ᠶᠡᠬᠡ ᠲᠩᠷᠢ ᠶ᠋ᠢᠨ ᠳᠦᠯᠠᠢ - ᠰ᠂ ᠪᠤᠶᠠᠨᠨᠡᠮᠡᠬᠦ Их тэнгэрийн дүлэй - С᠂ Буяннэмэх ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠡᠬᠡ ᠲᠩᠷᠢ ᠶ᠋ᠢᠨ ᠳᠦᠯᠠᠢ - ᠰ᠂ ᠪᠤᠶᠠᠨᠨᠡᠮᠡᠬᠦ Их тэнгэрийн дүлэй - С᠂ Буяннэмэх

ᠶᠡᠬᠡ ᠲᠩᠷᠢ ᠶ᠋ᠢᠨ ᠳᠦᠯᠠᠢ - ᠰ᠂ ᠪᠤᠶᠠᠨᠨᠡᠮᠡᠬᠦ Их тэнгэрийн дүлэй - С᠂ Буяннэмэх

ᠠᠩᠭᠢᠯᠠᠯ:ᠬᠣᠱᠣᠩ ᠱᠣᠭ
2023-07-04

298

ᠶᠡᠬᠡ ᠲᠩᠷᠢ ᠶ᠋ᠢᠨ ᠳᠦᠯᠠᠢ ①  

 
          ( ᠬᠣᠱᠣᠩ ᠥᠭᠦᠯᠡᠯᠭᠡ )
       ᠶᠠᠮᠠᠷ ᠵᠣᠯᠢᠭ ᠰᠢᠭ᠋ ᠨᠥᠵᠢ ᠨᠢ ᠢᠩᠭᠢᠵᠦ ᠤᠭᠯᠠᠭᠰᠠᠨ ᠶᠤᠮ᠂ ᠱᠠᠲᠤᠨ ᠤ᠋ ᠳᠣᠣᠲᠠᠢ ᠨᠢ ᠢᠩᠭᠢᠵᠦ ᠮᠤᠯᠲᠤᠷᠠᠳᠠᠭ ᠢ᠋ ᠪᠢ ᠶᠡᠷᠦ ᠦᠵᠡᠭᠡ ᠦᠭᠡᠢ᠂ ᠬᠠᠷᠢᠨ ᠬᠥᠮᠦᠨ ᠶᠠᠪᠤᠭᠰᠠᠨ ᠳ᠋ᠠᠭᠠᠨ ᠰᠠᠢᠨ ᠪᠣᠯᠤᠯ᠎ᠠ᠃ ᠬᠡᠷᠪᠡ ᠠᠴᠢᠶ᠎ᠠ ᠶᠠᠪᠤᠭᠰᠠᠨ ᠪᠣᠯ ᠬᠠᠶᠠᠭᠳᠠᠬᠤ ᠪᠢᠰᠢ ᠦᠦ ᠭᠡᠵᠦ ᠬᠠᠷᠢᠶᠠᠯ ᠢᠷᠦᠭᠡᠯ ᠲᠠᠯᠪᠢᠯᠴᠠᠵᠤ ᠲᠡᠨᠳᠡ ᠪᠡᠨ ᠪᠠᠭᠤᠭᠠᠳ ᠥᠨᠥᠬᠢ ᠲᠡᠮᠡᠭᠡᠨ ᠦ᠌ ᠲᠣᠮᠣ ᠱᠠᠲᠤ ᠶ᠋ᠢ ᠵᠠᠰᠠᠵᠤ ᠳᠣᠣᠲᠠᠢ ᠬᠡᠷᠦᠭᠡ ᠶ᠋ᠢ ᠨᠢ ᠴᠢᠩᠭᠠᠯᠠᠨ ᠵᠠᠰᠠᠵᠤ ᠪᠠᠢᠪᠠ᠃ ᠲᠡᠳᠡᠨ ᠦ᠌ ᠳᠡᠷᠭᠡᠳᠡᠭᠦᠷ ᠮᠠᠰᠢ  ᠣᠢᠷᠠᠬᠠᠨ  ᠥᠩᠭᠡᠷᠡᠭᠰᠡᠨ ᠨᠢᠭᠡᠨ ᠶᠡᠬᠡ ᠵᠠᠮ ᠤᠷᠤᠭᠰᠢ ᠬᠥᠨᠳᠡᠯᠢᠳᠦᠨ ᠵᠤᠷᠠᠢᠵᠤ ᠬᠢᠵᠠᠭᠠᠷ ᠦᠭᠡᠢ ᠭᠣᠪᠢ ᠳ᠋ᠤ᠌ ᠲᠡᠰᠪᠦᠷᠢ ᠦᠭᠡᠢ ᠣᠳᠤᠭᠰᠠᠨ ᠬᠠᠷᠠᠭᠳᠠᠨ᠎ᠠ᠃ ᠪᠠᠰᠠ ᠡᠨᠳᠡ ᠲᠡᠨᠳᠡ ᠬᠠᠷᠭᠠᠨ᠎ᠠ ᠪᠤᠲᠠ ᠪᠠᠭᠰᠢᠷᠠᠨ ᠣᠷᠭᠣᠭᠠᠳ ᠠᠷᠭᠠᠯ ᠵᠠᠷᠭᠠᠯ ᠵᠥᠩᠳᠡᠭᠡᠨ ᠬᠡᠪᠲᠡᠨ᠎ᠡ᠃ ᠰᠥᠬᠡᠨᠳᠠᠢ ᠬᠡᠵᠢᠶᠡᠨ ᠦ᠌ ᠲᠡᠮᠡᠭᠡ ᠤᠨᠤᠭᠠᠳ ᠶᠠᠪᠤᠬᠤ ᠶ᠋ᠢ ᠵᠠᠪᠳᠤᠲᠠᠯ᠎ᠠ ᠭᠡᠨᠡᠳᠲᠡ ᠥᠨᠥᠬᠢ ᠬᠠᠯᠴᠠᠭᠠᠢ ᠭᠣᠨᠴᠣᠭ ᠬᠠᠷᠢᠶᠠᠯ ᠲᠠᠯᠪᠢᠭᠠᠳ ᠭᠠᠷᠪᠠ᠃ ᠪᠤᠰᠤᠳ ᠨᠢ ᠮᠥᠨ ᠯᠡ ᠭᠠᠢᠬᠠᠵᠤ ᠪᠠᠰᠠ ᠶᠠᠮᠠᠷ ᠶᠠᠭᠤᠮ᠎ᠠ ᠨᠢ ᠮᠤᠯᠲᠤᠷᠠᠵᠤ ᠰᠢᠪᠲᠤᠷᠠᠭᠰᠠᠨ ᠶᠤᠮ ᠪᠣᠯ ᠭᠡᠯᠴᠡᠨ ᠪᠤᠴᠠᠵᠤ ᠢᠷᠡᠬᠦ ᠳ᠋ᠦ᠍ ᠬᠠᠯᠴᠠᠭᠠᠢ ᠭᠣᠨᠴᠣᠭ ᠬᠡᠯᠡᠷᠦᠨ᠄ 
       ᠲᠠ ᠨᠠᠷ ᠴᠢᠨᠢ ᠬᠠᠮᠢᠭᠠᠰᠢ ᠪᠠᠨ ᠨᠥᠵᠢ ᠰᠢᠭ ᠬᠥᠮᠦᠰ ᠪᠣᠢ? ᠠᠯᠢ ᠥᠷᠯᠥᠭᠡ ᠭᠠᠷᠤᠭᠠᠳ ᠣᠳᠣ ᠦᠳᠡ ᠥᠩᠭᠡᠷᠡᠲᠡᠯ᠎ᠡ ᠶᠡᠷᠦ ᠲᠡᠮᠡᠭᠡ ᠮᠠᠯ ᠢ᠋ᠶ᠋ᠠᠨ ᠠᠮᠠᠷᠠᠭᠤᠯᠬᠤ ᠶ᠋ᠢ ᠪᠣᠳᠣᠬᠤ ᠦᠭᠡᠢ᠂ ᠶᠠᠮᠠᠷ ᠦᠬᠦᠭᠰᠡᠨ ᠳ᠋ᠡᠭᠡᠨ ᠶᠠᠭᠠᠷᠠᠭᠰᠠᠨ ᠶᠤᠮ᠃ ᠡᠨᠳᠡ ᠪᠠᠭᠤᠭᠠᠳ ᠲᠡᠮᠡᠭᠡ ᠪᠡᠨ ᠪᠠᠭ᠎ᠠ ᠢᠳᠡᠭᠦᠯᠵᠦ ᠴᠠᠢ ᠤᠤᠭᠤᠯᠴᠠᠭᠠᠳ ᠣᠷᠣᠢ ᠶ᠋ᠢᠨ ᠰᠡᠷᠢᠭᠦᠨ ᠳ᠋ᠦ᠍ ᠠᠶᠠᠲᠠᠢ ᠶᠠᠪᠤᠪᠠᠯ ᠲᠡᠮᠡᠭᠡ ᠮᠠᠯ ᠳ᠋ᠤ᠌ ᠲᠤᠰᠠᠲᠠᠢ ᠪᠢᠰᠢ ᠦᠦ?᠂ ᠭᠡᠬᠦ ᠳ᠋ᠦ᠍ ᠪᠤᠰᠤᠳ ᠨᠢ ᠳᠠᠷᠤᠢ ᠵᠥᠪᠰᠢᠶᠡᠷᠡᠨ ᠲᠡᠨᠳᠡ ᠪᠡᠨ ᠪᠠᠭᠤᠵᠤ ᠲᠡᠮᠡᠭᠡᠨ ᠦ᠌ ᠠᠴᠢᠶ᠎ᠠ ᠶ᠋ᠢ ᠪᠠᠭᠤᠯᠭᠠᠵᠤ᠂ ᠲᠣᠭᠣᠭ᠎ᠠ ᠰᠢᠨᠠᠭ᠎ᠠ ᠭᠠᠷᠭᠠᠨ ᠠᠶᠠᠭ᠎ᠠ ᠰᠠᠪᠠ ᠪᠠᠨ ᠬᠠᠩᠭᠢᠨᠠᠭᠤᠯᠵᠤ᠂ ᠠᠷᠭᠠᠯ ᠰᠢᠪᠠᠭ ᠲᠡᠭᠦᠬᠦ᠂ ᠤᠰᠤ ᠠᠪᠴᠢᠷᠠᠬᠤ ᠭᠡᠯᠴᠡᠨ ᠭᠤᠷᠪᠠᠭᠤᠯᠠ ᠪᠠᠨ ᠭᠤᠷᠪᠠᠨ ᠳᠠᠢᠰᠢ ᠶᠠᠭᠠᠷᠠᠨ ᠭᠠᠷᠴᠤ ᠣᠳᠪᠠ᠃ ᠲᠦᠩᠰᠢ ᠶ᠋ᠢᠨ ᠲᠦᠪᠳᠡᠨ ᠭᠡᠭᠴᠢ ᠨᠢ ᠵᠠᠪᠠᠯ ᠬᠠᠭᠤᠷᠠᠢ ᠠᠷᠭᠠᠯ ᠣᠯᠵᠤ ᠲᠦᠯᠡᠬᠦ ᠭᠡᠵᠦ ᠳᠡᠮᠡᠢ ᠲᠡᠨᠦᠭᠰᠡᠭᠡᠷ ᠬᠥᠨᠳᠡᠯᠡᠨ ᠬᠠᠷᠠᠭᠳᠠᠭᠴᠢ ᠶᠡᠬᠡ ᠵᠠᠮ ᠳᠡᠭᠡᠷ᠎ᠡ ᠬᠦᠷᠴᠦ᠂ ᠡᠨᠡ ᠵᠠᠮ ᠢ᠋ᠶ᠋ᠠᠷ ᠴᠣᠬᠣᠮ ᠶᠠᠭᠤ ᠶᠠᠪᠤᠭᠰᠠᠨ ᠪᠠᠢᠳᠠᠭ ᠪᠣᠯ ᠭᠡᠵᠦ ᠠᠵᠢᠭᠯᠠᠨ ᠦᠵᠡᠪᠡᠯ᠂ ᠶᠡᠷᠦ ᠵᠢᠭ᠍ᠲᠡᠢᠬᠡᠨ ᠵᠢᠭ᠍ᠲᠡᠢᠬᠡᠨ ᠤᠭᠠᠯᠵᠠ ᠲᠠᠢ ᠬᠡ ᠲᠡᠢ ᠵᠢᠷᠪᠢᠭᠢᠷ ᠬᠥᠷᠪᠡᠬᠡᠷ ᠵᠦᠢᠯ ᠪᠦᠷᠢ ᠶ᠋ᠢᠨ ᠤᠷᠠᠨ ᠬᠡᠪ ᠲᠡᠢ ᠮᠥᠷ ᠦ᠋ᠳ ᠭᠠᠷᠤᠭᠰᠠᠨ ᠪᠠᠢᠬᠤ ᠳ᠋ᠤ᠌ ᠶᠡᠬᠡ ᠯᠡ ᠰᠣᠨᠢᠷᠬᠠᠨ ᠭᠠᠢᠬᠠᠵᠤ ᠡᠨᠡ ᠨᠢ ᠶᠠᠮᠠᠷ ᠶᠠᠭᠤᠮᠠᠨ ᠤ᠋ ᠮᠥᠷ ᠪᠣᠯᠬᠤ ᠶ᠋ᠢ ᠪᠣᠳᠣᠵᠤ ᠣᠯᠬᠤ ᠦᠭᠡᠢ ᠵᠣᠭᠰᠣᠵᠤ ᠪᠠᠢᠲᠠᠯ᠎ᠠ ᠬᠡᠪ ᠭᠡᠨᠡᠳᠲᠡ ᠲᠡᠭᠦᠨ ᠦ᠌ ᠨᠢᠳᠦᠨ ᠳ᠋ᠦ᠍ ᠨᠢᠭᠡ ᠲᠣᠮᠣ ᠪᠥᠨᠲᠥᠭᠡᠷ ᠶᠠᠭᠤᠮ᠎ᠠ ᠵᠠᠮ ᠳᠡᠭᠡᠷ᠎ᠡ ᠬᠡᠪᠲᠡᠵᠦ ᠪᠠᠢᠪᠠ᠃ ᠲᠦᠩᠰᠢ ᠶ᠋ᠢᠨ ᠲᠦᠪᠳᠡᠨ ᠶᠡᠬᠡ ᠯᠡ ᠭᠠᠢᠬᠠᠵᠤ ᠠᠯᠠᠭᠤᠷ ᠠᠯᠭᠤᠷ ᠠᠯᠬᠤᠭᠰᠠᠭᠠᠷ ᠣᠴᠢᠪᠠ ᠃ ᠦᠵᠡᠪᠡᠯ ᠨᠢᠭᠡ ᠬᠣᠵᠢᠭᠢᠷ ᠰᠢᠷ᠎ᠠ ᠲᠣᠰᠣ ᠠᠵᠤᠭᠤ᠃  ᠲᠦᠩᠰᠢ ᠶ᠋ᠢᠨ ᠲᠦᠪᠳᠡᠨ ᠶᠡᠬᠡᠳᠡ ᠪᠠᠶᠠᠷᠯᠠᠵᠤ  ᠣᠴᠢᠵᠤ ᠠᠪᠬᠤ ᠭᠡᠰᠡᠨ ᠪᠣᠯᠪᠠᠴᠤ ᠪᠠᠰᠠ ᠯᠠ ᠭᠡᠳᠡᠷᠭᠦ ᠪᠣᠯᠤᠭᠠᠳ ᠳᠣᠲᠣᠷ᠎ᠠ ᠪᠠᠨ ᠪᠤᠳᠤᠷᠤᠨ᠄ ᠦᠭᠡᠢ ᠡᠨᠡ ᠶᠡᠷᠦ ᠦᠬᠦᠭᠰᠡᠨ ᠬᠥᠮᠦᠨ ᠦ᠌ ᠶᠠᠭᠤᠮ᠎ᠠ ᠪᠠᠢᠬᠤ ᠮᠠᠭᠠᠳ ᠦᠭᠡᠢ ᠭᠡᠵᠦ ᠰᠡᠵᠢᠭᠯᠡᠭᠡᠳ ᠠᠪᠤᠯ ᠦᠭᠡᠢ ᠡᠢᠰᠢ ᠳᠠᠢᠰᠢ ᠬᠠᠷᠠᠪᠠᠯ ᠰᠦᠬᠡᠨᠳᠠᠢ ᠲᠡᠭᠦᠨ ᠦ᠌ ᠳᠡᠷᠭᠡᠳᠡ ᠮᠠᠰᠢ ᠣᠢᠷᠠᠬᠠᠨ ᠰᠢᠪᠠᠭ ᠲᠡᠭᠦᠵᠦ ᠶᠠᠪᠤᠨ᠎ᠠ᠃ 
