ᠠᠷᠠᠳ ᠦᠨ ᠠᠮᠠᠨ ᠵᠣᠬᠢᠶᠠᠯ ᠢ᠋ ᠴᠢᠬᠤᠯᠠᠴᠢᠯᠠᠨ ᠵᠢᠭᠠᠬᠤ ᠶ᠋ᠢᠨ ᠤᠴᠢᠷАрдын аман зохилыг чухалчлан заахын очир ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠠᠳ ᠦᠨ ᠠᠮᠠᠨ ᠵᠣᠬᠢᠶᠠᠯ ᠢ᠋ ᠴᠢᠬᠤᠯᠠᠴᠢᠯᠠᠨ ᠵᠢᠭᠠᠬᠤ ᠶ᠋ᠢᠨ ᠤᠴᠢᠷАрдын аман зохилыг чухалчлан заахын очир

ᠠᠷᠠᠳ ᠦᠨ ᠠᠮᠠᠨ ᠵᠣᠬᠢᠶᠠᠯ ᠢ᠋ ᠴᠢᠬᠤᠯᠠᠴᠢᠯᠠᠨ ᠵᠢᠭᠠᠬᠤ ᠶ᠋ᠢᠨ ᠤᠴᠢᠷАрдын аман зохилыг чухалчлан заахын очир

2023-06-16

318

ᠠᠷᠠᠳ ᠦᠨ ᠠᠮᠠᠨ ᠵᠣᠬᠢᠶᠠᠯ ᠢ᠋ ᠴᠢᠬᠤᠯᠠᠴᠢᠯᠠᠨ ᠵᠢᠭᠠᠬᠤ ᠶ᠋ᠢᠨ ᠤᠴᠢᠷ 

ᠠᠷᠠᠳ ᠊ᠣᠨ ᠠᠮᠠᠨ ᠵᠣᠬᠢᠶᠠᠯ ᠢ᠋ ᠴᠢᠬᠤᠯᠠᠴᠢᠯᠠᠨ ᠵᠢᠭᠠᠬᠤ ᠶ᠋ᠢᠨ ᠤᠴᠢᠷ
ᠰᠢᠯᠢ ᠶ᠋ᠢᠨ ᠭᠣᠣᠯ ᠠᠢᠮᠠᠭ ᠊ᠣᠨ ᠵᠡᠭᠦᠨ ᠦᠵᠦᠮᠦᠴᠢᠨ ᠬᠤᠰᠢᠭᠤᠨ ᠊ᠣ᠌ ᠮᠣᠩᠭᠣᠯ ᠳᠤᠮᠳᠠᠳᠤ ᠰᠤᠷᠭᠠᠭᠤᠯᠢ
                                                   ᠰᠠᠢᠨᠪᠠᠶᠠᠷ
ᠠᠩᠬ᠎ᠠ ᠳᠤᠮᠳᠠᠳᠤ᠂ ᠳᠡᠭᠡᠳᠦ ᠳᠤᠮᠳᠠᠳᠤ ᠶ᠋ᠢᠨ ᠰᠤᠷᠬᠤ ᠪᠢᠴᠢᠭ ᠲᠦ᠍ 《ᠵᠠᠩᠭᠠᠷ 》᠂《ᠭᠡᠰᠡᠷ》᠁ ᠵᠡᠷᠭᠡ ᠪᠠᠭᠠᠲᠤᠷᠯᠢᠭ ᠲᠤᠤᠯᠢ ᠠ᠋ᠴᠠ ᠠᠷᠪᠠ ᠭᠠᠷᠤᠢ ᠡᠷᠲᠡᠨ ᠊ᠥ ᠠᠮᠠᠨ ᠵᠣᠬᠢᠶᠠᠯ ᠊ᠣᠳ ᠰᠣᠩᠭᠣᠭᠳᠠᠭᠰᠠᠨ ᠪᠠᠢᠨ᠎ᠠ᠃
ᠡᠷᠲᠡᠨ ᠊ᠥ ᠠᠮᠠᠨ ᠵᠣᠬᠢᠶᠠᠯ ᠊ᠤᠨ ᠰᠣᠩᠭᠣᠭᠳᠠᠭᠰᠠᠨ ᠬᠠᠷᠢᠴᠠᠯ ᠨᠢ ᠪᠠᠭ᠎ᠠ ᠪᠣᠯᠪᠠᠴᠤ ᠥᠪᠡᠷ ᠊ᠥ᠍ᠨ ᠬᠢᠨᠢ ᠬᠠᠭᠤᠳᠠᠰᠤ ᠬᠡᠮᠵᠢᠶ᠎ᠡ ᠨᠢ ᠠᠷᠪᠢᠨ ᠪᠥᠭᠡᠳ ᠭᠦᠨ ᠤᠬᠠᠭᠠᠯᠢᠭ᠋᠂ ᠰᠠᠨᠠᠭ᠎ᠠ ᠪᠠᠶᠠᠯᠢᠭ᠂ ᠤᠷᠠᠯᠢᠭ᠋ ᠊ᠣᠨ ᠣᠨᠴᠠᠯᠢᠭ᠋ ᠭᠣᠢᠳᠠ ᠰᠠᠢᠬᠠᠨ ᠢ᠋ᠶ᠋ᠠᠷ ᠢ᠋ᠶ᠋ᠠᠨ ᠳᠡᠯᠡᠬᠡᠢ ᠶ᠋ᠢᠨ ᠤᠷᠠᠨ ᠵᠣᠬᠢᠶᠠᠯ ᠊ᠣᠨ ᠲᠠᠪᠴᠠᠩ
 ᠢ᠋ ᠴᠢᠮᠡᠭᠯᠡᠵᠦ ᠪᠠᠶ᠋ᠢᠭ᠎ᠠ ᠶᠤᠮ᠃
ᠭᠡᠲᠡᠯ᠎ᠡ ᠪᠣᠳᠠᠲᠠᠢ ᠵᠢᠭᠠᠨ ᠰᠤᠷᠭᠠᠬᠤ ᠶᠠᠪᠤᠴᠠ ᠳ᠋ᠤ᠌ ᠪᠠᠨ ᠬᠦᠨᠳᠦᠳᠬᠡᠬᠦ ᠦᠭᠡᠢ ᠬᠢᠴᠢᠶᠡᠯᠯᠡᠭᠡ ᠵᠥᠩᠳᠡᠭᠡᠨ ᠲᠣᠬᠢᠶᠠᠯᠳᠤᠭᠠᠳ ᠯᠠ ᠪᠠᠢᠳᠠᠭ᠃
ᠡᠷᠲᠡᠨ ᠊ᠥ ᠠᠮᠠᠨ ᠵᠣᠬᠢᠶᠠᠯ ᠨᠢ ᠰᠤᠷᠤᠭᠴᠢᠳ ᠊ᠤᠨ ᠬᠤᠪᠢ ᠳ᠋ᠤ᠌ ᠤᠩᠰᠢᠬᠤ ᠳ᠋ᠤ᠌ ᠣᠢᠯᠠᠭᠠᠮᠵᠢ ᠪᠠᠷ ᠪᠠᠷᠤᠭᠲᠠᠢ ᠤᠩᠰᠢᠪᠤᠷᠢ ᠦᠭᠡᠢ᠃ ᠤᠴᠢᠷ ᠨᠢ ᠬᠡᠯᠡ ᠬᠡᠯᠡᠯᠭᠡ ᠰᠤᠨᠵᠢᠷᠠᠭᠤᠨ ᠪᠥᠭᠡᠳ ᠣᠢᠯᠠᠭᠠᠮᠵᠢ ᠪᠠᠷ ᠪᠠᠷᠤᠭᠲᠠᠢ᠂ ᠬᠠᠭᠤᠳᠠᠰᠤ ᠬᠡᠮᠵᠢᠶ᠎ᠡ ᠨᠢ ᠤᠷᠲᠤ ᠪᠠᠢᠳᠠᠭ ᠠ᠋ᠴᠠ ᠶᠡᠬᠡ ᠬᠠᠰᠢᠷᠠᠭᠠᠨ ᠲᠠᠢ ᠶᠤᠮ᠃ ᠪᠠᠭᠰᠢ  ᠶ᠋ᠢᠨ ᠬᠤᠪᠢ ᠳ᠋ᠤ᠌ ᠤᠩᠰᠢᠭᠠᠳ ᠠᠭᠤᠯᠭ᠎ᠠ ᠶ᠋ᠢ ᠨᠢ ᠶᠠᠷᠢᠭᠠᠳ ᠥᠭᠪᠡᠯ ᠪᠣᠯᠴᠢᠬᠠᠨ᠎ᠠ ᠭᠡᠳᠡᠭ ᠲᠦᠭᠦᠬᠡᠢ ᠪᠣᠳᠣᠯ ᠲᠠᠢ ᠬᠢᠴᠢᠶᠡᠯᠯᠡᠭᠡ ᠨᠢ ᠪᠠᠭᠰᠢ ᠰᠤᠷᠤᠭᠴᠢ ᠲᠠᠢ ᠪᠠᠨ ᠪᠦᠬᠦᠯᠢ ᠬᠣᠶᠠᠷ ᠴᠠᠭ ᠊ᠣᠨ ᠤᠩᠰᠢᠯᠭ᠎ᠠ ᠬᠢᠵᠡᠭᠡᠭᠡᠳ ᠳᠡᠮᠡᠢ ᠴᠦ᠍ ᠶᠠᠭᠤᠮ᠎ᠠ ᠦᠭᠡᠢ ᠰᠤᠷᠤᠭᠰᠠᠨ ᠲᠡᠳᠦᠢ ᠥᠩᠭᠡᠷᠡᠭᠡᠳ ᠯᠡ ᠪᠠᠷᠠᠳᠠᠭ ᠬᠢᠴᠢᠶᠡᠯᠯᠡᠭᠡ ᠨᠦ᠍ᠭᠦᠳ ᠨᠢ ᠪᠢᠳᠡᠨ ᠳ᠋ᠦ᠍ ᠶᠡᠬᠡ ᠣᠯᠠᠨ ᠬᠠᠷᠠᠮᠰᠠᠯ ᠢ᠋ ᠦᠯᠡᠳᠡᠭᠡᠯ᠎ᠡ᠃
