ᠬᠠᠷᠭᠠᠨ᠎ᠠ ᠶ᠋ᠢᠨ ᠲᠦᠮᠡᠨ ᠬᠡᠭᠡᠷ-ᠣᠷᠳᠣᠰ ᠭᠦᠷᠦ ᠳᠠᠭᠤᠤ004Харганын түмэн хээр
ᠬᠠᠷᠭᠠᠨ᠎ᠠ ᠶ᠋ᠢᠨ ᠲᠦᠮᠡᠨ ᠬᠡᠭᠡᠷ
ᠬᠠᠷᠭᠠᠨ᠎ᠠ ᠶ᠋ᠢᠨ ᠲᠦᠮᠡᠨ ᠬᠡᠭᠡᠷ ᠢ᠋ ᠪᠡᠨ
ᠬᠠᠨᠠᠷᠠᠭᠤᠯᠵᠤ ᠮᠣᠷᠳᠠᠶ᠎ᠠ ᠳ᠋ᠣᠣ
ᠬᠠᠷᠠᠩᠭᠤᠢ ᠪᠦᠷᠦᠢ ᠶ᠋ᠢᠨ ᠦᠶᠡᠰ ᠲᠦ᠍
ᠭᠡᠷ ᠦ᠋ᠨ ᠢ᠋ᠶ᠋ᠡᠨ ᠪᠠᠷ᠎ᠠ ᠶ᠋ᠢ ᠬᠠᠷᠠᠯ᠎ᠠ ᠳ᠋ᠣᠣ
ᠠᠪᠤ ᠲᠠᠢ ᠪᠠᠨ ᠦᠷ᠎ᠡ ᠨᠢ
ᠠᠷᠲᠤ ᠲᠣᠷᠭᠠᠨ ᠨᠢ ᠠᠳᠠᠯᠢᠬᠠᠨ
ᠠᠪᠤ ᠨᠢ ᠦᠭᠡᠢ ᠦᠷ᠎ᠡ ᠨᠢ
ᠠᠬ᠎ᠠ ᠳᠡᠭᠦᠦ ᠶ᠋ᠢᠨ ᠲᠣᠷᠤᠮᠵᠢ
ᠡᠵᠢ ᠲᠡᠢ ᠪᠡᠨ ᠦᠷ᠎ᠡ ᠨᠢ
ᠡᠩᠲᠦ ᠲᠣᠷᠭᠠᠨ ᠨᠢ ᠠᠳᠠᠯᠢᠬᠠᠨ
ᠡᠵᠢ ᠨᠢ ᠦᠭᠡᠢ ᠦᠷ᠎ᠡ ᠨᠢ
ᠡᠭᠡᠴᠢ ᠳᠡᠭᠦᠦ ᠶ᠋ᠢᠨ ᠲᠣᠷᠣᠮᠵᠢ
ᠬᠥᠨᠳᠡᠢ ᠳᠤᠮᠳᠠ ᠪᠠᠨ ᠤᠷᠭᠤᠭᠰᠠᠨ
ᠬᠦᠦᠨᠡᠨ ᠴᠡᠴᠡᠭ ᠬᠥᠭᠡᠷᠦᠬᠦᠢ
ᠬᠥᠮᠦᠨ ᠦ᠌ ᠭᠠᠵᠠᠷ ᠲᠤ᠌ ᠥᠭᠭᠦᠭᠰᠡᠨ
ᠬᠡᠦᠬᠡᠨ ᠦᠷ᠎ᠡ ᠯᠡ ᠬᠥᠭᠡᠷᠦᠬᠦᠢ
ᠣᠯᠠᠨ ᠲᠦᠮᠡᠨ ᠬᠡᠭᠡᠷ ᠢ᠋ ᠪᠡᠨ
ᠣᠨ ᠤ᠋ ᠵᠠᠮ ᠳ᠋ᠤ᠌ ᠪᠠᠨ ᠤᠨᠤᠶ᠎ᠠ ᠳ᠋ᠣᠣ
ᠣᠷᠣᠢ ᠪᠦᠷᠦᠢ ᠶ᠋ᠢᠨ ᠦᠶᠡᠰ ᠲᠦ᠍
ᠭᠡᠷ ᠦ᠋ᠨ ᠢ᠋ᠶ᠋ᠡᠨ ᠪᠠᠷ᠎ᠠ ᠶ᠋ᠢ ᠬᠠᠷᠠᠯ᠎ᠠ ᠳ᠋ᠣᠣ
ᠠᠷᠳᠠᠭ ᠬᠣᠯᠠ ᠶ᠋ᠢᠨ ᠤᠨᠠᠭ᠎ᠠ ᠨᠢ
ᠠᠴᠢᠲᠤ ᠠᠪᠤ ᠶ᠋ᠢᠨ ᠪᠤᠶᠠᠨ ᠰᠢᠦ
ᠠᠯᠤᠰ ᠲᠤ᠌ ᠪᠠᠨ ᠰᠤᠷᠬᠤ ᠰᠤᠷᠭᠠᠯ ᠨᠢ
ᠠᠳᠠᠭ ᠮᠠᠭᠤ ᠳ᠋ᠠᠭᠠᠨ ᠰᠤᠷᠤᠭᠰᠠᠨ ᠦᠭᠡᠢ
ᠬᠡᠷᠳᠡᠭ ᠬᠣᠯᠠ ᠶ᠋ᠢᠨ ᠤᠨᠠᠭ᠎ᠠ ᠨᠢ
ᠬᠡᠷᠬᠡᠮᠲᠦ ᠠᠪᠤ ᠶ᠋ᠢᠨ ᠪᠤᠶᠠᠨ ᠰᠢᠦ
ᠬᠡᠵᠢᠶᠡᠳᠡ ᠳ᠋ᠦ᠍ ᠪᠡᠨ ᠰᠤᠷᠬᠤ ᠰᠤᠷᠭᠠᠯ ᠨᠢ
ᠬᠡᠷᠳᠡᠭ ᠮᠠᠭᠤ ᠳ᠋ᠠᠭᠠᠨ ᠰᠤᠷᠤᠭᠰᠠᠨ ᠦᠭᠡᠢ
ᠠᠷᠭ᠎ᠠ ᠲᠠᠢ ᠨᠢ ᠴᠦ᠍ ᠪᠣᠯᠤᠶ᠎ᠠ ᠳᠠ
ᠠᠪᠤ ᠲᠠᠢ ᠪᠠᠨ ᠰᠠᠭᠤᠶ᠎ᠠ ᠳᠠ
ᠬᠡᠷᠬᠡᠮ ᠲᠡᠢ ᠴᠦ᠍ ᠪᠣᠯᠤᠶ᠎ᠠ ᠳᠠ
ᠬᠡᠪᠢᠰ ᠳᠡᠭᠡᠷ᠎ᠡ ᠪᠡᠨ ᠰᠠᠭᠤᠶ᠎ᠠ ᠳᠠ
ᠢᠷᠦᠭᠡᠯ ᠲᠡᠢ ᠨᠢ ᠴᠦ᠍ ᠪᠣᠯᠤᠶ᠎ᠠ ᠳᠠ
ᠡᠵᠢ ᠲᠡᠢ ᠪᠡᠨ ᠰᠠᠭᠤᠶ᠎ᠠ ᠳᠠ
ᠡᠷᠳᠡᠮ ᠲᠡᠢ ᠴᠦ᠍ ᠪᠣᠯᠤᠶ᠎ᠠ ᠳᠠ
ᠣᠯᠪᠣᠭ ᠳᠡᠭᠡᠷ᠎ᠡ ᠪᠡᠨ ᠰᠠᠭᠤᠶ᠎ᠠ ᠳᠠ
ᠡᠵᠢ ᠲᠡᠢ ᠪᠡᠨ ᠢᠨᠵᠠᠭ᠎ᠠ ᠨᠢ
ᠡᠷᠭᠢ ᠪᠡᠨ ᠳᠠᠭᠠᠭᠠᠳ ᠳᠡᠭᠰᠢᠨᠡ ᠳᠡ
ᠡᠵᠢ ᠨᠢ ᠦᠭᠡᠢ ᠢᠨᠵᠠᠭ᠎ᠠ ᠨᠢ
ᠡᠢᠰᠢ ᠳᠠᠢᠰᠢ ᠪᠠᠨ ᠬᠠᠢᠨ᠎ᠠ᠃
