠋ᠦ᠍ ᠥᠪᠡᠷ ᠲᠦ᠋ᠨᠢ ᠲᠡᠷᠡ ᠦᠭᠡᠰ ᠢ᠋ ᠲᠩᠷᠢ ᠲᠤᠯᠲᠠᠯ᠎ᠠ ᠬᠠᠰᠬᠢᠷᠤᠨ ᠬᠡᠯᠡᠭᠰᠡᠨ ᠮᠡᠲᠦ ᠰᠠᠨᠠᠭᠳᠠᠵᠤ ᠂  ᠤᠭᠤᠷᠠᠭ ᠲᠠᠷᠢᠬᠢᠨ ᠳ᠋ᠤᠨᠢ ᠤᠳᠠᠲᠠᠯ᠎ᠠ ᠳᠠᠭᠤᠷᠢᠰᠪᠠ ᠃ ᠵᠢᠷᠦᠬᠡ ᠨᠢ ᠲᠦᠭᠰᠢᠭᠦᠷᠢᠯᠡᠨ ᠴᠣᠬᠢᠯᠠᠬᠤ ᠨᠢ ᠲᠣᠳᠣ ᠳᠤᠭᠤᠯᠲᠠᠯ᠎ᠠ᠃ 
      ᠬᠠᠮᠤᠭ ᠠᠮᠢᠲᠠᠨ ᠪᠤᠶᠠᠨᠲᠤ ᠬᠤᠸᠠ ᠶ᠋ᠢᠨ ᠰᠠᠷᠠᠭᠤᠯ ᠰᠠᠢᠬᠠᠨ ᠳᠡᠨᠵᠢ ᠳᠡᠭᠡᠷ᠎ᠡ ᠨᠠᠭᠠᠳᠤᠮ ᠬᠢᠭᠡᠳ ᠨᠠᠷᠭᠢᠨ ᠴᠡᠩᠭᠡᠵᠦ ᠪᠠᠢᠬᠤ ᠳ᠋ᠤ᠌ ᠨᠠᠮ ᠭᠦᠮ ᠡᠵᠡᠭᠦᠢ ᠬᠣᠲᠠ ᠳ᠋ᠤ᠌ ᠭᠠᠪ  ᠭᠠᠭᠴᠠᠬᠠᠨ ᠠᠪᠤᠷᠭᠤ ᠲᠣᠮᠣ ᠵᠢᠷᠦᠬᠡ ᠦᠯᠡᠳᠡᠭᠡᠳ ᠴᠣᠬᠢᠯᠠᠵᠤ ᠪᠠᠢᠭ᠎ᠠ ᠮᠡᠲᠦ ᠬᠠᠴᠢᠨ ᠲᠣᠳᠣ᠃  ᠵᠢᠷᠦᠬᠡᠨ ᠦ᠌ ᠴᠣᠬᠢᠯᠲᠠ ᠮᠡᠲᠦ ᠮᠣᠷᠢᠨ ᠤ᠋ ᠬᠥᠯ ᠦ᠋ᠨ ᠴᠢᠮᠡᠭᠡ ᠨᠣᠢᠲᠠᠨ ᠭᠠᠵᠠᠷ ᠳᠡᠭᠡᠭᠦᠷ ᠲᠦᠪᠡᠷ ᠲᠦᠪᠡᠷ ᠲᠦᠪᠡᠷᠭᠡᠨ ᠢᠷᠡᠵᠦ ᠬᠠᠰᠢᠶᠠᠨ ᠤ᠋ ᠡᠭᠦᠳᠡ ᠣᠷᠴᠢᠮ ᠳ᠋ᠤ᠌ ᠵᠣᠭᠰᠣᠪᠠ ᠪᠣᠯᠤᠯᠲᠠᠢ᠃  
     ᠤᠳᠠᠯ ᠦᠭᠡᠢ ᠬᠥᠩᠭᠡᠬᠡᠨ ᠬᠥᠯ ᠲᠡᠢ ᠬᠥᠮᠦᠨ ᠭᠡᠷ ᠦ᠋ᠨ ᠡᠭᠦᠳᠡ ᠤᠷᠤᠭᠤ ᠠᠢᠰᠤᠨ ᠂ ᠬᠠᠭᠠᠯᠭ᠎ᠠ ᠶ᠋ᠢ ᠵᠥᠭᠡᠯᠡᠨ ᠲᠠᠲᠠᠵᠤ ᠦᠵᠡᠭᠡᠳ :  
     – ᠨᠠᠴᠤᠭᠳᠣᠷᠵᠢ ᠭᠤᠸᠠᠢ !ᠭᠡᠵᠦ ᠨᠠᠷᠢᠬᠠᠨ ᠴᠣᠪᠣᠭᠣ ᠬᠣᠭᠣᠯᠠᠢ ᠪᠠᠷ ᠳᠤᠤᠭᠠᠷᠬᠤ ᠳ᠋ᠤᠨᠢ《  ᠪᠣᠶᠠᠨᠵᠢᠷᠭᠠᠯ 》 ᠭᠡᠰᠡᠨ ᠨᠡᠷ᠎ᠡ ᠰᠡᠳᠬᠢᠯ ᠦ᠋ᠨ  ᠪᠦᠷᠦᠩᠬᠦᠢ ᠳᠣᠲᠣᠷ᠎ᠠ ᠪᠢᠴᠢᠬᠠᠨ ᠵᠤᠯᠠ ᠮᠡᠲᠦ ᠰᠦᠮᠡᠯᠵᠡᠨ ᠂ ᠲᠡᠷᠡ ᠬᠦ᠌ ᠶᠡᠬᠡ ᠰᠢᠷᠠᠲᠤᠭᠰᠠᠨ ᠬᠥᠮᠦᠨ ᠠᠷᠭ᠎ᠠ ᠪᠤᠶᠤ ᠣᠷᠣ ᠠ᠋ᠴᠠ ᠴᠡᠴᠡᠷᠡᠨ ᠰᠠᠯᠭᠠᠨᠠᠨ ᠪᠣᠰᠴᠤ ᠡᠭᠦᠳᠡᠨ ᠦ᠌ ᠲᠦᠭᠵᠢᠶ᠎ᠡ ᠶ᠋ᠢ  ᠲᠠᠢᠯᠤᠭᠠᠳ ᠶᠠᠭᠠᠷᠠᠨ ᠰᠢᠨᠠᠭ᠎ᠠ ᠠᠪᠴᠤ  ᠤᠰᠤ  ᠣᠳᠬᠣᠨ ᠵᠠᠯᠭᠢᠯᠠᠪᠠ᠃  
     – ᠰᠠᠢᠨ ᠤᠤ ᠭᠡᠭᠰᠡᠭᠡᠷ ᠪᠣᠱᠣᠭ᠎ᠠ ᠠᠯᠬᠤᠨ ᠣᠷᠣᠵᠤ ᠢᠷᠡᠵᠦ ᠪᠠᠢᠭ᠎ᠠ ᠵᠢᠵᠢᠭᠬᠡᠨ ᠪᠡᠶᠡᠲᠦ ᠪᠣᠷᠣ ᠪᠦᠰᠡᠭᠦᠢ :  
     – ᠫᠧᠢ᠂ ᠬᠠᠷ᠎ᠠ ᠤᠰᠤ ᠲᠦᠭᠦᠬᠡᠢ ᠵᠠᠯᠭᠢᠯᠠᠭᠠᠳ ᠲᠠ ᠶᠠᠭᠠᠬᠢᠵᠤ ᠪᠠᠢᠭ᠎ᠠ ᠬᠥᠮᠦᠨ ᠪᠣᠢ ?ᠠᠯᠢ ᠪᠣᠢ ᠂  ᠰᠦ ᠲᠣᠰᠤᠭᠠᠭᠠᠴᠢ ! ᠪᠢ ᠵᠢᠭᠠᠬᠠᠨ ᠰᠦ ᠠᠪᠴᠤ ᠢᠷᠡᠯ᠎ᠡ ᠭᠡᠳ ᠰᠢᠨᠠᠭ᠎ᠠ ᠲᠠᠢ ᠤᠰᠤ ᠤᠷᠤᠭᠤ ᠨᠢ ᠰᠦ ᠳᠤᠰᠤᠭᠠᠪᠠ᠃ 
      ᠮᠥᠨ ᠡᠨᠡᠴᠢᠯᠡᠨ ᠨᠠᠴᠤᠭᠳᠣᠷᠵᠢ ᠶ᠋ᠢᠨ ᠰᠡᠳᠬᠢᠯ ᠳ᠋ᠦ᠍ ᠪᠢᠴᠢᠬᠠᠨ ᠴᠠᠭᠠᠨ ᠲᠣᠯᠪᠣ ᠡᠭᠦᠰᠦᠨ ᠵᠤᠨ ᠤ᠋ ᠰᠥᠨᠢ ᠶ᠋ᠢᠨ ᠦᠦᠷ ᠭᠡᠢᠬᠦ ᠮᠡᠲᠦ ᠲᠤᠶᠠᠭᠠᠷᠠᠵᠤ ᠡᠬᠢᠯᠡᠪᠡ᠃  
      ᠲᠡᠷᠡ ᠵᠤᠨ ᠤ᠋ ᠢᠳᠡ ᠳᠣᠯᠣᠭᠠᠨ ᠰᠠᠷ᠎ᠠ ᠶ᠋ᠢᠨ ᠠᠷᠪᠠᠨ ᠬᠣᠶᠠᠷ ᠤ᠋ᠨ ᠡᠳᠦᠷ ᠡᠢᠨ ᠬᠦ᠌ ᠡᠬᠢᠯᠡᠪᠡ᠃ 
      ᠡᠨᠡ ᠭᠡᠷ ᠦ᠋ᠨ ᠡᠵᠡᠳ ᠮᠣᠷᠢᠨ ᠲᠡᠷᠭᠡᠨ ᠳ᠋ᠦ᠍ 《 ᠮᠠᠢᠬᠠᠨ᠂ ᠲᠣᠭᠣᠭ᠎ᠠ ᠂ ᠰᠢᠨᠠᠭ᠎ᠠ 》 ᠠᠴᠢᠭᠠᠳ ᠪᠤᠶᠠᠨᠲᠤ ᠬᠤᠸᠠ ᠳ᠋ᠤ᠌ ᠨᠠᠭᠠᠳᠤᠮᠯᠠᠬᠤ ᠭᠡᠵᠦ ᠣᠳᠤᠭᠰᠠᠨ ᠪᠥᠭᠡᠳ ᠨᠠᠴᠤᠭᠳᠣᠷᠵᠢ ᠶ᠋ᠢ ᠭᠡᠷ  ᠰᠠᠬᠢᠵᠤ᠂  ᠰᠡᠷᠢᠭᠦᠨ ᠪᠥᠭᠡᠳ ᠰᠡᠯᠡᠭᠦᠨ ᠂ ᠶᠠᠭᠤᠮ᠎ᠠ ᠪᠢᠴᠢᠪᠡᠯ ᠪᠢᠴᠢᠭᠡᠳ ᠠᠷᠢᠬᠢ ᠤᠤᠭᠤᠪᠠᠯ ᠤᠤᠭᠤᠭᠠᠳ ᠂ ᠬᠣᠭᠣᠯᠠ ᠤᠮᠳᠠ ᠬᠢᠵᠦ ᠢᠳᠡᠭᠡᠳ ᠠᠮᠠᠷᠠᠵᠤ ᠪᠠᠢ ᠭᠡᠵᠦ ᠦᠯᠡᠳᠡᠭᠡᠭᠰᠡᠨ ᠪᠢᠯᠡ ᠃ ᠨᠠᠴᠤᠭᠳᠣᠷᠵᠢ ᠴᠤ᠌ ᠬᠡᠳᠦᠨ ᠨᠣᠮ ᠣᠯᠤᠭᠰᠠᠨ ᠢ᠋ᠶ᠋ᠠᠨ ᠤᠩᠰᠢᠵᠤ ᠬᠡᠳᠦ ᠬᠣᠨᠣᠭ ᠴᠢᠮᠡᠭᠡ ᠦᠭᠡᠢ ᠠᠮᠤᠷ ᠵᠢᠮᠤᠷ ᠬᠡᠪᠲᠡᠶ᠎ᠡ ᠭᠡᠰᠡᠨ ᠪᠢᠯᠡ᠃ 
     – ᠨᠠᠭᠠᠳᠤᠮ ᠰᠠᠢᠬᠠᠨ ᠤᠤ ? ᠭᠡᠵᠦ ᠶᠠᠭᠠᠬᠢᠵᠤ ᠳᠠᠭᠤ ᠦᠭᠡᠢ ᠪᠠᠢᠬᠤ ᠪᠣᠢ ᠭᠡᠰᠡᠨ ᠰᠢᠭ ᠬᠠᠴᠢᠨ ᠲᠣᠪᠴᠢᠯᠠᠭᠰᠠᠨ ᠦᠭᠡ ᠠᠰᠠᠭᠤᠭᠰᠠᠨ ᠪᠣᠯᠤᠭᠠᠳ ᠨᠠᠴᠤᠭᠳᠣᠷᠵᠢ ᠬᠡᠢ ᠣᠭᠭᠢᠭᠣᠯᠪᠠ ᠃ ᠪᠦᠰᠡᠭᠦᠢ ᠰᠠᠨᠳᠤᠷᠴᠤ᠂ ᠲᠦᠮᠫᠡᠨ ᠪᠠᠷᠢᠵᠤ ᠭᠦᠶᠦᠬᠦ ᠵᠠᠭᠤᠷ᠎ᠠ᠄
     – ᠲᠠ  ᠬᠡᠪᠲᠡ᠂ ᠬᠡᠪᠲᠡ ! ᠳᠣᠲᠣᠷ᠎ᠠ ᠴᠢᠨᠢ ᠮᠠᠭᠤᠬᠠᠢ ᠪᠠᠢᠭ᠎ᠠ ᠶᠤᠮ ᠪᠠᠢᠨ᠎ᠠ ᠃ ᠳᠠᠩᠴᠤ ᠴᠢᠷᠠᠢ ᠴᠢᠨᠢ ᠬᠠᠴᠢᠨ ᠪᠠᠢᠭᠰᠠᠨ ᠶᠤᠮ ᠭᠡᠭᠰᠡᠭᠡᠷ ᠨᠠᠴᠤᠭᠳᠣᠷᠵᠢ ᠶ᠋ᠢ ᠣᠷᠣ ᠳᠡᠭᠡᠷ᠎ᠡ ᠨᠢ ᠬᠡᠪᠲᠡᠭᠦᠯᠦᠭᠡᠳ ᠲᠦᠮᠫᠡᠨ ᠲᠠᠯᠪᠢᠵᠤ᠂ ᠬᠥᠨᠵᠢᠯᠡ ᠶ᠋ᠢ ᠨᠢ ᠵᠠᠰᠠᠵᠤ ᠥᠭᠭᠦᠭᠡᠳ ᠄ 
     – ᠪᠢ ᠣᠳᠣᠬᠠᠨ ᠬᠢᠷᠠᠮ᠎ᠠ ᠪᠤᠴᠠᠯᠭᠠᠭᠠᠳ  ᠪᠠᠨᠲᠠᠩ ᠬᠢᠵᠦ ᠥᠭᠬᠦᠶ᠎ᠡ ᠃ ᠠᠷᠢᠬᠢ ᠪᠣᠢ ᠤᠤ? ᠲᠠ ᠪᠤᠷᠵᠠᠩ ᠢ᠋ᠶ᠋ᠠᠨ ᠲᠠᠢᠯᠴᠢᠬ᠎ᠠ ᠭᠡᠪᠡ ᠃  
    ᠨᠠᠴᠤᠭᠳᠣᠷᠵᠢ ᠣᠯᠠᠨ ᠦᠭᠡ ᠬᠡᠯᠡᠬᠦ ᠴᠦ᠍ ᠲᠡᠩᠬᠡᠭᠡ ᠦᠭᠡᠢ ᠲᠤᠯᠠ : 
     – ᠣᠷᠣᠨ ᠤ᠋ ᠴᠡᠭᠡᠵᠢᠨ ᠦ᠌ ᠳᠣᠣᠭᠤᠷ ᠁ᠭᠡᠵᠦ ᠬᠡᠯᠡᠭᠡᠳ ᠳᠡᠭᠡᠭᠰᠢ ᠬᠠᠷᠠᠨ ᠬᠡᠪᠲᠡᠵᠦ᠂ ᠨᠢᠳᠦ ᠪᠡᠨ ᠠᠨᠢᠨ ᠠᠮᠢᠰᠬᠤᠭᠠᠳᠠᠪᠠ᠃ 
      ᠪᠤᠶᠠᠨᠵᠢᠷᠭᠠᠯ ᠣᠷᠣᠨ ᠤ᠋ ᠴᠡᠭᠡᠵᠢᠨ ᠳᠣᠣᠭᠤᠷ ᠱᠠᠯᠠᠮᠠᠭᠠᠢᠬᠠᠨ ᠪᠥᠬᠥᠢᠵᠦ᠂  ᠪᠡᠰᠡᠷᠡᠭᠬᠡᠨ ᠸᠠᠭᠠᠷ ᠲᠠᠢ ᠠᠷᠢᠬᠢ ᠭᠠᠷᠭᠠᠵᠤ ᠂ ᠪᠠᠭ᠎ᠠ ᠮᠥᠩᠭᠥᠨ ᠠᠶᠠᠭᠠᠨ ᠳ᠋ᠤ᠌ ᠬᠢᠬᠦ ᠳ᠋ᠦ᠍ ᠬᠠᠲᠠᠭᠤ ᠬᠠᠷ᠎ᠠ ᠠᠷᠢᠬᠢᠨ ᠤ᠋ ᠦᠨᠦᠷ ᠭᠡᠷ ᠳᠦᠭᠦᠷᠡᠩ ᠬᠠᠩᠬᠤᠯᠪᠠ ᠃  ᠨᠠᠴᠤᠭᠳᠣᠷᠵᠢ ᠣᠯᠠᠨ ᠰᠢᠯ ᠠᠮᠲᠠᠯᠠᠨ ᠴᠡᠩᠭᠡᠵᠦ ᠮᠠᠩᠰᠢᠭᠤᠷᠠᠨ ᠭᠤᠩᠬᠠᠵᠤ ᠶᠠᠪᠤᠭᠰᠠᠨ ᠲᠡᠷᠡ ᠬᠦᠴᠦᠲᠦ ᠤᠮᠳᠠᠭᠠᠨ ᠤ᠋ ᠳᠣᠭ᠍ᠰᠢᠨ ᠦᠨᠦᠷ ᠲᠦ᠍ ᠲᠡᠰᠴᠦ ᠶᠠᠳᠠᠨ ᠣᠭᠭᠢᠭᠣᠯᠵᠣ ᠲᠦᠮᠫᠡᠨ ᠤᠷᠤᠭᠤ ᠲᠣᠩᠭᠣᠢᠨ ᠲᠣᠩᠭᠣᠢᠨ ᠲᠠᠷᠴᠢᠯᠠᠪᠠ᠃ ᠪᠤᠶᠠᠨᠵᠢᠷᠭᠠᠯ ᠲᠡᠭᠦᠨ ᠦ᠌ ᠳᠤᠬᠤ ᠶ᠋ᠢ ᠨᠢᠭᠡ ᠭᠠᠷ ᠢ᠋ᠶ᠋ᠠᠷ ᠢ᠋ᠶ᠋ᠠᠨ ᠲᠦᠰᠢᠵᠦ᠂ ᠨᠥᠬᠥᠭᠡ ᠭᠠᠷ ᠢ᠋ᠶ᠋ᠠᠷ ᠢ᠋ᠶ᠋ᠠᠨ ᠬᠣᠶᠠᠷ ᠲᠠᠯᠤᠨ ᠤ᠋ ᠬᠢᠨᠢ ᠬᠣᠭᠣᠷᠣᠨᠳᠣᠭᠤᠷ ᠳᠣᠷᠣᠭᠰᠢ ᠨᠤᠬᠤᠯᠠᠨ ᠳᠠᠷᠤᠵᠤ ᠵᠣᠭᠰᠣᠬᠤ ᠵᠠᠭᠤᠷ᠎ᠠ ᠡᠨᠡ ᠬᠥᠮᠦᠨ ᠦ᠌ ᠬᠥᠭᠡᠷᠦᠬᠦᠢᠯᠡᠯᠲᠡᠢ ᠪᠠᠢᠳᠠᠯ ᠢ᠋ ᠠᠵᠢᠭᠯᠠᠨ ᠲᠣᠯᠣᠭᠠᠢ ᠰᠡᠭᠰᠦᠷᠦᠨ ᠥᠷᠦᠪᠳᠦᠪᠡ ᠃ ᠨᠠᠴᠤᠭᠳᠣᠷᠵᠢ ᠶ᠋ᠢᠨ ᠳᠤᠬᠤᠨ ᠳ᠋ᠤ᠌ ᠬᠦᠢᠲᠡᠨ ᠥᠳᠬᠡᠨ ᠬᠥᠯᠥᠰᠥ ᠨᠢᠯᠴᠠᠭᠠᠨᠠᠨ ᠬᠠᠯᠢᠮᠠᠭ ᠦᠰᠦ ᠨᠢ ᠥᠩᠭᠡ ᠠᠯᠲᠠᠨ ᠰᠡᠭᠰᠡᠢᠵᠦ᠂ ᠳᠠᠯᠤ ᠮᠥᠷᠥ ᠨᠢ ᠴᠡᠴᠡᠭᠡᠨᠡᠨ ᠪᠠᠢᠵᠤ ᠣᠭᠭᠢᠭᠣᠯᠪᠠ᠃ 
     – ᠤᠭ ᠨᠢ ᠨᠢᠳᠦ ᠪᠡᠨ ᠠᠨᠢᠵᠤ ᠪᠠᠢᠭᠠᠳ ᠯᠠ ᠨᠢᠭᠡ ᠪᠠᠯᠭᠤᠴᠢᠬᠠᠪᠠᠯ ᠭᠠᠢᠭᠤᠢ ᠪᠣᠯᠬᠤ ᠰᠠᠨ ᠳᠠ !ᠭᠡᠵᠦ ᠪᠤᠶᠠᠨᠵᠢᠷᠭᠠᠯ ᠥᠭᠦᠯᠡᠬᠦ ᠠᠪᠠᠴᠤ᠂ ᠲᠡᠢᠨ ᠬᠦ᠌ ᠪᠠᠯᠭᠤᠬᠤ ᠵᠠᠪ ᠲᠡᠷᠡ ᠬᠥᠮᠦᠨ ᠳ᠋ᠦ᠍ ᠣᠯᠳᠠᠬᠤ ᠦᠭᠡᠢ ᠪᠠᠢᠪᠠ᠃ 
     – ᠶᠠᠭᠠᠬᠢᠨ᠎ᠠ ᠳᠠ ᠂ ᠶᠠᠭᠠᠬᠢᠨ᠎ᠠ ? ᠭᠡᠵᠦ ᠡᠨᠡ ᠴᠡᠯ ᠵᠠᠯᠠᠭᠤ ᠪᠦᠰᠡᠭᠦᠢ ᠴᠢᠩ ᠦᠨᠡᠨ ᠡᠴᠡ ᠬᠠᠯᠬᠠᠯᠠᠨ ᠱᠣᠭᠰᠢᠷᠠᠬᠤ ᠵᠠᠭᠤᠷ᠎ᠠ ᠰᠡᠳᠬᠢᠯ ᠳᠣᠲᠣᠷ᠎ᠠ ᠪᠠᠨ ᠬᠦᠨᠳᠦᠯᠡᠨ ᠬᠠᠢᠷᠠᠯᠠᠵᠤ᠂ ᠰᠢᠳᠦᠨ ᠪᠢᠰᠢᠷᠡᠬᠦ ᠳ᠋ᠦ᠍ ᠬᠦᠷᠴᠦ ᠶᠠᠪᠤᠳᠠᠭ ᠡᠨᠡ ᠬᠥᠮᠦᠨ ᠦ᠌ ᠲᠤᠬᠠᠢ ᠳ᠋ᠤ᠌ ᠬᠠᠷᠠᠭᠤᠰᠤᠨ ᠰᠠᠨᠳᠤᠷᠴᠤ ᠪᠠᠢᠯ᠎ᠠ᠃ 
      ᠬᠡᠳᠦᠬᠡᠨ ᠵᠢᠯ ᠦ᠋ᠨ ᠡᠮᠦᠨ᠎ᠡ ᠂ ᠡᠭᠡᠯ ᠪᠦᠰᠡᠭᠦᠢ ᠶ᠋ᠢᠨ ᠬᠥᠷᠥᠰᠢ ᠦᠭᠡᠢ ᠥᠨᠳᠥᠷ ᠲᠦ᠍ ᠮᠠᠨᠳᠤᠵᠤ ᠪᠠᠢᠭᠰᠠᠨ ᠵᠠᠯᠠᠭᠤ ᠰᠠᠢᠬᠠᠨ ᠳᠠᠷᠤᠭ᠎ᠠ ᠂ ᠡᠷᠳᠡᠮ ᠲᠡᠭᠦᠰ ᠶᠡᠬᠡ ᠬᠥᠮᠦᠨ ᠂ ᠡᠷᠬᠢᠮ ᠤᠷᠠᠨ ᠵᠣᠬᠢᠶᠠᠯᠴᠢ ᠪᠥᠭᠡᠳ ᠡᠷᠲᠡᠨ ᠦ᠌ ᠶᠣᠰᠣ ᠶ᠋ᠢ ᠪᠣᠳᠣᠭᠰᠠᠨ ᠴᠤ᠌ ᠂ ᠠᠷᠢᠭᠤᠨ ᠴᠠᠭᠠᠨ ᠶᠠᠰᠤᠲᠤ ᠂ ᠢᠵᠠᠭᠤᠷ ᠲᠡᠭᠦᠯᠳᠡᠷ ᠲᠠᠢᠵᠢ᠂ ᠠᠯᠤᠰ ᠬᠣᠯᠠ ᠶ᠋ᠢᠨ ᠭᠠᠵᠠᠷ ᠣᠷᠣᠨ ᠢ᠋ᠶ᠋ᠠᠷ ᠶᠠᠪᠤᠵᠤ ᠶᠠᠭᠤᠮ᠎ᠠ ᠦᠵᠡᠵᠦ ᠨᠢᠳᠦ ᠲᠠᠢᠯᠤᠭᠰᠠᠨ ᠰᠤᠤ ᠪᠢᠯᠢᠭᠲᠦ ᠰᠠᠢᠬᠠᠨ ᠡᠷ᠎ᠡ ᠣᠳᠣ ᠲᠡᠭᠦᠨ ᠦ᠌ ᠳᠣᠣᠷ᠎ᠠ ᠲᠦᠮᠫᠡᠨ ᠤᠷᠤᠭᠤ ᠲᠣᠯᠣᠭᠠᠢ ᠤᠨᠵᠢᠭᠤᠯᠤᠨ ᠂ ᠠᠷᠢᠭᠤᠨ ᠪᠤᠵᠠᠷ ᠬᠣᠯᠢᠯᠳᠤᠨ ᠠᠷᠴᠠᠭ᠎ᠠ ᠪᠠᠨ ᠠᠯᠲᠠᠨ ᠪᠠᠢᠵᠤ ᠪᠠᠢᠭ᠎ᠠ ᠶ᠋ᠢ ᠦᠨᠡᠮᠰᠢᠬᠦ ᠳ᠋ᠦ᠍ ᠪᠡᠷᠬᠡ ᠡᠮᠭᠡᠨᠢᠯᠲᠦ ᠶᠠᠪᠤᠳᠠᠯ ᠪᠣᠯᠵᠤ ᠰᠠᠨᠠᠭᠳᠠᠨ᠎ᠠ᠃  
      ᠭᠡᠪᠡᠴᠦ ᠦᠨᠡᠨ ᠪᠣᠯᠵᠤ ᠪᠠᠢᠭ᠎ᠠ ᠶᠠᠪᠤᠳᠠᠯ ᠢ᠋ ᠦᠨᠡᠮᠰᠢᠬᠦ ᠡᠴᠡ ᠥᠭᠡᠷ᠎ᠡ ᠶᠠᠭᠠᠬᠢᠬᠤ ᠪᠣᠢ ! 