       ᠲᠦᠩᠰᠢ ᠶ᠋ᠢᠨ ᠲᠦᠪᠳᠡᠨ ᠪᠠᠷᠠᠭᠤᠨ ᠭᠠᠷ ᠢ᠋ᠶ᠋ᠠᠨ ᠡᠷᠭᠦᠵᠦ ᠳᠠᠯᠠᠯᠤᠨ ᠳᠠᠭᠤᠳᠠᠵᠤ᠄ ᠬᠥᠶᠢ ᠨᠠᠭᠠᠰᠢ ᠢᠷ᠎ᠡ ᠨᠠᠭᠠᠰᠢ ᠢᠷ᠎ᠡ᠂ ᠡᠨᠳᠡ ᠰᠣᠨᠢᠨ ᠶᠠᠭᠤᠮ᠎ᠠ ᠪᠠᠢᠨ᠎ᠠ᠂ ᠰᠣᠨᠢᠨ ᠶᠠᠭᠤᠮ᠎ᠠ ᠪᠠᠢᠨ᠎ᠠ᠃ ᠰᠦᠬᠡᠨᠳᠠᠢ ᠲᠡᠭᠦᠨ ᠢ᠋ ᠰᠣᠨᠣᠰᠤᠭᠠᠳ ᠶᠠᠭᠠᠷᠠᠨ ᠬᠦᠷᠴᠦ ᠢᠷᠡᠭᠡᠳ ᠴᠢ ᠶᠠᠭᠤᠨ ᠳ᠋ᠤ᠌ ᠨᠠᠮ᠎ᠠ ᠶ᠋ᠢ ᠳᠠᠭᠤᠳᠠᠪᠠ᠂ ᠶᠠᠭᠤ ᠪᠣᠯᠤᠭᠰᠠᠨ ᠪᠣᠢ? ᠲᠡᠮᠡᠭᠡ ᠶᠠᠪᠤᠴᠢᠬᠠᠪᠠ ᠤᠤ? ᠭᠡᠵᠦ ᠪᠠᠢᠪᠠ᠃ ᠲᠦᠩᠰᠢ ᠶ᠋ᠢᠨ ᠲᠦᠪᠳᠡᠨ᠄ ᠦᠭᠡᠢ ᠴᠢ ᠦᠵᠡ ᠭᠡᠵᠦ ᠲᠡᠷᠡ ᠪᠥᠨᠲᠥᠭᠡᠷ ᠶᠠᠭᠤᠮ᠎ᠠ ᠶ᠋ᠢ ᠬᠤᠷᠤᠭᠤ ᠪᠠᠷ ᠵᠢᠭᠠᠵᠤ ᠡᠨᠡ ᠬᠣᠵᠢᠭᠢᠷ ᠰᠢᠷ᠎ᠠ ᠲᠣᠰᠣ ᠬᠡᠪᠲᠡᠵᠦ ᠪᠠᠢᠨ᠎ᠠ ᠪᠢᠰᠢ ᠦᠦ? ᠭᠡᠪᠡ᠃ ᠰᠦᠬᠡᠨᠳᠠᠢ ᠦᠵᠡᠭᠡᠳ᠄ ᠬᠥᠶᠢ ᠲᠡᠢᠮᠦ ᠪᠠᠢᠨ᠎ᠠ᠂ ᠴᠢ ᠲᠡᠭᠡᠭᠡᠳ ᠠᠪᠬᠤ ᠦᠭᠡᠢ ᠶᠠᠭᠤ ᠬᠢᠵᠦ ᠪᠠᠢᠭ᠎ᠠ ᠶᠤᠮ ? ᠲᠦᠩᠰᠢ ᠶ᠋ᠢᠨ ᠲᠦᠪᠳᠡᠨ᠄ ᠪᠢ ᠬᠠᠷᠢᠨ ᠠᠪᠬᠤ ᠭᠡᠰᠡᠨ ᠢ᠋ᠶ᠋ᠡᠷ ᠰᠡᠵᠢᠭᠯᠡᠭᠡᠳ ᠴᠢᠮ᠎ᠠ ᠶ᠋ᠢ ᠳᠠᠭᠤᠳᠠᠭᠰᠠᠨ ᠶᠤᠮ ᠭᠡᠪᠡ᠃ ᠰᠦᠬᠡᠨᠳᠡᠢ᠄ ᠤᠨᠲᠤᠭᠤᠴᠠᠵᠤ ᠶᠠᠭᠤᠨ ᠳ᠋ᠤ᠌ ᠰᠡᠵᠢᠭᠯᠡᠭᠰᠡᠨ ᠶᠦᠮ᠂ ᠠᠪᠤᠯ ᠦᠭᠡᠢ ᠶᠠᠭᠠᠬᠢᠬᠤ ᠪᠣᠢ ᠭᠡᠳ ᠥᠨᠥᠬᠢ ᠬᠣᠵᠢᠭᠢᠷ ᠰᠢᠷ᠎ᠠ ᠲᠣᠰᠣ ᠶ᠋ᠢ ᠶᠠᠭᠠᠷᠠᠨ ᠣᠴᠢᠵᠤ ᠰᠢᠭᠦᠷᠡᠨ ᠠᠪᠲᠠᠯ᠎ᠠ᠂ ᠬᠠᠷᠢᠨ ᠬᠥᠩᠭᠡᠨ ᠪᠥᠭᠡᠳ ᠳᠣᠲᠣᠷ᠎ᠠ ᠨᠢ ᠶᠠᠭᠤᠮ᠎ᠠ ᠴᠤ᠌ ᠦᠭᠡᠢ ᠬᠥᠨᠳᠡᠢ ᠰᠠᠪᠠ ᠰᠢᠭ᠋ ᠪᠠᠢᠪᠠ᠃  ᠬᠣᠶᠠᠭᠤᠯᠠ ᠪᠠᠨ ᠶᠡᠬᠡᠳᠡ ᠭᠠᠶ᠋ᠢᠬᠠᠵᠤ ᠶᠠᠮᠠᠷ ᠭᠡᠭᠴᠢ ᠶᠢ ᠮᠡᠳᠡᠯ ᠥᠭᠡᠢ ᠶᠠᠭᠤ ᠴᠤ᠌ ᠠᠲᠤᠭᠠᠢ ᠬᠠᠭᠠᠯᠵᠤ ᠥᠵᠡᠶ᠎ᠡ ᠭᠡᠳ᠂ ᠨᠦᠭᠦᠭᠡ ᠨᠢ ᠭᠢᠲᠤᠭ᠎ᠠ ᠭᠠᠷᠭᠠᠵᠤ ᠨᠢᠭᠡᠨ ᠡᠲᠡᠭᠡᠳ ᠡᠴᠡ ᠵᠥᠰᠥᠵᠤ ᠥᠵᠡᠪᠡᠯ᠂ ᠳᠤᠲᠤᠷ᠎ᠠ ᠪᠠᠨ ᠮᠠᠰᠢ ᠵᠦᠭᠡᠯᠡᠨ ᠰᠡᠪᠰᠡᠭᠡᠷ ᠶᠠᠭᠤᠮ᠎ᠠ ᠪᠠᠷ ᠪᠥᠷᠢᠯᠳᠥᠨ ᠪᠦᠲᠦᠭᠰᠡᠨ ᠶᠡᠷᠦ ᠨᠢᠭᠡ ᠮᠦᠬᠥ ᠮᠡᠲᠥ ᠤᠷᠭᠤᠮᠠᠯ ᠤᠨ ᠵᠥᠢᠯ ᠪᠠᠶ᠋ᠢᠪᠠ᠃ ᠬᠤᠶᠠᠭᠤᠯᠠ ᠪᠠᠨ ᠭᠠᠶ᠋ᠢᠬᠠᠵᠤ ᠶᠠᠳᠠᠭᠠᠳ ᠤᠴᠢᠷ ᠢ ᠤᠯᠤᠭᠰᠠᠨ ᠥᠭᠡᠢ ᠨᠦᠭᠦᠭᠡ ᠬᠠᠯᠴᠠᠭᠠᠢ ᠭᠤᠨᠴᠤᠭ ᠲᠠᠭᠠᠨ ᠥᠵᠡᠭᠦᠯᠭᠦ ᠭᠡᠵᠤ ᠠᠪᠴᠤ ᠢᠷᠡᠪᠡ᠃
       ᠲᠡᠷᠡ ᠬᠤᠶᠠᠷ ᠠᠶᠠᠨᠴᠢᠨ ᠰᠤᠨᠢᠨ ᠵᠢᠭᠲᠡᠢ ᠶᠠᠭᠤᠮ᠎ᠠ ᠶᠢ ᠲᠡᠪᠡᠷᠢᠭᠰᠡᠭᠡᠷ ᠪᠠᠰᠠ ᠯᠠ ᠠᠷᠵᠠᠶ᠋ᠢᠲᠠᠯ᠎ᠠ ᠢᠨᠢᠶᠡᠯᠳᠦᠭᠰᠡᠭᠡᠷ ᠭᠥᠷᠴᠦ ᠢᠷᠡᠪᠡ᠃ ᠨᠦᠭᠦᠭᠡ ᠬᠠᠯᠴᠠᠭᠠᠢ ᠭᠤᠨᠴᠤᠭ  ᠬᠡᠳᠥᠢᠨ ‍ᠤ ᠭᠥᠷᠴᠥ ᠢᠷᠡᠭᠡᠳ ᠭᠠᠯ  ‍ᠢᠶ᠋ᠠᠨ ᠨᠤᠴᠤᠭᠠᠵᠤ ᠶᠡᠬᠡᠳᠡ ᠬᠠᠷᠢᠶᠠᠯ ᠵᠦᠭᠡᠯ ᠲᠠᠯᠪᠢᠵᠤ ᠰᠠᠭᠤᠲᠠᠯ᠎ᠠ᠂ ᠡᠨᠡ ᠬᠤᠶᠠᠷ ᠢ ᠬᠠᠷᠠᠭᠠᠳ ᠪᠠᠰᠠ ᠪᠠᠷᠢᠭᠰᠠᠨ ᠶᠠᠭᠤᠮ᠎ᠠ ᠶᠢ ᠨᠢ ᠥᠵᠡᠭᠡᠳ ᠶᠡᠬᠡ ᠯᠠ ᠬᠥᠯᠢᠷᠡᠵᠤ᠂ ᠲᠠ ᠬᠤᠶᠠᠷ ᠡᠶ᠋ᠢᠮᠦ ᠤᠳᠠᠲᠠᠯ᠎ᠠ ᠬᠠᠮᠢᠭ᠎ᠠ ᠶᠠᠮᠠᠷ ᠥᠬᠥᠭᠰᠡᠨ ᠬᠠᠬᠠᠭᠰᠠᠨ ‍ᠢᠶ᠋ᠠᠨ ᠲᠡᠭᠥᠵᠤ ᠶᠠᠪᠤᠭᠰᠠᠨ ᠶᠤᠮ ᠭᠡᠪᠡ᠃ ᠰᠥᠭᠡᠨᠲᠡᠢ ᠢᠨᠢᠶᠡᠨ ᠬᠡᠯᠡᠷᠥᠨ᠄ ᠴᠢ ᠮᠡᠳᠡᠬᠦ ᠥᠭᠡᠢ ᠪᠠᠶ᠋ᠢᠨ᠎ᠠ᠂ ᠪᠢᠳᠠ ᠬᠤᠶᠠᠷ ᠡᠶ᠋ᠢᠮᠦ ᠤᠳᠠᠲᠠᠯ᠎ᠠ ᠶᠠᠪᠤᠬᠤ ᠳᠠᠭᠠᠨ ᠨᠢᠭᠡ ᠰᠤᠨᠢᠨ ᠶᠠᠭᠤᠮ᠎ᠠ ᠤᠯᠵᠤ ᠢᠷᠡᠪᠡ᠃ ᠪᠢᠳᠠ ᠬᠤᠶᠠᠷ ᠠᠩᠬᠠᠨ ᠳᠤ ᠬᠤᠵᠢᠭᠡᠷ ᠰᠢᠷ᠎ᠠ ᠳᠤᠰᠤ ᠭᠡᠵᠤ ᠬᠠᠭᠤᠷᠳᠠᠵᠤ ᠪᠠᠶ᠋ᠢᠲᠠᠯ᠎ᠠ ᠠᠳᠠᠭ ᠲᠤ ᠬᠠᠷᠢᠨ ᠲᠠᠨᠢᠬᠤ ᠥᠭᠡᠢ ᠶᠠᠭᠤᠮ᠎ᠠ ᠪᠤᠯᠵᠤ᠂ ᠶᠠᠳᠠᠬᠤ ᠳᠠᠭᠠᠨ ᠠᠪᠴᠤ ᠢᠷᠡᠪᠡ᠃ ᠮᠠᠨ ᠤ ᠬᠠᠭᠤᠴᠢᠨ ᠬᠥᠮᠥᠨ ᠴᠢ ᠥᠵᠡ ᠭᠡᠵᠤ ᠦᠨᠦᠬᠢ ᠪᠦᠨᠳᠦᠭᠡᠷ ᠶᠠᠭᠤᠮ᠎ᠠ ᠪᠠᠨ ᠦᠭᠴᠦ ᠤᠷᠬᠢᠪᠠ᠃ ᠬᠠᠯᠴᠠᠭᠠᠢ ᠭᠤᠨᠴᠤᠭ ᠬᠥᠯᠢᠶᠡᠨ ᠠᠪᠴᠤ ᠡᠷᠭᠢᠭᠥᠯᠦᠨ ᠲᠤᠭᠤᠷᠢᠭᠤᠯᠤᠨ ᠥᠵᠡᠵᠤ ᠥᠵᠡᠭᠡᠳ ᠶᠠᠭᠠᠷᠠᠨ ᠳᠡᠪᠡᠯ ‍ᠢᠶ᠋ᠠᠨ ᠲᠠᠶ᠋ᠢᠯᠵᠤ ᠪᠠᠶ᠋ᠢᠪᠠ ᠃ ᠨᠦᠭᠦᠭᠡ ᠬᠤᠶᠠᠷ ᠨᠢ ᠶᠡᠬᠡ ᠯᠠ ᠭᠠᠶ᠋ᠢᠬᠠᠨ ᠬᠠᠷᠠᠵᠤ ᠪᠠᠶ᠋ᠢᠲᠠᠯ᠎ᠠ ᠴᠠᠮᠴᠠ ᠪᠠᠨ ᠲᠠᠶ᠋ᠢᠯᠤᠭᠠᠳ ᠲᠡᠷᠡ ᠶᠠᠭᠤᠮ᠎ᠠ ᠶᠢ ᠴᠠᠮᠴᠠᠨ ᠳᠠᠭᠠᠨ ᠬᠤᠮᠢᠵᠤ ᠬᠤᠶ᠋ᠢᠳᠤ ᠲᠠᠯ᠎ᠠ ᠳᠤ ᠲᠠᠯᠪᠢᠭᠠᠳ᠂ ᠠᠮᠠᠨ ᠳᠠᠭᠠᠨ ᠨᠢᠭᠡ ᠶᠠᠭᠤᠮ᠎ᠠ ᠶᠠᠷᠢᠵᠤ᠂ ᠪᠠᠰᠠ ᠯᠠ ᠬᠠᠷᠢᠶᠠᠯ ᠲᠠᠯᠪᠢᠬᠤ ᠰᠠᠨᠠᠭᠠᠳᠠᠢ ᠡᠨᠡ ᠬᠤᠶᠠᠷ ᠢ ᠮᠠᠭᠤᠬᠠᠢ ᠬᠠᠷᠠᠵᠤ ᠪᠠᠶ᠋ᠢᠨ᠎ᠠ᠃
       ᠲᠥᠪᠳᠡᠨ ᠲᠡᠭᠥᠨ ᠦ ᠪᠠᠶ᠋ᠢᠳᠠᠯ ᠢ ᠬᠠᠷᠠᠵᠤ ᠳᠠᠰᠴᠤ ᠶᠠᠳᠠᠨ ᠢᠨᠢᠶᠡᠳᠥᠮ ᠠᠯᠳᠠᠵᠤ ᠪᠠᠶ᠋ᠢᠬᠤ ᠳᠤ ᠬᠠᠯᠴᠠᠭᠠᠢ ᠭᠤᠨᠴᠤᠭ ᠤᠨ ᠠᠭᠤᠷ ᠨᠢ ᠬᠦᠷᠴᠦ ᠰᠢᠯᠦᠰᠦ ᠨᠢ ᠪᠤᠷᠭᠢᠵᠤ ᠶᠠᠮᠠᠷ ᠥᠬᠥᠭᠰᠡᠨ ᠬᠠᠬᠠᠭᠰᠠᠨ ᠳᠠᠭᠠᠨ ᠢᠨᠢᠶᠡᠭᠰᠡᠨ ᠵᠤᠯᠢᠭ ᠤᠳ ᠪᠤᠢ᠂  ᠡᠶ᠋ᠢᠮᠦ ᠴᠤᠬᠠᠭ ᠵᠥᠢᠯ ᠢ ᠤᠯᠤᠭᠰᠠᠨ ᠠᠲᠠᠯ᠎ᠠ ᠵᠠᠶᠠᠭ᠎ᠠ ᠮᠠᠭᠤᠳᠠᠢ ᠵᠤᠯᠢᠭ ᠤᠳ ᠪᠦᠬᠦᠯᠢ ᠪᠡᠷ ᠨᠡᠳᠡ ᠳᠦ ᠠᠪᠴᠢᠷᠠᠵᠤ ᠥᠵᠡᠬᠥᠯᠬᠦ ᠥᠭᠡᠢ᠃ ᠬᠠᠷᠢᠨ ᠬᠠᠭᠠᠯᠵᠤ ᠡᠪᠳᠡᠭᠰᠡᠨ ᠶᠠᠮᠠᠷ ᠮᠠᠭᠤ ᠢᠷᠣ᠎ᠠ ᠶᠢᠨ ᠨᠢᠭᠥᠯ ᠲᠠᠢ ᠵᠤᠯᠢᠭ ᠤᠳ ᠪᠤᠢ ᠭᠡᠵᠤ ᠳᠠᠬᠢᠨ ᠳᠠᠬᠢᠨ ᠬᠠᠷᠢᠶᠠᠨ᠎ᠠ᠂ ᠬᠠᠯᠴᠠᠭᠠᠢ ᠭᠤᠨᠴᠤᠭ ᠤᠨ ᠬᠠᠷᠢᠶᠠᠯᠴᠢ ᠨᠢ ᠤᠭ ᠠᠴᠠ ᠨᠡᠷᠡᠲᠡᠢ ᠲᠤᠯᠠ ᠨᠥᠭᠦᠭᠡ ᠬᠤᠶᠠᠷ ᠨᠢ ᠲᠡᠭᠥᠨ ᠦ ᠬᠠᠷᠢᠶᠠᠬᠤ ᠶᠢ ᠶᠡᠷᠥ ᠶᠠᠭᠤᠮ᠎ᠠ ᠶᠢᠨ ᠲᠡᠳᠥᠢ ᠪᠤᠳᠤᠬᠤ ᠥᠭᠡᠢ ᠪᠥᠭᠡᠳ ᠬᠠᠷᠢᠨ ᠲᠡᠭᠥᠨ ᠦ ᠬᠡᠯᠡᠭᠰᠡᠨ ᠴᠢᠬᠤᠯᠠ ᠡᠷᠳᠡᠨᠢ ᠭᠡᠰᠡᠨ ᠨᠢ ᠶᠠᠭᠤ ᠪᠣᠯᠬᠤ ᠶᠢ ᠠᠰᠠᠭᠤᠬᠤ ᠭᠡᠵᠦ ᠰᠥᠭᠡᠲᠡᠢ ᠡᠢᠨ ᠬᠡᠯᠡᠷᠦᠨ ᠄
