ᠱᠠᠭ᠎ᠠ ᠶᠢᠨ ᠢᠷᠦᠭᠡᠯШагаагийн ерөөл ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠱᠠᠭ᠎ᠠ ᠶᠢᠨ ᠢᠷᠦᠭᠡᠯШагаагийн ерөөл

ᠱᠠᠭ᠎ᠠ ᠶᠢᠨ ᠢᠷᠦᠭᠡᠯШагаагийн ерөөл

2023-06-22

378

ᠱᠠᠭ᠎ᠠ ᠶᠢᠨ ᠢᠷᠦᠭᠡᠯ

ᠣᠮ ᠰᠠᠢᠨ ᠠᠮᠤᠭᠤᠯᠠᠩ ᠲᠠᠨ ᠪᠣᠯᠲᠤᠭᠠᠢ

ᠡᠩᠬᠡ ᠰᠠᠢᠨ ᠵᠢᠷᠭᠠᠯᠠᠩ ᠲᠠᠨ ᠪᠣᠯᠲᠤᠭᠠᠢ

ᠡᠩ ᠤᠷᠢᠳᠤ ᠶ᠋ᠢᠨ ᠨᠢᠭᠡᠨ ᠴᠠᠭ ᠲᠤ᠌

ᠡᠵᠡᠨ ᠪᠣᠭᠳᠠ ᠴᠢᠩᠭᠢᠰ ᠬᠠᠭᠠᠨ

ᠪᠠᠭ᠎ᠠ ᠨᠠᠰᠤᠨ ᠳ᠋ᠠᠭᠠᠨ ᠪᠠᠢᠬᠤ ᠶ᠋ᠢᠨ ᠴᠠᠭ ᠲᠤ᠌

ᠵᠠᠳᠠᠷᠠᠨ ᠣᠪᠣᠭ ᠤ᠋ᠨ ᠵᠠᠮᠤᠬ᠎ᠠ ᠲᠠᠢ

ᠤᠨᠤᠨ ᠮᠥᠷᠡᠨ ᠦ᠌ ᠮᠥᠰᠥᠨ ᠳᠡᠭᠡᠷ᠎ᠡ

ᠠᠯᠲᠠᠨ ᠮᠥᠩᠭᠥᠨ ᠱᠠᠭ᠎ᠠ ᠲᠣᠭᠯᠠᠵᠤ

ᠠᠩᠬᠠᠨ ᠤ᠋ ᠠᠨᠳᠠ ᠪᠣᠯᠤᠯᠴᠠᠨ

ᠠᠷᠢᠭᠤᠨ ᠱᠠᠭ᠎ᠠ ᠰᠣᠯᠢᠯᠴᠠᠭᠰᠠᠨ ᠭᠡᠨ᠎ᠡ

ᠵᠠ ᠡᠨᠡ ᠱᠠᠭ᠎ᠠ ᠶ᠋ᠢ ᠨᠢ ᠠᠪᠤᠭᠠᠳ ‍ᠰᠢᠨᠵᠢᠭᠡᠳ ᠦᠵᠡᠪᠡᠯ

ᠠᠳᠤᠭᠤ ᠮᠠᠯ ᠲᠠᠪᠤᠨ ᠡᠷᠳᠡᠨᠢ

ᠠᠯᠲᠠᠨ ᠱᠠᠭ᠎ᠠ ᠠᠷᠪᠠᠨ ᠡᠷᠳᠡᠨᠢ

ᠮᠣᠷᠢᠨ ᠱᠠᠭ᠎ᠠ ᠮᠣᠯᠣᠷ ᠡᠷᠳᠡᠨᠢ

ᠮᠥᠩᠭᠥᠨ ᠱᠠᠭ᠎ᠠ ᠪᠤᠶᠠᠨᠲᠤ ᠡᠷᠳᠡᠨᠢ

ᠮᠠᠯ ᠤ᠋ᠨ ᠱᠠᠭ᠎ᠠ ᠮᠥᠩᠬᠡ ᠡᠷᠳᠡᠨᠢ

ᠮᠠᠯᠴᠢᠨ ᠲᠦᠮᠡᠨ ᠦ᠌ ᠡᠷᠬᠢᠮ ᠡᠷᠳᠡᠨᠢ

