ᠠᠷᠠᠭ ᠤᠯᠠᠭᠠᠨ ᠬᠣᠩᠭᠣᠷ ᠳᠠᠯᠠᠨ ᠬᠠᠭᠠᠨ ᠲᠠᠢ ᠪᠠᠶ᠋ᠢᠷᠢ ᠪᠠᠷᠢᠯᠲᠤᠭᠰᠠᠨ ᠪᠦᠯᠦᠭ ᠠ᠋ᠴᠠ ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠠᠭ ᠤᠯᠠᠭᠠᠨ ᠬᠣᠩᠭᠣᠷ ᠳᠠᠯᠠᠨ ᠬᠠᠭᠠᠨ ᠲᠠᠢ ᠪᠠᠶ᠋ᠢᠷᠢ ᠪᠠᠷᠢᠯᠲᠤᠭᠰᠠᠨ ᠪᠦᠯᠦᠭ ᠠ᠋ᠴᠠ

ᠠᠷᠠᠭ ᠤᠯᠠᠭᠠᠨ ᠬᠣᠩᠭᠣᠷ ᠳᠠᠯᠠᠨ ᠬᠠᠭᠠᠨ ᠲᠠᠢ ᠪᠠᠶ᠋ᠢᠷᠢ ᠪᠠᠷᠢᠯᠲᠤᠭᠰᠠᠨ ᠪᠦᠯᠦᠭ ᠠ᠋ᠴᠠ

ᠠᠩᠭᠢᠯᠠᠯ:ᠲᠤᠤᠯᠢᠰ
2023-06-23

1199

ᠠᠷᠠᠭ ᠤᠯᠠᠭᠠᠨ ᠬᠣᠩᠭᠣᠷ ᠳᠠᠯᠠᠨ ᠬᠠᠭᠠᠨ ᠲᠠᠢ ᠪᠠᠶ᠋ᠢᠷᠢ ᠪᠠᠷᠢᠯᠲᠤᠭᠰᠠᠨ ᠪᠦᠯᠦᠭ ᠠ᠋ᠴᠠ

ᠰᠢᠨᠵᠢᠶᠠᠩ ᠤ᠋ᠨ ᠲᠠᠷᠪᠠᠭᠠᠲᠠᠢ ᠠᠶ᠋ᠢᠮᠠᠭ ᠤ᠋ᠨ ᠬᠤᠪᠤᠭᠰᠠᠶ᠋ᠢᠷᠢ ᠮᠣᠩᠭᠣᠯ ᠥᠪᠡᠷᠲᠡᠭᠡᠨ ᠵᠠᠰᠬᠠᠤ ᠰᠢᠶᠠᠨ ( ᠬᠤᠰᠢᠭᠤᠨ ) ᠤ᠋
ᠵᠠᠩᠭᠠᠷ ᠣᠷᠳᠣᠨ ᠤ᠋ ᠠᠯᠳᠠᠷᠲᠤ ᠵᠠᠩᠭᠠᠷᠴᠢ ᠳᠣᠷᠵᠢ ᠶ᠋ᠢᠨ ᠨᠢᠮ᠎ᠠ ᠬᠠᠶ᠋ᠢᠯᠠᠪᠠ 

ᠲᠤᠷᠪᠢ ᠬᠦᠷᠦᠭᠰᠡᠨ ᠰᠠᠢᠬᠠᠨ ᠵᠢᠷᠭᠠᠯ ᠲᠠᠢ  
