ᠲᠣᠯᠢ ᠭᠡᠨᠳᠡᠨ – ᠴ ᠂ ᠳᠠᠮᠳᠢᠨᠰᠦ᠋ᠷᠦᠩ Толь гэнтэн – Ч ᠂ Дамдинсүрэн ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠯᠢ ᠭᠡᠨᠳᠡᠨ – ᠴ ᠂ ᠳᠠᠮᠳᠢᠨᠰᠦ᠋ᠷᠦᠩ Толь гэнтэн – Ч ᠂ Дамдинсүрэн

ᠲᠣᠯᠢ ᠭᠡᠨᠳᠡᠨ – ᠴ ᠂ ᠳᠠᠮᠳᠢᠨᠰᠦ᠋ᠷᠦᠩ Толь гэнтэн – Ч ᠂ Дамдинсүрэн

ᠠᠩᠭᠢᠯᠠᠯ:ᠬᠣᠱᠣᠩ ᠱᠣᠭ
2023-07-05

385

ᠲᠣᠯᠢ ᠭᠡᠨᠳᠡᠨ

( ᠱᠣᠭ ᠰᠢᠯᠦᠭ )
ᠢᠯᠪᠢ ᠵᠢᠯᠪᠢ ᠳᠠᠯᠠᠢ ᠶ᠋ᠢᠨ ᠵᠠᠬ᠎ᠠ ᠳ᠋ᠤ᠌ 
ᠭᠡᠯᠩ ᠶᠣᠨᠲᠣᠨ ᠠᠭᠤᠯᠠ ᠶ᠋ᠢᠨ ᠡᠩᠭᠡᠷ ᠲᠦ᠍ 
ᠲᠣᠯᠢ ᠬᠡᠨᠳᠡᠨ ᠲᠣᠯᠣᠭᠠᠢ ᠰᠢᠷᠠᠪ ᠭᠡᠵᠦ ᠶᠠᠪᠤᠵᠠᠢ᠃ 
ᠬᠡᠨᠲᠡᠢ ᠬᠠᠨ ᠢ᠋ ᠳᠠᠢᠬᠤ ᠳ᠋ᠤ᠌ 
ᠲᠣᠭᠠᠲᠤ ᠪᠥᠬᠡ ᠶ᠋ᠢᠨ ᠲᠣᠭᠠᠨ ᠳ᠋ᠤ᠌ ᠣᠷᠣᠵᠤ 
ᠲᠣᠷᠭᠠᠨ ᠵᠣᠳᠣᠭ ᠤ᠋ᠨ ᠮᠥᠷᠦᠨ ᠳᠡᠭᠡᠷ᠎ᠡ ᠡᠴᠡ 
ᠲᠣᠪ ᠬᠢᠲᠡᠯ᠎ᠡ ᠠᠳᠬᠤᠵᠤ 
ᠬᠢᠵᠦ ᠴᠦ᠍ ᠨᠢᠭᠡ ᠦᠵᠡᠵᠦ 
ᠬᠢᠯᠭᠡᠵᠦ ᠴᠦ᠍ ᠨᠢᠭᠡ ᠦᠵᠡᠵᠦ 
ᠬᠡᠢᠰᠬᠡᠭᠡ ᠮᠡᠷᠭᠡᠨ ᠵᠠᠭᠠᠨ ᠴᠣᠯᠠ ᠶ᠋ᠢ ᠣᠯᠵᠤ ᠨᠢᠭᠡ ᠨᠠᠷᠭᠢᠵᠤ ᠶᠠᠪᠤᠵᠠᠢ᠃ 
ᠵᠠ ᠲᠡᠭᠡᠭᠡᠳ 
ᠡᠨᠡ ᠶᠠᠪᠤᠳᠠᠯ ᠶᠡᠷᠦ ᠨᠢ ᠪᠢᠰᠢ 
ᠡᠨᠳᠡ ᠲᠡᠨᠳᠡ ᠶᠠᠪᠤᠵᠤ 
ᠡᠷᠭᠦᠯ ᠮᠥᠷᠭᠥᠯ ᠬᠢᠵᠦ 
ᠡᠴᠦᠰ ᠬᠣᠢᠲᠤ ᠶ᠋ᠢ ᠪᠣᠳᠣᠪᠠᠯ
ᠡᠷᠬᠡ ᠦᠭᠡᠢ ᠳᠡᠭᠡᠷ᠎ᠡ ᠭᠡᠵᠦ ᠰᠢᠢᠳᠦᠭᠡᠳ
ᠮᠥᠷᠭᠥᠯ ᠬᠢᠵᠦ ᠭᠠᠷᠴᠤ ᠭᠡᠨ᠎ᠡ ᠃
ᠮᠠᠨ ᠤ᠋ ᠰᠦᠮ᠎ᠡ ᠲᠠᠨ ᠤ᠋ ᠰᠦᠮ᠎ᠡ
ᠮᠠᠭᠨᠢ ᠰᠦᠮ᠎ᠡ ᠱᠠᠬᠠᠢ ᠰᠦᠮ᠎ᠡ
ᠠᠯᠠᠭ ᠬᠡᠢᠳ ᠴᠠᠭᠠᠨ ᠳᠢᠶᠠᠨᠴᠢ
ᠠᠨᠳᠤᠤ ᠶ᠋ᠢᠨ ᠠᠷᠪᠠᠨ ᠭᠤᠷᠪᠠᠨ ᠬᠡᠢᠳ ᠢ᠋ ᠬᠦᠷᠲᠡᠯ᠎ᠡ ᠶᠠᠪᠤᠭᠠᠳ ᠮᠥᠷᠭᠥᠴᠢᠬᠡᠭᠰᠡᠨ ᠴᠢᠨᠢ
ᠳᠤᠬᠤᠨ ᠳ᠋ᠤᠨᠢ ᠲᠤᠭᠤᠷᠠᠢ ᠤᠷᠭᠤᠵᠤ
ᠡᠯᠢᠭᠡᠨ ᠳ᠋ᠦ᠍ᠨᠢ ᠡᠪᠡᠷ ᠤᠷᠭᠤᠵᠤ
ᠠᠢᠬᠤᠪᠲᠤᠷ ᠵᠣᠪᠠᠯ ᠵᠦᠳᠡᠭᠦᠷᠢ ᠶ᠋ᠢ ᠦᠵᠡᠵᠦ ᠪᠠᠢᠨ᠎ᠠ ᠭᠡᠨ᠎ᠡ ᠃
ᠵᠠ ᠲᠡᠭᠡᠭᠡᠳ ᠡᠨᠡ ᠬᠡᠷᠡᠭ ᠶᠡᠷᠦ ᠨᠢ ᠪᠢᠰᠢ
ᠡᠷᠭᠦᠯ ᠮᠥᠷᠭᠥᠯ ᠬᠢᠬᠦ ᠪᠡᠨ ᠪᠣᠯᠢᠶ᠎ᠠ
ᠠᠷᠠᠯᠵᠢᠶ᠎ᠠ ᠮᠠᠢᠮᠠᠢ ᠬᠢᠵᠦ
ᠠᠰᠢᠭ ᠬᠣᠨᠵᠢᠶ᠎ᠠ ᠬᠠᠷᠠᠶ᠎ᠠ ᠭᠡᠵᠦ ᠰᠢᠢᠳᠴᠡᠢ ᠃
ᠬᠠᠷᠢᠨ ᠲᠡᠮᠡᠭᠡ ᠬᠥᠯᠦᠭᠡᠳ
ᠬᠣᠶᠠᠷ ᠬᠥᠮᠦᠨ ᠳᠠᠭᠠᠭᠤᠯᠤᠭᠠᠳ
ᠯᠤᠤᠸᠠᠩ ᠬᠣᠲᠠ ᠶ᠋ᠢ ᠣᠷᠣᠵᠤ ᠭᠡᠨ᠎ᠡ ᠃
ᠡᠯᠳᠡᠪ ᠬᠡᠷᠡᠭᠲᠡᠢ ᠡᠳ᠋ ᠲᠠᠸᠠᠷ ᠠᠪᠬᠤ ᠶᠠᠭᠤᠮ᠎ᠠ ᠪᠠᠨ ᠠᠪᠴᠠᠢ
ᠠᠪᠤᠭ᠎ᠠ ᠦᠭᠡᠢ ᠶᠠᠭᠤᠮ᠎ᠠ ᠶᠠᠭᠤ ᠪᠢᠯᠡ ᠭᠡᠨ᠎ᠡ ᠃
ᠲᠠᠤᠯᠠᠢ ᠶ᠋ᠢᠨ ᠡᠪᠡᠷ ᠂
ᠲᠤᠭᠤᠯ ᠤ᠋ᠨ ᠰᠣᠶᠣᠭ᠎ᠠ
ᠨᠣᠭᠣᠭᠠᠨ ᠬᠤᠷᠠᠭᠠᠨ ᠤ᠋ ᠠᠷᠠᠰᠤ ᠂
ᠨᠣᠬᠠᠢ ᠶ᠋ᠢᠨ ᠪᠢᠲᠡᠭᠦᠦ ᠲᠤᠭᠤᠷᠠᠢ
ᠡᠨᠡ ᠳᠥᠷᠪᠡ ᠪᠠᠢᠵᠤ ᠭᠡᠨ᠎ᠡ ᠃
ᠵᠠ ᠲᠡᠭᠡᠭᠡᠳ ᠪᠤᠴᠠᠭᠠᠳ ᠶᠠᠪᠤᠵᠠᠢ ᠃
ᠡᠷᠭᠢᠵᠦ ᠢᠷᠡᠬᠦ ᠵᠠᠮ ᠳ᠋ᠤ᠌
ᠡᠯᠳᠡᠪ ᠤᠴᠠᠷᠠᠯ ᠲᠣᠬᠢᠶᠠᠯᠳᠤᠵᠤ
ᠡᠯᠳᠡᠪ ᠶᠠᠩᠵᠤ ᠶ᠋ᠢᠨ ᠪᠣᠳᠣᠯ
ᠰᠡᠳᠬᠢᠯ ᠳ᠋ᠦ᠍ᠨᠢ ᠣᠷᠣᠵᠤ ᠶᠠᠪᠤᠵᠠᠢ ᠃
ᠵᠠ ᠬᠡᠨ ᠬᠡᠨ ᠲᠡᠢ ᠠᠭᠤᠯᠵᠠᠵᠤ
ᠶᠠᠭᠤ ᠶᠠᠭᠤ ᠭᠡᠵᠦ ᠪᠣᠯᠪᠠ ᠭᠡᠬᠦᠯᠡᠷ ᠄
ᠯᠤᠤᠸᠠᠩ ᠬᠣᠲᠠ ᠶ᠋ᠢ ᠦᠵᠡᠭᠡᠳ
ᠮᠠᠢᠮᠠᠢ ᠬᠢᠬᠦ ᠪᠡᠷ ᠰᠢᠢᠢᠤᠠᠴᠠᠢ
ᠮᠦᠨᠳᠡᠭ ᠮᠠᠮᠠ ᠶ᠋ᠢ ᠦᠵᠡᠭᠡᠳ
ᠯᠦᠢᠵᠢᠨ①ᠲᠠᠯᠪᠢᠬᠤ ᠪᠠᠷ ᠰᠢᠢᠳᠴᠡᠢ᠃
ᠭᠡᠭᠡᠨ ᠯᠠᠮᠠ ᠶ᠋ᠢ ᠦᠵᠡᠭᠡᠳ
ᠭᠡᠯᠦᠩ ᠪᠣᠯᠬᠤ ᠪᠠᠷ ᠰᠢᠢᠳᠴᠡᠢ
ᠭᠡᠨᠡᠳᠲᠡᠬᠡᠨ ᠶᠠᠩᠵᠤ ᠪᠠᠨ ᠪᠣᠳᠣᠵᠤ
ᠭᠡᠵᠢᠭᠡ ᠲᠠᠯᠪᠢᠬᠤ ᠪᠠᠷ ᠰᠢᠢᠳᠴᠡᠢ
ᠬᠤᠪᠢᠯᠭᠠᠨ ᠯᠠᠮᠠ ᠶ᠋ᠢ ᠦᠵᠡᠭᠡᠳ
ᠬᠤᠸᠠᠷᠠᠭ ᠪᠣᠯᠬᠤ ᠪᠠᠷ ᠰᠢᠢᠳᠴᠡᠢ
ᠬᠠᠭᠤᠴᠢᠨ ᠶᠠᠩᠵᠤ ᠪᠠᠨ ᠪᠣᠳᠣᠵᠤ
ᠬᠤᠭᠤᠷ ᠲᠥᠬᠥᠭᠡᠷᠬᠦ ᠪᠡᠷ ᠰᠢᠢᠳᠴᠡᠢ
ᠰᠠᠢᠨ ᠯᠠᠮᠠ ᠶ᠋ᠢ ᠦᠵᠡᠵᠦ
ᠰᠠᠨᠸᠠᠷ ᠰᠠᠬᠢᠬᠤ ᠪᠠᠷ ᠰᠢᠢᠳᠴᠡᠢ
ᠰᠠᠢᠬᠠᠨ ᠲᠣᠯᠢ ᠶ᠋ᠢ ᠦᠵᠡᠵᠦ
ᠠᠪᠠᠭᠠᠢ ᠠᠪᠬᠤ ᠪᠠᠷ ᠰᠢᠢᠳᠴᠡᠢ
ᠵᠠ ᠲᠡᠭᠡᠭᠡᠳ ᠣᠷᠣᠨ ᠨᠤᠲᠤᠭ ᠲᠠᠭᠠᠨ ᠬᠠᠷᠢᠵᠤ ᠢᠷᠡᠵᠡᠢ ᠃
ᠠᠪᠴᠢᠷᠠᠭᠰᠠᠨ ᠶᠠᠭᠤᠮ᠎ᠠ ᠪᠠᠨ ᠬᠤᠳᠠᠯᠳᠤᠵᠤ ᠬᠤᠪᠢᠯᠭᠠᠵᠤ
ᠠᠴᠢᠭᠰᠠᠨ ᠲᠡᠮᠡᠭᠡ
ᠳᠠᠭᠠᠭᠤᠯᠤᠭᠰᠠᠨ ᠬᠥᠮᠦᠨ ᠦ᠌ ᠪᠡᠨ
ᠠᠴᠤᠭ ᠬᠥᠯᠥᠰᠥ ᠶ᠋ᠢ ᠲᠥᠯᠥᠭᠡᠳ
ᠠᠳᠠᠭ ᠰᠡᠭᠦᠯ ᠳ᠋ᠦ᠍ᠨᠢ ᠦᠯᠡᠳᠡᠭᠰᠡᠨ
ᠠᠰᠢᠭ ᠶᠠᠭᠤ ᠪᠢᠯᠡ ᠭᠡᠬᠦ ᠳ᠋ᠦ᠍ ᠄
ᠰᠢᠷᠡᠭᠡ ᠰᠠᠢᠬᠠᠨ ᠪᠦᠬᠦ ᠲᠡᠢ
ᠰᠢᠷᠪᠡᠳᠡᠭ ᠳᠥᠷᠪᠡᠨ ᠰᠢᠳᠦ ᠲᠡᠢ