ᠪᠠᠭᠠᠲᠤᠷᠯᠢᠭ᠋ ᠲᠤᠤᠯᠢ ᠪᠣᠯ ᠮᠣᠩᠭᠣᠯ ᠦᠨᠳᠦᠰᠦᠲᠡᠨ ᠊ᠥ ᠡᠷᠲᠡᠨ ᠊ᠥ ᠤᠷᠠᠨ ᠵᠣᠬᠢᠶᠠᠯ ᠊ᠣᠨ ᠲᠡᠦᠬᠡᠨ  ᠳ᠋ᠦ᠍ ᠴᠢᠬᠤᠯᠠ ᠪᠠᠢᠷᠢ ᠶ᠋ᠢ ᠡᠵᠡᠯᠡᠬᠦ ᠪᠡᠷ ᠪᠠᠷᠠᠬᠤ ᠦᠭᠡᠢ ᠳᠡᠯᠡᠬᠡᠢ ᠶ᠋ᠢᠨ ᠵᠣᠬᠢᠶᠠᠯ ᠊ᠣᠨ ᠲᠠᠪᠴᠠᠩ ᠳ᠋ᠤ᠌ ᠥᠪᠡᠷ ᠊ᠥ᠍ᠨ ᠥᠩᠭᠡ ᠭᠢᠯᠪᠠᠭ᠎ᠠ ᠪᠠᠨ ᠰᠠᠴᠤᠷᠠᠭᠤᠯᠤᠭᠰᠠᠨ ᠠᠭᠤᠤ ᠪᠦᠲᠦᠭᠡᠯ
ᠪᠣᠯᠬᠤ ᠶᠤᠮ ᠭᠡᠵᠦ ᠣᠨᠣᠯ ᠤᠬᠠᠭᠳᠠᠬᠤᠨ ᠢ᠋ᠶ᠋ᠠᠷ ᠨᠢ ᠭᠣᠶᠣ ᠰᠠᠢᠬᠠᠨ ᠶᠠᠷᠢᠵᠤ ᠬᠡᠯᠡᠵᠡᠭᠡᠳᠡᠭ ᠪᠣᠯᠪᠠᠴᠤ ᠪᠣᠳᠠᠲᠠᠢ ᠬᠢᠴᠢᠶᠡᠯᠯᠡᠭᠡ ᠶ᠋ᠢᠨ ᠶᠠᠪᠤᠴᠠ ᠳ᠋ᠤ᠌ ᠳᠡᠮᠡᠢ ᠣᠨᠣᠯᠲᠠ ᠦᠭᠡᠢ ᠶ᠋ᠢ ᠠᠩᠬᠠᠷᠬᠤ ᠴᠢᠬᠤᠯᠠ ᠬᠡᠷᠡᠭᠲᠡᠢ ᠪᠣᠯᠵᠠᠢ᠃
ᠪᠠᠭᠠᠲᠤᠷᠯᠢᠭ᠋ ᠲᠤᠤᠯᠢ ᠳ᠋ᠤ᠌ ᠭᠣᠣᠯᠳᠠᠭᠤ ᠲᠠᠯ᠎ᠠ ᠶ᠋ᠢᠨ ᠮᠠᠯᠴᠢᠳ ᠪᠠ ᠣᠢ ᠶ᠋ᠢᠨ ᠠᠩᠴᠢᠳ  ᠤ᠋ᠨ ᠠᠵᠤ ᠠᠮᠢᠳᠤᠷᠠᠯ ᠬᠢᠭᠡᠳ ᠪᠣᠳᠣᠯ ᠰᠠᠨᠠᠭ᠎ᠠ᠂ᠬᠦᠰᠡᠯ ᠮᠥᠷᠥᠭᠡᠳᠦᠯ᠂ ᠠᠮᠢᠳᠤᠷᠠᠯ  ᠤ᠋ᠨ ᠭᠦᠨ ᠤᠬᠠᠭᠠᠨ᠂ ᠬᠡᠯᠡᠨ ᠦ᠌ ᠤᠷᠠᠯᠢᠭ᠂ ᠦᠨᠳᠦᠰᠦᠲᠡᠨ  ᠦ᠌ ᠦᠵᠡᠯ ᠰᠠᠨᠠᠭ᠎ᠠ ᠶ᠋ᠢ ᠠᠮᠢᠳᠤᠯᠢᠭ᠋ ᠳᠦᠷᠰᠦᠯᠢᠭ ᠰᠠᠢᠬᠠᠨ ᠰᠢᠯᠦᠭᠯᠢᠭ ᠬᠡᠯᠡ ᠬᠡᠯᠡᠯᠭᠡ᠂ ᠠᠢᠵᠠᠮ ᠴᠣᠬᠢᠯᠭ᠎ᠠ ᠲᠠᠢ ᠮᠥᠷ ᠪᠠᠳᠠᠭ᠂ ᠡᠷᠲᠡᠨ  ᠦ᠌ ᠰᠣᠩᠭᠣᠳᠠᠭ ᠰᠠᠢᠬᠠᠨ ᠬᠡᠯᠡ ᠬᠡᠯᠡᠯᠭᠡ᠂ ᠰᠡᠳᠬᠢᠯᠭᠡ ᠪᠢᠯᠬᠠᠮ᠎ᠠ᠂ ᠤᠷᠠᠨ ᠨᠠᠢᠷᠠᠭᠤᠯᠭ᠎ᠠ ᠶ᠋ᠢᠨ ᠣᠷᠣᠭᠤᠯᠤᠯ᠂ ᠳᠠᠪᠠᠭᠤᠯᠤᠯ᠂ ᠵᠡᠷᠭᠡᠴᠡᠭᠦᠯᠦᠯ᠂ ᠵᠦᠢᠷᠯᠡᠯ᠂ ᠮᠥᠷ ᠪᠠᠳᠠᠭ ᠲᠠᠭᠠᠨ ᠦᠭᠡ ᠶ᠋ᠢ ᠤᠳᠬ᠎ᠠ ᠢᠵᠢᠯᠰᠢᠭᠦᠯᠬᠦ᠁ ᠵᠡᠷᠭᠡ ᠤᠷᠠᠯᠢᠭ᠋  ᠤ᠋ᠨ ᠣᠨᠴᠠᠯᠢᠭ᠋ ᠢ᠋ ᠬᠠᠳᠠᠭᠠᠯᠠᠭᠰᠠᠨ ᠠ᠋ᠴᠠ ᠳᠡᠯᠡᠬᠡᠢ ᠶ᠋ᠢᠨ ᠤᠷᠠᠨ ᠵᠣᠬᠢᠶᠠᠯ  ᠤ᠋ᠨ ᠲᠠᠪᠴᠠᠩ ᠳ᠋ᠤ᠌ ᠥᠪᠡᠷ ᠦ᠋ᠨ ᠥᠩᠭᠡ ᠭᠢᠯᠪᠠᠭ᠎ᠠ ᠪᠠᠨ ᠰᠠᠴᠤᠷᠠᠭᠤᠯᠤᠭᠰᠠᠨ ᠠᠭᠤᠤ ᠪᠦᠲᠦᠭᠡᠯ ᠪᠣᠯᠬᠤ ᠶᠤᠮ᠃
ᠡᠢᠮᠦ ᠡᠴᠡ ᠪᠡᠨ ᠪᠣᠳᠠᠲᠠᠢ ᠵᠢᠭᠠᠨ ᠰᠤᠷᠭᠠᠬᠤ ᠳ᠋ᠤ᠌ ᠪᠠᠨ ᠡᠳᠡᠭᠡᠷ ᠣᠨᠴᠠᠯᠢᠭ᠋ ᠢ᠋ ᠠᠮᠢᠳᠤᠯᠢᠭ᠋ ᠰᠠᠢᠬᠠᠨ ᠵᠢᠭᠠᠵᠤ᠂ ᠬᠡᠦᠬᠡᠳ ᠦ᠋ᠨ ᠣᠶᠤᠨ ᠰᠠᠨᠠᠭᠠᠨ ᠳ᠋ᠤ᠌ ᠪᠠᠭᠠᠲᠤᠷᠯᠢᠭ᠋ ᠲᠤᠤᠯᠢ ᠶ᠋ᠢᠨ ᠣᠬᠢ ᠰᠢᠮ᠎ᠡ ᠶ᠋ᠢ ᠬᠠᠳᠠᠩᠰᠢᠭᠤᠯᠤᠨ ᠰᠢᠩᠭᠡᠭᠡᠵᠦ ᠵᠢᠭᠠᠨ ᠥᠭᠬᠦ ᠬᠡᠷᠡᠭᠲᠡᠢ᠃
ᠠᠷᠠᠳ  ᠤ᠋ᠨ ᠠᠮᠠᠨ ᠵᠣᠬᠢᠶᠠᠯ ᠊ᠢ ᠬᠡᠷᠬᠢᠨ ᠵᠢᠭᠠᠭᠰᠠᠨ ᠲᠤᠷᠰᠢᠯᠭ᠎ᠠ ᠪᠠᠨ ᠳᠥᠷᠪᠡᠨ ᠲᠠᠯ᠎ᠠ ᠪᠠᠷ ᠰᠢᠨᠵᠢᠯᠡᠨ ᠵᠠᠳᠠᠯᠤᠨ ᠶᠠᠷᠢᠶ᠎ᠠ!
ᠨᠢᠭᠡ᠂ ᠠᠮᠠᠨ ᠵᠣᠬᠢᠶᠠᠯ ᠳ᠋ᠠᠬᠢ ᠡᠷᠲᠡᠨ ᠦ᠌ ᠮᠣᠩᠭᠣᠯᠴᠤᠳ ᠤ᠋ᠨ ᠪᠡᠶᠡᠯᠢᠭ ᠰᠠᠢᠬᠠᠨ ᠠᠮᠢᠳᠤ ᠳᠦᠷᠰᠦᠯᠢᠭ ᠠᠮᠠᠨ ᠶᠠᠷᠢᠶ᠎ᠠ᠂ ᠪᠠᠭᠠᠲᠤᠷᠯᠢᠭ᠋ ᠵᠣᠷᠢᠭ ᠰᠠᠨᠠᠭ᠎ᠠ᠂ ᠰᠡᠴᠡᠨ ᠰᠡᠷᠭᠦᠯᠡᠩ ᠠᠪᠬᠠᠯᠵᠢ ᠤᠬᠠᠭᠠᠨ ᠢ᠋ ᠰᠢᠨᠵᠢᠯᠡᠨ ᠰᠤᠳᠤᠯᠤᠨ ᠵᠢᠭᠠᠶ᠎ᠠ!