      ᠡᠨᠡ ᠪᠣᠯ ᠶᠢᠷᠲᠢᠨᠴᠦ ᠶ᠋ᠢᠨ ᠥᠭᠭᠦᠭᠡ ᠠᠪᠤᠭ᠎ᠠ ᠬᠣᠶᠠᠷ᠂ ᠠᠮᠢᠳᠤᠷᠠᠯ ᠤ᠋ᠨ ᠤᠨᠤᠭ᠎ᠠ ᠠᠯᠳᠠᠭ᠎ᠠ ᠬᠣᠶᠠᠷ᠂ ᠬᠥᠮᠦᠨ ᠦ᠌ ᠪᠠᠶᠠᠷ ᠭᠤᠨᠢᠭ ᠬᠣᠶᠠᠷ ᠠᠵᠤᠭᠤ᠃ 
      《 ᠬᠠᠢᠷᠠᠨ ᠬᠥᠮᠦᠨ ! 》 ᠭᠡᠵᠦ ᠪᠣᠳᠣᠬᠤ ᠳ᠋ᠤ᠌ ᠪᠤᠶᠠᠨᠵᠢᠷᠭᠠᠯ ᠤ᠋ᠨ ᠨᠢᠳᠦᠨ ᠳ᠋ᠦ᠍ ᠨᠢᠯᠪᠤᠰᠤ ᠳᠦᠭᠦᠷᠴᠦ ᠢᠷᠡᠭᠰᠡᠨ ᠲᠤᠯᠠ ᠳᠣᠷᠣᠭ᠍ᠰᠢ ᠨᠠᠴᠤᠭᠳᠣᠷᠵᠢ ᠶ᠋ᠢᠨ ᠨᠢᠴᠦᠭᠦᠨ ᠬᠦᠵᠦᠭᠦᠨ ᠳᠡᠭᠡᠷ᠎ᠡ ᠲᠤᠰᠬᠤ ᠠ᠋ᠴᠠ ᠪᠣᠯᠭᠣᠮᠵᠢᠯᠠᠨ ᠵᠥ᠋ᠷᠢᠭᠦᠦ ᠬᠠᠷᠠᠪᠠᠯ ᠲᠡᠨᠳᠡ ᠨᠠᠴᠤᠭᠳᠣᠷᠵᠢ ᠶ᠋ᠢᠨ ᠦᠩᠭᠡᠭᠳᠡᠭᠰᠡᠨ ᠬᠠᠷ᠎ᠠ ᠥᠮᠥᠳᠥ ᠂ ᠬᠠᠯᠴᠠᠷᠠᠵᠤ ᠬᠠᠵᠠᠢᠭᠰᠠᠨ ᠬᠣᠶᠠᠷ ᠮᠠᠭᠤ ᠭᠤᠲᠤᠯ ᠵᠡᠷᠭᠡ ᠶᠠᠳᠠᠭᠤᠬᠠᠨ ᠬᠤᠪᠴᠠᠰᠤ ᠬᠠᠷᠠᠭᠳᠠᠬᠤ ᠳ᠋ᠤ᠌᠂  ᠤᠷᠢᠳᠤ ᠨᠠᠴᠤᠭᠳᠣᠷᠵᠢ ᠭᠡᠵᠦ ᠭᠠᠳᠠᠭᠠᠳᠤ ᠣᠷᠣᠨ ᠤ᠋ ᠴᠡᠮᠴᠡᠢᠭᠰᠡᠨ ᠭᠣᠶᠣ ᠬᠤᠪᠴᠠᠰᠤ ᠲᠠᠢ ᠂ ᠴᠠᠭᠠᠰᠤ ᠮᠡᠲᠦ ᠴᠠᠭᠠᠨ ᠴᠠᠮᠴᠠ ᠲᠠᠢ ᠂ ᠬᠥᠮᠦᠨ ᠦ᠌ ᠭᠠᠷ ᠬᠦᠷᠦᠭᠡ ᠦᠭᠡᠢ ᠮᠡᠲᠦ ᠴᠡᠪᠡᠷᠬᠡᠨ ᠰᠠᠭᠠᠷᠠᠯ ᠢᠰᠡᠭᠡᠢ  ᠮᠠᠯᠠᠭᠠᠢ ᠲᠠᠢ ᠪᠥᠭᠡᠳ ᠰᠢᠯ ᠲᠣᠯᠢ ᠮᠡᠲᠦ ᠭᠢᠯᠠᠯᠵᠠᠭᠰᠠᠨ ᠬᠠᠷ᠎ᠠ ᠱᠠᠬᠠᠢ ᠭᠤᠲᠤᠯ ᠲᠠᠢ ᠶᠠᠪᠤᠳᠠᠭ ᠪᠠᠢᠭᠰᠠᠨ ᠨᠢ ᠰᠠᠨᠠᠭᠳᠠᠪᠠ᠃  
      《 ᠬᠥᠭᠡᠷᠦᠬᠦᠢ ᠳᠠ! ᠡᠷ᠎ᠡ ᠬᠥᠮᠦᠨ ᠡᠨᠳᠡᠳᠡᠭ ᠂ ᠡᠷᠭᠢ ᠰᠢᠷᠣᠢ ᠨᠤᠷᠠᠳᠠᠭ ᠭᠡᠳᠡᠭ ᠶᠦᠮ ᠃ ᠡᠨᠡ ᠬᠥᠮᠦᠨ ᠢ᠋ ᠥᠭᠡᠳᠡ ᠨᠢ ᠲᠠᠲᠠᠵᠤ ᠶᠠᠪᠤᠬᠤ ᠦᠭᠡᠢ ᠪᠣᠯ ᠮᠣᠩᠭᠣᠯ ᠤ᠋ᠨ ᠵᠠᠶᠠᠭᠠᠨ ᠳ᠋ᠤ᠌ ᠮᠠᠭᠤ ᠪᠣᠯᠤᠨ᠎ᠠ ! ᠪᠢ᠁ ᠥᠭᠡᠳᠡ ᠨᠢ ᠲᠠᠲᠠᠵᠤ ᠠᠪᠴᠤ ᠴᠢᠳᠠᠬᠤ ᠪᠣᠯ ᠤᠤ ? 》 ᠭᠡᠵᠦ ᠪᠣᠳᠣᠨ ᠲᠣᠯᠣᠭᠠᠢ ᠶ᠋ᠢ ᠨᠢ ᠪᠡᠷᠢᠯᠡᠵᠦ ᠪᠠᠢᠲᠠᠯ᠎ᠠ ᠨᠠᠴᠤᠭᠳᠣᠷᠵᠢ᠄ 
      – ᠵᠠ ᠪᠣᠯᠢ ! ᠠᠯᠢ ᠪᠣᠢ ᠂ ᠨᠥᠭᠥᠭᠡᠳᠡᠬᠢ ᠪᠡᠨ ᠭᠡᠵᠦ ᠥᠨᠳᠡᠢᠪᠡ᠃ 
      ᠨᠢᠭᠤᠷ ᠨᠢ ᠬᠥᠯᠥᠰᠥ ᠨᠢᠯᠪᠤᠰᠤ ᠵᠡᠷᠭᠡ ᠪᠦᠬᠦᠢᠯᠡ ᠨᠦᠬᠡ ᠰᠦᠪᠡ ᠡᠴᠡ ᠪᠡᠨ ᠭᠠᠷᠤᠭᠰᠠᠨ  ᠨᠣᠢᠲᠠᠨ ᠬᠦᠢᠲᠡᠨ ᠵᠦᠢᠯ ᠢ᠋ᠶ᠋ᠡᠷ ᠨᠢᠯᠴᠠᠭᠠᠨᠠᠨ ᠬᠠᠷᠠᠭᠳᠠᠬᠤ ᠪᠥᠭᠡᠳ ᠨᠢᠭᠤᠷ ᠤᠨ ᠬᠢᠨᠢ ᠨᠥᠷᠥᠭᠡ ( ᠴᠣᠬᠣᠷ) ᠤᠯᠠᠮ ᠴᠤ᠌ ᠲᠣᠳᠣ ᠪᠣᠯᠤᠭᠰᠠᠨ ᠠᠭᠠᠳ ᠨᠢᠳᠦ ᠨᠢ ᠠᠶᠤᠮᠰᠢᠭ᠍ᠲᠠᠢ ᠪᠥᠯᠴᠥᠢᠨ ᠤᠯᠠᠢᠵᠤ ᠂ ᠤᠷᠤᠭᠤᠯ ᠠᠮᠠ ᠨᠢ ᠴᠡᠴᠡᠭᠡᠨᠡᠨ ᠂ ᠠᠶᠠᠭᠦᠢ ᠰᠠᠯᠭᠠᠨᠠᠭᠰᠠᠨ ᠭᠠᠷ ᠢ᠋ᠶ᠋ᠠᠨ ᠠᠷᠢᠬᠢ ᠤᠷᠤᠭᠤ  ᠰᠠᠷᠪᠠᠢᠬᠤ ᠨᠢ ᠡᠷᠯᠢᠭ ᠲᠠᠮᠤ ᠶ᠋ᠢᠨ ᠣᠷᠣᠨ ᠳ᠋ᠤ᠌ ᠲᠠᠭᠤᠭᠳᠠᠨ ᠣᠴᠢᠭᠰᠠᠨ ᠬᠥᠭᠡᠷᠦᠬᠦᠢ ᠨᠢᠴᠦᠭᠦᠨ ᠬᠥᠮᠦᠨ ᠦᠬᠦᠯ ᠭᠡᠭᠴᠢ ᠲᠡᠢ ᠭᠠᠷ ᠪᠠᠷᠢᠬᠤ ᠭᠡᠵᠦ ᠪᠠᠢᠭ᠎ᠠ ᠮᠡᠲᠦ ᠁ 
      ᠪᠣᠶᠠᠨᠵᠢᠷᠭᠠᠯ᠂ ᠮᠥᠩᠭᠥᠨ ᠠᠶᠠᠭ᠎ᠠ ᠲᠠᠢ ᠠᠷᠢᠬᠢ ᠶ᠋ᠢ ᠭᠠᠷ ᠲᠤᠨᠢ ᠪᠠᠷᠢᠭᠤᠯᠬᠤ ᠳ᠋ᠤ᠌ ᠨᠠᠴᠤᠭᠳᠣᠷᠵᠢ ᠰᠠᠯᠭᠠᠨᠠᠨ ᠴᠡᠴᠡᠷᠡᠵᠦ ᠂ ᠠᠰᠬᠠᠨ ᠴᠢᠳᠬᠤᠨ ᠠᠮᠠᠨ ᠳ᠋ᠠᠭᠠᠨ ᠲᠤᠯᠭᠠᠭᠠᠳ ᠂ ᠨᠢᠭᠤᠷ ᠲᠣᠯᠣᠭᠠᠢ ᠨᠢ ᠠᠶᠤᠮᠰᠢᠭ᠍ᠲᠠᠢ ᠲᠠᠲᠠᠯᠳᠤᠨ ᠰᠠᠯᠭᠠᠨᠠᠵᠤ᠂ ᠨᠢᠳᠦ ᠨᠢ ᠴᠠᠭᠠᠨ ᠢ᠋ᠶ᠋ᠠᠷ ᠭᠢᠯᠠᠯᠵᠠᠨ ᠪᠠᠢᠵᠤ ᠠᠮᠢᠰᠬᠤᠭ᠎ᠠ ᠦᠭᠡᠢ ᠵᠠᠯᠭᠢᠯᠠᠭᠠᠳ᠂ ᠪᠠᠰᠠ ᠬᠣᠶᠠᠷ ᠵᠠᠪᠠᠵᠢ ᠪᠠᠷ ᠨᠢ ᠠᠷᠢᠬᠢ ᠨᠢ ᠵᠠᠮ ᠲᠡᠳᠡᠨ ᠠᠰᠬᠠᠷᠠᠵᠤ ᠪᠠᠢᠪᠠ᠃ 
      ᠠᠷᠢᠬᠢ ᠴᠤ᠌ ᠳᠠᠭᠤᠰᠪᠠ᠂ ᠠᠶᠠᠭ᠎ᠠ ᠴᠤ᠌ ᠤᠨᠠᠪᠠ᠃ ᠨᠠᠴᠤᠭᠳᠣᠷᠵᠢ ᠴᠤ᠌ ᠣᠷᠣ ᠳᠡᠭᠡᠷ᠎ᠡ ᠪᠡᠨ ᠪᠥᠬᠥᠢᠨ ᠬᠣᠶᠠᠷ ᠭᠠᠷ ᠢ᠋ᠶ᠋ᠠᠷ ᠢ᠋ᠶ᠋ᠠᠨ ᠨᠢᠳᠦ ᠪᠡᠨ ᠳᠠᠷᠤᠨ  ᠤᠨᠠᠪᠠ᠃ ᠭᠡᠷ ᠦ᠋ᠨ ᠳᠣᠲᠣᠷ᠎ᠠ ᠴᠢᠪ ᠴᠢᠮᠡᠭᠡ ᠦᠭᠡᠢ᠃ 
      ᠬᠣᠷᠸ᠎ᠠ ᠶ᠋ᠢᠨ ᠠᠷᠴᠠᠭ᠎ᠠ ᠦᠭᠡᠢ ᠪᠥᠭᠡᠳ ᠥᠷᠥᠪᠳᠦᠮ᠎ᠡ ᠦᠵᠡᠭᠳᠡᠯ ᠳ᠋ᠦ᠍ ᠪᠠᠯᠠᠮᠠᠭᠳᠠᠭᠰᠠᠨ ᠬᠣᠷᠢᠨ ᠨᠢᠭᠡᠬᠡᠨ ᠨᠠᠰᠤ ᠲᠠᠢ ᠮᠣᠩᠭᠣᠯ ᠪᠦᠰᠡᠭᠦᠢ ᠴᠢᠯᠠᠭᠤ ᠮᠡᠲᠦ ᠬᠥᠰᠢᠨ ᠵᠣᠭᠰᠣᠪᠠ᠃ 
      ᠲᠣᠭᠣᠨᠣ ᠶ᠋ᠢᠨ ᠴᠠᠭᠠᠷᠢᠭ ᠲᠤᠰᠤᠭᠰᠠᠨ ᠨᠠᠷᠠ ᠨᠢᠭᠡᠨ ᠰᠢᠷ᠎ᠠ ᠪᠤᠳᠠᠭ᠎ᠠ ᠳᠣᠭᠣᠭᠰᠢᠯᠠᠭᠳᠠᠯ᠎ᠠ ᠮᠣᠩᠭᠣᠯ ᠭᠠᠵᠠᠷ ᠤ᠋ᠨ ᠪᠦᠬᠦ ᠬᠥᠳᠡᠯᠭᠡᠭᠡᠨ ᠨᠠᠮ ᠵᠣᠭᠰᠣᠬᠤ ᠮᠡᠲᠦ ᠲᠦᠭᠰᠢᠭᠦᠷᠢᠲᠦ ᠨᠢᠭᠡᠨ ᠬᠣᠷᠣᠮ ᠥᠩᠭᠡᠷᠡᠪᠡ᠃  
      – ᠶᠣ᠂ ᠶᠣ! ᠣᠳᠣ ᠪᠣᠯᠤᠯ᠎ᠠ ! ᠭᠡᠭᠰᠡᠭᠡᠷ ᠨᠠᠴᠤᠭᠳᠣᠷᠵᠢ ᠣᠷᠣᠨ ᠳᠡᠭᠡᠷ᠎ᠡ ᠥᠨᠳᠡᠢᠨ ᠰᠠᠭᠤᠬᠤ ᠳ᠋ᠤ᠌ ᠂ ᠬᠡᠦᠬᠡᠨ ᠰᠠᠶᠢ ᠤᠷᠲᠤ ᠠᠮᠢᠰᠬᠤᠭ᠎ᠠ ᠠᠪᠴᠤ ᠰᠢᠷᠢᠳᠡᠭ ᠳᠡᠭᠡᠷ᠎ᠡ ᠤᠨᠠᠭᠰᠠᠨ ᠠᠶᠠᠭ᠎ᠠ ᠶ᠋ᠢ ᠰᠢᠭᠦᠷᠦᠨ ᠠᠪᠴᠤ ᠠᠷᠴᠢᠭᠠᠳ ᠄ 
      – ᠵᠠ ᠪᠢ ᠭᠠᠯᠯᠠᠶ᠎ᠠ ᠃ ᠪᠣᠯᠳᠠᠭ ᠰᠠᠨ ᠪᠣᠯ ᠲᠠᠨ ᠤ᠋ ᠳᠡᠷᠭᠡᠳᠡ ᠪᠠᠢᠭᠠᠳ ᠯᠠ ᠪᠠᠢᠮᠠᠷ ᠪᠠᠢᠨ᠎ᠠ᠃ ᠲᠠᠨ ᠳ᠋ᠤ᠌ ᠪᠡᠶ᠎ᠡ ᠶ᠋ᠢ ᠴᠢᠨᠢ ᠠᠰᠠᠷᠠᠬᠤ ᠨᠢᠭᠡ ᠬᠥᠮᠦᠨ ᠬᠡᠷᠡᠭᠲᠡᠢ ᠪᠠᠢᠨ᠎ᠠ ᠳᠠ ! ᠳᠠᠩᠴᠤ ᠠᠪᠤ ᠮᠠᠨᠢ ᠪᠤᠰᠢᠭᠤ ᠢᠷᠡᠭᠡᠷᠡᠢ ᠭᠡᠰᠡᠨ᠃ ᠣᠳᠣ ᠪᠤᠶᠠᠨᠲᠤ ᠬᠤᠸᠠ ᠳ᠋ᠤ᠌ ᠨᠠᠭᠠᠰᠢ ᠪᠠᠨ ᠬᠠᠷᠠᠭᠤᠯᠳᠠᠭᠠᠰᠤᠲᠠᠢ ᠯᠠ ᠪᠠᠢᠭ᠎ᠠ ᠃  ᠨᠠᠮᠠᠶ᠋ᠢ ᠭᠡᠷ ᠡᠴᠡ ᠬᠣᠶᠠᠷ ᠰᠢᠨ᠎ᠡ ᠰᠤᠷ ᠴᠢᠳᠥᠷ ᠠᠪᠴᠤ ᠢᠷ᠎ᠡ ᠭᠡᠵᠦ ᠡᠭᠦᠪᠡᠷ ᠶᠠᠪᠤᠭᠤᠯᠤᠭᠰᠠᠨ ᠶᠤᠮ ᠃ ᠤᠷᠢᠳᠤ ᠰᠥᠨᠢ ᠮᠣᠷᠢᠳ ᠴᠢᠳᠥᠷ ᠢ᠋ᠶ᠋ᠠᠨ ᠤᠷᠠᠭᠤᠯᠵᠠᠢ ᠭᠡᠵᠦ ᠶᠡᠬᠡ ᠯᠡ ᠠᠮᠢᠨᠴᠢᠷ ᠪᠠᠢᠳᠠᠯ ᠢ᠋ᠶ᠋ᠠᠷ ᠶᠠᠷᠢᠶ᠎ᠠ ᠳᠡᠯᠭᠡᠨ᠎ᠡ᠃ 
      ᠨᠠᠴᠤᠭᠳᠣᠷᠵᠢ ᠳ᠋ᠤ᠌ ᠦᠭᠡ ᠰᠣᠯᠢᠬᠤ ᠲᠡᠩᠬᠡᠯ᠂ ᠰᠣᠨᠢᠷᠬᠠᠯ ᠬᠣᠶᠠᠷ ᠲᠡᠳᠦᠢᠯᠡ ᠰᠠᠢᠨ ᠪᠠᠢᠭ᠎ᠠ ᠦᠭᠡᠢ ᠲᠤᠯᠠ ᠡᠯᠢᠭᠡ ᠳᠣᠲᠣᠷ᠎ᠠ ᠶ᠋ᠢᠨ ᠰᠢᠨᠠᠯᠭᠠᠨ ᠳ᠋ᠤ᠌ ᠪᠠᠬᠠᠨ ᠢᠷᠪᠠᠢᠰᠬᠢᠵᠦ ᠪᠦᠰᠡᠭᠦᠢ ᠶ᠋ᠢ ᠰᠢᠷᠲᠡᠨ᠎ᠡ᠃ 
      ᠡᠪᠯᠢᠭ ᠭᠠᠷ ᠢ᠋ᠶ᠋ᠠᠷ ᠭᠠᠯ ᠲᠣᠭᠣᠭ᠎ᠠ ᠪᠠᠷᠢᠵᠤ ᠰᠢᠨ᠎ᠡ ᠮᠢᠬ᠎ᠠ ᠬᠠᠶᠠᠵᠤ ᠬᠥᠰᠬᠥᠯᠡᠨ ᠰᠠᠭᠤᠭ᠎ᠠ ᠡᠨᠡ ᠪᠠᠭᠠᠬᠠᠨ ᠪᠦᠰᠡᠭᠦᠢ ᠶ᠋ᠢᠨ ᠡᠭᠡᠯ ᠪᠣᠷᠣ ᠴᠢᠷᠠᠢ ᠳ᠋ᠤ᠌ ᠵᠠᠯᠠᠭᠤ ᠬᠥᠮᠦᠨ ᠤ ᠭᠡᠷᠡᠯᠲᠦ ᠰᠠᠢᠬᠠᠨ ᠵᠢᠪᠬᠤᠭ᠎ᠠ᠂ ᠡᠷᠡᠭᠦᠯ ᠴᠢᠰᠤ ᠲᠤᠶᠠᠭᠠᠷᠠᠭᠰᠠᠨ ᠴᠡᠩᠭᠡᠯ ᠵᠢᠷᠭᠠᠯ ᠤ᠋ᠨ ᠲᠡᠮᠡᠦᠯᠦᠯ ᠲᠣᠳᠣᠬᠠᠨ ᠠᠭᠠᠳ ᠪᠦᠬᠦ ᠪᠠᠢᠳᠠᠯ ᠳ᠋ᠤᠨᠢ ᠴᠤᠴᠠᠰᠢ ᠦᠭᠡᠢ ᠬᠥᠳᠡᠯᠮᠦᠷᠢᠴᠢ ᠵᠠᠩᠰᠢᠯ᠂ ᠨᠢᠩᠵᠢᠨ ᠴᠠᠭᠠᠨ ᠰᠡᠳᠬᠢᠯ ᠭᠦᠨ ᠰᠢᠩᠭᠡᠭᠰᠡᠨ ᠢ᠋ ᠨᠠᠴᠤᠭᠳᠣᠷᠵᠢ ᠬᠡᠳᠦᠢ ᠪᠦᠷᠦᠭ ᠪᠠᠷᠤᠭ ᠤᠬᠠᠭᠠᠨ ᠲᠠᠢ ᠪᠠᠢᠪᠠᠴᠤ ᠲᠣᠪ ᠲᠣᠳᠣ ᠣᠯᠵᠤ ᠬᠠᠷᠠᠪᠠ᠃ 
      ᠡᠨᠡ ᠪᠦᠰᠡᠭᠦᠢ ᠶ᠋ᠢᠨ ᠪᠣᠷᠣ ᠪᠠᠭᠠᠵᠠᠬᠠᠨ ᠬᠤᠪᠴᠠᠰᠤ ᠫᠠᠭᠮᠠᠳᠣᠯᠮ᠎ᠠ ᠶ᠋ᠢᠨ ᠰᠢᠭ᠋ ᠬᠠᠷᠠᠭᠳᠠᠬᠤ ᠦᠭᠡᠢ ᠴᠦ᠍ ᠭᠡᠰᠡᠨ ᠬᠦᠷᠢᠶᠡᠨ ᠤ ᠣᠪᠣᠭ᠎ᠠ ᠯᠠ ᠬᠡᠦᠬᠡᠨ ᠨᠦ᠍ᠭᠦᠳ ᠦ᠋ᠨ ᠨᠢᠭᠡ ᠪᠣᠯᠵᠤ ᠦᠵᠡᠭᠳᠡᠬᠦ ᠪᠢᠵᠡ ᠠ᠋ ᠭᠡᠵᠦ ᠨᠠᠴᠤᠭᠳᠣᠷᠵᠢ ᠵᠢᠷᠪᠢᠰᠬᠢᠨ ᠪᠣᠳᠣᠭᠠᠳ ᠰᠠᠨᠠᠭ᠎ᠠ ᠠᠯᠳᠠᠪᠠ᠃ 
      ᠡᠨᠡ ᠪᠦᠰᠡᠭᠦᠢ ᠶ᠋ᠢ ᠥᠪᠡᠷ ᠲᠡᠭᠡᠨ ᠬᠡᠴᠢᠨᠡᠭᠡᠨ ᠰᠠᠢᠨ ᠪᠠᠢᠳᠠᠭ ᠢ᠋ ᠬᠡᠳᠦᠨ ᠵᠢᠯ ᠦ᠋ᠨ ᠡᠮᠦᠨ᠎ᠡ ᠡᠴᠡ ᠮᠡᠳᠡᠬᠦ ᠪᠣᠯᠪᠠᠴᠤ ᠲᠡᠭᠦᠨ ᠳ᠋ᠦ᠍ ᠨᠢᠭᠤᠷ ᠦᠭᠭᠦᠯ ᠦᠭᠡᠢ  ᠡᠳᠦᠢ ᠬᠦᠷᠦᠭᠰᠡᠨ ᠨᠢ ᠬᠠᠴᠢᠨ ᠰᠠᠨᠠᠭᠳᠠᠨ᠎ᠠ᠃  
      ᠠᠯᠤᠰ ᠬᠣᠯᠠ ᠶ᠋ᠢᠨ ᠳᠠᠯᠠᠢ ᠶ᠋ᠢᠨ ᠡᠷᠭᠢ ᠳ᠋ᠦ᠍ ᠪᠠᠯᠴᠢᠷ ᠥᠬᠢᠨ ᠢ᠋ᠶ᠋ᠡᠨ ᠲᠡᠪᠡᠷᠢᠨ ᠣᠳᠤᠭᠰᠠᠨ ᠵᠠᠭᠤᠷᠠᠳᠤ ᠶ᠋ᠢᠨ ᠬᠠᠯᠠᠭᠤᠨ ᠢᠨᠠᠭ ᠨᠢᠨᠠ ᠠ᠋ᠴᠠ ᠪᠠᠨ ᠬᠣᠢᠰᠢ ᠰᠡᠳᠬᠢᠯ ᠦ᠋ᠨ ᠶᠡᠬᠡ ᠡᠪᠳᠡᠷᠡᠯ ᠳ᠋ᠦ᠍ ᠣᠷᠣᠵᠤ ᠠᠷᠢᠬᠢ ᠳᠠᠷᠠᠰᠤ ᠪᠠᠷ ᠤᠮᠳᠠ ᠬᠣᠭᠣᠯᠠ ᠬᠢᠵᠦ ᠵᠠᠯᠠᠭᠤ ᠬᠠᠯᠠᠭᠤᠨ ᠪᠡᠶ᠎ᠡ ᠪᠡᠨ ᠬᠠᠢᠷ᠎ᠠ ᠨᠠᠢᠷ ᠦᠭᠡᠢ ᠰᠦᠢᠳᠬᠡᠨ ᠠᠬᠤᠢ  ᠠᠮᠢᠳᠤᠷᠠᠯ᠂ ᠨᠡᠷ᠎ᠡ ᠲᠥᠷᠥ ᠪᠡᠨ ᠭᠠᠷᠭᠠᠭᠤᠨ ᠳ᠋ᠤ᠌ ᠭᠠᠷᠭᠠᠵᠤ ᠶᠠᠪᠤᠬᠤ ᠳ᠋ᠠᠭᠠᠨ᠂ ᠨᠠᠭᠠᠰᠢ ᠪᠠᠨ ᠭᠡᠰᠡᠨ ᠬᠥᠮᠦᠨ ᠤᠷᠤᠭᠤ ᠨᠢᠳᠦ ᠠᠨᠢᠨ ᠣᠴᠢᠵᠤ ᠨᠠᠭᠠᠯᠳᠤᠬᠤ ᠳ᠋ᠤ᠌ ᠪᠡᠯᠡᠬᠡᠨ ᠶᠠᠪᠤᠭᠰᠠᠨ ᠪᠣᠯᠪᠠᠴᠤ ᠭᠠᠭᠴᠠ ᠬᠦ᠌ ᠡᠨᠡ ᠯᠡ ᠬᠡᠦᠬᠡᠨ ᠢ᠋ ᠲᠣᠭᠣᠷᠢᠨ ᠲᠥᠯᠥᠭᠰᠡᠭᠡᠷ ᠢᠷᠡᠵᠡᠢ᠃ 
      ᠡᠢᠨ ᠬᠦ᠌ ᠲᠥᠯᠥᠭᠰᠡᠨ ᠤᠴᠢᠷ ᠢ᠋ᠶ᠋ᠠᠨ ᠳᠠᠪ ᠤ᠋ᠨ ᠡᠮᠦᠨ᠎ᠡ ᠲᠠᠢᠯᠪᠤᠷᠢᠯᠠᠬᠤ ᠳ᠋ᠤ᠌ ᠪᠡᠷᠬᠡ᠃ ᠥᠬᠢᠨ ᠪᠠᠭ᠎ᠠ ᠶ᠋ᠢᠨ ᠠᠷᠢᠭᠤᠨ ᠨᠠᠨᠳᠢᠨ ᠪᠦᠬᠦᠨ ᠨᠢ ᠬᠡᠭᠡᠷ᠎ᠡ ᠶ᠋ᠢᠨ ᠴᠡᠴᠡᠭ ᠦ᠋ᠨ ᠳᠡᠯᠪᠡᠭᠡ ᠮᠡᠲᠦ ᠤᠷᠭᠤᠵᠤ ᠪᠠᠢᠭ᠎ᠠ ᠡᠨᠡ ᠪᠣᠶᠠᠨᠵᠢᠷᠭᠠᠯ ᠨᠠᠰᠤ ᠪᠤᠶᠠᠨ᠂ ᠵᠢᠷᠭᠠᠯ ᠴᠡᠩᠭᠡᠯ ᠦ᠋ᠨ ᠠᠮᠢᠳᠤ ᠪᠤᠯᠠᠭ ᠢ᠋ ᠡᠯᠳᠡᠪ ᠢ᠋ ᠦᠵᠡᠭᠰᠡᠨ ᠨᠢᠭᠦᠯᠲᠦ ᠪᠡᠶ᠎ᠡ ᠪᠡᠷ ᠢ᠋ᠶ᠋ᠡᠨ ᠪᠤᠯᠠᠩᠭᠢᠷᠲᠤᠭᠤᠯᠬᠤ ᠠ᠋ᠴᠠ ᠵᠢᠷᠦᠬᠡᠰᠢᠶᠡᠭᠰᠡᠨ ᠲᠠᠯ᠎ᠠ ᠪᠣᠢ᠃  ᠬᠠᠢᠷ᠎ᠠ ᠰᠡᠳᠬᠢᠯ ᠢ᠋ ᠬᠠᠰ ᠴᠢᠯᠠᠭᠤ ᠮᠡᠲᠦ ᠪᠥᠬᠡ᠂ ᠲᠩᠷᠢ ᠮᠡᠲᠦ ᠮᠥᠩᠬᠡ ᠶᠠᠭᠤᠮ᠎ᠠ ᠭᠡᠵᠦ ᠢᠳᠡᠭᠡᠨ ᠪᠠᠢᠭ᠎ᠠ ᠪᠦᠰᠡᠭᠦᠢ ᠶ᠋ᠢᠨ ᠬᠠᠯᠠᠭᠤᠨ ᠡᠪᠦᠷ ᠲᠦ᠍᠂ ᠤᠴᠠᠷᠠᠵᠤ ᠬᠠᠭᠠᠴᠠᠵᠤ᠂ ᠳᠤᠷᠠᠯᠠᠵᠤ ᠵᠢᠭᠰᠢᠵᠦ᠂ ᠠᠨᠳᠠᠭᠠᠢᠯᠠᠵᠤ ᠬᠠᠭᠤᠷᠴᠤ ᠂ ᠢᠲᠡᠭᠡᠵᠦ ᠲᠡᠷᠰᠯᠡᠵᠦ ᠠᠯᠢ  ᠬᠡᠳᠦᠢᠨ ᠲᠤᠯᠤ ᠴᠣᠬᠢᠭ᠍ᠰᠠᠨ᠂ ᠠᠷᠪᠠᠨ ᠨᠠᠰᠤ ᠪᠠᠷ ᠠᠬ᠎ᠠ ᠬᠥᠮᠦᠨ ᠤ ᠰᠡᠷᠢᠭᠦᠨ ᠬᠦᠢᠲᠡᠨ ᠰᠠᠯᠬᠢ ᠣᠷᠣᠭᠤᠯᠬᠤ ᠶ᠋ᠢ ᠲᠦᠪᠳᠡᠬᠦ ᠦᠭᠡᠢ ᠪᠠᠢᠭᠰᠠᠨ ᠦᠶ᠎ᠡ ᠪᠣᠢ᠃  