       ᠵᠠ ᠶᠠᠷᠰᠢᠭ ᠳ᠋ᠠ ᠂ ᠬᠠᠷᠢᠶᠠᠯ ᠲᠠᠯᠪᠢᠬᠤ ᠶᠠᠭᠤ ᠪᠣᠢ ? ᠬᠠᠷᠢᠨ ᠶᠠᠭᠤᠮ᠎ᠠ ᠶᠢ ᠲᠠᠨᠢᠬᠤ ᠪᠣᠯ ᠣᠴᠢᠷ ᠢ ᠪᠢᠳᠡ ᠬᠣᠶᠠᠷ ᠲᠤ ᠬᠡᠯᠡᠵᠦ ᠠᠯᠢ ᠭᠡᠪᠡ ᠃ ᠬᠠᠯᠴᠠᠭᠠᠢ ᠭᠣᠨᠴᠣᠭ ᠬᠡᠳᠥᠢ᠋ᠪᠡᠷ ᠬᠠᠷᠢᠶᠠᠯᠴᠢ ᠮᠠᠭᠤ ᠵᠠᠩ ᠲᠠᠢ ᠪᠣᠯᠪᠠᠴᠤ ᠬᠠᠷᠢᠭᠤᠴᠠᠬᠤ ᠬᠥᠮᠦᠨ ᠭᠠᠷᠪᠠᠯ ᠨᠤᠭᠤᠯᠤᠷᠠᠬᠤ ᠨᠢ ᠮᠥᠨ ᠵᠥᠭᠡᠯᠡᠨ ᠠᠵᠤᠭᠤ ᠃ ᠰᠦᠭᠡᠨᠲᠡᠢ ᠶᠢᠨ ᠲᠡᠷᠡ ᠬᠦ ᠠᠰᠠᠭᠤᠯᠲᠠ ᠶᠢ ᠰᠣᠨᠣᠰᠤᠭᠠᠳ ᠳᠠᠷᠤᠢ ᠡᠶᠡᠯᠳᠡᠭ ᠴᠢᠷᠠᠢ ᠭᠠᠷᠭᠠᠨ ᠬᠡᠯᠡᠷᠦᠨ ᠄       
       ᠠᠢ ᠲᠠ ᠬᠣᠶᠠᠷ ᠶᠠᠭᠤ ᠴᠤ᠌ ᠦᠵᠡᠵᠦ ᠶᠠᠭᠤ ᠴᠤ᠌ ᠰᠣᠨᠣᠰᠤᠭ᠎ᠠ ᠥᠬᠡᠢ ᠳᠡᠭᠡᠨ ᠲᠡᠨᠡᠭ ᠮᠤᠩᠬᠠᠭ ᠤᠨ ᠲᠤᠶ᠋ᠢᠯ ᠪᠣᠯᠣᠭᠰᠠᠨ ᠬᠥᠮᠦᠰ ᠪᠠᠶ᠋ᠢᠨ᠎ᠠ ᠃ ᠡᠨᠡ ᠬᠡᠮᠡᠭᠴᠢ ᠲᠥᠢᠯ ‍ᠤᠨ ᠴᠢᠬᠤᠯᠠ ᠡᠷᠳᠡᠨᠢ ᠶᠢᠨ ᠵᠦᠢᠯ ᠪᠣᠯᠵᠠᠢ ᠃ ᠡᠭᠦᠨ ᠤ ᠨᠡᠷ᠎ᠡ ᠶᠢ ᠶᠡᠬᠡ ᠲᠡᠭᠷᠢ ᠶᠢᠨ ᠳᠦᠯᠡᠢ ᠭᠡᠳᠡᠭ ᠪᠣᠯᠬᠤ ᠂ ᠡᠭᠦᠨ ᠢ ᠣᠯᠵᠤ ᠳᠠᠬᠢᠭᠰᠠᠨ ᠶᠠᠮᠠᠷᠪᠠ ᠬᠥᠮᠦᠰ ᠪᠤᠶᠠᠨ ᠤ ᠳᠡᠭᠡᠳᠦ ᠂ ᠪᠠᠶᠠᠨ ᠤ ᠵᠤᠵᠠᠭᠠᠨ ᠢ ᠡᠳ᠋ᠯᠡᠵᠦ ᠨᠠᠰᠤᠨ ᠲᠤᠷᠰᠢ ᠵᠢᠷᠭᠠᠵᠤ ᠂ ᠦᠷ᠎ᠡ ᠠᠴᠢ ᠳᠡᠯᠭᠡᠷᠡᠵᠦ ᠂ ᠳᠡᠭᠡᠳᠦ ᠶᠢᠨ ᠮᠥᠷ ᠢ ᠣᠯᠬᠤ ᠰᠠᠶ᠋ᠢᠨ ᠵᠠᠶᠠᠭᠠᠲᠠᠨ ᠪᠣᠯᠳᠠᠭ ᠪᠣᠯᠠᠢ ᠭᠡᠪᠡ ᠃ ᠨᠥᠭᠥᠭᠡ ᠬᠣᠶᠠᠷ ᠨᠢ ᠲᠡᠭᠦᠨ ᠢ ᠰᠣᠨᠣᠰᠤᠭᠠᠳ ᠴᠥᠮ ᠭᠠᠶ᠋ᠢᠬᠠᠯᠴᠠᠨ ᠨᠠᠩ ᠢᠯᠠᠩᠭᠤᠶ᠎ᠠ ᠲᠦᠩᠰᠢ ᠶᠢᠨ ᠲᠥᠪᠳᠡᠨ ᠤ ᠬᠠᠷᠠᠮ ᠰᠡᠳᠬᠢᠯ ᠨᠢ ᠬᠥᠳᠡᠯᠵᠦ ᠶᠠᠭᠠᠷᠠᠨ ᠢᠢᠨ ᠬᠡᠯᠡᠷᠦᠨ ᠄  ᠲᠡᠶ᠋ᠢᠮᠥ ᠪᠣᠯ ᠡᠨᠡ ᠴᠢᠨᠢ ᠦᠨᠡᠬᠡᠷ ᠡᠷᠳᠡᠨᠢ ᠶᠤᠮ  ‍ᠤᠤ ? ᠬᠠᠯᠴᠠᠭᠠᠢ ᠭᠣᠨᠴᠣᠭ ᠳᠠᠷᠤᠢ ᠨᠢᠳᠦ ᠪᠠᠨ ᠲᠣᠮᠣ ᠪᠣᠯᠭᠠᠵᠤ ᠶᠡᠬᠡ ᠳᠠᠭᠤ ᠭᠠᠷᠭᠠᠨ ᠴᠢ ᠶᠠᠮᠠᠷ ᠬᠥᠮᠦᠨ ᠤ ᠦᠭᠡ ᠮᠡᠳᠡᠳᠡᠭ ᠥᠬᠡᠢ ᠮᠤᠨᠤᠰᠢ ᠪᠣᠢ ᠂ ᠡᠨᠡ ᠨᠢ ᠶᠡᠬᠡ ᠲᠡᠭᠷᠢ ᠶᠢᠨ ᠳᠦᠯᠡᠢ ᠬᠡᠮᠡᠭᠴᠢ ᠡᠷᠳᠡᠨᠢ ᠪᠣᠯᠠᠢ ᠬᠡᠮᠡᠨ ᠪᠢ ᠬᠡᠯᠡᠵᠦ ᠪᠠᠶ᠋ᠢᠭ᠎ᠠ ᠪᠢᠰᠢ ‍ᠤᠤ ? ᠭᠡᠪᠡ ᠃
       ᠲᠦᠩᠰᠢ ᠶᠢᠨ ᠲᠥᠪᠳᠡᠨ ᠲᠡᠶ᠋ᠢᠮᠦ ᠪᠣᠯ ᠡᠭᠦᠨ ᠢ ᠠᠩᠬ᠎᠎ᠠ ᠣᠯᠬᠤ ᠳᠤ ᠲᠥᠪᠳᠡᠨ ᠪᠢ ᠣᠯᠤᠭᠰᠠᠨ ᠶᠤᠮ ᠂ ᠡᠨᠡ ᠡᠦᠲᠦ ᠮᠢᠨᠦᠬᠢ ᠪᠣᠯᠬᠤ ᠶᠣᠮ᠎ ᠪᠠᠶ᠋ᠢᠨ᠎ᠠ ᠂ ᠭᠡᠲᠡᠯ᠎ᠡ ᠬᠠᠯᠴᠠᠭᠠᠢ ᠭᠣᠨᠴᠣᠭ ᠪᠣᠰᠤᠨ ᠬᠠᠷᠠᠶ᠋ᠢᠵᠤ ᠠᠭᠤᠷᠯᠠᠨ ᠵᠠᠩᠳᠤᠷᠴᠤ ᠴᠢ ᠶᠠᠮᠠᠷ ᠵᠦᠳᠡᠭ ᠤᠨ ᠵᠣᠯᠢᠭ ᠪᠣᠢ ᠂ ᠡᠨᠡ ᠵᠠᠮ  ‍ᠢᠶ᠋ᠠᠷ ᠭᠤᠷᠪᠠᠭᠤᠯᠠ ᠶᠠᠪᠤᠭ᠎ᠠ ᠠᠲᠠᠯ᠎ᠠ ᠬᠠᠷᠢᠨ ᠭᠠᠭᠴᠠᠭᠠᠷ ᠡᠵᠡᠷᠬᠡᠬᠦ ᠪᠣᠢ ‍ᠤᠤ ? ᠴᠢ ᠠᠩᠬ᠎᠎ᠠ ᠣᠯᠤᠭᠰᠠᠨ ᠬᠡᠮᠡᠪᠡᠴᠦ ᠪᠢ ᠠᠩᠬ᠎᠎ᠠ ᠲᠠᠨᠢᠭᠰᠠᠨ ᠪᠢᠰᠢ ‍ᠤᠤ ? ᠶᠠᠭᠤ ᠴᠤ᠌ ᠠᠲᠤᠭᠠᠢ ᠭᠤᠷᠪᠠᠭᠤᠯᠠ ᠬᠡᠮ ᠲᠡᠭᠰᠢ ᠬᠤᠪᠢᠶᠠᠨ᠎ᠠ ᠭᠡᠪᠡ ᠃ ᠨᠥᠭᠥᠭᠡ ᠰᠦᠭᠡᠨᠳᠡᠢ ᠨᠢ ᠣᠴᠢᠷ ᠢ ᠰᠠᠶ᠋ᠢᠨ ᠣᠯᠤᠭ᠎ᠠ ᠥᠬᠡᠢ ᠪᠠᠰᠠ ᠯᠠ ᠭᠠᠢᠬᠠᠭᠰᠠᠨ ᠪᠥᠭᠡᠳ ᠠᠰᠠᠭᠤᠷᠤᠨ ᠄
       ᠵᠠ ᠨᠥᠬᠥᠳ ᠡᠨᠡ ᠬᠦ᠌ ᠶᠠᠯᠢᠮ ᠥᠬᠡᠢ ᠶᠠᠭᠤᠮᠠᠨ ᠳᠡᠭᠡᠷ᠎ᠡ ᠪᠣᠤ ᠲᠡᠮᠡᠴᠡᠯᠳᠦᠶ᠎ᠡ ᠂ ᠬᠡᠨ ᠴᠤ᠌ ᠠᠪᠤᠭᠰᠠᠨ ᠶᠠᠭᠠᠬᠢᠬᠤ ᠪᠣᠢ ᠂ ᠪᠢ ᠲᠡᠭᠦᠨ ᠠᠴᠠ ᠠᠪᠤᠶ᠎ᠠ ᠭᠡᠵᠦ ᠰᠠᠨᠠᠬᠤ ᠥᠬᠡᠢ ᠂ ᠭᠠᠭᠴᠠ ᠬᠦ᠌ ᠮᠢᠨᠦ ᠭᠠᠶ᠋ᠢᠬᠠᠬᠤ ᠨᠢ ᠡᠨᠡ ᠬᠦ᠌ ᠶᠠᠭᠤᠮ᠎ᠠ ᠶᠢ ᠲᠡᠭᠷᠢ ᠶᠢᠨ ᠳᠦᠯᠡᠢ ᠭᠡᠬᠦ ᠳᠤ ᠢᠲᠡᠭᠡᠬᠦ ᠥᠬᠡᠢ ᠪᠠᠶ᠋ᠢᠨ᠎ᠠ ᠂ ᠮᠢᠨᠦ ᠦᠵᠡᠭᠰᠡᠨ ᠲᠡᠭᠷᠢ ᠶᠢᠨ ᠳᠦᠯᠡᠢ ᠪᠣᠯ ᠰᠢᠪᠠᠭᠤᠨ ᠤ ᠥᠨᠳᠡᠭᠡ ᠰᠢᠭ᠌ ᠶᠠᠭᠤᠮ᠎ᠠ ᠪᠠᠶ᠋ᠢᠳᠠᠭ ᠪᠥᠭᠡᠳ ᠪᠦᠷ ᠲᠣᠮᠣ ᠳᠠᠭᠠᠨ ᠠᠶᠠᠭᠠᠨ ᠤ ᠠᠮᠠᠰᠠᠷ ᠠᠴᠠ ᠲᠣᠮᠣ ᠥᠬᠡᠢ ᠪᠠᠶ᠋ᠢᠳᠠᠭ ᠪᠣᠯᠠᠢ ᠃ ᠭᠡᠲᠡᠯ᠎ᠡ ᠡᠶ᠋ᠢᠮᠥ ᠲᠣᠮᠣ ᠲᠡᠭᠷᠢ ᠶᠢᠨ ᠳᠦᠯᠡᠢ ᠬᠠᠮᠢᠭ᠎ᠠ ᠠᠴᠠ ᠭᠠᠷᠴᠤ ᠬᠠᠯᠴᠠᠭᠠᠢ ᠵᠠᠮ ᠳᠡᠭᠡᠷ᠎ᠡ ᠤᠷᠭᠤᠳᠠᠭ ᠪᠢᠯᠠ ᠂ ᠲᠡᠷᠡ ᠨᠢ ᠶᠡᠷᠦ ᠰᠡᠵᠢᠭ ᠲᠠᠢ ᠬᠡᠷᠡᠭ ᠰᠢᠭ᠌ ᠰᠠᠨᠠᠭᠳᠠᠨ᠎ᠠ ᠂ ᠭᠡᠲᠡᠯ᠎ᠡ ᠬᠠᠯᠴᠠᠭᠠᠢ ᠭᠣᠨᠴᠣᠭ ᠬᠠᠵᠠᠭᠤ ᠲᠠᠯ᠎ᠠ ᠠᠴᠠ ᠤᠨᠲᠤᠭᠤᠴᠠᠵᠤ ᠬᠡᠯᠡᠷᠦᠨ ᠄    