ᠳᠦᠭᠦᠷᠡᠩ ᠰᠠᠢᠬᠠᠨ ᠠᠮᠤᠭᠤᠯᠠᠩ
ᠳᠠᠭᠤᠲᠠᠢ ᠬᠠᠭᠠᠨ ᠨᠣᠶᠠᠨ ᠵᠠᠩᠭᠠᠷ ᠤ᠋ᠨ ᠬᠢᠨ
ᠳᠣᠯᠣᠭᠠᠨ ᠲᠤᠩᠭᠠᠷᠠᠢ ᠭᠦᠢᠴᠡᠭᠰᠡᠭᠡᠷ 
ᠠᠷᠠᠵᠠ ᠰᠠᠭᠤᠷᠢ ᠶ᠋ᠢᠨ ᠨᠠᠶ᠋ᠢᠷᠠᠨ ᠳ᠋ᠤ᠌ ᠯᠠ 
ᠠᠮᠠᠨ ᠭᠦᠵᠡᠭᠡᠨ ᠬᠠᠯᠠᠭᠠᠳ
ᠠᠷᠪᠠᠨ ᠬᠣᠶᠠᠷ ᠪᠠᠭᠠᠲᠤᠷ ᠨᠢ
ᠠᠲᠠᠭ᠎ᠠ ᠮᠠᠷᠭᠤᠭ᠎ᠠ ᠪᠤᠯᠢᠶᠠᠯᠳᠤᠭᠠᠳ 
ᠰᠠᠭᠤᠵᠤ ᠪᠠᠶ᠋ᠢᠬᠰᠠᠨ ᠴᠠᠭ ᠲᠤ᠌ ᠭᠡᠨ᠎ᠡ ᠯᠡ  ᠶᠢ 
ᠡᠨᠡ ᠴᠠᠭ ᠲᠤ᠌ ᠪᠣᠯᠬᠤᠯ᠎ᠠ ᠭᠡᠨ᠎ᠡ ᠯᠡ ᠶᠢ 
ᠢᠷᠡᠭᠡᠳ ᠦᠭᠡᠢ ᠶᠡᠷᠡᠨ ᠶᠢᠰᠦᠨ ᠵᠢᠯ ᠊ᠢ 
ᠠᠶ᠋ᠢᠯᠠᠲᠤᠭᠠᠳ ᠮᠡᠳᠡᠭᠡᠳ ᠰᠠᠭᠤᠳᠠᠭ 
ᠥᠩᠭᠡᠷᠡᠭ᠍ᠰᠡᠨ ᠶᠡᠷᠡᠨ ᠶᠢᠰᠦᠨ ᠵᠢᠯ ᠊ᠢ 
ᠡᠷᠭᠢᠴᠡᠭᠦᠯᠦᠭᠡᠳ ᠮᠡᠳᠡᠳᠡᠭ 
ᠶᠡᠨᠳᠡᠷ ᠶᠠᠯᠠᠭ᠎ᠠ ᠴᠠᠭᠠᠨ ᠡᠪᠦᠭᠡᠨ ᠦ᠌ ᠯᠡ
ᠶᠡᠨᠳᠡᠷ ᠰᠢᠷ᠎ᠠ ᠬᠠᠶ᠋ᠢᠷᠴᠠᠭ ᠨᠢ
ᠵᠠᠷ ᠭᠠᠷᠴᠤ ᠭᠡᠨ᠎ᠡ ᠯᠡ ᠶᠢ 
ᠪᠠᠷᠠᠭᠤᠨ ᠬᠣᠶ᠋ᠢᠲᠤ ᠵᠦᠭ ᠲᠦ᠍ ᠪᠠᠶ᠋ᠢᠬᠰᠠᠨ 
ᠪᠠᠭᠠᠲᠤᠷ ᠤ᠋ᠨ ᠣᠷᠣᠨ ᠤ᠋ ᠬᠣᠩᠭᠣᠷ
