ᠶᠢᠷᠲᠢᠨᠴᠦ ᠶᠢᠨ ᠭᠤᠷᠪᠠ – ᠲᠤᠯᠭᠤᠷ ᠨᠣᠮ ᠵᠣᠬᠢᠶᠠᠯ ᠳᠤ Ертөнцийн гурав – Тулгар ном зохиолд
ᠲᠤᠯᠭᠤᠷ ᠨᠣᠮ ᠵᠣᠬᠢᠶᠠᠯ ᠳᠤ
ᠳᠥᠷᠪᠡᠨ ᠮᠥᠩᠬᠡ ᠠᠯᠢ ᠪᠤᠢ ᠭᠡᠮᠡᠪᠡᠰᠦ
ᠪᠣᠲᠢ ᠬᠤᠲᠤᠭ ᠬᠦᠷᠲᠡᠯ᠎ᠡ ᠥᠯᠦ ᠰᠦᠢᠤᠠᠬᠦ ᠶ᠋ᠢᠨ ᠲᠤᠯᠠ ᠵᠣᠷᠢᠬᠰᠠᠨ ᠪᠤᠶᠠᠨ ᠮᠥᠩᠬᠡ
ᠪᠤᠯᠢᠶᠠᠬᠤ ᠬᠤᠯᠠᠭᠠᠢ ᠳ᠋ᠤᠷ ᠥᠯᠦ ᠠᠪᠲᠠᠬᠤ ᠶ᠋ᠢᠨ ᠲᠤᠯᠠ ᠰᠣᠨᠣᠰᠤᠭᠰᠠᠨ ᠡᠷᠲᠡᠮ ᠮᠥᠩᠬᠡ
ᠪᠤᠷᠤᠭᠤ ᠮᠥᠷ ᠲᠤᠷ ᠥᠯᠦ ᠣᠤᠠᠬᠤ ᠶ᠋ᠢᠨ ᠲᠤᠯᠠ ᠠᠮᠤᠷᠯᠠᠭᠰᠠᠨ ᠨᠢᠷᠸᠠᠨ ᠮᠥᠩᠬᠡ
ᠪᠤᠴᠠᠯᠲᠠ ᠦᠭᠡᠢ ᠮᠠᠭᠠᠳ ᠠᠰᠠᠬᠤ ᠶ᠋ᠢᠨ ᠲᠤᠯᠠ ᠦᠢᠯᠡ ᠶ᠋ᠢᠨ ᠦᠷ᠎ᠡ ᠮᠥᠩᠬᠡ
( 《 ᠵᠠᠭᠤᠨ ᠪᠢᠯᠢᠭ 》 )
ᠳᠥᠷᠪᠡᠨ ᠬᠡᠪᠡᠷᠡᠭ ᠠᠯᠢ ᠪᠤᠢ ᠭᠡᠮᠡᠪᠡᠰᠦ
ᠡᠭᠡᠨᠡᠭᠲᠡ ᠪᠠᠲᠤ ᠦᠭᠡᠢ ᠶ᠋ᠢᠨ ᠲᠤᠯᠠ ᠡᠨᠡ ᠪᠡᠶ᠎ᠡ ᠳ᠋ᠤ᠌ ᠨᠠᠰᠤ ᠬᠡᠪᠡᠷᠡᠭ
ᠡᠭᠦᠷᠢᠲᠡ ᠥᠯᠦ ᠬᠠᠨᠢᠯᠠᠬᠤ ᠶ᠋ᠢᠨ ᠲᠤᠯᠠ ᠠᠮᠠᠷᠠᠭ ᠰᠠᠲᠤᠨ ᠠᠨᠤ ᠬᠡᠪᠡᠷᠡᠭ
ᠡᠯᠲᠡᠪ ᠶ᠋ᠢᠡᠷ ᠰᠣᠯᠢᠯᠴᠠᠨ ᠢᠷᠡᠬᠦ ᠪᠣᠯᠵᠣᠬ᠋᠎ᠠ ᠦᠭᠡᠢ ᠶ᠋ᠢᠨ ᠲᠤᠯᠠ ᠵᠢᠷᠭᠠᠯ ᠵᠣᠪᠠᠯᠠᠩ ᠬᠡᠪᠡᠷᠡᠭ
ᠡᠴᠦᠰ ᠲᠤᠷ ᠪᠠᠷᠠᠭᠲᠠᠬᠤ ᠶ᠋ᠢᠨ ᠲᠤᠯᠠ ᠬᠤᠷᠢᠶᠠᠭᠰᠠᠨ ᠪᠦᠬᠦᠨ ᠬᠡᠪᠡᠷᠡᠭ
( 《 ᠵᠠᠭᠤᠨ ᠪᠢᠯᠢᠭ 》 )
ᠳᠥᠷᠪᠡᠨ ᠪᠤᠢ ᠠᠯᠢ ᠭᠡᠮᠡᠪᠡᠰᠦ
ᠬᠡᠨ ᠳ᠋ᠤᠷ ᠡᠷᠲᠡᠮ ᠪᠤᠢ ᠪᠣᠯᠪᠠᠰᠤ ᠲᠡᠭᠦᠨ ᠳ᠋ᠤᠷ ᠲᠤᠰᠠ ᠪᠤᠢ
ᠬᠡᠨ ᠳ᠋ᠤᠷ ᠡᠶ᠎ᠡ ᠪᠤᠢ ᠪᠣᠯᠪᠠᠰᠤ ᠲᠡᠭᠦᠨ ᠳ᠋ᠤᠷ ᠨᠥᠬᠥᠷ ᠪᠤᠢ
ᠬᠡᠨ ᠳ᠋ᠤᠷ ᠡᠳ᠋ ᠪᠤᠢ ᠪᠣᠯᠪᠠᠰᠤ ᠲᠡᠭᠦᠨ ᠳ᠋ᠤᠷ ᠬᠠᠷᠠᠮ ᠪᠤᠢ
ᠬᠡᠨ ᠳ᠋ᠤᠷ ᠡᠷᠬᠡ ᠪᠤᠢ ᠪᠣᠯᠪᠠᠰᠤ ᠲᠡᠭᠦᠨ ᠳ᠋ᠤᠷ ᠬᠢᠯᠢᠨᠴᠡ ᠪᠤᠢ
( 《 ᠵᠠᠭᠤᠨ ᠪᠢᠯᠢᠭ 》 )
ᠳᠥᠷᠪᠡᠨ ᠦᠭᠡᠢ ᠠᠯᠢ ᠪᠤᠢ ᠭᠡᠮᠡᠪᠡᠰᠦ
ᠬᠡᠨ ᠳ᠋ᠤᠷ ᠡᠷᠲᠡᠮ ᠦᠭᠡᠢ ᠪᠣᠯᠪᠠᠰᠤ ᠲᠡᠭᠦᠨ ᠳ᠋ᠤᠷ ᠣᠯᠵᠠ ᠦᠭᠡᠢ
ᠬᠡᠨ ᠳ᠋ᠤᠷ ᠡᠨᠡᠷᠢᠯ ᠦᠭᠡᠢ ᠪᠣᠯᠪᠠᠰᠤ ᠲᠡᠭᠦᠨ ᠳ᠋ᠤᠷ ᠠᠮᠠᠷᠠᠭ ᠦᠭᠡᠢ
ᠬᠡᠨ ᠳ᠋ᠤᠷ ᠡᠳ᠋ ᠦᠭᠡᠢ ᠪᠥᠭᠡᠰᠦ ᠲᠡᠭᠦᠨ ᠳ᠋ᠤᠷ ᠬᠦᠴᠦᠨ ᠦᠭᠡᠢ
ᠬᠡᠨ ᠳ᠋ᠤᠷ ᠡᠷᠬᠡ ᠦᠭᠡᠢ ᠪᠥᠭᠡᠰᠦ ᠲᠡᠭᠦᠨ ᠳ᠋ᠤᠷ ᠪᠠᠴᠢ ᠦᠭᠡᠢ
( 《 ᠵᠠᠭᠤᠨ ᠪᠢᠯᠢᠭ 》 )
ᠳᠥᠷᠪᠡᠨ ᠰᠠᠶ᠋ᠢᠨ ᠠᠯᠢ ᠪᠤᠢ ᠭᠡᠮᠡᠪᠡᠰᠦ
ᠣᠬᠢ ᠳᠡᠭᠡᠳᠦ ᠶ᠋ᠢᠨ ᠨᠣᠮ ᠦ᠋ᠨ ᠶᠤᠰᠤᠭᠠᠷ ᠶᠠᠪᠤᠭᠴᠢᠳ ᠦ᠋ᠨ ᠦᠢᠯᠡ ᠰᠠᠶ᠋ᠢᠨ
ᠣᠰᠣᠯ ᠮᠠᠭᠤ ᠶᠠᠪᠤᠲᠠᠯ ᠊ᠢ ᠳᠡᠪᠴᠢᠭᠴᠢᠳ ᠦ᠋ᠨ ᠵᠣᠷᠢᠬ ᠰᠠᠶ᠋ᠢᠨ
ᠣᠯᠠᠨ ᠪ ᠲᠤᠰᠠ ᠶ᠋ᠢ ᠪᠣᠲᠣᠭᠴᠢ ᠮᠡᠷᠭᠡᠳ ᠦ᠋ᠨ ᠰᠠᠨᠠᠬ᠋᠎ᠠ ᠰᠠᠶ᠋ᠢᠨ
ᠣᠨᠴᠠ ᠪᠤᠰᠤᠳ ᠦ᠋ᠨ ᠦᠢᠯᠡ ᠶ᠋ᠢ ᠪᠦᠲᠦᠭᠡᠭᠴᠢᠳ ᠦ᠋ᠨ ᠴᠢᠲᠠᠯ ᠰᠠᠶ᠋ᠢᠨ
( 《 ᠵᠠᠭᠤᠨ ᠪᠢᠯᠢᠭ 》 )
ᠳᠥᠷᠪᠡᠨ ᠮᠠᠭᠤ ᠠᠯᠢ ᠪᠤᠢ ᠭᠡᠮᠡᠪᠡᠰᠦ
ᠦᠨᠡᠨ ᠭᠤᠷᠪᠠᠨ ᠡᠷᠲᠡᠨᠢ ᠶ᠋ᠢ ᠦᠯᠦ ᠰᠢᠲᠦᠭᠴᠢᠳ ᠦ᠋ᠨ ᠵᠠᠶᠠᠬ᠋᠎ᠠ ᠮᠠᠭᠤ
ᠦᠢᠯᠡ ᠶ᠋ᠢᠨ ᠦᠷ᠎ᠡ ᠶ᠋ᠢ ᠥᠯᠦ ᠬᠠᠶ᠋ᠢᠬᠤᠷᠤᠭᠴᠢᠳ ᠦ᠋ᠨ ᠤᠬᠠᠭᠠᠨ ᠮᠠᠭᠤ
ᠦᠷᠬᠦᠯᠵᠢ ᠰᠢᠨᠤᠯ ᠳᠠᠴᠢᠶᠠᠩᠭᠤᠢ ᠯᠤᠬ᠋᠎ᠠ ᠨᠡᠢᠯᠡᠭᠴᠢᠳ ᠦ᠋ᠨ ᠠᠪᠢᠶᠠᠰ ᠮᠠᠭᠤ