       ᠬᠠᠷᠢᠨ ᠪᠢ ᠴᠢᠮ᠎ᠡ ᠳᠦ ᠬᠡᠯᠡᠵᠤ ᠪᠠᠶ᠋ᠢᠨ᠎ᠠ ᠪᠢᠰᠢ ‍ᠤᠤ᠃ ᠴᠢᠨᠤ ᠥᠵᠡᠭᠰᠡᠨ ᠲᠡᠭᠷᠢ ᠶᠢᠨ ᠳᠦᠯᠡᠢ ᠪᠤᠯ ᠪᠠᠭ᠎ᠠ ᠲᠡᠭᠷᠢ ᠶᠢᠨ ᠳᠥᠯᠡᠢ ᠭᠡᠳᠡᠭ ᠶᠤᠮ᠂ ᠡᠨᠡ ᠪᠤᠯ ᠶᠡᠭᠡ ᠲᠡᠭᠷᠢ ᠶᠢᠨ ᠳᠥᠯᠡᠢ ᠭᠡᠳᠡᠭ ᠪᠦᠭᠡᠳ ᠬᠠᠯᠴᠠᠭᠠᠢ ᠵᠠᠮ ᠳᠡᠭᠡᠷ᠎ᠡ ᠪᠠᠶ᠋ᠢᠲᠤᠭᠠᠢ ᠬᠠᠪᠴᠢᠯ ᠬᠠᠳᠠᠨ ᠳᠡᠭᠡᠷ᠎ᠡ ᠴᠤ᠌ ᠤᠷᠭᠤᠵᠤ ᠪᠤᠯᠤᠨ᠎ᠠ᠃  ᠡᠶ᠋ᠢᠮᠥ ᠳᠤᠮᠤ ᠲᠡᠭᠷᠢ ᠶᠢᠨ ᠳᠥᠯᠡᠢ ᠲᠡᠷᠡ ᠪᠦᠷ ᠪᠠᠶ᠋ᠢᠳᠠᠭ ᠥᠭᠡᠢ ᠤᠴᠢᠷ ᠤᠯᠳᠠᠳᠠᠭ ᠴᠤ᠌ ᠥᠭᠡᠢ ᠶᠤᠮ᠂ ᠭᠡᠷᠪᠡ ᠤᠯᠳᠠᠪᠠᠯ ᠴᠢᠬᠤᠯᠠ ᠡᠷᠳᠡᠨᠢ ᠶᠤᠮ ᠪᠤᠯᠠᠢ᠃ ᠬᠠᠷᠢᠨ ᠪᠢᠳᠠ ᠭᠤᠷᠪᠠ ᠶᠢᠨ ᠵᠠᠶᠠᠭ᠎ᠠ ᠰᠠᠶ᠋ᠢᠨ ᠲᠤᠯᠠ ᠢᠢᠨ ᠶᠠᠭᠤᠮ᠎ᠠ ᠲᠠᠢ ᠳᠤᠭᠢᠶᠠᠯᠳᠤᠪᠠ ᠭᠡᠪᠡ᠃ 
       ᠵᠠ ᠶᠠᠭᠤ ᠴᠤ᠌ ᠠᠲᠤᠭᠠᠢ ᠨᠤᠲᠤᠭ ᠤᠷᠤᠨ ᠳᠠᠭᠠᠨ ᠬᠠᠷᠢᠵᠤ ᠪᠤᠯᠤᠶ᠎ᠠ ᠬᠡᠯᠴᠡᠨ ᠦᠨᠦᠬᠢ ᠶᠡᠬᠡ ᠲᠡᠭᠷᠢ ᠶᠢᠨ ᠳᠥᠯᠡᠢ ᠪᠡᠨ ᠠᠶᠠᠲᠠᠢ ᠰᠠᠶ᠋ᠢᠬᠠᠨ ‍ᠢᠶ᠋ᠠᠷ ᠤᠷᠢᠶᠠᠨ ᠪᠠᠭᠯᠠᠵᠤ ᠲᠤᠰᠬᠠᠢ ᠲᠡᠮᠡᠭᠡᠨ ᠳᠦ ᠠᠴᠢᠭᠠᠳ ᠬᠠᠮᠤᠭ ᠤᠨ ᠲᠥᠷᠥᠭᠥᠨ ᠳᠦ ᠭᠦᠲᠦᠯᠵᠤ᠂ ᠵᠠᠮ ᠤᠨ ᠳᠤᠷᠰᠢ ᠲᠡᠭᠥᠨ ᠦ ᠡᠷᠳᠡᠮ ᠴᠢᠳᠠᠯ ᠢ ᠶᠠᠷᠢᠯᠴᠠᠨ ᠶᠠᠷᠢᠯᠴᠠᠭᠰᠠᠭᠠᠷ ᠨᠢᠭᠡᠨ ᠡᠳᠥᠷ ᠨᠤᠲᠤᠭ ᠤᠷᠤᠨ ᠳᠠᠭᠠᠨ ᠬᠥᠷᠴᠥ ᠢᠷᠡᠭᠡᠳ ᠠᠮᠤᠷ ᠮᠡᠨᠳᠥ ᠰᠠᠶ᠋ᠢᠨ ᠰᠠᠶ᠋ᠢᠬᠠᠨ ᠶᠠᠪᠤᠭᠰᠠᠨ ᠰᠠᠭᠤᠭᠰᠠᠨ ‍ᠢᠶ᠋ᠠᠨ ᠶᠠᠷᠢᠯᠴᠠᠬᠤ ᠶᠢᠨ ᠨᠦᠭᠦᠭᠡᠲᠡᠭᠦᠷ ᠶᠡᠭᠡ ᠲᠡᠭᠷᠢ ᠶᠢᠨ ᠳᠥᠯᠡᠢ ᠭᠡᠭᠴᠢ ᠭᠠᠶ᠋ᠢᠬᠠᠮᠰᠢᠭᠲᠠᠢ ᠡᠷᠳᠡᠨᠢ ᠤᠯᠤᠭᠰᠠᠨ ‍ᠢᠶ᠋ᠠᠨ ᠶᠠᠷᠢᠯᠴᠠᠵᠤ ᠤᠤᠯ ᠡᠷᠳᠡᠨᠢ ᠶᠢ ᠬᠥᠮᠥᠰ ᠲᠦ ᠥᠵᠡᠭᠥᠯᠬᠦ ᠳᠦ ᠨᠢᠭᠡ ᠴᠤ᠌ ᠬᠥᠮᠥᠨ ᠦᠯᠦ ᠲᠠᠨᠢᠵᠤ ᠪᠢᠰᠢᠷᠡᠨ ᠭᠠᠶ᠋ᠢᠬᠠᠵᠤ ᠲᠡᠨᠳᠡ ᠡᠴᠡ ᠠᠷᠭ᠎ᠠ ᠥᠭᠡᠢ ᠲᠡᠷᠡ ᠬᠦ᠌ ᠠᠩᠬ᠎ᠠ ᠤᠯᠤᠭᠰᠠᠨ ᠳᠥᠩᠰᠢ ᠶᠢᠨ ᠲᠥᠪᠳᠡᠨ ᠦ ᠭᠡᠷ ᠲᠦ ᠵᠠᠯᠠᠵᠤ ᠬᠠᠳᠠᠭ ᠶᠠᠨᠳᠠᠷ ᠰᠠᠮᠪᠠᠢ ᠲᠡᠷᠢᠭᠥᠳᠡᠨ ‍ᠢᠶ᠋ᠠᠷ ᠤᠷᠢᠶᠠᠨ ᠪᠤᠰᠤᠳ ᠲᠤ ᠥᠵᠡᠭᠥᠯᠬᠥ ᠦᠭᠡᠢ ᠪᠤᠷᠬᠠᠨᠴᠢᠯᠠᠨ ᠳᠠᠬᠢᠵᠤ ᠤᠳᠠᠯ ᠥᠭᠡᠢ ᠨᠡᠷ᠎ᠡ ᠠᠯᠳᠠᠷ ᠴᠢᠮᠡᠭᠡ ᠴᠤᠤᠷᠬᠠᠯ ᠢ ᠬᠤᠯᠠ ᠣᠶ᠋ᠢᠷ᠎ᠠ ᠳᠤ ᠳᠠᠭᠤᠷᠢᠰᠬᠠᠭᠠᠳ ᠬᠤᠯᠠ ᠣᠶ᠋ᠢᠷ᠎ᠠ ᠶᠢᠨ ᠠᠬ᠎ᠠ ᠲᠡᠭᠦᠦ ᠠᠶ᠋ᠢᠯ ᠠᠶ᠋ᠢᠮᠠᠭ ᠴᠦᠮ  ‍ᠢᠶ᠋ᠠᠷ ᠢᠷᠡᠵᠤ ᠮᠥᠷᠭᠥᠵᠤ ᠰᠢᠲᠥᠬᠥ ᠪᠠ ᠪᠠᠶ᠋ᠢᠨ ᠪᠠᠶ᠋ᠢᠭᠰᠠᠭᠠᠷ ᠡᠷᠭᠥᠯ ᠮᠥᠷᠭᠥᠯ ᠳᠠᠬᠢᠯ ᠳᠠᠪᠢᠯᠭ᠎ᠠ ᠭᠡᠮᠡᠨ ᠤᠯᠠᠨ ᠠᠷᠠᠳ ᠤᠳ ᠦᠪᠡᠷ ᠦᠪᠡᠷᠰᠡᠳ ᠦᠨ ᠰᠤᠨᠢᠨ ᠰᠥᠰᠥᠭ ᠦᠨ ᠡᠭᠥᠳᠡᠨ ᠡᠴᠡ ᠡᠳ᠋ ᠮᠠᠯ ᠬᠦᠷᠦᠩᠭᠡ ᠵᠤᠭᠤᠷᠢ ᠪᠠᠨ ᠦᠭᠭᠦᠭᠰᠡᠭᠡᠷ ᠳᠥᠩᠰᠢ ᠶᠢᠨ ᠳᠥᠪᠳᠡᠨ ᠦ ᠭᠡᠷ ᠥᠨᠡᠭᠡᠷ ᠲᠡᠷᠡ ᠡᠷᠳᠡᠨᠢ ᠶᠢᠨ ᠭᠦᠴᠦ ᠪᠡᠷ ᠪᠠᠶᠠᠵᠢᠵᠤ ᠬᠠᠷᠢᠨ ᠶᠠᠪᠤᠭᠰᠠᠭᠠᠷ ᠲᠡᠷᠡ ᠬᠦ᠌ ᠡᠷᠳᠡᠨᠢ ᠨᠢ ᠬᠠᠨᠢᠶᠠᠳᠤ ᠲᠤᠮᠤᠭᠤ ᠡᠪᠡᠳᠴᠢᠨ ᠡᠮᠬᠡᠭ ᠲᠠᠢ ᠬᠥᠮᠥᠰ ᠡᠷᠭᠥᠯ ᠥᠢᠯᠡᠳᠪᠡᠯ ᠠᠶᠠᠨᠳᠠᠭᠠᠨ ᠡᠳᠡᠭᠡᠵᠤ ᠠᠷᠢᠯᠳᠠᠭ ᠠᠭᠤᠤ ᠶᠡᠬᠡ ᠰᠢᠳᠢ ᠲᠠᠢ ᠴᠢᠳᠠᠯ ᠲᠠᠢ ᠡᠷᠳᠡᠮ ᠭᠠᠶ᠋ᠢᠬᠠᠮᠰᠢᠭᠲᠠᠢ ᠪᠠᠶ᠋ᠢᠨ᠎ᠠ ᠭᠡᠵᠤ ᠨᠢᠭᠡᠨ ᠶᠡᠬᠡ ᠨᠡᠷ᠎ᠡ ᠰᠥᠷ ᠠᠯᠳᠠᠷᠰᠢᠵᠠᠢ᠃ 
       ᠲᠡᠨᠳᠡ ᠡᠴᠡ ᠨᠢᠭᠡ ᠡᠳᠦᠷ ᠲᠡᠲᠡᠨ ᠦ ᠠᠶ᠋ᠢᠯ ᠳᠡᠭᠡᠷ᠎ᠡ ᠤᠯᠤᠰ ᠤᠨ ᠲᠥᠪ ᠨᠠᠶ᠋ᠢᠰᠯᠠᠯ ᠡᠴᠡ ᠠᠯᠪᠠᠨ ᠴᠢᠬᠤᠯᠠ ᠡᠭᠦᠷᠭᠡ ᠪᠡᠷ ᠲᠤᠮᠢᠯᠠᠭᠳᠠᠭᠰᠠᠨ ᠨᠢᠭᠡᠨ ᠲᠦᠯᠦᠭᠡᠯᠡᠭᠴᠢ ᠬᠥᠮᠥᠨ ᠢᠷᠡᠵᠡᠢ᠃ ᠲᠡᠷᠡ ᠪᠡᠷ ᠨᠤᠲᠤᠭ ᠤᠨ ᠠᠷᠠᠳ ᠤᠳ ᠢ ᠬᠤᠷᠠᠯᠳᠤᠭᠤᠯᠤᠨ ᠰᠤᠮᠤ ᠶᠢᠨ ᠰᠤᠩᠭᠤᠭᠤᠯᠢ ᠶᠢ ᠶᠠᠪᠤᠭᠤᠯᠬᠤ ᠡᠶ᠋ᠢᠮᠥ ᠠᠵᠢᠯ ᠤ᠋ᠨ ᠲᠥᠯᠥᠪᠯᠡᠭᠡ ᠲᠡᠢ ᠠᠵᠤᠭᠤ᠃ ᠲᠡᠷᠡ ᠬᠦ᠌ ᠲᠥᠯᠥᠭᠡᠯᠡᠭᠴᠢ ᠶ᠋ᠢᠨ ᠪᠠᠭᠤᠭᠰᠠᠨ ᠠᠢᠯ ᠨᠢ ᠰᠦᠭᠡᠨᠲᠠᠢ ᠶ᠋ᠢᠨ ᠭᠡᠷ ᠠᠵᠤᠭᠤ᠃ 
       ᠣᠷᠣᠢ ᠪᠣᠯᠵᠤ ᠲᠥᠯᠥᠭᠡᠯᠡᠭᠴᠢ ᠪᠦᠷ ᠬᠣᠭᠣᠯᠠ ᠤᠮᠳᠠ ᠢᠳᠡᠵᠦ ᠤᠤᠭᠤ ᠭᠡᠵᠦ ᠥᠪᠡᠷ ᠦ᠋ᠨ ᠪᠣᠭᠴᠣ ᠰᠠᠪᠠᠨ ᠠ᠋ᠴᠠ ᠪᠥᠨᠲᠥᠭᠡᠷ ᠴᠠᠭᠠᠨ ᠲᠠᠯᠬ᠎ᠠ ᠭᠠᠷᠭᠠᠵᠤ ᠢᠷᠡᠭᠡᠳ ᠰᠢᠷᠡᠭᠡᠨ ᠳᠡᠭᠡᠷ᠎ᠡ ᠲᠠᠯᠪᠢᠪᠠ᠂ ᠰᠦᠬᠡᠨᠲᠠᠢ ᠶ᠋ᠢᠨ ᠡᠬᠡᠨᠡᠷ ᠳᠠᠷᠢᠰᠦ᠋ᠷᠦᠩ ᠭᠡᠨᠡᠳᠲᠡ ᠲᠡᠭᠦᠨ ᠢ᠋ ᠦᠵᠡᠭᠡᠳ ᠳᠠᠭᠤ ᠠᠯᠳᠠᠵᠤ ᠬᠡᠯᠡᠷᠦᠨ᠄ 
       ᠡᠷᠬᠢᠮ ᠭᠤᠸᠠᠢ ᠲᠠ ᠡᠨᠡ ᠴᠢᠬᠤᠯᠠ ᠡᠷᠳᠡᠨᠢ ᠶ᠋ᠢ ᠶᠠᠭᠤᠨ ᠳ᠋ᠤ᠌ ᠡᠢᠮᠦ ᠮᠠᠭᠤᠬᠠᠢ ᠰᠢᠷᠡᠭᠡᠨ ᠳᠡᠭᠡᠷ᠎ᠡ ᠲᠠᠯᠪᠢᠪᠠ᠃ ᠳᠡᠭᠡᠭᠰᠢ ᠪᠤᠷᠬᠠᠨ ᠳᠡᠭᠡᠷ᠎ᠡ ᠵᠠᠯᠠᠬᠤ ᠤᠤ? ᠭᠡᠪᠡ᠃ ᠨᠥᠬᠥᠭᠡ ᠲᠥᠯᠥᠭᠡᠯᠡᠭᠴᠢ ᠲᠡᠭᠦᠨ ᠦ᠌ ᠬᠡᠯᠡᠬᠦ ᠶ᠋ᠢ ᠰᠣᠨᠣᠰᠤᠭᠠᠳ ᠳᠣᠲᠣᠷ᠎ᠠ ᠪᠠᠨ ᠭᠠᠢᠬᠠᠭᠰᠠᠨ ᠪᠣᠯᠪᠠᠴᠤ ᠪᠠᠰᠠ ᠢᠳᠡᠭᠡ ᠤᠮᠳᠠ ᠶ᠋ᠢᠨ ᠵᠦᠢᠯ ᠢ᠋ ᠡᠨᠡ ᠭᠠᠵᠠᠷ ᠤ᠋ᠨ ᠬᠥᠮᠦᠰ ᠡᠷᠳᠡᠨᠢ ᠭᠡᠵᠦ ᠥᠭᠦᠯᠡᠳᠡᠭ ᠪᠣᠢ ᠊ᠢ᠎ᠠ᠂ ᠲᠡᠷᠡ ᠨᠢ ᠪᠠᠰᠠ ᠵᠦᠢᠲᠡᠢ ᠶᠦᠮ ᠳᠡ ᠭᠡᠵᠦ ᠰᠠᠨᠠᠭᠠᠳ ᠬᠡᠯᠡᠷᠦᠨ᠄ 