ᠪᠠᠭ᠎ᠠ ᠰᠤᠷᠭᠠᠭᠤᠯᠢ ᠶ᠋ᠢᠨ ᠲᠠᠪᠤᠳᠤᠭᠠᠷ ᠣᠨ ᠤ᠋ ᠳᠡᠭᠡᠳᠦ ᠳᠡᠪᠲᠡᠷ ᠲᠦ᠍ 《ᠮᠣᠭᠵᠤᠭᠤᠠᠠᠠᠨ ᠳᠠᠭ᠎ᠠ ᠲᠠᠢ ᠵᠣᠭᠵᠤᠭᠤᠬᠠᠠ ᠬᠦᠦ》 ᠳ᠋ᠦ᠍
⒈᠂ ᠵᠣᠭᠵᠤᠭᠤᠬᠠᠠ ᠬᠦᠦ ᠮᠣᠭᠵᠤᠭᠤᠠᠠᠠᠨ ᠳᠠᠭ᠎ᠠ ᠪᠠᠨ ᠤᠨᠤᠭᠠᠳ ᠨᠢᠭᠡ ᠡᠳᠦᠷ ᠲᠠᠷᠳᠠᠩᠬᠠᠨ ᠵᠠᠮ ᠢ᠋ᠶ᠋ᠠᠷ ᠲᠠᠰᠢᠭᠤᠷᠳᠠᠩᠬᠠᠨ ᠳᠠᠪᠬᠢᠩᠬᠠᠨ ᠶᠠᠪᠤᠵᠤ ᠪᠠᠢᠲᠠᠯ᠎ᠠ ᠨᠢ ᠰᠢᠯᠤᠭᠤᠬᠠᠨ ᠨᠦᠬᠡ ᠤᠷᠤᠭᠤ ᠱᠣᠯᠳᠤᠩᠬᠠᠨ ᠵᠤᠷᠠᠮ᠎ᠠ ᠭᠤᠯᠳᠤᠩᠬᠠᠨ ᠬᠢᠭᠡᠳ ᠣᠷᠣᠴᠢᠬᠠᠵᠠᠢ᠃
《ᠲᠤᠰ ᠬᠡᠰᠡᠭᠯᠡᠯ ᠳ᠋ᠦ᠍ ᠲᠠᠷᠳᠠᠩᠬᠠᠨ ᠵᠠᠮ᠂ ᠲᠠᠰᠢᠭᠤᠷᠳᠠᠩᠬᠠᠨ᠂ ᠳᠠᠪᠬᠢᠩᠬᠠᠨ᠂ ᠰᠢᠯᠤᠭᠤᠬᠠᠨ ᠨᠦᠬᠡ ᠤᠷᠤᠭᠤ ᠱᠣᠯᠳᠤᠩᠬᠠᠨ ᠵᠤᠷᠠᠮ᠎ᠠ ᠭᠤᠯᠳᠤᠩᠬᠠᠨ ᠬᠢᠭᠡᠳ ᠣᠷᠣᠴᠢᠬᠠᠵᠠᠢ᠃ 》ᠭᠡᠬᠦ ᠮᠡᠲᠦ ᠶ᠋ᠢᠨ ᠬᠡᠳᠦᠨ ᠦᠭᠡ ᠪᠡᠷ ᠵᠢᠭᠠᠯ ᠬᠦᠦ᠂ ᠪᠢᠴᠢᠬᠠᠨ ᠳᠠᠭ᠎ᠠ ᠪᠠᠨ ᠤᠨᠤᠭᠠᠳ ᠬᠥᠳᠡᠭᠡ ᠶ᠋ᠢᠨ ᠵᠥᠷᠢᠭ ᠵᠠᠮ ᠢ᠋ᠶ᠋ᠠᠷ ᠳᠠᠭ᠎ᠠ ᠪᠠᠨ ᠵᠥᠭᠡᠯᠡᠨ ᠲᠠᠰᠢᠭᠤᠷᠳᠠᠨ ᠲᠣᠭᠰᠢᠭᠤᠯᠤᠨ ᠶᠠᠪᠤᠬᠤ ᠳ᠋ᠤ᠌ ᠪᠢᠴᠢᠬᠠᠨ ᠵᠤᠷᠠᠮ᠎ᠠ ᠨᠦᠬᠡ ᠤᠷᠤᠭᠤ ᠭᠤᠯᠭᠢᠰ ᠬᠢᠨ ᠣᠷᠣᠬᠤ ᠪᠠᠢᠳᠠᠯ ᠢ᠋ ᠨᠢᠳᠦᠨ ᠳ᠋ᠦ᠍ ᠦᠵᠡᠭᠳᠡᠮ᠎ᠡ᠂ ᠭᠠᠷ ᠲᠤ᠌ ᠪᠠᠷᠢᠭᠳᠠᠮ᠎ᠠ ᠠᠮᠢᠳᠤ ᠳᠦᠷᠰᠦᠯᠢᠭ ᠭᠣᠶᠣ ᠰᠠᠶᠢᠬᠠᠨ ᠢᠯᠡᠳᠬᠡᠪᠡ᠃
⒉᠂ ᠠᠳᠤᠭᠤᠴᠢᠨ᠂ ᠲᠡᠭᠷᠢ ᠴᠢᠮ᠎ᠠ ᠶ᠋ᠢ ᠨᠢᠷᠭᠡᠭ ᠭᠡᠬᠦ  ᠳ᠋ᠦ᠍ ᠵᠣᠭᠵᠤᠭᠤᠬᠠᠠ ᠬᠦᠦ᠄
ᠴᠡᠴᠡᠨ ᠦᠭᠡ ᠴᠡᠭᠡᠵᠢᠨ ᠳ᠋ᠦ᠍
ᠴᠡᠴᠡᠭ ᠨᠠᠪᠴᠢ ᠠᠭᠤᠯᠠᠨ ᠳ᠋ᠤ᠌
ᠬᠣᠱᠣᠩ ᠦᠭᠡ ᠬᠣᠭᠣᠯᠠᠢ ᠳ᠋ᠤ᠌
ᠬᠣᠩᠬᠣ ᠳᠠᠮᠠᠷᠤ ᠯᠠᠮᠠ ᠳ᠋ᠤ᠌ ᠪᠠᠢᠳᠠᠭ᠃
ᠳᠠᠬᠤ ᠲᠠᠢ ᠪᠠᠷ ᠨᠢ ᠲᠠᠨ ᠢ᠋ ᠨᠢᠷᠭᠡᠭ
ᠳᠠᠯᠠᠩ ᠲᠠᠢ ᠪᠠᠷ ᠨᠢ ᠠᠵᠢᠷᠭ᠎ᠠ ᠶ᠋ᠢ ᠴᠢᠨᠢ ᠨᠢᠷᠭᠡᠭ
ᠳᠠᠭᠠᠬᠢ ᠲᠠᠢ ᠪᠠᠷ ᠨᠢ ᠳᠠᠭ᠎ᠠ ᠶ᠋ᠢ ᠴᠢᠨᠢ ᠨᠢᠷᠭᠡᠭ! ᠭᠡᠵᠦ ᠠᠳᠤᠭᠤᠴᠢᠨ ᠢ᠋ ᠬᠠᠷᠢᠭᠤ ᠦᠭᠡ ᠦᠭᠡᠢ ᠪᠣᠯᠭᠠᠨ ᠨᠢᠴᠤᠭᠠᠪᠠ᠃
⒊ᠢᠮᠠᠭᠠᠨ ᠲᠣᠯᠣᠭᠠᠢ ᠶᠠᠮᠪᠠᠨ ᠳ᠋ᠤ᠌ ᠣᠷᠣᠳᠠᠭ ᠦᠭᠡᠢ
ᠶᠠᠨᠲᠠᠭᠠᠷ ᠬᠠᠲᠤᠨ ᠵᠠᠷᠭᠤ ᠰᠢᠭᠦᠳᠡᠭ ᠦᠭᠡᠢ
ᠲᠡᠮᠡᠭᠡᠨ ᠲᠣᠯᠣᠭᠠᠢ ᠲᠠᠪᠰᠢᠨ ᠳ᠋ᠤ᠌ ᠪᠠᠭᠲᠠᠳᠠᠭ ᠦᠭᠡᠢ
ᠲᠡᠨᠲᠡᠭᠡᠷ ᠬᠠᠲᠤᠨ ᠵᠠᠷᠭᠤ ᠰᠢᠭᠦᠳᠡᠭ ᠦᠭᠡᠢ
ᠬᠣᠨᠢᠨ ᠲᠣᠯᠣᠭᠠᠢ ᠶ᠋ᠢ ᠬᠣᠢᠮᠣᠷ ᠲᠤ᠌ ᠳᠡᠭᠡᠵᠢᠯᠡᠳᠡᠭ
ᠬᠣᠲᠠᠯᠠ ᠳ᠋ᠤ᠌ ᠨᠡᠷᠡᠲᠡᠢ ᠬᠠᠭᠠᠨ ᠢ᠋ᠶ᠋ᠠᠷ ᠢ᠋ᠶ᠋ᠠᠨ ᠵᠠᠷᠭᠤ ᠰᠢᠭᠦᠯᠭᠡᠨ᠎ᠡ!ᠭᠡᠮᠡᠨ ᠬᠠᠲᠤᠨ ᠢ᠋ ᠮᠥᠨ ᠦᠭᠡ ᠳᠠᠭᠤ ᠦᠭᠡᠢ ᠬᠠᠭ᠎ᠠ ᠨᠢᠴᠤᠭᠠᠪᠠ᠃ ᠵᠣᠭᠵᠤᠭᠤᠬᠠᠠ ᠬᠦᠦ ᠶ᠋ᠢᠨ ᠡᠳᠡᠭᠡᠷ ᠴᠡᠴᠡᠨ ᠮᠡᠷᠭᠡᠨ ᠦᠭᠡ ᠶᠠᠷᠢᠶ᠎ᠠ᠂ ᠶᠠᠭᠤᠨ ᠠ᠋ᠴᠠ ᠠᠶᠤᠬᠤ ᠦᠭᠡᠢ ᠰᠥᠰᠥ ᠵᠣᠷᠢᠭ ᠠ᠋ᠴᠠ ᠬᠠᠭᠠᠨ ᠤ᠋ ᠠᠯᠪᠠᠲᠤ᠂ ᠲᠦᠰᠢᠮᠡᠳ ᠨᠢ ᠬᠠᠷᠠᠴᠤ ᠠᠷᠠᠳ ᠤ᠋ᠨ ᠰᠡᠴᠡᠨ ᠰᠡᠷᠭᠦᠯᠡᠩ᠂ ᠰᠠᠷᠠᠭᠤᠯ ᠤᠬᠠᠭᠠᠨ᠂ ᠬᠡᠯᠡ ᠠᠮᠠᠨ ᠳ᠋ᠤ᠌ ᠪᠠᠨ ᠬᠤᠷᠴᠠ ᠪᠠᠢᠳᠠᠭ ᠢ᠋