ᠰᠢᠯᠢᠳᠡᠭ ᠰᠠᠢᠬᠠᠨ ᠴᠠᠭᠠᠨ ᠲᠡᠮᠡᠭᠡ ᠨᠢᠭᠡ ᠪᠠᠢᠵᠠᠢ᠃
ᠵᠠ ᠲᠡᠭᠡᠭᠡᠳ ᠡᠨᠡ ᠲᠡᠮᠡᠭᠡ ᠪᠡᠨ
ᠡᠨᠡ ᠵᠢᠯ ᠨᠢ ᠲᠠᠯᠪᠢᠵᠤ ᠲᠠᠷᠭᠤᠯᠠᠭᠤᠯᠤᠭᠰᠠᠨ ᠴᠢᠨᠢ
ᠡᠩ ᠦᠭᠡᠢ ᠰᠠᠢᠬᠠᠨ ᠲᠡᠮᠡᠭᠡ ᠪᠣᠯᠵᠠᠢ᠃
ᠳᠠᠷᠠᠭ᠎ᠠ ᠵᠢᠯ ᠨᠢ ᠲᠠᠯᠪᠢᠵᠤ ᠲᠠᠷᠭᠤᠯᠤᠭᠤᠯᠬᠤ ᠳ᠋ᠤ᠌
ᠳᠠᠩᠴᠤ ᠰᠠᠢᠬᠠᠨ ᠪᠡᠶ᠎ᠡ ᠲᠡᠢ
ᠲᠠᠷᠭᠤᠨ ᠴᠠᠭᠠᠨ ᠲᠡᠮᠡᠭᠡ ᠪᠣᠯᠤᠭᠠᠳ ᠢᠷᠡᠵᠡᠢ᠃
ᠵᠠ ᠲᠡᠭᠡᠭᠡᠳ ᠲᠡᠷᠡ ᠰᠠᠢᠬᠠᠨ ᠲᠡᠮᠡᠭᠡ ᠪᠡᠨ
ᠬᠠᠪᠤᠷ ᠤ᠋ᠨ ᠬᠠᠯᠠᠭᠤᠨ ᠰᠠᠯᠬᠢᠨ ᠳ᠋ᠤ᠌ ᠰᠠᠯᠬᠢᠳᠠᠭᠤᠯᠤᠭᠠᠳ ᠠᠯᠳᠠᠵᠠᠢ᠃
ᠬᠡᠨᠳᠡᠨ ᠭᠤᠸᠠᠢ ᠡᠷᠢᠭᠡᠳ ᠭᠠᠷᠴᠠᠢ᠃
ᠡᠷᠢᠭᠰᠡᠭᠡᠷ ᠪᠠᠢᠭᠠᠳ
ᠶᠠᠪᠤᠭ᠎ᠠ ᠦᠭᠡᠢ ᠴᠦ᠍ ᠭᠠᠵᠠᠷ ᠦᠭᠡᠢ
ᠠᠭᠤᠯᠵᠠᠭ᠎ᠠ ᠦᠭᠡᠢ ᠴᠦ᠍ ᠬᠥᠮᠦᠨ ᠦᠭᠡᠢ ᠰᠢᠬᠠᠭᠤ ᠪᠣᠯᠵᠠᠢ᠃
ᠬᠠᠮᠢᠭᠠᠭᠤᠷ ᠬᠠᠮᠢᠭᠠᠭᠤᠷ ᠶᠠᠪᠤᠪᠠ ᠭᠡᠪᠡᠯ ᠄
ᠬᠠᠷᠠᠭ᠎ᠠ ᠪᠣᠷᠣᠭ᠎ᠠ
ᠬᠠᠨᠠᠨ ᠪᠠᠶᠠᠨ
ᠬᠠᠰ ᠤ᠋ᠨ ᠬᠥᠨᠳᠡᠢ
ᠲᠡᠨᠳᠡ ᠡᠨᠳᠡ
ᠲᠡᠷᠭᠡ ᠱᠠᠭᠠᠵᠠᠭᠠᠢ
ᠲᠡᠮᠡᠭᠡᠨ ᠴᠢᠯᠠᠭᠤᠲᠤ
ᠭᠤᠨ᠎ᠠ ᠭᠣᠨᠲᠣ
ᠭᠤᠨᠵᠢ ᠮᠥᠭᠡᠷᠳᠡᠭ
ᠬᠣᠨᠢ ᠮᠠᠢᠯᠠᠳᠠᠭ
ᠬᠣᠶᠠᠷ ᠵᠠᠭᠢᠰᠳᠠᠭ
ᠳᠥᠷᠥᠭᠡ ᠬᠠᠩᠭᠢᠨᠠᠳᠠᠭ
ᠬᠦᠷᠲᠡᠯ᠎ᠡ ᠶᠠᠪᠤᠵᠤ ᠡᠷᠢᠭᠰᠡᠨ ᠴᠢᠨᠢ ᠣᠯᠤᠭᠰᠠᠨ ᠦᠭᠡᠢ᠃
ᠬᠡᠨ ᠬᠡᠨ ᠲᠡᠢ ᠠᠭᠤᠯᠵᠠᠵᠤ ᠠᠰᠠᠭᠤᠪᠠ ᠭᠡᠪᠡᠯ᠄
ᠡᠷᠡᠦ ᠴᠠᠭᠠᠨ ᠳᠡᠩᠬᠡᠯᠵᠡᠭᠦᠷ
ᠦᠩᠬᠦᠯᠴᠡᠭ ᠴᠠᠭᠠᠨ ᠶᠤᠩᠬᠤᠯᠵᠠᠭᠤᠷ
ᠽᠠᠶ᠎ᠠ ᠶ᠋ᠢᠨ ᠱᠠᠪᠢ ᠶ᠋ᠢᠨ ᠮᠥᠩᠭᠥᠨ ᠴᠣᠭᠣᠯᠲᠤᠷ
ᠬᠢᠯᠢᠩ ᠬᠥᠪᠡᠭᠡ
ᠴᠡᠭᠡᠷ ᠴᠤᠢᠮᠪᠤᠯ
ᠨᠣᠭᠣᠭᠠᠨ ᠳᠠᠷᠴᠠᠭ
ᠤᠷᠲᠤ ᠭᠤᠶᠠᠲᠤ
ᠤᠮᠵᠢᠳ ᠤ᠋ᠨ ᠪᠠᠯᠢᠩ
ᠬᠤᠰᠢᠭᠤᠨ ᠤ᠋ ᠨᠡᠷᠡᠲᠦ
ᠬᠤᠤᠪᠠᠢ ᠠᠷᠰᠯᠠᠨ
ᠳᠦᠭᠦᠷᠡᠩ ᠴᠡᠪᠡᠭ
ᠲᠥᠭᠥᠷᠢᠭ ᠶᠣᠨᠳᠣᠨ
ᠲᠠᠷᠢᠬᠢ ᠦᠭᠡᠢ ᠬᠠᠢᠮᠴᠤᠭ
ᠠᠪᠤ ᠶ᠋ᠢᠨ ᠨᠠᠨᠢᠶᠠ
ᠠᠭᠰᠤᠨ ᠵᠠᠮᠪᠠᠭ᠎ᠠ
ᠠᠵᠢᠪ ᠭᠤᠳᠤᠪ
ᠠᠭᠸᠠᠩᠵᠠᠮᠢᠶᠠᠨ
ᠠᠳᠤᠭᠤᠨ ᠳ᠋ᠤ᠌ ᠶᠠᠪᠤᠳᠠᠭ
ᠠᠶᠠᠭᠠᠴᠢ ᠯᠤᠤᠵᠠᠩ
ᠠᠳᠠᠭ ᠤ᠋ᠨ ᠮᠠᠭᠤ
ᠨᠣᠬᠠᠢ ᠯᠤᠤᠵᠠᠩ
ᠬᠦᠷᠡᠩ ᠦ᠋ᠨ ᠵᠢᠷᠣᠭ᠎ᠠ ᠬᠦᠷᠲᠡᠯ᠎ᠡ ᠠᠭᠤᠯᠵᠠᠵᠤ ᠤᠴᠠᠷᠠᠵᠤ