      ᠬᠥᠮᠦᠨ ᠤ ᠰᠠᠢᠬᠠᠨ ᠢᠲᠡᠭᠡᠯ ᠵᠠᠳᠠᠷᠠᠭ᠎ᠠ ᠨᠢ ᠦᠭᠡᠢ ᠥᠨᠳᠡᠭᠡᠨ ᠳᠡᠭᠡᠷ᠎ᠡ ᠂ ᠬᠠᠷᠢ ᠣᠷᠣᠨ ᠨᠤᠭᠤᠳ ᠢ᠋ᠶ᠋ᠠᠷ  ᠡᠯᠳᠡᠪ ᠢ᠋ ᠦᠵᠡᠵᠦ ᠬᠠᠨᠤᠭᠰᠠᠨ ᠡᠷ᠎ᠡ ᠶ᠋ᠢᠨ ᠠᠭᠠᠭᠯᠠᠭᠤ ᠰᠡᠭᠦᠳᠡᠷ  ᠳᠤᠰᠬᠠᠬᠤ ᠶ᠋ᠢ ᠶᠠᠭᠠᠷᠠᠭᠰᠠᠨ ᠦᠭᠡᠢ ᠃ ᠥᠭᠡᠷ᠎ᠡ ᠪᠡᠷ ᠬᠡᠯᠡᠪᠡᠯ ᠂ ᠲᠡᠷᠡ ᠬᠦ᠌ ᠪᠢᠴᠢᠬᠠᠨ ᠨᠠᠨᠳᠢᠨ ᠢᠲᠡᠭᠡᠯ ᠦ᠋ᠨ  ᠰᠦᠮ᠎ᠡ ᠳ᠋ᠦ᠍  ᠠᠷᠢᠬᠢ ᠲᠠᠮᠠᠬᠢ ᠬᠠᠩᠬᠤᠯᠤᠭᠤᠯᠤᠨ ᠣᠷᠣᠬᠤ ᠠ᠋ᠴᠠ ᠪᠠᠨ ᠲᠦᠳᠡᠭᠡᠯᠵᠡᠭᠰᠡᠨ ᠪᠥᠭᠡᠳ ᠪᠠᠰᠠ ᠢᠵᠠᠭᠤᠷ ᠡᠴᠡ ᠦᠶ᠎ᠡ ᠵᠠᠯᠭᠠᠮᠵᠢᠯᠠᠨ ᠢᠷᠡᠭᠰᠡᠨ ᠲᠠᠢᠵᠢ ᠤᠭᠰᠠᠭᠠᠨ ᠤ᠋ ᠪᠡᠶ᠎ᠡ ᠂ ᠳᠡᠯᠡᠬᠡᠢ ᠶ᠋ᠢᠨ ᠬᠥᠭᠵᠢᠯᠲᠦ ᠣᠷᠣᠨ ᠨᠤᠭᠤᠳ ᠢ᠋ᠶ᠋ᠠᠷ  ᠴᠡᠴᠡᠭᠯᠡᠨ ᠮᠠᠨᠳᠤᠵᠤ ᠶᠠᠪᠤᠭᠰᠠᠨ ᠥᠨᠳᠥᠷ ᠶᠡᠬᠡ ᠨᠡᠷ᠎ᠡ ᠂ ᠬᠦᠷᠢᠶ᠎ᠡ ᠬᠥᠳᠡᠭᠡ  ᠦᠭᠡᠢ ᠡᠰᠡ ᠠᠨᠳᠠᠬᠤ ᠨᠢᠭᠤᠷ ᠲᠠᠯ᠎ᠠ ᠶ᠋ᠢ ᠪᠣᠭᠳᠠ ᠶ᠋ᠢᠨ ᠬᠦᠷᠢᠶᠡᠨ ᠤ ᠦᠭᠡᠢᠭᠦᠦ ᠶᠠᠳᠠᠭᠤ ᠮᠣᠷᠢᠨ ᠲᠡᠷᠭᠡᠴᠢᠨ ᠂ ᠦᠰᠦᠭ ᠪᠢᠴᠢᠭ ᠴᠦ᠍ ᠦᠯᠦ ᠮᠡᠳᠡᠬᠦ ᠬᠠᠷ᠎ᠠ ᠪᠣᠷᠣ ᠥᠬᠢᠨ ᠲᠡᠢ ᠬᠣᠯᠪᠣᠬᠤ ᠳ᠋ᠤ᠌ ᠶᠡᠬᠡ ᠵᠣᠷᠢᠭ ᠬᠡᠷᠡᠭᠲᠡᠢ᠃ 
      ᠣᠯᠠᠨ ᠤ᠋ ᠬᠡᠯᠡ ᠶᠠᠷᠢᠶ᠎ᠠ ᠂ ᠳᠣᠭᠣᠭᠢ ᠲᠣᠬᠣᠭᠤ ᠭᠡᠳᠡᠭ ᠶᠠᠮᠠᠷ ᠴᠤ᠌ ᠠᠶᠤᠯ ᠠ᠋ᠴᠠ ᠂ ᠲᠡᠷᠡ ᠴᠦ᠍ ᠪᠠᠢᠲᠤᠭᠠᠢ ᠵᠠᠷᠢᠮ ᠳ᠋ᠠᠭᠠᠨ ᠦᠬᠦᠯ ᠡᠴᠡ ᠴᠦ᠍ ᠠᠶᠤᠯᠲᠠᠢ ᠪᠠᠢᠳᠠᠭ᠃  
      《 ᠬᠥᠮᠦᠨ ᠲᠥᠷᠥᠯᠬᠢᠲᠡᠨ ᠤ ᠦᠵᠡᠯ ᠰᠠᠨᠠᠭ᠎ᠠ ᠬᠥᠭᠵᠢᠨ ᠳᠠᠪᠰᠢᠵᠤ ᠪᠠᠢᠭ᠎ᠠ ᠨᠢ ᠦᠨᠡᠨ ᠪᠣᠯᠪᠠᠴᠤ ᠠᠯᠢ ᠦᠶ᠎ᠡ ᠳ᠋ᠦ᠍ ᠠᠵᠤ ᠲᠥᠷᠥᠵᠦ ᠪᠠᠢᠭ᠎ᠠ ᠬᠥᠮᠦᠨ ᠲᠡᠷᠡ ᠦᠶ᠎ᠡ ᠶ᠋ᠢᠨ ᠢ᠋ᠶ᠋ᠡᠨ ᠭᠣᠷᠢᠮ ᠳ᠋ᠤ᠌ ᠪᠠᠢᠬᠤ ᠠ᠋ᠴᠠ ᠠᠷᠭ᠎ᠠ ᠦᠭᠡᠢ ᠁ 》 ᠭᠡᠵᠦ ᠨᠠᠴᠤᠭᠳᠣᠷᠵᠢ ᠥᠪᠡᠷ ᠲᠡᠭᠡᠨ ᠥᠭᠦᠯᠡᠵᠡᠢ᠃ ᠬᠡᠳᠦᠢ ᠲᠡᠢᠮᠦ ᠪᠣᠯᠪᠠᠴᠤ ᠡᠨᠡ ᠬᠡᠦᠬᠡᠨ ᠤ ᠳᠠᠭᠤ ᠶ᠋ᠢ ᠰᠣᠨᠣᠰᠬᠤ ᠳ᠋ᠤ᠌ ᠰᠡᠳᠬᠢᠯ ᠳ᠋ᠦ᠍ ᠪᠢᠴᠢᠬᠠᠨ ᠭᠡᠭᠡ ᠣᠷᠣᠵᠤ ᠂ ᠵᠢᠰᠦ ᠶ᠋ᠢ ᠦᠵᠡᠬᠦ ᠳ᠋ᠦ᠍ ᠨᠢᠳᠦ ᠣᠩᠭᠣᠢᠬᠤ ᠮᠡᠲᠦ ᠪᠢᠯᠡ᠃ 
      – ᠵᠠ ᠂ ᠡᠨᠡ ᠪᠠᠨᠲᠠᠩ ᠢ᠋ ᠢᠳᠡᠴᠢᠬᠡ ᠃ ᠨᠠᠭᠠᠳᠤᠬᠢ ᠪᠠᠨ ᠤᠤᠭᠤᠴᠢᠬ᠎ᠠ᠁ ᠪᠢ ᠶᠠᠪᠤᠯ ᠦᠭᠡᠢ ᠭᠣᠷᠢ ᠦᠭᠡᠢ᠂ ᠨᠠᠷᠠ ᠶᠠᠪᠤᠴᠢᠬᠠᠯ᠎ᠠ ᠭᠡᠵᠦ ᠪᠤᠶᠠᠨᠵᠢᠷᠭᠠᠯ ᠬᠡᠯᠡᠬᠦ ᠳ᠋ᠦ᠍ ᠄  
      – ᠲᠡᠭᠡ ᠳ᠋ᠠ ! ᠲᠦᠷᠦᠭᠦᠨ ᠦᠬᠦᠬᠦ ᠭᠡᠵᠦ ᠪᠠᠢᠭᠰᠠᠨ ᠢ᠋ᠶ᠋ᠠᠨ ᠪᠣᠳᠣᠪᠠᠯ ᠣᠪᠣᠭ᠎ᠠ ᠪᠣᠯᠤᠯ᠎ᠠ ᠭᠡᠳ ᠨᠠᠴᠤᠭᠳᠣᠷᠵᠢ᠂  ᠪᠤᠶᠠᠨᠵᠢᠷᠭᠠᠯ ᠤ᠋ᠨ ᠬᠢᠵᠦ ᠥᠭᠭᠦᠭᠰᠡᠨ ᠪᠠᠨᠲᠠᠩ ᠢ᠋ ᠬᠣᠶᠠᠷ ᠭᠠᠷᠳᠠᠨ ᠠᠪᠬᠤ ᠳ᠋ᠠᠭᠠᠨ: 
      – ᠴᠢ ᠮᠢᠨᠦ ᠠᠮᠢ ᠶ᠋ᠢ ᠡᠨᠡ ᠤᠳᠠᠭ᠎ᠠ ᠠᠪᠤᠷᠠᠯ᠎ᠠ ᠂ ᠣᠳᠣ ᠶᠠᠪᠤ ᠳᠠ᠃ ᠠᠪᠤ ᠴᠢᠨᠢ ᠵᠠᠩᠨᠠᠨ᠎ᠠ ᠭᠡᠳ ᠢᠨᠢᠶᠡᠮᠰᠦᠭᠯᠡᠬᠦ ᠭᠡᠰᠡᠨ ᠪᠣᠯᠪᠠᠴᠤ ᠴᠢᠳᠠᠭᠰᠠᠨ ᠦᠭᠡᠢ ᠤᠯᠠᠮ ᠢᠷᠪᠠᠢᠵᠠᠢ᠃ 
      ᠰᠢᠨ᠎ᠡ ᠮᠢᠬ᠎ᠠ ᠲᠠᠢ ᠪᠠᠨᠲᠠᠩ ᠤ᠋ᠨ ᠦᠨᠦᠷ ᠬᠠᠩᠬᠤᠯᠬᠤ ᠰᠠᠴᠠᠭᠤ ᠳᠣᠲᠣᠷ᠎ᠠ ᠨᠢ ᠮᠠᠭᠤᠬᠠᠢ ᠣᠷᠬᠢᠨ᠎ᠠ᠃ ᠲᠡᠭᠦᠨ ᠡᠴᠡ ᠬᠡᠳᠦ ᠬᠠᠯᠪᠠᠭᠠᠳᠠᠨ ᠵᠠᠯᠭᠢᠮᠠᠭᠴᠠ ᠬᠥᠯᠥᠰᠥ ᠨᠢ ᠪᠣᠷᠣᠭ᠎ᠠ ᠮᠡᠲᠦ ᠪᠥᠩᠵᠢᠭᠡᠨᠡᠨ ᠤᠷᠤᠰᠪᠠ᠃ 
      ᠪᠤᠶᠠᠨᠵᠢᠷᠭᠠᠯ ᠳᠡᠷᠭᠡᠳᠡ ᠨᠢ ᠣᠴᠢᠵᠤ᠂ ᠪᠢᠴᠢᠬᠠᠨ ᠠᠭᠠᠳ ᠬᠠᠲᠠᠭᠤᠬᠠᠨ ᠠᠯᠠᠭ᠎ᠠ ᠪᠠᠷ ᠢ᠋ᠶ᠋ᠠᠨ ᠮᠠᠩᠨᠠᠢ ᠳᠡᠭᠡᠷ᠎ᠡ ᠨᠢ ᠳᠠᠷᠤᠵᠤ ᠄ 
      – ᠪᠡᠶ᠎ᠡ ᠲᠠᠨᠢ ᠲᠤᠩ ᠶᠠᠳᠠᠷᠠᠭᠤ ᠪᠠᠢᠨ᠎ᠠ ᠳᠠ ᠃ ᠣᠳᠣ ᠲᠠ ᠪᠡᠶ᠎ᠡ ᠪᠡᠨ ᠪᠣᠳᠣᠯ ᠦᠭᠡᠢ ᠶᠠᠭᠠᠬᠢᠵᠤ ᠪᠣᠯᠬᠤ ᠪᠣᠢ ! ᠮᠠᠨ ᠤ᠋ ᠮᠡᠲᠦ ᠶ᠋ᠢᠨ ᠶᠠᠭᠤᠮ᠎ᠠ ᠪᠣᠯ ᠴᠤ᠌ ᠶᠠᠭᠠᠬᠢᠶ᠎ᠠ ᠭᠡᠬᠦ ᠪᠣᠢ ᠃ ᠬᠠᠷᠢᠨ ᠲᠠ ᠪᠣᠯ ᠥᠭᠡᠷ᠎ᠡ ᠬᠥᠮᠦᠨ ᠰᠢᠦ ᠳᠠ ! ᠭᠡᠵᠦ ᠰᠠᠨᠠᠭ᠎ᠠ ᠠᠯᠳᠠᠪᠠ᠃ 
      –  ᠪᠢ ᠶᠠᠭᠤ ᠨᠢ ᠥᠭᠡᠷ᠎ᠡ ᠪᠠᠢᠭᠰᠠᠨ ᠶᠤᠮ ᠪᠣᠢ ? ᠨᠢᠭᠤᠷ ᠨᠢ ᠴᠣᠬᠣᠷ ᠭᠡᠵᠦ ᠦᠦ ? ᠭᠡᠳ ᠨᠠᠴᠤᠭᠳᠣᠷᠵᠢ ᠬᠣᠱᠣᠩᠨᠠᠨ ᠢᠨᠢᠶᠡᠮᠰᠦᠭᠯᠡᠬᠦ ᠳ᠋ᠦ᠍᠂ ᠭᠠᠭᠴᠠ ᠬᠦ᠌ ᠢᠩᠭᠢᠵᠦ ᠢᠨᠢᠶᠡᠮᠰᠦᠭᠯᠡᠬᠦ ᠶ᠋ᠢ ᠯᠡ ᠬᠦᠯᠢᠶᠡᠵᠦ ᠪᠠᠢᠭᠰᠠᠨ ᠮᠡᠲᠦ  ᠪᠤᠶᠠᠨᠵᠢᠷᠭᠠᠯ᠄ 
      – ᠶᠠᠭᠠᠬᠢᠯ᠎ᠠ ᠭᠡᠵᠦ ! ᠵᠠ ᠪᠢ ᠶᠠᠪᠤᠶ᠎ᠠ᠃ ᠴᠢᠳᠠᠪᠠᠯ ᠦᠳᠡᠰᠢ ᠢᠷᠡᠨ᠎ᠡ᠃ ᠲᠤᠩ ᠴᠢᠳᠠᠬᠤ ᠦᠭᠡᠢ ᠪᠣᠯ ᠥᠷᠯᠥᠭᠡ ᠡᠷᠲᠡ ᠢᠷᠡᠨ᠎ᠡ᠃ ᠲᠠ ᠪᠢᠲᠡᠭᠡᠢ ᠭᠠᠳᠠᠭ᠍ᠰᠢ ᠭᠠᠷᠤᠭᠠᠷᠠᠢ ! ᠭᠡᠳ ᠶᠠᠭᠠᠷᠠᠨ ᠣᠳᠪᠠ᠃ 
      ᠨᠠᠴᠤᠭᠳᠣᠷᠵᠢ ᠦᠭᠡ ᠳᠤᠤᠭᠠᠷᠴᠤ ᠴᠤ᠌ ᠠᠮᠵᠢᠭ᠍ᠰᠠᠨ ᠦᠭᠡᠢ ᠭᠠᠭᠴᠠ ᠬᠦ᠌ ᠪᠠᠶᠠᠷᠯᠠᠨ ᠬᠠᠢᠯᠤᠭᠰᠠᠨ ᠰᠡᠳᠬᠢᠯ ᠢ᠋ᠶ᠋ᠡᠷ ᠲᠡᠷᠡ ᠪᠦᠰᠡᠭᠦᠢ ᠶ᠋ᠢᠨ ᠠᠷᠤ ᠠ᠋ᠴᠠ ᠰᠢᠷᠳᠡᠨ᠂ ᠮᠥᠩᠭᠥᠨ ᠠᠶᠠᠭᠠᠨ ᠳ᠋ᠤ᠌ ᠠᠷᠢᠬᠢ ᠴᠡᠯᠡᠯᠵᠡᠭᠦᠯᠦᠨ ᠪᠠᠷᠢᠭ᠍ᠰᠠᠨ ᠥᠩᠭᠡ ᠮᠠᠭᠤᠲᠠᠢ ᠵᠢᠷᠤᠭ ᠮᠡᠲᠦ ᠬᠣᠴᠣᠷᠪᠠ᠃ ᠦᠷᠴᠢᠯᠡᠭᠡ ᠰᠠᠭᠤᠵᠤ ᠠᠮᠵᠢᠭ᠎ᠠ ᠦᠭᠡᠢ ᠰᠢᠷᠭᠠᠯ ᠳᠤᠬᠤᠨ ᠤ᠋ ᠬᠢᠨᠢ ᠬᠣᠶᠠᠷ ᠲᠠᠯ᠎ᠠ ᠪᠠᠷ ᠪᠤᠭᠤᠷᠤᠯᠲᠤᠬᠤ ᠪᠣᠯᠤᠭ᠎ᠠ ᠦᠭᠡᠢ ᠬᠠᠷ᠎ᠠ ᠦᠰᠦ ᠨᠢ ᠲᠤᠭ ᠲᠤᠭ ᠢ᠋ᠶ᠋ᠠᠷ ᠤᠨᠵᠢᠢᠵᠤ᠂ ᠬᠠᠷᠠᠴᠠ ᠶ᠋ᠢᠨ ᠬᠢᠨᠢ ᠱᠣᠨᠲᠣᠭᠣᠷ ᠢ᠋ ᠥᠩᠭᠡᠷᠡᠨ ᠰᠡᠷᠪᠡᠭᠡᠨᠡᠭᠦᠯᠬᠦ ᠪᠥᠭᠡᠳ ᠪᠥᠯᠴᠥᠩ ᠵᠣᠪᠬᠢᠨ ᠤ᠋ ᠳᠣᠣᠷ᠎ᠠ ᠠ᠋ᠴᠠ ᠭᠠᠯ ᠰᠤᠯᠠᠷᠠᠭᠠᠨ ᠬᠣᠶᠠᠷ ᠨᠢᠳᠦ ᠬᠥᠳᠡᠯᠭᠡᠭᠡᠨ ᠦᠭᠡᠢ ᠭᠥᠯᠢᠷᠡᠨ ᠤᠳᠠᠲᠠᠯ᠎ᠠ ᠰᠠᠭᠤᠪᠠ᠃ 
      ᠰᠠᠢᠬᠠᠨ ᠭᠢᠯᠠᠯᠵᠠᠭᠰᠠᠨ ᠴᠣᠪᠣᠭᠣ ᠵᠢᠪᠬᠤᠯᠠᠩᠲᠠᠢ ᠬᠠᠷ᠎ᠠ ᠨᠢᠳᠦᠨ ᠪᠠᠢᠭᠰᠠᠨ ᠨᠢ ᠬᠥᠮᠦᠨ ᠤ ᠶᠠᠪᠤᠳᠠᠯ ᠤ᠋ᠨ ᠰᠠᠭᠠᠷᠤ ᠪᠦᠬᠦᠨ ᠢ᠋ ᠣᠯᠵᠤ ᠬᠠᠷᠠᠭᠠᠳ ᠭᠥᠯᠢᠷᠡᠨ ᠲᠣᠭᠲᠠᠵᠤ ᠪᠠᠰᠠ ᠬᠦ᠌ ᠬᠡᠳᠦᠨ ᠵᠢᠯ ᠦ᠋ᠨ ᠨᠢᠭᠤᠷ ᠢ᠋ ᠦᠵᠡᠵᠡᠢ᠃ ᠲᠠᠪᠤᠨ ᠵᠢᠯ ᠦ᠋ᠨ ᠡᠮᠦᠨ᠎ᠡ ᠡᠨᠡ ᠨᠢᠳᠦ ᠭᠡᠨᠡᠨ ᠬᠣᠩᠭᠣᠷ ᠵᠠᠯᠠᠭᠤ ᠨᠠᠰᠤᠨ ᠤ᠋ ᠡᠷᠳᠡᠮ ᠲᠡᠭᠦᠰ ᠰᠠᠢᠬᠠᠨ ᠬᠠᠷᠠᠴᠠ ᠪᠠᠷ ᠢᠯᠴᠢ ᠪᠠᠳᠠᠷᠠᠭᠤᠯᠬᠤ ᠮᠡᠲᠦ ᠰᠢᠷᠲᠡᠳᠡᠭ ᠪᠠᠢᠪᠠ᠃ ᠭᠡᠲᠡᠯ᠎ᠡ ᠬᠣᠷᠢᠨ ᠵᠢᠷᠭᠤᠭᠠᠬᠠᠨ ᠨᠠᠰᠤᠨ ᠠ᠋ᠴᠠ ᠪᠠᠨ ᠡᠬᠢᠯᠡᠨ ᠲᠡᠭᠦᠨ ᠤ ᠬᠣᠶᠠᠷ ᠨᠢᠳᠦ ᠪᠤᠷᠤᠭᠤ ᠬᠠᠷᠠᠵᠤ ᠪᠠᠢᠭ᠎ᠠ ᠪᠦᠬᠦᠨ ᠳ᠋ᠡᠭᠡᠨ ᠦᠯᠦ ᠢᠲᠡᠭᠡᠬᠦ ᠂ ᠮᠡᠳᠡᠭᠰᠡᠨ ᠴᠦ᠍ ᠮᠡᠳᠡᠭᠡ ᠦᠭᠡᠢ ᠭᠡᠬᠦ ᠲᠡᠨᠡᠭ ᠪᠦᠳᠡᠭᠢ ᠬᠠᠷᠠᠴᠠ ᠲᠠᠢ ᠪᠣᠯᠪᠠ ᠃ ᠡᠨᠡ ᠨᠢᠳᠦᠨ ᠤ ᠪᠤᠷᠤᠭᠤ ᠶᠤᠮ ᠭᠡᠵᠦ ᠦᠦ ? ᠡᠰᠡᠬᠦᠯ᠎ᠡ ᠂ ᠡᠳᠦᠢ ᠳ᠋ᠦ᠍ ᠲᠥᠷᠥᠭᠰᠡᠨ ᠪᠡᠶ᠎ᠡ ᠶ᠋ᠢᠨ ᠪᠤᠷᠤᠭᠤ ᠭᠡᠵᠦ ᠦᠦ ? ᠡᠷᠭᠢᠴᠡᠭᠦᠯᠦᠨ ᠲᠤᠩᠭᠠᠬᠤ ᠴᠢᠳᠠᠯ ᠲᠠᠢ ᠣᠢ ᠤᠬᠠᠭᠠᠨ ᠤ᠋ ᠪᠤᠷᠤᠭᠤ ᠶᠤᠮ ᠭᠡᠵᠦ ᠦᠦ ᠁  
      ᠲᠡᠭᠡᠭᠡᠳ ᠠᠶᠠᠭ᠎ᠠ ᠪᠠᠨ ᠮᠡᠯᠡᠬᠡᠢ ᠰᠢᠷᠡᠭᠡᠨ ᠳᠡᠭᠡᠷ᠎ᠡ ᠳᠡᠰ ᠬᠢᠲᠡᠯ᠎ᠡ ᠲᠠᠯᠪᠢᠭᠠᠳ ᠠᠮᠢᠰᠬᠤᠭᠠᠳᠠᠨ ᠪᠠᠢᠵᠤ᠂ ᠶᠠᠮᠠᠷ ᠨᠢᠭᠡᠨ ᠶᠠᠭᠤᠮ᠎ᠠ ᠶ᠋ᠢ ᠭᠢᠯᠤᠢᠨ ᠬᠠᠷᠠᠵᠤ᠄
     《  ᠦᠭᠡᠢ !᠁ ᠪᠢ ᠬᠥᠮᠦᠨ ᠪᠣᠯᠬᠤ ᠠ᠋ᠴᠠ ᠪᠢᠰᠢ ᠂ ᠬᠥᠮᠦᠰ ᠦ᠋ᠨ ᠲᠣᠭᠯᠠᠭᠠᠮ ᠪᠢᠰᠢ ! ᠥᠴᠦᠬᠡᠨ ᠶᠠᠭᠤᠮᠠᠰ ᠢ᠋ᠶ᠋ᠠᠷ ᠲᠣᠭᠯᠠᠭᠤᠯᠵᠤ ᠠᠮᠢᠳᠤᠷᠠᠭᠰᠠᠨ ᠠ᠋ᠴᠠ ᠥᠪᠡᠷ ᠢ᠋ᠶ᠋ᠡᠨ ᠥᠪᠡᠷ ᠢ᠋ᠶ᠋ᠡᠷ ᠢ᠋ᠶ᠋ᠡᠨ ᠲᠣᠭᠯᠠᠭᠠᠳ ᠥᠩᠭᠡᠷᠡᠭᠰᠡᠨ ᠨᠢ ᠳᠡᠭᠡᠷ᠎ᠡ ! ᠡᠷᠳᠡᠮ ᠦᠭᠡᠢ ᠶ᠋ᠢᠨ ᠡᠮᠦᠨ᠎ᠡ᠂ ᠡᠷᠳᠡᠮᠲᠦ ᠲᠡᠷᠢᠭᠦᠨ ᠢ᠋ ᠪᠥᠬᠥᠢᠵᠦ ᠠᠮᠢ ᠲᠡᠵᠢᠭᠡᠬᠦ ᠭᠡᠵᠦ ᠦᠦ ?᠁ ᠴᠢᠳᠠᠬᠤ ᠦᠭᠡᠢ ! ᠬᠡᠵᠢᠶ᠎ᠡ ᠴᠦ᠍ ᠦᠭᠡᠢ 》 ᠭᠡᠵᠦ ᠭᠠᠭᠴᠠᠭᠠᠷ ᠢ᠋ᠶ᠋ᠠᠨ ᠶᠠᠷᠢᠬᠤ ᠳ᠋ᠤ᠌ ᠲᠡᠳᠡᠭᠡᠷ ᠭᠠᠰᠢᠭᠤᠨ ᠦᠭᠡᠰ ᠂ ᠭᠠᠰᠢᠭᠤᠨ ᠣᠷᠭᠢᠭ᠍ᠰᠠᠨ ᠴᠡᠭᠡᠵᠢᠨ ᠤ ᠬᠢᠨᠢ ᠭᠠᠰᠢᠭᠤᠨ ᠢᠷᠣᠭᠠᠯ ᠠ᠋ᠴᠠ ᠭᠠᠷᠴᠤ ᠢᠷᠡᠬᠦ ᠮᠡᠲᠦ ᠠᠶᠠᠷᠬᠠᠨ ᠰᠢᠪᠡᠨᠡᠨ ᠳᠠᠭᠤᠷᠢᠰᠤᠭᠰᠠᠭᠠᠷ ᠪᠦᠷ ᠲᠣᠳᠣᠷᠠᠵᠤ᠂ ᠴᠢᠩᠭ᠎ᠠ ᠬᠡᠯᠡᠵᠦ ᠲᠡᠭᠦᠰᠦᠭᠡᠳ ᠬᠣᠢᠨ᠎ᠠ ᠠ᠋ᠴᠠ ᠨᠢ ᠬᠦᠷᠬᠢᠷᠡᠬᠦ ᠮᠡᠲᠦ ᠳᠠᠭᠤ ᠭᠠᠷᠴᠤ ᠴᠢᠮᠡᠭᠡ ᠦᠭᠡᠢ ᠪᠣᠯᠪᠠ ᠃ ᠲᠡᠭᠡᠭᠰᠡᠨ ᠢ᠋ᠶ᠋ᠡᠨ ᠰᠠᠶᠢ ᠰᠠᠨᠠᠭᠰᠠᠨ ᠮᠡᠲᠦ ᠲᠠᠮᠠᠬᠢ ᠪᠠᠨ ᠨᠡᠷᠡᠵᠦ᠂ ᠤᠲᠤᠭ᠎ᠠ ᠶ᠋ᠢ ᠬᠣᠢᠨ᠎ᠠ ᠬᠣᠢᠨ᠎ᠠ ᠠ᠋ᠴᠠ ᠨᠢ ᠭᠠᠷᠭᠠᠨ ᠲᠠᠮᠰᠢᠶᠠᠵᠤ ᠠᠷᠠᠢᠬᠠᠨ ᠲᠠᠢᠪᠤᠰᠢᠷᠠᠪᠠ ᠪᠣᠯᠤᠯᠲᠠᠢ ᠡᠷᠭᠢᠨ ᠲᠣᠭᠣᠷᠢᠨ ᠢ᠋ᠶ᠋ᠠᠨ ᠬᠠᠷᠠᠵᠤ  ᠭᠡᠳᠡᠷᠭᠦ ᠪᠡᠨ ᠬᠡᠪᠲᠡᠪᠡ᠃ 
      ᠭᠠᠵᠠᠷ ᠳᠡᠯᠡᠬᠡᠢ ᠦᠯᠦ ᠮᠡᠳᠡᠭ ᠳᠠᠢᠪᠠᠯᠵᠠᠬᠤ ᠮᠡᠲᠦ ᠪᠣᠯᠵᠤ᠂ ᠲᠠᠷᠢᠬᠢ ᠲᠣᠯᠣᠭᠠᠢ ᠨᠢᠭᠡᠨ ᠦᠶ᠎ᠡ ᠪᠡᠨ ᠪᠣᠳᠣᠪᠠᠯ ᠵᠢᠷᠭᠠᠯᠲᠠᠢ ᠪᠠᠷ ᠮᠠᠩᠰᠢᠭᠤᠷᠠᠨ ᠂ ᠨᠣᠮ ᠡᠷᠳᠡᠮ ᠦ᠋ᠨ ᠮᠥᠷ ᠬᠥᠭᠡᠭᠡᠭᠰᠡᠨ  ᠬᠣᠷᠢᠭᠠᠳ ᠵᠢᠯ ᠢ᠋ᠶ᠋ᠡᠨ ᠳᠤᠷᠠᠰᠤᠨ ᠬᠥᠳᠡᠯᠦᠯ ᠦᠭᠡᠢ ᠬᠡᠪᠲᠡᠭᠰᠡᠭᠡᠷ ᠪᠠᠢᠪᠠ ᠃ 