ᠥᠴᠦᠬᠡᠨ ᠤᠯᠵᠠᠨ ᠳ᠋ᠤᠷ ᠪᠠᠶᠠᠰᠤᠭᠴᠢᠳ ᠦ᠋ᠨ ᠬᠡᠰᠢᠭ ᠮᠠᠭᠤ
( 《 ᠵᠠᠭᠤᠨ ᠪᠢᠯᠢᠭ 》 )
ᠳᠥᠷᠪᠡᠨ ᠳᠡᠯᠭᠡᠷᠡᠬᠦ ᠠᠯᠢ ᠪᠤᠢ ᠭᠡᠮᠡᠪᠡᠰᠦ
ᠲᠡᠭᠦᠰ ᠣᠶᠤᠲᠠᠨ ᠪ ᠶᠤᠰᠤ ᠶ᠋ᠢ ᠡᠳ᠋ᠯᠡᠭᠴᠢᠳ ᠦ᠋ᠨ ᠰᠠᠶ᠋ᠢᠨ ᠠᠯᠲᠠᠷ ᠳᠡᠯᠭᠡᠷᠡᠬᠦ
ᠲᠡᠨᠡᠭ ᠮᠤᠩᠬᠠᠭ ᠦ᠋ᠨ ᠵᠢᠷᠤᠮ ᠊ᠢ ᠳᠠᠭᠠᠭᠴᠢᠳ ᠦ᠋ᠨ ᠮᠠᠭᠤ ᠨᠡᠷ᠎ᠡ ᠳᠡᠯᠭᠡᠷᠡᠬᠦ
ᠲᠡᠮᠡᠴᠡᠨ ᠪᠤᠰᠤᠳ ᠊ᠢ ᠬᠥᠨᠥᠭᠡᠭᠴᠢᠳ ᠦ᠋ᠨ ᠬᠡᠯᠡ ᠠᠮᠠ ᠳᠡᠯᠭᠡᠷᠡᠬᠦ
ᠲᠡᠮᠲᠡᠭᠲᠡᠶᠡ ᠰᠠᠶ᠋ᠢᠨ ᠶᠠᠪᠤᠭᠴᠢᠳ ᠦ᠋ᠨ ᠴᠣᠭ ᠤᠴᠠᠷᠠᠯ ᠳᠡᠯᠭᠡᠷᠡᠬᠦ
( 《 ᠵᠠᠭᠤᠨ ᠪᠢᠯᠢᠭ 》 )
ᠳᠥᠷᠪᠡᠨ ᠪᠠᠭᠤᠷᠠᠬᠤ ᠠᠯᠢ ᠪᠤᠢ ᠭᠡᠮᠡᠪᠡᠰᠦ
ᠬᠡᠨ ᠡᠴᠡ ᠬᠡᠲᠦᠷᠬᠡᠢ ᠰᠠᠶ᠋ᠢᠷᠬᠠᠭᠴᠢᠳ ᠦ᠋ᠨ ᠣᠮᠣᠭ ᠭᠦᠴᠦᠨ ᠪᠠᠭᠤᠷᠠᠬᠤ
ᠬᠡᠲᠦᠷᠬᠡᠢ ᠮᠠᠭᠤ ᠰᠠᠨᠠᠭᠴᠢᠳ ᠦ᠋ᠨ ᠥᠮᠥᠭ ᠰᠠᠲᠤᠨ ᠪᠠᠭᠤᠷᠠᠬᠤ
ᠭᠡᠭᠡᠮᠰᠦᠭ ᠭᠣᠸ᠋᠎ᠠ ᠶ᠋ᠢ ᠡᠳ᠋ᠯᠡᠭᠴᠢᠳ ᠦ᠋ᠨ ᠡᠳ᠋ ᠲᠠᠸᠠᠷ ᠪᠠᠭᠤᠷᠠᠬᠤ
ᠬᠡᠷᠡᠭ ᠦᠭᠡᠢ ᠦᠢᠯᠡᠨ ᠳ᠋ᠤᠷ ᠳᠤᠷᠠᠯᠠᠭᠴᠢᠳ ᠦ᠋ᠨ ᠡᠨᠡ ᠬᠣᠶ᠋ᠢᠲᠤ ᠪᠠᠭᠤᠷᠠᠬᠤ
( 《 ᠵᠠᠭᠤᠨ ᠪᠢᠯᠢᠭ 》 )
ᠳᠥᠷᠪᠡᠨ ᠣᠯᠠᠨ ᠠᠯᠢ ᠪᠤᠢ ᠭᠡᠮᠡᠪᠡᠰᠦ
ᠬᠠᠶ᠋ᠢᠷᠠᠯᠠᠨ ᠳᠡᠳᠬᠦᠬᠦ ᠰᠠᠨᠠᠭᠠᠲᠠᠨ ᠳ᠋ᠤᠷ ᠨᠥᠬᠥᠷ ᠰᠠᠲᠤᠨ ᠣᠯᠠᠨ
ᠬᠠᠷᠭᠢᠰ ᠮᠠᠭᠤ ᠰᠠᠨᠠᠭᠠᠲᠠᠨ ᠳ᠋ᠤᠷ ᠥᠰᠢᠶᠡᠲᠡᠨ ᠳᠠᠶ᠋ᠢᠰᠤᠨ ᠣᠯᠠᠨ
ᠬᠠᠨᠤᠨ ᠴᠠᠲᠤᠭᠴᠢ ᠰᠡᠤᠠᠬᠢᠯᠲᠡᠨ ᠳ᠋ᠤᠷ ᠡᠳ᠋ ᠲᠠᠸᠠᠷ ᠣᠯᠠᠨ
ᠬᠠᠵᠠᠭᠠᠢ ᠦᠭᠡᠢ ᠳᠣᠭᠲᠠᠭᠠᠬᠤ ᠣᠶᠤᠲᠠᠨ ᠳ᠋ᠤᠷ ᠰᠤᠷᠬᠤ ᠡᠷᠲᠡᠮ ᠣᠯᠠᠨ
( 《 ᠵᠠᠭᠤᠨ ᠪᠢᠯᠢᠭ 》 )
ᠳᠥᠷᠪᠡᠨ ᠴᠦᠬᠡᠨ ᠠᠯᠢ ᠪᠤᠢ ᠭᠡᠮᠡᠪᠡᠰᠦ
ᠬᠣᠣᠷᠯᠠᠬᠤ ᠰᠠᠨᠠᠬ᠋᠎ᠠ ᠪᠢᠰᠢᠯᠭᠠᠭᠴᠢᠳ ᠲᠤᠷ ᠢᠨᠠᠭ ᠨᠥᠬᠥᠷ ᠴᠦᠬᠡᠨ
ᠬᠣᠣᠷᠲᠤ ᠰᠠᠨᠠᠬ᠋᠎ᠠ ᠶ᠋ᠢ ᠲᠡᠪᠴᠢᠭᠴᠢᠳ ᠲᠤᠷ ᠥᠰᠢᠶᠡᠲᠡᠨ ᠳᠠᠶ᠋ᠢᠰᠤᠨ ᠴᠦᠬᠡᠨ
ᠬᠣᠮᠤᠬᠠᠢ ᠰᠢᠨᠤᠬᠠᠢ ᠰᠡᠤᠠᠬᠢᠯᠲᠡᠨ ᠳ᠋ᠤᠷ ᠡᠳ᠋ ᠮᠠᠯ ᠴᠦᠬᠡᠨ
ᠬᠣᠪᠲᠣᠭᠯᠠᠬᠤ ᠰᠠᠨᠠᠬ᠋᠎ᠠ ᠶᠡᠬᠡᠲᠡᠪᠡᠰᠦ ᠣᠯᠵᠠ ᠠᠰᠢᠬ ᠴᠦᠬᠡᠨ
( 《 ᠵᠠᠭᠤᠨ ᠪᠢᠯᠢᠭ 》 )
ᠳᠥᠷᠪᠡᠨ ᠪᠡᠷᠬᠡ ᠠᠯᠢ ᠪᠤᠢ ᠭᠡᠮᠡᠪᠡᠰᠦ
ᠲᠤᠩᠭᠠᠯᠠᠭ ᠭᠦᠨ ᠣᠶᠤᠲᠠᠨ ᠪ ᠰᠡᠤᠠᠬᠢᠯ ᠊ᠢ ᠭᠦᠢᠴᠡᠵᠦ ᠮᠡᠲᠡᠬᠦ ᠳ᠋ᠤ᠌ ᠪᠡᠷᠬᠡ
ᠲᠤᠷᠠᠤᠠᠬᠤ ᠭᠡᠭᠡᠨ ᠣᠶᠤᠲᠠᠨ ᠪ ᠰᠤᠲᠤᠯᠤᠭᠰᠠᠨ ᠊ᠢ ᠡᠡᠲᠡᠭᠦᠷᠡᠭᠦᠯᠬᠦ ᠳ᠋ᠤ᠌ ᠪᠡᠷᠬᠡ
ᠲᠤᠩᠭᠠᠵᠤ ᠪᠣᠲᠣᠭᠰᠠᠨ ᠮᠡᠷᠭᠡᠳ ᠦ᠋ᠨ ᠵᠥᠪᠰᠢᠶᠡᠷᠡᠯ ᠊ᠢ ᠨᠢᠬᠡᠨᠲᠡᠰᠢ ᠰᠢᠤᠠᠬᠡᠬᠦ ᠳ᠋ᠤ᠌ ᠪᠡᠷᠬᠡ
ᠲᠣᠨᠣᠭᠲᠠᠵᠤ ᠢᠷᠡᠬᠦ ᠣᠷᠴᠢᠯᠠᠩ ᠦ᠋ᠨ ᠵᠢᠮ᠎ᠡ ᠶᠤᠰᠤᠨ ᠊ᠢ ᠰᠢᠢᠤᠠᠪᠦᠷᠢᠯᠡᠨ ᠮᠡᠲᠡᠬᠦᠢ ᠳ᠋ᠤ᠌ ᠪᠡᠷᠬᠡ
ᠲᠤᠰᠠᠲᠠᠢ ᠰᠠᠶ᠋ᠢᠨ ᠶᠠᠪᠤᠲᠠᠯ ᠊ᠢ ᠬᠢᠴᠢᠶᠡᠭᠴᠢᠳ ᠦ᠋ᠨ ᠪᠠᠭᠤᠷᠠᠬᠤ ᠠᠨᠤ ᠪᠡᠷᠬᠡ
( 《 ᠵᠠᠭᠤᠨ ᠪᠢᠯᠢᠭ 》 )
ᠳᠥᠷᠪᠡᠨ ᠬᠢᠯᠪᠠᠷ ᠠᠯᠢ ᠪᠤᠢ ᠭᠡᠮᠡᠪᠡᠰᠦ
ᠣᠯᠵᠠᠨ ᠳ᠋ᠤᠷ ᠰᠢᠨᠤᠬᠤ ᠮᠠᠭᠤ ᠰᠠᠨᠠᠭᠠᠲᠠᠨ ᠪ ᠪᠣᠲᠣᠯᠬ᠋ᠠ ᠶ᠋ᠢ ᠣᠯᠬᠤ ᠳ᠋ᠤᠷ ᠬᠢᠯᠪᠠᠷ