ᠠᠰᠠᠭᠤᠵᠤ ᠰᠤᠷᠠᠭᠯᠠᠪᠠᠯ ᠰᠤᠷᠠᠭ ᠠᠵᠢᠭ ᠪᠠᠢᠭᠰᠠᠨ ᠦᠭᠡᠢ᠃
ᠵᠠ ᠲᠡᠭᠡᠭᠡᠳ ᠬᠡᠨᠳᠡᠨ ᠭᠤᠸᠠᠢ ᠲᠡᠮᠡᠭᠡ ᠪᠡᠨ ᠡᠷᠢᠵᠦ
ᠶᠠᠪᠤᠭᠰᠠᠭᠠᠷ ᠨᠢᠭᠡ ᠡᠳᠦᠷ
ᠳᠡᠷᠡᠰᠦᠨ ᠬᠣᠭᠣᠯᠠᠢ ᠶ᠋ᠢᠨ ᠬᠤᠳᠳᠤᠭ ᠳᠡᠭᠡᠷ᠎ᠡ
ᠬᠦᠷᠦᠭᠡᠳ ᠢᠷᠡᠭᠰᠡᠨ ᠴᠢᠨᠢ
ᠳᠡᠭᠡᠢᠭᠰᠡᠨ ᠴᠠᠭᠠᠨ ᠶᠠᠭᠤᠮ᠎ᠠ ᠵᠣᠭᠰᠣᠵᠤ ᠪᠠᠢᠵᠠᠢ ᠃
ᠠᠵᠢᠭᠯᠠᠭᠠᠳ ᠬᠠᠷᠠᠪᠠᠯ ᠬᠠᠷᠢᠨ ᠥᠪᠡᠷ ᠦ᠋ᠨ ᠬᠢᠨᠢ
ᠴᠠᠭᠠᠨ ᠲᠡᠮᠡᠭᠡ ᠪᠠᠢᠵᠠᠢ ᠃
ᠰᠢᠷᠡᠭᠡ ᠪᠦᠬᠦ ᠨᠢ
ᠰᠢᠷᠢᠳᠡᠭ ᠪᠣᠯᠤᠭᠠᠳ
ᠰᠢᠷᠢᠨ ᠤᠯᠠ ᠨᠢ
ᠢᠯᠭᠢ ᠪᠣᠯᠤᠭᠠᠳ
ᠤᠷᠤᠭᠤᠯ ᠠᠮᠠ ᠨᠢ ᠤᠨᠵᠢᠢᠭᠠᠳ
ᠤᠩᠭᠠᠰᠤ ᠨᠣᠣᠰᠣ ᠨᠢ ᠰᠠᠨᠵᠢᠢᠭᠠᠳ ᠪᠠᠢᠵᠤ ᠪᠠᠢᠵᠠᠢ ᠃
ᠶᠠᠮᠠᠷ ᠵᠣᠯᠢᠭ ᠨᠢ ᠢᠩᠭᠢᠵᠦ ᠲᠡᠮᠡᠭᠡ ᠶ᠋ᠢ ᠮᠢᠨᠢ
ᠡᠳ᠋ᠯᠡᠪᠡ ᠭᠡᠳ ᠡᠷᠭᠢᠨ ᠲᠣᠭᠣᠷᠢᠨ ᠬᠠᠷᠠᠵᠤ ᠪᠠᠢᠲᠠᠯ᠎ᠠ
ᠭᠠᠭᠴᠠ ᠴᠠᠭᠠᠨ ᠭᠡᠷ ᠬᠠᠷᠠᠭᠳᠠᠵᠤ ᠭᠡᠨ᠎ᠡ
ᠬᠦᠷᠦᠭᠡᠳ ᠣᠴᠢᠭᠰᠠᠨ ᠴᠢᠨᠢ
ᠬᠠᠭᠤᠴᠢᠨ ᠲᠠᠨᠢᠯ ᠳᠠᠵᠢᠳᠮ᠎ᠠ ᠬᠡᠦᠬᠡᠨ ᠦ᠌ ᠬᠢ ᠪᠠᠢᠵᠠᠢ ᠃
ᠳᠠᠵᠢᠳᠮ᠎ᠠ ᠬᠡᠦᠬᠡᠨ ᠭᠡᠷ ᠡᠴᠡ ᠪᠡᠨ ᠭᠠᠷᠤᠭᠠᠳ ᠢᠷᠡᠵᠡᠢ᠃
ᠬᠡᠨᠳᠡᠨ ᠭᠤᠸᠠᠢ ᠶ᠋ᠢᠨ ᠮᠣᠷᠢ ᠭᠡᠷ ᠲᠡᠷᠭᠡᠨ ᠳ᠋ᠦ᠍ᠨᠢ
ᠣᠢᠷᠠᠲᠤᠵᠤ ᠦᠭᠡᠢ ᠦᠷᠭᠦᠭᠡᠳ ᠪᠠᠢᠵᠤ ᠭᠡᠨ᠎ᠡ᠃
ᠲᠡᠭᠡᠬᠦᠯᠡᠷ ᠨᠢ ᠳᠡᠵᠢᠳᠮ᠎ᠠ ᠬᠡᠦᠬᠡᠨ ᠠᠰᠠᠭᠤᠵᠠᠢ᠄
— ᠬᠥᠶᠢ ᠲᠠᠨ ᠤ᠋ ᠮᠣᠷᠢ ᠴᠢᠨᠢ ᠶᠠᠭᠠᠬᠢᠭᠰᠠᠨ ᠬᠡᠴᠡᠭᠦᠦ ᠮᠣᠷᠢ ᠪᠣᠢ? ᠭᠡᠬᠦ ᠳ᠋ᠦ᠍
ᠬᠡᠨᠳᠡᠨ ᠭᠤᠸᠠᠢ ᠬᠡᠯᠡᠵᠡᠢ᠄
— ᠠ᠋ ᠮᠢᠨᠦ ᠮᠣᠷᠢ ᠪᠣᠯ
ᠦᠨᠡᠰᠦ ᠬᠠᠷᠠᠪᠠᠯ ᠦᠷᠭᠦᠳᠡᠭ
ᠦᠨᠡᠭᠡ ᠬᠠᠷᠠᠪᠠᠯ ᠬᠥᠭᠡᠭᠡᠳᠡᠭ
ᠨᠣᠭᠣᠭ᠎ᠠ ᠬᠠᠷᠠᠪᠠᠯ ᠵᠤᠯᠭᠠᠭᠠᠳᠠᠭ
ᠨᠣᠬᠠᠢ ᠬᠠᠷᠠᠪᠠᠯ ᠵᠢᠭᠤᠲᠠᠳᠠᠭ
ᠲᠡᠷᠭᠡᠨ ᠡᠴᠡ ᠤᠶᠠᠪᠠᠯ ᠤᠭᠵᠠᠷᠠᠳᠠᠭ
ᠲᠡᠭᠨᠡᠭᠡ ᠲᠡᠭᠨᠡᠪᠠᠯ ᠪᠤᠯᠭᠢᠯᠠᠳᠠᠭ
ᠣᠯᠣᠮ ᠢ᠋ᠶ᠋ᠠᠨ ᠲᠠᠲᠠᠪᠠᠯ ᠴᠢᠩᠭᠠᠯᠠᠳᠠᠭ
ᠣᠯᠠᠨ ᠭᠤᠶᠠᠳᠠᠪᠠᠯ ᠲᠣᠩᠭᠣᠴᠢᠳᠠᠭ ᠡᠢᠮᠦ ᠯᠡ ᠬᠡᠴᠡᠭᠦᠦ ᠮᠣᠷᠢ ᠭᠡᠵᠡᠢ᠃
ᠵᠠ ᠲᠡᠭᠡᠭᠡᠳ ᠳᠡᠵᠢᠳᠮ᠎ᠠ ᠬᠡᠦᠬᠡᠨ ᠡᠴᠡ
ᠴᠠᠭᠠᠨ ᠲᠡᠮᠡᠭᠡ ᠶ᠋ᠢ ᠮᠢᠨᠢ ᠬᠡᠨ ᠡᠳ᠋ᠯᠡᠵᠦ ᠪᠠᠢᠪᠠ?