ᠠᠶᠤᠨ ᠪᠢᠰᠢᠷᠡᠭᠡᠳ ᠳᠣᠷᠣᠮᠵᠢᠯᠠᠬᠤ ᠪᠠᠨ ᠪᠣᠯᠢᠭᠰᠠᠨ ᠭᠡᠨ᠎ᠡ᠃
ᠡᠳᠡᠭᠡᠷ ᠦᠢᠯᠡ ᠶᠠᠪᠤᠳᠠᠯ ᠢ᠋ ᠦᠨᠳᠦᠰᠦᠯᠡᠵᠦ᠂ ᠰᠤᠷᠤᠭᠴᠢ ᠪᠠᠷ ᠢ᠋ᠶ᠋ᠠᠨ ᠳᠣᠣᠷᠠᠬᠢ ᠬᠡᠯᠡᠴᠡ ᠶ᠋ᠢ ᠡᠷᠢᠭᠦᠯᠵᠦ᠂ ᠶᠠᠷᠢᠭᠤᠯᠵᠤ ᠬᠡᠯᠡᠴᠡ ᠪᠡᠷ ᠰᠠᠨᠠᠭ᠎ᠠ ᠶ᠋ᠢ ᠬᠤᠷᠢᠶᠠᠩᠭᠤᠢᠯᠠᠬᠤ ᠴᠢᠳᠠᠪᠤᠷᠢ ᠶ᠋ᠢ ᠪᠣᠯᠪᠠᠰᠤᠷᠠᠭᠤᠯᠬᠤ ᠳ᠋ᠤ᠌ ᠲᠤᠢᠯ  ᠤ᠋ᠨ ᠠᠰᠢᠭᠲᠠᠢ ᠶᠤᠮ᠃ ᠵᠢᠱ᠌ᠢᠶᠡᠯᠡᠪᠡᠯ᠂
⑴᠂ ᠶᠠᠳᠠᠭᠤ ᠬᠥᠮᠦᠨ ᠳ᠋ᠦ᠍ ᠨᠣᠶᠠᠨ ᠠᠷᠪᠢᠨ

ᠶᠠᠪᠠᠭᠠᠨ ᠬᠥᠮᠦᠨ ᠳ᠋ᠦ᠍ ᠲᠠᠪᠠᠭ ᠠᠷᠪᠢᠨ᠃
⑵᠂ ᠶᠠᠳᠠᠭᠤ ᠬᠥᠮᠦᠨ
ᠶᠠᠰᠤ ᠬᠠᠲᠠᠭᠤ᠃
⑶᠂ ᠶᠠᠳᠠᠩᠬᠠᠢ ᠪᠣᠯᠪᠠᠴᠤ
ᠶᠠᠰᠤᠨ ᠳ᠋ᠤ᠌ ᠪᠠᠨ ᠱᠥᠯᠥ ᠲᠡᠢ
ᠬᠣᠶᠠᠷ᠂ ᠡᠷᠲᠡᠨ  ᠦ᠌ ᠮᠣᠩᠭᠣᠯᠴᠤᠳ ᠤ᠋ᠨ ᠠᠮᠢᠳᠤᠷᠠᠯ ᠶᠠᠪᠤᠴᠠ ᠳ᠋ᠤ᠌ ᠪᠠᠨ ᠭᠦᠨ ᠤᠬᠠᠭᠠᠨ  ᠤ᠋ ᠠᠷᠭ᠎ᠠ ᠤᠬᠠᠭᠠᠨ ᠢ᠋ ᠬᠠᠪᠤᠯᠢᠭ᠋ ᠰᠠᠢᠬᠠᠨ ᠬᠡᠷᠡᠭᠯᠡᠵᠦ᠂ ᠲᠡᠷᠰᠯᠡᠭᠦᠦ ᠡᠲᠡᠭᠡᠳ ᠢ᠋ᠶ᠋ᠡᠨ ᠨᠤᠮᠤᠠᠬᠠᠵᠤ ᠂ ᠳᠠᠷᠬᠠᠨ ᠴᠣᠯᠠ ᠪᠠᠨ ᠬᠠᠮᠠᠭᠠᠯᠠᠳᠠᠭ ᠠᠷᠭ᠎ᠠ ᠶ᠋ᠢ ᠵᠢᠱ᠌ᠢᠶ᠎ᠡ ᠲᠠᠲᠠᠵᠤ ᠵᠢᠭᠠᠶ᠎ᠠ!
ᠵᠢᠱ᠌ᠢᠶᠡᠯᠡᠪᠡᠯ᠂ ᠠᠩᠬ᠎ᠠ ᠳᠤᠮᠳᠠᠳᠤ ᠶ᠋ᠢᠨ ᠳᠣᠯᠣᠳᠤᠭᠠᠷ ᠣᠨ ᠤ᠋ ᠳᠡᠭᠡᠳᠦ ᠳᠡᠪᠲᠡᠷ ᠲᠦ᠍ 《 ᠲᠣᠭᠰᠢᠨ ᠬᠠᠷ᠎ᠠ ᠯᠤᠤᠰ ᠤ᠋ᠨ ᠬᠠᠭᠠᠨ ᠢ᠋
ᠳᠠᠷᠤᠭᠰᠠᠨ ᠨᠢ 》 ᠳ᠋ᠦ᠍ ᠣᠳᠣᠢ ᠡᠪᠦᠭᠡᠨ ᠦ᠌ ᠬᠠᠷᠭᠢᠰ ᠬᠡᠷᠴᠡᠭᠡᠢ ᠡᠲᠡᠭᠡᠳ ᠲᠦ᠍ ᠠᠪᠤᠭᠰᠠᠨ ᠮᠡᠷᠭᠡᠨ ᠠᠷᠭ᠎ᠠ ᠤᠬᠠᠭᠠᠨ ᠢ᠋ ᠵᠢᠱ᠌ᠢᠶ᠎ᠡ ᠲᠡᠳᠡᠨ ᠦᠵᠡᠶ᠎ᠡ!
ᠣᠳᠣᠢ ᠡᠪᠦᠭᠡᠨ ᠥᠪᠡᠷ ᠦ᠋ᠨ ᠢ᠋ᠶ᠋ᠡᠨ ᠠᠮᠢᠳᠤᠷᠠᠯ ᠳ᠋ᠤ᠌ ᠯᠠ ᠪᠠᠢᠳᠠᠭ ᠲᠡᠭᠡ ᠶ᠋ᠢᠨ ᠡᠪᠡᠷ ᠦ᠋ᠨ ᠬᠠᠯᠪᠠᠭ᠎ᠠ᠂ ᠲᠡᠮᠡᠭᠡᠨ ᠬᠦᠵᠦᠭᠦᠨ ᠤᠭᠤᠲᠠ ᠵᠡᠷᠭᠡ ᠶ᠋ᠢᠨ ᠡᠪ ᠡᠩ  ᠦ᠋ᠨ ᠪᠠᠭᠠᠵᠢ ᠬᠡᠷᠡᠭᠰᠡᠯ ᠢ᠋ᠶ᠋ᠡᠨ ᠠᠰᠢᠭᠯᠠᠨ᠂ ᠯᠤᠤᠰ ᠤ᠋ᠨ ᠬᠠᠭᠠᠨ ᠢ᠋ ᠳᠠᠷᠤᠵᠤ᠂ ᠠᠷᠠᠳ ᠲᠦᠮᠡᠨ ᠢ᠋ ᠵᠣᠯ ᠵᠢᠷᠭᠠᠯ ᠲᠠᠢ ᠠᠮᠢᠳᠤᠷᠠᠭᠤᠯᠵᠤ ᠴᠢᠳᠠᠭᠰᠠᠨ ᠪᠠᠢᠨ᠎ᠠ᠃ ᠡᠳᠡᠭᠡᠷ ᠪᠠᠭᠠᠵᠢ ᠵᠡᠪᠰᠡᠭ ᠨᠢ ᠳᠣᠭᠰᠢᠨ ᠬᠠᠷ᠎ᠠ ᠯᠤᠤᠰ  ᠤ᠋ᠨ ᠬᠠᠭᠠᠨ ᠢ᠋ ᠳᠠᠷᠤᠬᠤ ᠳ᠋ᠤ᠌ ᠳᠤᠲᠠᠭᠳᠠᠰᠢ ᠦᠭᠡᠢ ᠨᠥ᠋ᠬᠥᠴᠡᠯ ᠪᠣᠯᠳᠠᠭ᠃ ᠣᠳᠣᠢ ᠡᠪᠦᠭᠡᠨ ᠯᠤᠤᠰ  ᠤ᠋ᠨ ᠬᠠᠭᠠᠨ ᠢ᠋ ᠳᠠᠷᠤᠬᠤ ᠪᠠᠷ ᠶᠠᠪᠤᠬᠤ ᠳ᠋ᠤ᠌ ᠪᠠᠨ ᠲᠠᠩᠭᠢᠰ᠂ᠦᠨᠡᠭᠡ᠂ ᠴᠢᠨᠣ᠎ᠠ ᠲᠠᠢ ᠲᠠᠭᠠᠷᠠᠯᠳᠤᠬᠤ ᠳ᠋ᠤ᠌ ᠡᠪᠦᠭᠡᠨ ᠢ᠋ ᠶᠡᠬᠡ ᠪᠡᠷ ᠪᠠᠰᠤᠮᠵᠢᠯᠠᠨ ᠱᠣᠣᠯᠠᠭᠰᠠᠨ ᠳ᠋ᠤ᠌ ᠡᠪᠦᠭᠡᠨ ᠠᠵᠢᠭ ᠴᠤ᠌ ᠦᠭᠡᠢ ᠪᠡᠷ ᠲᠡᠳᠡᠭᠡᠷ ᠢ᠋ ᠤᠭᠤᠲᠠᠯᠠᠨ ᠠᠪᠤᠭᠠᠳ 《ᠬᠠᠯᠳᠠᠬᠤ ᠪᠠᠷ ᠢᠷᠡᠭᠰᠡᠳ ᠢ᠋ ᠭᠠᠷ ᠊ᠣᠨ ᠠᠶ᠎ᠠ ᠪᠠᠷ ᠢ᠋ᠶ᠋ᠠᠨ ᠨᠣᠮᠣᠬᠠᠳᠬᠠᠳᠠᠭ᠃ ᠵᠢᠱ᠌ᠢᠶᠡᠯᠡᠬᠦ  ᠳ᠋ᠦ᠍ 《ᠪᠢ᠂ ᠬᠥᠮᠦᠨ ᠲᠥᠷᠥᠯᠬᠢᠲᠡᠨ ᠊ᠥ ᠵᠠᠨᠤᠯᠲᠤ ᠳᠠᠢᠰᠤᠨ ᠲᠣᠭᠰᠢᠨ ᠬᠠᠭᠠᠨ ᠯᠤᠤᠰ ᠊ᠣᠨ ᠬᠠᠭᠠᠨ ᠢ᠋ ᠳᠠᠷᠤᠬᠤ ᠪᠠᠷ ᠢᠷᠡᠵᠡᠢ!》 ᠭᠡᠵᠦ ᠲᠡᠭᠷᠢ ᠭᠠᠵᠠᠷ ᠢ᠋ ᠳᠣᠷᠭᠢᠲᠠᠯ᠎ᠠ ᠯᠤᠤᠰ ᠊ᠣᠨ ᠵᠢᠷᠦᠬᠡ ᠶ᠋ᠢ ᠴᠡᠴᠡᠷᠡᠲᠡᠯ᠎ᠡ ᠬᠠᠰᠬᠢᠷᠬᠤ ᠳ᠋ᠤ᠌ ᠲᠣᠭᠰᠢᠨ ᠬᠠᠭᠠᠨ ᠯᠤᠤᠰ ᠊ᠣᠨ ᠬᠠᠭᠠᠨ ᠲᠦᠮᠡᠨ ᠬᠣᠨᠢ ᠪᠠᠨ ᠲᠠᠯᠪᠢᠵᠤ᠂ ᠲᠣᠭᠣᠰᠣ ᠪᠠᠷ ᠨᠢ ᠣᠳᠣᠢ ᠡᠪᠦᠭᠡᠨ ᠢ᠋ ᠳᠠᠷᠤᠵᠤ ᠠᠯᠠᠬᠤ ᠭᠡᠵᠦ ᠬᠣᠨᠢ ᠪᠠᠨ ᠲᠠᠯᠪᠢᠬᠤ ᠳ᠋ᠤ᠌ ᠣᠳᠣᠢ ᠡᠪᠦᠭᠡᠨ᠂ ᠲᠡᠮᠡᠭᠡᠨ ᠬᠦᠵᠦᠭᠦᠨ ᠤᠭᠤᠲᠠ ᠠ᠋ᠴᠠ ᠴᠢᠨᠣ᠎ᠠ ᠪᠠᠨ ᠲᠠᠯᠪᠢᠬᠤ ᠳ᠋ᠤ᠌ ᠬᠣᠨᠢᠳ ᠨᠢ ᠭᠣᠳ ᠳᠤᠲᠠᠭᠠᠪᠠ᠃ ᠳᠠᠷᠠᠭ᠎ᠠ ᠳ᠋ᠤ᠌ ᠨᠢ ᠳᠣᠭᠰᠢᠨ ᠬᠠᠭᠠᠨ ᠯᠤᠤᠰ  ᠤ᠋ᠨ ᠬᠠᠭᠠᠨ ᠬᠠᠰᠠᠷ ᠬᠤᠰᠤᠷ ᠬᠣᠶᠠᠷ ᠨᠣᠬᠠᠢ ᠪᠠᠨ ᠲᠠᠯᠪᠢᠬᠤ ᠳ᠋ᠤ᠌ ᠣᠳᠣᠢ ᠡᠪᠦᠭᠡᠨ ᠤᠭᠤᠲᠠᠨ ᠳ᠋ᠠᠬᠢ ᠦᠨᠡᠭᠡ ᠪᠡᠨ ᠲᠠᠯᠪᠢᠬᠤ ᠳ᠋ᠤ᠌ ᠨᠣᠬᠠᠢ ᠨᠢ ᠲᠡᠭᠦᠨ ᠢ᠋ ᠲᠠᠭᠤᠭᠠᠳ ᠠᠯᠠᠭ᠎ᠠ ᠪᠣᠯᠪᠠ᠃ ᠬᠠᠮᠤᠭ ᠰᠡᠭᠦᠯ ᠳ᠋ᠦ᠍ ᠨᠢ ᠬᠠᠭᠠᠨ ᠲᠦᠮᠡᠨ ᠴᠡᠷᠢᠭ ᠢ᠋ᠶ᠋ᠡᠷ ᠢ᠋ᠶ᠋ᠡᠨ ᠣᠳᠣᠢ ᠡᠪᠦᠭᠡᠨ ᠢ᠋ ᠪᠦᠰᠡᠯᠡᠨ ᠳᠠᠭᠠᠷᠢᠬᠤ ᠳ᠋ᠤ᠌ ᠲᠡᠭᠡ ᠶ᠋ᠢᠨ ᠡᠪᠡᠷ ᠳᠠᠬᠢ ᠤᠰᠤ ᠪᠠᠨ ᠴᠢᠳᠬᠤᠬᠤ ᠳ᠋ᠤ᠌ ᠬᠠᠭᠠᠨ ᠤ᠋ ᠪᠠᠢᠳᠠᠭ ᠶᠠᠭᠤᠮ᠎ᠠ ᠨᠢ ᠦᠶᠡᠷ  ᠦ᠋ᠨ ᠤᠰᠤᠨ ᠳ᠋ᠤ᠌ ᠪᠦᠷᠢᠮᠦᠰᠦᠨ ᠠᠯᠠᠭ᠎ᠠ ᠪᠣᠯᠪᠠ᠃ ᠰᠡᠴᠡᠨ ᠮᠡᠷᠭᠡᠨ ᠠᠷᠠᠳ ᠲᠦᠮᠡᠨ ᠠᠮᠢᠳᠤᠷᠠᠯ ᠤ᠋ᠨ ᠡᠪ ᠡᠩ ᠭᠦ᠋ᠨ ᠤᠬᠠᠭᠠᠨ ᠤ᠋ ᠶᠣᠰᠣᠨ ᠢ᠋ ᠪᠣᠳᠠᠲᠠᠢ ᠠᠮᠢᠳᠤᠷᠠᠯ  ᠤ᠋ᠨ ᠳᠤᠮᠳᠠ ᠪᠠᠨ ᠢᠩᠭᠢᠵᠦ ᠲᠤᠤᠱᠲᠠᠢ ᠰᠠᠢᠬᠠᠨ ᠬᠡᠷᠡᠭᠵᠢᠭᠦᠯᠦᠭᠰᠡᠭᠡᠷ ᠯᠡ ᠢᠷᠡᠭᠰᠡᠨ ᠡᠴᠡ 《ᠠᠢᠯ ᠠ᠋ᠴᠠ ᠡᠷᠢᠬᠦ ᠪᠡᠷ ᠢ᠋ᠶ᠋ᠡᠨᠠᠪᠳᠠᠷ᠎ᠠ ᠠ᠋ᠴᠠ ᠪᠠᠨ ᠡᠷᠢᠬᠦ 》ᠭᠡᠳᠡᠭ ᠵᠦᠢᠷ ᠰᠡᠴᠡᠨ ᠦᠭᠡ ᠢᠩᠭᠢᠵᠦ ᠯᠡ ᠪᠣᠢ ᠪᠣᠯᠤᠭᠰᠠᠨ ᠶᠣᠰᠣ ᠤᠴᠢᠷ ᠢ᠋ ᠮᠡᠳᠡᠭᠦᠯᠵᠦ ᠪᠣᠯᠤᠨ᠎ᠠ ᠃
ᠭᠤᠷᠪᠠ᠂ ᠤᠳᠬ᠎ᠠ ᠢᠵᠢᠯᠰᠢᠭᠦᠯᠬᠦ ᠠᠷᠭ᠎ᠠ ᠶ᠋ᠢ ᠬᠡᠯᠡᠨ ᠦ᠌ ᠵᠦᠢ ᠲᠡᠢ ᠤᠶᠠᠯᠳᠤᠭᠤᠯᠤᠨ ᠵᠢᠭᠠᠶ᠎ᠠ!
ᠳᠣᠯᠣᠳᠤᠭᠠᠷ ᠣᠨ ᠤ᠋ ᠳᠡᠭᠡᠳᠦ ᠳᠡᠪᠲᠡᠷ 《 ᠠᠷᠠᠭ ᠤᠯᠠᠭᠠᠨ ᠬᠣᠩᠭᠣᠷ ᠬᠦᠷᠡᠯ ᠵᠠᠮᠪᠠᠯ ᠬᠠᠭᠠᠨ ᠤ᠋ ᠬᠥᠪᠡᠭᠦᠨ ᠯᠤᠭᠡ ᠪᠠᠢᠷᠢ ᠪᠠᠷᠢᠯᠳᠤᠭᠰᠠᠨ》ᠪᠦᠯᠦᠭ ᠲᠦ᠍ ᠄
⒈ᠲᠡᠢᠨ ᠦ᠌ ᠴᠠᠭ ᠲᠤ᠌ ᠲᠦᠩ ᠪᠣᠯᠤᠯᠴᠠᠶ᠎ᠠ ᠂
ᠳᠠᠢᠪᠠᠯᠵᠠᠬᠤ ᠴᠠᠭ ᠲᠤ᠌ ᠳᠤᠯᠭᠠᠷᠢ ᠪᠣᠯᠤᠯᠴᠠᠶ᠎ᠠ !
ᠳᠣᠯᠣᠳᠤᠭᠠᠷ ᠣᠨ ᠤ᠋ ᠳᠣᠣᠷᠠᠲᠤ ᠳᠡᠪᠲᠡᠷ 《ᠲᠣᠭᠣᠭᠠᠨ ᠰᠢᠷᠡᠮᠦᠨ ᠬᠠᠨ ᠳ᠋ᠤ᠌》
2.ᠠᠢᠯ ᠳ᠋ᠤ᠌ ᠣᠷᠣᠬᠤ ᠳ᠋ᠤ᠌ ᠴᠢᠨᠢ
ᠠᠶᠠᠭᠠᠨ ᠴᠢᠨᠢ ᠲᠠᠯᠪᠢᠭᠤᠷ ᠪᠣᠯᠤᠶ᠎ᠠ
ᠠᠪᠠ ᠳ᠋ᠤ᠌ ᠶᠠᠪᠤᠬᠤ ᠳ᠋ᠤ᠌ ᠴᠢᠨᠢ
ᠠᠭᠲᠠ ᠮᠣᠷᠢᠨ ᠤ᠋ ᠴᠢᠨᠢ ᠵᠢᠯᠣᠭᠣ ᠪᠣᠯᠤᠶ᠎ᠠ !