ᠣᠨᠴᠠ ᠬᠣᠣᠷᠯᠠᠬᠤ ᠪᠠᠨ ᠮᠡᠲᠡᠭᠲᠡᠬᠦ ᠳᠠᠶ᠋ᠢᠰᠤᠨ ᠪ ᠠᠶ᠋ᠢᠮᠠᠭ ᠡᠴᠦᠰᠯᠡᠬᠦ ᠢᠨᠤ ᠬᠢᠯᠪᠠᠷ
ᠣᠮᠤᠭᠯᠡᠨ ᠠᠭᠤᠷᠯᠠᠬᠤ ᠶ᠋ᠢ ᠤᠷᠢᠲᠠᠭᠴᠢᠳ ᠦ᠋ᠨ ᠪᠦᠷᠢᠯᠬᠦ ᠢᠨᠤ ᠬᠢᠯᠪᠠᠷ
ᠣᠯᠵᠠ ᠬᠦᠨᠲᠦᠯᠡᠯ ᠳ᠋ᠤᠷ ᠳᠤᠷᠠᠯᠠᠭᠴᠢᠳ ᠦ᠋ᠨ ᠪᠠᠶᠠᠰᠬᠤ ᠠᠨᠤ ᠬᠢᠯᠪᠠᠷ
(《ᠵᠠᠭᠤᠨ ᠪᠢᠯᠢᠭ 》)
ᠳᠦᠷᠪᠡᠨ ᠤᠳᠠᠭᠠᠨ ᠠᠯᠢ ᠪᠣᠢ ᠭᠡᠮᠠᠪᠡᠰᠦ
ᠰᠢᠯᠢᠳᠡᠭ ᠳᠡᠭᠡᠲᠦ ᠣᠶᠤᠲᠠᠨ ᠤ ᠭᠣᠮᠣᠲᠠᠬᠤ ᠠᠨᠤ ᠤᠳᠠᠭᠠᠨ
ᠰᠢᠳᠤᠷᠭᠤ ᠲᠥᠪ ᠰᠡᠳᠬᠢᠯᠲᠡᠨ ᠦ ᠪᠠᠶᠠᠰᠬᠤ ᠠᠨᠤ ᠤᠳᠠᠭᠠᠨ
ᠰᠢᠯᠤᠭᠤᠨ ᠰᠠᠶ᠋ᠢᠨ ᠵᠠᠩᠲᠠᠨ ᠤ ᠬᠢᠯᠢᠩᠨᠡᠬᠦ ᠢᠨᠤ ᠤᠳᠠᠭᠠᠨ
ᠰᠢᠮ᠎ᠡ ᠰᠠᠶ᠋ᠢᠨ ᠲᠡᠳᠭᠦᠮᠵᠢᠲᠡᠨ ᠦ ᠦᠨᠡᠷᠭᠡᠬᠦ ᠢᠨᠤ ᠤᠳᠠᠭᠠᠨ
( 《 ᠵᠠᠭᠤᠨ ᠪᠢᠯᠢᠭ 》 )
ᠳᠦᠷᠪᠡᠨ ᠲᠦᠷᠭᠡᠨ ᠠᠯᠢ ᠪᠣᠢ ᠭᠡᠮᠡᠪᠡᠰᠤ
ᠭᠡᠮ ᠦᠭᠡᠢ ᠴᠠᠭᠠᠨ ᠰᠡᠳᠬᠢᠯᠲᠡᠨ ᠦ ᠰᠠᠨᠠᠭᠤᠯᠬᠤ ᠠᠨᠤ ᠲᠦᠷᠭᠡᠨ
ᠭᠡᠨᠡᠨ ᠵᠥᠭᠡᠯᠡᠨ ᠪᠣᠳᠣᠯᠭᠠᠲᠠᠨ ᠤ ᠬᠠᠭᠤᠳᠠᠰᠤ ᠠᠨᠤ ᠲᠦᠷᠭᠡᠨ
ᠭᠡᠳᠦᠮᠵᠢ ᠮᠠᠭᠤ ᠰᠠᠨᠠᠭᠠᠲᠠᠨ ᠤ ᠬᠣᠤᠷᠯᠠᠬᠤ ᠠᠨᠤ ᠲᠦᠷᠭᠡᠨ
ᠭᠡᠲᠦᠷᠬᠡᠢ ᠬᠣᠤᠷᠯᠠᠭᠴᠢᠳ ᠤᠨ ᠦᠬᠦᠬᠦ ᠢᠨᠤ ᠲᠦᠷᠭᠡᠨ
( 《 ᠵᠠᠭᠤᠨ ᠪᠢᠯᠢᠭ 》)
ᠳᠦᠷᠪᠡᠨ ᠦᠨᠡᠨ ᠠᠯᠢ ᠪᠣᠢ ᠭᠡᠮᠡᠪᠡᠰᠤ
ᠵᠥᠪ ᠮᠥᠷ ᠢ ᠵᠢᠭᠠᠨ ᠲᠠᠨᠢᠭᠤᠯᠬᠤ ᠪᠠᠭᠰᠢ ᠶ᠋ᠢᠨ ᠰᠠᠶ᠋ᠢᠨ ᠠᠴᠢ ᠦᠨᠡᠨ
ᠵᠥᠭᠡᠭᠡᠨ ᠬᠤᠷᠢᠶᠠᠭᠰᠠᠨ ᠢᠶ᠋ᠠᠨ ᠬᠠᠶ᠋ᠢᠷ᠎ᠠ ᠦᠭᠡᠢ ᠡᠳ᠋ᠯᠡᠭᠦᠯᠬᠦ ᠡᠴᠢᠭᠡ ᠡᠬᠡ ᠶ᠋ᠢᠨ ᠥᠷᠥᠰᠢᠶᠡᠯ ᠦᠨᠡᠨ
ᠵᠥᠭᠡᠯᠡᠨ ᠠᠪᠤᠷᠢ ᠪᠠᠷ ᠲᠤᠰᠠᠲᠤ ᠦᠭᠡ ᠶ᠋ᠢ ᠦᠭᠦᠯᠡᠭᠴᠢ ᠠᠬ᠎ᠠ ᠳᠡᠭᠦᠦ ᠶ᠋ᠢᠨ ᠬᠠᠶ᠋ᠢᠷ᠎ᠠ ᠦᠨᠡᠨ
ᠵᠦᠳᠡᠬᠦ ᠴᠠᠭ ᠲᠤ ᠲᠤᠰᠠ ᠬᠦᠷᠭᠡᠭᠴᠢ ᠰᠠᠶ᠋ᠢᠨ ᠨᠦᠬᠦᠷ ᠦᠨ ᠲᠡᠳᠭᠦᠮᠵᠢ ᠦᠨᠡᠨ
( 《 ᠵᠠᠭᠤᠨ ᠪᠢᠯᠢᠭ 》 )
ᠳᠦᠷᠪᠡᠨ ᠬᠤᠳᠠᠯ ᠠᠯᠢ ᠪᠣᠢ ᠭᠡᠮᠡᠪᠡᠰᠤ
ᠳᠡᠮᠡᠢ ᠨᠢᠭᠤᠷ ᠬᠠᠷᠠᠵᠤ ᠡᠷᠭᠦᠭᠴᠢᠳ ᠦᠨ ᠬᠦᠨᠳᠦᠯᠡᠯ ᠬᠤᠳᠠᠯ
ᠳᠡᠯᠭᠡᠷ ᠴᠠᠭ ᠲᠤ ᠣᠯᠠᠨ ᠢᠶ᠋ᠠᠷ ᠬᠤᠷᠠᠭᠴᠢ ᠠᠮᠠᠷᠠᠭ ᠰᠠᠳᠤᠨ ᠤ ᠬᠡᠯᠬᠢᠶ᠎ᠡ ᠬᠤᠳᠠᠯ
ᠳᠡᠶ᠋ᠢᠯᠦᠩᠬᠡᠢ ᠳ᠋ᠡᠭᠡᠨ ᠰᠤᠷᠤᠯᠴᠠᠬᠤ ᠪᠠᠭᠰᠢ ᠦᠭᠡᠢ ᠲᠡᠨᠦᠭᠴᠢᠳ ᠦᠨ ᠨᠣᠮ ᠰᠤᠷᠬᠤ ᠬᠤᠳᠠᠯ
ᠲᠡᠩᠰᠡᠯᠭᠡᠵᠦ ᠡᠯᠳᠡᠪ ᠢᠶ᠋ᠡᠷ ᠣᠮᠣᠭᠳᠠᠭᠰᠠᠨ ᠨᠦᠬᠦᠷ ᠵᠠᠷᠤᠴᠠ ᠪᠠᠨ ᠬᠠᠶ᠋ᠢᠷᠠᠯᠠᠬᠤ ᠬᠤᠳᠠᠯ
(《ᠵᠠᠭᠤᠨ ᠪᠢᠯᠢᠭ 》 )
ᠳᠦᠷᠪᠡᠨ ᠠᠮᠤᠷ ᠠᠯᠢ ᠪᠣᠢ ᠭᠡᠮᠡᠪᠡᠰᠤ
ᠣᠯᠠᠨ ᠳ᠋ᠤᠷ ᠲᠤᠰᠠ ᠬᠦᠷᠭᠡᠭᠴᠢᠳ ᠦᠨ ᠪᠡᠶ᠎ᠡ ᠠᠮᠤᠷ
ᠣᠰᠣᠯ ᠮᠠᠭᠤ ᠶᠠᠪᠤᠳᠠᠯ ᠢ ᠳᠡᠪᠴᠢᠭᠴᠢᠳ ᠦᠨ ᠰᠠᠨᠠᠭ᠎ᠠ ᠠᠮᠤᠷ
ᠣᠯᠵᠠ ᠭᠠᠷᠤᠵᠠ ᠥᠯᠥ ᠪᠤᠳᠤᠭᠴᠢᠳ ᠤᠨ ᠡᠳ᠋ᠯᠡᠯ ᠠᠮᠤᠷ
ᠣᠨᠴᠠ ᠵᠦᠭᠡᠯᠡᠨ ᠢᠶ᠋ᠡᠷ ᠰᠢᠳᠤᠷᠭᠤ ᠶᠠᠪᠤᠭᠴᠢᠳ ᠤᠨ ᠶᠠᠪᠤᠳᠠᠯ ᠠᠮᠤᠷ
( 《 ᠵᠠᠭᠤᠨ ᠪᠢᠯᠢᠭ 》 )
ᠳᠦᠷᠪᠡᠨ ᠵᠣᠪᠠᠭᠤᠷᠢ ᠠᠯᠢ ᠪᠣᠢ ᠭᠡᠮᠡᠪᠡᠰᠤ
ᠰᠤᠲᠤᠯᠤᠭᠤᠯᠪᠠᠴᠤ ᠦᠯᠦ ᠠᠪᠬᠤ ᠮᠤᠩᠬᠠᠭ ᠱᠠᠪᠢ ᠶ᠋ᠢᠨ ᠪᠠᠭᠰᠢ ᠵᠣᠪᠠᠭᠤᠷᠢ
ᠰᠤᠷᠭᠠᠪᠠᠴᠤ ᠦᠯᠦ ᠠᠪᠬᠤ ᠬᠡᠷᠴᠡᠭᠡᠢ ᠠᠷᠠᠳ ᠦ᠋ᠨ ᠨᠣᠶᠠᠳ ᠵᠣᠪᠠᠭᠤᠷᠢ
