ᠠᠭᠠᠯᠢ ᠦᠭᠡᠢ ᠡᠴᠡ ᠬᠠᠮᠠᠷ ᠦᠭᠡᠢ - ᠳ᠋᠊ ᠂ ᠨᠠᠴᠤᠭᠳᠣᠷᠵᠢ Аальгүйгээс хамаргүй - Д ᠂ Нацагдорж
ᠠᠭᠠᠯᠢ ᠦᠭᠡᠢ ᠡᠴᠡ ᠬᠠᠮᠠᠷ ᠦᠭᠡᠢ
( ᠱᠤᠭ ᠥᠭᠥᠯᠡᠯᠭᠡ )
ᠰᠢᠨᠡᠬᠡᠨ ᠠᠪᠤᠭᠰᠠᠨ ᠤᠫᠸ᠋ᠯ ( ᠭ᠌ᠸᠷᠮᠠᠨ ᠤ ) ᠳᠤᠭᠤᠢ ᠶᠢᠨ ᠳᠡᠭᠡᠷ᠎ᠡ ᠪᠦᠭᠰᠡ ᠪᠡᠨ ᠬᠤᠯᠪᠢᠯᠵᠠᠭᠤᠯᠵᠤ᠂ ᠰᠡᠶ᠋ᠢᠮᠡᠬᠡᠢ ᠲᠤᠷᠭᠠᠨ ᠣᠶ᠋ᠢᠮᠣᠰᠤᠨ ᠤ ᠳᠡᠭᠡᠭᠦᠷ ᠭᠤᠶ᠎ᠠ ᠪᠠᠨ ᠭᠢᠯᠠᠯᠵᠠᠭᠤᠯᠤᠭᠰᠠᠨ᠂ ᠬᠦᠳᠡᠭᠡᠨ ᠦ ᠭᠡᠬᠦ ᠳᠦ ᠭᠣᠶᠣᠮᠰᠣᠭ ᠂ ᠬᠦᠷᠢᠶᠡᠨ ᠦ ᠭᠡᠬᠦ ᠳ᠋ᠦ᠍ ᠤᠷᠢᠳᠤ ᠥᠵᠡᠭᠲᠡᠭᠡ ᠥᠭᠡᠢ ᠭᠡᠤᠭᠡᠨ ᠤᠰᠤᠨ ᠤ ᠭᠤᠳᠤᠮᠵᠢ ᠶᠢ ᠤᠷᠤᠭᠤᠳᠠᠨ᠂ ᠤᠬᠠᠭᠠᠨ ᠥᠭᠡᠢ ᠵᠢᠭᠢᠵᠤ ᠶᠠᠪᠤᠨ᠎ᠠ᠃ ᠺᠤᠮᠪᠢᠨᠠᠲ ( ᠥᠢᠯᠡᠳᠪᠥᠷᠢ ) ᠳᠡᠭᠡᠷ᠎ᠡ ᠡᠴᠡ ᠭᠠᠷᠤᠭᠰᠠᠨ᠂ ᠬᠣᠶ᠋ᠢᠨ᠎ᠠ ᠪᠠᠨ ᠶᠠᠭᠤᠮ᠎ᠠ ᠠᠴᠢᠵᠤ᠂ ᠤᠷᠳᠤ ᠪᠠᠨ ᠬᠥᠮᠦᠨ ᠰᠠᠭᠤᠯᠭᠠᠭᠰᠠᠨ ᠪᠤᠬᠢᠷ ᠬᠠᠷ᠎ᠠ ᠳᠤᠭᠤᠢ ᠲᠠᠢ᠂ ᠪᠤᠷᠤ ᠳᠠᠪᠤᠤ ᠳᠡᠪᠡᠯ ᠲᠠᠢ᠂ ᠠᠵᠢᠯᠴᠢᠨ ᠭᠠᠷᠴᠤ ᠢᠷᠡᠬᠥ ᠳᠦ ᠭᠡᠤᠭᠡᠨ ᠳᠡᠭᠡᠭᠦᠷ ᠬᠠᠷᠠᠵᠤ ᠢᠰᠬᠢᠷᠤᠨ᠂ ᠳᠡᠭᠵᠢᠷᠬᠡᠨ ᠰᠡᠭᠡᠮᠡᠯᠵᠡᠵᠤ᠂ ᠶᠠᠭ ᠭᠢᠲᠡᠯ᠎ᠡ ᠲᠤᠯᠭᠠᠷᠠᠨ ᠵᠠᠪᠳᠤᠬᠤ ᠳᠤ ᠯᠤᠪᠰᠠᠩ ᠪᠤᠬᠢᠷ ᠬᠠᠷ᠎ᠠ ᠳᠤᠭᠤᠢ ᠪᠠᠨ ᠪᠤᠷᠤᠭᠤ ᠲᠡᠶ᠋ᠢᠰᠢ ᠨᠢ ᠨᠢᠭᠡ ᠡᠷᠭᠢᠬᠦᠯᠵᠤ᠂ ᠵᠦᠪ ᠲᠡᠶ᠋ᠢᠰᠢ ᠨᠢ ᠬᠤᠶᠠᠷ ᠬᠤᠯᠪᠤᠯᠵᠢᠭᠤᠯᠤᠭᠰᠠᠨ ᠪᠤᠯᠪᠠᠴᠤ᠂ ᠬᠣᠶ᠋ᠢᠨ᠎ᠠ ᠠᠴᠠ ᠢᠷᠡᠵᠤ ᠪᠠᠶ᠋ᠢᠭ᠎ᠠ ᠭᠡᠤᠭᠡᠨ ᠬᠠᠶ᠋ᠢᠬᠤᠷᠤᠯ ᠥᠭᠡᠢ ᠪᠠᠶ᠋ᠢᠭᠠᠳ ᠬᠠᠷᠢᠭᠤ ᠥᠭᠡᠢ ᠤᠶ᠋ᠢᠷᠠᠳᠬᠤ ᠳᠤ 《 ᠬᠥᠶᠢ᠂ ᠶᠠᠭᠠᠬᠢᠳᠠᠭ ᠪᠢᠯᠡ᠂ ᠬᠥᠷᠥᠭᠡᠳ ᠢᠷᠡᠯ᠎ᠡ᠂ ᠬᠠᠯᠳᠠᠭ᠂ ᠪᠠᠯᠳᠠᠭ᠂ ᠬᠠᠮᠢᠭᠠᠰᠢ ᠪᠠᠨ ᠬᠥᠮᠦᠨ ᠪᠤᠢ 》 ᠭᠡᠵᠤ ᠬᠠᠰᠬᠢᠷᠤᠨ ᠤᠤᠯᠭ᠎ᠠ ᠠᠯᠳᠠᠭᠠᠳ ᠲᠤᠯᠭᠠᠷᠠᠨ ᠤᠨᠠᠪᠠ᠃
ᠳᠤᠷᠳᠤᠩ ᠳᠡᠪᠡᠯ ᠨᠢ ᠳᠤᠭᠤᠢ ᠶᠢᠨ ᠭᠢᠨᠵᠢᠨ ᠳᠦ ᠤᠷᠤᠵᠤ᠂ ᠲᠦᠭᠦᠷᠢᠭ ᠴᠠᠭᠠᠨ ᠴᠢᠷᠡᠢ ᠨᠢ ᠤᠪ ᠤᠯᠠᠭᠠᠨ ᠪᠤᠯᠪᠠ᠃ ᠬᠠᠵᠠᠭᠤ ᠪᠠᠷ ᠨᠢ ᠶᠠᠪᠤᠭᠰᠠᠨ ᠬᠥᠮᠦᠨ ᠢ ᠬᠠᠨᠴᠤᠢ ᠪᠠᠷ ᠢᠶ᠋ᠠᠨ ᠳᠠᠯᠠᠯᠵᠤ 《 ᠶᠣ᠋ ᠂ ᠶᠣ᠋ 》 ᠭᠡᠵᠤ ᠢᠷᠪᠡᠶ᠋ᠢᠨ ᠤᠷᠤᠭᠤᠯ ᠢᠶ᠋ᠠᠨ ᠤᠨᠵᠢᠭᠤᠯᠵᠤ ᠤᠬᠢᠯᠠᠬᠤ ᠮᠡᠲᠦ ᠬᠢᠩᠭᠢᠨᠡᠵᠤ᠂ ᠡᠨᠡ ᠬᠥᠮᠦᠨ ᠳᠦ ᠡᠷᠬᠡᠯᠡᠵᠤ᠂ ᠲᠡᠷᠡ ᠬᠥᠮᠦᠨ ᠳᠦ ᠲᠡᠮᠡᠤᠯᠤᠨᠡ᠃
ᠠᠵᠢᠯᠴᠢᠨ ᠬᠥᠮᠦᠨ᠄ 《 ᠠᠭᠠᠯᠢ ᠦᠭᠡᠢ ᠡᠴᠡ ᠬᠠᠮᠠᠷ ᠦᠭᠡᠢ 》 ᠭᠡᠪᠡᠯ 《 ᠵᠠ ᠶᠠᠷᠰᠢᠭ ᠳ᠋ᠠ ᠂ ᠲᠠ ᠶᠠᠭᠤ ᠬᠡᠯᠡᠵᠤ ᠪᠠᠶ᠋ᠢᠭ᠎ᠠ ᠶᠤᠮ ᠪᠤᠢ? ᠳ᠋ᠸ ᠂ ᠬᠥᠶᠢ ᠶᠠᠭᠠᠬᠢᠳᠠᠭ ᠪᠢᠯᠡ᠂ ᠬᠠᠮᠠᠷ ᠥᠬᠡᠢ ᠪᠤᠯ ᠬᠠᠷᠢᠨ ᠭᠡᠴᠡᠭᠥᠥ ᠪᠠᠶ᠋ᠢᠭ᠎ᠠ ᠂ ᠦᠭᠡᠢ ᠶᠡᠷᠦ ᠳ᠋ᠡᠭᠡᠨ ᠬᠥᠮᠦᠨ ᠦ ᠴᠢᠷᠡᠢ ᠶᠠᠭᠠᠬᠢᠵᠤ ᠬᠠᠷᠠᠬᠤ ᠪᠢᠯᠡ 》 ᠭᠡᠵᠤ ᠨᠢᠭᠤᠷ ᠢᠶ᠋ᠠᠨ ᠲᠠᠭᠯᠠᠨ᠎ᠠ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠴᠣᠯᠮᠣᠨᠲᠤᠶᠠᠭ᠎ᠠ
2023 ᠣᠨ ᠪ 6 ᠰᠠᠷ᠎ᠠ ᠶ᠋ᠢᠨ 13
