ᠯᠠᠮᠠ ᠭᠤᠸᠠᠢ ᠶ᠋ᠢᠨ ᠨᠢᠯᠪᠣᠰᠤ - ᠳ᠋᠊ ᠂ ᠨᠠᠴᠤᠭᠳᠣᠷᠵᠢ Лам гуайн нулимс - Д ᠂ Нацагдорж
ᠯᠠᠮᠠ ᠭᠤᠸᠠᠢ ᠶ᠋ᠢᠨ ᠨᠢᠯᠪᠣᠰᠤ
( ᠬᠤᠱᠤᠩ ᠥᠭᠥᠯᠡᠯᠭᠡ )
ᠤᠷᠴᠢᠯᠠᠩᠲᠤ ᠶᠢᠷᠲᠢᠨᠴᠤ ᠶᠢ ᠬᠤᠭᠤᠰᠤᠨ ᠭᠡᠵᠤ ᠡᠭᠥᠷᠢᠳᠡ ᠪᠢᠰᠢᠯᠭᠠᠵᠤ᠂ ᠸᠢᠨᠠᠢ ( ᠰᠠᠬᠢᠯ ᠰᠠᠨᠸᠠᠷ ) ᠶ᠋ᠢᠨ ᠶᠤᠰᠤ ᠶᠢ ᠰᠠᠬᠢᠭᠰᠠᠨ ᠭᠡᠪᠰᠢ ᠯᠤᠳᠤᠨ ᠤᠯᠠᠭᠠᠨ ᠰᠢᠷ᠎ᠠ ᠶᠢ ᠲᠤᠨᠤᠭᠤᠯᠤᠭᠰᠠᠭᠠᠷ ᠭᠠᠨᠳᠠᠩ ᠤᠨ ᠨᠠᠭᠠᠯᠳᠤ ᠭᠦᠤᠷ ( ᠬᠦᠭᠦᠷᠭᠡ ) ᠤᠷᠤᠭᠤ ᠪᠠᠭᠤᠵᠤ ᠢᠷᠡᠮᠡᠭᠴᠡ ᠤᠷᠠᠨ ᠳᠠᠴᠢᠶᠠᠩᠭᠤᠢ ᠬᠤᠷᠴᠠ ᠢᠯᠲᠤ ᠶᠢ ᠪᠤᠯᠪᠠᠰᠤᠷᠠᠭᠤᠯᠬᠤ ᠶᠢᠨ ᠡᠷᠳᠡᠮ ᠢ ᠰᠤᠳᠤᠯᠤᠭᠰᠠᠨ ᠭᠡᠤᠭᠡᠨ ᠢᠤᠢ ᠪᠠᠢ ᠬᠤᠸᠠ ᠭᠡᠳᠡᠭ ᠴᠡᠷᠡᠯᠬᠡᠾᠡᠮ ᠴᠠᠭᠠᠨ᠂ ᠴᠡᠷᠡᠩᠯᠾᠡᠮ ᠭᠡᠳᠡᠭ ᠠᠷᠭ᠎ᠠ ᠲᠠᠢ ᠭᠡᠤᠭᠡᠨ ᠴᠠᠭᠠᠨ ᠬᠠᠷ᠎ᠠ ᠶᠢ ᠭᠢᠯᠪᠠᠯᠵᠠᠭᠤᠯᠤᠭᠰᠠᠭᠠᠷ ᠪᠠᠷᠠᠭᠤᠨ ᠳᠠᠮᠨᠠᠭᠤᠷᠴᠢᠨ ᠤ ᠰᠢᠪᠠᠷ ᠲᠠᠢ ᠭᠤᠳᠤᠮᠵᠢᠨ ᠠᠴᠠ ᠭᠠᠷᠴᠤ ᠢᠷᠡᠬᠥ ᠨᠢ ᠡᠰᠡᠷᠭᠥ ᠳᠤᠬᠢᠶᠠᠯᠳᠤᠪᠠ᠃
ᠢᠤᠢ ᠪᠠᠢ ᠬᠤᠸᠠ ᠶᠢᠨ ᠬᠠᠷ᠎ᠠ ᠲᠠᠮᠠᠬᠢ ᠳᠠᠰᠤᠷᠠᠭᠰᠠᠨ ᠤᠴᠢᠷ ᠨᠢᠭᠡᠨ ᠠᠯᠲᠠᠨ ᠪᠦᠯᠡᠵᠡᠭ ᠢ ᠪᠠᠷᠢᠭᠤᠯᠵᠤ᠂ ᠭᠡᠳᠦᠨ ᠶᠠᠩᠴᠢᠶᠠᠨ ᠤᠯᠵᠤ ᠬᠡᠷᠡᠭᠯᠡᠭᠥ ᠶᠢ ᠵᠤᠷᠢᠵᠤ ᠶᠠᠪᠤᠭᠰᠠᠨ ᠨᠢ ᠰᠠᠨᠠᠮᠰᠠᠷ ᠦᠭᠡᠢ ᠬᠡᠪᠰᠢ ᠯᠤᠳᠤᠨ ᠳᠤᠬᠢᠶᠠᠯᠳᠤᠬᠤ ᠶᠢ ᠦᠵᠡᠪᠡᠯ᠂ ᠲᠡᠷᠡ ᠦᠨᠡᠭᠡᠷ ᠦᠨ ᠨᠢᠭᠡ ᠳᠤᠮᠤᠬᠠᠨ ᠬᠤᠸᠠᠷᠠᠭ ᠰᠡᠳᠬᠢᠯ ᠵᠦᠭᠡᠯᠡᠨ᠂ ᠴᠢᠨᠠᠷ ᠬᠦᠩᠭᠡᠨ ᠪᠤᠯᠬᠤ ᠶᠢ ᠬᠡᠳᠥᠢᠢᠨ ᠦ ᠠᠵᠢᠭᠯᠠᠨ ᠲᠠᠨᠢᠭᠠᠳ᠂ ᠴᠠᠬᠢᠯᠭᠠᠨ ᠮᠡᠳᠦ ᠨᠢᠭᠡ ᠠᠷᠭ᠎ᠠ ᠶᠢ ᠤᠯᠵᠤ᠂ ᠯᠠᠮᠠ ᠶᠢᠨ ᠳᠡᠷᠭᠡᠲᠡ ᠵᠤᠭᠰᠤᠵᠤ᠂ ᠵᠤᠪᠠᠯᠠᠩᠳᠡᠢ ᠪᠦᠭᠡᠳ ᠪᠠᠬᠠᠷᠳᠠᠭᠰᠠᠨ ᠴᠢᠷᠠᠢ ᠭᠠᠷᠭᠠᠨ᠄