ᠰᠣᠨᠣᠰᠪᠠᠴᠤ ᠦᠯᠦ ᠠᠪᠬᠤ ᠮᠠᠭᠤ ᠬᠥᠪᠡᠭᠦᠨ ᠪ ᠡᠴᠢᠭᠡ ᠵᠣᠪᠠᠭᠤᠷᠢ
ᠰᠣᠨᠵᠢᠪᠠᠴᠤ ᠦᠯᠦ ᠴᠡᠭᠡᠷᠯᠡᠬᠦ ᠮᠠᠭᠤ ᠡᠮ᠎ᠡ ᠶ᠋ᠢᠨ ᠡᠷ᠎ᠡ ᠵᠣᠪᠠᠭᠤᠷᠢ
( 《 ᠵᠠᠭᠤᠨ ᠪᠢᠯᠢᠭ 》)
ᠳᠥᠷᠪᠡᠨ ᠦᠯᠦ ᠲᠠᠰᠤᠷᠠᠬᠤ ᠠᠯᠢ ᠪᠤᠢ ᠬᠡᠮᠡᠪᠡᠰᠦ
ᠥᠷᠢᠰᠬᠦ ᠰᠠᠨᠠᠬ᠋᠎ᠠ ᠠᠬᠤᠭᠤᠯᠤᠭᠴᠢᠳ ᠦ᠋ᠨ ᠠᠭᠤᠷ ᠬᠢᠯᠢᠩ ᠦᠯᠦ ᠲᠠᠰᠤᠷᠠᠬᠤ
ᠥᠰᠯᠡᠬᠦ ᠰᠡᠤᠠᠬᠢᠯ ᠡᠪᠦᠷᠯᠡᠭᠴᠢᠳ ᠦ᠋ᠨ ᠬᠣᠣᠷᠯᠠᠬᠤ ᠰᠡᠤᠠᠬᠢᠯ ᠦᠯᠦ ᠲᠠᠰᠤᠷᠠᠬᠤ
ᠥᠪᠡᠷ ᠦ᠋ᠨ ᠡᠳ᠋ ᠢᠲᠡᠭᠡᠨ ᠊ᠢ ᠬᠠᠶ᠋ᠢᠷᠠᠯᠠᠭᠴᠢᠳ ᠦ᠋ᠨ ᠬᠡᠷᠡᠭᠦᠯ ᠲᠡᠮᠡᠴᠡᠭᠡᠨ ᠦᠯᠦ ᠲᠠᠰᠤᠷᠠᠬᠤ
ᠥᠨᠢᠲᠡ ᠨᠥᠬᠥᠷᠯᠡᠨ ᠦᠯᠦ ᠴᠢᠲᠠᠭᠴᠢᠳ ᠦ᠋ᠨ ᠪᠠᠶᠠᠰᠬᠤ ᠭᠣᠮᠣᠲᠠᠬᠤ ᠦᠯᠦ ᠲᠠᠰᠤᠷᠠᠬᠤ
( 《 ᠵᠠᠭᠤᠨ ᠪᠢᠯᠢᠭ 》)
ᠳᠥᠷᠪᠡᠨ ᠦᠯᠦ ᠲᠣᠭᠠᠴᠠᠬᠤ ᠠᠯᠢ ᠪᠤᠢ ᠬᠡᠮᠡᠪᠡᠰᠦ
ᠡᠨᠡ ᠪᠠ ᠬᠣᠶ᠋ᠢᠲᠤ ᠶ᠋ᠢᠨ ᠬᠡᠷᠡᠭ ᠊ᠢ ᠦᠯᠦ ᠪᠣᠲᠣᠭᠴᠢ ᠡᠲᠡᠭᠡᠳ ᠊ᠢ ᠪᠠᠶᠠᠯᠢᠬ ᠲᠤᠷ ᠦᠯᠦ ᠲᠣᠭᠠᠴᠠᠬᠤ
ᠡᠷᠲᠡᠮ ᠦᠭᠡᠢ ᠪᠥᠭᠡᠳ ᠠᠪᠬᠤ ᠭᠡᠭᠡᠬᠦ ᠶ᠋ᠢ ᠦᠯᠦ ᠮᠡᠲᠡᠭᠴᠢ ᠶ᠋ᠢ ᠰᠡᠴᠡᠨ ᠳ᠋ᠤᠷ ᠦᠯᠦ ᠲᠣᠭᠠᠴᠠᠬᠤ
ᠡᠭᠡᠨᠡᠭᠲᠡ ᠪᠤᠰᠤᠳ ᠦ᠋ᠨ ᠳᠡᠮᠵᠢᠯᠭᠡ ᠪᠡᠷ ᠰᠠᠶ᠋ᠢᠷᠬᠠᠭᠴᠢᠳ ᠊ᠢ ᠪᠠᠶᠠᠯᠢᠬ ᠲᠤᠷ ᠦᠯᠦ ᠲᠣᠭᠠᠴᠠᠬᠤ
ᠡᠷᠡᠯᠬᠡᠭ ᠴᠢᠲᠠᠯ ᠦᠭᠡᠢ ᠮᠠᠭᠤ ᠡᠷ᠎ᠡ ᠶ᠋ᠢ ᠭᠠᠪᠰᠢᠭᠠᠢ ᠳ᠋ᠤᠷ ᠦᠯᠦ ᠲᠣᠭᠠᠴᠠᠬᠤ
( 《 ᠵᠠᠭᠤᠨ ᠪᠢᠯᠢᠭ 》)
ᠳᠥᠷᠪᠡᠨ ᠠᠪᠬᠤ ᠠᠯᠢ ᠪᠤᠢ ᠬᠡᠮᠡᠪᠡᠰᠦ
ᠪᠠᠲᠤ ᠴᠢᠩ ᠵᠣᠷᠢᠬ ᠶ᠋ᠢᠠᠷ ᠨᠣᠮ ᠦ᠋ᠨ ᠠᠮᠲᠠ ᠶ᠋ᠢ ᠠᠪᠬᠤ
ᠪᠠᠬᠠᠲᠤᠬᠤ ᠰᠠᠶ᠋ᠢᠨ ᠦᠭᠡᠰ ᠶ᠋ᠢᠡᠷ ᠣᠯᠠᠨ ᠮᠡᠷᠭᠡᠳ ᠦ᠋ᠨ ᠦᠭᠡ ᠶ᠋ᠢ ᠠᠪᠬᠤ
ᠪᠠᠶᠠᠰᠬᠤᠯᠠᠩᠲᠤ ᠰᠠᠶ᠋ᠢᠬᠠᠨ ᠴᠢᠷᠠᠢ ᠪᠠᠷ ᠣᠯᠠᠨ ᠤᠯᠤᠰ ᠦ᠋ᠨ ᠳᠤᠷ᠎ᠠ ᠶ᠋ᠢ ᠠᠪᠬᠤ
ᠪᠠᠶ᠋ᠢᠬᠤ ᠡᠳ᠋ ᠲᠠᠸᠠᠷ ᠶ᠋ᠢᠠᠷ ᠴᠠᠭ ᠦ᠋ᠨ ᠵᠢᠷᠭᠠᠯ ᠊ᠢ ᠠᠪᠬᠤ
( 《 ᠵᠠᠭᠤᠨ ᠪᠢᠯᠢᠭ 》)
ᠳᠥᠷᠪᠡᠨ ᠭᠡᠭᠡᠬᠦ ᠠᠯᠢ ᠪᠤᠢ ᠬᠡᠮᠡᠪᠡᠰᠦ
ᠠᠤᠠᠬᠠᠭᠲᠤ ᠪᠤᠷᠤᠭᠤ ᠤᠪᠠᠲᠢᠰ ᠊ᠢ ᠵᠢᠭᠠᠭᠴᠢ ᠪᠠᠭᠰᠢ ᠶ᠋ᠢ ᠭᠡᠭᠡᠯᠲᠡᠢ
ᠠᠴᠢ ᠶ᠋ᠢᠨ ᠬᠠᠷᠢᠭᠤ ᠳ᠋ᠤᠷ ᠬᠣᠣᠷ ᠬᠦᠷᠭᠡᠭᠴᠢ ᠴᠢᠪᠢᠯᠲᠦ ᠰᠠᠲᠤᠨ ᠊ᠢ ᠭᠡᠭᠡᠯᠲᠡᠢ
ᠠᠯᠭᠠᠰᠠᠩᠭᠤᠢ ᠶᠠᠪᠤᠲᠠᠯ ᠳ᠋ᠤᠷ ᠣᠷᠣᠭᠤᠯᠤᠭᠴᠢ ᠬᠢᠯᠢᠨᠴᠡᠲᠦ ᠨᠥᠬᠥᠷ ᠊ᠢ ᠭᠡᠭᠡᠯᠲᠡᠢ
ᠠᠯᠲᠠᠷ ᠨᠡᠷ᠎ᠡ ᠶ᠋ᠢ ᠭᠤᠲᠤᠭᠠᠭᠴᠢ ᠮᠠᠭᠤ ᠶᠠᠪᠤᠲᠠᠯ ᠊ᠢ ᠭᠡᠭᠡᠯᠲᠡᠢ
( 《 ᠵᠠᠭᠤᠨ ᠪᠢᠯᠢᠭ 》)
ᠳᠥᠷᠪᠡᠨ ᠲᠤᠰᠠᠲᠠᠢ ᠠᠯᠢ ᠪᠤᠢ ᠬᠡᠮᠡᠪᠡᠰᠦ
ᠬᠣᠯᠢᠴᠠᠩᠭᠤᠢ ᠶ᠋ᠢᠨ ᠣᠷᠣᠨ ᠊ᠢ ᠭᠡᠶ᠋ᠢᠭᠦᠯᠬᠦ ᠶ᠋ᠢᠨ ᠲᠤᠯᠠ ᠲᠣᠭᠣᠯᠰᠤᠨ ᠪᠤᠷᠬᠠᠨ ᠪ ᠵᠠᠷᠯᠢᠬ ᠊ᠢ ᠪᠢᠰᠢᠯᠭᠠᠪᠠᠰᠤ ᠲᠤᠰᠠᠲᠠᠢ
ᠬᠣᠶ᠋ᠢᠲᠤ ᠳ᠋ᠤᠷ ᠮᠡᠷᠭᠡᠵᠢᠬᠦ ᠶ᠋ᠢᠨ ᠲᠤᠰᠠᠲᠠ ᠬᠢᠴᠢᠶᠡᠨ ᠪᠣᠯᠪᠠᠰᠤᠷᠠᠭᠤᠯᠤᠨ ᠰᠤᠷᠪᠠᠰᠤ ᠲᠤᠰᠠᠲᠠᠢ
ᠬᠣᠷᠣᠰᠬᠤ ᠲᠡᠮᠡᠴᠡᠬᠦ ᠬᠥᠨᠥᠭᠡᠬᠦ ᠢᠨᠤ ᠰᠥᠨᠥᠬᠦ ᠦᠭᠡᠢ ᠶ᠋ᠢᠨ ᠲᠦᠢᠮᠡᠷ ᠲᠤᠯᠠ ᠭᠡᠭᠡᠪᠡᠰᠦ ᠲᠤᠰᠠᠲᠠᠢ
ᠬᠣᠨᠵᠢᠬᠤ ᠠᠰᠢᠬᠯᠠᠬᠤ ᠣᠯᠵᠠᠯᠠᠬᠤ ᠠᠨᠤ ᠭᠦᠢᠴᠡᠰᠢ ᠦᠭᠡᠢ ᠲᠤᠯᠠ ᠲᠡᠪᠴᠢᠪᠡᠰᠦ ᠲᠤᠰᠠᠲᠠᠢ