⒊ᠠᠪᠤ ᠶ᠋ᠢᠨ ᠲᠦᠯᠬᠢᠨ ᠳ᠋ᠦ᠍ ᠦᠵᠡᠪᠡᠯ
ᠠᠯᠠᠯ ᠦᠭᠡᠢ ᠪᠣᠯᠬᠤ ᠦᠭᠡᠢ
ᠡᠵᠢ ᠶ᠋ᠢᠨ ᠲᠦᠯᠬᠢᠨ ᠳ᠋ᠦ᠍ ᠦᠵᠡᠪᠡᠯ
ᠡᠪᠳᠡᠯᠡ ᠦᠭᠡᠢ ᠪᠣᠯᠬᠤ ᠦᠭᠡᠢ᠃
ᠳᠡᠭᠡᠳᠦ ᠳᠤᠮᠳᠠᠳᠤ ᠶ᠋ᠢᠨ ᠲᠠᠪᠤᠳᠤᠭᠠᠷ ᠳᠡᠪᠲᠡᠷ ᠲᠦ᠍ 《ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ 》 ᠲᠤ᠌ ᠄ ᠮᠠᠩᠭᠤᠰ ᠭᠤᠨᠠᠭᠠᠨ ᠤᠯᠠᠭᠠᠨ ᠪᠠᠭᠠᠲᠤᠷ ᠲᠤ᠌
4.ᠠᠶᠠᠨ ᠳ᠋ᠤ᠌ ᠶᠠᠪᠤᠬᠤ ᠳ᠋ᠤ᠌ ᠴᠢᠨᠢ
ᠠᠴᠢᠶ᠎ᠠ ᠶ᠋ᠢ ᠴᠢᠨᠢ ᠳᠠᠭᠠᠶ᠎ᠠ
ᠠᠩ ᠳ᠋ᠤ᠌ ᠶᠠᠪᠤᠬᠤ ᠳ᠋ᠤ᠌ ᠴᠢᠨᠢ
ᠠᠩ ᠢ᠋ ᠴᠢᠨᠢ ᠴᠤᠭᠯᠠᠭᠤᠯᠤᠶ᠎ᠠ
ᠠᠷᠢᠬᠢ ᠤᠤᠭᠤᠬᠤ ᠳ᠋ᠤ᠌ ᠴᠢᠨᠢ ᠰᠥᠩ ᠲᠦᠰᠢᠶ᠎ᠡ
ᠨᠣᠮᠣᠬᠠᠨ ᠮᠣᠷᠢᠨ ᠤ᠋ ᠴᠢᠨᠢ ᠨᠣᠭᠲᠣ ᠪᠣᠯᠤᠶ᠎ᠠ
ᠲᠣᠭᠰᠢᠨ ᠮᠣᠷᠢᠨ ᠤ᠋ ᠴᠢᠨᠢ ᠴᠢᠳᠥᠷ ᠪᠣᠯᠤᠶ᠎ᠠ
ᠠᠬ᠎ᠠ ᠳᠡᠭᠦᠦ ᠪᠣᠯᠤᠨ ᠨᠥᠬᠥᠷᠯᠡᠶ᠎ᠡ!
ᠡᠳᠡᠭᠡᠷ ᠤᠳᠬ᠎ᠠ ᠢᠵᠢᠯᠢᠰᠢᠭᠰᠡᠨ ᠬᠡᠰᠡᠭ ᠪᠠᠳᠠᠭ ᠦ᠋ᠳ ᠢ᠋ ᠡᠮᠬᠢᠳᠬᠡᠨ ᠴᠤᠭᠯᠠᠭᠤᠯᠵᠤ᠂ ᠵᠢᠭᠠᠪᠠᠯ ᠰᠤᠷᠤᠭᠴᠢᠳ ᠣᠶᠤᠨ ᠲᠠᠷᠢᠬᠢᠨ ᠳ᠋ᠤ᠌
 ᠪᠠᠨ ᠬᠡᠯᠬᠢᠶᠡᠰᠦᠯᠡᠵᠦ ᠰᠠᠭᠤᠭᠳᠠᠭᠤᠯᠵᠤ᠂ ᠵᠢᠩᠬᠢᠨᠢ ᠥᠪᠡᠷ  ᠦ᠋ᠨ ᠢ᠋ᠶ᠋ᠡᠨ ᠶᠠᠭᠤᠮ᠎ᠠ ᠪᠣᠯᠭᠠᠵᠤ ᠵᠣᠬᠢᠶᠠᠨ ᠪᠢᠴᠢᠬᠦ  ᠳ᠋ᠦ᠍ ᠪᠡᠨ ᠠᠰᠢᠭᠯᠠᠵᠤ ᠳᠡᠢᠯᠬᠦ ᠮᠥᠷᠲᠡᠭᠡᠨ ᠳᠠᠭᠤᠷᠢᠶᠠᠨ ᠪᠢᠴᠢᠵᠦ ᠴᠢᠳᠠᠨ᠎ᠠ᠃ ᠬᠠᠷᠢᠨ ᠡᠳᠡᠭᠡᠷ ᠠᠭᠤᠯᠭ᠎ᠠ ᠶ᠋ᠢ ᠦᠬᠦᠮᠡᠯ ᠢ᠋ᠶ᠋ᠡᠷ ᠴᠡᠭᠡᠵᠢᠯᠡᠭᠦᠯᠵᠦ᠂ ᠰᠢᠯᠭᠠᠬᠤ ᠪᠣᠯ ᠰᠠᠭᠤᠭᠳᠠᠯ ᠢ᠋ᠶ᠋ᠠᠷ ᠠᠨᠠᠢ ᠪᠥᠭᠡᠳ ᠪᠠᠭᠰᠢ ᠰᠤᠷᠤᠭᠴᠢ ᠬᠣᠶᠠᠭᠤᠯᠠ ᠪᠠᠨ ᠶᠠᠳᠠᠷᠠᠳᠠᠭ ᠠᠵᠢᠯ ᠭᠡᠵᠦ ᠦᠵᠡᠨ᠎ᠡ᠃
ᠳᠥᠷᠪᠡ᠂ ᠡᠷᠲᠡᠨ ᠦ᠌ ᠰᠣᠩᠭᠣᠳᠠᠭ ᠰᠠᠢᠬᠠᠨ᠂ ᠠᠮᠢᠳᠤᠯᠢᠭ᠋ ᠳᠦᠷᠰᠦᠯᠢᠭ ᠬᠡᠯᠡ ᠬᠡᠯᠡᠯᠭᠡ᠂ ᠤᠷᠠᠨ ᠨᠠᠢᠷᠠᠭᠤᠯᠭ᠎ᠠ ᠶ᠋ᠢᠨ ᠣᠷᠣᠨ ᠢ᠋ ᠤᠷᠠᠯᠢᠭ᠋ ᠬᠡᠷᠡᠭᠯᠡᠵᠦ᠂ ᠲᠤᠤᠯᠢ ᠳ᠋ᠠᠬᠢ ᠪᠠᠭᠠᠲᠤᠷᠯᠢᠭ᠋ ᠳᠦᠷᠢ ᠬᠢᠭᠡᠳ ᠪᠠᠢᠯᠳᠤᠭᠠᠨ ᠤ᠋ ᠠᠬᠤᠢ ᠪᠠᠢᠳᠠᠯ᠂ ᠪᠠᠭᠠᠲᠤᠷ ᠡᠷᠡᠴᠦᠦᠯ ᠦ᠋ᠨ ᠪᠠᠢᠯᠳᠤᠭᠠᠨ ᠤ᠋ ᠳᠦᠷᠢ ᠪᠠᠢᠳᠠᠯ᠂ ᠬᠤᠶᠠᠭ ᠳᠤᠭᠤᠯᠠᠭ᠎ᠠ ᠵᠠᠷ ᠵᠡᠪᠰᠡᠭ᠁ ᠵᠡᠷᠭᠡ ᠶ᠋ᠢ ᠳᠦᠷᠰᠦᠯᠡᠭᠰᠡᠨ ᠭᠣᠢᠳᠠ ᠰᠠᠢᠬᠠᠨ ᠮᠥᠷ ᠪᠠᠳᠠᠭ ᠦ᠋ᠳ ᠢ᠋ ᠴᠢᠬᠤᠯᠠᠴᠢᠯᠠᠨ ᠵᠢᠭᠠᠶ᠎ᠠ!
ᠳᠣᠯᠣᠳᠤᠭᠠᠷ ᠣᠨ ᠤ᠋ ᠳᠡᠭᠡᠳᠦ ᠳᠡᠪᠲᠡᠷ 《 ᠠᠷᠠᠭ ᠤᠯᠠᠭᠠᠨ ᠬᠣᠩᠭᠣᠷ ᠬᠦᠷᠡᠯ ᠵᠠᠮᠪᠠᠯ ᠬᠠᠭᠠᠨ ᠤ᠋ ᠬᠥᠪᠡᠭᠦᠨ ᠯᠤᠭᠡ ᠪᠠᠢᠷᠢ ᠪᠠᠷᠢᠯᠳᠤᠭᠰᠠᠨ
》ᠪᠦᠯᠦᠭ ᠲᠦ᠍ ᠄
⒈ᠳᠣᠬᠢᠭᠠᠳ ᠲᠠᠯᠪᠢᠬᠤᠯ᠎ᠠ
ᠳᠣᠯᠣᠭᠠᠨ ᠲᠦᠮᠡᠨ ᠳ᠋ᠦ᠍ ᠪᠡᠨ ᠵᠥᠪᠯᠡᠳᠡᠭ
ᠳᠠᠯᠠᠢᠳᠠᠭᠠᠳ ᠲᠠᠯᠪᠢᠬᠤᠯ᠎ᠠ
ᠳᠠᠯᠠᠨ ᠲᠦᠮᠡᠨ ᠳ᠋ᠦ᠍ ᠪᠡᠨ ᠵᠥᠪᠯᠡᠳᠡᠭ᠃
( ᠳᠠᠪᠠᠭᠤᠯᠤᠯ )
⒉ᠬᠡ ᠳ᠋ᠦ᠍ ᠡᠮᠦᠰᠳᠡᠭ
ᠺᠬᠢᠪ ᠲᠣᠷᠭ᠎ᠠ ᠪᠠᠨ ᠲᠠᠢᠯᠪᠠ
ᠨᠣᠣᠯᠳᠤᠭᠠᠠ ᠳ᠋ᠤ᠌ ᠡᠮᠦᠰᠳᠡᠭ
ᠨᠣᠭᠣᠭᠠᠨ ᠲᠣᠷᠭ᠎ᠠ ᠪᠠᠨ ᠡᠮᠦᠰᠪᠡ᠃
⒊ᠲᠡᠭᠡ ᠶ᠋ᠢᠨ ᠠᠷᠠᠰᠤᠨ ᠱᠠᠯᠪᠤᠷ ᠢ᠋ᠶ᠋ᠠᠨ
ᠲᠠᠬᠢᠮ ᠲᠠᠯ᠎ᠠ ᠪᠠᠨ ᠡᠪᠬᠡᠪᠡ
ᠪᠤᠭᠤ ᠶ᠋ᠢᠨ ᠠᠷᠠᠰᠤᠨ ᠱᠠᠯᠪᠤᠷ ᠢ᠋ᠶ᠋ᠠᠨ