ᠮᠡᠳᠡᠪᠡ ᠤᠤ? ᠭᠡᠵᠦ ᠠᠰᠠᠭᠤᠵᠠᠢ᠃
ᠬᠡᠦᠬᠡᠨ ᠬᠡᠯᠡᠵᠡᠢ᠄
— ᠠ᠋ ᠲᠠᠨ ᠤ᠋ ᠴᠠᠭᠠᠨ ᠲᠡᠮᠡᠭᠡ ᠶ᠋ᠢ
ᠠᠬᠠᠢ ᠵᠠᠰᠠᠭ ᠤ᠋ᠨ ᠬᠤᠰᠢᠭᠤᠨ ᠤ᠋
ᠠᠯᠠᠭ ᠨᠠᠷᠠᠨᠳᠤᠨᠤᠢ ᠭᠤᠸᠠᠢ
ᠠᠪᠴᠤ ᠪᠠᠷᠢᠵᠤ ᠡᠳ᠋ᠯᠡᠭᠰᠡᠭᠡᠷ
ᠠᠶᠠᠨ ᠵᠢᠩ ᠳ᠋ᠦ᠍ ᠶᠠᠪᠤᠭᠤᠯᠤᠭᠰᠠᠭᠠᠷ
ᠠᠷᠠᠰᠤ ᠶᠠᠰᠤ ᠬᠣᠶᠠᠷ ᠪᠣᠯᠭᠠᠭᠰᠠᠨ ᠭᠡᠵᠡᠢ᠃
ᠵᠠ ᠲᠡᠭᠡᠭᠡᠳ ᠬᠡᠨᠳᠡᠨ ᠭᠤᠸᠠᠢ ᠲᠡᠮᠡᠭᠡ ᠪᠡᠨ ᠡᠳ᠋ᠯᠡᠵᠦ ᠪᠠᠢᠭ᠎ᠠ
ᠬᠥᠮᠦᠨ ᠦ᠌ ᠰᠤᠷᠠᠭ ᠢ᠋ ᠳᠤᠭᠤᠯᠤᠭᠠᠳ ᠶᠠᠪᠤᠵᠠᠢ᠃
ᠵᠠᠭᠠᠨ᠎ᠠ ᠠᠭᠤᠯᠠ ᠶ᠋ᠢ ᠡᠪᠦᠷᠯᠡᠵᠦ
ᠵᠢᠭᠠᠬᠠᠨ ᠠᠭᠤᠯᠠ ᠶ᠋ᠢ ᠠᠷᠤᠯᠠᠵᠤ
ᠬᠦᠦ ᠶ᠋ᠢᠨ ᠠᠭᠤᠯᠠ ᠶ᠋ᠢ ᠡᠪᠦᠷᠯᠡᠵᠦ
ᠬᠡᠦᠬᠡᠨ ᠠᠭᠤᠯᠠ ᠶ᠋ᠢ ᠠᠷᠤᠯᠠᠵᠤ
ᠬᠦᠢᠲᠡᠨ ᠬᠥᠨᠳᠡᠢ ᠵᠠᠮ ᠢ᠋ᠶ᠋ᠠᠷ
ᠬᠥᠪᠰᠤᠭᠥᠷᠳᠡᠭᠦᠯᠵᠤ ᠪᠠᠢᠭᠠᠳ
ᠠᠬᠠᠢ ᠵᠠᠰᠠᠭ ᠤ᠋ᠨ ᠬᠤᠰᠢᠭᠤᠨ ᠤ᠋
ᠠᠯᠠᠭ ᠨᠠᠷᠠᠨᠳᠤᠨᠤᠢ ᠶ᠋ᠢᠨ ᠭᠡᠳᠡᠭ ᠠᠢᠯ ᠳ᠋ᠤ᠌
ᠣᠴᠢᠭᠠᠳ ᠪᠠᠭᠤᠵᠠᠢ᠃
— ᠠᠲᠠᠨ ᠲᠡᠮᠡᠭᠡ ᠶ᠋ᠢ ᠮᠢᠨᠢ ᠡᠳ᠋ᠯᠡᠵᠦ
ᠠᠷᠠᠰᠤ ᠶᠠᠰᠤ ᠪᠣᠯᠭᠠᠭᠠᠳ
ᠠᠯᠲᠠ ᠪᠡᠶ᠎ᠡ ᠶ᠋ᠢ ᠮᠢᠨᠢ ᠲᠡᠨᠦᠭᠦᠯᠵᠤ
ᠵᠣᠪᠠᠯ ᠵᠦᠳᠡᠷᠡᠯ ᠪᠣᠯᠭᠠᠪᠠ ᠭᠡᠵᠦ
ᠯᠠᠮᠪᠡ ᠭᠤᠸᠠᠢ ᠠᠭᠤᠷᠲᠠᠢ ᠣᠮᠣᠭᠲᠠᠢ ᠰᠢᠭ᠋ ᠬᠡᠯᠡᠵᠦ ᠪᠠᠢᠵᠠᠢ᠃
ᠳᠣᠨᠣᠢ ᠶ᠋ᠢᠨ ᠬᠢᠨ ᠴᠦ᠍ —
ᠯᠠᠮᠪᠡ ᠭᠤᠸᠠᠢ ᠭᠡᠳ
ᠠᠶᠤᠵᠤ ᠰᠠᠨᠳᠤᠷᠴᠤ ᠯᠠ ᠪᠠᠢᠵᠠᠢ
ᠣᠷᠣᠢ ᠪᠣᠯᠵᠤ ᠤᠨᠲᠠᠬᠤ ᠪᠣᠯᠵᠠᠢ
— ᠯᠠᠮᠪᠡ ᠭᠤᠸᠠᠢ ᠮᠣᠷᠢ ᠶ᠋ᠢ ᠴᠢᠨᠢ ᠠᠷᠭᠠᠮᠵᠢᠬᠤ ᠤᠤ? ᠭᠡᠵᠡᠢ᠃
— ᠮᠢᠨᠦ ᠮᠣᠷᠢ
ᠭᠡᠷ ᠡᠴᠡ ᠬᠣᠯᠠᠳᠠᠬᠤ ᠦᠭᠡᠢ
ᠭᠡᠳᠡᠰᠦ ᠠᠯᠳᠠᠬᠤ ᠦᠭᠡᠢ ᠮᠣᠷᠢ
ᠴᠢᠳᠥᠷᠯᠡᠭᠡᠳ ᠲᠠᠯᠪᠢᠴᠢᠬ᠎ᠠ ᠭᠡᠵᠡᠢ᠃
ᠮᠠᠷᠭᠠᠰᠢ ᠥᠷᠯᠥᠭᠡ ᠪᠣᠰᠤᠭᠰᠠᠨ ᠴᠢᠨᠢ
ᠮᠣᠷᠢ ᠶ᠋ᠢ ᠨᠢ