      ᠨᠠᠢ᠍ᠮᠠᠨ ᠨᠠᠰᠤᠨ ᠳ᠋ᠠᠭᠠᠨ ᠠᠯᠲᠠᠨᠭᠡᠷᠡᠯ ᠭᠤᠸᠠᠢ ᠪᠠᠷ ᠠᠩᠬ᠎ᠠ ᠮᠣᠩᠭᠣᠯ ᠦᠰᠦᠭ ᠵᠢᠭᠠᠯᠭᠠᠵᠤ ᠡᠬᠢᠯᠡᠭᠰᠡᠨ ᠦᠶ᠎ᠡ ᠰᠠᠨᠠᠭᠠᠨ ᠳ᠋ᠤᠨᠢ ᠣᠷᠣᠨ᠂ ᠤᠯᠠᠮ ᠢ᠋ᠶ᠋ᠠᠷ ᠮᠣᠩᠭᠣᠯ – ᠮᠠᠨᠵᠤ ᠪᠣᠯᠤᠨ ᠬᠢᠲᠠᠳ ᠬᠡᠯᠡ ᠪᠢᠴᠢᠭ ᠦ᠋ᠨ ᠰᠤᠷᠭᠠᠭᠤᠯᠢ ᠳ᠋ᠤ᠌ ᠰᠤᠷᠴᠤ᠂ ᠴᠡᠷᠢᠭ ᠦ᠋ᠨ ᠶᠠᠮᠤᠨ ᠳ᠋ᠤ᠌ ᠣᠨ ᠤᠳᠠᠭᠠᠨ ᠪᠢᠴᠢᠭᠡᠴᠢ ᠠᠭᠰᠠᠨ ᠡᠴᠢᠭᠡ ᠶ᠋ᠢᠨ ᠢ᠋ᠶ᠋ᠠᠨ ᠣᠷᠣ ᠶ᠋ᠢ ᠣᠷᠣᠯᠠᠵᠤ ᠨᠡᠷ᠎ᠡ ᠶ᠋ᠢ ᠨᠡᠷᠡᠯᠡᠭᠦᠯᠦᠭᠰᠡᠨ ᠪᠢᠴᠢᠭᠡᠴᠢ ᠶ᠋ᠢᠨ ᠡᠭᠦᠷᠭᠡ ᠭᠦᠢᠴᠡᠳᠬᠡᠬᠦ ᠳ᠋ᠡᠭᠡᠨ ᠮᠣᠩᠭᠣᠯ ᠳᠠᠶᠠᠭᠠᠷ ᠳᠠᠢᠴᠢᠨ ᠠᠯᠳᠠᠷ ᠨᠢ ᠳᠠᠭᠤᠷᠢᠰᠤᠭᠰᠠᠨ ᠴᠡᠷᠢᠭ ᠦ᠋ᠨ ᠶᠡᠬᠡ ᠵᠠᠩᠵᠤᠨ ᠮᠠᠭᠰᠤᠷᠵᠠᠪ ᠂ ᠰᠥᠭᠡᠪᠠᠭ᠋ᠡᠳᠦᠷ ᠪᠣᠯᠤᠨ ᠴᠣᠢᠪᠠᠯᠰᠠᠩ ᠵᠡᠷᠭᠡ ᠬᠥᠮᠦᠨ ᠲᠡᠢ ᠬᠠᠮᠲᠤ ᠠᠵᠢᠯᠯᠠᠵᠤ ᠪᠠᠢᠭᠰᠠᠨ ᠨᠢ ᠥᠰᠪᠥᠷᠢ ᠪᠠᠭ᠎ᠠ ᠦᠶ᠎ᠡ ᠶ᠋ᠢᠨ ᠠᠯᠲᠠᠨ ᠡᠳᠦᠷ ᠦ᠋ᠳ ᠮᠡᠲᠦ ᠰᠠᠨᠠᠭᠳᠠᠨ᠎ᠠ᠃ 
      ᠠᠷᠪᠠ ᠶᠢᠰᠦᠨ ᠨᠠᠰᠤᠨ ᠳ᠋ᠠᠭᠠᠨ ᠤᠯᠤᠰ ᠤᠨ ᠬᠢᠯᠢ ᠠᠯᠬᠤᠵᠤ ᠂ ᠪᠠᠯᠲ ᠤᠨ ᠳᠠᠯᠠᠢ ᠶ᠋ᠢᠨ ᠡᠷᠭᠢ᠂  ᠯᠧᠨᠢᠩᠭᠷᠡᠳ᠋ ᠬᠤᠲᠠᠨ᠎ᠠ ᠣᠴᠢᠭᠠᠳ ᠲᠡᠨᠳᠡ ᠮᠣᠩᠭᠣᠯ ᠭᠠᠵᠠᠷ ᠤ᠋ᠨ ᠤᠤᠭᠠᠨ ᠬᠠᠢᠷᠠᠲᠤ ᠪᠦᠰᠡᠭᠦᠢ ᠫᠠᠭᠮᠠᠳᠤᠯᠮ᠎ᠠ ᠲᠠᠢ ᠪᠠᠨ ᠬᠠᠮᠲᠤ ᠰᠤᠷᠴᠤ᠂ ᠬᠣᠷᠢᠨ ᠨᠠᠰᠤᠨ ᠳ᠋ᠠᠭᠠᠨ ᠭᠧᠷᠮᠠᠨ ᠣᠷᠣᠨ ᠳ᠋ᠤ᠌ ᠣᠳᠤᠭᠰᠠᠨ ᠨᠢ ᠥᠨᠢ ᠡᠷᠲᠡᠨ ᠤ ᠶᠦᠮ ᠰᠢᠭ ᠪᠣᠳᠣᠭᠳᠠᠨ᠎ᠠ᠃
      ᠯᠠᠢᠫᠢᠰᠢ ᠬᠤᠲᠠᠨ᠎ᠠ ᠥᠷᠥᠨ᠎ᠡ ᠵᠦᠭ ᠦ᠋ᠨ ᠶᠣᠰᠣ ᠵᠠᠩᠰᠢᠯ ᠂ ᠨᠣᠮ ᠡᠷᠳᠡᠮ ᠂ ᠲᠡᠦᠬᠡ  ᠢᠷᠭᠡᠨᠰᠢᠯ ᠰᠤᠳᠤᠯᠵᠤ ᠂ ᠢᠨᠠᠭ ᠪᠦᠰᠡᠭᠦᠢ  ᠫᠠᠭᠮᠠᠳᠤᠯᠮ᠎ᠠ ᠶ᠋ᠢᠨ ᠬᠠᠮᠲᠤ ᠂ ᠬᠥᠮᠥᠨ ᠦ ᠭᠠᠵᠠᠷ ᠲᠤ᠌ ᠥᠪᠡᠷ ᠦ᠋ᠨ ᠵᠢᠷᠭᠠᠯ ᠢ᠋ᠶ᠋ᠠᠷ ᠴᠡᠩᠭᠡᠵᠦ ᠪᠠᠢᠲᠠᠯ᠎ᠠ ᠡᠴᠦᠰ ᠲᠦ᠍ ᠬᠠᠯᠠᠭᠤᠨ ᠬᠠᠢᠷ᠎ᠠ ᠶ᠋ᠢᠨ ᠰᠡᠳᠬᠢᠯ ᠢ᠋ᠶ᠋ᠡᠨ ᠴᠤᠴᠠᠯᠬᠤ ᠪᠤᠷᠤᠭᠤ ᠰᠠᠨᠠᠭ᠎ᠠ ᠲᠥᠷᠥᠭᠰᠡᠨ ᠢ᠋ ᠣᠳᠣ ᠪᠣᠳᠣᠬᠤ ᠳ᠋ᠤ᠌ ᠳᠣᠲᠣᠷ᠎ᠠ ᠡᠪ ᠦᠭᠡᠢ ᠣᠷᠬᠢᠬᠤ ᠲᠤᠯᠠ ᠨᠢᠭᠤᠷ ᠢ᠋ᠶ᠋ᠡᠨ ᠢᠷᠪᠠᠢᠯᠭᠠᠨ᠂ ᠪᠤᠰᠢᠭᠤᠬᠠᠨ ᠥᠭᠡᠷ᠎ᠡ ᠵᠦᠢᠯ ᠢ᠋ ᠪᠣᠳᠣᠪᠠ᠃ ᠭᠡᠪᠡᠴᠦ ᠂ ᠣᠷᠣᠰ ᠨᠤᠲᠤᠭ ᠤ᠋ᠨ ᠡᠷᠬᠡ ᠵᠠᠩ ᠲᠠᠢ ᠂ ᠨᠣᠭᠣᠭᠠᠨ ᠨᠢᠳᠦᠲᠦ ᠤᠯᠠᠭᠠᠨ ᠪᠠᠰᠠᠭᠠᠨ ᠨᠢᠨᠠ ᠨᠢᠺᠦᠯᠠᠢᠶᠧᠨᠠ ᠴᠢᠰᠲ᠋ᠶᠠᠺᠣᠸᠠ ᠰᠡᠳᠬᠢᠯ  ᠳ᠋ᠦ᠍ ᠤᠷᠭᠤᠨ ᠲᠡᠭᠦᠨ ᠲᠡᠢ ᠬᠠᠨᠢᠯᠠᠨ ᠥᠩᠭᠡᠷᠡᠭᠡᠭᠰᠡᠨ ᠵᠢᠷᠭᠠᠯ ᠴᠡᠩᠭᠡᠯ ᠬᠡᠳᠦ ᠪᠢᠯᠬᠠᠮᠠᠯ ᠴᠥᠭᠡᠬᠡᠨ ᠰᠠᠷ᠎ᠠ ᠰᠠᠨᠠᠭᠳᠠᠪᠠ᠃ ᠥᠭᠡᠷ᠎ᠡ ᠶᠠᠭᠤᠮ᠎ᠠ ᠪᠣᠳᠣᠬᠤ ᠰᠠᠨ ᠭᠡᠬᠦ ᠡᠴᠡ ᠶᠡᠬᠡ ᠴᠡᠩᠭᠡᠯ ᠦ᠋ᠨ ᠳᠤᠮᠳᠠ ᠠ᠋ᠴᠠ ᠲᠥᠷᠥᠭᠰᠡᠨ ᠪᠢᠴᠢᠬᠠᠨ ᠥᠬᠢᠨ ᠠᠨᠠᠨᠳᠠ – ᠱᠷᠢ᠂ ᠰᠠᠨᠠᠮᠰᠠᠷ ᠦᠭᠡᠢ ᠰᠠᠯᠤᠯᠲᠠ ᠶ᠋ᠢ ᠲᠤᠯᠭᠠᠨ ᠢᠷᠡᠭᠰᠡᠨ ᠶᠢᠷᠲᠢᠨᠴᠦ ᠶ᠋ᠢᠨ ᠲᠡᠷᠡ ᠨᠢᠭᠡᠨ ᠬᠠᠲᠠᠭᠤ ᠡᠳᠦᠷ᠂ ᠥᠬᠢᠨ ᠦᠷ᠎ᠡ ᠪᠡᠨ ᠲᠡᠪᠡᠷᠢᠨ ᠣᠳᠤᠭᠰᠠᠨ ᠨᠢᠨᠠ ᠶ᠋ᠢᠨ ᠪᠠᠷ᠎ᠠ ᠰᠡᠳᠬᠢᠯ ᠳ᠋ᠦ᠍ ᠤᠷᠭᠤᠨ᠂ ᠬᠣᠭᠣᠯᠠᠢ ᠵᠠᠩᠭᠢᠷᠠᠬᠤ ᠲᠤᠯᠠ ᠣᠷᠣ ᠠ᠋ᠴᠠ ᠪᠠᠨ ᠪᠣᠰᠤᠨ ᠬᠠᠷᠠᠢᠵᠤ᠂ ᠶᠠᠭᠠᠷᠠᠨ ᠬᠤᠪᠴᠠᠰᠤᠯᠠᠭᠠᠳ ᠭᠠᠳᠠᠭ᠎ᠠ ᠭᠠᠷᠪᠠ ᠃ ᠶᠠᠭᠠᠬᠢᠵᠤ ᠡᠢᠭᠰᠡᠭᠡᠷ ᠪᠠᠢᠲᠠᠯ᠎ᠠ ᠦᠳᠡ ᠳᠥᠭᠥᠵᠡᠢ᠃ ᠲᠡᠭᠷᠢ  ᠪᠥᠷᠥᠭᠬᠡᠨ ᠪᠣᠯᠪᠠᠴᠤ ᠪᠣᠷᠣᠭᠠᠨ ᠣᠷᠣᠬᠤ ᠦᠭᠡᠢ᠂ ᠤᠷᠢᠳᠤ ᠰᠥᠨᠢ ᠶ᠋ᠢᠨ ᠪᠠᠭ᠎ᠠ ᠰᠠᠭ᠎ᠠ ᠰᠢᠪᠡᠷᠡᠭᠡ ᠪᠣᠷᠣᠭᠠᠨ ᠢ᠋ᠶ᠋ᠠᠷ ᠭᠠᠵᠠᠷ ᠳᠡᠯᠡᠬᠡᠢ ᠶ᠋ᠢᠨ ᠲᠣᠭᠣᠰᠣ ᠳᠠᠷᠤᠭᠳᠠᠭᠠᠳ ᠂ ᠰᠠᠯᠬᠢ ᠦᠭᠡᠢ ᠪᠦᠦᠳᠡᠭᠡᠷ ᠡᠨᠡ ᠡᠳᠦᠷ᠂ ᠨᠠᠭᠠᠳᠤᠮ ᠨᠠᠷᠭᠢᠶᠠᠨ ᠳ᠋ᠤ᠌ ᠨᠡᠩ ᠲᠠᠭᠠᠲᠠᠢ ᠮᠡᠲᠦ᠃
      ᠪᠣᠰᠤᠭ᠎ᠠ ᠱᠤᠷᠭᠠᠭ ᠬᠠᠰᠢᠶ᠎ᠠ ᠨᠤᠭᠤᠳ ᠪᠠ  ᠳ᠋ᠠᠩ ᠴᠠᠭᠠᠨ ᠪᠠᠢᠰᠢᠩ  ᠭᠣᠣᠯᠯᠠᠭᠰᠠᠨ ᠮᠣᠩᠭᠣᠯ ᠤᠯᠤᠰ ᠤᠨ ᠨᠡᠢᠰᠯᠡᠯ ᠬᠣᠲᠠ ᠶᠡᠬᠡᠪᠴᠢᠯᠡᠨ ᠢᠰᠡᠭᠡᠢ ᠭᠡᠷ ᠂ ᠵᠢᠵᠢᠭ ᠥᠮᠥᠭᠥᠷ ᠪᠠᠢᠰᠢᠩ ᠠᠴᠠ ᠪᠦᠷᠢᠳᠦᠨ ᠲᠣᠭ᠎ᠠ ᠲᠣᠮᠰᠢ ᠦᠭᠡᠢ ᠣᠯᠠᠨ ᠱᠣᠩ ᠮᠣᠳᠣ᠂ ᠪᠦᠳᠦᠭᠦᠨ ᠨᠠᠷᠢᠨ ᠬᠣᠯᠢᠯᠳᠤᠨ ᠳᠡᠭᠡᠭᠰᠢ ᠰᠢᠪᠡᠭᠡᠯᠡᠨ ᠬᠠᠷᠠᠭᠳᠠᠬᠤ ᠨᠢ ᠨᠠᠪᠴᠢ ᠮᠥᠴᠢᠷ ᠦᠭᠡᠢ ᠰᠢᠭᠤᠢ ᠮᠡᠲᠦ ᠬᠠᠷᠠᠭᠳᠠᠨ᠎ᠠ᠃ ᠡᠳᠡᠭᠡᠷ ᠱᠣᠩ ᠤ᠋ᠨ ᠠᠴᠢ ᠪᠠᠷ ᠬᠣᠲᠠ ᠶ᠋ᠢᠨ ᠠᠢᠯ ᠪᠦᠬᠦᠨ ᠭᠡᠷᠡᠯ ᠴᠢᠳᠧᠩ ᠲᠡᠢ᠂ ᠠᠯᠪᠠᠨ ᠭᠠᠵᠠᠷ ᠤ᠋ᠨ ᠶᠡᠬᠡᠩᠬᠢ ᠨᠢ ᠶᠠᠷᠢᠳᠠᠭ ᠤᠲᠠᠰᠤ᠂ ᠵᠠᠷᠢᠮ ᠨᠢ ᠷᠠᠳᠢᠣ᠋ ᠲᠠᠢ ᠪᠠᠢᠭ᠎ᠠ ᠠᠵᠢ᠃  
      ᠡᠨᠡ ᠥᠪᠡᠷᠮᠢᠴᠡ ᠪᠢᠴᠢᠬᠠᠨ ᠬᠣᠲᠠ ᠶ᠋ᠢᠨ ᠭᠤᠳᠤᠮᠵᠢᠨ ᠳ᠋ᠤ᠌ ᠬᠥᠰᠬᠡ ᠲᠡᠷᠭᠡ ᠂ ᠮᠣᠷᠢ ᠲᠡᠮᠡᠭᠡ ᠂ ᠨᠣᠬᠠᠢ ᠭᠠᠬᠠᠢ ᠪᠣᠯᠤᠨ ᠲᠠᠬᠢᠶ᠎ᠠ ᠦᠬᠡᠷ ᠬᠦᠷᠲᠡᠯ᠎ᠡ ᠦᠵᠡᠭᠳᠡᠬᠦ ᠨᠢ ᠶᠡᠷᠦ ᠶ᠋ᠢᠨ ᠵᠦᠢᠯ ᠪᠥᠭᠡᠳ ᠬᠥᠮᠦᠰ᠂ ᠬᠣᠲᠠ ᠬᠥᠳᠡᠭᠡ ᠶ᠋ᠢᠨ ᠬᠢᠨ ᠲᠡᠳᠦᠢ ᠦᠭᠡᠢ ᠶᠡᠬᠡ ᠢᠯᠭᠠᠭ᠎ᠠ ᠲᠠᠢ ᠪᠤᠰᠤ ᠬᠤᠪᠴᠠᠰᠤᠯᠠᠵᠤ᠂ ᠬᠥᠯᠥᠰᠥᠨ ᠤ ᠮᠣᠷᠢᠨ ᠲᠡᠷᠭᠡ ᠂ ᠤᠨᠤᠳᠠᠭ ᠳᠤᠭᠤᠢ ᠬᠣᠶᠠᠷ ᠡᠯᠪᠡᠭ ᠦᠶ᠎ᠡ ᠪᠠᠢᠪᠠ᠃ ᠨᠠᠴᠤᠭᠳᠣᠷᠵᠢ ᠤᠷᠢᠳᠤ ᠠᠭᠤᠯᠠ ᠶ᠋ᠢᠨ ᠣᠷᠣᠢ ᠶ᠋ᠢ ᠬᠠᠷᠠᠪᠠᠯ ᠡᠭᠦᠯᠡ ᠮᠠᠨᠠᠨ ᠲᠠᠢ ᠴᠡᠩᠬᠡᠷ ᠪᠠᠷᠠᠭᠠᠨ ᠬᠥᠪᠴᠢ ᠬᠠᠷᠠᠭᠳᠠᠬᠤ ᠲᠤᠯᠠ ᠄ 
             ᠴᠡᠩᠬᠡᠷᠯᠡᠨ ᠬᠠᠷᠠᠭᠳᠠᠬᠤ ᠠᠭᠤᠯᠠ ᠨᠢ ᠬᠥ᠋
             ᠴᠡᠴᠡᠭ ᠵᠢᠮᠢᠰ ᠲᠡᠢ ᠠᠭᠤᠯᠠ ᠪᠠᠢᠨ᠎ᠠ ᠬᠥ᠋ 
             ᠴᠡᠴᠡᠷᠯᠢᠭ ᠰᠠᠢᠬᠠᠨ ᠠᠭᠤᠯᠠᠨ ᠳ᠋ᠤᠨᠢ 
             ᠬᠦᠦ ᠲᠡᠢ ᠪᠡᠨ ᠵᠢᠷᠭᠠᠮᠠᠷ ᠠᠭᠤᠯᠠ ᠪᠠᠢᠨ᠎ᠠ ᠭᠡᠵᠦ ᠰᠡᠳᠬᠢᠯ ᠰᠡᠷᠭᠦᠨ ᠠᠶᠠᠯᠭᠤᠯᠠᠵᠤ᠂ ᠪᠡᠶ᠎ᠡ ᠶ᠋ᠢᠨ ᠠᠯᠵᠢᠶᠠᠯ ᠢ᠋ ᠮᠠᠷᠲᠠᠨ ᠰᠤᠨᠢᠶᠠᠨ᠂ ᠬᠠᠰᠢᠶᠠᠨ ᠳᠣᠲᠣᠭᠤᠷ ᠡᠢᠰᠢ ᠲᠠᠢᠰᠢ ᠶᠠᠪᠤᠵᠤ᠂ ᠵᠢᠵᠢᠭ ᠴᠢᠯᠠᠭᠤ ᠠᠪᠴᠤ ᠰᠢᠳᠡᠭᠰᠡᠨ ᠨᠢ ᠬᠠᠰᠢᠶᠠᠨ ᠠ᠋ᠴᠠ ᠲᠡᠷᠲᠡᠭᠡ ᠤᠷᠢᠳᠤ ᠪᠠᠢᠭ᠎ᠠ ᠲᠡᠮᠦᠷ ᠲᠣᠷᠬ᠎ᠠ ᠲᠠᠢ ᠬᠣᠭ ᠢ᠋ ᠲᠦᠰ ᠬᠢᠲᠡᠯ᠎ᠡ ᠤᠨᠤᠬᠤ ᠳ᠋ᠤ᠌ ᠲᠡᠭᠦᠪᠡᠷ ᠶᠠᠪᠤᠭᠰᠠᠨ ᠵᠣᠯᠪᠢᠩ ᠨᠣᠬᠠᠳ ᠭᠠᠰᠠᠯᠤᠨ ᠵᠠᠢᠯᠠᠪᠠ᠃ 
     《 ᠬᠡᠨ ᠲᠡᠢ ᠪᠡᠨ ᠴᠦ᠍ ᠵᠤᠭᠠᠯᠠᠬᠤ ᠪᠢᠯᠡ ᠳᠠ 》 ᠭᠡᠵᠦ ᠠᠮᠠᠨ ᠳ᠋ᠠᠭᠠᠨ ᠥᠭᠦᠯᠡᠭᠡᠳ᠂ ᠮᠥᠨ ᠯᠡ ᠲᠡᠷᠡ ᠠᠭᠤᠯᠠ ᠶ᠋ᠢᠨ ᠵᠡᠭᠦᠨ ᠳᠡᠭᠡᠭᠦᠷ ᠠᠯᠤᠰ ᠢ᠋ ᠬᠠᠷᠠᠬᠤ ᠳ᠋ᠤ᠌ ᠵᠠᠷᠢᠮ ᠭᠠᠵᠠᠷ ᠡᠭᠦᠯᠡᠨ ᠴᠢᠯᠥᠭᠡ ᠪᠡᠷ ᠨᠠᠷᠠ ᠲᠤᠰᠤᠭᠰᠠᠨ ᠨᠢ ᠪᠣᠶᠠᠨᠵᠢᠷᠭᠠᠯ ᠤ᠋ᠨ ᠨᠡᠷ᠎ᠡ ᠮᠡᠲᠦ᠁ ᠲᠡᠷᠡ ᠠᠭᠤᠯᠠᠰ ᠠ᠋ᠴᠠ ᠴᠠᠭᠠᠨ᠎ᠠ ᠨᠠᠷᠠ ᠭᠡᠢᠭᠰᠡᠨ ᠴᠡᠯᠡᠭᠡᠷ ᠰᠠᠢᠬᠠᠨ ᠬᠥᠨᠳᠡᠢ ᠳ᠋ᠦ᠍ ᠳᠡᠷᠡᠰᠦᠨ ᠳᠤᠮᠳᠠ ᠠ᠋ᠴᠠ ᠬᠣᠶᠠᠷ ᠨᠠᠭᠤᠷ ᠁ ᠬᠢᠯᠭᠠᠨ᠎ᠠ ᠬᠠᠯᠢᠭᠤᠷᠠᠭᠰᠠᠨ ᠰᠢᠷᠭᠠᠯ ᠠᠷ᠂ ᠨᠣᠭᠣᠭ᠎ᠠ ᠵᠢᠭᠳᠡᠷᠡᠭᠰᠡᠨ ᠲᠠᠯᠪᠢᠭᠤᠨ ᠡᠩᠭᠡᠷ᠂ ᠰᠡᠷᠢᠭᠦᠨ ᠰᠠᠢᠬᠠᠨ ᠳᠡᠨᠵᠢ ᠪᠣᠢ ᠃ ᠡᠨᠡ ᠮᠠᠭᠤ ᠪᠡᠶ᠎ᠡ ᠶ᠋ᠢᠨ ᠮᠢᠨᠢ ᠲᠥᠷᠥᠵᠦ ᠥᠰᠦᠭᠰᠡᠨ ᠥᠯᠥᠭᠡᠢ ᠲᠡᠷᠡ ᠪᠢᠯᠡ᠃ ᠬᠥᠭᠡᠷᠦᠬᠦᠢ ᠡᠵᠢ ᠡᠴᠡ ᠪᠡᠨ ᠳᠣᠯᠣᠭᠠᠨ ᠨᠠᠰᠤᠨ ᠳ᠋ᠠᠭᠠᠨ ᠥᠨᠥᠴᠢᠷᠡᠭᠡᠳ ᠤᠬᠢᠯᠠᠵᠤ ᠪᠠᠢᠭᠰᠠᠨ ᠨᠤᠲᠤᠭ ( ᠪᠠᠭᠤᠴᠠ ) ᠮᠢᠨᠢ ᠲᠡᠨᠳᠡ ᠪᠣᠢ᠃ ᠰᠢᠯᠤᠭᠤᠨ ᠰᠢᠳᠤᠷᠭᠤ᠂ ᠬᠢᠴᠢᠶᠡᠩᠭᠦᠢ ᠨᠢᠮᠪᠠᠢ ᠡᠴᠢᠭᠡ ᠮᠢᠨᠢ ᠲᠡᠨᠳᠡ ᠨᠢᠭᠡᠨ ᠨᠠᠰᠤ ᠶ᠋ᠢ ᠡᠯᠡᠭᠡᠪᠡ ᠭᠡᠵᠦ ᠪᠣᠳᠣᠨ ᠶᠠᠭᠤ ᠶᠠᠭᠤ ᠦᠭᠡᠢ ᠨᠢᠳᠦᠨ ᠤ ᠬᠢᠨᠢ ᠨᠢᠯᠪᠤᠰᠤ ᠴᠡᠯᠡᠯᠵᠡᠨ ᠢᠷᠡᠪᠡ᠃ ᠨᠢᠳᠦᠨ ᠤ ᠵᠣᠪᠬᠢ ᠥᠩᠭᠡᠯᠵᠡᠨ ᠳᠦᠭᠦᠷᠬᠦ ᠲᠡᠷᠡ ᠬᠦ᠌ ᠨᠢᠯᠪᠤᠰᠤᠨ ᠳᠤᠮᠳᠠ᠂ ᠡᠴᠢᠭᠡ ᠳ᠋ᠠᠰᠢᠳᠤᠷᠵᠢ ᠶ᠋ᠢᠨ ᠬᠢᠨᠢ ᠪᠣᠳᠣᠯᠭᠠᠰᠢᠷᠠᠩᠭᠤᠢ ᠰᠢᠷ᠎ᠠ ᠴᠢᠷᠠᠢ᠂ ᠡᠬᠡ  ᠫᠠᠭᠮ᠎ᠠ ᠶ᠋ᠢᠨ ᠬᠢᠨᠢ ᠲᠠᠢᠪᠤᠩ ᠳᠦᠷᠢ᠂ ᠪᠠᠭ᠎ᠠ ᠶ᠋ᠢᠨ ᠨᠤᠲᠤᠭ ᠤ᠋ᠨ ᠠᠢᠯ ᠬᠦᠷᠰᠢ ᠶ᠋ᠢᠨ ᠬᠥᠮᠦᠰ ᠦ᠋ᠨ ᠲᠠᠨᠢᠯ ᠳᠤᠯᠠᠭᠠᠬᠠᠨ ᠴᠢᠷᠠᠢ ᠨᠤᠭᠤᠳ ᠵᠢᠪᠦᠨ ᠵᠢᠪᠦᠨ ᠥᠩᠭᠡᠷᠡᠵᠦ ᠨᠢᠳᠦ ᠨᠢ ᠪᠦᠷᠬᠦᠨ ᠬᠠᠷᠠᠩᠭᠤᠢᠯᠠᠪᠠ᠃ 
      ᠡᠨᠡ ᠬᠥᠮᠦᠰ ᠦ᠋ᠨ ᠡᠮᠦᠨ᠎ᠡ ᠶᠠᠮᠠᠷ ᠨᠢᠭᠡᠨ ᠭᠡᠮ ᠨᠢᠭᠦᠯ ᠦᠢᠯᠡᠳᠦᠭᠰᠡᠨ ᠮᠡᠲᠦ ᠰᠠᠨᠠᠭᠳᠠᠪᠠ᠃ ᠪᠣᠳᠣᠪᠠᠰᠤ ᠂ ᠠᠰᠤᠷᠤ ᠶᠡᠬᠡ ᠪᠤᠷᠤᠭᠤᠲᠠᠨ ᠪᠣᠯᠵᠤ ᠭᠡᠨᠡᠳᠲᠡ ᠭᠠᠰᠠᠯᠤᠨ ᠭᠣᠮᠣᠳᠠᠬᠤ ᠰᠡᠳᠬᠢᠯ ᠲᠥᠷᠥᠪᠡ᠃  ᠭᠡᠪᠡᠴᠦ ᠬᠡᠨ ᠳ᠋ᠦ᠍ ᠶᠠᠭᠤᠨ ᠳ᠋ᠤ᠌ ᠭᠣᠮᠣᠳᠠᠬᠤ ᠪᠢᠯᠡ ? ᠠᠪᠤ ᠡᠵᠢ ᠪᠣᠯᠤᠨ ᠠᠷᠠᠳ ᠣᠯᠠᠨ ᠳ᠋ᠠᠭᠠᠨ ᠭᠣᠮᠣᠳᠠᠬᠤ ᠶ᠋ᠢ ᠪᠤᠤ ᠬᠡᠯᠡ᠂ ᠪᠠᠶᠠᠷᠯᠠᠭᠠᠳ ᠪᠠᠷᠠᠰᠢ ᠦᠭᠡᠢ᠃ ᠤᠯᠤᠰ ᠣᠷᠣᠨ ᠂ ᠲᠥᠷᠥ ᠵᠠᠰᠠᠭ ᠲᠠᠭᠠᠨ ᠭᠣᠮᠣᠳᠠᠬᠤ ᠶᠠᠮᠠᠷ ᠴᠤ᠌ ᠵᠦᠢᠯ ᠦᠭᠡᠢ ᠪᠥᠭᠡᠳ ᠬᠠᠷᠢᠨ ᠴᠤ᠌ ᠭᠠᠷ ᠢ᠋  ᠭᠠᠨᠵᠤᠭᠠᠨ ᠳ᠋ᠤ᠌᠂ ᠬᠥᠯ ᠢ᠋ ᠳᠥᠷᠦᠭᠡᠨ ᠳ᠋ᠦ᠍ ᠬᠦᠷᠭᠡᠵᠦ ᠭᠠᠳᠠᠭᠠᠳᠤ ᠣᠯᠠᠨ ᠤᠯᠤᠰ ᠤ᠋ᠨ ᠬᠣᠲᠠ ᠪᠠᠯᠭᠠᠳ ᠲᠤ᠌ ᠰᠠᠭᠤᠯᠭᠠᠨ ᠡᠷᠳᠡᠮ ᠨᠣᠮ ᠦᠵᠡᠭᠦᠯᠦᠭᠰᠡᠨ ᠶᠡᠬᠡ ᠠᠴᠢ ᠶ᠋ᠢ ᠨᠢ ᠬᠠᠷᠢᠭᠤᠯᠠᠵᠤ ᠪᠠᠷᠠᠰᠢ ᠦᠭᠡᠢ ᠃
      ᠭᠡᠲᠡᠯ᠎ᠡ ᠭᠣᠮᠣᠳᠠᠬᠤ ᠶ᠋ᠢᠨ ᠤᠴᠢᠷ ᠶᠠᠭᠤᠨ ᠳ᠋ᠤ᠌ ᠪᠣᠢ ! ᠥᠪᠡᠷ ᠲᠡᠭᠡᠨ ᠭᠣᠮᠣᠳᠠᠬᠤ ᠭᠡᠵᠦ ᠦᠦ ? ᠡᠰᠡᠪᠡᠯ ᠬᠤᠪᠢ ᠵᠠᠶᠠᠭᠠᠨ ᠳ᠋ᠠᠭᠠᠨ ᠭᠣᠮᠣᠳᠠᠬᠤ ᠭᠡᠭᠴᠢ ᠪᠣᠢ ᠤᠤ? 