       ᠵᠠ ᠶᠠᠭᠠᠬᠢᠬᠤ ᠪᠣᠢ? ᠵᠦᠭᠡᠷ ᠲᠠᠨ ᠤ᠋ ᠬᠦᠨᠳᠦᠯᠡᠬᠦ ᠵᠥᠪ᠂ ᠥᠨᠢᠷ ᠮᠠᠨ ᠤ᠋ ᠮᠣᠩᠭᠣᠯ ᠤ᠋ᠨ ᠮᠠᠯ ᠬᠥᠷᠥᠩᠭᠡ ᠪᠣᠯ ᠴᠥᠮ ᠡᠢᠮᠦ ᠴᠤᠬᠠᠭ ᠡᠷᠳᠡᠨᠢ ᠮᠥᠨ ᠪᠣᠯᠠᠢ᠂ ᠲᠠ ᠪᠦᠬᠦᠨ ᠮᠠᠯ ᠬᠥᠷᠥᠩᠭᠡ ᠪᠡᠨ ᠲᠤᠢᠯ ᠤ᠋ᠨ ᠴᠢᠬᠤᠯᠠ ᠡᠷᠳᠡᠨᠢ ᠮᠡᠲᠦ ᠪᠡᠷ ᠬᠠᠢᠷᠠᠯᠠᠵᠤ ᠬᠠᠮᠠᠭᠠᠯᠠᠵᠤ ᠥᠰᠬᠡᠵᠦ ᠦᠷᠡᠵᠢᠭᠦᠯᠪᠡᠯ ᠴᠣᠬᠣᠮ ᠬᠦ᠌ ᠮᠠᠨ ᠤ᠋ ᠤᠯᠤᠰ ᠤ᠋ᠨ ᠬᠥᠭᠵᠢᠵᠦ ᠮᠠᠨᠳᠤᠬᠤ ᠨᠢ ᠲᠡᠭᠦᠨ ᠳ᠋ᠦ᠍ ᠭᠡᠵᠦ ᠪᠢᠳᠡ ᠨᠠᠷ ᠲᠤᠢᠯ ᠤ᠋ᠨ ᠴᠢᠬᠤᠯᠠᠯᠴᠢᠯᠠᠨ ᠰᠠᠨᠠᠨ᠎ᠠ ᠭᠡᠪᠡ᠃ ᠳᠠᠷᠢᠰᠦ᠋ᠷᠦᠩ ᠲᠡᠭᠦᠨ ᠦ᠌ ᠬᠡᠯᠡᠵᠦ ᠪᠠᠢᠭ᠎ᠠ ᠦᠭᠡ ᠶ᠋ᠢ ᠪᠠᠰᠠ ᠯᠠ ᠳᠡᠮᠡᠢ ᠤᠬᠠᠵᠤ ᠮᠡᠳᠡᠭᠰᠡᠨ ᠦᠭᠡᠢ ᠭᠠᠭᠴᠠ ᠬᠦ᠌ ᠲᠡᠭᠦᠨ ᠦ᠌ ᠨᠢᠳᠦᠨ ᠳ᠋ᠦ᠍ ᠴᠤᠬᠠᠭ ᠡᠷᠳᠡᠨᠢ ᠪᠣᠯᠬᠤ ᠶᠡᠬᠡ ᠲᠩᠷᠢ ᠶ᠋ᠢᠨ ᠳᠦᠯᠡᠢ ᠬᠠᠢᠷᠠᠯᠠᠯᠲᠠᠢ ᠬᠠᠷᠠᠭᠳᠠᠵᠤ ᠶᠠᠭᠠᠷᠠᠨ ᠪᠠᠰᠠ ᠡᠢᠨ ᠬᠡᠯᠡᠷᠦᠨ᠄ 
       ᠡᠨᠡ ᠬᠦ᠌ ᠴᠤᠬᠠᠭ ᠡᠷᠳᠡᠨᠢ ᠶ᠋ᠢ ᠬᠠᠮᠢᠭ᠎ᠠ ᠠ᠋ᠴᠠ ᠣᠯᠪᠠ᠂ ᠶᠠᠳᠠᠬᠤ ᠳ᠋ᠠᠭᠠᠨ ᠪᠢᠳᠡᠨ ᠨᠢᠭᠡ ᠬᠠᠳᠠᠭ ᠪᠠᠷᠢᠪᠠᠯ ᠪᠣᠯᠬᠤ ᠤᠤ? ᠭᠡᠪᠡ᠃ 
       ᠲᠡᠷᠡ ᠲᠥᠯᠥᠭᠡᠯᠡᠭᠴᠢ ᠳᠣᠲᠣᠷ᠎ᠠ ᠪᠠᠨ ᠪᠠᠰᠠ ᠯᠠ ᠡᠨᠡ ᠡᠬᠡᠨᠡᠷ ᠡᠰᠡᠪᠡᠯ ᠢᠳᠡᠭᠡ ᠤᠮᠳᠠ ᠶ᠋ᠢᠨ ᠵᠦᠢᠯ ᠳ᠋ᠦ᠍ ᠡᠢᠮᠦ ᠶᠡᠬᠡ ᠰᠦᠰᠦᠭ ᠪᠢᠰᠢᠷᠡᠯ ᠲᠠᠢ ᠶᠤᠮ ᠤᠤ? ᠡᠰᠡᠬᠦᠯ᠎ᠡ ᠪᠠᠭ᠎ᠠ ᠵᠡᠷᠭᠡ ᠬᠡᠢ ᠡᠪᠡᠳᠴᠢᠨ ᠲᠠᠢ ᠶᠤᠮ ᠤᠤ? ᠭᠡᠵᠦ ᠤᠴᠢᠷ ᠢ᠋ ᠣᠯᠬᠤ ᠦᠭᠡᠢ ᠪᠣᠯᠪᠠᠴᠤ ᠲᠡᠭᠦᠨ ᠦ᠌ ᠠᠰᠠᠭᠤᠭᠰᠠᠨ ᠳ᠋ᠤ᠌ ᠦᠨᠡᠬᠡᠷ ᠬᠠᠷᠢᠭᠤᠯᠬᠤ ᠶ᠋ᠢ ᠪᠣᠳᠣᠵᠤ ᠡᠢᠨ ᠬᠡᠯᠡᠷᠦᠨ᠄ 
       ᠡᠨᠡ ᠮᠢᠨᠦ ᠢᠳᠡᠵᠦ ᠶᠠᠪᠤᠭ᠎ᠠ ᠲᠠᠯᠬ᠎ᠠ ᠪᠢᠯᠡ᠂ ᠶᠡᠷᠦ ᠨᠢ ᠡᠨᠳᠡ ᠲᠡᠨᠳᠡ ᠡᠴᠡ ᠣᠯᠤᠭᠰᠠᠨ ᠶᠠᠭᠤᠮ᠎ᠠ ᠪᠤᠰᠤ᠂ ᠤᠯᠠᠭᠠᠨᠪᠠᠭᠠᠲᠤᠷ ᠬᠣᠲᠠ ᠠ᠋ᠴᠠ ᠭᠠᠷᠬᠤ ᠳ᠋ᠠᠭᠠᠨ ᠠᠪᠴᠤ ᠭᠠᠷᠤᠭᠰᠠᠨ ᠶᠤᠮ᠂ ᠲᠠ ᠶᠠᠭᠤᠨ ᠳ᠋ᠤ᠌ ᠡᠢᠮᠦ ᠬᠦᠨᠳᠦᠳᠬᠡᠨ ᠦᠵᠡᠳᠡᠭ ᠪᠣᠢ? ᠭᠡᠪᠡ᠃ ᠲᠡᠷᠡ ᠡᠬᠡᠨᠡᠷ ᠲᠡᠭᠦᠨ ᠦ ᠬᠡᠯᠡᠭᠰᠡᠨ ᠦᠭᠡ ᠲᠣᠲᠣᠷ᠎ᠠ ᠠᠴᠠ ᠢᠳᠡᠳᠡᠭ ᠶᠠᠭᠤᠮ᠎ᠠ ᠭᠡᠬᠦ ᠶᠢ ᠣᠨᠴᠠ ᠪᠠᠷ ᠲᠡᠮᠲᠡᠭ᠍ᠯᠡᠵᠦ ᠶᠠᠭᠤ ᠭᠡᠨ᠎ᠡ᠂ ᠲᠠ ᠢᠳᠡᠬᠦ ᠶᠠᠭᠤᠮ᠎ᠠ ᠭᠡᠨ᠎ᠡ ᠤᠤ? ᠭᠡᠪᠡ᠃
       ᠲᠡᠢᠮᠦ ᠲᠡᠢᠮᠦ ᠢᠳᠡᠳᠡᠭ ᠶᠠᠭᠤᠮ᠎ᠠ᠂ ᠲᠠᠨ ᠤ᠋ ᠡᠨᠡ ᠭᠠᠵᠠᠷ ᠡᠭᠦᠨ ᠢ᠋ ᠦᠵᠡᠭᠡ ᠦᠭᠡᠢ ᠦᠦ? ᠭᠡᠪᠡ᠃ 
       ᠡᠬᠡᠨᠡᠷ ᠶᠡᠬᠡᠳᠡ ᠰᠣᠨᠢᠷᠬᠠᠵᠤ᠂ ᠠ ᠲᠡᠢᠮᠦ ᠤᠤ᠂ ᠶᠠᠭᠤᠲᠠᠢ ᠵᠢᠭᠲᠡᠢ ᠪᠣᠢ᠂ ᠡᠨᠡ ᠨᠢ ᠤᠷᠭᠤᠳᠠᠭ ᠲᠠᠷᠢᠳᠠᠭ ᠶᠠᠭᠤᠮ᠎ᠠ ᠤᠤ? ᠭᠡᠪᠡ᠃ 
       ᠲᠥᠯᠥᠭᠡᠯᠡᠭᠴᠢ ᠲᠡᠭᠦᠨ ᠢ᠋ ᠰᠣᠨᠣᠰᠤᠭᠠᠳ ᠶᠡᠬᠡᠳᠡ ᠢᠨᠢᠶᠡᠨ ᠲᠡᠷᠡ ᠡᠬᠡᠨᠡᠷ ᠲᠦ᠍ ᠲᠠᠯᠬ᠎ᠠ ᠬᠢᠳᠡᠭ ᠤᠴᠢᠷ ᠢ᠋ ᠲᠣᠭᠠᠴᠢᠨ ᠴᠠᠭᠠᠨ ᠭᠤᠯᠢᠷ ᠢ᠋ ᠬᠡᠷᠬᠢᠨ ᠵᠢᠭᠤᠷᠠᠭᠠᠳ ᠬᠡᠷᠬᠢᠨ ᠬᠠᠯᠠᠭᠠᠳ ᠵᠤᠤᠬᠠᠨ ᠳ᠋ᠤ᠌ ᠬᠢᠭᠡᠳ ᠬᠡᠷᠬᠢᠨ ᠪᠣᠯᠭᠣᠵᠤ ᠬᠡᠷᠬᠢᠨ ᠢᠳᠡᠳᠡᠭ ᠢ᠋ ᠶᠠᠷᠢᠵᠤ ᠥᠭᠪᠡ᠂ ᠡᠬᠡᠨᠡᠷ ᠲᠡᠷᠡ ᠤᠴᠢᠷ ᠢ᠋ ᠪᠦᠷᠢᠨ ᠮᠡᠳᠡᠭᠰᠡᠨ ᠦ᠌ ᠬᠣᠢᠨ᠎ᠠ ᠪᠠᠰᠠ ᠰᠡᠵᠢᠭ ᠨᠢ ᠠᠯᠳᠠᠷᠠᠭ᠎ᠠ ᠦᠭᠡᠢ ᠰᠣᠨᠢᠨ ᠶᠤᠮ ᠳᠠ ᠭᠡᠵᠦ ᠳᠠᠬᠢᠨ ᠳᠠᠬᠢᠨ ᠭᠠᠢᠬᠠᠨ᠎ᠠ᠃ ᠲᠥᠯᠥᠭᠡᠯᠡᠭᠴᠢ ᠠᠰᠠᠭᠤᠷᠤᠨ᠄    
       ᠶᠠᠭᠤᠨ ᠳ᠋ᠤ᠌ ᠲᠠ ᠡᠨᠡ ᠲᠠᠯᠬ᠎ᠠ ᠶ᠋ᠢ ᠡᠢᠮᠦ ᠶᠡᠬᠡ ᠪᠡᠷ ᠭᠠᠢᠬᠠᠨ᠎ᠠ? 
       ᠡᠬᠡᠨᠡᠷ ᠬᠡᠯᠡᠷᠦᠨ᠄ ᠦᠭᠡᠢ ᠪᠢ ᠲᠠᠨ ᠢ᠋ ᠲᠠᠯᠬ᠎ᠠ ᠶ᠋ᠢ ᠢᠳᠡᠳᠡᠭ ᠶᠠᠭᠤᠮ᠎ᠠ ᠭᠡᠬᠦ ᠳ᠋ᠦ᠍ ᠶᠡᠬᠡᠳᠡ ᠭᠠᠢᠬᠠᠨ᠎ᠠ᠂ ᠤᠴᠢᠷ ᠨᠢ ᠡᠭᠦᠨ ᠦ᠌ ᠤᠷᠢᠳ ᠮᠠᠨ ᠤ᠋ ᠠᠢᠯ ᠤ᠋ᠨ ᠨᠢᠭᠡᠨ ᠬᠥᠮᠦᠨ ᠠᠶᠠᠨ ᠢ᠋ᠶ᠋ᠠᠷ ᠶᠠᠪᠤᠵᠤ ᠵᠠᠮ ᠤ᠋ᠨ ᠵᠠᠭᠤᠷ᠎ᠠ ᠠ᠋ᠴᠠ ᠶᠡᠬᠡ ᠲᠩᠷᠢ ᠶ᠋ᠢᠨ ᠳᠦᠯᠡᠢ ᠭᠡᠳᠡᠭ ᠨᠢᠭᠡ ᠡᠷᠳᠡᠨᠢ ᠶ᠋ᠢᠨ ᠵᠦᠢᠯ ᠢ᠋ ᠣᠯᠵᠤ ᠲᠡᠭᠦᠨ ᠢ᠋ ᠡᠳᠦᠭᠡ ᠮᠠᠨ ᠤ᠋ ᠠᠢᠯ ᠬᠣᠲᠠ ᠪᠠᠷ ᠰᠢᠲᠦᠳᠡᠭ ᠪᠣᠯᠠᠢ᠂ ᠭᠡᠲᠡᠯ᠎ᠡ ᠲᠡᠷᠡ ᠬᠦ᠌ ᠲᠩᠷᠢ ᠶ᠋ᠢᠨ ᠳᠦᠯᠡᠢ ᠪᠣᠯ ᠲᠠᠨ ᠤ᠋ ᠡᠨᠡ ᠢᠳᠡᠭᠴᠢ ᠶᠠᠭᠤᠮ᠎ᠠ ᠲᠠᠢ ᠠᠳᠠᠯᠢᠬᠠᠨ ᠪᠣᠯᠤᠯᠲᠠᠢ ᠲᠤᠯᠠ ᠭᠠᠢᠬᠠᠨ᠎ᠠ ᠭᠡᠪᠡ᠃ ᠲᠥᠯᠥᠭᠡᠯᠡᠭᠴᠢ ᠲᠡᠭᠦᠨ ᠢ᠋ ᠰᠣᠨᠣᠰᠤᠭᠠᠳ᠄ ᠦᠭᠡᠢ ᠲᠡᠢᠮᠦ ᠪᠣᠯ ᠲᠡᠷᠡ ᠨᠢ ᠮᠥᠨ ᠡᠢᠮᠦ ᠲᠠᠯᠬ᠎ᠠ ᠪᠠᠢᠯᠭᠦᠢ ᠳᠡ ᠭᠡᠪᠡ᠃    
       ᠦᠭᠡᠢ ᠦᠭᠡᠢ ᠲᠡᠷᠡ ᠨᠢ ᠠᠷᠠᠢ ᠲᠠᠯᠬ᠎ᠠ ᠪᠤᠰᠤ ᠪᠣᠢ ᠊ᠢ᠎ᠠ! ᠶᠠᠭᠤ ᠭᠡᠪᠡᠯ ᠡᠷᠳᠡᠨᠢ ᠶ᠋ᠢ ᠣᠯᠤᠭᠰᠠᠨ ᠠᠢᠯ ᠡᠳᠦᠭᠡ ᠪᠠᠶᠠᠵᠢᠭᠰᠠᠨ ᠪᠥᠭᠡᠳ ᠲᠡᠷᠡ ᠴᠦ᠍ ᠪᠠᠢᠲᠤᠭᠠᠢ ᠲᠡᠷᠡ ᠡᠷᠳᠡᠨᠢ ᠳ᠋ᠦ᠍ ᠮᠥᠷᠭᠥᠭᠰᠡᠨ ᠲᠠᠬᠢᠭᠰᠠᠨ ᠬᠥᠮᠦᠰ ᠡᠪᠡᠳᠴᠢᠨ ᠵᠣᠪᠠᠯᠠᠩ ᠠ᠋ᠴᠠ ᠬᠡᠳᠦᠯᠳᠡᠭ᠂ ᠡᠢᠮᠦ ᠴᠢᠳᠠᠯ ᠲᠠᠢ ᠪᠣᠯᠠᠢ ᠭᠡᠪᠡ᠃ 
       ᠲᠥᠯᠥᠭᠡᠯᠡᠭᠴᠢ ᠲᠡᠭᠦᠨ ᠢ᠋ ᠰᠣᠨᠣᠰᠤᠭᠠᠳ ᠪᠠᠰᠠ ᠨᠢᠭᠡ ᠵᠡᠷᠭᠡ ᠤᠤᠯ ᠤᠴᠢᠷ ᠲᠡᠦᠬᠡ ᠶ᠋ᠢ ᠠᠰᠠᠭᠤᠵᠤ ᠦᠵᠡᠪᠡᠯ ᠶᠡᠷᠦ ᠵᠠᠮ ᠳᠡᠭᠡᠷ᠎ᠡ ᠭᠡᠭᠡᠭᠳᠡᠭᠰᠡᠨ ᠲᠠᠯᠬ᠎ᠠ ᠣᠯᠤᠭᠰᠠᠨ ᠠ᠋ᠴᠠ ᠵᠠᠢᠯᠠᠰᠢ ᠦᠭᠡᠢ ᠲᠤᠯᠠ ᠡᠢᠨ ᠬᠡᠯᠡᠪᠡ᠄ 