ᠪᠤᠯᠴᠢᠩ ᠲᠠᠯ᠎ᠠ ᠪᠠᠨ ᠡᠪᠬᠡᠪᠡ᠃
( ᠬᠤᠶᠠᠭ ᠲᠤᠭᠤᠯᠭ᠎ᠠ ᠶ᠋ᠢᠨ ᠳᠦᠷᠰᠦᠯᠡᠯ)
⒋ᠬᠣᠨᠣᠭ ᠤ᠋ᠨ ᠭᠠᠵᠠᠷ ᠢ᠋ᠶ᠋ᠠᠷ ᠡᠷᠭᠢᠯᠴᠡᠭᠡᠳ
ᠬᠣᠨᠢ ᠶ᠋ᠢᠨ ᠴᠢᠨᠡᠭᠡᠨ ᠴᠢᠯᠠᠭᠤ ᠪᠠᠷ ᠥᠭᠭᠦᠯᠴᠡᠭᠡᠳ
ᠦᠳᠡ ᠶ᠋ᠢᠨ ᠭᠠᠵᠠᠷ ᠢ᠋ᠶ᠋ᠠᠷ ᠡᠷᠭᠢᠯᠴᠡᠭᠡᠳ
ᠦᠬᠡᠷ ᠦ᠋ᠨ ᠴᠢᠨᠡᠭᠡᠨ ᠴᠢᠯᠠᠭᠤ ᠪᠠᠷ ᠥᠭᠭᠦᠯᠴᠡᠭᠡᠳ᠃
⒌ᠠᠴᠢ ᠳᠠᠴᠢ ᠠᠪᠤᠯᠴᠠᠭᠠᠳ
ᠣᠬᠢᠮ ᠳᠡᠭᠡᠭᠡ ᠲᠠᠯᠪᠢᠯᠴᠠᠭᠠᠳ
ᠪᠠᠷᠢᠭᠰᠠᠨ ᠭᠠᠵᠠᠷ ᠠ᠋ᠴᠠ ᠪᠠᠨ
ᠪᠠᠷᠢᠮ᠎ᠠ ᠮᠢᠬ᠎ᠠ ᠠᠪᠤᠯᠴᠠᠭᠠᠳ
ᠠᠳᠬᠤᠭᠰᠠᠨ ᠭᠠᠵᠠᠷ ᠠ᠋ᠴᠠ ᠪᠠᠨ
ᠠᠳᠬᠤ ᠮᠢᠬ᠎ᠠ ᠠᠪᠤᠯᠴᠠᠭᠠᠳ᠃
( ᠳᠠᠪᠠᠭᠤᠯᠤᠯ )
⒍ ᠲᠠᠩᠭᠠᠷᠢᠭ᠋ ᠲᠠᠰᠤᠷᠠᠬᠤᠯ᠎ᠠ
ᠲᠠᠮᠤ ᠶ᠋ᠢᠨ ᠢᠷᠣᠭᠠᠷ ᠲᠤ᠌
ᠰᠠᠯ ᠲᠠᠰᠤᠷᠠᠬᠤᠯ᠎ᠠ
ᠳᠠᠯᠠᠢ ᠶ᠋ᠢᠨ ᠢᠷᠣᠭᠠᠷ ᠲᠤ᠌ ᠤᠨᠠᠨ᠎ᠠ᠃
( ᠵᠡᠷᠭᠡᠴᠡᠭᠦᠯᠦᠯ )
ᠶᠡᠬᠡ ᠪᠦᠷᠢᠶ᠎ᠡ ᠪᠡᠨ ᠲᠠᠲᠠᠵᠤ
ᠶᠡᠬᠡ ᠲᠦᠮᠡᠨ ᠢ᠋ᠶ᠋ᠡᠨ ᠴᠤᠭᠯᠠᠭᠠᠵᠤ
ᠪᠠᠭ᠎ᠠ ᠪᠦᠷᠢᠶ᠎ᠡ ᠪᠡᠨ ᠲᠠᠲᠠᠵᠤ
ᠪᠠᠭ᠎ᠠ ᠲᠦᠮᠡᠨ ᠢ᠋ᠶ᠋ᠡᠨ ᠴᠤᠭᠯᠠᠭᠠᠵᠤ
ᠨᠠᠶ᠋ᠢᠷ ᠊ᠤᠨ ᠶᠡᠬᠡ ᠳ᠋ᠦ᠍ ᠨᠠᠶᠠ ᠬᠣᠨᠣᠵᠤ
ᠵᠢᠷᠭᠠᠯ ᠤ᠋ᠨ ᠶᠡᠬᠡ  ᠳ᠋ᠦ᠍ ᠵᠢᠷᠠ ᠬᠣᠨᠣᠵᠤ᠃
(ᠳᠠᠪᠠᠭᠤᠯᠤᠯ )
⒏ᠦᠬᠦᠯ ᠦᠭᠡᠢ ᠮᠥᠩᠬᠡ ᠪᠣᠯᠪᠠ
ᠦᠷᠭᠦᠭᠡᠨ ᠦᠭᠡᠢ ᠲᠣᠭᠲᠠᠭᠤᠨ ᠪᠣᠯᠪᠠ
ᠥᠨᠥᠴᠢᠨ ᠦᠭᠡᠢ ᠥᠨᠢᠷ ᠪᠣᠯᠪᠠ᠃
( ᠪᠤᠮᠪᠠ ᠶ᠋ᠢᠨ ᠣᠷᠣᠨ ᠤ᠋ ᠲᠠᠢᠪᠤᠩ ᠪᠠᠢᠳᠠᠯ  ᠤ᠋ᠨ ᠳᠦᠷᠰᠦᠯᠡᠯ)
ᠳᠣᠯᠣᠳᠤᠭᠠᠷ ᠣᠨ  ᠤ᠋ ᠳᠣᠣᠷᠠᠲᠤ ᠳᠡᠪᠲᠡᠷ 《ᠲᠣᠭᠣᠭᠠᠨ ᠰᠢᠷᠡᠮᠦᠨ ᠬᠠᠨ 》 ᠳ᠋ᠤ᠌ ᠨᠠᠷᠢᠨ ᠳᠦᠷᠰᠦᠯᠡᠯ ᠪᠠ ᠤᠷᠠᠨ ᠨᠠᠢᠷᠠᠭᠤᠯᠭ᠎ᠠ ᠶ᠋ᠢᠨ
ᠳᠠᠪᠠᠭᠤᠯᠤᠯ ᠪᠠ ᠬᠥᠮᠦᠨᠴᠢᠯᠡᠯ ᠢ᠋ ᠭᠣᠢᠳᠠ ᠰᠠᠢᠬᠠᠨ ᠬᠡᠷᠡᠭᠯᠡᠵᠦ᠂ ᠲᠤᠤᠯᠢ ᠶ᠋ᠢᠨ ᠳᠦᠷᠢ ᠶ᠋ᠢ ᠨᠡᠩ ᠰᠠᠢᠬᠠᠨ ᠠᠮᠢᠯᠠᠭᠤᠯᠵᠤ ᠴᠢᠳᠠᠭᠰᠠᠨ ᠪᠠᠢᠨ᠎ᠠ᠃
⒈ᠠᠷᠪᠠᠨ ᠨᠠᠢ᠍ᠮᠠᠨ ᠨᠠᠰᠤᠲᠠᠢ
ᠠᠯᠲᠠᠨ ᠰᠢᠭᠦᠷ ᠬᠠᠲᠤᠨ ᠤ᠋
ᠠᠷᠤ ᠶ᠋ᠢᠨ ᠰᠠᠢᠬᠠᠨ ᠲᠤᠶᠠᠭᠠᠨ ᠳ᠋ᠤ᠌
ᠠᠳᠤᠭᠤ ᠮᠠᠯ ᠢ᠋ᠶ᠋ᠠᠨ ᠮᠠᠨᠠᠳᠠᠭ
ᠥᠪᠥᠷ ᠦ᠋ᠨ ᠰᠠᠢᠬᠠᠨ ᠲᠤᠶᠠᠭᠠᠨ ᠳ᠋ᠤ᠌
ᠦᠢᠯᠡ ᠣᠶᠣᠳᠠᠯ ᠢ᠋ᠶ᠋ᠠᠨ ᠣᠶᠣᠳᠠᠭ᠃
⒉ᠠᠯᠬᠤᠵᠤ ᠶᠠᠪᠤᠭᠰᠠᠨ ᠭᠠᠵᠠᠷ ᠨᠢ
ᠠᠯᠢᠮ᠎ᠠ ᠵᠢᠮᠢᠰ ᠤᠷᠭᠤᠳᠠᠭ
ᠠᠢᠯ ᠤ᠋ᠨ ᠥᠬᠢᠳ ᠬᠥᠪᠡᠭᠦᠳ
ᠠᠪᠴᠤ ᠴᠤᠭᠯᠠᠭᠠᠵᠤ ᠶᠠᠪᠤᠳᠠᠭ᠃
⒊ᠠᠷᠪᠠᠨ ᠨᠠᠢ᠍ᠮᠠᠨ ᠨᠠᠰᠤᠲᠠᠢ
ᠠᠯᠲᠠᠨ ᠰᠢᠬᠦᠷ ᠬᠠᠲᠤᠨ ᠊ᠤ
ᠲᠤᠩ ᠴᠠᠭᠠᠨ ᠰᠢᠳᠦ ᠶ᠋ᠢ ᠨᠢ
ᠳᠤᠷᠠᠯᠵᠠᠲᠠᠯ᠎ᠡ ᠨᠢ ᠳᠤᠷᠠᠨᠳᠠᠵᠢ
ᠮᠣᠶ᠋ᠢᠯ ᠬᠠᠷ᠎ᠠ ᠨᠢᠳᠦ ᠶ᠋ᠢ ᠨᠢ
ᠮᠡᠯᠮᠡᠯᠵᠡᠲᠡᠯ᠎ᠡ ᠳᠤᠷᠠᠨᠳᠠᠭᠠᠳ᠃
( ᠨᠠᠷᠢᠨ
ᠳᠦᠷᠰᠦᠯᠡᠯ )
⒋ ᠭᠤᠷᠪᠠᠨ ᠵᠢᠯ ᠊ᠦᠨ ᠭᠠᠵᠠᠷ ᠊ᠢ
ᠭᠤᠷᠪᠠᠨ ᠰᠠᠷ᠎ᠠ ᠪᠠᠷ ᠲᠣᠪᠴᠢᠯᠠᠵᠤ
ᠭᠤᠷᠪᠠᠨ ᠰᠠᠷ᠎ᠠ ᠶ᠋ᠢᠨ ᠭᠠᠵᠠᠷ ᠊ᠢ
ᠭᠤᠷᠪᠠᠨ ᠡᠳᠦᠷ ᠢ᠋ᠶ᠋ᠡᠷ ᠲᠣᠪᠴᠢᠯᠠᠭᠠᠳ
( ᠳᠠᠪᠠᠭᠤᠯᠤᠯ)
ᠬᠠᠭᠠᠨ ᠶᠠᠭᠤᠨ ᠳ᠋ᠤ᠌ ᠳᠠᠭᠤᠳᠠᠪᠠ?
ᠬᠠᠵᠠᠭᠠᠷ ᠶᠠᠭᠤᠨ ᠳ᠋ᠤ᠌ ᠬᠠᠩᠭᠢᠨᠠᠪᠠ?
ᠡᠵᠡᠨ ᠶᠠᠭᠤᠨ  ᠳ᠋ᠤ᠌ ᠳᠠᠭᠤᠳᠠᠪᠠ?
ᠡᠮᠡᠭᠡᠯ ᠶᠠᠭᠤᠨ ᠳ᠋ᠤ᠌ ᠬᠠᠩᠭᠢᠨᠠᠪᠠ?