ᠯᠠᠮᠠ ᠭᠤᠸᠠᠢ ᠦᠷᠦᠰᠢᠶᠡ᠂ ᠥᠷᠥᠰᠢᠶᠡ ᠂ ᠮᠠᠨ ᠤ ᠭᠥᠭᠰᠢᠨ ᠡᠬᠡ ᠡᠪᠡᠳᠥᠭᠡᠳ᠂ ᠥᠬᠥᠬᠥ ᠶᠢ ᠬᠥᠯᠢᠶᠡᠵᠤ ᠪᠠᠶ᠋ᠢᠨ᠎ᠠ᠃ ᠭᠢᠴᠢᠶᠡᠵᠤ ᠮᠠᠨ ᠤ ᠳᠤ ᠮᠤᠷᠢᠯᠠᠵᠤ ᠨᠤᠮ ᠠᠶ᠋ᠢᠯᠠᠳᠴᠤ ᠬᠠᠶ᠋ᠢᠷᠠᠯᠠᠨ᠎ᠠ ᠤᠤ ? ᠭᠡᠰᠡᠨ ᠳᠦ ᠯᠠᠮᠠ ᠄
ᠵᠡᠭᠦᠨ ᠬᠥᠷᠢᠶᠡᠨ ᠳᠦ ᠬᠤᠷᠠᠯ ᠳᠤ ᠤᠴᠢᠵᠤ ᠶᠠᠪᠤᠨ᠎ᠠ᠃ ᠡᠨᠡ ᠤᠳᠠᠭ᠎ᠠ ᠠᠮᠵᠢᠬᠤ ᠥᠭᠡᠢ᠂ ᠦᠭᠡᠷ᠎ᠡ ᠨᠢᠭᠡ ᠯᠠᠮᠠ ᠶᠢ ᠵᠠᠯ᠎ᠠ ᠭᠡᠰᠡᠨ ᠪᠤᠯᠪᠠᠴᠤ ᠢᠤᠢ ᠪᠠᠢ ᠬᠤᠸᠠ ᠰᠠᠨᠳᠤᠷᠤᠭᠰᠠᠨ ᠪᠠᠶ᠋ᠢᠳᠠᠯ ᠢ ᠭᠠᠷᠭᠠᠵᠤ᠂ ᠳᠠᠬᠢᠨ ᠳᠠᠪᠲᠠᠨ ᠵᠤᠪᠠᠯᠠᠩᠲᠤ ᠥᠭᠡᠰ ᠢ ᠳᠤᠭᠠᠴᠢᠨ᠂ ᠡᠯᠳᠡᠪᠴᠢᠯᠠᠨ ᠭᠤᠶᠤᠬᠤ ᠳᠤ ᠠᠷᠭ᠎ᠠ ᠥᠭᠡᠢ ᠪᠤᠯᠵᠤ᠂ ᠪᠠᠰᠠ ᠴᠦ᠍ ᠪᠠᠴᠢᠮᠳᠠᠭᠰᠠᠨ ᠪᠠᠶ᠋ᠢᠳᠠᠯ ᠢ ᠥᠵᠡᠪᠡᠯ᠂ ᠪᠠᠷᠢᠴᠠ ᠶᠡᠬᠡᠬᠡᠨ ᠥᠭᠬᠥ ᠪᠢᠵᠡ ᠠ᠋ ᠭᠡᠵᠤ ᠰᠠᠨᠠᠵᠤ᠂ ᠨᠤᠮ ᠤᠩᠰᠢᠬᠤ ᠪᠠᠷ ᠭᠡᠤᠭᠡᠨ ᠢ ᠳᠠᠭᠠᠯᠳᠤᠨ ᠲᠡᠭᠥᠨ ᠦ ᠭᠡᠷ ᠦᠨ ᠵᠥᠭ ᠤᠳᠪᠠ᠃
ᠵᠤᠨ ᠤ᠋ ᠴᠠᠭ ᠲᠤ᠌ ᠪᠠᠷᠠᠭᠠᠳ ᠳᠠᠮᠨᠠᠭᠤᠷᠴᠢᠨ ᠤ᠋ ᠲᠠᠪᠤᠨ ᠭᠤᠳᠤᠮᠵᠢ ᠶ᠋ᠢᠨ ᠰᠢᠪᠡᠷ ᠦᠯᠡᠮᠵᠢ ᠂ ᠦᠨᠦᠷ ᠬᠠᠩᠬᠤᠯᠬᠤ ᠨᠢ ᠦᠨᠡᠬᠡᠷ ᠲᠦᠮᠡᠨ ᠪᠠᠭᠴᠠ ᠬᠦᠵᠢ ᠶ᠋ᠢ ᠰᠢᠲᠠᠭᠠᠪᠠᠴᠤ ᠦᠯᠦ ᠳᠠᠷᠤᠭᠳᠠᠮᠠᠷ ᠃ ᠭᠡᠪᠰᠢ ᠯᠣᠲᠣᠨ ᠠᠮᠠ ᠬᠠᠮᠠᠷ ᠢ᠋ ᠣᠷᠬᠢᠮᠵᠢ ᠪᠠᠷ ᠢ᠋ᠶ᠋ᠠᠨ ᠪᠥᠭᠯᠡᠨ ᠂ ᠬᠡᠦᠬᠡᠨ ᠦ᠌ ᠬᠣᠢᠨ᠎ᠠ ᠠ᠋ᠴᠠ ᠨᠡᠮᠡᠰ ᠨᠡᠮᠡᠰ ᠠᠯᠬᠤᠯᠠᠨ᠎ᠠ ᠃
ᠤᠳᠠᠯ ᠦᠭᠡᠢ ᠨᠢᠭᠡ ᠬᠤᠪᠠᠬᠠᠢ ᠴᠠᠭᠠᠨ ᠬᠠᠭᠠᠯᠭ᠎ᠠ ᠪᠠᠷ ᠣᠷᠣᠪᠠᠯ ᠭᠠᠩ ᠤ᠋ᠨ ᠠᠷᠠᠰᠤ ᠰᠢᠷᠢ ᠶ᠋ᠢᠨ ᠱᠣᠷᠪᠣᠭ ᠠᠭᠠᠷ ᠠᠮᠲᠠᠭᠳᠠᠵᠤ ᠂ ᠵᠤᠯᠤᠭᠰᠠᠨ ᠦᠰᠦ ᠨᠣᠣᠰᠣ ᠰᠠᠯᠬᠢᠨ ᠳ᠋ᠤ᠌ ᠬᠡᠢᠰᠦᠨ ᠳᠡᠪᠡᠯ ᠬᠤᠪᠴᠠᠰᠤᠨ ᠳ᠋ᠤ᠌ ᠨᠠᠭᠠᠯᠳᠤᠨ᠎ᠠ ᠃