      ᠬᠤᠪᠢ ᠵᠠᠶᠠᠭ᠎ᠠ ᠨᠠᠴᠤᠭᠳᠣᠷᠵᠢ ᠶ᠋ᠢ ᠭᠣᠮᠣᠳᠠᠭᠠᠬᠤ ᠪᠠᠷ ᠬᠠᠲᠠᠭᠤ ᠰᠢᠷᠦᠭᠦᠨ ᠪᠠᠢᠭᠰᠠᠨ ᠤᠳᠠᠭ᠎ᠠ ᠪᠠᠢᠬᠤ ᠦᠭᠡᠢ ᠪᠥᠭᠡᠳ ᠶᠡᠷᠦ ᠨᠠᠴᠤᠭᠳᠣᠷᠵᠢ ᠵᠣᠪᠠᠯᠠᠩ ᠭᠡᠭᠴᠢ ᠶ᠋ᠢ ᠦᠵᠡᠭᠡ ᠦᠭᠡᠢ ᠂ ᠦᠵᠡᠬᠦ ᠴᠦ᠍ ᠵᠠᠪ ᠪᠣᠯᠤᠭ᠎ᠠ ᠦᠭᠡᠢ ᠪᠠᠢᠨᠠᠮ᠃ ᠬᠠᠷᠢᠨ ᠥᠪᠡᠷ ᠲᠡᠭᠡᠨ ᠭᠣᠮᠣᠳᠠᠬᠤ ᠤᠴᠢᠷ ᠪᠠᠢᠵᠤ ᠪᠣᠯᠬᠤ ᠠᠪᠠᠴᠤ᠂ ᠶᠡᠬᠡᠩᠬᠢ ᠬᠥᠮᠦᠨ ᠶᠡᠬᠡ ᠤᠬᠠᠭᠠᠨ ᠲᠠᠢ ᠪᠠᠢᠭᠰᠠᠨ ᠴᠤ᠌ ᠭᠡᠰᠡᠨ ᠂ ᠥᠪᠡᠷ ᠲᠡᠭᠡᠨ ᠭᠣᠮᠣᠳᠠᠬᠤ ᠴᠠᠭ ᠪᠣᠯᠬᠤ ᠳ᠋ᠤ᠌ ᠶᠠᠮᠠᠷ ᠨᠢᠭᠡᠨ ᠬᠥᠨᠳᠡᠯᠡᠨ ᠤ ᠰᠢᠯᠲᠠᠭᠠᠨ ᠢ᠋ ᠵᠠᠪᠠᠯ ᠡᠷᠢᠵᠦ ᠣᠯᠳᠠᠭ ᠨᠢ ᠮᠠᠨ ᠠ᠋ᠴᠠ ᠪᠠᠢᠲᠤᠭᠠᠢ ᠂ ᠠᠪᠤ ᠡᠵᠢ ᠡᠴᠡ ᠤᠷᠢᠳᠤ ᠶ᠋ᠢᠨ ᠭᠡᠮ ᠪᠤᠶᠤ ᠃ 
      ᠥᠪᠡᠷ ᠦ᠋ᠨ ᠪᠡᠶ᠎ᠡ ᠶ᠋ᠢ ᠥᠴᠦᠬᠡᠨ ᠥᠮᠥᠭᠯᠡᠬᠦ ᠶ᠋ᠢᠨ ᠲᠤᠯᠠᠳᠠ ᠲᠤᠬᠠᠢ ᠶ᠋ᠢᠨ ᠨᠡᠢᠭᠡᠮ ᠦ᠋ᠨ ᠰᠢᠯᠲᠠᠭᠠᠨ ᠤᠷᠤᠭᠤ ᠶᠠᠭᠤᠨ ᠤ᠋ ᠲᠡᠷᠢᠭᠦᠨ ᠳ᠋ᠦ᠍ ᠬᠠᠨᠳᠤᠳᠠᠭ ᠪᠥᠭᠡᠳ ᠬᠠᠨᠢᠯᠠᠭᠰᠠᠨ ᠬᠠᠨᠢ ᠦᠶᠡᠷᠬᠡᠭᠰᠡᠨ ᠨᠥᠬᠥᠳ ᠤᠷᠤᠭᠤ ᠡᠷᠭᠢᠳᠡᠭ ᠤᠳᠠᠭ᠎ᠠ ᠣᠯᠠᠨ ᠪᠣᠢ ᠃
      ᠨᠥᠬᠥᠳ ᠭᠡᠪᠡᠰᠦ ᠂ ᠨᠠᠴᠤᠭᠳᠣᠷᠵᠢ ᠳ᠋ᠤ᠌ ᠣᠯᠠᠨ ᠰᠠᠢᠬᠠᠨ ᠨᠥᠬᠥᠳ ᠪᠠᠢᠭᠰᠠᠨ ᠪᠢᠯᠡ᠃ ᠲᠡᠳᠡ ᠡᠷᠳᠡᠮ ᠰᠣᠶᠣᠯ ᠤ᠋ᠨ ᠲᠤᠯᠠᠳᠠ ᠨᠢᠭᠡᠨ ᠵᠤᠨ ᠤ᠋ ᠨᠣᠭᠣᠭ᠎ᠠ ᠮᠡᠲᠦ ᠬᠠᠮᠲᠤ ᠨᠠᠢᠭᠤᠨ ᠴᠡᠴᠡᠭᠯᠡᠵᠦ ᠨᠠᠢᠵᠠᠯᠠᠨ ᠳᠠᠰᠤᠭᠰᠠᠨ ᠪᠥᠭᠡᠳ 《 ᠬᠡᠭᠡᠷ᠎ᠡ ᠶ᠋ᠢᠨ ᠭᠠᠯᠠᠭᠤ ᠨᠢᠰᠦᠨ ᠦᠯᠦ ᠬᠦᠷᠬᠦ ᠭᠠᠵᠠᠷ ᠠ᠋ᠴᠠ᠂ ᠬᠥᠮᠦᠨ ᠤ ᠬᠦᠦ ᠡᠷᠳᠡᠮ ᠡᠪᠦᠷᠯᠡᠨ ᠢᠷᠡᠭᠰᠡᠨ 》 ᠤᠴᠢᠷ᠂ ᠨᠢᠭᠡᠨ ᠨᠠᠭᠤᠷ ᠲᠤ᠌ ᠴᠤᠭᠯᠠᠭᠰᠠᠨ ᠰᠢᠪᠠᠭᠤᠳ ᠮᠡᠲᠦ ᠨᠢᠭᠡᠨ ᠨᠢᠭᠡᠨ  ᠤ ᠳ᠋ᠡᠭᠡᠨ ᠴᠤᠭᠯᠠᠨ ᠴᠡᠩᠭᠡᠳᠡᠭ ᠰᠠᠨ᠃ 
      ᠭᠣᠣᠯᠴᠠᠭᠤ ᠨᠠᠴᠤᠭᠳᠣᠷᠵᠢ ᠶ᠋ᠢᠨ ᠳ᠋ᠦ᠍ ᠴᠤᠭᠯᠠᠷᠠᠵᠤ ᠡᠯᠳᠡᠪ ᠪᠠᠶᠠᠷᠲᠤ ᠦᠢᠯᠡ ᠶᠠᠪᠤᠳᠠᠯ ᠢ᠋ ᠶᠣᠰᠣᠯᠠᠨ ᠲᠡᠮᠳᠡᠭᠯᠡᠬᠦ ᠨᠢ ᠤᠯᠠᠮ ᠤᠯᠠᠮ ᠢ᠋ᠶ᠋ᠠᠷ ᠨᠢᠵᠢᠭᠢᠷ ᠥᠷᠭᠡᠨ ᠪᠣᠯᠤᠭᠰᠠᠭᠠᠷ ᠪᠠᠢᠭᠰᠠᠨ ᠪᠢᠯᠡ᠃ ᠨᠠᠴᠤᠭᠳᠣᠷᠵᠢ  ᠶ᠋ᠢᠨ ᠣᠬᠣᠷᠬᠠᠨ ᠴᠡᠩᠭᠡᠯ ᠦ᠋ᠨ ᠠᠯᠳᠠᠩᠬᠠᠨ ᠰᠥᠩᠴᠢ ᠪᠠᠢᠭᠰᠠᠨ ᠨᠢᠨᠡ ᠪᠣᠯ ᠲᠡᠷᠡ ᠮᠡᠲᠦ ᠴᠡᠩᠭᠡᠯ ᠨᠠᠷᠭᠢᠶᠠᠨ ᠳ᠋ᠤ᠌ ᠳᠤᠷᠠᠲᠠᠢ ᠪᠥᠭᠡᠳ ᠠᠮᠲᠠᠲᠤ ᠤᠤᠭᠤᠰᠢ ᠵᠠᠭᠤᠰᠢ᠂ ᠠᠯᠢᠶ᠎ᠠ ᠨᠠᠷᠭᠢᠶᠠᠨ ᠢ᠋ ᠨᠠᠢᠷᠠᠯ ᠬᠥᠭᠵᠢᠮ ᠤᠳᠤᠷᠢᠳᠬᠤ ᠮᠡᠲᠦ ᠴᠢᠳᠠᠮᠠᠭᠠᠢ ᠤᠳᠤᠷᠢᠳᠤᠨ ᠬᠥᠲᠥᠯᠵᠦ ᠴᠢᠳᠠᠳᠠᠭ ᠠᠪᠢᠶᠠᠰ ᠪᠦᠬᠦᠢ《 ᠡᠯᠪᠡᠭ ᠭᠠᠷ 》ᠲᠠᠢ ᠵᠠᠶᠠᠭᠠᠯᠠᠬᠣ ᠶ᠋ᠢᠨ ᠶᠡᠬᠡ ᠨᠠᠢᠷᠴᠢᠨ ᠪᠠᠢᠯ᠎ᠠ᠃ ᠲᠡᠷᠡ ᠦᠶ᠎ᠡ ᠡᠴᠡ ᠨᠠᠢᠵᠠ ᠨᠥᠬᠥᠳ ᠨᠠᠴᠤᠭᠳᠣᠷᠵᠢ ᠶ᠋ᠢᠨ ᠤᠷᠤᠭᠤ ᠂ ᠵᠤᠯᠠ ᠤᠷᠤᠭᠤ ᠲᠡᠮᠡᠦᠯᠬᠦ ᠦᠳᠡᠰᠢ ᠶ᠋ᠢᠨ ᠡᠷᠪᠡᠬᠡᠢ ᠮᠡᠲᠦ ᠲᠠᠲᠠᠭᠳᠠᠨ ᠰᠢᠪᠠᠵᠤ ᠪᠠᠢᠯ᠎ᠠ᠃ ᠶᠡᠷᠦ ᠳᠡᠯᠡᠬᠡᠢ ᠶ᠋ᠢᠨ ᠲᠡᠩᠭᠡᠯᠢᠭ ᠨᠢ ᠨᠠᠴᠤᠭᠳᠣᠷᠵᠢ ᠶ᠋ᠢᠨ ᠬᠢ ᠪᠥᠭᠡᠳ  ᠨᠠᠷᠭᠢᠶᠠᠨᠲᠤ ᠲᠥᠪ ᠨᠢ ᠨᠢᠨᠠ᠂ ᠮᠠᠭᠲᠠᠭᠠᠯ ᠤ᠋ᠨ ᠲᠥᠪ ᠨᠢ ᠨᠠᠴᠤᠭᠳᠣᠷᠵᠢ ᠪᠣᠯᠤᠭᠰᠠᠨ ᠮᠡᠲᠦ ᠪᠠᠢᠪᠠ᠃ ᠨᠠᠴᠤᠭᠳᠣᠷᠵᠢ ᠴᠤ᠌ ᠡᠨᠡ ᠬᠦ᠌ ᠬᠠᠭᠤᠷᠠᠢ ᠭᠠᠵᠠᠷ ᠤ᠋ᠨ  ᠳ᠋ᠧᠪᠠᠵᠠᠨ ᠳ᠋ᠤ᠌ ᠬᠥᠯ ᠬᠥᠰᠡᠷ ᠬᠥᠯᠴᠥᠭᠦᠷᠡᠩᠬᠡᠨ ᠵᠢᠷᠭᠠᠵᠤ᠂ ᠪᠦᠬᠦ ᠵᠦᠢᠯ ᠭᠠᠭᠴᠠ ᠬᠦ᠌ ᠰᠠᠨᠠᠭᠠᠨ ᠤ᠋ ᠵᠣᠷᠭ᠎ᠠ ᠪᠠᠷ ᠥᠪᠡᠷ ᠢ᠋ᠶ᠋ᠡᠨ ᠪᠦᠲᠦᠵᠦ ᠡᠨᠡ ᠣᠷᠴᠢᠯᠠᠩ ᠤ᠋ᠨ ᠪᠦᠬᠦᠢ ᠯᠡ ᠦᠢᠯᠡ ᠶᠠᠪᠤᠳᠠᠯ᠂ ᠤᠷᠠᠯᠢᠭ᠋ – ᠰᠣᠶᠣᠯ ᠤ᠋ᠨ ᠠᠮᠢᠨ ᠰᠤᠳᠠᠰᠤ ᠲᠡᠭᠦᠨ ᠤ ᠭᠠᠷ ᠲᠤ᠌ ᠪᠠᠢᠬᠤ ᠮᠡᠲᠦ ᠰᠠᠨᠠᠭᠳᠠᠨ᠂ ᠡᠷᠭᠢᠨ ᠲᠣᠭᠣᠷᠢᠨ ᠤ᠋ ᠠᠮᠢᠳᠤᠷᠠᠯ ᠢ᠋ ᠵᠡᠭᠦᠳᠦᠨ ᠳᠤᠮᠳᠠ ᠮᠡᠲᠦ ᠪᠦᠷᠦᠭ ᠪᠠᠷᠤᠭ ᠣᠢᠯᠠᠭᠠᠵᠤ ᠪᠠᠢᠪᠠ ᠃ 
      ᠰᠢᠯᠦᠭ ᠵᠣᠬᠢᠶᠠᠯ ᠢ᠋ ᠰᠣᠭᠲᠣᠭᠤᠷᠠᠩᠬᠠᠨ ᠪᠠᠢᠬᠤ ᠳ᠋ᠠᠭᠠᠨ ᠬᠥᠨᠳᠡᠯᠡᠨ ᠭᠤᠯᠳᠤ ᠰᠢᠭᠤᠳ ᠲᠠᠲᠠᠯᠠᠨ ᠪᠢᠴᠢᠬᠦ ᠪᠥᠭᠡᠳ ᠲᠡᠷᠡ ᠳᠣᠣᠷ᠎ᠠ ᠨᠢ ᠰᠢᠷᠡᠭᠡ ᠲᠣᠭᠣᠷᠢᠭ᠍ᠰᠠᠨ ᠬᠠᠯᠠᠮᠴᠠᠭᠤ ᠨᠥᠬᠥᠳ ᠲᠡᠭᠡᠨ ᠥᠨᠳᠥᠷ ᠳᠠᠭᠤ ᠪᠠᠷ ᠤᠩᠰᠢᠬᠤ ᠳ᠋ᠤ᠌ ᠲᠡᠳᠡ ᠨᠢᠭᠡᠨ ᠳᠠᠭᠤ ᠪᠠᠷ ᠲᠦᠷᠬᠢᠷᠡᠨ ᠮᠠᠭᠲᠠᠵᠤ᠂ ᠣᠶᠤᠨ ᠤᠬᠠᠭᠠᠨ ᠤ᠋ ᠣᠨᠴᠠᠭᠠᠢ ᠠᠪᠢᠶᠠᠰ ᠡᠪᠦᠷᠯᠡᠨ ᠲᠥᠷᠥᠭᠰᠡᠨ ᠰᠤᠤᠲᠤ ᠨᠥᠬᠥᠷ ᠦ᠋ᠨ ᠢ᠋ᠶ᠋ᠡᠨ ᠲᠥᠯᠥᠭᠡ ᠬᠤᠨᠳᠠᠭ᠎ᠠ ᠡᠷᠭᠦᠨ᠎ᠡ᠃ ᠡᠳᠡᠭᠡᠷ 《 ᠬᠥᠯᠴᠥᠭᠦᠦ ᠰᠢᠯᠦᠭ ᠦ᠋ᠳ》 ᠶᠠᠮᠠᠷ ᠴᠤ᠌ ᠵᠠᠰᠠᠪᠤᠷᠢ ᠦᠭᠡᠢ ᠪᠡᠷ ᠬᠠᠨ᠎ᠠ ᠶ᠋ᠢᠨ ᠰᠣᠨᠢᠨ᠂ ᠨᠣᠮ ᠬᠡᠪᠯᠡᠯ ᠳ᠋ᠦ᠍ ᠣᠷᠣᠭᠰᠠᠨ ᠨᠢ ᠴᠥᠭᠡᠨ ᠦᠭᠡᠢ ᠪᠥᠭᠡᠳ ᠪᠠᠰᠠ ᠣᠷᠣᠰ ᠬᠡᠯᠡᠨ ᠡᠴᠡ ᠂ ᠶᠡᠬᠡ ᠢᠷᠠᠭᠤ ᠨᠠᠢᠷᠠᠭᠴᠢ  ᠫᠦᠱᠺᠢᠨ  ᠤ 《 ᠰᠡᠷᠡᠬᠦᠢ 》 ᠬᠡᠮᠡᠬᠦ ᠰᠢᠯᠦᠭ ᠢ᠋ ᠲᠡᠢᠨ ᠰᠣᠭᠲᠣᠭᠤᠷᠠᠵᠤ ᠣᠷᠴᠢᠭᠤᠯᠤᠭᠰᠠᠨ ᠨᠢ ᠂ ᠬᠡᠳᠦᠢᠪᠡᠷ ᠡᠷᠡᠭᠦᠯ ᠰᠠᠷᠠᠭᠤᠯ ᠴᠠᠭ ᠲᠠᠭᠠᠨ  ᠭᠠᠢᠬᠠᠮᠰᠢᠭᠲᠠᠢ ᠵᠥᠪ ᠣᠷᠴᠢᠭᠤᠯᠤᠭᠰᠠᠨ 《 ᠠᠨᠴᠢᠷ 》 ᠮᠡᠲᠦ ᠶ᠋ᠢᠨ ᠰᠢᠯᠦᠭ ᠦ᠋ᠨ ᠬᠢᠨᠢ ᠳᠡᠷᠭᠡᠳᠡ ᠂ ᠠᠮᠢᠳᠤ ᠮᠣᠷᠢᠨ ᠤ᠋ ᠳᠡᠷᠭᠡᠳᠡ ᠮᠣᠳᠣᠨ ᠮᠣᠷᠢ ᠮᠡᠲᠦ ᠪᠣᠯᠤᠭᠰᠠᠨ ᠪᠣᠯᠪᠠᠴᠤ᠂ ᠲᠡᠷᠡ ᠦᠶ᠎ᠡ ᠶ᠋ᠢᠨ ᠭᠡᠷᠡᠴᠢ ᠪᠣᠯᠵᠤ ᠨᠣᠮ ᠪᠢᠴᠢᠭ ᠲᠦ᠍ ᠬᠡᠪ ᠢ᠋ᠶ᠋ᠡᠷ ᠦᠯᠡᠳᠡᠪᠡ᠃ ᠨᠢᠭᠡ ᠦᠭᠡ ᠪᠡᠷ ᠬᠡᠯᠡᠪᠡᠯ᠂ ᠠᠯᠢᠪᠠ ᠵᠢᠷᠭᠠᠯ ᠴᠡᠩᠭᠡᠯ ᠳ᠋ᠦ᠍ ᠥᠪᠡᠷ ᠦ᠋ᠨ ᠳᠠᠷᠬᠠᠨ ᠬᠡᠮᠵᠢᠶ᠎ᠡ ᠪᠠᠢᠳᠠᠭ ᠪᠥᠭᠡᠳ ᠲᠡᠷᠡ ᠬᠡᠮᠵᠢᠶ᠎ᠡ ᠶ᠋ᠢ ᠬᠡᠲᠦᠷᠡᠭᠦᠯᠪᠡᠯ ᠴᠡᠩᠭᠡᠯ ᠵᠢᠷᠭᠠᠯ ᠤ᠋ᠨ ᠠᠯᠲᠠᠨ ᠬᠤᠴᠢᠯᠭᠠᠨ ᠳᠣᠣᠷ᠎ᠠ ᠬᠠᠷᠠᠭᠤᠰᠤᠯ  ᠵᠣᠪᠠᠯᠠᠩ ᠤ᠋ᠨ ᠦᠷ᠎ᠡ ᠰᠡᠮᠬᠡᠨ ᠪᠣᠯᠪᠠᠰᠤᠷᠠᠵᠤ ᠪᠠᠢᠳᠠᠭ ᠤ᠋ᠨ ᠬᠠᠤᠯᠢ ᠪᠠᠷ ᠬᠥᠭᠡᠷᠦᠬᠦᠢ ᠵᠠᠯᠠᠭᠤ ᠬᠠᠯᠠᠭᠤᠨ᠂ ᠠᠪᠢᠶᠠᠰ ᠪᠢᠯᠢᠭ ᠲᠡᠭᠦᠯᠳᠡᠷ ᠡᠷ᠎ᠡ ᠶ᠋ᠢᠨ ᠳᠡᠩᠳᠡᠭᠦᠦ ᠴᠡᠩᠭᠡᠯ ᠦ᠋ᠨ ᠪᠤᠳᠠᠩ ᠳᠤᠮᠳᠠ ᠦᠢᠯᠡ ᠶᠠᠪᠤᠳᠠᠯ ᠤ᠋ᠨ ᠭᠠᠵᠢᠭ ᠡᠭᠦᠰᠴᠦ᠂ ᠠᠵᠠ ᠶ᠋ᠢᠨ ᠠᠯᠲᠠᠨ ᠲᠤᠤᠵᠠ ᠣᠩᠬᠤᠯᠢᠳᠠᠬᠣ ᠡᠳᠦᠷ ᠵᠠᠢᠯᠠᠰᠢ ᠦᠭᠡᠢ ᠲᠤᠯᠵᠠᠢ᠃  
      ᠲᠡᠷᠡ ᠡᠳᠦᠷ ᠢ᠋ ᠬᠥᠨᠳᠡᠯᠡᠨ ᠡᠴᠡ ᠬᠠᠯᠠ ᠦᠵᠡᠵᠦ ᠬᠠᠰᠢᠷ ᠲᠠᠨᠢᠭ᠍ᠰᠠᠨ ᠬᠥᠮᠦᠨ ᠣᠯᠵᠤ ᠬᠠᠷᠠᠬᠤ ᠠ᠋ᠴᠠ ᠪᠤᠰᠤ᠂ ᠥᠪᠡᠷ ᠢ᠋ᠶ᠋ᠡᠨ ᠣᠯᠵᠤ ᠬᠠᠷᠠᠬᠤ ᠨᠢ ᠬᠣᠪᠣᠷ ᠪᠢᠯᠡ᠃ ᠨᠠᠴᠤᠭᠳᠣᠷᠵᠢ ᠲᠡᠷᠡᠴᠢᠯᠡᠨ ᠪᠣᠯᠵᠤ᠂ ᠨᠢᠭᠡ ᠮᠡᠳᠡᠬᠦ ᠳ᠋ᠦ᠍ ᠠᠮᠤᠭᠤᠯᠠᠩᠪᠠᠭᠠᠲᠤᠷ ᠬᠡᠮᠡᠬᠦ ᠬᠠᠭᠤᠴᠢᠨ ᠮᠠᠢᠮᠠᠢᠴᠢᠨ ᠬᠣᠲᠠ ᠶ᠋ᠢᠨ ᠰᠢᠷᠣᠢ ᠲᠣᠭᠣᠰᠣᠲᠤ ᠭᠤᠳᠤᠮᠵᠢᠨ ᠳ᠋ᠤ᠌ ᠰᠣᠭᠲᠣᠭᠤ ᠰᠠᠭᠤᠵᠤ ᠪᠠᠢᠪᠠ ᠁ 
      《 ᠶᠠᠭᠤ ᠰᠠᠨ ᠪᠢᠯᠡ ? 》 ᠭᠡᠵᠦ ᠰᠠᠶᠢ ᠰᠡᠷᠡᠵᠦ ᠲᠤᠩᠭᠠᠨ ᠬᠠᠷᠠᠬᠤ ᠦᠶᠡᠰ᠂ ᠠᠯᠢ ᠬᠡᠳᠦᠢᠨ ᠪᠣᠯᠬᠤ ᠪᠣᠯᠬᠤ ᠦᠭᠡᠢ ᠪᠦᠬᠦᠨ ᠪᠣᠯᠤᠭᠠᠳ ᠥᠩᠭᠡᠷᠡᠵᠦ ᠂ ᠠᠵᠠ ᠵᠢᠷᠭᠠᠯ ᠤ᠋ᠨ ᠬᠢᠨᠢ ᠰᠢᠪᠠᠭᠤ ᠲᠡᠭᠷᠢ ᠶ᠋ᠢᠨ ᠬᠠᠶᠠᠭᠠᠨ ᠳ᠋ᠤ᠌ ᠪᠠᠷ᠎ᠠ ᠲᠠᠰᠤᠷᠠᠵᠤ᠂ ᠠᠮᠠᠷᠠᠭ ᠬᠠᠨᠢ᠂ ᠦᠷ᠎ᠡ ᠬᠡᠦᠬᠡᠳ᠂ ᠨᠠᠢᠵᠠ ᠨᠥᠬᠥᠳ ᠰᠡᠯᠲᠡ ᠡᠴᠡ  ᠵᠥᠪᠬᠡᠨ ᠰᠠᠢᠬᠠᠨ ᠳᠤᠷᠠᠳᠬᠠᠯ ᠰᠠᠭᠠᠷᠠᠯ ᠲᠣᠭᠣᠰᠣ ᠬᠣᠶᠠᠷ ᠯᠠ ᠦᠯᠡᠳᠡᠵᠡᠢ᠃ 
      ᠢᠰᠦ᠋ᠰ ᠨᠠᠸᠢᠨ ᠰᠢᠭ᠋ ᠲᠡᠭᠷᠢ ᠶ᠋ᠢᠨ ᠨᠠᠷᠠ ᠶ᠋ᠢ ᠲᠤᠱᠠᠨ ᠵᠣᠭᠰᠣᠭᠠᠵᠤ᠂ ᠦᠢᠯᠡ ᠶᠠᠪᠤᠳᠠᠯ ᠢ᠋ ᠨᠥᠬᠥᠨ ᠭᠦᠢᠴᠡᠳᠬᠡᠬᠦ ᠷᠢᠳᠢ ᠰᠢᠳᠢ ᠪᠠᠢᠬᠤ ᠦᠭᠡᠢ ᠡᠴᠡ ᠬᠣᠢᠰᠢ ᠠᠯᠳᠠᠭᠰᠠᠨ ᠴᠠᠭ᠂ ᠠᠯᠳᠠᠭ᠎ᠠ ᠬᠣᠶᠠᠷ ᠢ᠋ ᠪᠤᠴᠠᠭᠠᠵᠤ ᠠᠪᠴᠢᠷᠠᠭᠠᠳ ᠳᠠᠬᠢᠨ ᠰᠢᠨ᠎ᠡ ᠪᠡᠷ ᠡᠬᠢᠯᠡᠵᠦ ᠪᠣᠯᠬᠤ ᠦᠭᠡᠢ ᠠᠵᠢ᠃ 
      ᠬᠠᠷᠢᠨ ᠠᠯᠳᠠᠭᠰᠠᠨ ᠠᠯᠳᠠᠭ᠎ᠠ ᠶ᠋ᠢᠨ ᠢ᠋ᠶ᠋ᠠᠨ ᠬᠣᠢᠨ᠎ᠠ ᠠ᠋ᠴᠠ ᠥᠭᠡᠷ᠎ᠡ ᠵᠠᠮ ᠢ᠋ᠶ᠋ᠠᠷ ᠨᠡᠬᠡᠯ ᠬᠠᠲᠠᠭᠤ ᠬᠥᠭᠡᠭᠡᠵᠦ ᠭᠦᠢᠴᠡᠭᠡᠳ ᠤᠯᠠᠮ ᠢ᠋ᠶ᠋ᠠᠷ ᠢᠯᠠᠨ  ᠳᠡᠢᠯᠦᠨ᠎ᠡ ᠭᠡᠳᠡᠭ ᠠᠰᠤᠷᠤ ᠶᠡᠬᠡ ᠲᠡᠪᠴᠢᠶᠡᠷᠢ ᠵᠣᠷᠢᠭ ᠰᠢᠯᠭᠠᠭᠰᠠᠨ ᠵᠠᠮ᠂ ᠡᠰᠡᠬᠦᠯ᠎ᠡ ᠨᠢᠭᠡᠨᠲᠡ ᠥᠩᠭᠡᠷᠡᠵᠡᠢ ᠭᠡᠵᠦ ᠬᠠᠰᠬᠢᠷᠤᠭᠠᠳ ᠭᠠᠰᠠᠯᠤᠩᠬᠠᠨ ᠦᠯᠡᠳᠡᠬᠦ ᠵᠠᠮ ᠡᠨᠡ ᠬᠣᠶᠠᠷ ᠯᠠ ᠪᠠᠢᠪᠠ ᠃ ᠭᠡᠲᠡᠯ᠎ᠡ ᠨᠠᠴᠤᠭᠳᠣᠷᠵᠢ ᠭᠠᠩ ᠲᠡᠮᠦᠷ ᠢ᠋ᠶ᠋ᠡᠷ ᠵᠦᠢᠷᠯᠡᠪᠡᠯ ᠳᠤᠲᠠᠭᠤ ᠬᠠᠲᠠᠲᠠᠢ ᠲᠣᠶᠢᠬᠠᠨ ᠪᠣᠯᠣᠳ ᠪᠠᠢᠭᠰᠠᠨ ᠲᠤᠯᠠ ᠡᠬᠢᠨ ᠤ ᠭᠠᠭᠴᠠ ᠴᠣᠬᠢᠯᠲᠠ ᠳ᠋ᠤ᠌ ᠢᠷ ᠨᠢ ᠰᠢᠨᠲᠠᠷᠠᠵᠤ ᠬᠣᠶᠠᠳᠤᠭᠠᠷ ᠵᠠᠮ ᠢ᠋ᠶ᠋ᠠᠷ ᠣᠷᠣᠵᠠᠢ ᠃ ᠡᠢᠨ ᠬᠦ᠌ ᠲᠣᠭᠠᠲᠠᠢ ᠴᠡᠩᠭᠡᠯ ᠦ᠋ᠨ ᠳᠠᠭᠤᠨ ᠲᠠᠰᠤᠷᠠᠵᠤ ᠲᠣᠭᠣᠰᠣᠲᠤ ᠵᠠᠮ ᠳᠡᠭᠡᠷ᠎ᠡ ᠳᠤᠷᠠᠢᠲᠠᠯ᠎ᠠ ᠬᠣᠴᠣᠷᠴᠠᠢ ᠃ 
      ᠠᠭᠤᠯᠵᠠᠮᠠᠭᠴᠠ ᠳᠠᠭᠤᠨ ᠠᠯᠲᠠᠨ ᠲᠡᠪᠡᠷᠢᠵᠦ ᠪᠠᠢᠳᠠᠭ ᠨᠠᠢᠵᠠ ᠨᠥᠬᠥᠳ᠂ ᠳᠠᠭᠤ ᠱᠣᠣ ᠨᠢ ᠪᠠᠭᠠᠰᠴᠤ ᠭᠠᠷ ᠪᠠᠷᠢᠬᠤ ᠨᠢ ᠴᠥᠭᠡᠷᠡᠵᠦ᠂ ᠠᠭᠠᠵᠢᠮ ᠢ᠋ᠶ᠋ᠠᠷ ᠲᠣᠯᠣᠭᠠᠢ ᠳᠣᠬᠢᠨ ᠥᠩᠭᠡᠷᠡᠬᠦ ᠪᠣᠯᠤᠭᠰᠠᠭᠠᠷ ᠰᠡᠭᠦᠯ ᠳ᠋ᠡᠭᠡᠨ ᠦᠯᠦ ᠲᠠᠨᠢᠬᠤ ᠮᠡᠲᠦ ᠦᠵᠡᠵᠦ ᠬᠠᠷᠠᠭ᠎ᠠ ᠦᠭᠡᠢ ᠳᠦᠷᠢ ᠦᠵᠡᠭᠦᠯᠦᠨ ᠥᠩᠭᠡᠷᠡᠨ᠎ᠡ ᠃  《 ᠥᠴᠦᠬᠡᠨ ᠬᠥᠮᠦᠰ ᠦ᠋ᠨ ᠠᠭᠠᠰᠢ ᠵᠠᠩ ᠥᠭᠡᠷᠡᠴᠢᠯᠡᠭᠳᠡᠬᠦ ᠳ᠋ᠦ᠍ ᠥᠴᠦᠬᠡᠨ ᠬᠤᠭᠤᠴᠠᠭ᠎ᠠ ᠬᠡᠷᠡᠭᠲᠡᠢ 》ᠠᠵᠢ᠃ 
      ᠨᠢᠭᠡ ᠮᠡᠳᠡᠬᠦ ᠳ᠋ᠦ᠍ ᠨᠠᠴᠤᠭᠳᠣᠷᠵᠢ ᠭᠡᠷ ᠦ᠋ᠨ ᠭᠠᠳᠠᠭ᠎ᠠ ᠬᠠᠰᠢᠶᠠᠨ ᠳᠤᠮᠳᠠ ᠂ ᠡᠮᠦᠨ᠎ᠡ ᠵᠦᠭ ᠥᠰᠦᠭᠰᠡᠨ ᠲᠥᠷᠥᠭᠰᠡᠨ ᠪᠣᠷᠵᠢᠭᠢᠨ ᠤ᠋ ᠨᠤᠲᠤᠭ ᠤ᠋ᠨ ᠴᠢᠭ ᠲᠦ᠍ ᠬᠠᠷᠠᠨ ᠵᠣᠭᠰᠣᠵᠤ᠂ ᠴᠢᠪ ᠴᠢᠮᠡᠭᠡ ᠦᠭᠡᠢ ᠤᠬᠢᠯᠠᠭᠰᠠᠭᠠᠷ ᠪᠠᠢᠭ᠎ᠠ ᠪᠠᠨ ᠰᠠᠶᠢ ᠮᠡᠳᠡᠪᠡ ᠃ 
      – ᠶᠠᠭᠤ ᠪᠣᠯᠵᠤ ᠪᠠᠢᠭ᠎ᠠ ᠨᠢ ᠡᠨᠡ ᠪᠣᠢ ? ᠣᠢᠷᠠᠬᠠᠨ ᠢ᠋ᠶ᠋ᠠᠷ ᠥᠩᠭᠡᠷᠡᠭᠰᠡᠨ ᠬᠥᠮᠦᠰ ᠣᠩᠭᠣᠢᠲᠠᠯ᠎ᠠ ᠪᠠᠨ ᠬᠠᠷᠠᠵᠤ ᠪᠡᠶ᠎ᠡ ᠪᠡᠶ᠎ᠡ ᠪᠡᠨ ᠴᠢᠮᠡᠭᠡ ᠦᠭᠡᠢ ᠨᠢᠳᠤᠷᠤᠨ᠎ᠠ ᠃ 
      – ᠶᠠᠭᠠᠬᠢᠵᠤ ᠪᠠᠢᠭ᠎ᠠ ᠨᠢ ᠡᠨᠡ ᠪᠣᠢ ? ᠥᠪᠡᠷ ᠢ᠋ᠶ᠋ᠡᠨ ᠣᠢᠴᠢᠭᠰᠠᠨ ᠬᠡᠦᠬᠡᠳ ᠤᠬᠢᠯᠠᠳᠠᠭ ᠦᠭᠡᠢ ᠭᠡᠵᠦ ᠡᠷᠲᠡᠨ ᠤ ᠮᠣᠩᠭᠣᠯ ᠦᠭᠡ ᠪᠠᠢᠳᠠᠭ ᠪᠤᠰᠤ  ᠤᠤ !