       ᠪᠢ ᠲᠠᠨ ᠤ᠋ ᠬᠡᠯᠡᠵᠦ ᠪᠠᠢᠭ᠎ᠠ ᠪᠠᠢᠳᠠᠯ ᠢ᠋ ᠦᠵᠡᠪᠡᠯ ᠲᠡᠷᠡ ᠨᠢ ᠵᠠᠪᠠᠯ ᠲᠠᠯᠬ᠎ᠠ ᠪᠣᠯᠪᠠ ᠤᠤ ᠭᠡᠵᠦ ᠰᠠᠨᠠᠨ᠎ᠠ᠃ ᠶᠠᠭᠤ ᠭᠡᠪᠡᠯ ᠶᠡᠬᠡ ᠲᠩᠷᠢ ᠶ᠋ᠢᠨ ᠳᠦᠯᠡᠢ ᠨᠢ ᠤᠷᠭᠤᠮᠠᠯ ᠤ᠋ᠨ ᠵᠦᠢᠯ ᠲᠤᠯᠠ ᠶᠠᠮᠠᠷ ᠡᠷᠳᠡᠨᠢ ᠭᠡᠵᠦ ᠦᠨᠡᠯᠡᠭᠳᠡᠬᠦ ᠠᠵᠢ᠂ ᠬᠠᠷᠢᠨ ᠲᠠ ᠪᠦᠬᠦᠨ ᠲᠡᠭᠦᠨ ᠢ᠋ ᠤᠷᠢᠳ ᠬᠣᠵᠢᠳ ᠦᠵᠡᠭᠡ ᠦᠭᠡᠢ ᠶ᠋ᠢᠨ ᠬᠠᠷᠠᠭ᠎ᠠ ᠪᠠᠷ ᠲᠡᠢᠨ ᠬᠦ᠌ ᠡᠨᠳᠡᠭᠦᠷᠡᠨ ᠰᠢᠲᠦᠵᠦ ᠳᠠᠬᠢᠵᠤ ᠰᠢᠲᠦᠭᠰᠡᠨ ᠦ᠌ ᠤᠯᠠᠮ ᠢ᠋ᠶ᠋ᠠᠷ ᠣᠯᠠᠨ ᠲᠦᠮᠡᠨ ᠦ᠌ ᠡᠷᠭᠦᠯ ᠪᠠᠷᠢᠴᠠ ᠠ᠋ᠴᠠ ᠲᠡᠷᠡ ᠠᠢᠯ ᠪᠠᠶᠠᠵᠢᠵᠤ ᠬᠥᠮᠦᠨ ᠦ᠌ ᠰᠦᠰᠦᠭ ᠰᠠᠨᠠᠭ᠎ᠠ ᠶ᠋ᠢᠨ ᠬᠠᠷᠠᠭ᠎ᠠ ᠪᠠᠷ ᠵᠠᠷᠢᠮ ᠬᠥᠩᠭᠡᠨ ᠱᠦᠩᠭᠡᠨ ᠡᠪᠡᠳᠴᠢᠨ ᠢ᠋ ᠡᠳᠡᠭᠡᠪᠡ ᠭᠡᠵᠦ ᠰᠠᠨᠠᠵᠤ ᠲᠡᠢᠨ ᠬᠦ᠌ ᠭᠡᠨᠡᠳᠡᠵᠦ ᠶᠠᠪᠤᠭ᠎ᠠ ᠠ᠋ᠴᠠ ᠥᠭᠡᠷ᠎ᠡ ᠶᠠᠭᠤᠮ᠎ᠠ ᠦᠭᠡᠢ ᠭᠡᠪᠡ᠃ ᠳᠠᠷᠢᠰᠦ᠋ᠷᠦᠩ ᠬᠠᠷᠢᠨ ᠬᠡᠨ ᠮᠡᠳᠡᠬᠦ ᠪᠣᠢ ᠳᠠ᠂ ᠲᠠᠨ ᠤ᠋ ᠬᠡᠯᠡᠳᠡᠭ ᠪᠠ ᠬᠡᠷᠡᠭᠯᠡᠵᠦ ᠪᠠᠢᠭ᠎ᠠ ᠵᠦᠢᠯ ᠨᠢ ᠥᠨᠥᠬᠢ ᠲᠩᠷᠢ ᠶ᠋ᠢᠨ ᠳᠦᠯᠡᠢ ᠲᠡᠢ ᠶᠡᠷᠦ ᠠᠳᠠᠯᠢ ᠰᠢᠬᠠᠭᠤ ᠶᠠᠭᠤᠮ᠎ᠠ ᠪᠠᠢᠨ᠎ᠠ᠂ ᠪᠠᠰᠠ ᠲᠡᠷᠡ ᠠᠢᠯ ᠲᠡᠭᠦᠨ ᠢ᠋ ᠴᠤᠬᠠᠭ ᠡᠷᠳᠡᠨᠢ ᠮᠡᠲᠦ ᠳᠠᠬᠢᠳᠠᠭ ᠲᠤᠯᠠ ᠬᠡᠨ ᠬᠥᠮᠦᠨ ᠳ᠋ᠦ᠍ ᠬᠠᠮᠢᠶ᠎ᠠ ᠦᠭᠡᠢ ᠦᠵᠡᠭᠦᠯᠳᠡᠭ ᠦᠭᠡᠢ ᠪᠣᠯᠠᠢ᠃ ᠬᠡᠷᠪᠡ ᠲᠠᠨ ᠳ᠋ᠤ᠌ ᠦᠵᠡᠭᠦᠯᠬᠦ ᠦᠭᠡᠢ ᠭᠡᠪᠡᠯ ᠬᠡᠷᠬᠢᠬᠦ ᠪᠣᠢ? ᠲᠥᠯᠥᠭᠡᠯᠡᠭᠴᠢ ᠲᠡᠭᠦᠨ ᠢ᠋ ᠰᠣᠨᠣᠰᠤᠭᠠᠳ ᠪᠠᠰᠠ ᠴᠤ᠌ ᠳᠣᠲᠣᠷ᠎ᠠ ᠪᠠᠨ ᠪᠣᠳᠣᠵᠤ ᠦᠵᠡᠪᠡᠯ ᠡᠳᠡᠨ ᠦ᠌ ᠡᠨᠡ ᠪᠢᠲᠡᠭᠦᠦ ᠮᠤᠬᠤᠷ ᠬᠡᠷᠡᠭ ᠢ᠋ ᠰᠢᠭᠤᠳ ᠬᠠᠯᠳᠤᠨ ᠨᠡᠭᠡᠭᠡᠭᠳᠡᠭᠦᠯᠬᠦ ᠭᠡᠪᠡᠯ ᠪᠣᠯᠬᠤ ᠦᠭᠡᠢ ᠲᠤᠯᠠ ᠳᠠᠬᠢᠨ ᠳᠠᠬᠢᠨ ᠪᠣᠳᠣᠵᠤ ᠪᠠᠢᠲᠠᠯ᠎ᠠ ᠭᠡᠨᠡᠳᠲᠡ ᠨᠢᠭᠡ ᠠᠷᠭ᠎ᠠ ᠰᠠᠨᠠᠭᠳᠠᠵᠤ ᠳᠠᠷᠤᠢ ᠡᠢᠨ ᠬᠡᠯᠡᠷᠦᠨ᠄ 
       ᠲᠡᠢᠮᠦ ᠪᠣᠯ ᠲᠡᠷᠡ ᠨᠢ ᠮᠥᠨ ᠬᠢᠯᠪᠠᠷ ᠪᠠᠢᠨ᠎ᠠ᠂ ᠲᠠ ᠭᠠᠭᠴᠠ ᠬᠦ᠌ ᠨᠠᠳᠠ ᠲᠠᠢ ᠶᠠᠷᠢᠯᠴᠠᠭᠰᠠᠨ ᠦᠭᠡ ᠪᠡᠨ ᠴᠢᠨᠠᠭᠰᠢ ᠠᠯᠳᠠᠷᠰᠢᠭᠤᠯ᠃ ᠬᠠᠷᠢᠨ ᠮᠢᠨᠦ ᠠᠪᠴᠤ ᠶᠠᠪᠤᠭ᠎ᠠ ᠡᠨᠡ ᠲᠩᠷᠢ ᠶ᠋ᠢᠨ ᠳᠦᠯᠡᠢ ᠶ᠋ᠢ ᠰᠠᠢᠲᠤᠷ ᠬᠠᠳᠠᠭ ᠰᠠᠮᠪᠠᠢ ᠳ᠋ᠤ᠌ ᠪᠠᠭᠯᠠᠵᠤ ᠪᠤᠷᠬᠠᠨ ᠳᠡᠭᠡᠷ᠎ᠡ ᠪᠡᠨ ᠳᠡᠯᠪᠢ ᠭᠡᠪᠡ᠃ ᠡᠬᠡᠨᠡᠷ ᠲᠡᠭᠦᠨ ᠢ᠋ ᠰᠣᠨᠣᠰᠤᠭᠠᠳ ᠪᠠᠰᠠ ᠥᠨᠥᠬᠢ ᠲᠠᠯᠬ᠎ᠠ ᠪᠠᠨ ᠶᠡᠬᠡ ᠲᠩᠷᠢ ᠶ᠋ᠢᠨ ᠳᠦᠯᠡᠢ ᠮᠡᠲᠦ ᠳᠠᠬᠢ ᠭᠡᠬᠦ ᠳ᠋ᠦ᠍ ᠪᠦᠷ ᠴᠦ᠍ ᠭᠠᠢᠬᠠᠵᠤ ᠰᠠᠶ᠋ᠢᠬᠠᠨ ᠡᠨᠡ ᠬᠥᠮᠦᠨ ᠢᠳᠡᠳᠡᠭ ᠲᠠᠯᠬ᠎ᠠ ᠭᠡᠬᠦ ᠠᠲᠠᠯ᠎ᠠ ᠪᠠᠰᠠ ᠶᠠᠭᠠᠬᠢᠨ ᠲᠩᠷᠢ ᠶ᠋ᠢᠨ ᠳᠦᠯᠡᠢ ᠪᠣᠯᠤᠭᠰᠠᠨ ᠪᠣᠯ᠂ ᠡᠰᠡᠬᠦᠯ᠎ᠡ ᠨᠠᠮ᠎ᠠ ᠶ᠋ᠢ ᠮᠡᠬᠡᠯᠡᠭᠰᠡᠨ ᠶᠦᠮ ᠪᠣᠯᠪᠠ ᠤᠤ ᠭᠡᠵᠦ ᠰᠡᠵᠢᠭᠯᠡᠵᠦ ᠤᠴᠢᠷ ᠢ᠋ ᠴᠣᠬᠣᠮ ᠣᠯᠬᠤ ᠦᠭᠡᠢ ᠪᠣᠯᠵᠤ ᠠᠷᠭ᠎ᠠ ᠪᠤᠶᠤ ᠲᠡᠭᠦᠨ ᠦ᠌ ᠬᠡᠯᠡᠭᠰᠡᠨ ᠶᠣᠰᠣᠭᠠᠷ ᠬᠠᠷᠢᠨ ᠴᠤ᠌ ᠳᠤᠷᠠᠲᠠᠢ ᠪᠠᠷ ᠬᠠᠳᠠᠭ ᠰᠠᠮᠪᠠᠢ ᠪᠠᠷ ᠣᠷᠢᠶᠠᠵᠤ ᠲᠠᠯᠪᠢᠪᠠ᠃  ᠲᠥᠯᠦᠭᠡᠯᠡᠭᠴᠢ ᠬᠡᠯᠡᠷᠦᠨ᠄
       ᠵᠠ ᠲᠠ ᠡᠨᠡ ᠬᠠᠪᠢ ᠶ᠋ᠢᠨ ᠠᠢᠯ ᠢ᠋ ᠬᠡᠰᠦᠵᠦ ᠤᠮᠠᠷ᠎ᠠ ᠵᠦᠭ ᠡᠴᠡ ᠴᠣᠬᠣᠮ ᠬᠦ᠌ ᠦᠨᠡᠨ ᠲᠩᠷᠢ ᠶ᠋ᠢᠨ ᠳᠦᠯᠡᠢ ᠣᠯᠤᠭᠰᠠᠨ ᠨᠢᠭᠡᠨ ᠭᠠᠢᠬᠠᠮᠰᠢᠭᠲᠠᠢ ᠬᠥᠮᠦᠨ ᠮᠠᠨ ᠤ᠋ ᠭᠡᠷ ᠲᠦ᠍ ᠥᠭᠡᠳᠡ ᠪᠣᠯᠤᠨ ᠢᠷᠡᠭᠡᠳ ᠪᠠᠢᠨ᠎ᠠ ᠭᠡᠵᠦ ᠬᠡᠯᠡᠵᠦ ᠵᠠᠷᠯᠠᠨ ᠲᠠᠷᠬᠠᠭ᠎ᠠ ᠭᠡᠪᠡ᠃ ᠥᠨᠥ ᠡᠬᠡᠨᠡᠷ ᠲᠡᠳᠡᠭᠡᠷ ᠰᠣᠨᠢᠨ ᠦᠭᠡᠰ ᠢ᠋ ᠰᠣᠨᠣᠰᠴᠤ ᠳᠣᠲᠣᠷ᠎ᠠ ᠨᠢ ᠬᠠᠷᠢᠨ ᠴᠤ᠌ ᠰᠠᠢᠬᠠᠨ ᠰᠠᠨᠠᠭᠳᠠᠵᠤ ᠶᠡᠷᠦ ᠨᠢ ᠡᠢᠮᠦ ᠲᠡᠢᠮᠦ ᠪᠢᠲᠡᠭᠦᠦ ᠶᠣᠭᠲᠠ ᠰᠦᠰᠦᠭ ᠪᠢᠰᠢᠷᠡᠯ ᠲᠥᠷᠥᠭᠦᠯᠳᠡᠭ ᠦᠭᠡ ᠥᠭᠦᠯᠡᠯ ᠢ᠋ ᠲᠠᠷᠬᠠᠭᠠᠬᠤ ᠳ᠋ᠠᠭᠠᠨ ᠲᠤᠢᠯ ᠤ᠋ᠨ ᠳᠤᠷᠠᠲᠠᠢ ᠢᠳᠡᠪᠬᠢ ᠴᠢᠳᠠᠪᠤᠷᠢᠲᠠᠢ ᠬᠥᠮᠦᠨ ᠪᠠᠢᠳᠠᠭ ᠲᠤᠯᠠ ᠵᠠ ᠭᠡᠬᠦ ᠦᠭᠡ ᠶ᠋ᠢ ᠲᠥᠯᠥᠭᠡᠯᠡᠭᠴᠢ ᠶ᠋ᠢᠨ ᠡᠮᠦᠨ᠎ᠡ ᠬᠦᠯᠢᠶᠡᠭᠡᠳ ᠬᠠᠨᠴᠤᠢ ᠪᠦᠴᠡ ᠶ᠋ᠢ ᠰᠠᠵᠢᠭᠠᠳ ᠭᠠᠷᠬᠤ ᠨᠢ ᠬᠠᠷᠠᠭᠳᠠᠭᠰᠠᠨ ᠪᠢᠯᠡ᠃ ᠬᠠᠷᠢᠨ ᠳᠡᠮᠡᠢ ᠤᠳᠠᠭ᠎ᠠ ᠦᠭᠡᠢ ᠲᠡᠷᠡ ᠬᠠᠪᠢ ᠶ᠋ᠢᠨ ᠠᠢᠯ ᠠᠢᠮᠠᠭ ᠤ᠋ᠨ ᠰᠢᠷ᠎ᠠ ᠬᠠᠷ᠎ᠠ ᠡᠷ᠎ᠡ ᠡᠮ᠎ᠡ ᠣᠯᠠᠨ ᠶᠠᠩᠵᠤ ᠶ᠋ᠢ ᠬᠥᠮᠦᠰ ᠲᠡᠳᠡᠨ ᠦ᠌ ᠭᠡᠷ ᠲᠦ᠍ ᠪᠠᠭᠲᠠᠬᠤ ᠦᠭᠡᠢ ᠪᠡᠷ ᠴᠤᠭᠯᠠᠵᠤ ᠥᠨᠥᠬᠢ ᠲᠩᠷᠢ ᠶ᠋ᠢᠨ ᠳᠦᠯᠡᠢ ᠲᠡᠢ ᠢᠷᠡᠭᠰᠡᠨ ᠭᠠᠢᠬᠠᠮᠰᠢᠭᠲᠤ ᠬᠥᠮᠦᠨ ᠢ᠋ ᠦᠵᠡᠬᠦ ᠭᠡᠵᠦ ᠬᠤᠷᠠᠯᠳᠤᠵᠠᠢ᠃ 
       ᠤᠮᠠᠷ᠎ᠠ ᠵᠦᠭ ᠡᠴᠡ ᠴᠣᠬᠣᠮ ᠬᠦ᠌ ᠦᠨᠡᠨ ᠲᠩᠷᠢ ᠶ᠋ᠢᠨ ᠳᠦᠯᠡᠢ ᠶ᠋ᠢ ᠠᠪᠴᠢᠷᠠᠭᠰᠠᠨ ᠭᠠᠢᠬᠠᠮᠰᠢᠭᠲᠤ ᠬᠥᠮᠦᠨ ᠭᠡᠭᠳᠡᠭᠰᠡᠨ ᠥᠨᠥᠬᠢ ᠲᠥᠯᠥᠭᠡᠯᠡᠭᠴᠢ ᠡᠢᠨ ᠬᠦ᠌ ᠵᠠᠷᠯᠢᠭ ᠪᠣᠯᠤᠷᠤᠨ᠄ 
       ᠵᠠ ᠬᠤᠷᠠᠯᠳᠤᠭᠰᠠᠨ ᠣᠠᠯᠨ ᠪᠦᠭᠦᠳᠡ ᠳ᠋ᠦ᠍ ᠮᠢᠨᠦ ᠪᠡᠶ᠎ᠡ ᠲᠤᠰᠬᠠᠢᠯᠠᠨ ᠤᠬᠠᠭᠤᠯᠤᠨ ᠰᠡᠩᠬᠡᠷᠡᠭᠦᠯᠬᠦ ᠨᠢᠭᠡᠨ ᠵᠦᠢᠯ ᠦ᠋ᠨ ᠴᠢᠬᠤᠯᠠ ᠶᠡᠬᠡ ᠤᠴᠢᠷ ᠤᠳᠬ᠎ᠠ ᠪᠠᠢᠨ᠎ᠠ᠃ ᠶᠠᠭᠤ ᠪᠣᠢ ᠭᠡᠪᠡᠯ ᠮᠢᠨᠦ ᠪᠡᠶ᠎ᠡ ᠪᠣᠯ ᠤᠮᠠᠷ᠎ᠠ ᠵᠦᠭ ᠦ᠋ᠨ ᠴᠣᠬᠣᠮ ᠬᠦ᠌ ᠦᠨᠡᠨ ᠲᠡᠭᠷᠢ ᠶ᠋ᠢᠨ ᠳᠦᠯᠡᠢ ᠶ᠋ᠢ ᠣᠯᠵᠤ ᠲᠠ ᠪᠦᠬᠦᠨ ᠳ᠋ᠦ᠍ ᠬᠦᠷᠭᠡᠵᠦ ᠢᠷᠡᠭᠰᠡᠨ ᠪᠥᠭᠡᠳ ᠲᠡᠷᠡ ᠵᠢᠯ ᠦ᠋ᠨ ᠭᠤᠷᠪᠠᠨ ᠰᠠᠷ᠎ᠠ ᠶ᠋ᠢᠨ ᠳᠣᠯᠣᠭᠠᠨ ᠤ᠋ ᠡᠳᠦᠷ ᠵᠠᠮ ᠤ᠋ᠨ ᠡᠭᠦᠳᠡ ᠭᠡᠳᠡᠭ ᠶᠡᠬᠡ ᠵᠠᠮ  ᠳᠡᠭᠡᠷ᠎ᠡ᠎ ᠡᠴᠡ ᠭᠣᠨᠴᠣᠭ᠂ ᠰᠦᠬᠡᠨᠲᠡᠢ᠂ ᠲᠦᠪᠳᠡᠨ ᠨᠠᠷ ᠤ᠋ᠨ ᠣᠯᠤᠭᠰᠠᠨ ᠲᠡᠭᠷᠢ ᠶ᠋ᠢᠨ ᠳᠦᠯᠡᠢ ᠭᠡᠭᠴᠢ ᠪᠣᠯ ᠴᠣᠬᠣᠮ ᠦᠨᠡᠨ ᠲᠡᠭᠷᠢ ᠶ᠋ᠢᠨ ᠳᠦᠯᠡᠢ ᠪᠢᠰᠢ ᠬᠠᠭᠤᠷᠮᠠᠭ ᠠᠮᠤᠢ᠂ ᠡᠢᠮᠦ ᠳ᠋ᠦ᠍ ᠤᠴᠢᠷ ᠢ᠋ ᠲᠠ ᠪᠦᠬᠦᠨ ᠳ᠋ᠦ᠍ ᠲᠠᠢᠯᠪᠤᠷᠢᠯᠠᠵᠤ ᠦᠨᠡᠨ ᠲᠡᠭᠷᠢ ᠶ᠋ᠢᠨ ᠳᠦᠯᠡᠢ ᠶ᠋ᠢ ᠦᠵᠡᠭᠦᠯᠦᠶ᠎ᠡ ᠭᠡᠰᠡᠨ ᠶᠦᠮ᠃ ᠣᠳᠣ ᠲᠡᠷᠡ ᠬᠦ᠌ ᠲᠦᠪᠳᠡᠨ ᠦ᠌ ᠣᠯᠵᠤ ᠢᠷᠡᠭᠰᠡᠨ ᠲᠡᠭᠷᠢ ᠶ᠋ᠢᠨ ᠳᠦᠯᠡᠢ ᠯᠦ᠍ᠭᠡ ᠵᠡᠷᠭᠡᠴᠡᠭᠦᠯᠦᠨ ᠦᠵᠡᠭᠦᠯᠬᠦ ᠬᠡᠷᠡᠭᠲᠡᠢ ᠠᠮᠤᠢ  ᠭᠡᠮᠡᠭᠴᠡ ᠲᠡᠳᠡᠭᠡᠷ ᠴᠤᠭᠯᠠᠷᠠᠭᠰᠠᠳ ᠶᠡᠬᠡᠳᠡ ᠭᠠᠢᠬᠠᠵᠤ ᠰᠤᠴᠢᠭ᠍ᠰᠠᠨ ᠪᠣᠯᠪᠠᠴᠤ ᠲᠡᠭᠦᠨ ᠦ᠌ ᠳᠤᠮᠳᠠ᠎ ᠡᠴᠡ ᠨᠢᠭᠡ ᠬᠥᠮᠦᠨ ᠡᠢᠨ ᠥᠭᠦᠯᠡᠷᠦᠨ᠄ 
       ᠭᠠᠢᠬᠠᠮᠰᠢᠭ᠍ᠲᠤ ᠬᠥᠮᠦᠨ ᠦ᠌ ᠠᠪᠴᠢᠷᠠᠭᠰᠠᠨ ᠲᠡᠭᠷᠢ ᠶ᠋ᠢᠨ ᠳᠦᠯᠡᠢ ᠬᠠᠮᠢᠭ᠎ᠠ ᠪᠠᠢᠭ᠎ᠠ ᠪᠣᠯ ᠪᠢᠳᠡᠨ ᠳ᠋ᠦ᠍ ᠦᠵᠡᠭᠦᠯᠦᠨ ᠰᠣᠶᠣᠷᠬᠠᠵᠤ ᠪᠣᠯᠬᠤ ᠪᠣᠯᠪᠠ ᠤᠤ? ᠥᠨᠥᠬᠢ ᠲᠥᠯᠥᠭᠡᠯᠡᠭᠴᠢ ᠬᠡᠯᠡᠷᠦᠨ᠄ 
       ᠪᠣᠯᠤᠨ᠎ᠠ ᠪᠣᠯᠤᠨ᠎ᠠ᠂ ᠭᠠᠭᠴᠠ ᠬᠦ᠌ ᠲᠠᠨ ᠤ᠋ ᠲᠡᠷᠡ ᠲᠡᠭᠷᠢ ᠶ᠋ᠢᠨ ᠳᠦᠯᠡᠢ ᠶ᠋ᠢ ᠠᠪᠴᠢᠷᠠᠵᠤ ᠵᠡᠷᠭᠡᠴᠡᠭᠦᠯᠦᠨ ᠦᠵᠡᠮᠡᠭᠴᠡ ᠠᠯᠢᠨ ᠡᠴᠡ ᠨᠢ ᠭᠡᠷᠡᠯ ᠭᠠᠷᠬᠤ ᠶ᠋ᠢ ᠣᠯᠠᠨ ᠲᠠ ᠪᠦᠬᠦᠨ ᠦᠵᠡᠭᠰᠡᠨ ᠬᠣᠢᠨ᠎ᠠ ᠰᠠᠶᠢ ᠦᠨᠡᠨ ᠬᠤᠳᠠᠯ ᠢ᠋ ᠮᠡᠳᠡᠨ᠎ᠡ ᠭᠡᠪᠡ᠃ ᠲᠡᠳᠦᠢ ᠴᠤᠭᠯᠠᠷᠠᠭᠰᠠᠨ  ᠪᠦᠭᠦᠳᠡ ᠱᠤᠤᠭᠢᠯᠳᠤᠵᠤ ᠥᠨᠥᠬᠢ ᠲᠦᠪᠳᠡᠨ ᠦ᠌ ᠶᠡᠬᠡ ᠲᠡᠭᠷᠢ ᠶ᠋ᠢᠨ ᠳᠦᠯᠡᠢ ᠶ᠋ᠢ ᠠᠪᠴᠢᠷᠠᠵᠤ ᠦᠵᠡᠶ᠎ᠡ ᠭᠡᠯᠴᠡᠪᠡ᠃ ᠥᠪᠡᠷᠰᠡᠳ ᠦ᠋ᠨ ᠳᠤᠮᠳᠠ᠎ ᠡᠴᠡ ᠬᠡᠳᠦᠨ ᠬᠥᠮᠦᠰ ᠢ᠋ ᠭᠠᠷᠭᠠᠵᠤ ᠳᠠᠷᠤᠢ ᠤᠳᠠᠯ ᠦᠭᠡᠢ ᠠᠪᠤᠨ ᠬᠦᠷᠴᠦ ᠢᠷᠡᠪᠡ᠃ ᠲᠥᠯᠥᠭᠡᠯᠡᠭᠴᠢ ᠲᠡᠭᠦᠨ ᠢ᠋ ᠦᠵᠡᠪᠡᠯ ᠬᠠᠳᠠᠭ ᠶᠡᠨᠳᠡᠷ ᠢ᠋ᠶ᠋ᠡᠷ ᠴᠢᠮᠡᠭᠯᠡᠭᠰᠡᠨ ᠭᠬᠢᠪ ᠫᠠᠩᠰᠠ ᠪᠠᠷ ᠣᠷᠢᠶᠠᠭᠰᠠᠨ ᠦᠨᠡᠬᠡᠷ ᠨᠢᠭᠡᠨ ᠴᠢᠬᠤᠯᠠ ᠡᠷᠳᠡᠨᠢ ᠮᠡᠲᠦ ᠳᠠᠬᠢᠯᠠᠭᠰᠠᠨ ᠠᠵᠤᠭᠤ᠃ ᠲᠡᠭᠦᠨ ᠢ᠋ ᠲᠥᠯᠦᠭᠡᠯᠡᠭᠴᠢ᠎ ᠡᠴᠡ ᠵᠢᠭᠠᠪᠤᠷᠢ ᠭᠠᠷᠭᠠᠵᠤ ᠨᠢᠭᠡᠨ ᠳᠥᠷᠪᠡᠯᠵᠢᠨ ᠴᠡᠪᠡᠷᠬᠡᠨ ᠮᠣᠳᠣ ᠠᠪᠴᠢᠷᠠᠭᠤᠯᠤᠭᠠᠳ ᠥᠨᠥᠬᠢ ᠬᠣᠶᠠᠷ ᠲᠡᠭᠷᠢ ᠶ᠋ᠢᠨ ᠳᠦᠯᠡᠢ ᠶ᠋ᠢ ᠭᠠᠷᠭᠠᠨ ᠢᠷᠡᠵᠦ ᠲᠡᠭᠦᠨ ᠦ᠌ ᠳᠡᠭᠡᠷ᠎ᠡ ᠲᠠᠯᠪᠢᠭᠠᠳ ᠭᠬᠢᠪ ᠬᠠᠳᠠᠭ ᠤ᠋ᠨ ᠣᠷᠢᠶᠠᠯᠲᠠ ᠶ᠋ᠢ ᠵᠠᠳᠠᠯᠵᠤ ᠦᠵᠡᠪᠡᠯ ᠶᠡᠷᠦ ᠨᠢᠭᠡ ᠠᠳᠠᠯᠢ ᠪᠦᠨᠳᠦᠭᠡᠷ ᠴᠠᠭᠠᠨ ᠲᠠᠯᠬ᠎ᠠ ᠪᠠᠢᠪᠠ᠃ ᠭᠠᠭᠴᠠ ᠬᠦ᠌ ᠲᠦᠪᠳᠡᠨ ᠦ᠌ ᠲᠠᠯᠬ᠎ᠠ ᠨᠢ ᠣᠨ ᠵᠢᠯ ᠤᠳᠠᠭᠠᠳ ᠴᠢᠯᠠᠭᠤ ᠮᠡᠲᠦ ᠪᠠᠲᠤᠵᠢᠨ ᠬᠠᠳᠠᠵᠠᠢ᠃ ᠲᠡᠳᠦᠢ ᠲᠥᠯᠥᠭᠡᠯᠡᠭᠴᠢ ᠲᠡᠳᠡᠭᠡᠷ ᠴᠤᠭᠯᠠᠷᠠᠭᠰᠠᠨ ᠣᠯᠠᠨ ᠠ᠋ᠴᠠ ᠡᠢᠨ ᠠᠰᠠᠭᠤᠪᠠ᠄ 
       ᠵᠠ ᠡᠨᠡ ᠬᠣᠶᠠᠷ ᠤ᠋ᠨ ᠠᠯᠢᠨ ᠡᠴᠡ ᠭᠡᠷᠡᠯ ᠭᠠᠷᠴᠤ ᠪᠠᠢᠨ᠎ᠠ᠃ ᠲᠡᠳᠡᠭᠡᠷ ᠠᠷᠠᠳ ᠤ᠋ᠳ ᠳᠠᠬᠢᠨ ᠳᠠᠬᠢᠨ ᠨᠢᠳᠦ ᠪᠡᠨ ᠠᠷᠴᠢᠵᠤ ᠦᠵᠡᠪᠡᠯ ᠲᠣᠳᠣᠷᠬᠠᠢ ᠭᠡᠷᠡᠯ ᠭᠠᠷᠴᠤ ᠪᠣᠢ ᠨᠢ ᠠᠯᠢ ᠠᠯᠢᠨ ᠨᠢ ᠴᠦ᠍ ᠦᠵᠡᠭᠳᠡᠬᠦ ᠦᠭᠡᠢ ᠲᠤᠯᠠ ᠭᠠᠢᠬᠠᠰᠢ ᠲᠠᠰᠤᠷᠠᠵᠤ ᠭᠡᠷᠡᠯ ᠭᠠᠷᠴᠤ ᠪᠠᠢᠭ᠎ᠠ ᠶᠠᠭᠤᠮ᠎ᠠ ᠦᠵᠡᠭᠳᠡᠬᠦ ᠦᠭᠡᠢ ᠪᠠᠢᠨ᠎ᠠ ᠭᠡᠵᠡᠭᠡᠪᠡ᠃ ᠲᠥᠯᠥᠭᠡᠯᠡᠭᠴᠢ ᠲᠡᠷᠡ ᠪᠠᠢᠳᠠᠯ ᠢ᠋ ᠦᠵᠡᠭᠡᠳ ᠵᠠ ᠲᠡᠢᠮᠦ ᠪᠣᠯ ᠯᠠᠪ ᠡᠨᠡ ᠬᠣᠶᠠᠷ ᠪᠡᠶ᠎ᠡ ᠪᠡᠶ᠎ᠡ ᠪᠡᠨ ᠦᠵᠡᠭᠡᠳ ᠡᠪᠡᠳᠴᠢᠨ ᠣᠯᠤᠭᠰᠠᠨ ᠪᠠᠢᠬᠤ ᠮᠠᠭᠠᠳ ᠦᠭᠡᠢ᠂ ᠪᠢ ᠣᠳᠣ ᠬᠠᠭᠠᠯᠪᠤᠷᠢᠯᠠᠵᠤ ᠵᠠᠪᠰᠠᠷ ᠭᠠᠷᠭᠠᠵᠤ ᠲᠠ ᠪᠦᠬᠦᠨ ᠳ᠋ᠦ᠍  ᠦᠵᠡᠭᠦᠯᠦᠶ᠎ᠡ᠃ ᠨᠠᠳᠠ ᠨᠢᠭᠡ ᠲᠣᠮᠣ ᠰᠠᠢᠨ ᠬᠢᠲᠤᠭ᠎ᠠ ᠠᠪᠴᠢᠷᠠ ᠭᠡᠪᠡ᠃ ᠲᠡᠳᠦᠢ ᠤᠳᠠᠯ ᠦᠭᠡᠢ ᠬᠢᠲᠤᠭ᠎ᠠ  ᠭᠠᠷᠭᠠᠵᠤ ᠥᠭᠭᠦᠮᠡᠭᠴᠡ ᠥᠨᠥᠬᠢ ᠬᠢᠲᠤᠭ᠎ᠠ ᠪᠠᠷ ᠲᠡᠷᠡ ᠬᠣᠶᠠᠷ ᠲᠠᠯᠬ᠎ᠠ ᠶ᠋ᠢ ᠵᠦᠰᠦᠵᠦ ᠬᠡᠳᠦᠨ ᠬᠡᠰᠡᠭ ᠪᠣᠯᠭᠠᠭᠠᠳ ᠵᠠ ᠡᠨᠡ ᠬᠣᠶᠠᠷ ᠤ᠋ᠨ ᠳᠣᠲᠣᠷ᠎ᠠ ᠲᠠᠯ᠎ᠠ ᠨᠢ ᠠᠳᠠᠯᠢ ᠪᠠᠢᠨ᠎ᠠ ᠤᠤ ᠭᠡᠵᠦ ᠬᠥᠮᠦᠨ ᠬᠥᠮᠦᠨ ᠳ᠋ᠦ᠍ ᠠᠪᠴᠤ ᠥᠭᠪᠡ᠃ ᠲᠡᠳᠡᠭᠡᠷ ᠦ᠋ᠳ ᠲᠡᠭᠦᠨ ᠢ᠋ ᠦᠵᠡᠭᠡᠳ ᠡᠨᠡ ᠨᠢ ᠠᠳᠠᠯᠢ ᠴᠤ᠌ ᠠᠳᠠᠯᠢ ᠪᠠᠢᠨ᠎ᠠ᠃ ᠭᠠᠭᠴᠠ ᠬᠦ᠌ ᠡᠨᠡ ᠨᠢ ᠬᠠᠲᠠᠭᠤ᠂ ᠡᠨᠡ ᠨᠢ ᠵᠥᠭᠡᠯᠡᠨ ᠪᠠᠢᠨ᠎ᠠ ᠭᠡᠪᠡ᠃ ᠲᠥᠯᠥᠭᠡᠯᠡᠭᠴᠢ ᠬᠡᠯᠡᠷᠦᠨ᠄ 