ᠬᠣᠶᠠᠷ ᠨᠣᠬᠠᠢ ᠬᠡᠰᠬᠦᠢᠯᠡᠭᠡᠳ
ᠬᠣᠷᠢᠨ ᠬᠡᠷᠢᠶ᠎ᠡ ᠴᠣᠮᠪᠤᠳᠠᠭᠠᠳ
ᠬᠤᠪᠢᠶᠠᠭᠠᠳ ᠢᠳᠡᠵᠦ ᠪᠠᠢᠵᠠᠢ᠃
ᠮᠣᠷᠢ ᠶ᠋ᠢ ᠨᠢ ᠴᠢᠨᠣ᠎ᠠ ᠢᠳᠡᠵᠡᠢ᠃
ᠵᠠ ᠲᠡᠭᠡᠭᠡᠳ ᠬᠡᠨᠳᠡᠨ ᠭᠤᠸᠠᠢ
ᠮᠣᠷᠢ ᠲᠡᠮᠡᠭᠡᠨ ᠦ᠌ ᠥᠷᠢ ᠲᠥᠯᠥᠭᠡᠰᠦ ᠶ᠋ᠢ ᠥᠭ ᠭᠡᠵᠦ
ᠱᠠᠭᠠᠷᠳᠠᠵᠤ ᠲᠤᠯᠭᠠᠵᠤ
ᠠᠩᠬᠠᠨ ᠳ᠋ᠠᠭᠠᠨ
ᠠᠯᠪᠠᠨ ᠶᠣᠰᠣᠨ ᠤ᠋ ᠬᠠᠤᠯᠢ ᠵᠦᠢ ᠡᠴᠡ ᠡᠰᠢ ᠲᠠᠲᠠᠵᠤ
ᠨᠢᠭᠡ ᠦᠵᠡᠵᠦ
ᠠᠷᠭ᠎ᠠ ᠶᠠᠳᠠᠬᠤ ᠳ᠋ᠠᠭᠠᠨ
ᠠᠮᠢᠨ ᠬᠤᠪᠢ ᠨᠥᠬᠥᠷ ᠦ᠋ᠨ ᠶᠣᠰᠣ ᠪᠠᠷ ᠬᠡᠯᠡᠵᠦ
ᠨᠢᠭᠡ ᠦᠵᠡᠵᠦ
ᠠᠳᠠᠭ ᠰᠡᠭᠦᠯ  ᠳ᠋ᠦ᠍ᠨᠢ
ᠪᠣᠭᠣᠯ ᠱᠠᠪᠢ ᠶ᠋ᠢᠨ ᠶᠣᠰᠣ ᠪᠠᠷ
ᠮᠥᠷᠭᠥᠵᠦ ᠭᠦᠶᠦᠵᠦ ᠪᠠᠢᠭᠰᠠᠭᠠᠷ
ᠠᠷᠠᠢ ᠭᠡᠵᠦ ᠨᠢᠭᠡ ᠮᠣᠷᠢ ᠶ᠋ᠢ ᠭᠠᠷᠭᠠᠭᠤᠯᠵᠤ ᠠᠪᠴᠠᠢ᠃
ᠵᠠ ᠡᠨᠡ ᠮᠣᠷᠢ ᠨᠢ ᠶᠠᠮᠠᠷ ᠮᠣᠷᠢ ᠪᠣᠢ ᠭᠡᠪᠡᠯ
ᠬᠡᠩᠭᠡᠷᠭᠡ ᠪᠣᠯᠤᠭᠰᠠᠨ ᠭᠡᠳᠡᠰᠦ ᠲᠡᠢ
ᠬᠡᠳᠡᠷᠭᠡ ᠪᠣᠯᠤᠭᠰᠠᠨ ᠨᠢᠷᠤᠭᠤ ᠲᠠᠢ
ᠳᠣᠬᠢᠭᠤᠷ ᠪᠣᠯᠤᠭᠰᠠᠨ ᠲᠣᠯᠣᠭᠠᠢ ᠲᠠᠢ
ᠲᠣᠮᠣ ᠪᠣᠯᠤᠭᠰᠠᠨ ᠬᠥᠯ ᠲᠡᠢ
ᠪᠠᠷᠢᠵᠤ ᠮᠣᠷᠳᠠᠬᠤ ᠮᠤᠨᠳᠠᠭ᠎ᠠ ᠦᠭᠡᠢ
ᠪᠠᠲᠠᠭᠠᠨ᠎ᠠ ᠦᠷᠭᠦᠭᠡᠬᠦ ᠰᠡᠭᠦᠯ ᠦᠭᠡᠢ
ᠲᠤᠤᠬ᠎ᠠ ᠨᠢᠷᠤᠭᠤᠨ ᠠ᠋ᠴᠠ ᠨᠢ
ᠬᠥᠮᠦᠨ ᠪᠠᠬᠠᠨ ᠵᠤᠯᠭᠠᠭᠠᠭᠰᠠᠨ
ᠲᠤᠭ ᠰᠡᠭᠦᠯ ᠡᠴᠡ ᠨᠢ
ᠨᠣᠬᠠᠢ ᠪᠠᠬᠠᠨ ᠵᠤᠯᠭᠠᠭᠠᠭᠰᠠᠨ
ᠭᠢᠯᠭᠠᠨ᠎ᠠ ᠲᠠᠰᠤᠯᠬᠤ ᠰᠢᠲᠦ ᠦᠭᠡᠢ
ᠬᠢᠷ᠎ᠠ ᠳᠠᠪᠠᠬᠤ ᠴᠢᠳᠠᠯ ᠦᠭᠡᠢ
ᠶᠠᠭᠢᠷ ᠭᠡᠳᠡᠭ ᠦ᠋ᠨ ᠠᠳᠤᠭᠤᠰᠤ
ᠶᠠᠨᠳᠠᠩ ᠭᠡᠳᠡᠭ ᠦ᠋ᠨ ᠮᠣᠷᠢ ᠪᠠᠢᠬᠤ ᠳ᠋ᠤᠨᠢ
ᠤᠨᠤᠭᠠᠳ ᠶᠠᠪᠤᠬᠤ
ᠭᠣᠷᠢ ᠦᠭᠡᠢ ᠪᠣᠯᠬᠣᠷ
ᠤᠷᠲᠤ ᠠ᠋ᠴᠠ ᠨᠢ ᠤᠭᠵᠠᠷᠠᠵᠤ ᠨᠢᠭᠡ ᠦᠵᠡᠵᠡᠢ᠃
ᠬᠣᠢᠨ᠎ᠠ ᠠ᠋ᠴᠠ ᠨᠢ ᠲᠦᠯᠬᠢᠵᠦ ᠨᠢᠭᠡ ᠦᠵᠡᠵᠡᠢ᠃
ᠲᠤᠤᠯᠠ ᠶ᠋ᠢᠨ ᠭᠣᠣᠯ ᠤ᠋ᠨ ᠬᠥᠪᠡᠭᠡᠨ ᠳᠡᠭᠡᠷ᠎ᠡ ᠢᠷᠡᠭᠡᠳ
