ᠪᠥᠭᠲᠦ ᠶ᠋ᠢᠨ ᠰᠢᠷ᠎ᠠ ᠵᠣᠣ-ᠣᠷᠳᠣᠰ ᠭᠦᠷᠦ ᠳᠠᠭᠤᠤ002Бөгтийн шар жуу
ᠪᠥᠭᠲᠦ ᠶ᠋ᠢᠨ ᠰᠢᠷ᠎ᠠ ᠵᠣᠣ
ᠪᠡᠴᠢᠨ ᠵᠢᠯ ᠦ᠋ᠨ ᠬᠠᠪᠤᠷ ᠤ᠋ᠨ ᠰᠠᠷ᠎ᠠ
ᠳᠥᠷᠪᠡᠨ ᠴᠠᠭ ᠢ᠋ᠶ᠋ᠠᠷ ᠰᠠᠢᠬᠠᠨ ᠪᠠᠢᠨ᠎ᠠ
ᠪᠥᠭᠲᠦ ᠶ᠋ᠢᠨ ᠰᠢᠷ᠎ᠠ ᠵᠣᠣ ᠶ᠋ᠢᠨ ᠱᠠᠪᠢ ᠨᠠᠷ
ᠪᠦᠭᠦᠳᠡ ᠳᠠᠶᠠᠭᠠᠷ ᠢ᠋ᠶ᠋ᠠᠨ ᠠᠮᠤᠭᠤᠯᠠᠩ
ᠠᠷᠤ ᠬᠦᠷᠢᠶ᠎ᠡ ᠳᠡᠪᠰᠡᠭ ᠲᠡᠢ
ᠠᠯᠲᠠᠨ ᠭᠠᠨᠵᠤᠤᠷ ᠰᠢᠲᠦᠭᠡᠨ ᠲᠡᠢ
ᠠᠷᠪᠠᠨ ᠰᠠᠷ᠎ᠠ ᠶ᠋ᠢᠨ ᠬᠤᠷᠠᠯ ᠲᠠᠢ
ᠠᠷᠢᠶᠠᠪᠠᠯᠤ ᠶ᠋ᠢᠨ ᠭᠤᠮᠰᠠᠯ ᠲᠠᠢ
ᠳᠤᠭᠤᠢ ᠤᠯᠠᠭᠠᠨ ᠭᠣᠷᠢᠶ᠎ᠠ ᠲᠠᠢ
ᠳᠤᠮᠳᠠ ᠪᠠᠨ ᠨᠠᠢ᠍ᠮᠠᠨ ᠳᠤᠭᠠᠩ ᠲᠠᠢ
ᠳᠤᠭᠤᠢ ᠬᠣᠶᠠᠷ ᠳᠠ ᠮᠧᠨ ᠲᠡᠢ
ᠲᠤᠩ ᠪᠦᠷᠢᠶ᠎ᠡ ᠶ᠋ᠢᠨ ᠳᠣᠬᠢᠶ᠎ᠠ ᠲᠠᠢ
ᠰᠢᠷ᠎ᠠ ᠨᠣᠭᠣᠭᠠᠨ ᠳᠡᠭᠡᠭᠦᠷ ᠲᠡᠢ
ᠱᠠᠵᠢᠨ ᠤ᠋ ᠬᠤᠪᠢᠯᠭᠠᠨ ᠰᠣᠭᠲᠣᠮ ᠲᠠᠢ
ᠰᠢᠷ᠎ᠠ ᠵᠣᠣ ᠶ᠋ᠢᠨ ᠱᠠᠪᠢ ᠨᠠᠷ
ᠱᠠᠰᠢᠨ ᠪᠣᠭᠳᠠ ᠶ᠋ᠢᠨ ᠬᠤᠷᠠᠯ ᠲᠠᠢ
ᠵᠠᠭᠠᠨ ᠤ᠋ ᠨᠠᠢ᠍ᠮᠠᠨ ᠬᠣᠰᠢᠭᠤ ᠲᠠᠢ
ᠽᠠᠨᠳᠠᠨ ᠳᠥᠷᠪᠡᠨ ᠲᠤᠯᠭᠠᠭᠤᠷᠢ ᠲᠠᠢ
ᠵᠠᠢᠭ ᠪᠠᠷᠢᠬᠤ ᠭᠡᠪᠬᠦᠢ ᠲᠡᠢ
ᠵᠠᠬ᠎ᠠ ᠶ᠋ᠢᠨ ᠳᠥᠷᠪᠡᠨ ᠬᠢᠶᠠᠭ ᠲᠠᠢ
ᠡᠭᠴᠡ ᠭᠤᠷᠪᠠᠨ ᠰᠤᠪᠤᠷᠭ᠎ᠠ ᠲᠠᠢ
ᠡᠵᠡᠨ ᠬᠣᠶᠠᠷ ᠰᠢᠲᠦᠭᠡᠨ ᠲᠡᠢ
ᠡᠵᠡᠨ ᠵᠤᠷᠭᠠᠨ ᠲᠤᠤᠳᠠᠢᠶᠠ ᠲᠠᠢ
ᠡᠷᠳᠡᠨᠢ ᠶ᠋ᠢᠨ ᠬᠣᠶᠠᠷ ᠠᠷᠰᠯᠠᠨ ᠲᠠᠢ
ᠲᠠᠷᠢᠮᠠᠯ ᠲᠠᠪᠤᠨ ᠲᠤᠷᠤᠭ ᠮᠣᠳᠣ ᠲᠠᠢ
ᠲᠠᠯ᠎ᠠ ᠶ᠋ᠢᠨ ᠴᠠᠢᠳᠠᠮ ᠪᠡᠯᠴᠢᠭᠡᠷ ᠲᠡᠢ
ᠲᠠᠪᠢᠨ ᠲᠠᠪᠤᠨ ᠭᠡᠯᠦᠩ ᠲᠡᠢ
ᠲᠠᠢᠪᠤᠩ ᠴᠠᠭ ᠤ᠋ᠨ ᠬᠤᠷᠠᠯ ᠲᠠᠢ
ᠨᠠᠢ᠍ᠮᠠᠨ ᠲᠦᠮᠡᠨ ᠬᠤᠸᠠᠷᠠᠭ ᠲᠠᠢ
ᠨᠠᠷᠢᠨ ᠬᠤᠷᠠᠯ ᠤ᠋ᠨ ᠵᠠᠶᠢᠭ ᠲᠠᠢ
ᠨᠠᠰᠤ ᠪᠦᠷᠢᠨ ᠤᠷᠲᠤ ᠲᠠᠢ
ᠨᠠᠰᠤ ᠵᠠᠯᠠᠭᠤ ᠰᠢᠲᠦᠭᠡᠨ ᠲᠡᠢ
ᠭᠠᠩ ᠪᠦᠷᠢᠶ᠎ᠡ ᠪᠡᠨ ᠳᠠᠲᠠᠯ᠎ᠠ
ᠭᠠᠨᠵᠤᠤᠷ ᠳ᠋ᠠᠨᠵᠤᠤᠷ ᠢ᠋ᠶ᠋ᠠᠨ ᠬᠤᠷᠠᠯ᠎ᠠ
ᠭᠠᠰᠠᠯᠤᠭᠰᠠᠨ ᠳᠠᠢᠰᠤᠨ ᠢ᠋ ᠴᠣᠬᠢᠵᠤ
ᠭᠠ ᠶ᠋ᠢᠨ ᠦᠰᠦᠭ ᠢ᠋ᠶ᠋ᠡᠷ ᠳᠠᠷᠤᠯ᠎ᠠ᠃
ᠳᠥᠷᠪᠡᠨ ᠴᠠᠭ ᠢ᠋ᠶ᠋ᠠᠷ ᠰᠠᠢᠬᠠᠨ ᠪᠠᠢᠨ᠎ᠠ
ᠪᠥᠭᠲᠦ ᠶ᠋ᠢᠨ ᠰᠢᠷ᠎ᠠ ᠵᠣᠣ ᠶ᠋ᠢᠨ ᠱᠠᠪᠢ ᠨᠠᠷ
ᠪᠦᠭᠦᠳᠡ ᠳᠠᠶᠠᠭᠠᠷ ᠢ᠋ᠶ᠋ᠠᠨ ᠠᠮᠤᠭᠤᠯᠠᠩ
ᠠᠷᠤ ᠬᠦᠷᠢᠶ᠎ᠡ ᠳᠡᠪᠰᠡᠭ ᠲᠡᠢ
ᠠᠯᠲᠠᠨ ᠭᠠᠨᠵᠤᠤᠷ ᠰᠢᠲᠦᠭᠡᠨ ᠲᠡᠢ
ᠠᠷᠪᠠᠨ ᠰᠠᠷ᠎ᠠ ᠶ᠋ᠢᠨ ᠬᠤᠷᠠᠯ ᠲᠠᠢ
ᠠᠷᠢᠶᠠᠪᠠᠯᠤ ᠶ᠋ᠢᠨ ᠭᠤᠮᠰᠠᠯ ᠲᠠᠢ
ᠳᠤᠭᠤᠢ ᠤᠯᠠᠭᠠᠨ ᠭᠣᠷᠢᠶ᠎ᠠ ᠲᠠᠢ
ᠳᠤᠮᠳᠠ ᠪᠠᠨ ᠨᠠᠢ᠍ᠮᠠᠨ ᠳᠤᠭᠠᠩ ᠲᠠᠢ
ᠳᠤᠭᠤᠢ ᠬᠣᠶᠠᠷ ᠳᠠ ᠮᠧᠨ ᠲᠡᠢ