       ᠡᠨᠡ  ᠮᠥᠨ ᠲᠡᠢᠮᠦ ᠪᠠᠢᠬᠤ ᠶᠣᠰᠣᠲᠠᠢ ᠶᠤᠮ᠂ ᠨᠢᠭᠡ ᠨᠢ ᠡᠳᠦᠷ ᠬᠣᠨᠣᠭ ᠤᠳᠠᠭᠠᠳ ᠬᠠᠲᠠᠭᠰᠠᠨ ᠶᠤᠮ᠃ ᠡᠨᠡ ᠪᠣᠯ ᠠᠷᠭ᠎ᠠ ᠦᠭᠡᠢ ᠰᠢᠨᠡᠬᠡᠨ ᠠᠪᠴᠤ ᠶᠠᠪᠤᠭ᠎ᠠ ᠲᠤᠯᠠ ᠡᠢᠮᠦ ᠵᠥᠭᠡᠯᠡᠨ ᠪᠠᠢᠳᠠᠭ ᠪᠣᠯᠠᠢ᠃ ᠡᠨᠡ ᠬᠣᠶᠠᠷ ᠦᠨᠡᠨ ᠳ᠋ᠡᠭᠡᠨ ᠶᠡᠬᠡ ᠲᠡᠭᠷᠢ ᠶ᠋ᠢᠨ ᠳᠦᠯᠡᠢ ᠪᠤᠰᠤ ᠭᠡᠪᠡ᠃ ᠭᠡᠲᠡᠯ᠎ᠡ ᠲᠡᠳᠡᠭᠡᠷ ᠬᠥᠮᠦᠰ ᠦ᠋ᠨ ᠲᠤᠲᠤᠷ᠎ᠠ᠎ ᠡᠴᠡ ᠲᠡᠢᠮᠦ ᠪᠣᠯ ᠡᠨᠡ ᠶᠠᠭᠤ ᠪᠣᠢ ᠭᠡᠵᠦ ᠠᠰᠠᠭᠤᠪᠠ᠃ ᠡᠨᠡ ᠪᠣᠯ ᠲᠠᠯᠬ᠎ᠠ ᠭᠡᠳᠡᠭ ᠶᠠᠭᠤᠮ᠎ᠠ ᠭᠡᠳ ᠳᠠᠬᠢᠨ ᠥᠪᠡᠷ ᠦ᠋ᠨ ᠪᠣᠭᠴᠣ ᠰᠠᠪᠠ ᠶ᠋ᠢ ᠵᠠᠳᠠᠯᠵᠤ ᠬᠡᠳᠦ ᠬᠡᠳᠦᠨ ᠪᠦᠬᠦᠯᠢ ᠶ᠋ᠢ ᠭᠠᠷᠭᠠᠭᠠᠳ᠄ 
       ᠵᠠ ᠪᠢ ᠮᠡᠬᠡᠯᠡᠬᠦ ᠪᠤᠰᠤ᠂ ᠡᠨᠡ ᠪᠣᠯ ᠪᠢᠳᠡ ᠨᠠᠷ ᠤ᠋ᠨ ᠢᠳᠡᠳᠡᠭ ᠲᠠᠯᠬ᠎ᠠ ᠪᠥᠭᠡᠳ ᠢᠩᠭᠢᠵᠦ ᠢᠩᠭᠢᠵᠦ ᠬᠢᠳᠡᠭ ᠶᠦᠮ ᠭᠡᠵᠡᠢ᠃ ᠴᠤᠭᠯᠠᠷᠠᠭᠰᠠᠨ ᠪᠦᠭᠦᠳᠡ ᠳ᠋ᠦ᠍ ᠦᠨᠡᠨ ᠤᠴᠢᠷ ᠢ᠋ ᠨᠢᠭᠡᠨ ᠵᠡᠷᠭᠡ ᠬᠡᠯᠡᠭᠡᠳ ᠪᠠᠰᠠ ᠲᠡᠷᠡ ᠬᠦ᠌ ᠳᠠᠯᠬ᠎ᠠ᠎  ᠡᠴᠡ ᠥᠪᠡᠷ ᠢ᠋ᠶ᠋ᠡᠨ ᠬᠡᠰᠡᠭ ᠢ᠋ ᠠᠪᠴᠤ ᠢᠳᠡᠭᠡᠳ ᠲᠡᠳᠡᠭᠡᠷ  ᠴᠤᠭᠯᠠᠷᠠᠭᠰᠠᠳ ᠲᠤ᠌ ᠲᠤᠰ ᠪᠦᠷᠢ ᠨᠢᠭᠡ ᠶ᠋ᠢ ᠥᠭᠭᠦᠭᠡᠳ᠄ 
       ᠵᠠ ᠳᠠ ᠪᠦᠬᠦᠳᠡ ᠡᠨᠡ ᠶᠡᠬᠡ ᠲᠡᠭᠷᠢ ᠶ᠋ᠢᠨ ᠳᠦᠯᠡᠢ ᠶ᠋ᠢᠨ ᠠᠮᠲᠠ ᠶ᠋ᠢ ᠢᠳᠡᠵᠦ ᠦᠵᠡ ᠭᠡᠬᠦ ᠳ᠋ᠦ᠍ ᠲᠡᠳᠡ ᠰᠣᠨᠢᠷᠬᠠᠨ ᠢᠳᠡᠵᠦ ᠦᠵᠡᠪᠡᠯ ᠦᠨᠡᠬᠡᠷ ᠢᠰᠬᠡᠭᠰᠡᠨ ᠭᠤᠯᠢᠷ ᠤ᠋ᠨ ᠠᠮᠲᠠ ᠲᠠᠢ ᠪᠠᠢᠪᠠ᠃ ᠭᠡᠨᠡᠳᠲᠡ ᠲᠡᠳᠡᠨ ᠦ᠌ ᠳᠤᠮᠳᠠ᠎ ᠡᠴᠡ ᠨᠢᠭᠡ ᠬᠥᠮᠦᠨ ᠪᠣᠰᠤᠨ ᠬᠠᠷᠠᠢᠵᠤ ᠥᠨᠳᠥᠷ ᠳᠠᠭᠤ ᠪᠠᠷ ᠬᠡᠯᠡᠭᠰᠡᠨ ᠨᠢ᠄ 
       ᠨᠥᠬᠥᠳ ᠠ᠋᠂ ᠡᠨᠡ ᠨᠢ ᠨᠡᠭᠡᠷᠡᠨ ᠢᠳᠡᠳᠡᠭ ᠶᠠᠭᠤᠮ᠎ᠠ ᠮᠥᠨ ᠪᠠᠢᠨ᠎ᠠ᠂ ᠭᠡᠲᠡᠯ᠎ᠡ ᠬᠠᠷᠭᠢᠰ ᠬᠡᠷᠴᠡᠭᠡᠢ ᠮᠠᠭᠤ ᠵᠣᠯᠢᠭ ᠬᠠᠯᠴᠠᠭᠠᠢ ᠭᠣᠨᠴᠣᠭ᠂ ᠲᠦᠩᠰᠢ ᠶ᠋ᠢᠨ ᠲᠦᠪᠳᠡᠨ ᠨᠠᠷ ᠡᠷᠳᠡᠨᠢ ᠭᠡᠵᠦ ᠡᠨᠡ ᠬᠠᠪᠢ ᠶ᠋ᠢ ᠮᠡᠬᠡᠯᠡᠵᠦ ᠣᠯᠠᠨ ᠲᠦᠮᠡᠨ ᠦ᠌ ᠮᠠᠯ  ᠬᠥᠷᠥᠩᠭᠡ ᠶᠢ ᠠᠰᠢᠭ᠍ᠯᠠᠭᠰᠠᠭᠠᠷ ᠣᠨ ᠤᠳᠠᠭᠰᠠᠨ ᠲᠤᠯᠠ ᠵᠦᠢ ᠨᠢ ᠲᠡᠭᠦᠨ ᠢ᠋ ᠬᠠᠤᠯᠢ ᠶ᠋ᠢᠨ ᠭᠠᠵᠠᠷ ᠰᠢᠯᠵᠢᠭᠦᠯᠵᠦ ᠰᠢᠢᠳᠬᠡᠭᠦᠯᠬᠦ ᠬᠡᠷᠡᠭᠲᠡᠢ ᠠᠮᠤᠢ᠃ ᠬᠡᠷᠬᠢᠪᠡᠴᠦ ᠵᠦᠭᠡᠷ ᠥᠩᠭᠡᠷᠡᠭᠦᠯᠬᠦ ᠦᠭᠡᠢ ᠭᠡᠵᠦ ᠬᠠᠰᠬᠢᠷᠪᠠ᠃ ᠪᠦᠭᠦᠳᠡ ᠲᠡᠭᠦᠨ ᠢ᠋ ᠰᠣᠨᠣᠰᠪᠠᠯ ᠶᠣᠰᠣᠨ ᠳ᠋ᠤ᠌ ᠨᠡᠢᠴᠡᠬᠦ ᠰᠠᠨᠠᠯ ᠮᠥᠨ ᠲᠤᠯᠠ ᠲᠤᠢᠯ ᠤ᠋ᠨ ᠬᠠᠲᠠᠭᠤ ᠪᠠᠷ ᠰᠢᠢᠳᠬᠡᠬᠦ ᠪᠠ ᠬᠥᠷᠥᠩᠭᠡ ᠶ᠋ᠢ ᠬᠤᠷᠢᠶᠠᠬᠤ ᠭᠡᠵᠦ ᠰᠠᠨᠠᠯ ᠭᠠᠷᠭᠠᠯᠴᠠᠵᠤ ᠮᠠᠰᠢ ᠳᠣᠭᠰᠢᠷᠠᠨ ᠪᠣᠰᠴᠠᠭᠠᠬᠤ ᠲᠥᠯᠥᠪ ᠪᠣᠯᠪᠠ᠃  ᠡᠨᠡ ᠬᠦ᠌ ᠪᠠᠢᠳᠠᠯ ᠢ᠋ ᠥᠨᠥ ᠲᠥᠯᠥᠭᠡᠯᠡᠭᠴᠢ ᠦᠵᠡᠭᠡᠳ᠄ 
       ᠪᠠᠢᠵᠠ᠂ ᠪᠠᠢᠵᠠ ᠂ ᠨᠥᠬᠥᠳ ᠠ᠋᠂ ᠡᠨᠡ ᠮᠤᠬᠤᠷ ᠰᠦᠰᠦᠭ ᠮᠤᠩᠬᠠᠭ ᠭᠡᠨᠡᠨ ᠢ᠋ᠶ᠋ᠡᠷ ᠮᠡᠬᠡᠯᠡᠭᠰᠡᠨ ᠶᠠᠯ᠎ᠠ ᠵᠢᠮᠡᠯᠡᠯ ᠦᠨᠡᠬᠡᠷ ᠬᠥᠨᠭᠭᠡᠨ ᠪᠤᠰᠤ ᠪᠣᠯᠪᠠᠴᠤ᠂ ᠪᠢ ᠦᠵᠡᠪᠡᠯ ᠤᠭ ᠠ᠋ᠴᠠ ᠰᠠᠨᠠᠭ᠎ᠠ ᠲᠠᠢ ᠪᠠᠷ ᠡᠭᠦᠰᠦᠭᠰᠡᠨ ᠬᠡᠷᠡᠭ ᠪᠤᠰᠤ ᠪᠣᠯᠤᠯᠲᠠᠢ᠃ ᠶᠠᠭᠤ ᠭᠡᠪᠡᠯ ᠵᠠᠮ ᠤ᠋ᠨ ᠬᠥᠮᠦᠰ ᠦ᠋ᠨ ᠭᠡᠭᠡᠭᠳᠡᠭᠦᠯᠦᠭᠰᠡᠨ ᠲᠠᠯᠬ᠎ᠠ ᠶ᠋ᠢ ᠠᠩᠬ᠎ᠠ ᠣᠯᠤᠭᠰᠠᠨ ᠲᠤᠯᠠ ᠲᠡᠭᠦᠨ ᠳ᠋ᠦ᠍ ᠨᠡᠷ᠎ᠡ ᠥᠭᠴᠦ ᠶᠠᠳᠠᠬᠤ ᠳ᠋ᠠᠭᠠᠨ ᠲᠡᠭᠷᠢ ᠶ᠋ᠢᠨ ᠳᠦᠯᠡᠢ ᠭᠡᠵᠦ ᠪᠠᠯᠠᠢᠷᠠᠵᠤ᠂ ᠲᠡᠷᠡ ᠨᠢ ᠶᠠᠪᠤᠨ ᠶᠠᠪᠤᠭᠰᠠᠭᠠᠷ ᠣᠯᠠᠨ ᠨᠡᠢᠲᠡ ᠡᠴᠡ ᠪᠢᠰᠢᠷᠡᠨ ᠦᠭᠦᠯᠡᠭᠳᠡᠬᠦ ᠡᠢᠮᠦ ᠳ᠋ᠦ᠍ ᠬᠦᠷᠭᠡᠭᠰᠡᠨ ᠬᠡᠷᠡᠭ ᠪᠠᠢᠨ᠎ᠠ᠃  ᠡᠭᠦᠨ ᠳ᠋ᠦ᠍ ᠬᠡᠨ ᠬᠡᠨ ᠦ᠌ ᠬᠢᠨᠠᠮᠠᠭᠠᠢ ᠦᠭᠡᠢ ᠣᠰᠣᠯ ᠲᠠᠰᠢᠶ᠎ᠠ ᠪᠥᠭᠡᠳ ᠦᠨᠳᠦᠰᠦᠨ ᠳ᠋ᠡᠭᠡᠨ ᠮᠠᠨ ᠤ᠋ ᠮᠣᠩᠭᠣᠯ ᠣᠯᠠᠨ ᠶᠠᠭᠤᠮ᠎ᠠ ᠶ᠋ᠢ ᠦᠵᠡᠭᠡ ᠦᠭᠡᠢ ᠰᠣᠨᠣᠰᠤᠭ᠎ᠠ ᠦᠭᠡᠢ ᠪᠦᠳᠦᠭᠦᠯᠢᠭ ᠪᠠᠭᠤᠷᠠᠢ ᠪᠠ ᠳᠠᠮ ᠤ᠋ᠨ ᠦᠭᠡ ᠵᠠᠪᠰᠠᠷ ᠤ᠋ᠨ ᠶᠠᠷᠢᠶᠠᠨ ᠳ᠋ᠤ᠌ ᠶᠠᠭᠠᠷᠠᠨ ᠠᠪᠲᠠᠭ᠎ᠠ ᠶ᠋ᠢᠨ ᠬᠠᠷᠠᠭ᠎ᠠ ᠮᠥᠨ ᠲᠤᠯᠠ ᠡᠭᠦᠨ ᠡᠴᠡ ᠠᠯᠢᠪᠠ ᠳ᠋ᠤ᠌ ᠶᠠᠭᠠᠷᠠᠨ ᠲᠥᠰᠦᠭᠡᠯᠡᠬᠦ ᠶ᠋ᠢ ᠪᠠᠢᠵᠤ᠂ ᠶᠠᠭᠤᠨ ᠤ᠋ ᠤᠷᠢᠳ ᠲᠡᠭᠦᠨ ᠦ᠌ ᠦᠨᠡᠨ ᠴᠢᠨᠠᠷ ᠢ᠋ ᠬᠢᠨᠠᠬᠤ᠂ ᠡᠢᠮᠦ ᠪᠣᠯ ᠡᠨᠡ ᠵᠦᠢᠯ ᠦ᠋ᠨ ᠡᠨᠳᠡᠭᠦᠷᠡᠯ ᠲᠠᠰᠢᠶᠠᠷᠠᠯ ᠤ᠋ᠨ ᠡᠪᠡᠳᠴᠢᠨ ᠠᠷᠢᠯᠵᠤ ᠪᠤᠷᠤᠭᠤ ᠵᠠᠮ ᠳ᠋ᠤ᠌ ᠣᠷᠣᠬᠤ ᠦᠭᠡᠢ ᠪᠣᠯᠬᠤ ᠶ᠋ᠢᠨ ᠰᠡᠳᠬᠢᠯ ᠨᠢ ᠡᠨᠡ ᠪᠣᠯᠤᠨ᠎ᠠ ᠭᠡᠬᠦ ᠳ᠋ᠦ᠍ ᠪᠦᠭᠦᠳᠡᠭᠡᠷ ᠲᠤᠢᠯ ᠤ᠋ᠨ ᠶᠡᠬᠡ ᠵᠥᠪᠰᠢᠶᠡᠷᠡᠵᠦ ᠪᠦᠭᠦᠳᠡᠭᠡᠷ ᠲᠠᠯᠬ᠎ᠠ ᠶ᠋ᠢᠨ ᠤᠴᠢᠷ ᠢ᠋ ᠣᠯᠵᠤ ᠪᠦᠷ ᠶᠡᠬᠡ ᠪᠡᠷ ᠢᠨᠢᠶᠡᠯᠴᠡᠨ ᠲᠠᠷᠬᠠᠵᠠᠢ᠃

– – – – 
①  ᠨᠢᠭᠡ ᠵᠦᠢᠯ ᠦᠨ ᠮᠥᠭᠥ

         ᠦᠰᠦᠭ  ᠠᠮᠢᠯᠠᠭᠤᠯᠤᠭᠰᠠᠨ ᠨᠢ᠄  ᠲᠡᠭᠷᠢ ᠡᠵᠢ᠂ ᠪᠠᠭᠠᠲᠤᠷ
           ᠬᠢᠨᠠᠭᠴᠢ᠄  ᠭᠠᠸᠠ