( ᠬᠥᠮᠦᠨᠴᠢᠯᠡᠯ)
⒍ᠨᠠᠮ ᠰᠢᠭ᠋ ᠭᠠᠵᠠᠷ ᠊ᠢ
ᠨᠠᠭᠤᠷ ᠪᠣᠯᠲᠠᠯ᠎ᠠ ᠤᠬᠢᠯᠠᠵᠤ
ᠲᠠᠯ᠎ᠠ ᠲᠡᠭᠰᠢ ᠭᠠᠵᠠᠷ ᠊ᠢ
ᠲᠠᠩᠭᠢᠰ ᠲᠣᠭᠲᠠᠲᠠᠯ᠎ᠠ ᠣᠬᠢᠯᠠᠵᠢ᠃
( ᠳᠠᠪᠠᠭᠤᠯᠤᠯ )
⒎ᠡᠷ᠎ᠡ ᠬᠥᠮᠦᠨ ᠲᠥᠷᠥᠪᠡᠯ
ᠡᠷᠢᠯᠲᠡ ᠶ᠋ᠢᠨ ᠭᠠᠵᠠᠷ ᠢ᠋ᠶ᠋ᠠᠨ ᠬᠦᠷᠳᠡᠭ
ᠡᠷ᠎ᠡ ᠮᠣᠷᠢ ᠲᠥᠷᠥᠪᠡᠯ
ᠡᠴᠢᠬᠦ ᠭᠡᠰᠡᠨ ᠭᠠᠵᠠᠷ ᠢ᠋ᠶ᠋ᠠᠨ ᠬᠦᠷᠳᠡᠭ
( ᠵᠡᠷᠭᠡᠴᠡᠭᠦᠯᠦᠯ )
⒏ᠦᠷ᠎ᠡ ᠪᠡᠨ ᠲᠠᠨᠢᠬᠤ ᠦᠭᠡᠢ
ᠥᠨᠢᠷ ᠪᠣᠯᠵᠤ
ᠦᠷᠢᠶ᠎ᠡ ᠪᠡᠨ ᠲᠠᠨᠢᠬᠤ ᠦᠭᠡᠢ
ᠪᠠᠶᠠᠨ ᠪᠣᠯᠵᠤ
( ᠵᠡᠷᠭᠡᠴᠡᠭᠦᠯᠦᠯ )᠂ ( ᠬᠣᠣᠰᠯᠠᠭᠤᠯ )
ᠡᠳᠡᠭᠡᠷ ᠠᠭᠤᠯᠭ᠎ᠠ ᠶ᠋ᠢ ᠪᠠᠭᠰᠢ ᠠ᠋ᠴᠠ ᠠ᠋ᠴᠠ ᠤᠷᠢᠳᠠᠪᠠᠷ ᠰᠣᠩᠭᠣᠯᠲᠠ ᠬᠢᠵᠦ ᠬᠠᠨᠳᠤᠯᠭ᠎ᠠ ᠲᠠᠢ ᠪᠠᠷ ᠰᠤᠷᠤᠭᠴᠢ ᠪᠠᠷ ᠵᠠᠪᠠᠯ ᠴᠡᠭᠡᠵᠢ ᠪᠡᠷ
ᠶᠠᠷᠢᠭᠤᠯᠵᠤ᠂ ᠪᠢᠴᠢᠭᠦᠯᠵᠦ᠂ ᠤᠩᠰᠢᠭᠤᠯᠬᠤ ᠬᠡᠷᠡᠭᠲᠡᠢ᠃ ᠢᠩᠭᠢᠪᠡᠯ ᠰᠠᠶᠢ ᠲᠡᠳᠡᠭᠡᠷ ᠪᠠᠭᠠᠲᠤᠷᠯᠢᠭ᠋ ᠲᠤᠤᠯᠢ ᠶ᠋ᠢᠨ ᠳᠦᠷᠢ ᠭᠢᠯᠪᠠᠭ᠎ᠠ ᠰᠤᠷᠤᠭᠴᠢ ᠶ᠋ᠢᠨ ᠣᠶᠤᠨ ᠰᠠᠨᠠᠭᠠᠨ ᠳ᠋ᠤ᠌ ᠨᠢ ᠣᠷᠣᠭᠤᠯᠵᠤ᠂ᠵᠡᠪᠰᠡᠭ ᠪᠠᠷᠢᠭᠰᠠᠨ ᠪᠠᠭᠠᠲᠤᠷ ᠢᠳᠡᠲᠡᠨ ᠪᠣᠯᠬᠤ ᠦᠭᠡᠢ ᠴᠦ᠍ ᠪᠡᠶ᠎ᠡ ᠴᠣᠭᠴᠠ ᠳ᠋ᠤ᠌ ᠨᠢ ᠡᠷᠴᠢ ᠵᠣᠷᠢᠭ ᠣᠷᠣᠵᠤ᠂
ᠦᠢᠯᠡ ᠬᠥᠳᠡᠯᠦᠯ ᠨᠢ ᠬᠥᠩᠭᠡᠷᠡᠨ ᠭᠠᠪᠰᠢᠭᠠᠢᠯᠠᠵᠤ ᠂ ᠠᠵᠢᠯᠯᠠᠭ᠎ᠠ ᠪᠦᠷᠢ  ᠳ᠋ᠦ᠍ ᠪᠡᠨ ᠰᠢᠭᠤᠳᠤᠮᠠᠢᠭᠠᠢᠷᠠᠵᠤ᠂ ᠪᠢᠴᠢᠭ ᠨᠣᠮ  ᠳ᠋ᠤ᠌ ᠵᠢᠪᠡᠷᠡᠭᠰᠡᠨ ᠨᠣᠮᠣᠢ ᠲᠣᠮᠣᠢ ᠮᠠᠩᠬᠤᠤ ᠪᠣᠯᠬᠤ ᠦᠭᠡᠢ ᠶᠦ᠍ᠮ᠃
ᠳᠡᠭᠡᠷᠡᠬᠢ ᠶ᠋ᠢ ᠬᠤᠷᠢᠶᠠᠩᠭᠤᠢᠯᠠᠪᠠᠯ ᠡᠷᠲᠡᠨ  ᠦ᠌ ᠮᠣᠩᠭᠣᠯᠴᠤᠳ ᠮᠢᠨᠢ ᠠᠮᠢᠳᠤᠷᠠᠯ ᠤ᠋ᠨ ᠪᠦᠬᠦᠯᠢ ᠶᠠᠪᠤᠴᠠ ᠳ᠋ᠤ᠌ ᠪᠠᠨ ᠥᠨᠢᠳᠡ ᠪᠠᠷᠠᠰᠢ ᠦᠭᠡᠢ ᠨᠡᠯᠦᠭᠡᠷ ᠳᠠᠯᠠᠢ ᠰᠢᠭ᠋ ᠠᠷᠠᠳ ᠤ᠋ᠨ ᠠᠮᠠᠨ ᠪᠦᠲᠦᠭᠡᠯ ᠦ᠋ᠳ ᠢ᠋ ᠬᠡᠴᠢᠨᠡᠨ ᠮᠢᠩᠭᠠᠨ ᠵᠢᠯ ᠦ᠋ᠨ ᠲᠣᠷᠰᠢ ᠠᠷᠠᠳ ᠲᠦᠮᠡᠨ ᠦ᠌ ᠠᠮᠠ ᠪᠠᠷ ᠳᠠᠮᠵᠢᠭᠳᠠᠭᠰᠠᠨ ᠪᠦᠲᠦᠭᠡᠯ ᠦ᠋ᠨ ᠢ᠋ ᠥᠨᠥᠳᠥᠷ ᠪᠣᠯᠬᠤ ᠳ᠋ᠤ᠌ ᠪᠠᠭᠠᠴᠤᠳ ᠤ᠋ᠨ ᠣᠶᠤᠨ ᠤ᠋ ᠮᠡᠯᠮᠡᠢ ᠳ᠋ᠦ᠍ ᠬᠦᠷᠭᠡᠬᠦ ᠪᠣᠯᠤᠭᠰᠠᠨ ᠪᠠᠭᠰᠢ ᠶ᠋ᠢᠨ ᠬᠤᠪᠢ ᠳ᠋ᠤ᠌
ᠵᠠᠪᠠᠯ ᠰᠢᠨᠵᠢᠯᠡᠨ ᠰᠤᠳᠤᠯᠵᠤ ᠴᠢᠬᠤᠯᠠᠴᠢᠯᠠᠨ ᠵᠢᠭᠠᠵᠤ᠂ ᠬᠢᠴᠢᠶᠡᠩᠭᠦᠢᠯᠡᠨ ᠵᠠᠯᠭᠠᠮᠵᠢᠯᠠᠭᠤᠯᠵᠤ ᠥᠭᠪᠡᠯ ᠰᠠᠶᠢ ᠠᠷᠠᠳ ᠤ᠋ᠨ ᠠᠮᠠᠨ ᠵᠣᠬᠢᠶᠠᠯ ᠢ᠋ ᠦᠶ᠎ᠡ ᠶ᠋ᠢᠨ ᠦᠶ᠎ᠡ ᠳ᠋ᠦ᠍ ᠲᠡᠰᠦᠷᠡᠰᠢ ᠦᠭᠡᠢ ᠤᠨᠳᠤᠷᠤᠨ ᠳᠡᠯᠭᠡᠷᠡᠭᠦᠯᠵᠦ᠂ ᠣᠬᠢ ᠰᠢᠮ᠎ᠡ ᠶ᠋ᠢ ᠰᠤᠷᠤᠭᠴᠢᠳ ᠲᠤ᠌ ᠪᠠᠨ ᠮᠡᠳᠡᠭᠦᠯᠵᠦ ᠴᠢᠳᠠᠨ᠎ᠠ᠃
ᠥᠪᠥᠷ ᠮᠣᠩᠭᠣᠯ ᠤ᠋ᠨ ᠰᠤᠷᠭᠠᠨ ᠬᠥᠮᠦᠵᠢᠯ ᠰᠡᠳᠬᠦᠯ ᠦ᠋ᠨ 2016 ᠣᠨ ᠤ᠋ 9 ᠳ᠋ᠦ᠍ᠭᠡᠷ ᠬᠤᠭᠤᠴᠠᠭᠠᠨ ᠳ᠋ᠤ᠌ ᠨᠡᠢᠲᠡᠯᠡᠭᠳᠡᠪᠡ᠃
ᠠᠷᠠᠳ  ᠤ᠋ᠨ ᠠᠮᠠᠨ ᠵᠣᠬᠢᠶᠠᠯ ᠪᠣᠯ ᠤᠷᠠᠨ ᠵᠣᠬᠢᠶᠠᠯ ᠤ᠋ᠨ ᠤᠨᠲᠠᠷᠠᠰᠢ ᠦᠭᠡᠢ ᠡᠬᠢ ᠪᠤᠯᠠᠭ ᠶᠤᠮ᠃