ᠲᠤᠩ ᠪᠦᠷᠢᠶ᠎ᠡ ᠶ᠋ᠢᠨ ᠳᠣᠬᠢᠶ᠎ᠠ ᠲᠠᠢ
ᠰᠢᠷ᠎ᠠ ᠨᠣᠭᠣᠭᠠᠨ ᠳᠡᠭᠡᠭᠦᠷ ᠲᠡᠢ
ᠱᠠᠵᠢᠨ ᠤ᠋ ᠬᠤᠪᠢᠯᠭᠠᠨ ᠰᠣᠭᠲᠣᠮ ᠲᠠᠢ
ᠰᠢᠷ᠎ᠠ ᠵᠣᠣ ᠶ᠋ᠢᠨ ᠱᠠᠪᠢ ᠨᠠᠷ
ᠱᠠᠰᠢᠨ ᠪᠣᠭᠳᠠ ᠶ᠋ᠢᠨ ᠬᠤᠷᠠᠯ ᠲᠠᠢ
ᠵᠠᠭᠠᠨ ᠤ᠋ ᠨᠠᠢ᠍ᠮᠠᠨ ᠬᠣᠰᠢᠭᠤ ᠲᠠᠢ
ᠽᠠᠨᠳᠠᠨ ᠳᠥᠷᠪᠡᠨ ᠲᠤᠯᠭᠠᠭᠤᠷᠢ ᠲᠠᠢ
ᠵᠠᠢᠭ ᠪᠠᠷᠢᠬᠤ ᠭᠡᠪᠬᠦᠢ ᠲᠡᠢ
ᠵᠠᠬ᠎ᠠ ᠶ᠋ᠢᠨ ᠳᠥᠷᠪᠡᠨ ᠬᠢᠶᠠᠭ ᠲᠠᠢ
ᠡᠭᠴᠡ ᠭᠤᠷᠪᠠᠨ ᠰᠤᠪᠤᠷᠭ᠎ᠠ ᠲᠠᠢ
ᠡᠵᠡᠨ ᠬᠣᠶᠠᠷ ᠰᠢᠲᠦᠭᠡᠨ ᠲᠡᠢ
ᠡᠵᠡᠨ ᠵᠤᠷᠭᠠᠨ ᠲᠤᠤᠳᠠᠢᠶᠠ ᠲᠠᠢ
ᠡᠷᠳᠡᠨᠢ ᠶ᠋ᠢᠨ ᠬᠣᠶᠠᠷ ᠠᠷᠰᠯᠠᠨ ᠲᠠᠢ
ᠲᠠᠷᠢᠮᠠᠯ ᠲᠠᠪᠤᠨ ᠲᠤᠷᠤᠭ ᠮᠣᠳᠣ ᠲᠠᠢ
ᠲᠠᠯ᠎ᠠ ᠶ᠋ᠢᠨ ᠴᠠᠢᠳᠠᠮ ᠪᠡᠯᠴᠢᠭᠡᠷ ᠲᠡᠢ
ᠲᠠᠪᠢᠨ ᠲᠠᠪᠤᠨ ᠭᠡᠯᠦᠩ ᠲᠡᠢ
ᠲᠠᠢᠪᠤᠩ ᠴᠠᠭ ᠤ᠋ᠨ ᠬᠤᠷᠠᠯ ᠲᠠᠢ
ᠨᠠᠢ᠍ᠮᠠᠨ ᠲᠦᠮᠡᠨ ᠬᠤᠸᠠᠷᠠᠭ ᠲᠠᠢ
ᠨᠠᠷᠢᠨ ᠬᠤᠷᠠᠯ ᠤ᠋ᠨ ᠵᠠᠶᠢᠭ ᠲᠠᠢ
ᠨᠠᠰᠤ ᠪᠦᠷᠢᠨ ᠤᠷᠲᠤ ᠲᠠᠢ
ᠨᠠᠰᠤ ᠵᠠᠯᠠᠭᠤ ᠰᠢᠲᠦᠭᠡᠨ ᠲᠡᠢ
ᠭᠠᠩ ᠪᠦᠷᠢᠶ᠎ᠡ ᠪᠡᠨ ᠳᠠᠲᠠᠯ᠎ᠠ
ᠭᠠᠨᠵᠤᠤᠷ ᠳ᠋ᠠᠨᠵᠤᠤᠷ ᠢ᠋ᠶ᠋ᠠᠨ ᠬᠤᠷᠠᠯ᠎ᠠ
ᠭᠠᠰᠠᠯᠤᠭᠰᠠᠨ ᠳᠠᠢᠰᠤᠨ ᠢ᠋ ᠴᠣᠬᠢᠵᠤ
ᠭᠠ ᠶ᠋ᠢᠨ ᠦᠰᠦᠭ ᠢ᠋ᠶ᠋ᠡᠷ ᠳᠠᠷᠤᠯ᠎ᠠ᠃