( 《 ᠵᠠᠭᠤᠨ ᠪᠢᠯᠢᠭ 》)
ᠳᠥᠷᠪᠡᠨ ᠵᠥᠪ ᠠᠯᠢ ᠪᠤᠢ ᠬᠡᠮᠡᠪᠡᠰᠦ
ᠰᠠᠶ᠋ᠢᠨ ᠨᠥᠬᠥᠷ ᠦ᠋ᠨ ᠦᠭᠡ ᠰᠢᠷᠦᠭᠦᠨ ᠪᠣᠯᠪᠠᠴᠤ ᠬᠦᠯᠢᠶᠡᠵᠦ ᠠᠪᠬᠤ ᠨᠢ ᠵᠥᠪ
ᠰᠠᠨᠠᠬ᠋᠎ᠠ ᠮᠠᠭᠤᠲᠤ ᠶ᠋ᠢᠨ ᠦᠭᠡ ᠵᠥᠭᠡᠯᠡᠨ ᠪᠣᠯᠪᠠᠴᠤ ᠰᠡᠷᠡᠮᠵᠢᠯᠡᠬᠦ ᠨᠢ ᠵᠥᠪ
ᠰᠠᠨᠠᠭᠰᠠᠨ ᠦᠢᠯᠡ ᠪᠡᠨ ᠲᠤᠭᠤᠷᠪᠢᠯ ᠦᠭᠡᠢ ᠮᠡᠷᠭᠡᠳ ᠡᠴᠡ ᠠᠰᠠᠭᠤᠬᠤ ᠠᠨᠤ ᠵᠥᠪ
ᠰᠠᠷᠠᠭᠤᠯ ᠳᠡᠭᠡᠳᠦᠰ ᠦ᠋ᠨ ᠥᠷᠥᠰᠢᠶᠡᠯ ᠠᠴᠢᠯᠠᠯ ᠊ᠢ ᠬᠠᠷᠢᠭᠤᠯᠤᠶ᠎ᠠ ᠭᠡᠬᠦ ᠨᠢ ᠵᠥᠪ
( 《 ᠵᠠᠭᠤᠨ ᠪᠢᠯᠢᠭ 》)
ᠳᠥᠷᠪᠡᠨ ᠪᠤᠷᠤᠭᠤ ᠠᠯᠢ ᠪᠤᠢ ᠬᠡᠮᠡᠪᠡᠰᠦ
ᠬᠡᠨ ᠳ᠋ᠤᠷ ᠴᠦ᠍ ᠦᠢᠯᠡᠲᠦᠭᠰᠡᠨ ᠠᠴᠢ ᠦᠭᠡᠢ ᠪᠥᠭᠡᠳ ᠦᠨᠡᠷᠬᠡᠬᠦ ᠪᠤᠷᠤᠭᠤ
ᠬᠡᠲᠦᠷᠬᠡᠢ ᠰᠠᠶ᠋ᠢᠨ ᠮᠡᠲᠡᠯ ᠦᠭᠡᠢ ᠪᠥᠭᠡᠳ ᠳᠡᠮᠡᠶ᠋ᠢᠯᠡ ᠰᠡᠴᠡᠷᠬᠡᠬᠦ ᠪᠤᠷᠤᠭᠤ
ᠬᠡᠨ ᠡᠴᠡ ᠴᠦ᠍ ᠳᠣᠣᠷ᠎ᠠ ᠪᠥᠭᠡᠳ ᠢᠮᠠᠭᠲᠠ ᠬᠦᠴᠦᠷᠬᠡᠬᠦ ᠪᠤᠷᠤᠭᠤ
ᠬᠡᠵᠢᠶᠡᠲᠡ ᠬᠡᠲᠦᠨ ᠮᠠᠯ ᠲᠠᠢ ᠪᠥᠭᠡᠳ ᠭᠡᠨᠡᠤᠠᠲᠡ ᠪᠠᠶᠠᠷᠬᠠᠬᠤ ᠪᠤᠷᠤᠭᠤ
( 《 ᠵᠠᠭᠤᠨ ᠪᠢᠯᠢᠭ 》 )
ᠳᠥᠷᠪᠡᠨ ᠬᠤᠷᠠᠬᠤ ᠠᠯᠢ ᠪᠤᠢ ᠬᠡᠮᠡᠪᠡᠰᠦ
ᠠᠪᠤᠷᠠᠯ ᠭᠤᠷᠪᠠᠨ ᠡᠷᠲᠡᠨᠢ ᠶ᠋ᠢ ᠳᠠᠬᠢᠪᠠᠰᠤ ᠰᠠᠶ᠋ᠢᠨ ᠪᠤᠶᠠᠨ ᠬᠤᠷᠠᠬᠤ
ᠠᠮᠢᠲᠠᠨ ᠪ ᠠᠮᠢ ᠶ᠋ᠢ ᠠᠪᠤᠷᠠᠪᠠᠰᠤ ᠨᠠᠰᠤᠨ ᠪ ᠬᠡᠰᠢᠭ ᠬᠤᠷᠠᠬᠤ
ᠠᠴᠢᠲᠤ ᠡᠴᠢᠭᠡ ᠡᠬᠡ ᠪᠡᠨ ᠬᠦᠨᠲᠦᠯᠡᠪᠡᠰᠦ ᠠᠮᠤᠷ ᠵᠢᠷᠭᠠᠯ ᠬᠤᠷᠠᠬᠤ
ᠠᠲᠠᠭ ᠳᠣᠣᠷᠠᠳᠤᠰ ᠊ᠢ ᠠᠰᠠᠷᠠᠪᠠᠰᠤ ᠠᠤᠬ᠋ᠠ ᠬᠦᠴᠦᠨ ᠬᠤᠷᠠᠬᠤ
( 《ᠵᠠᠭᠤᠨ ᠪᠢᠯᠢᠭ 》 )
ᠳᠥᠷᠪᠡᠨ ᠲᠠᠷᠬᠠᠬᠤ ᠠᠯᠢ ᠪᠤᠢ ᠬᠡᠮᠡᠪᠡᠰᠦ
ᠪᠤᠶᠠᠨ ᠪᠤᠰᠤ ᠦᠢᠯᠡ ᠳ᠋ᠤᠷ ᠳᠤᠷᠠᠯᠠᠪᠠᠰᠤ ᠠᠮᠤᠷ ᠵᠢᠷᠭᠠᠯ ᠲᠠᠷᠬᠠᠬᠤ
ᠪᠤᠶᠠᠨᠲᠤ ᠰᠠᠶ᠋ᠢᠨ ᠦᠢᠯᠡᠨ ᠳ᠋ᠦ᠍ᠷ ᠬᠢᠴᠢᠶᠡᠪᠡᠰᠦ ᠪᠤᠷᠤᠭᠤ ᠮᠥᠷ ᠲᠠᠷᠬᠠᠬᠤ
ᠪᠤᠰᠤᠳ ᠦ᠋ᠨ ᠡᠳ᠋ ᠲᠠᠸᠠᠷ ᠲᠣᠷ ᠰᠢᠨᠤᠪᠠᠰᠤ ᠪᠤᠶᠠᠨ ᠬᠡᠰᠢᠭ ᠲᠠᠷᠬᠠᠬᠤ
ᠪᠤᠷᠤᠭᠤ ᠰᠠᠨᠠᠭᠠᠲᠠᠨ ᠯᠤᠬ᠋᠎ᠠ ᠨᠥᠬᠥᠴᠡᠪᠡᠰᠦ ᠰᠠᠶ᠋ᠢᠨ ᠶᠠᠪᠤᠲᠠᠯ ᠲᠠᠷᠬᠠᠬᠤ
( 《 ᠵᠠᠭᠤᠨ ᠪᠢᠯᠢᠭ 》 )
ᠳᠥᠷᠪᠡᠨ ᠬᠠᠲᠠᠭᠤ ᠠᠯᠢ ᠪᠤᠢ ᠬᠡᠮᠡᠪᠡᠰᠦ
ᠡᠵᠡᠯᠡᠨ ᠵᠣᠪᠠᠭᠠᠭᠴᠢ ᠨᠣᠶᠠᠳ ᠦ᠋ᠨ ᠵᠣᠷᠢᠬ ᠬᠠᠲᠠᠭᠤ
ᠡᠶ᠎ᠡ ᠲᠡᠢ ᠦᠭᠡ ᠬᠡᠯᠡᠭᠴᠢ ᠶ᠋ᠢᠨ ᠠᠮᠠ ᠬᠠᠲᠠᠭᠤ
ᠡᠴᠢᠭᠡ ᠶ᠋ᠢᠨ ᠣᠷᠣᠨ ᠪᠠᠷᠢᠬᠰᠠᠨ ᠰᠢᠪᠡᠭᠴᠢᠨ ᠪ ᠭᠠᠷ ᠬᠠᠲᠠᠭᠤ
ᠡᠷ᠎ᠡ ᠪᠡᠨ ᠡᠵᠡᠯᠡᠭᠰᠡᠨ ᠡᠬᠡᠨᠡᠷ ᠦ᠋ᠨ ᠴᠢᠷᠠᠢ ᠬᠠᠲᠠᠭᠤ
( 《 ᠵᠠᠭᠤᠨ ᠪᠢᠯᠢᠭ 》 )
ᠳᠥᠷᠪᠡᠨ ᠵᠥᠭᠡᠯᠡᠨ ᠠᠯᠢ ᠪᠤᠢ ᠬᠡᠮᠡᠪᠡᠰᠦ
ᠲᠥᠷᠥ ᠶᠣᠰᠣ ᠶ᠋ᠢ ᠳᠠᠭᠠᠭᠴᠢ ᠨᠣᠶᠠᠳ ᠦ᠋ᠨ ᠵᠣᠷᠢᠬ ᠵᠥᠭᠡᠯᠡᠨ
ᠲᠦᠪᠰᠢᠨ ᠰᠢᠲᠤᠷᠭᠤ ᠶ᠋ᠢ ᠪᠠᠷᠢᠬᠴᠢᠳ ᠦ᠋ᠨ ᠡᠶ᠎ᠡ ᠵᠥᠭᠡᠯᠡᠨ
ᠲᠥᠷᠥᠯᠬᠢ ᠶ᠋ᠢᠨ ᠮᠠᠭᠤ ᠰᠠᠨᠠᠭᠠᠲᠠᠨ ᠪ ᠠᠶ᠎ᠠ ᠵᠥᠭᠡᠯᠡᠨ
ᠲᠦᠪᠰᠢᠨ ᠦᠭᠡᠢ ᠮᠠᠭᠤ ᠶᠠᠪᠤᠲᠠᠯᠲᠤ ᠡᠬᠡᠨᠡᠷ ᠦ᠋ᠨ ᠬᠡᠯᠡ ᠵᠥᠭᠡᠯᠡᠨ
( 《 ᠵᠠᠭᠤᠨ ᠪᠢᠯᠢᠭ 》 )
ᠴᠢᠩᠭᠢᠰ ᠦ᠋ᠨ ᠪᠢᠯᠢᠭ ᠰᠤᠷᠭᠠᠯ
ᠬᠣᠶᠠᠷ ᠰᠡᠤᠠᠬᠢᠯ ᠲᠡᠢ ᠡᠷ᠎ᠡ ᠪᠣᠯᠪᠠᠰᠤ ᠡᠷ᠎ᠡ ᠪᠤᠰᠤ ᠡᠮ᠎ᠡ ᠪᠣᠯᠠᠢ