ᠪᠣᠱᠣᠭᠣ ᠪᠠᠷ ᠨᠢ ᠪᠣᠰᠤᠭ᠎ᠠ ᠬᠠᠭᠠᠨ ᠭᠡᠨ᠎ᠡ ᠯᠡ ᠶᠢ 
ᠲᠤᠰᠠᠭᠤᠷᠢ ᠨᠢ ᠲᠣᠰᠤᠭ᠎ᠠ ᠬᠠᠭᠠᠨ ᠭᠡᠨ᠎ᠡ ᠯᠡ  ᠶᠢ 
ᠡᠨᠡ ᠬᠣᠶᠠᠷ ᠬᠠᠭᠠᠨ ᠨᠡᠶ᠋ᠢᠯᠡᠵᠦ ᠠᠪᠤᠭᠠᠳ
ᠬᠠᠮᠤᠭ ᠳᠡᠯᠡᠬᠡᠢ ᠶ᠋ᠢᠨ ᠶᠠᠭᠤᠮ᠎ᠠ ᠪᠦᠬᠦᠨ ᠊ᠢ ᠡᠵᠡᠯᠡᠨ ᠠᠪᠤᠭᠠᠳ
ᠲᠠᠬᠢᠯ ᠵᠤᠯᠠ ᠬᠠᠭᠠᠨ ᠤ᠋ ᠦᠯᠡᠳᠡᠯ 
ᠲᠠᠩᠰᠤᠭ ᠪᠤᠮᠪᠠ ᠬᠠᠭᠠᠨ ᠤ᠋ ᠠᠴᠢ
ᠥᠵᠥᠩ ᠠᠯᠳᠠᠷ ᠬᠠᠭᠠᠨ ᠤ᠋ ᠬᠥᠪᠡᠭᠦᠨ 
ᠦᠶ᠎ᠡ ᠶ᠋ᠢᠨ ᠥᠨᠥᠴᠢᠨ ᠵᠠᠩᠭᠠᠷ ᠤ᠋ᠨ 
ᠦᠨᠳᠦᠰᠦ ᠤᠭᠰᠠᠭ᠎ᠠ ᠶ᠋ᠢ ᠨᠢ ᠲᠠᠰᠤᠯᠠᠭᠠᠳ
ᠦᠨᠡᠰᠦᠨ ᠲᠣᠪᠷᠠᠭ ᠬᠢᠭᠡᠳ ᠬᠠᠶᠠᠨ᠎ᠠ ᠭᠡᠵᠦ ᠪᠠᠶ᠋ᠢᠨ᠎ᠠ ᠭᠡᠨ᠎ᠡ ᠯᠡ  ᠶᠢ 
ᠭᠡᠷ ᠯᠡ ᠨᠡᠪᠲᠡ ᠭᠡᠷᠡᠯ ᠲᠡᠢ᠂ ᠭᠡᠭᠡ ᠨᠡᠪᠲᠡ ᠲᠣᠯᠢ ᠲᠠᠢ 
ᠢᠳᠢ ᠲᠡᠢ ᠰᠢᠳᠢ ᠲᠡᠢ ᠲᠥᠷᠥᠭᠰᠡᠨ 
ᠠᠪᠠᠢ ᠭᠡᠷᠡᠯ ᠬᠠᠲᠤᠨ ᠊ᠢ ᠨᠢ
ᠠᠮᠢᠳᠤ ᠪᠠᠷ ᠨᠢ ᠪᠠᠷᠢᠵᠤ ᠯᠠ ᠠᠪᠴᠤ ᠢᠷᠡᠭᠡᠳ
ᠠᠶ᠋ᠢᠯ ᠬᠣᠭᠣᠷᠣᠨᠳᠣ ᠪᠠᠨ ᠵᠠᠷᠤᠴᠠ ᠬᠢᠭᠡᠳ
ᠠᠯᠠᠭᠠᠨ ᠳᠡᠭᠡᠷ᠎ᠡ ᠪᠡᠨ ᠤᠰᠤ ᠬᠢᠯᠭᠡᠨ᠎ᠡ ᠯᠡ