ᠲᠤᠷᠠᠭᠠᠳ ᠦᠬᠦᠵᠡᠢ᠃
ᠵᠠ ᠲᠡᠭᠡᠭᠡᠳ ᠬᠡᠨᠳᠡᠨ ᠭᠤᠸᠠᠢ
ᠲᠤᠤᠯᠠ ᠶ᠋ᠢᠨ ᠭᠣᠣᠯ ᠤ᠋ᠨ ᠬᠥᠪᠡᠭᠡᠨ ᠡᠴᠡ
ᠲᠤᠯᠬᠤ ᠬᠣᠶᠠᠷ ᠮᠣᠳᠣ ᠣᠯᠵᠤ ᠪᠠᠷᠢᠭᠠᠳ
ᠬᠣᠢᠲᠤ ᠵᠦᠭ ᠢ᠋ ᠴᠢᠭᠯᠡᠨ
ᠬᠣᠷᠮᠣᠢ ᠰᠢᠭᠤᠭᠠᠳ ᠠᠯᠬᠤᠵᠤ ᠪᠠᠢᠵᠠᠢ᠃
— ᠲᠤᠯᠤᠭᠰᠠᠨ ᠬᠣᠶᠠᠷ ᠮᠣᠳᠣ ᠨᠢ
ᠲᠤᠤᠯᠠ ᠶ᠋ᠢᠨ ᠭᠣᠣᠯ ᠤ᠋ᠨ ᠪᠤᠷᠭᠠᠰᠤ
ᠲᠤᠷᠠᠩᠬᠠᠢ ᠵᠢᠭᠠᠬᠠᠨ ᠪᠠᠨᠳᠢ ᠨᠢ
ᠪᠣᠭᠳᠠ ᠶ᠋ᠢᠨ ᠱᠠᠪᠢ
ᠣᠯᠠᠨ ᠢ᠋ ᠬᠡᠰᠦᠵᠦ
ᠣᠯᠣᠭᠠᠢ ᠲᠡᠵᠢᠭᠡᠵᠦ
ᠭᠦᠷᠦᠨ ᠢ᠋ ᠬᠡᠰᠦᠵᠦ
ᠭᠦᠵᠡᠭᠡ ᠲᠡᠵᠢᠭᠡᠵᠦ ᠶᠠᠪᠤᠭᠠᠳ ᠢᠷᠡᠪᠡ ᠭᠡᠵᠦ
ᠬᠠᠩᠭᠢᠨᠠᠲᠠᠯ᠎ᠠ ᠳᠠᠭᠤᠯᠠᠵᠤ
ᠵᠢᠩᠭᠢᠨᠡᠲᠡᠯ᠎ᠡ ᠠᠶᠠᠯᠵᠤ ᠶᠠᠪᠤᠭᠠᠳ
ᠪᠣᠭᠳᠠ ᠶ᠋ᠢᠨ ᠬᠦᠷᠢᠶᠡᠨ ᠳ᠋ᠦ᠍ ᠣᠷᠣᠭᠠᠳ ᠢᠷᠡᠵᠡᠢ᠃
ᠵᠠ ᠪᠣᠭᠳᠠ ᠶ᠋ᠢᠨ ᠬᠦᠷᠢᠶᠡᠨ ᠳ᠋ᠦ᠍ ᠢᠷᠡᠭᠡᠳ
ᠭᠠᠨᠳᠠᠩ ᠬᠦᠷᠢᠶᠡᠨ ᠳ᠋ᠦ᠍ ᠰᠠᠭᠤᠵᠤ
ᠭᠠᠢᠭᠤᠢ ᠰᠠᠢᠨ ᠯᠠᠮᠠ ᠪᠣᠯᠬᠤ ᠭᠡᠵᠦ ᠶᠠᠭᠤᠮ᠎ᠠ ᠴᠤ᠌ ᠶᠡᠬᠡ ᠦᠵᠡᠵᠦ
ᠪᠤᠶᠠᠨ ᠴᠤ᠌ ᠶᠡᠬᠡ ᠬᠤᠷᠢᠶᠠᠵᠤ ᠭᠦᠶᠦᠳᠡᠭ ᠰᠠᠢᠨ ᠭᠡᠳ
ᠬᠢᠶᠡᠭ ᠪᠣᠯᠭᠠᠵᠤ ᠪᠠᠢᠵᠠᠢ᠃
ᠭᠦᠵᠡᠭᠡ ᠶᠡᠬᠡᠲᠡᠢ ᠭᠡᠵᠦ
ᠨᠢᠷᠪᠠ ᠪᠣᠯᠭᠠᠵᠤ ᠪᠠᠢᠵᠠᠢ᠃
ᠴᠡᠪᠡᠷ ᠰᠠᠢᠨ ᠭᠡᠳ
ᠳᠣᠨᠢᠷ ᠪᠣᠯᠭᠠᠵᠤ ᠪᠠᠢᠵᠠᠢ᠃
ᠴᠡᠴᠡᠨ ᠰᠠᠢᠨ ᠭᠡᠳ
ᠱᠠᠨᠵᠠᠪ ᠪᠣᠯᠭᠠᠵᠤ ᠪᠠᠢᠵᠠᠢ᠃
ᠲᠣᠮᠣᠭ᠎ᠠ ᠲᠠᠢ ᠰᠠᠢᠨ ᠭᠡᠳ
ᠳᠡ ᠯᠠᠮᠠ ᠪᠣᠯᠭᠠᠵᠤ ᠪᠠᠢᠵᠠᠢ᠃
ᠲᠤᠩ ᠰᠠᠢᠨ ᠭᠡᠳ
ᠭᠡᠰᠬᠦᠢ ᠪᠣᠯᠭᠠᠵᠤ ᠪᠠᠢᠵᠠᠢ᠃
ᠵᠠ ᠲᠡᠭᠡᠭᠡᠳ ᠭᠡᠨᠡᠳᠲᠡᠬᠡᠨ ᠪᠣᠳᠣᠵᠤ ᠭᠡᠨ᠎ᠡ᠃
ᠡᠨᠡ ᠶᠠᠪᠤᠳᠠᠯ ᠶᠡᠷᠦ ᠨᠢ ᠪᠢᠰᠢ
ᠠᠷᠠᠯᠵᠢᠶ᠎ᠠ ᠮᠠᠢᠮᠠᠢ ᠬᠢᠵᠦ
ᠠᠰᠢᠭ ᠬᠣᠨᠵᠢᠶ᠎ᠠ ᠬᠠᠷᠠᠵᠤ
ᠠᠪᠠᠭᠠᠢ ᠬᠡᠦᠬᠡᠨ ᠡᠷᠭᠢᠭᠦᠯᠵᠦ
ᠶᠠᠪᠤᠪᠠᠯ ᠳᠡᠭᠡᠷ᠎ᠡ ᠭᠡᠵᠦ ᠪᠣᠳᠣᠭᠠᠳ