      ᠨᠠᠴᠤᠭᠳᠣᠷᠵᠢ ᠭᠠᠵᠠᠷ ᠲᠤ᠌ ᠰᠢᠷᠦᠭᠦᠨ ᠨᠤᠯᠮᠤᠭᠠᠳ ᠭᠡᠷ ᠲᠦ᠍ ᠭᠦᠶᠦᠨ ᠣᠷᠣᠵᠤ ᠮᠥᠩᠭᠥᠨ ᠠᠶᠠᠭᠠᠨ ᠳ᠋ᠤ᠌ ᠠᠷᠢᠬᠢ ᠮᠡᠯᠮᠡᠯᠵᠡᠲᠡᠯ᠎ᠡ ᠬᠢᠭᠡᠳ ᠳᠤᠮᠳᠠ ᠨᠢ ᠣᠷᠣᠲᠠᠯ᠎ᠠ ᠵᠠᠯᠭᠢᠯᠠᠪᠠ ᠃ ᠲᠡᠭᠡᠭᠰᠡᠨ ᠢ᠋ᠶ᠋ᠡᠨ ᠥᠪᠡᠷ ᠦ᠋ᠨ ᠪᠤᠷᠤᠭᠤ ᠶ᠋ᠢ ᠬᠡᠯᠡᠵᠦ᠂ ᠡᠬᠡ ᠣᠷᠣᠨ ᠠ᠋ᠴᠠ ᠪᠠᠨ ᠠᠭᠤᠴᠢᠯᠠᠯ ᠭᠤᠶᠤᠭᠰᠠᠨ ᠰᠢᠯᠦᠭ ᠡᠬᠢᠯᠡᠭᠦᠯᠦᠨ ᠥᠭᠦᠯᠡᠵᠦ ᠂ ᠤᠯᠠᠮ ᠢ᠋ᠶ᠋ᠠᠷ ᠬᠡᠯᠡ ᠨᠢ ᠣᠷᠢᠶᠠᠯᠳᠤᠨ ᠳᠠᠭᠤ ᠨᠢ ᠲᠠᠰᠤᠯᠳᠠᠭᠰᠠᠭᠠᠷ᠂ ᠰᠠᠭᠤᠭ᠎ᠠ ᠪᠠᠷ ᠢ᠋ᠶ᠋ᠠᠨ ᠤᠨᠲᠠᠵᠤ ᠬᠣᠴᠣᠷᠪᠠ ᠃ 
      ᠬᠠᠷᠠᠩᠭᠤᠢ ᠶ᠋ᠢᠨ ᠳᠤᠮᠳᠠ ᠨᠠᠴᠤᠭᠳᠣᠷᠵᠢ ᠭᠡᠨᠡᠳᠲᠡ ᠰᠡᠷᠡᠪᠡᠯ ᠱᠠᠯᠠ ᠳᠡᠭᠡᠷ᠎ᠡ ᠶᠡᠬᠡ ᠯᠡ ᠡᠪ ᠦᠭᠡᠢ ᠬᠡᠪᠲᠡᠬᠦ ᠲᠤᠯᠠ ᠶᠡᠬᠡ ᠵᠢᠪᠡᠭᠦᠴᠡᠨ ᠠᠶᠤᠵᠤ ᠬᠠᠮᠤᠭ ᠪᠡᠶ᠎ᠡ ᠨᠢ ᠠᠷᠵᠠᠰᠬᠢᠪᠡ ᠃ ᠵᠤᠤᠬᠠᠨ ᠤ᠋ ᠳᠡᠷᠭᠡᠳᠡ ᠪᠦᠲᠦᠨ ᠴᠠᠭᠠᠨ ᠬᠤᠪᠴᠠᠰᠤ ᠲᠠᠢ ᠥᠨᠳᠥᠷ ᠭᠤᠸᠠᠯᠢᠭ᠋ ᠬᠡᠦᠬᠡᠨ ᠵᠣᠭᠰᠣᠭᠠᠳ ᠨᠠᠴᠤᠭᠳᠣᠷᠵᠢ ᠤᠷᠤᠭᠤ ᠬᠠᠷᠠᠭᠠᠳ ᠪᠠᠢᠬᠤ ᠰᠢᠭ᠋ ᠰᠠᠨᠠᠭᠳᠠᠪᠠ ᠃ 
      – ᠡᠨᠡ ᠶᠠᠭᠤ ᠪᠣᠢ ? ᠬᠡᠢ ᠦᠵᠡᠭᠳᠡᠯ ᠦᠦ ? ᠡᠳ᠋ᠭ᠋ᠠᠷ ᠫᠣ ᠶ᠋ᠢᠨ ᠵᠣᠬᠢᠶᠠᠯ ᠤ᠋ᠳ ᠢ᠋ ᠭᠧᠷᠮᠠᠨ ᠬᠡᠯᠡ ᠪᠡᠷ ᠤᠩᠰᠢᠵᠤ ᠪᠠᠢᠬᠤ ᠳ᠋ᠤ᠌ ᠬᠡᠢ ᠦᠵᠡᠭᠳᠡᠯ᠂ ᠠᠳᠠᠯ ᠶᠠᠪᠤᠳᠠᠯ ᠭᠠᠷᠴᠤ ᠪᠠᠢᠭᠰᠠᠨ ᠨᠢ ᠰᠠᠨᠠᠭᠳᠠᠪᠠ᠃ ᠨᠢᠳᠦ ᠪᠡᠨ ᠴᠠᠪᠴᠢᠯᠠᠨ ᠰᠢᠷᠳᠡᠪᠡᠯ ᠲᠡᠷᠡ ᠪᠦᠰᠡᠭᠦᠢ ᠠᠯᠠᠭ᠎ᠠ ᠪᠣᠯᠤᠭᠰᠠᠨ ᠦᠭᠡᠢ ᠂ ᠬᠠᠷᠢᠨ ᠤᠯᠠᠮ ᠴᠤ᠌ ᠲᠣᠳᠣᠷᠠᠨ ᠬᠠᠮᠠᠷ ᠤ᠋ᠨ ᠬᠣᠶᠠᠷ ᠤᠬᠤᠷᠬᠠᠢ ᠶ᠋ᠢᠨ ᠳᠣᠣᠷ᠎ᠠ ᠠ᠋ᠴᠠ ᠵᠠᠨᠤᠯᠲᠠᠢ ᠮᠡᠲᠦ ᠬᠠᠷᠠᠴᠠ ᠪᠠᠷ ᠡᠭᠴᠡᠯᠡᠨ ᠰᠢᠷᠲᠡᠬᠦ ᠨᠢ ᠲᠡᠷᠡ ᠵᠣᠪᠬᠢ ᠠ᠋ᠴᠠ ᠳᠣᠷᠣᠭ᠍ᠰᠢ ᠤᠨᠠᠵᠤ ᠪᠠᠢᠭ᠎ᠠ ᠭᠡᠷᠡᠯᠲᠦ ᠨᠢᠯᠪᠤᠰᠤ᠂ ᠵᠤᠤᠬᠠᠨ ᠤ᠋ ᠠᠮᠠᠨ ᠤ᠋ ᠲᠡᠮᠦᠷ ᠳᠡᠭᠡᠷ᠎ᠡ ᠱᠠᠷ ᠭᠡᠵᠦ ᠱᠠᠵᠢᠭᠢᠨᠠᠨ᠂ ᠬᠡᠩᠰᠢᠭᠦᠦ ᠦᠨᠦᠷᠲᠦᠬᠦ ᠨᠢ ᠬᠦᠷᠲᠡᠯ᠎ᠡ ᠲᠣᠳᠣ ᠮᠡᠳᠡᠭᠳᠡᠵᠦ ᠪᠠᠢᠪᠠ᠃  
      ᠨᠠᠴᠤᠭᠳᠣᠷᠵᠢ ᠬᠥᠳᠡᠯᠬᠦ ᠡᠴᠡ ᠡᠮᠢᠶᠡᠵᠦ ᠴᠢᠮᠡᠭᠡ ᠦᠭᠡᠢ ᠬᠡᠪᠲᠡᠨ ᠠᠮᠢᠰᠬᠤᠯ ᠢ᠋ᠶ᠋ᠠᠨ ᠳᠠᠷᠤᠨ ᠰᠢᠷᠲᠡᠵᠦ ᠪᠠᠢᠪᠠ ᠃ 
      ᠬᠡᠦᠬᠡᠨ ᠭᠠᠷ ᠢ᠋ᠶ᠋ᠠᠨ ᠨᠠᠴᠤᠭᠳᠣᠷᠵᠢ ᠶ᠋ᠢᠨ ᠵᠦᠭ ᠰᠤᠩᠭᠠᠬᠤ ᠳ᠋ᠤ᠌᠂ ᠤᠷᠲᠤ ᠤᠷᠲᠤ ᠵᠢᠪᠡᠬᠡᠢ ᠬᠤᠷᠤᠭᠤ ᠨᠢ ᠴᠢᠪ ᠴᠢᠮᠡᠭᠡ ᠦᠭᠡᠢ ᠴᠡᠴᠡᠭᠡᠨᠡᠨ ᠪᠠᠢᠬᠤ ᠠᠭᠠᠳ ᠲᠡᠭᠡᠭᠰᠡᠨ ᠢ᠋ᠶ᠋ᠡᠨ ᠨᠠᠴᠤᠭᠳᠣᠷᠵᠢ ᠳ᠋ᠤ᠌ ᠬᠡᠳᠦᠨ ᠳᠣᠬᠢᠶ᠎ᠠ ᠵᠠᠩᠭᠠᠭ᠎ᠠ ᠪᠠᠷ ᠶᠠᠭᠤᠮ᠎ᠠ ᠬᠡᠯᠡᠭᠡᠳ ᠮᠤᠰᠢᠯᠵᠠᠨ ᠢᠨᠢᠶᠡᠮᠰᠦᠭᠯᠡᠪᠡ ᠃ ᠨᠠᠴᠤᠭᠳᠣᠷᠵᠢ ᠶ᠋ᠢᠨ ᠵᠢᠷᠦᠬᠡ ᠨᠢ ᠰᠦᠷᠡᠬᠡᠢ ᠲᠦᠭᠰᠢᠵᠦ ᠂ ᠣᠢ ᠤᠬᠠᠭᠠᠨ ᠳᠣᠲᠣᠷ᠎ᠠ ᠪᠠᠨ 《 ᠡᠨᠡ ᠂ ᠬᠡᠢ ᠦᠵᠡᠭᠳᠡᠯ! ᠡᠨᠡ ᠬᠤᠳᠠᠯ ! 》 ᠭᠡᠵᠦ ᠳᠠᠪᠲᠠᠬᠤ ᠪᠥᠭᠡᠳ ᠨᠢᠳᠦ ᠲᠣᠮᠣᠷᠠᠨ ᠰᠢᠷᠳᠡᠭᠰᠡᠭᠡᠷ ᠬᠡᠪᠲᠡᠨ᠎ᠡ᠃ ᠬᠡᠦᠬᠡᠨ ᠭᠠᠰᠢᠭᠤᠨ ᠢ᠋ᠶ᠋ᠠᠷ ᠥᠮᠥᠯᠵᠡᠨ ᠬᠣᠷᠮᠣᠢ ᠳᠣᠣᠷ᠎ᠠ ᠠ᠋ᠴᠠ ᠪᠠᠨ ᠪᠢᠴᠢᠬᠠᠨ ᠨᠢᠴᠦᠭᠦᠨ ᠬᠡᠦᠬᠡᠳ ᠭᠠᠷᠭᠠᠵᠤ ᠨᠠᠴᠤᠭᠳᠣᠷᠵᠢ ᠤᠷᠤᠭᠤ ᠠᠶᠠᠷᠬᠠᠨ ᠲᠦᠯᠬᠢᠬᠦ ᠳ᠋ᠦ᠍ ᠲᠡᠷᠡ ᠪᠢᠴᠢᠬᠠᠨ ᠵᠢᠭᠠᠯ ᠡᠨᠳᠡ ᠲᠡᠨᠳᠡ ᠭᠢᠰᠬᠢᠭᠰᠡᠭᠡᠷ᠂ ᠨᠠᠴᠤᠭᠳᠣᠷᠵᠢ ᠤᠷᠤᠭᠤ ᠳᠥᠭᠥᠨ ᠢᠷᠡᠪᠡ᠃ ᠪᠢᠴᠢᠬᠠᠨ ᠬᠥᠯ ᠦ᠋ᠨ ᠬᠢᠨᠢ ᠳᠣᠣᠷ᠎ᠠ ᠂ ᠱᠠᠯᠠᠨ ᠤ᠋ ᠬᠠᠭᠰᠠᠭᠰᠠᠨ ᠪᠠᠩᠵᠠ ᠠᠶᠠᠷᠬᠠᠨ ᠬᠢᠬᠤᠲᠤᠨᠠᠬᠤ ᠰᠢᠭ᠋ ᠪᠣᠯᠬᠤ ᠪᠥᠭᠡᠳ ᠪᠦᠷ ᠳᠥᠭᠥᠨ ᠢᠷᠡᠬᠦ ᠳ᠋ᠦ᠍ᠨᠢ ᠵᠢᠭᠠᠯ ᠤ᠋ᠨ ᠬᠥᠭᠰᠢᠨ ᠨᠢᠭᠤᠷ ᠴᠢᠷᠠᠢ ᠪᠠᠢᠬᠤ ᠳ᠋ᠤ᠌ ᠴᠣᠴᠢᠷᠳᠠᠨ ᠠᠶᠤᠬᠤ ᠶ᠋ᠢᠨ ᠲᠤᠢᠯ ᠳ᠋ᠤ᠌ ᠬᠦᠷᠦᠭᠰᠡᠨ ᠨᠠᠴᠤᠭᠳᠣᠷᠵᠢ ᠳᠠᠷᠤᠢ ᠥᠨᠳᠡᠢᠵᠦ ᠭᠡᠳᠡᠷᠭᠦ ᠪᠡᠨ ᠴᠠᠬᠢᠯᠤᠨ ᠴᠢᠷᠠᠯᠠᠪᠠ ᠃ 
      ᠲᠡᠷᠡ ᠵᠢᠭᠠᠯ – ᠡᠪᠦᠭᠡᠨ᠂ ᠨᠢᠭᠤᠷ ᠤ᠋ᠨ ᠳᠤᠮᠳᠠᠭᠤᠷ ᠨᠢ ᠭᠠᠯ ᠪᠤᠲᠠᠷᠠᠲᠠᠯ᠎ᠠ ᠴᠣᠬᠢᠭᠠᠳ ᠠᠪᠬᠤ ᠰᠢᠭ᠋ ᠪᠣᠯᠵᠤ᠂ ᠪᠦᠬᠦ ᠬᠡᠢ ᠦᠵᠡᠭᠳᠡᠯ ᠠᠷᠢᠯᠤᠨ ᠨᠠᠴᠤᠭᠳᠣᠷᠵᠢ ᠴᠤ᠌ ᠪᠦᠷᠢᠨ ᠰᠡᠷᠭᠦᠵᠦ ᠥᠨᠳᠡᠢᠪᠡ᠃ ᠬᠠᠮᠤᠭ ᠬᠥᠯᠥᠰᠥ ᠨᠢ ᠠᠰᠬᠠᠷᠠᠭᠰᠠᠨ ᠪᠠᠢᠬᠤ ᠪᠥᠭᠡᠳ ᠰᠡᠳᠬᠢᠯ ᠮᠠᠰᠢ ᠡᠪ ᠦᠭᠡᠢ᠂ ᠰᠢᠨᠵᠢᠯᠡᠬᠦ ᠤᠬᠠᠭᠠᠨ ᠤ᠋ ᠪᠦᠬᠦ ᠮᠡᠳᠡᠯᠭᠡ ᠤᠬᠠᠮᠰᠠᠷ ᠨᠢ ᠣᠷᠣ ᠦᠭᠡᠢ ᠠᠷᠢᠯᠤᠭᠠᠳ ᠵᠥᠪᠬᠡᠨ ᠠᠶᠤᠮᠰᠢᠭ᠋᠂ ᠰᠢᠲᠦᠯᠭᠡ ᠬᠣᠶᠠᠷ ᠯᠠ ᠣᠢ ᠤᠬᠠᠭᠠᠨ ᠢ᠋ ᠨᠢ ᠡᠵᠡᠯᠡᠭᠰᠡᠨ ᠪᠠᠢᠪᠠ᠃ ᠭᠡᠷᠡᠯ ᠭᠠᠷᠬᠤ ᠠ᠋ᠴᠠ ᠴᠤ᠌ ᠠᠶᠤᠵᠤ᠂ ᠸᠠᠭᠠᠷ ᠲᠠᠢ ᠠᠷᠢᠬᠢ ᠶ᠋ᠢ ᠰᠢᠭᠦᠷᠡᠨ ᠠᠪᠴᠤ ᠭᠦᠶᠦᠨ ᠭᠠᠷᠪᠠ ᠃ ᠴᠢᠭᠢᠭ ᠬᠠᠩᠬᠤᠯᠤᠭᠰᠠᠨ ᠰᠠᠷᠠ ᠦᠭᠡᠢ ᠬᠠᠷᠠᠩᠭᠤᠢ ᠰᠠᠯᠬᠢ ᠦᠭᠡᠢ ᠳᠦᠩᠰᠦᠭᠡᠷ ᠰᠥᠨᠢ ᠪᠠᠢᠪᠠ᠃ ᠬᠣᠲᠠ ᠶ᠋ᠢᠨ ᠴᠢᠳᠧᠩ ᠭᠡᠷᠡᠯ ᠪᠠᠭ᠎ᠠ᠂ ᠬᠣᠯᠠ ᠣᠢᠷ᠎ᠠ ᠳ᠋ᠤ᠌ ᠨᠣᠬᠠᠢ ᠬᠤᠴᠠᠨ ᠬᠠᠶᠠ ᠮᠣᠷᠢᠲᠠᠢ ᠬᠥᠮᠦᠨ ᠱᠣᠭᠰᠢᠭᠤᠯᠤᠨ ᠥᠩᠭᠡᠷᠡᠬᠦ ᠪᠥᠭᠡᠳ ᠠᠯᠤᠰ ᠲᠤ᠌ ᠮᠠᠰᠢᠨ ᠳᠦᠩᠭᠢᠨᠡᠨ᠂ ᠪᠠᠰᠠ ᠮᠣᠷᠢᠨ ᠲᠡᠷᠭᠡᠨ ᠤ ᠰᠢᠯᠪᠢᠭᠦᠷ ᠦ᠋ᠨ ᠳᠠᠭᠤ ᠳᠡᠰ ᠬᠢᠵᠦ᠂ ᠬᠡᠨ ᠬᠥᠮᠦᠨ ᠤ ᠬᠠᠰᠬᠢᠷᠬᠤ᠂ ᠢᠨᠢᠶᠡᠯᠳᠦᠬᠦ᠂ ᠳᠠᠭᠤᠤ ᠠᠶᠠᠯᠬᠤ ᠵᠡᠷᠭᠡ ᠪᠦᠳᠡᠭᠢ ᠪᠠᠳᠠᠭ ᠠᠪᠢᠶ᠎ᠠ ᠴᠢᠮᠡᠭᠡ ᠰᠣᠨᠣᠰᠳᠠᠨ᠎ᠠ᠃ 
      ᠨᠠᠴᠤᠭᠳᠣᠷᠵᠢ ᠭᠡᠷ ᠡᠴᠡ ᠠᠶᠤᠭᠰᠠᠨ ᠮᠡᠲᠦ ᠶᠠᠭᠠᠷᠠᠨ ᠬᠣᠯᠠᠳᠴᠤ᠂ ᠬᠠᠰᠢᠶᠠᠨ ᠤ᠋ ᠡᠭᠦᠳᠡᠨ ᠤ ᠰᠠᠨᠳᠠᠯᠢ ᠳᠡᠭᠡᠷ᠎ᠡ ᠰᠠᠭᠤᠭᠠᠳ ᠠᠷᠢᠬᠢ ᠪᠠᠨ ᠬᠡᠳᠦ ᠳᠠᠷᠠᠭᠠᠯᠠᠨ ᠣᠢᠷ᠎ᠠ ᠣᠢᠷᠠᠬᠠᠨ ᠵᠠᠯᠭᠢᠪᠠ᠃ ᠪᠡᠶ᠎ᠡ ᠰᠡᠳᠬᠢᠯ ᠦ᠋ᠨ ᠡᠪ ᠦᠭᠡᠢ ᠴᠤᠴᠠᠷᠠᠯ ᠨᠠᠮᠳᠠᠵᠤ᠂ ᠴᠢᠬᠢ ᠳᠦᠯᠡᠢᠷᠡᠨ ᠱᠤᠤᠭᠢᠵᠤ ᠨᠢᠳᠦᠨ ᠳ᠋ᠦ᠍ᠨᠢ ᠬᠠᠷᠠᠩᠭᠤᠢ ᠶ᠋ᠢᠨ ᠳᠤᠮᠳᠠ  ᠦᠢ ᠣᠯᠠᠨ ᠴᠠᠭᠠᠨ ᠤᠴᠢᠰ ᠪᠤᠵᠢᠭᠢᠨᠠᠨ ᠭᠢᠯᠠᠯᠵᠠᠵᠤ ᠦᠵᠡᠭᠳᠡᠬᠦ ᠪᠥᠭᠡᠳ ᠣᠭᠲᠣ ᠬᠥᠳᠡᠯᠦᠯ ᠦᠭᠡᠢ ᠰᠥᠨᠢᠵᠢᠨ ᠡᠳᠦᠷᠵᠢᠨ ᠰᠠᠭᠤᠭᠠᠳ ᠯᠠ ᠪᠠᠢᠮᠠᠷ ᠰᠠᠨᠠᠭᠳᠠᠨ᠎ᠠ᠃ 
      ᠨᠥᠭᠥᠭᠡᠬᠢ ᠭᠡᠮ ᠪᠤᠷᠤᠭᠤ᠂ ᠣᠰᠣᠯ ᠴᠠᠯᠠᠭᠠᠢ ᠶᠠᠪᠤᠳᠠᠯ ᠢ᠋ᠶ᠋ᠠᠨ ᠪᠤᠷᠤᠭᠤᠰᠢᠶᠠᠨ ᠡᠬᠡ ᠣᠷᠣᠨ ᠠ᠋ᠴᠠ ᠪᠠᠨ ᠠᠭᠤᠴᠢᠯᠠᠯ ᠡᠷᠢᠭᠰᠡᠨ ᠰᠢᠯᠦᠭ ᠳᠠᠬᠢᠨ ᠰᠠᠨᠠᠭᠠᠨ ᠳ᠋ᠤᠨᠢ ᠣᠷᠣᠪᠠ᠃ 
           ᠬᠠᠷᠠᠩᠭᠤᠢ ᠵᠠᠰᠠᠭ ᠢ᠋ ᠲᠦᠯᠬᠢᠨ ᠤᠨᠠᠭᠠᠵᠤ 
           ᠬᠠᠷ᠎ᠠ ᠰᠢᠷ᠎ᠠ ᠹᠧᠣᠳᠠᠯ ᠢ᠋ ᠲᠦᠪᠰᠢᠳᠬᠡᠨ ᠳᠠᠷᠤᠵᠤ 
           ᠠᠷᠠᠳ ᠤ᠋ᠨ ᠡᠷᠬᠡᠲᠦ ᠰᠢᠨ᠎ᠡ ᠶᠣᠰᠣ ᠶ᠋ᠢ ᠲᠣᠭᠲᠠᠭᠠᠭᠰᠠᠨ 
           ᠠᠷᠢᠭᠤᠨ ᠦᠶ᠎ᠡ ᠶ᠋ᠢᠨ ᠰᠢᠳᠤᠷᠭᠤ ᠰᠡᠬᠡᠭᠡᠲᠡᠨ ᠪᠢ ᠭᠡᠵᠦ ᠠᠮᠠᠨ ᠳ᠋ᠠᠭᠠᠨ ᠡᠪᠯᠡᠭᠦᠯᠵᠦ ᠶᠠᠳᠠᠨ ᠬᠡᠯᠡᠭᠰᠡᠨ ᠢ᠋ᠶ᠋ᠡᠨ ᠳᠠᠷᠠᠭᠠᠬᠢ ᠪᠠᠳᠠᠭ ᠢ᠋ ᠶᠠᠭᠤ ᠪᠠᠷ ᠬᠣᠯᠪᠣᠬᠤ ᠪᠣᠢ ᠭᠡᠳᠡᠭ ᠢ᠋ ᠪᠣᠳᠣᠨ᠂ ᠭᠠᠷ ᠬᠤᠷᠤᠭᠤ ᠪᠠᠨ ᠬᠥᠳᠡᠯᠭᠡᠨ ᠰᠠᠭᠤᠪᠠ᠃  
      ᠲᠡᠭᠡᠭᠰᠡᠭᠡᠷ ᠶᠡᠬᠡ ᠯᠡ ᠤᠷᠲᠤ ᠰᠠᠢᠬᠠᠨ ᠰᠢᠯᠦᠭ ᠰᠡᠳᠬᠢᠯ ᠳ᠋ᠦ᠍ᠨᠢ ᠵᠢᠭᠳᠡᠷᠡᠬᠦ ᠰᠢᠭ ᠰᠠᠨᠠᠭᠳᠠᠭᠰᠠᠨ ᠲᠤᠯᠠ ᠬᠡᠨ ᠨᠢᠭᠡᠨ ᠳ᠋ᠦ᠍ ᠤᠩᠰᠢᠵᠤ ᠥᠭᠰᠦᠭᠡᠢ ᠭᠡᠰᠡᠨ ᠣᠷᠭᠢᠯᠤᠮ᠎ᠠ ᠪᠣᠳᠣᠯ ᠲᠠᠷᠢᠬᠢᠨ ᠳ᠋ᠤᠨᠢ ᠭᠡᠨᠡᠳᠲᠡ ᠵᠢᠷᠦᠰ ᠬᠢᠪᠡ ᠃ 《 ᠨᠠᠴᠤᠭᠳᠣᠷᠵᠢ ᠰᠥᠨᠥᠭᠡ ᠦᠭᠡᠢ ᠪᠠᠢᠨ᠎ᠠ ! 》 ᠭᠡᠵᠦ ᠬᠠᠰᠬᠢᠷᠤᠮᠠᠷ ᠰᠠᠨᠠᠭᠳᠠᠨ ᠥᠪᠡᠷ ᠲᠡᠭᠡᠨ ᠪᠠᠬᠠᠷᠬᠠᠬᠤ ᠠᠭᠠᠷᠬᠠᠯ ᠴᠡᠭᠡᠵᠢ ᠳᠦᠭᠦᠷᠴᠦ ᠢᠷᠡᠭᠡᠳ ᠳᠠᠷᠤᠢ ᠠᠷᠢᠬᠢ ᠶ᠋ᠢ ᠡᠩᠭᠡᠷ ᠤᠷᠤᠭᠤ ᠪᠠᠨ ᠠᠰᠬᠠᠨ ᠠᠰᠬᠠᠨ ᠵᠠᠯᠭᠢᠯᠠᠪᠠ᠃ ᠬᠣᠭᠣᠯᠠᠢ ᠬᠣᠷᠣᠰᠤᠨ ᠭᠡᠳᠡᠰᠦ ᠳᠣᠲᠣᠷ᠎ᠠ ᠬᠠᠯᠠᠭᠤᠨ ᠣᠷᠬᠢᠨ᠂ ᠤᠯᠠᠮ ᠢ᠋ᠶ᠋ᠠᠷ ᠬᠠᠮᠤᠭ ᠪᠡᠶ᠎ᠡ ᠪᠠᠳᠠᠢᠷᠠᠨ ᠬᠠᠮᠠᠷ ᠱᠤᠤᠬᠢᠨᠠᠨ ᠰᠢᠯᠦᠰᠦ ᠠᠰᠬᠠᠷᠠᠵᠤ᠂ ᠤᠴᠢᠷ ᠦᠭᠡᠢ ᠰᠣᠭᠲᠣᠪᠠ᠃ ᠣᠢᠷᠠᠬᠠᠨ ᠬᠣᠶᠠᠷ ᠬᠥᠮᠦᠨ ᠶᠠᠪᠤᠬᠤ ᠶ᠋ᠢ ᠦᠵᠡᠵᠦ ᠲᠡᠳᠡᠨ ᠢ᠋ ᠳᠠᠭᠤᠳᠠᠪᠠᠯ ᠄ 