ᠭᠡᠵᠦ ᠪᠠᠶ᠋ᠢᠨ᠎ᠠ ᠭᠡᠨ᠎ᠡ ᠯᠡ ᠶᠢ 
ᠡᠨᠡ ᠴᠠᠭ ᠲᠤ᠌ ᠪᠣᠯᠬᠤᠯ᠎ᠠ ᠭᠡᠨ᠎ᠡ ᠯᠡ ᠶᠢ 
ᠣᠷᠴᠢᠯᠠᠩ ᠳ᠋ᠤ᠌ ᠬᠣᠪᠣᠷᠬᠠᠨ ᠪᠠᠭᠠᠲᠤᠷ ᠮᠤᠳ ( ᠦ᠋ᠳ ) ᠦ᠋ᠨ 
ᠠᠭᠤᠰᠬᠢ ᠵᠢᠷᠦᠬᠡ ᠨᠢ ᠴᠡᠴᠡᠷᠡᠭᠡᠳ
ᠤᠷᠤᠭᠤ ᠬᠠᠯᠠᠶ᠋ᠢᠭᠠᠳ ᠬᠣᠲᠣᠯᠵᠠᠭᠠᠳ
ᠦᠭᠡ ᠳᠠᠭᠤᠨ ᠲᠠᠰᠤᠷᠠᠭᠠᠳ ᠣᠳᠴᠤ ᠭᠡᠨ᠎ᠡ ᠯᠡ ᠶᠢ
ᠡᠨᠡ ᠴᠠᠭ ᠲᠤ᠌ ᠪᠣᠯᠬᠤᠯ᠎ᠠ ᠭᠡᠨ᠎ᠡ ᠯᠡ ᠶᠢ
ᠪᠥᠬᠡ ᠪᠥᠬᠡ ᠪᠥᠭᠡᠯᠲᠡᠢ 
ᠪᠥᠬᠡ ᠮᠥᠩᠭᠥᠨ ᠰᠢᠭᠰᠢᠷᠡᠭᠡ ᠶ᠋ᠢᠨ
ᠤᠤᠭᠠᠨ ᠭᠠᠨᠴᠠᠬᠠᠨ ᠬᠥᠪᠡᠭᠦᠨ
ᠠᠷᠰᠠᠯᠠᠩ ᠤ᠋ᠨ ᠠᠷᠠᠭ ᠤᠯᠠᠭᠠᠨ ᠬᠣᠩᠭᠣᠷ ᠤ᠋ᠨ 
ᠠᠷᠪᠠᠨ ᠴᠠᠭᠠᠨ ᠬᠤᠷᠤᠭᠤᠨ ᠭᠡᠳᠡᠭ ᠴᠢᠨᠢ
ᠠᠯᠢᠬᠠᠨ ( ᠠᠯᠠᠭᠠᠨ ) ᠲᠠᠯ᠎ᠠ ᠳ᠋ᠠᠭᠠᠨ ᠦᠢᠮᠡᠯᠳᠦᠭᠡᠳ 
ᠠᠷᠠᠭ᠎ᠠ ᠰᠣᠶᠣᠭ᠎ᠠ ᠭᠡᠳᠡᠭ ᠴᠢᠨᠢ
ᠠᠮᠠᠨ ᠳᠣᠲᠣᠷ᠎ᠠ ᠪᠠᠨ ᠬᠠᠷᠵᠢᠭᠢᠨᠠᠭᠠᠳ
ᠠᠪᠬᠤ ᠱᠣᠩᠬᠣᠷ ᠤ᠋ᠨ ᠨᠢᠳᠦᠨ ᠭᠠᠷᠤᠭᠠᠳ
ᠬᠡᠯᠡᠵᠦ ᠪᠠᠶ᠋ᠢᠨ᠎ᠠ ᠭᠡᠨ᠎ᠡ ᠯᠡ ᠶᠢ 