ᠨᠢᠭᠡ ᠰᠡᠤᠠᠬᠢᠯ ᠲᠡᠢ ᠡᠷ᠎ᠡ ᠪᠣᠯᠪᠠᠰᠤ ᠡᠷ᠎ᠡ ᠪᠤᠰᠤ ᠡᠷᠲᠡᠨᠢ ᠪᠣᠯᠠᠢ
ᠨᠢᠭᠡ ᠰᠡᠤᠠᠬᠢᠯ ᠲᠡᠢ ᠡᠮ᠎ᠡ ᠪᠣᠯᠪᠠᠰᠤ ᠡᠮ᠎ᠡ ᠪᠤᠰᠤ ᠡᠷ᠎ᠡ ᠪᠣᠯᠠᠢ
ᠬᠣᠶᠠᠷ ᠰᠡᠤᠠᠬᠢᠯ ᠲᠡᠢ ᠡᠮ᠎ᠡ ᠪᠣᠯᠪᠠᠰᠤ ᠡᠮ᠎ᠡ ᠪᠤᠰᠤ ᠨᠣᠬᠠᠢ ᠪᠣᠯᠠᠢ
( 《ᠵᠠᠭᠤᠨ ᠪᠢᠯᠢᠭ 》 )
ᠴᠢᠩᠭᠢᠰ ᠬᠠᠭᠠᠨ ᠪ ᠵᠠᠷᠯᠢᠬ
ᠬᠠᠰ ᠴᠢᠯᠠᠭᠤᠨ ᠳ᠋ᠤᠷ ᠠᠷᠠᠰᠤᠨ ᠦᠭᠡᠢ
ᠬᠠᠲᠠ ᠲᠡᠮᠦᠷ ᠲᠣᠷ ᠳᠣᠷᠣᠰᠤᠨ ᠦᠭᠡᠢ
ᠬᠠᠶ᠋ᠢᠷᠠᠬᠠᠨ ᠲᠥᠷᠥᠭᠰᠡᠨ ᠪᠡᠶᠡᠨ ᠳ᠋ᠤᠷ ᠮᠥᠩᠬᠡ ᠦᠭᠡᠢ
( 《 ᠰᠢᠷ᠎ᠠ ᠲᠣᠭᠣᠵᠢ 》 《 ᠬᠤᠷᠢᠶᠠᠩᠭᠤᠢ ᠠᠯᠲᠠᠨ ᠲᠣᠪᠴᠢ 》 )
ᠴᠠᠭᠠᠲᠠᠢ ᠶ᠋ᠢᠨ ᠰᠤᠷᠭᠠᠯ
ᠪᠠᠭᠤᠯᠭᠠᠲᠤᠢ ᠮᠣᠲᠣᠨ ᠳ᠋ᠤᠷ ᠬᠤᠷᠴᠠ ᠬᠢᠲᠤᠬ᠋ᠠ ᠬᠡᠷᠡᠭᠲᠡᠢ
ᠪᠠᠭᠤᠵᠤ ᠤᠨᠠᠭᠰᠠᠨ ᠮᠣᠲᠣᠨ ᠳ᠋ᠤᠷ ᠤᠷᠠᠨ ᠮᠣᠲᠣᠴᠢ ᠬᠡᠷᠡᠭᠲᠡᠢ
ᠪᠠᠶ᠋ᠢᠭᠤᠯᠤᠭᠠᠲᠤᠢ ᠲᠥᠷᠥ ᠳ᠋ᠤᠷ ᠪᠠᠭᠠᠲᠤᠷ ᠵᠠᠩᠵᠤᠨ ᠬᠡᠷᠡᠭᠲᠡᠢ
ᠪᠠᠶ᠋ᠢᠭᠤᠯᠵᠤ ᠪᠦᠲᠦᠭᠰᠡᠨ ᠲᠥᠷᠥ ᠳ᠋ᠤᠷ ᠪᠠᠭᠰᠢ ᠮᠡᠷᠭᠡᠳ ᠬᠡᠷᠡᠭᠲᠡᠢ
ᠥᠭᠡᠲᠡᠢ ᠶ᠋ᠢᠨ ᠰᠤᠷᠭᠠᠯ
ᠡᠷᠲᠡᠮ ᠴᠢᠲᠠᠯ ᠊ᠢ ᠡᠰᠡ ᠰᠤᠷᠪᠠᠰᠤ ᠬᠡᠷᠡᠭᠯᠡᠬᠦ ᠴᠠᠭ ᠲᠤᠷ ᠭᠡᠮᠰᠢᠮᠦᠢ
ᠡᠷᠡᠭᠦᠯ ᠪᠡᠶ᠎ᠡ ᠪᠡᠨ ᠡᠰᠡ ᠬᠢᠴᠢᠶᠡᠨ ᠰᠤᠪᠢᠯᠠᠪᠠᠰᠤ ᠡᠪᠡᠲᠦᠭᠰᠡᠨ ᠴᠠᠭ ᠲᠤᠷ ᠭᠡᠮᠰᠢᠮᠦᠢ
ᠨᠣᠶᠠᠨ ᠪᠣᠯᠵᠤ ᠠᠷᠢᠭᠤᠨ ᠡᠰᠡ ᠶᠠᠪᠤᠪᠠᠰᠤ ᠪᠠᠭᠤᠷᠠᠭᠰᠠᠨ ᠴᠠᠭ ᠲᠤᠷ ᠭᠡᠮᠰᠢᠮᠦᠢ
ᠪᠠᠶᠠᠨ ᠪᠣᠯᠤᠭᠠᠳ ᠵᠢᠷᠭᠠᠵᠤ ᠡᠰᠡ ᠴᠢᠲᠠᠪᠠᠰᠤ ᠰᠡᠷᠭᠦᠭᠰᠡᠨ ᠴᠠᠭ ᠲᠤᠷ ᠭᠡᠮᠰᠢᠮᠦᠢ
ᠲᠠᠷᠠᠰᠤᠨᠠ ᠰᠣᠭᠲᠣᠭᠠᠳ ᠴᠡᠭᠡᠷᠯᠡᠨ ᠡᠰᠡ ᠴᠢᠲᠠᠪᠠᠰᠤ ᠰᠡᠷᠭᠦᠭᠰᠡᠨ ᠴᠠᠭ ᠲᠤᠷ ᠭᠡᠮᠰᠢᠮᠦᠢ
ᠦᠭᠡ ᠣᠯᠠᠨ ᠬᠡᠯᠡᠭᠡᠳ ᠬᠣᠣᠷ ᠊ᠢ ᠢᠲᠡᠭᠰᠡᠨ ᠴᠠᠭ ᠲᠤᠷ ᠭᠡᠮᠰᠢᠮᠦᠢ
ᠴᠢᠩᠭᠢᠰ ᠦ᠋ᠨ ᠰᠤᠷᠭᠠᠯ
ᠦᠢᠯᠡᠳ ᠶ᠋ᠢᠡᠨ ᠪᠦᠲᠦᠭᠡᠪᠡᠰᠦ ᠦᠢᠯᠡ ᠶ᠋ᠢᠨ ᠣᠬᠢ
ᠦᠨᠡᠨ ᠦᠭᠡᠨ ᠳ᠋ᠡᠭᠡᠨ ᠬᠦᠷᠦᠭᠰᠡᠨ ᠬᠥᠮᠦᠨ ᠪ ᠰᠡᠤᠠᠬᠢᠯ ᠪᠡᠬᠢ
ᠥᠴᠦᠬᠡᠨ ᠳᠤᠷᠠᠨ ᠶ᠋ᠢᠠᠷ ᠶᠠᠪᠤᠵᠤ ᠣᠯᠠᠨ ᠯᠤᠬ᠋᠎ᠠ ᠵᠣᠬᠢ
( 《 ᠴᠢᠩᠭᠢᠰ ᠦ᠋ᠨ ᠰᠤᠷᠭᠠᠯ 》 )
ᠳᠥᠷᠪᠡᠨ ᠦᠯᠦ ᠬᠠᠩᠬᠤ
ᠶᠡᠷᠦ ᠳᠠᠯᠠᠢ ᠨᠤᠭᠤᠳ ᠤᠰᠤᠨ ᠶ᠋ᠢᠠᠷ ᠦᠯᠦ ᠬᠠᠩᠬᠤ
ᠶᠡᠬᠡᠰ ᠬᠠᠭᠠᠳ ᠦ᠋ᠨ ᠰᠠᠩ ᠡᠳ᠋ ᠶ᠋ᠢᠡᠷ ᠦᠯᠦ ᠬᠠᠩᠬᠤ
ᠶᠡᠷᠦᠩᠬᠡᠢ ᠬᠥᠮᠦᠨ ᠨᠤᠭᠦᠳ ᠬᠦᠰᠡᠯ ᠶ᠋ᠢᠡᠷ ᠦᠯᠦ ᠬᠠᠩᠬᠤ
ᠶᠡᠬᠡ ᠤᠬᠠᠭᠠᠨᠲᠠᠨ ᠮᠡᠷᠭᠡᠳ ᠡᠷᠲᠡᠮ ᠶ᠋ᠢᠡᠷ ᠦᠯᠦ ᠬᠠᠩᠬᠤ
( ᠭᠦᠩᠭᠠᠵᠠᠯᠽᠠᠨ ᠪ 《 ᠡᠷᠲᠡᠨᠢ ᠶ᠋ᠢᠨ ᠰᠠᠩ ᠰᠤᠪᠠᠰᠢᠲᠢ 》 )
ᠳᠥᠷᠪᠡᠨ ᠲᠡᠮᠲᠡᠭ
ᠤᠷᠭᠤᠮᠠᠯ ᠮᠣᠲᠣᠨ ᠪ ᠮᠥᠴᠢᠷ ᠪᠥᠬᠥᠶ᠋ᠢᠭᠰᠡᠨ ᠢᠨᠤ ᠵᠢᠮᠢᠰ ᠲᠡᠢ ᠶ᠋ᠢᠨ ᠲᠡᠮᠲᠡᠭ
ᠤᠷᠠᠨ ᠡᠭᠡᠰᠢᠭᠲᠦ ᠲᠣᠭᠣᠰ ᠦ᠋ᠨ ᠨᠣᠮᠣᠬᠠᠨ ᠠᠨᠤ ᠥᠲᠥᠨ ᠰᠠᠶ᠋ᠢᠬᠠᠨ ᠪ ᠲᠡᠮᠲᠡᠭ
ᠤᠬᠠᠭᠠᠨᠲᠤ ᠠᠭᠲᠠ ᠮᠣᠷᠢ ᠨᠣᠮᠣᠬᠠᠨ ᠠᠨᠤ ᠬᠤᠷᠲᠤᠨ ᠪ ᠲᠡᠮᠲᠡᠭ
ᠣᠭᠣᠭᠠᠲᠠ ᠰᠠᠶ᠋ᠢᠨ ᠴᠢᠨᠠᠷ ᠲᠤ ᠳᠡᠭᠡᠳᠦᠰ ᠨᠣᠮᠣᠬᠠᠨ ᠠᠨᠤ ᠮᠡᠷᠭᠡᠨ ᠪ ᠲᠡᠮᠲᠡᠭ
( 《 ᠡᠷᠲᠡᠨᠢ ᠶ᠋ᠢᠨ ᠰᠠᠩ ᠰᠤᠪᠠᠰᠢᠲᠢ 》 )