      – ᠶᠠᠭᠤ ᠪᠣᠢ ᠂ ᠶᠠᠭᠠᠬᠢᠨ᠎ᠠ ? ᠭᠡᠭᠰᠡᠭᠡᠷ ᠢᠳᠡᠷᠬᠡᠨ ᠡᠷ᠎ᠡ ᠡᠮ᠎ᠡ ᠬᠣᠶᠠᠷ ᠣᠢᠷᠠᠲᠤᠨ ᠢᠷᠡᠪᠡ ᠃  
      – ᠪᠢ ᠲᠠ ᠨᠠᠷ ᠲᠤ᠌ ᠤᠴᠢᠷ ᠢ᠋ ᠬᠡᠯᠡᠨ᠎ᠡ ᠭᠡᠵᠦ ᠨᠠᠴᠤᠭᠳᠣᠷᠵᠢ ᠠᠷᠠᠢ ᠭᠡᠵᠦ ᠬᠡᠯᠡ ᠪᠡᠨ ᠡᠪᠯᠡᠭᠦᠯᠦᠨ ᠥᠭᠦᠯᠡᠪᠡᠰᠦ᠂ ᠲᠡᠷᠡ ᠬᠣᠶᠠᠷ ᠬᠥᠮᠦᠨ ᠰᠣᠭᠲᠣᠭᠤ ᠬᠥᠮᠦᠨ ᠢ᠋ ᠰᠠᠶᠢ ᠠᠩᠵᠠᠭᠠᠷᠠᠨ ᠠᠶᠤᠬᠤ ᠴᠣᠴᠢᠷᠳᠠᠬᠤ ᠵᠦᠢᠯ ᠦᠭᠡᠢ ᠬᠠᠷᠢᠨ ᠴᠤ᠌ ᠲᠣᠬᠣᠭᠤᠷᠬᠠᠬᠤ ᠠᠶᠠᠰ ᠣᠷᠣᠵᠤ ᠄  
      – ᠵᠠ᠂ ᠶᠠᠭᠤᠨ ᠤ᠋ ᠤᠴᠢᠷ ᠢ᠋ ᠬᠡᠯᠡᠬᠦ ᠬᠡ ᠪᠣᠢ ? ᠭᠡᠪᠡ ᠃ 
      – ᠥᠪᠡᠷ ᠦ᠋ᠨ ᠪᠣᠯᠤᠭᠠᠳ ᠶᠢᠷᠲᠢᠨᠴᠦ ᠶ᠋ᠢᠨ ᠤᠴᠢᠷ ᠢ᠋ ᠲᠠᠨᠢᠭᠤᠯᠤᠶ᠎ᠠ ᠃ ᠪᠢ ᠬᠡᠨ ᠪᠣᠢ ? ᠭᠡᠪᠡᠰᠦ ᠬᠡᠦᠬᠡᠨ ᠨᠢ ᠄ 
      –  ᠬᠠᠷᠢᠨ ᠲᠠ ᠬᠡᠨ ᠪᠣᠢ ? ᠬᠢ ᠬᠢ ! ᠭᠡᠨ᠎ᠡ ᠃  
      –  ᠪᠢ ᠪᠣᠯ ᠨᠠᠴᠤᠭᠳᠣᠷᠵᠢ ! ᠭᠡᠬᠦ ᠳ᠋ᠦ᠍ᠨᠢ ᠡᠷᠡᠭᠲᠡᠢ ᠬᠥᠮᠦᠨ ᠄ 
      – ᠪᠠᠰᠠ ᠂ ᠦᠭᠡᠢ ᠶᠡᠷᠦ ! ᠭᠡᠳ ᠡᠮᠡᠭᠲᠡᠢ ᠪᠡᠨ ᠰᠤᠭᠤᠳᠠᠨ ᠠᠪᠴᠤ ᠴᠠᠭᠠᠱᠢ ᠡᠷᠭᠢᠪᠡ ᠃ 
      –  ᠪᠠᠢᠵᠠ ᠯᠠ ᠳᠠ ! ᠪᠢ ! ᠨᠠᠴᠤᠭᠳᠣᠷᠵᠢ ᠦᠭᠡ ᠬᠡᠯᠡᠵᠦ ᠪᠠᠢᠨ᠎ᠠ ! ᠭᠡᠬᠦ ᠳ᠋ᠦ᠍ ᠂ 
      – ᠲᠣᠩᠭᠣᠰ ᠴᠢ ! ᠪᠢᠲᠡᠭᠡᠢ ᠶᠡᠬᠡ ᠬᠥᠮᠦᠨ ᠤ ᠨᠡᠷ᠎ᠡ ᠪᠠᠷᠢᠵᠤ ᠭᠠᠯᠵᠠᠭᠤᠷᠠ ! ᠡᠨᠡ ᠮᠠᠭᠤ ᠠᠷᠢᠬᠢᠴᠢᠨ ᠪᠠᠰᠠ ᠮᠥᠷ ᠢ᠋ᠶ᠋ᠡᠷ ᠢ᠋ᠶ᠋ᠡᠨ ᠰᠣᠭᠲᠣᠭᠤᠷᠠᠵᠤ ᠴᠢᠳᠠᠬᠤ ᠦᠭᠡᠢ ᠁ᠭᠡᠵᠦ ᠥᠭᠦᠯᠡᠨ ᠵᠠᠩᠨᠠᠭᠰᠠᠭᠠᠷ ᠬᠠᠷᠠᠩᠭᠤᠢ ᠶ᠋ᠢᠨ ᠳᠤᠮᠳᠠ ᠬᠣᠯᠠᠳᠠᠨ ᠣᠳᠪᠠ ᠁ 
      ᠨᠠᠴᠤᠭᠳᠣᠷᠵᠢ ᠲᠡᠷᠡ ᠬᠣᠶᠠᠷ ᠤ᠋ᠨ ᠳᠠᠯᠳᠠ ᠣᠷᠣᠭᠰᠠᠨ ᠵᠦᠭ ᠲᠦ᠍ ᠤᠳᠠᠲᠠᠯ᠎ᠠ ᠭᠥᠯᠢᠷᠡᠨ᠂ ᠠᠮᠠ ᠪᠠᠨ ᠬᠠᠭᠠᠰ ᠠᠩᠭᠠᠢᠨ ᠲᠣᠪ ᠳᠤᠭᠤᠢ ᠵᠣᠭᠰᠣᠭᠰᠠᠭᠠᠷ  ᠪᠠᠢᠭᠰᠠᠨ ᠢ᠋ᠶ᠋ᠠᠨ ᠭᠡᠨᠡᠳᠲᠡ ᠴᠢᠬᠤᠯᠳᠠᠨ ᠬᠠᠰᠬᠢᠷᠴᠤ ᠄ 
       – ᠦᠬᠦᠭᠰᠡᠨ ᠬᠣᠢᠨ᠎ᠠ ᠪᠠᠨ ! ᠬᠡᠨ ᠨᠢ ᠬᠥᠮᠦᠨ ᠤ ᠨᠡᠷ᠎ᠡ ᠵᠢᠭᠡᠯᠡᠳᠴᠦ ᠪᠠᠢᠨ᠎ᠠ?᠁  ᠠ᠋ ᠮᠠᠯ ᠤ᠋ᠳ ! ᠭᠡᠵᠦ ᠸᠠᠭᠠᠷ ᠲᠠᠢ ᠠᠷᠢᠬᠢ ᠶ᠋ᠢ  ᠠᠶᠠᠭᠠᠯᠠᠨ ᠵᠠᠯᠭᠢᠯᠠᠭᠠᠳ ᠦᠯᠡᠳᠡᠭᠰᠡᠨ ᠢ᠋ ᠨᠢ ᠸᠠᠭᠠᠷ ᠲᠠᠢ ᠨᠢ ᠬᠠᠰᠢᠶ᠎ᠠ ᠤᠷᠤᠭᠤ ᠴᠢᠯᠠᠭᠤᠳᠠᠴᠢᠬᠠᠪᠠ ᠃ ᠬᠠᠰᠢᠶ᠎ᠠ ᠲᠠᠰᠬᠢᠨ ᠳᠤᠤᠭᠠᠷᠴᠤ᠂ ᠸᠠᠭᠠᠷ ᠭᠠᠵᠠᠷ ᠲᠤ᠌ ᠲᠦᠰᠬᠢᠨ ᠤᠨᠠᠭᠠᠳ ᠨᠠᠴᠤᠭᠳᠣᠷᠵᠢ ᠰᠠᠯᠭᠠᠨᠠᠨ ᠭᠠᠩᠬᠤᠵᠤ ᠲᠡᠷᠯᠢᠭ ᠦ᠋ᠨ ᠢ᠋ᠶ᠋ᠡᠨ ᠵᠠᠭᠠᠮ᠎ᠠ ᠶ᠋ᠢ ᠱᠠᠵᠢᠭᠢᠨᠠᠭᠤᠯᠤᠨ ᠤᠷᠠᠵᠤ ᠂ ᠣᠷᠣᠰ ᠂ ᠭᠧᠷᠮᠠᠨ ᠂ ᠬᠢᠲᠠᠳ ᠬᠡᠯᠡ ᠪᠡᠷ ᠬᠡᠨ ᠨᠢᠭᠡᠨ ᠢ᠋ ᠵᠠᠩᠨᠠᠵᠤ ᠵᠦᠬᠡᠨ ᠥᠭᠦᠯᠡᠭᠰᠡᠭᠡᠷ ᠭᠤᠳᠤᠮᠵᠢ ᠤᠷᠤᠭᠤ ᠣᠳᠪᠠ ᠃ 
      ᠲᠡᠨᠳᠡ ᠭᠤᠷᠪᠠᠨ ᠬᠥᠮᠦᠨ ᠶᠠᠪᠤᠭᠰᠠᠨ ᠢ᠋ ᠵᠣᠭᠰᠣᠭᠠᠵᠤ ᠰᠢᠯᠦᠭ ᠢ᠋ᠶ᠋ᠡᠨ ᠲᠡᠳᠡᠨ ᠳ᠋ᠦ᠍ ᠤᠩᠰᠢᠬᠤ ᠭᠡᠵᠦ ᠶᠠᠳᠠᠪᠠ ᠃ 
      ᠲᠡᠳᠡ ᠬᠡᠰᠡᠭ ᠬᠦᠯᠢᠭᠡᠯᠵᠡᠭᠡᠳ 
      – ᠰᠡᠭᠦᠯ ᠳ᠋ᠦ᠍ ᠤᠩᠰᠢᠭᠠᠷᠠᠢ ᠬᠥ᠋!
      – ᠣᠳᠣ ᠤᠨᠲᠠᠭᠰᠠᠨ ᠴᠢᠨᠢ ᠳᠡᠭᠡᠷ᠎ᠡ ᠠ᠋! 
      – ᠮᠥᠩᠭᠥ ᠲᠡᠢ ᠶᠤ᠋ ᠴᠢ ! ᠭᠡᠵᠦ ᠳᠤᠤᠭᠠᠷᠵᠠᠭᠠᠨ ᠬᠥᠭᠡᠷᠦᠯᠳᠦᠨ ᠣᠳᠪᠠ ᠃  ᠬᠣᠢᠨ᠎ᠠ ᠠ᠋ᠴᠠ ᠨᠢ ᠨᠠᠴᠤᠭᠳᠣᠷᠵᠢ ᠳ᠋ᠠᠭᠠᠨ ᠰᠠᠵᠢᠯᠠᠵᠤ : 
      – ᠬᠥᠶᠢ ! ᠬᠥᠶᠢ ! ᠪᠢ ᠲᠠ ᠨᠠᠷ ᠲᠤ᠌ ᠬᠡᠯᠡᠶ᠎ᠡ ᠃ ᠮᠣᠩᠭᠣᠯ ᠠᠬ᠎ᠠ ᠳᠡᠭᠦᠦ ᠨᠠᠷ ᠠ᠋ ᠂  ᠨᠠᠮᠠᠶ᠋ᠢ ᠢᠲᠡᠭᠡᠭᠡᠴᠢ ! ᠭᠡᠵᠦ ᠬᠣᠭᠣᠯᠠᠢ ᠵᠠᠩᠭᠢᠷᠠᠭᠤᠯᠤᠨ ᠬᠠᠰᠬᠢᠷᠤᠭᠰᠠᠭᠠᠷ ᠦᠯᠡᠳᠡᠪᠡ ᠃ ᠳᠡᠷᠭᠡᠳᠡᠭᠦᠷ ᠨᠢ ᠨᠢᠭᠡ ᠬᠥᠮᠦᠨ ᠶᠠᠪᠤᠵᠤ ᠪᠠᠢᠬᠤ ᠶ᠋ᠢ ᠮᠡᠳᠡᠭᠡᠳ ᠲᠡᠭᠦᠨ ᠤᠷᠤᠭᠤ ᠣᠴᠢᠵᠤ᠄ 
      – ᠬᠥᠶᠢ ! ᠬᠦᠨᠳᠦᠲᠦ ᠨᠥᠬᠥᠷ ᠮᠢᠨᠢ ᠠ᠋ ! ᠭᠡᠵᠦ ᠣᠢᠷᠠᠲᠤᠨ ᠣᠴᠢᠪᠠᠯ ᠲᠡᠷᠡ ᠬᠥᠮᠦᠨ : 
      – ᠶᠠᠭᠤ ᠭᠡᠵᠦ ᠬᠤᠴᠠᠭᠠᠳ ᠪᠠᠢᠭ᠎ᠠ ᠶᠤᠮ ᠪᠣᠢ ᠴᠢ ? ᠭᠡᠵᠦ ᠰᠢᠳᠦ ᠵᠠᠭᠤᠨ ᠬᠡᠯᠡᠭᠡᠳ ᠵᠠᠭᠠᠮᠠᠳᠠᠨ ᠠᠪᠤᠪᠠ ᠃  
      – ᠬᠤᠴᠠᠭᠠᠳ ᠭᠡᠨ᠎ᠡ ? ᠨᠣᠬᠠᠢ ᠤᠤ ? ᠭᠡᠵᠦ ᠨᠠᠴᠤᠭᠳᠣᠷᠵᠢ ᠬᠡᠯᠡ ᠨᠢ ᠣᠷᠢᠶᠠᠯᠳᠤᠨ ᠠᠰᠠᠭᠤᠵᠤ ᠬᠣᠶᠠᠷ ᠭᠠᠷ ᠢ᠋ᠶ᠋ᠠᠷ ᠢ᠋ᠶ᠋ᠠᠨ ᠲᠡᠷᠡ ᠬᠥᠮᠦᠨ ᠤ ᠬᠠᠲᠠᠭᠤ ᠭᠠᠷ ᠢ᠋ ᠲᠠᠯᠪᠢᠭᠤᠯᠬᠤ ᠭᠡᠵᠦ ᠤᠷᠤᠯᠳᠤᠲᠠᠯ᠎ᠠ ᠄ 
      – ᠴᠢᠮ᠎ᠠ ᠰᠢᠭ᠋ ᠨᠣᠬᠠᠢ ! ᠭᠡᠳ ᠴᠢᠬᠢᠯᠵᠢᠭᠦᠷ ᠤᠷᠤᠭᠤ ᠨᠢ ᠳᠡᠰ ᠭᠡᠲᠡᠯ᠎ᠡ ᠴᠣᠬᠢᠭ᠍ᠰᠠᠨ ᠳ᠋ᠤ᠌ ᠬᠥᠭᠡᠷᠦᠭᠡᠢ ᠰᠣᠭᠲᠣᠭᠤ ᠡᠷ᠎ᠡ ᠭᠤᠳᠤᠮᠵᠢᠨ ᠤ᠋ ᠬᠦᠢᠲᠡᠨ ᠰᠢᠷᠣᠢ ᠳᠡᠭᠡᠷ᠎ᠡ ᠳᠡᠭᠡᠭᠰᠢ ᠬᠠᠨᠳᠤᠨ ᠲᠡᠷᠡᠢᠵᠦ ᠤᠨᠠᠪᠠ ᠃ 
      ᠨᠢᠭᠡ ᠮᠡᠳᠡᠬᠦ ᠳ᠋ᠦ᠍ ᠬᠠᠮᠤᠭ ᠪᠡᠶ᠎ᠡ ᠨᠢ ᠵᠢᠬᠡᠭᠦᠴᠡᠨ ᠭᠡᠨᠡᠳᠲᠡ ᠭᠠᠳᠠᠭ᠎ᠠ ᠬᠡᠪᠲᠡᠵᠦ ᠪᠠᠢᠭ᠎ᠠ ᠪᠠᠨ ᠮᠡᠳᠡᠭᠰᠡᠨ ᠨᠠᠴᠤᠭᠳᠣᠷᠵᠢ ᠄  
      – ᠪᠠᠢᠵᠠᠭᠠᠷᠠᠢ ! ᠲᠡᠭᠡᠬᠦ ᠦᠭᠡᠢ ᠰᠢᠦ ᠬᠥ᠋ ! ᠭᠡᠵᠦ ᠬᠠᠰᠬᠢᠷᠤᠨ ᠪᠣᠰᠪᠠ ᠃ 
      ᠡᠷᠭᠢᠨ ᠲᠣᠭᠣᠷᠢᠨ ᠬᠠᠷᠠᠩᠭᠤᠢ ᠪᠥᠭᠡᠳ ᠨᠢᠳᠦᠨ ᠳ᠋ᠦ᠍ᠨᠢ ᠶᠠᠩᠵᠤ ᠪᠦᠷᠢ ᠶ᠋ᠢᠨ ᠣᠴᠢ ᠪᠤᠵᠢᠭᠢᠨᠠᠨ ᠬᠥᠯ ᠨᠢ ᠭᠤᠢᠪᠢᠵᠤ ᠰᠡᠳᠬᠡᠯ ᠵᠢᠷᠦᠬᠡ ᠨᠢ ᠣᠪᠣᠯᠵᠠᠨ᠂ ᠠᠮᠠᠨ ᠳ᠋ᠤᠨᠢ ᠴᠢᠰᠤ ᠠᠮᠲᠠᠯᠠᠭᠳᠠᠵᠤ ᠠᠭᠤᠷ ᠣᠮᠣᠭ ᠨᠢ ᠰᠢᠳᠡᠨ᠎ᠡ ᠃ ᠶᠠᠮᠠᠷ ᠨᠢᠭᠡ ᠪᠦᠳᠦᠭᠦᠯᠢᠭ ᠯᠤᠢᠪᠠᠷᠴᠢᠨ ᠡᠲᠡᠭᠡᠳ ᠡᠨᠡ ᠬᠠᠷᠠᠩᠭᠤᠢ ᠳᠤᠮᠳᠠᠭᠤᠷ ᠬᠣᠲᠠ ᠬᠦᠷᠢᠶ᠎ᠡ ᠪᠡᠷ ᠲᠡᠨᠦᠵᠦ᠂ ᠰᠢᠳᠤᠷᠭᠤ ᠴᠠᠭᠠᠨ ᠠᠷᠠᠳ ᠢ᠋ ᠵᠠᠭᠠᠮᠠᠨᠳᠠᠵᠤ ᠠᠪᠤᠨ 《 ᠨᠣᠬᠠᠢ! 》 ᠭᠡᠵᠦ ᠬᠠᠷᠢᠶᠠᠵᠤ ᠳᠣᠷᠣᠮᠵᠢᠯᠠᠨ ᠶᠠᠪᠤᠨ᠎ᠠ ᠭᠡᠮᠡᠨ ᠰᠡᠳᠬᠢᠯ ᠳ᠋ᠦ᠍ᠨᠢ ᠪᠦᠦᠷ ᠲᠦᠦᠷ ᠰᠠᠨᠠᠭᠳᠠᠬᠤ ᠪᠥᠭᠡᠳ ᠲᠡᠭᠦᠨ ᠲᠡᠢ ᠲᠡᠮᠡᠴᠡᠬᠦ ᠵᠣᠷᠢᠭ ᠵᠢᠷᠦᠬᠡ᠂ ᠠᠭᠠᠭ ᠣᠮᠣᠭ ᠨᠢ ᠪᠢᠯᠬᠠᠪᠠ ᠃  ᠡᠢᠰᠢ ᠲᠡᠢᠰᠢ ᠬᠠᠷᠠᠨ ᠪᠠᠷᠠᠭᠤᠨ ᠵᠡᠭᠦᠨ ᠳᠠᠢᠰᠢ ᠲᠦᠷᠭᠡᠨ ᠠᠯᠬᠤᠯᠠᠨ ᠬᠥᠯ ᠳ᠋ᠦ᠍ᠨᠢ ᠲᠣᠷᠤᠭᠰᠠᠨ ᠵᠦᠢᠯ ᠢ᠋ ᠢᠰᠭᠦᠯᠡᠨ ᠠᠭᠠᠬᠢᠯᠠᠵᠤ ᠶᠠᠪᠤᠲᠠᠯ᠎ᠠ ᠪᠠᠷᠠᠭᠤᠨ ᠵᠦᠭ ᠡᠴᠡ ᠨᠢᠭᠡᠨ ᠪᠠᠷᠠᠭᠠᠨ ᠳᠦᠷᠰᠦ ᠰᠡᠭᠦᠳᠡᠭᠡᠨᠡᠨ ᠲᠣᠳᠣᠷᠠᠵᠤ ᠲᠦᠷᠭᠡᠨ ᠲᠦᠷᠭᠡᠨ ᠠᠯᠬᠤᠯᠠᠨ ᠠᠢᠰᠤᠢ ᠃ 
      ᠨᠠᠴᠤᠭᠳᠣᠷᠵᠢ ᠲᠡᠭᠦᠨ ᠢ᠋ ᠲᠣᠰᠣᠨ ᠭᠦᠶᠦᠵᠦ ᠣᠴᠢᠬᠤ ᠳ᠋ᠠᠭᠠᠨ᠄ 
      – ᠠ ᠴᠢ ᠮᠠᠭᠤ ᠁ ᠣᠳᠣ ᠬᠣᠶᠠᠭᠤᠯᠠ ᠭᠡᠳ ᠤᠬᠤᠰᠬᠢᠨ ᠪᠠᠷᠢᠵᠤ ᠠᠪᠬᠤ ᠭᠡᠲᠡᠯ᠎ᠡ ᠶᠠᠮᠠᠷ ᠨᠢᠭᠡᠨ ᠬᠠᠲᠠᠭᠤ ᠶᠠᠭᠤᠮ᠎ᠠ ᠪᠠᠷ ᠲᠣᠯᠣᠭᠠᠢ ᠳᠤᠮᠳᠠᠭᠤᠷ ᠨᠢ ᠬᠦᠴᠦᠲᠡᠢ ᠴᠣᠬᠢᠬᠤ ᠰᠢᠭ᠋ ᠪᠣᠯᠵᠤ ᠲᠡᠷᠡ ᠳᠣᠣᠷ᠎ᠠ ᠪᠠᠨ ᠭᠡᠳᠡᠷᠭᠦ ᠭᠠᠵᠠᠷ ᠰᠠᠪᠠᠨ ᠤᠨᠠᠪᠠ᠃ ᠲᠡᠨᠳᠡ ᠡᠴᠡ ᠪᠣᠰᠴᠤ ᠪᠣᠯᠤᠭᠰᠠᠨ ᠦᠭᠡᠢ ᠁ ᠭᠠᠵᠠᠷ ᠳᠡᠯᠡᠬᠡᠢ ᠳᠠᠢᠪᠠᠯᠵᠠᠨ ᠲᠣᠯᠣᠭᠠᠢ ᠨᠢ ᠠᠰᠤᠷᠤ ᠲᠣᠮᠣ᠂ ᠬᠦᠴᠢᠷ ᠬᠦᠨᠳᠦ ᠪᠣᠯᠤᠭᠰᠠᠨ ᠰᠢᠭ᠋ ᠰᠠᠨᠠᠭᠳᠠᠬᠤ ᠳ᠋ᠤ᠌ ᠭᠠᠷ ᠬᠥᠯ ᠢ᠋ᠶ᠋ᠡᠷ ᠭᠠᠵᠠᠷ ᠲᠡᠮᠲᠡᠴᠢᠨ ᠮᠠᠭᠠᠵᠢᠵᠤ᠂ ᠠᠮᠢᠰᠬᠤᠯ ᠪᠥᠭᠯᠡᠷᠡᠨ ᠲᠠᠷᠴᠢᠯᠠᠪᠠ᠃ ᠲᠡᠭᠡᠭᠰᠡᠭᠡᠷ ᠠᠷᠠᠢ ᠴᠢᠷᠠᠢ᠂ ᠵᠤᠨ ᠤ᠋ ᠰᠥᠨᠢ ᠶ᠋ᠢᠨ ᠦᠦᠷ ᠲᠡᠮᠳᠡᠭᠷᠡᠬᠦ ᠦᠶ᠎ᠡ ᠪᠡᠷ ᠭᠡᠨᠡᠳᠲᠡ ᠬᠦᠴᠦᠯᠡᠨ ᠥᠨᠳᠡᠢᠵᠦ᠂ ᠴᠢᠰ ᠤᠯᠠᠭᠠᠨ ᠨᠢᠳᠦ ᠪᠡᠷ ᠬᠣᠷᠸ᠎ᠠ ᠶᠢᠷᠲᠢᠨᠴᠦ ᠶ᠋ᠢ ᠬᠠᠷᠠᠪᠠᠯ᠂ ᠲᠡᠨᠳᠡ ᠨᠢᠭᠡᠨ ᠬᠥᠮᠦᠨ ᠵᠣᠭᠰᠣᠵᠤ ᠪᠠᠢᠬᠤ ᠰᠢᠭ᠋ ᠬᠠᠷᠠᠭᠳᠠᠵᠠᠢ᠃ ᠲᠡᠭᠦᠨ ᠳ᠋ᠦ᠍ ᠡᠴᠦᠰ ᠦ᠋ᠨ ᠬᠦᠴᠦ ᠶ᠋ᠢ ᠰᠢᠪᠬᠠᠵᠤ᠂ ᠬᠣᠶᠠᠷ ᠰᠢᠷᠭᠤᠨ ᠤᠨᠠᠨ ᠪᠠᠢᠵᠤ ᠳᠥᠷᠪᠡᠨ ᠬᠥᠯᠯᠡᠨ ᠣᠴᠢᠭᠠᠳ ᠲᠡᠪᠡᠷᠢᠵᠦ ᠠᠪᠤᠪᠠ᠃ ᠦᠭᠡ ᠬᠡᠯᠡᠬᠦ ᠭᠡᠰᠡᠨ ᠪᠣᠯᠪᠠᠴᠤ ᠠᠮᠠ ᠨᠢ ᠬᠡᠳᠦᠢᠨ ᠵᠠᠭᠤᠷᠠᠵᠤ᠂ ᠳᠣᠲᠣᠷ᠎ᠠ ᠨᠢ ᠴᠢᠰᠤ ᠨᠥᠵᠢᠷᠡᠨ ᠳᠦᠭᠦᠷᠴᠡᠢ᠃ ᠲᠡᠢᠨ ᠬᠦ᠌ ᠲᠡᠮᠦᠷ ᠲᠣᠷᠬ᠎ᠠ ᠲᠠᠢ ᠬᠣᠭ ᠲᠡᠪᠡᠷᠢᠨ ᠤᠨᠠᠵᠤ᠂ ᠵᠤᠨ ᠤ᠋ ᠥᠷᠯᠥᠭᠡᠨ ᠤ ᠨᠠᠷᠠ ᠲᠤᠰᠲᠠᠯ᠎ᠠ ᠪᠡᠶ᠎ᠡ ᠶ᠋ᠢᠨ ᠭᠦᠨ ᠳᠣᠲᠣᠷᠠᠬᠢ ᠢᠳᠡᠷ ᠵᠠᠯᠠᠭᠤ ᠡᠳ᠋ ᠡᠰ ᠨᠢ ᠠᠭᠠᠵᠢᠮ ᠢ᠋ᠶ᠋ᠠᠷ ᠬᠦᠷᠦᠵᠦ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠭᠦᠯᠪᠡ᠃ 
      ᠲᠡᠷᠡ ᠬᠦ᠌ ᠣᠶᠤᠨ ᠤᠬᠠᠭᠠᠨ ᠤ᠋ ᠬᠣᠪᠣᠷ ᠨᠢᠭᠡᠨ ᠣᠳᠣ ᠂ ᠠᠩᠭᠢ ᠶ᠋ᠢᠨ ᠲᠡᠮᠡᠴᠡᠯ ᠦ᠋ᠨ ᠰᠢᠷᠦᠭᠦᠨ ᠣᠨ ᠵᠢᠯ ᠦ᠋ᠨ ᠲᠣᠭᠣᠰᠣᠨ ᠳᠤᠮᠳᠠ ᠶᠡᠷᠦ ᠪᠤᠰᠤ ᠪᠠᠷ ᠬᠠᠷᠪᠤᠨ᠂ ᠬᠠᠭᠤᠴᠢᠨ ᠬᠦᠷᠢᠶᠡᠨ ᠤ ᠰᠢᠨ᠎ᠡ  ᠭᠤᠳᠤᠮᠵᠢᠨ ᠳ᠋ᠤ᠌ ᠮᠥᠩᠬᠡ ᠨᠣᠢᠷ ᠲᠤ᠌ ᠳᠠᠷᠤᠭᠳᠠᠨ ᠤᠨᠠᠭᠰᠠᠨ ᠥᠷᠯᠥᠭᠡ ᠂ ᠲᠡᠷᠡ ᠬᠥᠮᠦᠨ ᠤ ᠳᠡᠷᠭᠡᠳᠡ ᠨᠢᠭᠡᠨ ᠴᠡᠯ ᠵᠠᠯᠠᠭᠤ ᠵᠢᠷᠦᠬᠡ ᠰᠢᠮᠰᠢᠷᠡᠨ ᠪᠠᠯᠠᠮᠠᠭᠳᠠᠨ ᠵᠣᠭᠰᠣᠭᠰᠠᠨ ᠨᠢ  ᠪᠤᠶᠠᠨᠵᠢᠷᠭᠠᠯ ᠪᠠᠢᠪᠠ᠃ 
      ᠪᠤᠶᠠᠨᠵᠢᠷᠭᠠᠯ ᠡᠢᠮᠦ ᠶᠠᠭᠤᠮ᠎ᠠ ᠪᠣᠯᠤᠨ᠎ᠠ ᠭᠡᠵᠦ ᠣᠭᠲᠣ ᠰᠠᠨᠠᠭᠰᠠᠨ ᠦᠭᠡᠢ᠃ ᠶᠢᠷᠲᠢᠨᠴᠦ ᠶ᠋ᠢᠨ ᠲᠦ᠋ᠮᠡᠨ ᠰᠠᠢᠬᠠᠨ ᠢ᠋ ᠪᠣᠳᠣᠨ ᠪᠣᠳᠣᠨ᠂ ᠠᠮᠢᠳᠤᠷᠠᠯ ᠵᠢᠷᠭᠠᠯ ᠤ᠋ᠨ ᠰᠢᠨᠲᠠᠷᠠᠰᠢ ᠦᠭᠡᠢ ᠲᠡᠮᠡᠦᠯᠦᠯ ᠢ᠋ᠶ᠋ᠡᠷ ᠵᠢᠭᠦᠷᠯᠡᠨ ᠥᠷᠯᠥᠭᠡ ᠡᠷᠲᠡ ᠶ᠋ᠢᠨ ᠭᠡᠭᠡᠨ ᠳ᠋ᠦ᠍ ᠢᠨᠢᠶᠡᠮᠰᠦᠭᠯᠡᠨ ᠮᠢᠰᠢᠶᠡᠭᠰᠡᠭᠡᠷ ᠢᠷᠡᠭᠰᠡᠨ ᠲᠡᠷᠡ ᠪᠦᠰᠡᠭᠦᠢ ᠨᠠᠴᠤᠭᠳᠣᠷᠵᠢ ᠶ᠋ᠢᠨ ᠴᠣᠭᠴᠠᠰ ᠢ᠋ ᠦᠵᠡᠭᠡᠳ ᠴᠡᠯᠮᠡᠭ ᠡᠳᠦᠷ ᠦ᠋ᠨ ᠠᠶᠤᠩᠭᠠᠨ ᠳ᠋ᠤ᠌ ᠵᠠᠳᠠ ᠴᠣᠬᠢᠭᠤᠯᠬᠤ ᠰᠢᠭ᠋ ᠪᠣᠯᠪᠠ ᠃  
      ᠶᠢᠷᠲᠢᠨᠴᠦ ᠶ᠋ᠢᠨ ᠬᠠᠷ᠎ᠠ ᠴᠠᠭᠠᠨ ᠬᠣᠶᠠᠷ ᠢᠩᠭᠢᠵᠦ ᠭᠡᠨᠡᠳᠲᠡ ᠬᠠᠷᠰᠢᠵᠤ ᠠᠯᠠᠭᠯᠠᠬᠤ ᠶ᠋ᠢ ᠵᠡᠭᠦᠳᠦᠯᠡᠭᠡ ᠴᠦ᠍ ᠦᠭᠡᠢ ᠶᠠᠪᠤᠵᠠᠢ᠃ ᠭᠠᠢᠬᠠᠮᠰᠢᠭ᠍ᠲᠤ ᠰᠠᠢᠬᠠᠨ ᠬᠥᠮᠦᠨ ᠡᠨᠳᠡ ᠣᠰᠣᠯᠳᠠᠨ ᠬᠠᠯᠢᠭᠠᠳ ᠭᠠᠭᠴᠠ ᠪᠦᠰᠡᠭᠦᠢ ᠳᠡᠷᠭᠡᠳᠡ ᠨᠢ ᠬᠥᠮᠦᠨ ᠴᠢᠯᠠᠭᠤ ᠮᠡᠲᠦ ᠬᠥᠰᠢᠨ ᠵᠣᠭᠰᠣᠵᠤ ᠪᠠᠢᠬᠤ ᠳ᠋ᠤ᠌᠂ ᠲᠡᠭᠷᠢ ᠶ᠋ᠢᠨ ᠲᠤᠩᠭᠠᠯᠠᠭ ᠨᠠᠷᠠᠨ ᠠᠵᠢᠭ ᠴᠤ᠌ ᠦᠭᠡᠢ ᠮᠠᠨᠳᠤᠵᠤ᠂ ᠬᠥᠮᠦᠨ ᠵᠤᠨ ᠠᠵᠤ ᠠᠮᠢᠳᠤᠷᠠᠯ ᠥᠴᠦᠬᠡᠨ ᠴᠦ᠍ ᠴᠤᠴᠠᠷᠠᠬᠤ ᠦᠭᠡᠢ ᠦᠷᠭᠦᠯᠵᠢᠯᠡᠨ᠂ ᠲᠡᠷᠲᠡᠭᠡ  ᠪᠤᠶᠠᠨᠲᠤ ᠬᠤᠸᠠ ᠶ᠋ᠢᠨ ᠳᠡᠨᠵᠢ ᠳᠡᠭᠡᠷ᠎ᠡ ᠤᠯᠤᠰ ᠤ᠋ᠨ ᠨᠠᠭᠠᠳᠤᠮ ᠨᠢᠵᠢᠭᠢᠨᠡᠵᠦ᠂ ᠬᠤᠷᠳᠤᠨ ᠮᠣᠷᠢ ᠤᠷᠤᠯᠳᠤᠨ᠂ ᠮᠡᠷᠭᠡᠨ ᠬᠠᠷᠪᠤᠭᠠᠴᠢ ᠨᠠᠷ ᠰᠡᠴᠡ ᠰᠢᠯᠭᠠᠨ ᠤᠤᠬᠠᠢᠯᠠᠵᠤ᠂ ᠪᠥᠬᠡ ᠶ᠋ᠢᠨ ᠳᠡᠪᠵᠢᠶᠡᠨ ᠳ᠋ᠦ᠍ ᠪᠠᠷᠭᠤ ᠶ᠋ᠢᠨ ᠭᠡᠯᠥᠭ ᠠᠷᠪᠠ ᠳᠠᠪᠠᠵᠤ ᠲᠡᠷᠢᠭᠦᠯᠡᠨ᠂ ᠠᠷᠤ ᠬᠠᠩᠭᠠᠢ ᠨᠤᠲᠤᠭ ᠤ᠋ᠨ ᠯᠣᠪᠰᠠᠩᠵᠠᠮᠰᠤ ᠶᠢᠰᠦ ᠳᠠᠪᠠᠵᠤ ᠦᠵᠦᠭᠦᠷᠯᠡᠭᠡᠳ᠂ ᠪᠠᠶᠠᠨ ᠪᠠᠷᠠᠭᠠᠲᠤ ᠶ᠋ᠢᠨ ᠲᠡᠮᠦᠷ 《 ᠳᠥᠮᠥᠨ ᠳᠥᠮᠥᠨ ᠭᠢᠰᠬᠢᠳᠡᠯ ᠲᠡᠢ ᠪᠠᠷᠠᠭᠠᠬᠠᠨ ᠨᠢᠳᠦᠨ ᠰᠢᠷᠭ᠎ᠠ 》 ᠶ᠋ᠢ ᠪᠡᠨ ᠬᠠᠩᠭᠢᠨᠠᠭᠤᠯᠤᠨ ᠳᠠᠭᠤᠯᠠᠭᠰᠠᠭᠠᠷ ᠪᠠᠢᠯ᠎ᠠ ᠃ 
      《 ᠠᠶ᠎ᠠ ᠂ ᠣᠷᠴᠢᠯᠠᠩ ᠭᠡᠳᠡᠭ ᠶᠠᠭᠠᠬᠢᠭ᠍ᠰᠠᠨ ᠬᠠᠲᠠᠭᠤ ᠶᠤᠮ ᠪᠣᠢ ? ᠬᠦᠰᠡᠯ ᠬᠢᠰᠠᠯ ᠬᠣᠶᠠᠷ ᠶᠠᠭᠠᠬᠢᠭ᠍ᠰᠠᠨ ᠬᠠᠢᠷ᠎ᠠ ᠨᠠᠢᠷ ᠦᠭᠡᠢ ᠲᠤᠯᠤᠯᠳᠤᠳᠠᠭ ᠶᠤᠮ ᠪᠣᠢ ? 》 ᠭᠡᠵᠦ ᠬᠠᠯᠬᠠᠯᠠᠨ ᠪᠣᠳᠣᠭᠠᠳ  ᠪᠤᠶᠠᠨᠵᠢᠷᠭᠠᠯ ᠨᠠᠴᠤᠭᠳᠣᠷᠵᠢ ᠶ᠋ᠢᠨ ᠠᠮᠢ ᠦᠭᠡᠢ ᠴᠣᠭᠴᠠᠰ ᠢ᠋ ᠳᠠᠬᠢᠨ ᠰᠠᠢᠲᠤᠷ ᠰᠢᠷᠳᠡᠪᠡ ᠃ 
      ᠪᠣᠷᠣ ᠲᠡᠷᠯᠢᠭ ᠦ᠋ᠨ ᠵᠠᠭᠠᠮ᠎ᠠ ᠤᠷᠠᠩᠬᠠᠢ᠂ ᠡᠨᠳᠡ ᠲᠡᠨᠳᠡ ᠪᠡᠨ ᠰᠢᠪᠡᠷ ᠰᠢᠷᠣᠢ ᠪᠣᠯᠤᠭᠰᠠᠨ ᠪᠥᠭᠡᠳ ᠡᠪ ᠦᠭᠡᠢ ᠨᠤᠭᠤᠯᠵᠤ ᠤᠨᠠᠭᠰᠠᠨ ᠬᠥᠯ᠂ ᠲᠡᠮᠦᠷ ᠲᠣᠷᠬᠠᠨ ᠳ᠋ᠤ᠌ ᠰᠢᠨᠡ ᠪᠡᠨ ᠴᠢᠩᠭ᠎ᠠ ᠨᠠᠭᠠᠵᠤ ᠠᠶᠠᠭᠦᠢ ᠮᠤᠷᠤᠢᠭᠰᠠᠨ ᠴᠠᠢᠪᠤᠷ ᠨᠣᠭᠣᠭᠠᠨ ᠲᠤᠶᠠᠭᠠᠲᠤ ᠠᠮᠢ ᠦᠭᠡᠢ ᠨᠢᠭᠤᠷ ᠳᠡᠭᠡᠭᠦᠷ ᠦᠰᠦ ᠨᠢ ᠲᠤᠭ ᠲᠤᠭ ᠢ᠋ᠶ᠋ᠠᠷ ᠢ᠋ᠶ᠋ᠠᠨ ᠡᠭᠡᠳᠡᠷᠡᠨ ᠪᠦᠷᠬᠦᠭᠡᠳ ᠤᠷᠤᠭᠤᠯ ᠤ᠋ᠨ ᠬᠢᠨᠢ ᠬᠠᠵᠠᠭᠤ ᠪᠠᠷ ᠬᠠᠷ᠎ᠠ ᠶᠠᠭᠤᠮ᠎ᠠ ᠴᠤᠬᠤᠢᠭᠠᠳ ᠬᠠᠳᠠᠵᠠᠢ᠃ ᠭᠠᠷ ᠨᠢ ᠲᠣᠷᠬ᠎ᠠ ᠶ᠋ᠢᠨ ᠢᠷᠣᠭᠠᠯ ᠳ᠋ᠤ᠌ ᠲᠡᠭᠦᠨ ᠢ᠋ ᠲᠡᠪᠡᠷᠢᠨ ᠮᠠᠭᠠᠵᠢᠵᠤ ᠪᠠᠢᠬᠤ ᠰᠢᠭ᠋ ᠰᠡᠷᠪᠡᠢᠨ᠂ ᠬᠢᠮᠤᠰᠤ ᠪᠠᠨ ᠨᠣᠢᠲᠠᠨ ᠭᠠᠵᠠᠷ ᠰᠢᠭᠢᠳᠬᠡᠨ ᠲᠣᠭᠲᠠᠭᠰᠠᠨ ᠨᠢ ᠬᠡᠵᠢᠶ᠎ᠡ ᠨᠢᠭᠡᠨ ᠴᠠᠭ ᠲᠤ᠌ ᠮᠣᠩᠭᠣᠯ᠂ ᠬᠢᠲᠠᠳ᠂ ᠭᠧᠷᠮᠠᠨ᠂ ᠣᠷᠣᠰ ᠪᠣᠯᠤᠨ ᠲᠥᠪᠡᠳ᠂ ᠮᠠᠨᠵᠤ ᠬᠡᠯᠡ ᠪᠢᠴᠢᠭ ᠢ᠋ ᠴᠡᠪᠡᠷ ᠰᠠᠢᠬᠠᠨ ᠲᠠᠲᠠᠯᠠᠨ ᠶᠠᠪᠤᠭᠰᠠᠨ ᠡᠷᠳᠡᠮᠲᠦ ᠬᠥᠮᠦᠨ ᠤ ᠭᠠᠷ ᠭᠡᠬᠦ ᠳ᠋ᠦ᠍ ᠬᠡᠨ ᠴᠦ᠍ ᠦᠨᠡᠮᠰᠢᠬᠦ ᠦᠭᠡᠢ ᠬᠠᠷᠠᠭᠳᠠᠨ᠎ᠠ᠃ 
      《 ᠪᠢ ᠴᠦ᠍ ᠶᠡᠬᠡ ᠶᠠᠭᠤᠮ᠎ᠠ ᠪᠣᠳᠣᠵᠤ ᠶᠠᠪᠤᠭᠰᠠᠨ ᠳᠠ ᠃ ᠡᠨᠡ ᠬᠥᠮᠦᠨ᠂  ᠨᠠᠮ᠎ᠠ ᠶ᠋ᠢ ᠣᠯᠵᠤ ᠬᠠᠷᠠᠭᠰᠠᠨ ᠦᠭᠡᠢ᠂ ᠬᠣᠭ ᠤ᠋ᠨ ᠪᠤᠭ᠍ᠰᠢᠭ᠋ ᠢ᠋ ᠤᠷᠢᠲᠠᠵᠤ ᠲᠡᠪᠡᠷᠢᠵᠡᠢ ᠳᠠ᠁ 》 ᠭᠡᠵᠦ ᠪᠣᠳᠣᠭᠠᠳ ᠪᠤᠶᠠᠨᠵᠢᠷᠭᠠᠯ ᠮᠡᠯᠮᠡᠷᠡᠨ ᠪᠠᠢᠭᠰᠠᠨ ᠨᠢᠯᠪᠤᠰᠤ ᠪᠠᠨ ᠬᠦᠴᠦ ᠪᠡᠷ ᠲᠣᠭᠲᠠᠭᠠᠨ ᠡᠪᠦᠷ ᠢᠶᠡᠨ ᠰᠦ᠋ᠢᠯᠡᠨ ᠬᠦᠵᠦᠭᠦᠨ ᠡᠴᠡ ᠪᠡᠨ ᠵᠡᠭᠦᠭᠰᠡᠨ ᠬᠠᠳᠠᠭ ᠳᠠᠬᠢ ᠪᠣᠭᠣᠳᠠᠯᠲᠠᠢ ᠵᠦᠢᠯ ᠢ᠋ᠶ᠋ᠡᠨ ᠪᠠᠷᠢᠵᠤ ᠦᠵᠡᠪᠡ ᠃ 
      ᠨᠠᠴᠤᠭᠳᠣᠷᠵᠢ ᠭᠡᠨᠡᠳᠲᠡ ᠲᠡᠷᠡ ᠰᠠᠢᠬᠠᠨ ᠬᠡᠦᠬᠡᠨ ᠢ᠋ ᠠᠩᠬ᠎ᠠ ᠬᠠᠷᠠᠭᠰᠠᠨ ᠠ᠋ᠴᠠ ᠡᠬᠢᠯᠡᠨ ᠠᠷᠪᠠᠨ ᠬᠡᠳᠦᠨ ᠨᠠᠰᠤ ᠲᠠᠢ ᠥᠬᠢᠨ ᠤ ᠳᠣᠲᠣᠷ᠎ᠠ ᠬᠦᠨᠳᠦᠯᠡᠯ ᠪᠠ ᠬᠠᠢᠷ᠎ᠠ ᠶ᠋ᠢᠨ ᠰᠡᠳᠬᠢᠯ ᠨᠢᠭᠡᠨ ᠵᠡᠷᠭᠡ ᠲᠥᠷᠥᠭᠡᠳ ᠤᠯᠠᠮ ᠢ᠋ᠶ᠋ᠠᠷ ᠨᠠᠴᠤᠭᠳᠣᠷᠵᠢ ᠶ᠋ᠢ ᠠᠷᠢᠬᠢ ᠳᠡᠷᠡᠰᠦᠨ ᠳ᠋ᠦ᠍ ᠣᠷᠣᠵᠤ ᠶᠠᠳᠠᠭᠤᠷᠠᠬᠤ ᠰᠠᠴᠠᠭᠤ᠂ ᠪᠤᠶᠠᠨᠵᠢᠷᠭᠠᠯ ᠥᠬᠢᠨ ᠬᠡᠳᠦᠢᠨ ᠶᠠᠳᠠᠭᠤ ᠵᠦᠳᠡᠭᠦᠦ ᠠᠮᠢᠳᠤᠷᠠᠯ ᠤ᠋ᠨ ᠢ᠋ᠶ᠋ᠠᠨ ᠬᠠᠵᠠᠭᠤ ᠪᠠᠷ ᠡᠯᠳᠡᠪ ᠠᠷᠭ᠎ᠠ ᠲᠡᠪᠴᠢᠶᠡᠷᠢ᠂  ᠬᠡᠮᠨᠡᠯᠲᠡ ᠠᠷᠪᠢᠯᠠᠯᠲᠠ ᠰᠦᠪᠡᠭᠴᠢᠯᠡᠨ ᠪᠤᠲᠠᠷᠬᠠᠢ ᠮᠥᠩᠭᠥ ᠪᠦᠬᠦᠨ ᠢ᠋ ᠴᠢᠩᠳᠠᠯᠠᠨ ᠴᠤᠭᠯᠠᠭᠤᠯᠤᠭᠰᠠᠭᠠᠷ ᠣᠪᠣᠭ᠎ᠠ ᠮᠥᠩᠭᠥ ᠬᠤᠷᠠᠮᠳᠤᠭᠤᠯᠤᠭᠰᠠᠨ ᠨᠢ ᠡᠨᠡ ᠬᠠᠳᠠᠭ ᠳᠣᠲᠣᠷ᠎ᠠ ᠪᠣᠭᠣᠯᠲᠠᠲᠠᠢ ᠪᠠᠢᠭ᠎ᠠ ᠠᠵᠢ᠃ 
      ᠡᠨᠡ ᠪᠣᠯ ᠨᠠᠴᠤᠭᠳᠣᠷᠵᠢ ᠶ᠋ᠢ ᠥᠭᠡᠳᠡ ᠲᠡᠳᠡᠨ ᠠᠮᠢᠳᠤᠷᠠᠬᠤ ᠪᠤᠶᠠᠨᠵᠢᠷᠭᠠᠯ ᠤ᠋ᠨ ᠥᠪ ᠬᠥᠷᠥᠩᠭᠡ ᠪᠠᠢᠯ᠎ᠠ᠃  ᠭᠡᠪᠡᠴᠦ ᠣᠳᠣ ᠡᠨᠡ ᠬᠡᠷᠡᠭ ᠦᠭᠡᠢ ᠪᠣᠯᠵᠠᠢ ᠃ ᠪᠤᠶᠠᠨᠵᠢᠷᠭᠠᠯ ᠬᠡᠰᠡᠭ ᠪᠣᠳᠣᠭᠰᠠᠨ ᠢ᠋ᠶ᠋ᠠᠨ ᠨᠢᠭᠡᠨᠲᠡ ᠥᠭᠡᠷ᠎ᠡ ᠬᠥᠮᠦᠰ ᠡᠰᠡ ᠬᠠᠢᠬᠤᠷᠬᠤ ᠡᠨᠡ ᠬᠥᠮᠦᠨ ᠤ ᠴᠣᠭᠴᠠᠰ ᠢ᠋ ᠣᠯᠠᠨ ᠤ᠋ ᠨᠢᠳᠦᠨ ᠳᠡᠭᠡᠷ᠎ᠡ ᠢᠩᠭᠢᠵᠦ ᠪᠠᠢᠯᠭᠠᠭᠠᠳ ᠶᠠᠭᠠᠬᠢᠬᠤ ᠪᠣᠢ ᠭᠡᠵᠦ ᠪᠣᠳᠣᠨ ᠠᠯᠪᠠᠨ ᠤ᠋ ᠤᠯᠤᠰ ᠲᠤ᠌ ᠮᠡᠳᠡᠭᠳᠡᠭᠡᠳ᠂ ᠬᠡᠳᠦᠨ ᠬᠢᠲᠠᠳ ᠠᠵᠢᠯᠴᠢᠨ ᠣᠯᠵᠤ ᠦᠨ᠎ᠡ ᠬᠥᠯᠥᠰᠥ ᠶ᠋ᠢ ᠲᠥᠯᠥᠨ ᠲᠡᠳᠡᠨ ᠢ᠋ᠶ᠋ᠠᠷ ᠨᠠᠴᠤᠭᠳᠣᠷᠵᠢ ᠶ᠋ᠢᠨ ᠪᠡᠶ᠎ᠡ ᠶ᠋ᠢ ᠬᠣᠲᠠ ᠶ᠋ᠢᠨ ᠣᠷᠣᠰᠢᠭᠤᠯᠭ᠎ᠠ ᠶ᠋ᠢᠨ ᠭᠠᠵᠠᠷ ᠲᠤ᠌ ᠨᠤᠲᠤᠭᠯᠠᠭᠤᠯᠬᠤ ᠠᠵᠢᠯ ᠢ᠋ ᠲᠡᠷᠡ ᠡᠳᠦᠷ ᠲᠤᠨᠢ ᠬᠢᠯᠭᠡᠵᠦ᠂ ᠬᠤᠷᠠᠯ ᠨᠣᠮ ᠤ᠋ᠨ ᠭᠠᠵᠠᠷ ᠡᠷᠭᠦᠯ ᠪᠣᠯᠭᠠᠵᠤ ᠦᠯᠡᠳᠡᠭᠡᠭᠰᠡᠨ ᠮᠥᠩᠭᠥ ᠪᠡᠨ ᠡᠷᠭᠦᠭᠡᠳ ᠶᠠᠳᠠᠭᠤ ᠪᠣᠷᠣ ᠭᠡᠷ ᠥᠭᠡᠳᠡ ᠪᠡᠨ ᠤᠬᠢᠯᠠᠨ ᠬᠠᠢᠯᠤᠨ ᠪᠤᠴᠠᠭᠰᠠᠨ ᠪᠠᠢᠯ᠎ᠠ᠃ 
      ᠲᠡᠷᠡ ᠦᠶ᠎ᠡ ᠳ᠋ᠦ᠍ ᠂ ᠭᠠᠭᠴᠠᠬᠠᠨ  ᠪᠤᠶᠠᠨᠵᠢᠷᠭᠠᠯ ᠬᠠᠯᠬ᠎ᠠ ᠲᠦᠮᠡᠨ ᠤ ᠶᠡᠬᠡ ᠭᠠᠷᠤᠵᠠ ᠶ᠋ᠢ ᠪᠢᠴᠢᠬᠠᠨ ᠨᠢᠷᠤᠭᠤᠨ ᠳ᠋ᠠᠭᠠᠨ ᠡᠭᠦᠷᠦᠨ ᠭᠠᠰᠢᠭᠤᠳᠠᠭᠰᠠᠨ ᠪᠠᠢᠨᠠᠮ ᠃ 
      ᠣᠷᠴᠢᠯᠠᠩ ᠤ᠋ᠨ ᠬᠤᠪᠢ ᠵᠣᠬᠢᠶᠠᠯ ᠤᠨ ᠡᠨᠳᠡᠭᠦᠷᠡᠯ ᠪᠣᠯᠤᠭᠰᠠᠨ ᠲᠡᠷᠡ ᠡᠳᠦᠷ 1937 ᠣᠨ ᠤ᠋ 7 ᠰᠠᠷ᠎ᠠ ᠶ᠋ᠢᠨ13 ᠤ᠋ ᠡᠳᠦᠷ ᠪᠠᠢᠯ᠎ᠠ ᠃                                                                               1971.12.31 ᠬᠠᠵᠠᠭᠤ ᠤᠯᠠᠭᠠᠨ  

             ᠦᠰᠦᠭ ᠠᠮᠢᠯᠠᠭᠤᠯᠤᠭᠰᠠᠨ ᠨᠢ ᠄  ᠨᠠᠷᠠᠨ ᠲᠣᠭᠣᠨᠣ