ᠬᠣᠨᠢᠨ ᠱᠠᠭ᠎ᠠ ᠬᠣᠪᠣᠷ ᠡᠷᠳᠡᠨᠢ

ᠬᠣᠲᠠᠯᠠ ᠣᠯᠠᠨ ᠤ᠋ ᠲᠣᠭᠯᠠᠭᠠᠮ ᠤ᠋ᠨ ᠡᠷᠳᠡᠨᠢ

ᠮᠢᠬᠠᠨ ᠳᠣᠲᠣᠷ᠎ᠠ ᠶᠠᠰᠤ ᠡᠷᠳᠡᠨᠢ

ᠶᠠᠰᠤᠨ ᠳᠣᠲᠣᠷ᠎ᠠ ᠱᠠᠭ᠎ᠠ ᠡᠷᠳᠡᠨᠢ

ᠲᠡᠭᠰᠢ ᠲᠠᠯ᠎ᠠ ᠨᠢ ᠮᠣᠷᠢᠨ ᠡᠷᠳᠡᠨᠢ

ᠡᠰᠡᠷᠭᠦ ᠲᠠᠯ᠎ᠠ ᠨᠢ ᠲᠡᠮᠡᠭᠡᠨ ᠡᠷᠳᠡᠨᠢ

ᠬᠦᠳᠦᠩ ᠲᠠᠯ᠎ᠠ ᠨᠢ ᠦᠬᠡᠷ ᠡᠷᠳᠡᠨᠢ

ᠬᠣᠲᠣᠩ ᠲᠠᠯ᠎ᠠ ᠨᠢ ᠬᠣᠨᠢ ᠢᠮᠠᠭᠠᠨ ᠡᠷᠳᠡᠨᠢ

ᠳᠡᠭᠡᠭᠰᠢ ᠪᠡᠨ ᠬᠠᠨᠳᠤᠪᠠᠯ ᠠᠯᠲᠠᠨ ᠪᠠᠭᠠᠨ᠎ᠠ

ᠳᠣᠷᠣᠭᠰᠢ ᠪᠠᠨ ᠬᠠᠨᠳᠤᠪᠠᠯ ᠱᠣᠷᠣᠨ ᠪᠠᠭᠠᠨ᠎ᠠ

ᠬᠤᠷᠤᠢ ᠬᠤᠷᠤᠢ ᠬᠤᠷᠤᠢ

ᠵᠠ ᠡᠨᠡ ᠲᠡᠭᠰᠢ ᠲᠠᠯ᠎ᠠ ᠠ᠋ᠴᠠ ᠨᠢ ᠦᠵᠡᠪᠡᠯ

ᠴᠡᠭᠷᠠᠸᠠᠷᠳᠢ ᠬᠠᠭᠠᠨ ᠤ᠋ ᠰᠠᠩ ᠳ᠋ᠤ᠌

ᠰᠠᠩᠪᠤᠤ ᠵᠠᠯᠰᠠᠨ ᠤ᠋ ᠬᠠᠲᠤᠨ ᠤ᠋ ᠰᠦᠷᠦᠭ ᠲᠦ᠍

ᠽᠠᠨᠳᠠᠨ ᠬᠦᠷᠡᠩ ᠮᠣᠷᠢᠨ ᠠ᠋ᠴᠠ ᠭᠠᠷᠤᠭᠰᠠᠨ

ᠪᠢᠯᠢᠭᠦᠨ ᠬᠡᠭᠡᠷ ᠮᠣᠷᠢ ᠪᠠᠢᠨ᠎ᠠ

ᠴᠢᠭᠢᠭ ᠲᠡᠢ ᠭᠠᠵᠠᠷ ᠪᠡᠯᠴᠢᠭᠡᠷᠯᠡᠭᠰᠡᠨ

ᠴᠡᠴᠡᠭ ᠲᠡᠢ ᠭᠠᠵᠠᠷ ᠵᠣᠭᠰᠣᠭᠠᠭᠰᠠᠨ

ᠬᠢᠵᠠᠯᠠᠩ ᠳ᠋ᠤ᠌ ᠨᠢ ᠬᠢᠨᠠᠭᠰᠠᠨ

ᠰᠣᠶᠣᠯᠠᠩ ᠳ᠋ᠤ᠌ ᠨᠢ ᠰᠣᠷᠢᠭᠰᠠᠨ

ᠲᠥᠭᠡ ᠰᠠᠢᠬᠠᠨ ᠴᠢᠬᠢ ᠲᠡᠢ

ᠲᠥᠭᠥᠷᠢᠭ ᠬᠠᠷ᠎ᠠ ᠨᠢᠳᠦ ᠲᠡᠢ

ᠲᠤᠷᠤᠭ ᠰᠠᠢᠬᠠᠨ ᠪᠡᠶ᠎ᠡ ᠲᠡᠢ

ᠲᠤᠭ ᠰᠠᠢᠬᠠᠨ ᠰᠡᠭᠦᠯ ᠲᠡᠢ

ᠥᠨᠳᠥᠷ ᠰᠠᠢᠬᠠᠨ ᠪᠡᠶ᠎ᠡ ᠲᠡᠢ

ᠥᠷᠭᠡᠨ ᠰᠠᠢᠬᠠᠨ ᠴᠡᠭᠡᠵᠢ ᠲᠡᠢ

ᠤᠷᠲᠤ ᠰᠠᠢᠬᠠᠨ ᠵᠣ᠌ ᠲᠠᠢ

ᠠᠭᠤᠵᠢᠮ ᠰᠠᠢᠬᠠᠨ ᠲᠠᠰᠢᠶ᠎ᠠ ᠲᠠᠢ

ᠬᠥᠯ ᠳ᠋ᠡᠭᠡᠨ ᠵᠢᠷᠣᠭ᠎ᠠ ᠲᠠᠢ

ᠬᠦᠵᠦᠭᠦᠨ ᠳ᠋ᠡᠭᠡᠨ ᠤᠶᠠᠯᠭ᠎ᠠ ᠲᠠᠢ

ᠦᠶᠡᠨ ᠳ᠋ᠡᠭᠡᠨ ᠦᠵᠦᠭ ᠲᠡᠢ

ᠦᠰᠦᠨ ᠳ᠋ᠡᠭᠡᠨ ᠲᠡᠮᠳᠡᠭ ᠲᠡᠢ

ᠡᠷᠳᠡᠨᠢ ᠶ᠋ᠢᠨ ᠴᠠᠭᠠᠨ ᠮᠣᠷᠢ ᠪᠠᠢᠨ᠎ᠠ

ᠬᠣᠶᠠᠷ ᠴᠢᠬᠢ ᠨᠢ ᠬᠣᠩᠬᠣᠨ ᠸᠴᠢᠷ ᠪᠣᠯᠤᠭᠰᠠᠨ

ᠬᠣᠶᠠᠷ ᠨᠢᠳᠦ ᠨᠢ ᠳᠤᠷᠠᠨ ᠪᠣᠯᠤᠭᠰᠠᠨ

ᠬᠣᠷᠢᠨ ᠳᠥᠷᠪᠡᠨ ᠯᠠᠪᠠᠢ ᠴᠠᠭᠠᠨ ᠰᠢᠲᠦ ᠨᠢ

ᠠᠷᠪᠠᠨ ᠵᠦᠭ ᠦ᠋ᠨ ᠲᠠᠬᠢᠯ ᠪᠣᠯᠤᠭᠰᠠᠨ

ᠳᠡᠯ ᠰᠡᠭᠦᠯ ᠨᠢ ᠪᠠᠳᠮᠠᠨ ᠵᠢᠮᠰᠡ ᠪᠣᠯᠤᠭᠰᠠᠨ

ᠵᠠᠭᠠᠨ ᠤ᠋ ᠲᠡᠷᠢᠭᠦᠨ ᠲᠡᠢ

ᠯᠤᠤ ᠶ᠋ᠢᠨ ᠬᠦᠵᠦᠭᠦᠦ ᠲᠡᠢ

ᠭᠠᠷᠤᠳᠢ ᠶ᠋ᠢᠨ ᠬᠣᠩᠰᠢᠶᠠᠷ ᠲᠠᠢ

ᠠᠷᠰᠯᠠᠨ ᠤ᠋ ᠭᠡᠳᠡᠰᠦ ᠲᠡᠢ

ᠴᠣᠯᠮᠣᠨ ᠬᠣᠶᠠᠷ ᠨᠢᠳᠦ ᠲᠡᠢ

ᠴᠢᠨ᠋ᠸ᠎ᠠ ᠶ᠋ᠢᠨ ᠬᠣᠶᠠᠷ ᠴᠢᠬᠢ ᠲᠡᠢ

ᠦᠶᠡᠩ ᠳᠥᠷᠪᠡᠨ ᠲᠤᠭᠤᠷᠠᠢ ᠲᠠᠢ

ᠦᠰᠦ ᠪᠦᠷᠢ ᠨᠢ ᠭᠠᠷᠴᠠᠭ ᠲᠠᠢ

ᠡᠢᠮᠦ ᠰᠠᠢᠬᠠᠨ ᠲᠡᠭᠷᠢ ᠶ᠋ᠢᠨ

ᠶᠢᠰᠦᠨ ᠰᠢᠨᠵᠢ ᠲᠡᠭᠦᠰᠦᠭᠰᠡᠨ

ᠠᠵᠢᠨᠠᠢ ᠬᠦᠯᠦᠭ ᠮᠣᠷᠢ ᠡᠷᠳᠡᠨᠢ ᠭᠡᠨ᠎ᠡ

ᠬᠤᠷᠤᠢ ᠬᠤᠷᠤᠢ ᠬᠤᠷᠤᠢ!