ᠬᠣᠶᠠᠷ ᠨᠤᠷᠠᠭᠰᠠᠨ ᠰᠢᠪᠡᠷ ᠪᠠᠢᠰᠢᠩ ᠤ᠋ᠨ ᠨᠠᠷᠢᠬᠠᠨ ᠵᠠᠪᠰᠠᠷ ᠢ᠋ᠶ᠋ᠠᠷ ᠥᠩᠭᠡᠷᠡᠵᠦ ᠂ ᠪᠠᠷᠠᠭᠤᠨ ᠲᠠᠯ᠎ᠠ ᠳ᠋ᠤᠨᠢ ᠵᠡᠭᠦᠨ ᠳᠠᠢᠰᠢ ᠪᠠᠨ ᠬᠠᠷᠠᠭᠰᠠᠨ ᠨᠦᠬᠡ ᠰᠢᠭ ᠪᠠᠢᠰᠢᠩ ᠳ᠋ᠤ᠌ ᠣᠷᠣᠬᠤ ᠳ᠋ᠤ᠌ ᠬᠡᠦᠬᠡᠨ ᠯᠠᠮᠠ ᠶ᠋ᠢ ᠨᠢᠭᠡ ᠰᠠᠨᠳᠠᠯᠢ ᠳᠡᠭᠡᠷ᠎ᠡ ᠰᠠᠭᠤᠯᠭᠠᠭᠠᠳ ᠄ 《 ᠴᠠᠢ ᠠᠪᠴᠤ ᠢᠷᠡᠶ᠎ᠡ 》 ᠭᠡᠳ ᠭᠠᠷᠴᠤ ᠶᠠᠪᠤᠬᠤ ᠵᠠᠪᠰᠠᠷ ᠯᠠᠮᠠ ᠠᠵᠢᠭᠯᠠᠪᠠᠯ ᠂ ᠪᠠᠢᠰᠢᠩ ᠤ᠋ᠨ ᠡᠮᠦᠨ᠎ᠡ ᠡᠲᠡᠭᠡᠳ ᠲᠦ᠍ ᠨᠢᠭᠡ ᠲᠣᠮᠣ ᠣᠷᠣ ᠪᠠᠢᠨ᠎ᠠ ᠃ ᠬᠥᠨᠵᠢᠯᠡ ᠳᠡᠪᠢᠰᠬᠡᠷ ᠢ᠋ ᠴᠡᠮᠴᠡᠢᠲᠡᠯᠡ ᠬᠣᠷᠢᠶᠠᠨ ᠵᠠᠰᠠᠵᠤ᠂ ᠡᠷᠢᠶᠡᠨ ᠳᠠᠪᠤᠤ ᠪᠠᠷ ᠬᠤᠴᠢᠵᠠᠢ᠃ ᠬᠣᠢᠲᠤ ᠡᠲᠡᠭᠡᠳ ᠲᠦ ᠨᠢᠭᠡ ᠪᠠᠭ᠎ᠠ ᠳᠦᠷᠪᠡᠯᠵᠢᠨ ᠰᠢᠷᠡᠭᠡ ᠶ᠋ᠢ ᠴᠠᠭᠠᠨ ᠳᠠᠪᠤᠤ ᠪᠠᠷ ᠪᠦᠲᠡᠭᠡᠵᠦ᠂ ᠳᠡᠭᠡᠷ᠎ᠡ ᠨᠢ ᠲᠤᠮᠤ ᠴᠠᠭ ᠪᠠᠰᠠ ᠡᠯᠳᠡᠪ ᠦᠨ ᠵᠢᠷᠤᠭ ᠲᠠᠯᠪᠢᠵᠠᠢ᠃
ᠪᠠᠢᠰᠢᠩ ᠤᠨ ᠳᠡᠭᠡᠪᠦᠷ ᠨᠢ ᠮᠠᠰᠢ ᠪᠠᠯᠠᠳᠠᠭᠠᠷ᠂ ᠬᠡᠪᠰᠢ ᠯᠣᠲᠣᠨ ᠥᠨᠳᠡᠢᠪᠡᠯ ᠲᠤᠯᠤᠭᠠᠢ ᠨᠢ ᠪᠠᠷᠤᠭ ᠲᠤᠯᠤᠨ᠎ᠠ᠃ ᠨᠢᠭᠡ ᠪᠠᠭ᠎ᠠ ᠴᠤᠩᠬᠤ ᠶ᠋ᠢ ᠬᠣᠶᠠᠷ ᠪᠠᠭ᠎ᠠ ᠮᠣᠣᠳᠣᠣ ᠪᠡᠷ ᠪᠢᠲᠡᠭᠦᠯᠡᠨ ᠨᠠᠭᠠᠵᠤ᠂ ᠤᠯᠠᠭᠠᠨ ᠴᠠᠭᠠᠰᠤ ᠪᠠᠷ ᠤᠭᠠᠯᠵᠠᠯᠠᠨ ᠴᠢᠮᠡᠵᠡᠢ᠃ ᠪᠠᠢᠰᠢᠩ ᠲᠣᠲᠣᠷ᠎ᠠ ᠡᠳᠦᠷ ᠪᠠᠢᠲᠠᠯ᠎ᠠ ᠪᠦᠷᠦᠢ ᠪᠠᠷᠤᠢ ᠪᠠᠢᠳᠠᠯ ᠢ ᠲᠥᠷᠥᠭᠦᠯᠦᠨ᠎ᠡ ᠃ ᠴᠣᠩᠬᠣᠨ ᠪᠤᠯᠤᠩ ᠳ᠋ᠤ᠌ ᠨᠢᠭᠡ ᠪᠢᠴᠢᠬᠠᠨ ᠨᠦᠬᠡ ᠶ᠋ᠢ ᠭᠠᠷᠭᠠᠭᠰᠠᠨ ᠨᠢ ᠪᠣᠳᠣᠪᠠᠯ ᠣᠷᠣᠵᠤ ᠭᠠᠷᠬᠤ ᠬᠥᠮᠦᠰ ᠢ᠋ ᠠᠵᠢᠭᠯᠠᠳᠠᠭ ᠪᠣᠯᠤᠯᠲᠠᠢ᠃
ᠤᠳᠠᠯ ᠦᠭᠡᠢ ᠬᠡᠦᠬᠡᠨ ᠣᠷᠣᠵᠣ ᠢᠷᠡᠭᠡᠳ ᠨᠢᠭᠡ ᠠᠶᠠᠭ᠎ᠠ ᠴᠠᠢ ᠥᠭᠭᠦᠭᠰᠡᠨ ᠦ ᠳᠠᠷᠠᠭ᠎ᠠ:
ᠠᠴᠢᠲᠤ ᠯᠠᠮᠠ ᠮᠢᠨᠢ ᠠᠪᠤᠷᠠᠯ ᠳ᠋ᠠᠭᠠᠨ ᠲᠣᠯᠢᠳᠠᠵᠤ ᠮᠢᠨᠦ ᠡᠬᠡ ᠶ᠋ᠢ ᠡᠳᠡᠭᠡᠭᠡᠨ ᠰᠤᠶᠤᠷᠬ᠎ᠠ ᠭᠡᠵᠦ ᠭᠤᠶᠤᠨ᠎ᠠ᠃ ᠯᠠᠮᠠ ᠬᠡᠦᠬᠡᠨ ᠦ ᠵᠦᠭ ᠠᠵᠢᠭ᠍ᠯᠠᠪᠠᠯ᠂ ᠭᠠᠳᠠᠨ᠎ᠠ ᠨᠠᠷᠠᠨ ᠤ ᠭᠡᠷᠡᠯ ᠳᠦ ᠲᠡᠭᠦᠨ ᠦ ᠴᠢᠷᠠᠢ ᠬᠤᠪᠠᠬᠠᠢ ᠴᠠᠢᠷᠠᠵᠤ ᠥᠩᠭᠡ ᠦᠭᠡᠢ ᠦᠵᠡᠭᠳᠡᠵᠦ ᠪᠠᠢᠭ᠍ᠰᠠᠨ ᠨᠢ ᠬᠠᠷᠢᠨ ᠪᠠᠢᠰᠢᠩ ᠤᠨ ᠲᠣᠲᠣᠷ᠎ᠠ ᠣᠷᠣᠵᠣ᠌ ᠢᠷᠡᠭᠡᠳ ᠬᠣᠶᠠᠷ ᠬᠠᠴᠠᠷ ᠨᠢ ᠤᠯᠠᠭᠠᠨ ᠢ᠋ᠶ᠋ᠠᠷ ᠬᠡᠷᠡᠯᠳᠦᠵᠦ᠂ ᠥᠷᠯᠦᠭᠡᠬᠦᠷ ᠵᠠᠯᠪᠢᠷᠠᠳᠠᠭ ᠴᠠᠭᠠᠨ ᠳ᠋ᠠᠷ᠎ᠠ ᠡᠬᠡ ᠶ᠋ᠢᠨ ᠬᠦᠷᠦᠭ ᠦᠨ ᠠᠳᠠᠯᠢ ᠦᠵᠡᠰᠭᠦᠯᠡᠩ ᠲᠠᠢ ᠭᠡᠷᠡᠯᠲᠦᠬᠦ ᠳᠦ ᠯᠠᠮᠠ ᠶ᠋ᠢᠨ ᠰᠡᠳᠬᠢᠯ ᠦᠨ ᠲᠣᠲᠣᠷ᠎ᠠ ᠶᠢᠷᠲᠢᠨᠴᠦ ᠶ᠋ᠢᠨ ᠮᠠᠨᠠᠨ ᠪᠢᠴᠢᠬᠠᠨ ᠫᠣᠷ ᠫᠣᠷ ᠢᠶᠠᠷ ᠡᠭᠦᠰᠬᠦ ᠪᠦᠭᠡᠳ ᠶᠡᠬᠡ ᠯᠠ ᠡᠶᠡᠯᠳᠡᠭ ᠵᠠᠩ ᠲᠠᠢ ᠪᠡᠷ ᠄ 《 ᠵᠠ ᠪᠦᠰᠡᠭᠦᠢ ᠠ᠋ ᠂ ᠡᠵᠢ ᠴᠢᠨᠢ ᠬᠠᠮᠢᠭ᠎ᠠ ᠪᠠᠢᠨ᠎ᠠ ᠪᠣᠢ? 》 ᠭᠡᠵᠦ ᠠᠰᠠᠭᠤᠪᠠᠯ ᠂ ᠬᠡᠦᠬᠡᠨ ᠡᠨᠡ ᠵᠠᠪᠰᠠᠷ ᠡᠬᠡ ᠪᠡᠨ ᠨᠢᠭᠡᠨᠲᠡ ᠬᠠᠭᠤᠷᠮᠠᠭ ᠢ᠋ᠶ᠋ᠠᠷ ᠡᠪᠡᠤᠠᠴᠢᠯᠡᠭᠦᠯᠦᠨ ᠬᠡᠪᠲᠡᠭᠦᠯᠦᠭᠰᠡᠨ ᠲᠤᠯᠠ《 ᠡᠨᠳᠡ ᠪᠠᠶ᠋ᠢᠬ᠋᠎ᠠ》 ᠭᠡᠵᠦ ᠯᠠᠮᠠ ᠶ᠋ᠢ ᠳᠠᠭᠠᠭᠤᠯᠤᠨ ᠨᠥᠬᠥᠭᠡ ᠳᠠᠰᠤᠯᠭᠠᠨ ᠳ᠋ᠤ᠌ ᠣᠷᠣᠭᠤᠯᠪᠠ᠃ ᠨᠠᠰᠤᠲᠠᠢ ᠨᠢᠭᠡ ᠬᠦᠭᠰᠢᠨ ᠬᠥᠨᠵᠢᠯᠡ ᠪᠡᠷ ᠬᠤᠴᠢᠭᠠᠰᠤᠲᠠᠢ ᠬᠡᠪᠲᠡᠵᠦ ᠪᠠᠶ᠋ᠢᠨ᠎ᠠ᠃ ᠬᠣᠶ᠋ᠢᠮᠣᠷ ᠨᠢ ᠰᠢᠷᠣᠢ ᠲᠣᠭᠣᠰᠣᠨ ᠳ᠋ᠤ᠌ ᠳᠠᠷᠤᠭᠲᠠᠭᠰᠠᠨ ᠪᠢᠴᠢᠬᠠᠨ ᠭᠦᠩᠭᠠᠷᠠᠪᠠ ᠲᠠᠢ ᠪᠤᠷᠬᠠᠨ ᠦᠵᠡᠭᠳᠡᠨ᠎ᠡ᠃ ᠡᠮᠦᠨ᠎ᠡ ᠨᠢ ᠬᠢᠲᠠᠳ ᠶᠠᠩᠵᠤ ᠪᠠᠷ ᠬᠣᠶᠠᠷ ᠤᠯᠠᠭᠠᠨ ᠯᠠ ᠬᠠᠤᠠᠬᠠᠨ ᠲᠠᠯᠪᠢᠵᠠᠢ᠃ ᠲᠡᠭᠦᠨ ᠡᠴᠡ ᠯᠠᠮᠠ ᠭᠤᠸᠠᠢ ᠨᠣᠮ ᠤᠩᠰᠢᠵᠤ᠂ ᠵᠠᠯᠪᠠᠷᠢᠯ ᠳᠠᠭᠠᠤᠠᠬᠠᠯ ᠬᠢᠭᠰᠡᠨ ᠊ᠢ ᠥᠭᠦᠯᠡᠬᠦ ᠶᠠᠭᠤᠨ᠃ ᠨᠣᠮ ᠤᠩᠰᠢᠵᠤ ᠰᠠᠶᠢ ᠪᠠᠷᠠᠪᠠᠯ ᠨᠢᠭᠡᠨᠲᠡ ᠰᠥᠨᠢ ᠣᠷᠣᠢ ᠪᠣᠯᠵᠠᠢ᠃ ᠡᠬᠡ ᠨᠡᠯᠢᠶᠡᠳ ᠰᠡᠷᠭᠦᠭᠰᠡᠨ ᠪᠠᠶ᠋ᠢᠲᠠᠯ ᠲᠠᠢ᠂ ᠯᠠᠮᠠ ᠶ᠋ᠢᠨ ᠠᠪᠤᠷᠠᠯ ᠭᠡᠵᠦ ᠵᠠᠯᠪᠠᠷᠢᠨ᠎ᠠ᠃ ᠬᠡᠦᠬᠡᠨ ᠨᠢᠭᠡ ᠠᠲᠠᠯᠢ ᠯᠠᠮᠠ ᠳ᠋ᠤ᠌ ᠰᠦᠰᠦᠭ ᠲᠥᠷᠥᠭᠰᠡᠨ ᠪᠠᠶ᠋ᠢᠲᠠᠯ ᠊ᠢ ᠭᠠᠷᠭᠠᠨ᠎ᠠ᠃ ᠬᠠᠵᠠᠭᠤ ᠪᠠᠷ ᠨᠢ ᠦᠭᠡ ᠬᠡᠯᠡᠬᠦ ᠪᠠ ᠢᠨᠢᠶᠡᠨ ᠠᠭᠠᠰᠢᠯᠠᠬᠤ ᠨᠢ ᠶᠡᠬᠡ ᠯᠡ ᠪᠠᠬᠠᠲᠠᠢ᠃ ᠬᠣᠶᠠᠷ ᠬᠠᠷ᠎ᠠ ᠨᠢᠳᠦ ᠪᠡᠨ ᠵᠢᠷᠪᠢᠭᠢᠨᠡᠭᠦᠯᠦᠨ ᠡᠷᠭᠢᠯᠲᠤᠭᠦᠯᠭᠦ ᠪᠦᠷᠢ ᠯᠤᠲᠤᠨ ᠪ ᠰᠡᠤᠠᠬᠢᠯ ᠳ᠋ᠤ᠌ ᠪᠢᠴᠢᠬᠠᠨ ᠰᠢᠷᠦᠭᠦᠨ ᠭᠠᠯ ᠨᠣᠴᠣᠨ ᠠᠯᠲᠠᠨᠠ᠃ ᠬᠡᠦᠬᠡᠨ ᠡᠨᠡ ᠪᠠᠶ᠋ᠢᠲᠠᠯ ᠊ᠢ ᠮᠡᠲᠡᠭᠡᠳ᠄
ᠯᠠᠮᠠ ᠭᠤᠸᠠᠢ ᠣᠳᠣ ᠣᠷᠣᠢ ᠪᠣᠯᠤᠭᠰᠠᠨ ᠲᠤᠯᠠ᠂ ᠮᠠᠨ ᠤ ᠳ᠋ᠤ᠌ ᠬᠣᠭᠣᠯᠠ ᠵᠣᠭᠣᠭᠯᠠᠭᠠᠳ ᠮᠣᠷᠢᠯᠠᠨ᠎ᠠ ᠤᠤ? ᠭᠡᠰᠡᠨ ᠳ᠋ᠦ᠍ ᠯᠠᠮᠠ ᠨᠢᠭᠡᠲᠦᠭᠡᠷ ᠲᠦ᠍ ᠪᠢᠴᠢᠬᠠᠨ ᠶᠠᠲᠠᠷᠠᠭᠰᠠᠨ ᠪᠠ ᠬᠣᠶᠠᠲᠤᠭᠠᠷ ᠲᠤ᠌ ᠨᠣᠮ ᠤᠩᠰᠢᠭᠰᠠᠨ ᠤ ᠬᠣᠶ᠋ᠢᠨ᠎ᠠ ᠬᠣᠭᠣᠯᠠ ᠢᠲᠡᠭᠡᠳ ᠶᠠᠪᠤᠲᠠᠭ ᠨᠢ ᠯᠠᠮᠠ ᠨᠠᠷ ᠤ᠋ᠨ ᠲᠣᠭᠲᠠᠭᠠᠭᠰᠠᠨ ᠵᠠᠩᠰᠢᠯ ᠲᠤᠯᠠ ᠲᠡᠲᠦᠢ ᠵᠥᠪᠰᠢᠶᠡᠷᠡᠵᠦ ᠨᠥᠭᠥᠭᠡ ᠪᠠᠶ᠋ᠢᠰᠢᠩ ᠳ᠋ᠤ᠌ ᠬᠡᠦᠬᠡᠨ ᠊ᠢ ᠳᠠᠭᠠᠯᠲᠤᠨ ᠣᠷᠣᠪᠠ᠃
ᠬᠡᠦᠬᠡᠨ ᠲᠣᠭᠣᠭᠠᠴᠢ ᠪᠠᠨ ᠳᠠᠭᠤᠲᠠᠨ ᠬᠣᠭᠣᠯᠠ ᠪᠡᠯᠡᠤᠠᠬᠡᠭᠦᠯᠵᠦ ᠯᠠᠮᠠ ᠶ᠋ᠢ ᠵᠣᠴᠢᠯᠠᠭᠰᠠᠨ ᠠ᠋ᠴᠠ ᠭᠠᠲᠠᠨ᠎ᠠ᠂ ᠡᠨᠡ ᠦᠶ᠎ᠡ ᠳ᠋ᠦ᠍ ᠬᠡᠦᠬᠡᠨ ᠤ ᠡᠲᠦᠬᠦ ᠨᠢ ᠤᠯᠠᠮ ᠢᠯᠡᠭᠦᠦ ᠪᠣᠯᠵᠤ ᠰᠢᠲᠠᠷᠯᠠᠬᠤ( ᠳᠣᠲᠣᠨᠣ ᠪᠣᠯᠬᠤ) ᠨᠢ ᠨᠡᠩ ᠨᠡᠩ ᠣᠶ᠋ᠢᠷ᠎ᠠ ᠲᠤᠯᠪᠠ᠃
ᠡᠶ᠋ᠢᠨ ᠲᠡᠶ᠋ᠢᠨ ᠶᠠᠷᠢᠯᠴᠠᠭᠰᠠᠭᠠᠷ ᠯᠠᠮᠠ ᠶ᠋ᠢᠨ ᠶᠢᠷᠲᠢᠨᠴᠦ ᠶ᠋ᠢ ᠰᠠᠶ᠋ᠢᠰᠢᠶᠠᠬᠤ ᠰᠡᠤᠠᠬᠢᠯ ᠨᠢ ᠤᠯᠠᠮ ᠨᠡᠮᠡᠭᠳᠡᠵᠦ᠂ ᠨᠢᠭᠡ ᠦᠲᠡᠰᠢ ᠶ᠋ᠢᠨ ᠵᠠᠭᠤᠷ᠎ᠠ ᠲᠤᠷᠠᠩᠬᠠᠢ ᠶ᠋ᠢᠨ ᠠᠶ᠋ᠢᠮᠠᠭ ᠳᠠᠬᠢ ᠳᠥᠷᠪᠡᠨ ᠬᠠᠨ᠎ᠠ ᠲᠠᠢ ᠭᠡᠷ ᠪᠠ ᠬᠡᠲᠦᠨ ᠭᠦᠩᠭᠠᠷᠠᠪᠠ ᠲᠠᠢ ᠪᠤᠷᠬᠠᠨ ᠢ᠋ᠶ᠋ᠠᠨ ᠮᠠᠷᠲᠠᠵᠠᠢ᠃ ᠲᠡᠭᠦᠨ ᠡᠴᠡ ᠬᠡᠦᠬᠡᠨ᠄《 ᠲᠠᠨ ᠊ᠢ ᠬᠦᠷᠭᠡᠵᠦ ᠥᠭᠬᠦ ᠤᠨᠤᠯᠭ᠎ᠠ ᠦᠭᠡᠢ ᠡᠴᠡ ᠭᠠᠲᠠᠨ᠎ᠠ᠂ ᠪᠠᠰᠠ ᠪᠣᠷᠣᠭᠠᠨ ᠣᠷᠣᠵᠤ ᠪᠠᠶ᠋ᠢᠬᠤ ᠲᠤᠯᠠ ᠡᠨᠡ ᠰᠥᠨᠢ ᠡᠨᠳᠡ ᠮᠣᠷᠢᠯᠠᠨ ᠬᠣᠨᠣᠭᠠᠳ ᠮᠠᠷᠭᠠᠰᠢ ᠬᠠᠷᠢᠪᠠᠯ ᠰᠠᠢᠨ ᠪᠢᠰᠢ ᠦᠦ》 ᠭᠡᠰᠡᠨ ᠳ᠋ᠦ᠍ ᠯᠠᠮᠠ ᠬᠣᠶ᠋ᠢᠰᠢ ᠨᠢᠭᠡᠨᠲᠡ ᠵᠣᠪᠠᠭᠰᠠᠨ ᠦᠨᠡᠬᠡᠷ ᠣᠷᠣᠢ ᠪᠣᠯᠵᠤ ᠪᠣᠷᠣᠭᠠᠨ ᠣᠷᠣᠵᠤ ᠪᠠᠶ᠋ᠢᠬ᠋᠎ᠠ ᠪᠠ ᠮᠥᠨ ᠴᠦ᠍ ᠡᠨᠳᠡ ᠪᠠᠬᠠᠨ ᠵᠤᠭ᠎ᠠ ᠲᠠᠢ ᠪᠣᠯᠬᠤ ᠲᠤᠯᠠ᠂ ᠡᠨᠡ ᠰᠥᠨᠢ ᠳᠣᠣᠷ᠎ᠠ ᠪᠠᠨ ᠬᠣᠨᠣᠬᠤ ᠶ᠋ᠢ ᠨᠢᠭᠡᠨᠲᠡ ᠰᠢᠢᠤᠠᠪᠤᠷᠢᠯᠡᠪᠡ᠃ ᠬᠡᠦᠬᠡᠨ ᠪᠡᠶᠡᠰᠴᠦ ᠳᠡᠷᠡ ᠳᠡᠪᠢᠰᠬᠡᠷ ᠊ᠢ ᠵᠠᠰᠠᠪᠠ᠃
ᠲᠤᠰ ᠲᠤᠰ ᠤ᠋ᠨ ᠣᠷᠣ ᠳᠡᠪᠢᠰᠬᠡᠷ ᠳᠡᠭᠡᠷ᠎ᠡ ᠪᠡᠨ ᠤᠨᠲᠠᠭᠰᠠᠨ ᠤ ᠬᠣᠶ᠋ᠢᠨ᠎ᠠ ᠮᠡᠲᠡᠭᠡᠵᠢ ᠶ᠋ᠢᠨ ᠬᠡᠷᠡᠭ᠂ ᠬᠡᠦᠬᠡᠨ ᠬᠠᠶᠠ ᠬᠠᠶᠠ ᠵᠥᠭᠡᠯᠡᠨ ᠬᠠᠨᠢᠶᠠᠵᠤ᠂ ᠯᠠᠮᠠ ᠶ᠋ᠢᠨ ᠨᠣᠶ᠋ᠢᠷ ᠦᠯᠦ ᠬᠦᠷᠦᠨ᠎ᠡ᠃ ᠯᠠᠮᠠ ᠬᠡᠲᠦᠶ᠋ᠢᠪᠡᠷ ᠬᠡᠦᠬᠡᠨ ᠳ᠋ᠦ᠍ ᠬᠠᠯᠲᠠᠬᠤ ᠶ᠋ᠢ ᠬᠦᠰᠡᠪᠡᠴᠦ ᠤᠭ ᠨᠢ ᠡᠬᠡᠨᠡᠷ ᠬᠡᠦᠬᠡᠨ ᠲᠡᠢ ᠲᠡᠲᠦᠢ ᠯᠡ ᠶᠡᠬᠡᠳᠡ ᠬᠣᠯᠢᠴᠠᠯᠲᠤᠵᠤ ᠶᠠᠪᠤᠭ᠎ᠠ ᠦᠭᠡᠢ ᠪᠣᠯᠬᠣᠷ ᠪᠠᠬᠠᠨ ᠬᠠᠯᠠᠰᠢᠷᠠᠨ᠎ᠠ᠃ ᠯᠠᠮᠠ ᠲᠡᠰᠴᠦ ᠶᠠᠲᠠᠬᠤ ᠳ᠋ᠠᠭᠠᠨ ᠰᠢᠭᠡᠨ᠎ᠡ ᠭᠡᠵᠦ ᠰᠢᠯᠲᠠᠭᠯᠠᠨ ᠪᠣᠰᠴᠤ ᠡᠷᠭᠢᠵᠦ ᠢᠷᠡᠬᠦ ᠳ᠋ᠡᠭᠡᠨ ᠬᠡᠦᠬᠡᠨ ᠤ ᠡᠪᠦᠷ ᠣᠷᠣᠶ᠎ᠠ ᠭᠡᠵᠦ ᠰᠡᠤᠠᠬᠢᠵᠦ᠂ ᠭᠠᠲᠠᠨ᠎ᠠ ᠭᠠᠷᠴᠤ ᠶᠠᠪᠤᠪᠠ᠃ ᠤᠲᠠᠯ ᠦᠭᠡᠢ ᠡᠷᠭᠢᠵᠦ ᠢᠷᠡᠭᠡᠳ ᠭᠠᠲᠠᠨ᠎ᠠ ᠴᠢᠩᠨᠠᠪᠠᠯ ᠴᠢᠪ ᠴᠢᠮᠡᠭᠡ ᠦᠭᠡᠢ ᠬᠠᠭᠠᠯᠭ᠎ᠠ ᠶ᠋ᠢ ᠲᠠᠲᠠᠪᠠᠯ᠄ ᠯᠠᠮᠠ ᠭᠤᠸᠠᠢ ᠪᠢᠴᠢᠬᠠᠨ ᠪᠠᠶ᠋ᠢᠵᠠᠨᠠᠭᠠᠷᠠᠢ ᠭᠡᠵᠦ ᠬᠡᠦᠬᠡᠨ ᠳᠠᠭᠤ ᠠᠯᠲᠠᠬᠤ ᠳ᠋ᠤ᠌ ᠯᠠᠮᠠ ᠶᠠᠭᠤ ᠪᠣᠯᠬᠤ ᠶ᠋ᠢ ᠬᠦᠯᠢᠴᠡᠵᠦ ᠶᠠᠲᠠᠨ᠂ ᠲᠣᠯᠢᠶᠡᠪᠤᠷᠢ ᠬᠤᠷᠤᠭᠤ ᠪᠠᠨ ᠨᠤᠷᠠᠭᠠᠵᠤ᠂ ᠪᠠᠶ᠋ᠢᠰᠢᠩ ᠤ᠋ᠨ ᠴᠠᠭᠠᠰᠤᠨ ᠴᠣᠩᠬᠣ ᠶ᠋ᠢ ᠴᠤᠭᠤᠯᠤᠭᠠᠳ ᠮᠥᠨ ᠯᠡ ᠪᠢᠴᠢᠬᠠᠨ ᠨᠦᠬᠡ ᠪᠡᠷ ᠠᠵᠢᠭᠯᠠᠪᠠᠯ᠂ ᠬᠡᠦᠬᠡᠨ ᠬᠥᠨᠵᠢᠯᠡ ᠳᠡᠭᠡᠷ᠎ᠡ ᠪᠡᠨ ᠳᠣᠲᠣᠭᠤᠷ ᠬᠤᠪᠴᠠᠰᠤ ᠪᠠᠨ ᠲᠠᠶ᠋ᠢᠯᠵᠤ ᠪᠠᠶ᠋ᠢᠬᠤ ᠨᠢ ᠳ᠋ᠧᠩ ᠦ᠋ᠨ ᠭᠡᠷᠡᠯ ᠳ᠋ᠦ᠍ ᠦᠨᠡᠬᠡᠷ ᠦᠵᠡᠰᠬᠦᠯᠡᠩᠲᠡᠢ ᠦᠵᠡᠭᠳᠡᠵᠦ᠂ ᠰᠡᠤᠠᠬᠢᠯ ᠊ᠢ ᠬᠥᠲᠡᠯᠭᠡᠬᠦ ᠳ᠋ᠦ᠍ ᠯᠠᠮᠠ ᠶ᠋ᠢᠨ ᠬᠣᠭᠣᠰᠣᠨ ᠴᠢᠨᠠᠷ ᠤ᠋ᠨ ᠪᠣᠲᠣᠯᠬ᠋ᠠ ᠬᠡᠲᠤᠶ᠋ᠢᠨ ᠤ ᠨᠥᠭᠥᠭᠡ ᠶᠢᠷᠲᠢᠨᠴᠦ ᠳ᠋ᠦ᠍ ᠰᠢᠯᠵᠢᠵᠦ ᠸᠢᠨᠠᠢ ᠶ᠋ᠢᠨ ᠶᠣᠰᠣ ᠨᠢᠭᠡᠨᠲᠡ ᠪᠠᠷᠠᠭᠤᠨ ᠵᠣᠣ ᠳ᠋ᠤ᠌ ᠣᠲᠤᠭᠠᠳ ᠲᠠᠴᠢᠶᠠᠩᠭᠤᠢ ᠶ᠋ᠢᠨ ᠳᠦᠷᠡᠯᠵᠡ ᠪᠠᠲᠠᠷᠠᠬᠤ ᠳ᠋ᠤ᠌ ᠶᠠᠭᠠᠷᠠᠨ ᠣᠷᠣᠵᠤ ᠬᠡᠦᠬᠡᠨ ᠤ ᠬᠠᠮᠲᠤ ᠨᠣᠶ᠋ᠢᠷᠰᠤᠪᠠ᠃ ᠲᠡᠭᠦᠨ ᠡᠴᠡ ᠶᠢᠷᠲᠢᠨᠴᠦ ᠶ᠋ᠢᠨ ᠬᠡᠷᠡᠭ ᠯᠠᠮᠠ ᠶ᠋ᠢᠨ ᠰᠡᠤᠠᠬᠢᠯ ᠳ᠋ᠤ᠌ ᠬᠠᠴᠢᠨ ᠲᠠᠭᠠᠯᠠᠮᠵᠢᠲᠠᠢ ᠶ᠋ᠢ ᠲᠣᠭᠠᠴᠠᠪᠠᠯ ᠪᠠᠷᠠᠬᠤ ᠦᠭᠡᠢ᠃ ᠳᠠᠷᠤᠢ ᠥᠷᠯᠥᠭᠡ ᠬᠠᠷᠢᠭᠰᠠᠨ ᠪᠣᠯᠪᠠᠴᠤ ᠦᠲᠡᠰᠢ ᠰᠠᠨᠠᠭᠲᠠᠨ ᠡᠷᠭᠢᠵᠦ ᠢᠷᠡᠭᠰᠡᠭᠡᠷ ᠨᠢᠭᠡᠨᠲᠡ ᠬᠡᠳᠦ ᠬᠡᠲᠦᠨ ᠰᠠᠷ᠎ᠠ ᠪᠣᠯᠵᠤ᠂ ᠪᠠᠷᠠᠭᠠᠳ ᠳᠠᠮᠨᠠᠭᠤᠷᠴᠢᠨ ᠤ ᠭᠠᠨᠲᠠᠩ ᠲᠠᠨᠴᠢ ᠬᠣᠶᠠᠷ ᠤ᠋ᠨ ᠬᠣᠭᠣᠷᠣᠨᠳᠣ ᠨᠢᠭᠡ ᠨᠠᠷᠢᠬᠠᠨ ᠰᠢᠨ᠎ᠡ ᠵᠠᠮ ᠨᠡᠭᠡᠭᠡᠭᠳᠡᠪᠡ᠃
ᠲᠡᠭᠦᠨ ᠡᠴᠡ ᠢᠦᠢ ᠪᠠᠢ ᠬᠤᠸᠠ᠂ ᠯᠤᠲᠤᠨ ᠳ᠋ᠤ᠌ ᠦᠨᠡᠬᠡᠷ ᠳᠤᠷᠠᠯᠠᠭᠰᠠᠨ ᠪᠤᠰᠤ ᠲᠤᠯᠠ ᠡᠨᠡ ᠵᠠᠪᠰᠠᠷ ᠪᠠᠶᠠᠨ ᠭᠡᠪᠰᠢ ᠶ᠋ᠢᠨ ᠪᠤᠶᠠᠨ ᠢ᠋ᠶ᠋ᠠᠷ ᠳᠡᠮᠡᠢ ᠯᠡ ᠲᠠᠷᠪᠠᠯᠵᠠᠭᠰᠠᠨ ᠪᠣᠯᠪᠠᠴᠤ ᠪᠠᠰᠠ ᠬᠠᠩᠬᠤ ᠦᠭᠡᠢ ᠭᠡᠪᠰᠢ ᠯᠤᠲᠤᠨ ᠶᠢᠷᠲᠢᠨᠴᠦ ᠶ᠋ᠢᠨ ᠴᠠᠯᠮ᠎ᠠ ᠳ᠋ᠤ᠌ ᠨᠢᠭᠡᠨᠲᠡ ᠤᠷᠠᠬᠠᠯᠠᠵᠤ᠂ ᠬᠡᠦᠬᠡᠨ ᠳ᠋ᠦ᠍ ᠠᠪᠲᠠᠭᠲᠠᠭᠠᠳ ᠶᠠᠭᠤ ᠭᠡᠪᠡᠴᠦ ᠭᠠᠵᠢᠭᠤ ᠦᠭᠡᠢ ᠪᠣᠯᠤᠭᠰᠠᠨ᠂ ᠶᠠᠪᠤᠨ ᠶᠠᠪᠤᠭᠰᠠᠭᠠᠷ ᠯᠠᠮᠠ ᠭᠤᠸᠠᠢ ᠭᠠᠨᠲᠠᠩ ᠦᠭᠡᠢ ᠬᠠᠰᠢᠶ᠎ᠠ ᠪᠠᠶ᠋ᠢᠰᠢᠩ ᠪᠠ ᠭᠠᠪᠵᠤ ᠪᠣᠯᠬᠤ ᠶ᠋ᠢᠨ ᠲᠤᠯᠠ ᠪᠡᠯᠡᠳᠬᠡᠭᠰᠡᠨ ᠶᠠᠭᠤᠮ᠎ᠠ ᠪᠠᠨ ᠪᠦᠭᠦᠳᠡ ᠶ᠋ᠢ ᠨᠠᠶ᠋ᠢᠯᠡᠭᠦᠯᠵᠣ᠂ ᠢᠦᠢ ᠪᠠᠢ ᠬᠤᠸᠠ ᠭᠤᠸ᠋᠎ᠠ ᠰᠠᠢᠬᠠᠨ ᠡᠯᠪᠡᠭ ᠳᠡᠯᠪᠡᠭ ᠬᠠᠰᠢᠶ᠎ᠠ ᠪᠠᠶ᠋ᠢᠰᠢᠩ ᠲᠥᠬᠥᠭᠡᠷᠴᠦ ᠬᠣᠷᠢᠶᠠᠨ ᠤ ᠭᠠᠵᠠᠷ ᠬᠠᠮᠲᠤᠷᠠᠨ ᠰᠠᠭᠤᠬᠤ ᠪᠣᠯᠪᠠ᠃ ᠨᠢᠭᠡ ᠡᠲᠦᠷ ᠯᠤᠲᠤᠨ ᠢᠷᠡᠭᠡᠳ ᠪᠠᠶ᠋ᠢᠰᠢᠩ ᠤ᠋ᠨ ᠬᠠᠭᠠᠯᠭ᠎ᠠ ᠲᠠᠲᠠᠪᠠᠯ᠂ ᠳᠣᠲᠣᠷ᠎ᠠ ᠠ᠋ᠴᠠ ᠨᠢ ᠲᠦᠭᠵᠢᠵᠦ᠂ ᠴᠣᠩᠬᠣᠨ ᠤ ᠪᠤᠯᠤᠩ ᠤ᠋ᠨ ᠵᠠᠪᠰᠠᠷ ᠢ᠋ᠶ᠋ᠠᠷ ᠨᠢᠭᠤᠵᠤ ᠦᠵᠡᠪᠡᠯ ᠢᠦᠢ ᠪᠠᠢ ᠬᠤᠸᠠ ᠨᠢᠭᠡ ᠵᠠᠯᠠᠭᠤ ᠬᠠᠷ᠎ᠠ ᠬᠦᠦ ᠲᠡᠢ ᠲᠡᠪᠡᠷᠢᠯᠲᠦᠨ ᠰᠠᠭᠤᠨ᠎ᠠ᠃ ᠢᠦᠢ ᠪᠠᠢ ᠬᠤᠸᠠ ᠶ᠋ᠢᠨ ᠬᠠᠭᠤᠴᠢᠨ ᠵᠤᠵᠠᠭᠠᠨ ᠢᠨᠠᠭ ᠪᠠᠶ᠋ᠢᠨ᠎ᠠ ᠭᠡᠰᠡᠨ ᠨᠢ ᠡᠨᠡ ᠮᠥᠨ ᠪᠠᠶ᠋ᠢᠬ᠎ᠠ ᠭᠡᠵᠦ ᠯᠠᠮᠠ ᠨᠢᠭᠡᠨᠲᠡ ᠲᠠᠨᠢᠭᠠᠳ ᠠᠭᠤᠷ ᠨᠢ ᠪᠠᠲᠠᠷᠠᠵᠤ ᠵᠠᠨᠴᠢᠯᠲᠤᠶᠠ ᠭᠡᠵᠦ ᠪᠠᠶ᠋ᠢᠰᠢᠩ ᠤ᠋ᠨ ᠬᠠᠭᠠᠯᠭ᠎ᠠ ᠶ᠋ᠢ ᠬᠡᠮᠬᠡ ᠴᠣᠬᠢᠨ ᠣᠷᠣᠵᠤ ᠬᠡᠷᠡᠭᠦᠯ ᠴᠤᠤᠭᠢᠶᠠᠨ ᠭᠠᠷᠭᠠᠪᠠ᠃ ᠭᠡᠲᠡᠯ᠎ᠡ ᠬᠡᠦᠬᠡᠨ ᠴᠦ᠍ ᠡᠮᠢᠶᠡᠬᠦ ᠵᠣᠪᠠᠬᠤ ᠪᠠᠶ᠋ᠢᠲᠠᠯ ᠦᠭᠡᠢ ᠬᠠᠷᠢᠨ ᠯᠠᠮᠠ ᠳ᠋ᠤ᠌ ᠳᠤᠷ᠎ᠠ ᠦᠭᠡᠢ ᠤᠴᠢᠷ ᠊ᠢ ᠬᠡᠯᠡᠵᠦ ᠬᠠᠷᠢᠶᠠᠨ ᠵᠠᠩᠨᠠᠵᠤ᠂ ᠬᠥᠭᠡᠭᠡᠨ ᠭᠠᠷᠭᠠᠭᠰᠠᠨ ᠳ᠋ᠤ᠌ ᠯᠠᠮᠠ ᠠᠷᠭ᠎ᠠ ᠦᠭᠡᠢ᠂ ᠭᠤᠨᠢᠬᠠᠷᠠᠨ ᠪᠠᠶ᠋ᠢᠰᠢᠩ ᠤ᠋ᠨ ᠪᠣᠱᠣᠭ᠎ᠠ ᠶ᠋ᠢ ᠲᠡᠪᠡᠷᠢᠵᠦ :
ᠬᠦᠦ ᠮᠢᠨᠢ ᠪᠢ ᠴᠢᠮ᠎ᠠ ᠳ᠋ᠤ᠌ ᠬᠠᠶ᠋ᠢᠷᠠᠲᠠᠢ
ᠣᠳᠣ ᠪᠢ ᠬᠠᠮᠢᠶ᠎ᠠ ᠣᠴᠢᠬᠤ ᠪᠣᠢ?
ᠥᠭᠡᠷ᠎ᠡ ᠬᠦᠮᠦᠨ ᠲᠠᠢ ᠬᠠᠨᠢᠯᠠᠬᠤ ᠬᠠᠮᠢᠶ᠎ᠠ ᠦᠭᠡᠢ
ᠭᠠᠭᠴᠠ ᠬᠦ ᠨᠠᠮ᠎ᠠ ᠶ᠋ᠢ ᠪᠤᠤ ᠣᠷᠭᠢ
ᠭᠡᠵᠦ ᠬᠣᠶᠠᠷ ᠨᠢᠲᠦᠨ ᠡᠴᠡ ᠪᠡᠨ ᠶᠢᠷᠲᠢᠨᠴᠦ ᠶ᠋ᠢᠨ ᠬᠠᠷ᠎ᠠ ᠨᠢᠯᠪᠤᠰᠤ ᠶ᠋ᠢ ᠪᠣᠷᠣᠭᠠᠨ ᠤ ᠳᠤᠰᠤᠯ ᠮᠡᠲᠦ ᠠᠰᠬᠠᠷᠠᠭᠤᠯᠤᠯ᠎ᠠ ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠴᠣᠯᠮᠣᠨᠲᠤᠶᠠᠭ᠎ᠠ ᠂ ᠪᠠᠭᠠᠲᠤᠷ
ᠬᠢᠨᠠᠭ᠍ᠴᠢ : ᠭᠠᠸᠠ
2023 ᠣᠨ ᠪ 6 ᠰᠠᠷ᠎ᠠ ᠶ᠋ᠢᠨ 17