ᠪᠤᠮᠪᠠ ᠶ᠋ᠢᠨ ᠣᠷᠣᠨ ᠤ᠋ ᠲᠥᠯᠥᠭᠡ ᠪᠣᠯᠬᠤᠯ᠎ᠠ ᠯᠠ 
ᠠᠰᠬᠠᠷᠠᠭᠠᠳ ᠣᠳᠬᠤᠯ᠎ᠠ ᠯᠠ 
ᠠᠶ᠋ᠢᠬ᠋᠎ᠠ ᠴᠢᠰᠤᠨ ᠪᠡᠯᠡᠨ ᠬᠣᠩᠭᠣᠷ ᠡᠰᠡ ᠶᠣ᠌ 
ᠠᠭᠢᠷᠠᠭᠠᠳ ᠤᠳᠬᠤᠨ᠎ᠠ ᠶ᠋ᠢᠨ 
ᠨᠠᠢ᠍ᠮᠠᠨ ᠴᠢᠮᠥᠭᠡ ᠨᠢ ᠪᠡᠯᠡᠨ ᠬᠣᠩᠭᠣᠷ ᠡᠰᠡ ᠶᠣ᠌ 
ᠲᠣᠭᠣᠰ ᠠᠯᠲᠠᠢ ᠶ᠋ᠢᠨ ᠲᠥᠯᠥᠭᠡ ᠪᠣᠯᠬᠤᠯ᠎ᠠ ᠯᠠ 
ᠲᠣᠪᠴᠢ ᠶ᠋ᠢᠨ ᠴᠢᠨᠡᠭᠡᠨ ᠡᠨᠡ ᠬᠠᠷ᠎ᠠ ᠲᠣᠯᠣᠭᠠᠢ
ᠪᠡᠯᠡᠨ ᠬᠣᠩᠭᠣᠷ ᠡᠰᠡ ᠶᠣ᠌
ᠠᠯᠳᠠᠷ ᠨᠣᠶᠠᠨ ᠵᠠᠩᠭᠠᠷ ᠮᠢᠨᠢ
ᠠᠪᠠᠢ ᠭᠡᠷᠡᠯ ᠬᠠᠲᠤᠨ ᠮᠢᠨᠢ
ᠠᠷᠪᠠᠨ ᠬᠣᠶᠠᠷ ᠪᠠᠭᠠᠲᠤᠷ ᠮᠢᠨᠢ
ᠠᠪᠤ ᠡᠵᠢ ᠬᠣᠶᠠᠷ ᠮᠢᠨᠢ
ᠠᠯᠪᠠᠲᠤ ᠰᠠᠢᠬᠠᠨ ᠨᠤᠲᠤᠭ ᠮᠢᠨᠢ
ᠠᠮᠤᠢ ᠮᠡᠨᠳᠦ ᠰᠠᠭᠤᠵᠤ ᠪᠠᠶ᠋ᠢᠲᠤᠨ ᠬᠢᠭᠡᠳ
ᠤᠴᠤᠯ ᠬᠥᠬᠡ ᠬᠦᠯᠦᠭ ᠲᠡᠭᠡᠨ
ᠮᠣᠷᠳᠠᠭᠠᠳ ᠭᠠᠷᠴᠤ ᠭᠡᠨ᠎ᠡ ᠯᠡ ᠶᠢ ᠃

ᠲᠠᠢᠯᠪᠤᠷᠢ᠄
ᠠᠷᠰᠠᠯᠠᠩ--- ᠠᠷᠰᠯᠠᠨ

 
  ᠦᠰᠦᠭ ᠠᠮᠢᠯᠠᠭᠤᠯᠤᠭᠴᠢ᠄ ᠳ·ᠨᠠᠷᠠᠰᠤ 
  ᠦᠰᠦᠭ ᠬᠠᠳᠠᠭᠴᠢ᠄ ᠠᠵᠠᠵᠠᠶᠠᠭ᠎ᠠ
  ᠬᠢᠨᠠᠭᠴᠢ᠄ ᠳ·ᠨᠠᠷᠠᠰᠤ