ᠳᠥᠷᠪᠡᠨ ᠦᠯᠦ ᠪᠣᠯᠬᠤ
ᠠᠲᠠᠭ ᠮᠠᠭᠤ ᠭᠡᠷᠭᠡᠢ ᠯᠤᠭᠡ ᠠᠮᠤᠷ ᠶᠠᠪᠤᠵᠤ ᠦᠯᠦ ᠪᠣᠯᠬᠤ
ᠠᠤᠠᠬᠠᠭ ᠶᠡᠬᠡᠲᠦ ᠨᠥᠬᠥᠷ ᠯᠤᠭᠡ ᠤᠲᠠᠭᠠᠨ ᠬᠠᠨᠢᠯᠠᠵᠤ ᠦᠯᠦ ᠪᠣᠯᠬᠤ
ᠠᠭᠤᠷ ᠶᠡᠬᠡᠲᠦ ᠲᠣᠭᠰᠢᠨ ᠬᠠᠭᠠᠨ ᠳ᠋ᠤᠷ ᠠᠰᠢᠲᠠ ᠢᠲᠡᠭᠡᠵᠦ ᠦᠯᠦ ᠪᠣᠯᠬᠤ
ᠠᠶᠤᠯᠲᠤ ᠬᠣᠣᠷᠲᠠᠨ ᠠᠷᠢᠶᠠᠲᠠᠨ ᠪ ᠣᠢ ᠳ᠋ᠤᠷ ᠠᠭᠤᠲᠠᠮ ᠰᠠᠭᠤᠵᠤ ᠦᠯᠦ ᠪᠣᠯᠬᠤ
( 《 ᠡᠷᠲᠡᠨᠢ ᠶ᠋ᠢᠨ ᠰᠠᠩ ᠰᠤᠪᠠᠰᠢᠲᠢ 》 )
ᠳᠥᠷᠪᠡᠨ ᠴᠤᠬᠠᠭ
ᠦᠨᠡᠨ ᠪ ᠲᠤᠰᠠᠲᠠᠢ ᠪᠦᠬᠦᠨ ᠊ᠢ ᠵᠢᠭᠠᠵᠤ ᠦᠭᠭᠦᠭᠴᠢᠳ ᠴᠤᠬᠠᠭ
ᠦᠨᠡᠨ ᠶ᠋ᠢᠡᠷ ᠲᠡᠭᠦᠨ ᠊ᠢ ᠳᠠᠭᠠᠵᠤ ᠶᠠᠪᠤᠭᠴᠢᠳ ᠴᠤᠬᠠᠭ
ᠦᠨᠡᠨ ᠡᠪᠡᠤᠠᠴᠢᠨ ᠪᠦᠬᠦᠨ ᠊ᠢ ᠲᠠᠨᠢᠬᠤ ᠡᠮᠴᠢ ᠴᠤᠬᠠᠭ
ᠦᠷᠭᠦᠯᠵᠢ ᠲᠡᠭᠦᠨ ᠪ ᠦᠭᠡ ᠪᠡᠷ ᠶᠠᠪᠤᠭᠴᠢᠳ ᠴᠤᠬᠠᠭ
( 《 ᠡᠷᠲᠡᠨᠢ ᠶ᠋ᠢᠨ ᠰᠠᠩ ᠰᠤᠪᠠᠰᠢᠲᠢ 》)
ᠳᠦᠷᠪᠡᠨ ᠪᠠᠶᠠᠷᠯᠠᠬᠤ
ᠦᠯᠦ ᠬᠠᠩᠬᠤ ᠬᠣᠪᠲᠣᠭ ᠰᠠᠨᠠᠭᠠᠲᠠᠨ ᠡᠳ᠋ ᠮᠠᠯ ᠳ᠋ᠤᠷ ᠪᠠᠶᠠᠷᠯᠠᠬᠤ
ᠦᠷᠭᠦᠯᠵᠢ ᠬᠦᠬᠡᠷᠮᠡᠭᠡᠢ ᠣᠮᠣᠭᠲᠤ ᠬᠦᠮᠦᠨ ᠮᠡᠲᠡᠪᠡᠰᠦ ᠪᠠᠶᠠᠷᠯᠠᠬᠤ
ᠦᠲᠡᠯ᠎ᠡ ᠲᠡᠨᠡᠭ ᠤᠯᠤᠰ ᠥᠪᠡᠷ ᠯᠣᠭᠡ ᠪᠡᠨ ᠵᠣᠬᠢᠯᠲᠤᠪᠠᠰᠤ ᠪᠠᠶᠠᠷᠯᠠᠬᠤ
ᠦᠯᠡᠮᠵᠢ ᠳᠡᠭᠡᠳᠦ ᠶᠡᠬᠡᠰ ᠦᠨᠡᠨ ᠵᠥᠪ ᠶᠠᠪᠤᠪᠠᠰᠤ ᠪᠠᠶᠠᠷᠯᠠᠬᠤ
( 《 ᠡᠷᠲᠡᠨᠢ ᠶ᠋ᠢᠨ ᠰᠠᠩ ᠰᠤᠪᠠᠰᠢᠲᠢ 》)
ᠳᠦᠷᠪᠡᠨ ᠳᠡᠭᠡᠳᠦ
ᠦᠭᠡᠢ ᠶᠠᠲᠠᠭᠤ ᠳ᠋ᠤᠷ ᠥᠭᠯᠢᠭᠡ ᠥᠭᠬᠦ ᠠᠨᠤ ᠪᠠᠶᠠᠯᠢᠬ ᠦ᠋ᠨ ᠳᠡᠭᠡᠳᠦ
ᠦᠨᠡᠬᠡᠷ ᠰᠠᠨᠠᠬ᠋᠎ᠠ ᠠᠮᠤᠷ ᠠᠨᠤ ᠵᠢᠷᠭᠠᠯᠠᠩ ᠦ᠋ᠨ ᠳᠡᠭᠡᠳᠦ
ᠦᠨᠡᠨ ᠡᠷᠲᠡᠮ ᠰᠤᠷᠤᠭᠰᠠᠨ ᠠᠨᠤ ᠴᠢᠮᠡᠭ ᠦ᠋ᠨ ᠳᠡᠭᠡᠳᠦ
ᠦᠷᠭᠦᠯᠵᠢ ᠬᠠᠭᠤᠷᠮᠠᠭ ᠦᠭᠡᠢ ᠬᠦᠮᠦᠨ ᠢᠨᠤ ᠨᠥᠬᠥᠷ ᠦ᠋ᠨ ᠳᠡᠭᠡᠳᠦ
( 《 ᠡᠷᠲᠡᠨᠢ ᠶ᠋ᠢᠨ ᠰᠠᠩ ᠰᠤᠪᠠᠰᠢᠲᠢ 》)
ᠳᠦᠷᠪᠡᠨ ᠪᠠᠷᠠᠭᠲᠠᠪᠠᠰᠤ
ᠠᠮᠤᠷ ᠶᠠᠪᠤᠬᠤ ᠶ᠋ᠢᠨ ᠪᠤᠶᠠᠨ ᠪᠠᠷᠠᠭᠲᠠᠪᠠᠰᠤ ᠬᠣᠣᠷᠲᠤ ᠰᠡᠤᠠᠬᠢᠯ ᠲᠥᠷᠥᠬᠦ
ᠠᠰᠢᠲᠠ ᠶ᠋ᠢᠨ ᠤᠭ ᠢᠵᠠᠭᠤᠷ ᠪᠠᠷᠠᠭᠲᠠᠪᠠᠰᠤ ᠮᠠᠭᠤ ᠬᠥᠪᠡᠭᠦᠨ ᠲᠥᠷᠥᠬᠦ
ᠠᠲᠠᠯ ᠮᠠᠯ ᠦ᠋ᠨ ᠬᠡᠰᠢᠭ ᠪᠠᠷᠠᠭᠲᠠᠪᠠᠰᠤ ᠬᠣᠪᠲᠣᠭ ᠬᠤᠯᠠᠭᠠᠢ ᠪᠣᠯᠬᠤ
ᠠᠮᠢᠲᠤᠷᠠᠬᠤ ᠶ᠋ᠢᠨ ᠨᠠᠰᠤᠨ ᠪᠠᠷᠠᠭᠲᠠᠪᠠᠰᠤ ᠦᠬᠦᠯ ᠦ᠋ᠨ ᠢᠷᠣ᠎ᠠ ᠢᠷᠡᠬᠦ
( 《 ᠡᠷᠲᠡᠨᠢ ᠶ᠋ᠢᠨ ᠰᠠᠩ ᠰᠤᠪᠠᠰᠢᠲᠢ 》)
ᠳᠦᠷᠪᠡᠨ ᠬᠣᠯᠠ
ᠦᠵᠡᠭᠲᠡᠭᠴᠢ ᠣᠭᠲᠠᠷᠭᠤᠢ ᠶ᠋ᠢᠨ ᠠᠭᠠᠷ ᠪᠠ ᠳᠣᠣᠷᠠᠬᠢ ᠳᠡᠯᠡᠬᠡᠢ ᠬᠣᠶᠠᠷ ᠦ᠋ᠨ ᠵᠠᠪᠰᠠᠷ ᠶᠡᠬᠡ ᠬᠣᠯᠠ
ᠥᠷᠭᠡᠨ ᠶᠡᠬᠡ ᠭᠠᠲᠠᠭᠠᠲᠤ ᠳᠠᠯᠠᠢ ᠶ᠋ᠢᠨ ᠬᠣᠶᠠᠷ ᠵᠠᠬ᠎ᠠ ᠠᠨᠤ ᠲᠡᠭᠦᠨ ᠡᠴᠡ ᠬᠣᠯᠠ
ᠥᠷᠥᠨ᠎ᠡ ᠳᠣᠷᠣᠨ᠎ᠠ ᠶ᠋ᠢᠨ ᠬᠣᠶᠠᠷ ᠬᠢᠵᠠᠭᠠᠷ ᠦ᠋ᠨ ᠠᠭᠤᠯᠠ ᠪᠠᠰᠠ ᠲᠡᠭᠦᠨ ᠡᠴᠡ ᠬᠣᠯᠠ
ᠦᠲᠡᠯ᠎ᠡ ᠠᠷᠠᠳ ᠦ᠋ᠨ ᠰᠡᠤᠠᠬᠢᠯ ᠳᠡᠭᠡᠳᠦ ᠨᠣᠮ ᠬᠣᠶᠠᠭᠤᠯᠠ ᠪᠠᠰᠠ ᠲᠡᠭᠦᠨ ᠡᠴᠡ ᠬᠣᠯᠠ
( 《 ᠡᠷᠲᠡᠨᠢ ᠶ᠋ᠢᠨ ᠰᠠᠩ ᠰᠤᠪᠠᠰᠢᠲᠢ 》)
ᠭᠤᠷᠪᠠᠨ ᠣᠷᠣᠰᠢᠮᠤᠢ
ᠠᠰᠤᠷᠤ ᠶᠡᠬᠡ ᠠᠭᠤᠯᠠᠰ ᠲᠣᠷ ᠠᠭᠤᠯᠠ ᠶ᠋ᠢᠨ ᠲᠡᠭᠷᠢ ᠣᠷᠣᠰᠢᠮᠤᠢ