ᠠᠷᠠᠯᠵᠢᠶ᠎ᠠ ᠮᠠᠢᠮᠠᠢ ᠬᠢᠵᠦ
ᠠᠰᠢᠭ ᠬᠣᠨᠵᠢᠶ᠎ᠠ ᠣᠯᠵᠤ
ᠠᠪᠠᠭᠠᠢ ᠬᠡᠦᠬᠡᠨ ᠡᠷᠭᠢᠭᠦᠯᠵᠦ ᠭᠠᠷᠴᠠᠢ᠃
ᠳᠡᠭᠡᠳᠦ ᠬᠡᠦᠬᠡᠨ ᠳ᠋ᠦ᠍ ᠳᠡᠪᠡᠯ ᠦ᠋ᠨ ᠲᠣᠷᠭ᠎ᠠ
ᠳᠤᠮᠳᠠ ᠬᠡᠦᠬᠡᠨ ᠳ᠋ᠦ᠍ ᠳᠤᠷᠳᠤᠩ ᠪᠦᠰᠡ
ᠠᠳᠠᠭ ᠤ᠋ᠨ ᠬᠡᠦᠬᠡᠨ ᠳ᠋ᠦ᠍
ᠠᠮᠠ ᠳᠠᠪᠤᠤ ᠠᠳᠬᠤ ᠰᠢᠬᠢᠷ ᠥᠭᠴᠦ
ᠨᠢᠭᠡ ᠨᠠᠷᠭᠢᠵᠤ ᠶᠠᠪᠤᠵᠠᠢ᠃
ᠵᠠ ᠲᠡᠭᠡᠭᠰᠡᠨ ᠴᠢᠨᠢ
ᠭᠦᠶᠦᠯᠭᠡ ᠡᠪᠡᠳᠴᠢᠨ ᠬᠦᠷᠴᠦ
ᠠᠷᠠᠴᠢᠯᠠᠬᠤ ᠰᠤᠪᠢᠯᠠᠬᠤ ᠬᠥᠮᠦᠨ ᠪᠠᠢᠬᠤ ᠦᠭᠡᠢ ᠵᠦᠳᠡᠷᠡᠵᠦ
ᠬᠥᠨᠳᠡᠢ ᠪᠦᠷᠢ ᠨᠢ ᠬᠥᠲᠥᠰᠦ ᠪᠣᠯᠵᠤ
ᠬᠥᠳᠥᠰᠥ ᠪᠦᠷᠢ ᠨᠢ ᠪᠤᠷᠲᠠᠭ ᠪᠣᠯᠵᠤ ᠶᠠᠳᠠᠷᠠᠵᠠᠢ᠃
ᠵᠠ ᠲᠡᠭᠡᠭᠡᠳ ᠡᠪᠡᠳᠴᠢᠨ ᠡᠴᠡ ᠪᠡᠨ ᠰᠠᠯᠵᠤ ᠡᠳᠡᠭᠡᠷᠡᠭᠡᠳ
ᠬᠥᠳᠡᠭᠡ ᠭᠠᠷᠴᠤ
ᠠᠢᠯ ᠪᠣᠯᠵᠤ
ᠠᠵᠤ ᠲᠦᠷᠦᠶ᠎ᠡ ᠭᠡᠵᠦ ᠪᠣᠳᠣᠭᠠᠳ
ᠴᠠᠭᠠᠨ ᠮᠣᠷᠢ ᠶ᠋ᠢ ᠤᠨᠤᠭᠠᠳ
ᠴᠠᠰᠤᠨ ᠤ᠋ ᠴᠣᠬᠣᠷ ᠢ᠋ ᠳᠠᠭᠠᠭᠠᠳ
ᠰᠢᠷ᠎ᠠ ᠬᠦᠷᠮ᠎ᠡ ᠶ᠋ᠢ ᠬᠥᠪᠰᠥᠯᠵᠡᠭᠦᠯᠦᠭᠡᠳ
ᠱᠠᠨᠠᠮ ᠮᠠᠯᠠᠭᠠᠢ ᠶ᠋ᠢ ᠰᠠᠭᠰᠠᠯᠵᠠᠭᠤᠯᠤᠭᠠᠳ
ᠬᠥᠳᠡᠭᠡ ᠭᠠᠷᠤᠭᠠᠳ ᠶᠠᠪᠤᠴᠢᠬᠠᠵᠠᠢ᠃
ᠠᠪᠠᠭᠠᠢ ᠠᠪᠴᠤ
ᠠᠢᠯ ᠪᠣᠯᠵᠤ
ᠠᠵᠤ ᠲᠥᠷᠥᠭᠡᠳ
ᠬᠥᠨᠵᠢᠯᠡ ᠪᠡᠷ ᠳᠦᠭᠦᠷᠡᠩ
ᠰᠢᠷ᠎ᠠ ᠬᠡᠦᠬᠡᠳ ᠲᠡᠢ ᠪᠣᠯᠵᠤ
ᠬᠥᠭᠡᠨ᠎ᠡ ᠪᠡᠷ ᠳᠦᠭᠦᠷᠡᠩ
ᠴᠠᠭᠠᠨ ᠬᠤᠷᠠᠭ᠎ᠠ ᠲᠠᠢ ᠪᠣᠯᠵᠤ
ᠠᠮᠤ ᠰᠡᠮᠡᠨ ᠳ᠋ᠡᠭᠡᠨ
ᠠᠮᠤᠷ ᠰᠠᠢᠬᠠᠨ ᠵᠢᠷᠭᠠᠵᠠᠢ᠃
– – – – 
① ᠠᠲᠠ ᠶᠢᠨ ᠤᠴᠢᠷ ᠰᠢᠯᠲᠠᠭᠠᠨ ᠢ ᠲᠣᠨᠢᠯᠭᠠᠬᠤ  ᠵᠠᠩ ᠦᠢᠯᠡ

   ᠦᠰᠦᠭ  ᠠᠮᠢᠯᠠᠭᠤᠯᠤᠭᠰᠠᠨ ᠨᠢ᠄  ᠲᠡᠭᠷᠢ ᠡᠵᠢ᠂  ᠪᠠᠭᠠᠲᠤᠷ ᠂ ᠴᠣᠯᠮᠣᠨᠲᠤᠶᠠᠭ᠎ᠠ᠂   ᠰᠠᠷᠠᠨ᠎ᠠ
      ᠬᠢᠨᠠᠭᠴᠢ ᠄  ᠭᠠᠸᠠ᠂  ᠴᠣᠯᠮᠣᠨᠲᠤᠶᠠᠭ᠎ᠠ 
           2023 ᠣᠨ ᠤ  6  ᠰᠠᠷ᠎ᠠ