ᠢᠷᠪᠢᠰ ᠴᠠᠭᠠᠨ ᠪᠣᠲᠣᠭᠣ-ᠣᠷᠳᠣᠰ ᠭᠦᠷᠦ ᠳᠠᠭᠤᠤ003Ирвэс цагаан ботго ᠤᠷᠲᠤ ᠶ᠋ᠢᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠪᠢᠰ ᠴᠠᠭᠠᠨ ᠪᠣᠲᠣᠭᠣ-ᠣᠷᠳᠣᠰ ᠭᠦᠷᠦ ᠳᠠᠭᠤᠤ003Ирвэс цагаан ботго

ᠢᠷᠪᠢᠰ ᠴᠠᠭᠠᠨ ᠪᠣᠲᠣᠭᠣ-ᠣᠷᠳᠣᠰ ᠭᠦᠷᠦ ᠳᠠᠭᠤᠤ003Ирвэс цагаан ботго

2023-06-20

308

ᠢᠷᠪᠢᠰ ᠴᠠᠭᠠᠨ ᠪᠣᠲᠣᠭᠣ

ᠢᠷᠪᠢᠰ ᠴᠠᠭᠠᠨ ᠪᠣᠲᠣᠭᠣ ᠨᠢ
ᠢᠵᠢᠯᠢ ᠡᠴᠡ ᠰᠠᠯᠪᠠᠯ ᠪᠤᠢᠯᠩᠬᠠᠢ
ᠥᠨᠥᠴᠢᠨ ᠪᠠᠭ᠎ᠠ ᠶ᠋ᠢᠨ ᠪᠢᠳᠡ ᠨᠠᠷ
ᠡᠵᠢ ᠡᠴᠡ ᠰᠠᠯᠪᠠᠯ ᠤᠢᠯᠠᠩᠬᠠᠢ

ᠠᠪᠤ ᠮᠢᠨᠢ ᠨᠠᠳᠠ ᠳ᠋ᠤ᠌ ᠱᠠᠩᠨᠠᠭᠰᠠᠨ
ᠠᠯᠠᠭ ᠰᠢᠷ᠎ᠠ ᠨᠤᠮᠤ ᠨᠢ
ᠴᠠᠭᠠᠨ ᠯᠢᠩᠬᠤᠸ᠎ᠠ ᠬᠣᠲᠠᠨ ᠳ᠋ᠤ᠌
ᠬᠥᠪᠴᠢᠨ ᠡᠴᠡ ᠪᠡᠨ ᠡᠯᠡᠭᠳᠡᠩᠬᠡᠢ

ᠡᠵᠢ ᠮᠢᠨᠢ ᠨᠠᠳᠠ ᠳ᠋ᠤ᠌ ᠱᠠᠩᠨᠠᠭᠰᠠᠨ
ᠰᠡᠩᠰᠡ ᠬᠤᠷᠠᠭᠠᠨ ᠳᠡᠪᠡᠯ ᠨᠢ
ᠴᠠᠭᠠᠨ ᠯᠢᠩᠬᠤᠸ᠎ᠠ ᠬᠣᠲᠠᠨ ᠳ᠋ᠤ᠌
ᠬᠠᠨᠴᠤᠢ ᠠ᠋ᠴᠠ ᠪᠠᠨ ᠡᠯᠡᠭᠳᠡᠩᠬᠡᠢ

ᠠᠬ᠎ᠠ ᠮᠢᠨᠢ ᠨᠠᠳᠠ ᠳ᠋ᠤ᠌ ᠱᠠᠩᠨᠠᠭᠰᠠᠨ
ᠠᠷᠪᠠᠨ ᠴᠠᠭᠠᠨ ᠰᠤᠮᠤ ᠨᠢ
ᠴᠠᠭᠠᠨ ᠯᠢᠩᠬᠤᠸ᠎ᠠ ᠬᠣᠲᠠᠨ ᠳ᠋ᠤ᠌
ᠵᠡᠪᠡ ᠡᠴᠡ ᠪᠡᠨ ᠡᠯᠡᠭᠳᠡᠩᠬᠡᠢ

ᠪᠡᠷᠭᠡᠨ ᠮᠢᠨᠢ ᠨᠠᠳᠠ ᠳ᠋ᠤ᠌ ᠱᠠᠩᠨᠠᠭᠰᠠᠨ
ᠪᠢᠳᠦᠷᠢᠶ᠎ᠡ ᠲᠡᠢ ᠬᠠᠪᠲᠠᠷᠭ᠎ᠠ ᠨᠢ
ᠴᠠᠭᠠᠨ ᠯᠢᠩᠬᠤᠸ᠎ᠠ ᠬᠣᠲᠠᠨ ᠳ᠋ᠤ᠌
ᠰᠠᠴᠤᠭ ᠠ᠋ᠴᠠ ᠪᠠᠨ ᠡᠯᠡᠭᠳᠡᠩᠬᠡᠢ

ᠳᠡᠭᠦᠦ ᠶ᠋ᠢᠨ ᠮᠢᠨᠢ ᠨᠠᠳᠠ ᠳ᠋ᠤ᠌ ᠱᠠᠩᠨᠠᠭᠰᠠᠨ
ᠳᠡᠭᠦᠳᠡᠩ ᠪᠣᠷᠣ ᠮᠣᠷᠢ ᠨᠢ
ᠴᠠᠭᠠᠨ ᠯᠢᠩᠬᠤᠸ᠎ᠠ ᠬᠣᠲᠠᠨ ᠳ᠋ᠤ᠌
ᠲᠤᠭᠤᠷᠠᠢ ᠠ᠋ᠴᠠ ᠪᠠᠨ ᠡᠯᠡᠭᠳᠡᠩᠬᠡᠢ