ᠠᠷᠢᠭᠤᠨ ᠰᠠᠶ᠋ᠢᠨ ᠤᠰᠤᠤᠨ ᠲᠣᠷ ᠤᠰᠤᠨ ᠪ ᠯᠤᠤᠰ ᠣᠷᠣᠰᠢᠮᠤᠢ
ᠠᠭᠤᠤ ᠤᠷᠲᠤ ᠵᠠᠮ ᠦ᠋ᠳ ᠲᠣᠷ ᠵᠠᠮ ᠦ᠋ᠨ ᠡᠵᠡᠳ ᠣᠷᠣᠰᠢᠮᠤᠢ
ᠠᠯᠢᠪᠠ ᠪᠦᠬᠦᠨ ᠳ᠋ᠤᠷ ᠣᠷᠣᠰᠢᠨ ᠡᠵᠡᠯᠡᠭᠴᠢ ᠭᠠᠭᠴᠠ ᠬᠦ ᠪᠢᠰᠢᠦ ᠪᠣᠢ
( 《 ᠡᠷᠲᠡᠨᠢ ᠶ᠋ᠢᠨ ᠰᠠᠩ ᠰᠤᠪᠠᠰᠢᠲᠢ 》)
ᠭᠤᠷᠪᠠᠨ ᠨᠢᠴᠦᠭᠦᠨ
ᠡᠭᠡᠯ ᠤᠰᠤ ᠡᠪᠡᠰᠦ ᠦᠭᠡᠢ ᠬᠠᠯᠴᠠᠭᠠᠢ ᠲᠣᠭᠣᠷᠢᠮ ᠨᠢᠴᠦᠭᠦᠨ
ᠡᠬᠢᠯᠡᠭᠴᠢ ᠡᠵᠡᠨ ᠨᠣᠶᠠᠨ ᠦᠭᠡᠢ ᠠᠯᠪᠠᠲᠤ ᠤᠯᠤᠰ ᠨᠢᠴᠦᠭᠦᠨ
ᠡᠵᠡᠯᠡᠭᠴᠢ ᠡᠷ᠎ᠡ ᠨᠥᠬᠥᠷ ᠦᠭᠡᠢ ᠵᠠᠯᠠᠭᠤ ᠡᠬᠡᠨᠡᠷ ᠨᠢᠴᠦᠭᠦᠨ
ᠡᠨᠡ ᠭᠤᠷᠪᠠᠭᠤᠯᠠ ᠶ᠋ᠢ ᠶᠢᠷᠲᠢᠨᠴᠦ ᠶ᠋ᠢᠨ ᠭᠤᠷᠪᠠᠨ ᠨᠢᠴᠦᠭᠦᠨ ᠬᠡᠮᠡᠮᠦᠢ
( 《 ᠡᠷᠲᠡᠨᠢ ᠶ᠋ᠢᠨ ᠰᠠᠩ ᠰᠤᠪᠠᠰᠢᠲᠢ 》)
ᠭᠤᠷᠪᠠᠨ ᠮᠠᠭᠤᠬᠠᠢ
ᠤᠨᠤᠵᠤ ᠡᠲᠯᠡᠵᠦ ᠦᠯᠦ ᠪᠣᠯᠬᠤ ᠲᠠᠷᠭᠤᠨ ᠮᠠᠭᠤᠬᠠᠢ
ᠤᠤᠭᠤᠵᠤ ᠢᠲᠡᠬᠦ ᠶᠠᠭᠤᠮ᠎ᠠ ᠦᠭᠡᠢ ᠬᠣᠭᠣᠰᠣᠨ ᠮᠠᠭᠤᠬᠠᠢ
ᠤᠴᠢᠷ ᠦᠭᠡᠢ ᠶᠠᠭᠤᠮ᠎ᠠ ᠪᠠᠨ ᠪᠦᠷᠢᠯᠭᠡᠭᠴᠢ ᠱᠠᠯᠢᠬ ᠡᠬᠡᠨᠡᠷ ᠮᠠᠭᠤᠬᠠᠢ
ᠣᠭᠣᠭᠠᠲᠠ ᠡᠨᠡ ᠭᠤᠷᠪᠠᠭᠤᠯᠠ ᠶ᠋ᠢ ᠶᠢᠷᠲᠢᠨᠴᠦ ᠶ᠋ᠢᠨ ᠭᠤᠷᠪᠠᠨ ᠮᠠᠭᠤᠬᠠᠢ ᠬᠡᠮᠡᠮᠦᠢ
( 《 ᠡᠷᠲᠡᠨᠢ ᠶ᠋ᠢᠨ ᠰᠠᠩ ᠰᠤᠪᠠᠰᠢᠲᠢ 》)
ᠭᠤᠷᠪᠠᠨ ᠪᠡᠷᠬᠡ
ᠰᠠᠷᠪᠠᠶ᠋ᠢᠬᠰᠠᠨ ᠡᠪᠡᠷ ᠲᠦ ᠲᠠᠤᠯᠠᠢ ᠤᠨᠲᠠᠬᠤᠶᠠ ᠪᠡᠷᠬᠡ
ᠰᠠᠭᠰᠠᠶ᠋ᠢᠬᠰᠠᠨ ᠦᠰᠦᠲᠦ ᠮᠡᠯᠡᠬᠡᠢ ᠣᠯᠲᠠᠬᠤᠶᠠ ᠪᠡᠷᠬᠡ
ᠰᠠᠶ᠋ᠢᠬᠠᠨ ᠰᠠᠨᠠᠭᠠᠲᠤ ᠨᠥᠬᠥᠷ ᠣᠯᠲᠠᠬᠤᠶᠠ ᠪᠡᠷᠬᠡ
ᠰᠡᠴᠡ ᠡᠨᠡ ᠭᠤᠷᠪᠠᠭᠤᠯᠠ ᠣᠯᠲᠠᠬᠤᠶᠠ ᠪᠡᠷᠬᠡ
( 《 ᠡᠷᠲᠡᠨᠢ ᠶ᠋ᠢᠨ ᠰᠠᠩ ᠰᠤᠪᠠᠰᠢᠲᠢ 》)
ᠳᠦᠷᠪᠡᠨ ᠵᠣᠪᠠᠯᠠᠩ
ᠣᠯᠠᠨ ᠡᠳ᠋ ᠮᠠᠯ ᠡᠷᠢᠬᠦ ᠶ᠋ᠢᠨ ᠵᠣᠪᠠᠯᠠᠩ
ᠣᠯᠤᠭᠰᠠᠨ ᠶ᠋ᠢᠠᠨ ᠬᠠᠷᠮᠠᠯᠠᠨ ᠬᠠᠲᠠᠭᠠᠯᠠᠬᠤ ᠶ᠋ᠢᠨ ᠵᠣᠪᠠᠯᠠᠩ
ᠤᠷᠤᠭ ᠰᠠᠲᠤᠨ ᠠᠮᠠᠷᠠᠭ ᠦ᠋ᠳ ᠠ᠋ᠴᠠ ᠬᠠᠭᠠᠴᠠᠬᠤ ᠶ᠋ᠢᠨ ᠵᠣᠪᠠᠯᠠᠩ
ᠥᠰᠢᠶᠡᠲᠦ ᠳᠠᠶ᠋ᠢᠰᠤᠨ ᠯᠤᠬ᠋᠎ᠠ ᠤᠴᠠᠷᠠᠬᠤ ᠶ᠋ᠢᠨ ᠵᠣᠪᠠᠯᠠᠩ
( 《 ᠰᠠᠪᠠ ᠰᠢᠮ᠎ᠡ ᠶ᠋ᠢᠨ ᠳᠠᠭᠤᠯᠠᠯ 》)
ᠳᠦᠷᠪᠡᠨ ᠳᠠᠯᠠᠢ
ᠰᠢᠷᠭᠢᠵᠦ ᠦᠯᠦ ᠳᠠᠭᠤᠰᠬᠤ ᠲᠥᠷᠥᠬᠦ ᠶ᠋ᠢᠨ ᠳᠠᠯᠠᠢ
ᠰᠢᠨᠠᠯᠵᠤ ᠦᠯᠦ ᠳᠠᠭᠤᠰᠬᠤ ᠡᠪᠡᠤᠠᠴᠢᠨ ᠪ ᠳᠠᠯᠠᠢ
ᠰᠢᠮᠡᠭᠲᠡᠵᠦ ᠦᠯᠦ ᠳᠠᠭᠤᠰᠬᠤ ᠥᠲᠡᠯᠬᠦ ᠶ᠋ᠢᠨ ᠳᠠᠯᠠᠢ
ᠰᠢᠷᠬᠢᠷᠡᠵᠦ ᠦᠯᠦ ᠳᠠᠭᠤᠰᠬᠤ ᠦᠬᠦᠬᠦ ᠶ᠋ᠢᠨ ᠳᠠᠯᠠᠢ
( 《 ᠰᠠᠪᠠ ᠰᠢᠮ᠎ᠡ ᠶ᠋ᠢᠨ ᠳᠠᠭᠤᠯᠠᠯ 》)
ᠳᠦᠷᠪᠡᠨ ᠣᠯᠠᠨ
ᠡᠶ᠎ᠡ ᠲᠡᠢ ᠬᠦᠮᠦᠨ ᠳ᠋ᠤ᠌ ᠨᠥᠬᠥᠷ ᠣᠯᠠᠨ ᠬᠡᠯᠡ
ᠡᠶ᠋ᠢᠯᠦᠭᠰᠡᠨ ᠮᠣᠷᠢᠨ ᠳ᠋ᠤ᠌ ᠤᠷᠬ᠋᠎ᠠ ᠣᠯᠠᠨ ᠬᠡᠯᠡ
ᠡᠶ᠎ᠡ ᠦᠭᠡᠢ ᠬᠦᠮᠦᠨ ᠳ᠋ᠤ᠌ ᠦᠰᠲᠡᠨ ᠣᠯᠠᠨ ᠬᠡᠯᠡ
ᠡᠴᠡᠭᠰᠡᠨ ᠮᠣᠷᠢᠨ ᠳ᠋ᠤ᠌ ᠲᠠᠰᠢᠭᠤᠷ ᠣᠯᠠᠨ ᠬᠡᠯᠡ
( 《 ᠡᠷ᠎ᠡ ᠬᠣᠶᠠᠷ ᠵᠢᠭᠠᠯ ᠦ᠋ᠨ ᠲᠣᠭᠣᠵᠢ 》)
ᠵᠢᠷᠭᠤᠭᠠᠨ ᠣᠯᠠᠨ
ᠰᠠᠶ᠋ᠢᠨ ᠬᠦᠮᠦᠨ ᠳ᠋ᠤ᠌ ᠨᠥᠬᠥᠷ ᠣᠯᠠᠨ ᠪᠢᠰᠢᠦ
ᠰᠠᠶ᠋ᠢᠨ ᠮᠣᠷᠢᠨ ᠳ᠋ᠤ᠌ ᠡᠵᠡᠨ ᠣᠯᠠᠨ ᠪᠢᠰᠢᠦ
ᠥᠨᠢᠷ ᠬᠦᠮᠦᠨ ᠳ᠋ᠤ᠌ ᠨᠥᠬᠥᠷ ᠣᠯᠠᠨ ᠪᠢᠰᠢᠦ
ᠥᠨᠥᠴᠢᠨ ᠬᠦᠮᠦᠨ ᠳ᠋ᠤ᠌ ᠨᠣᠶᠠᠨ ᠣᠯᠠᠨ ᠪᠢᠰᠢᠦ
ᠰᠠᠨᠠᠭᠠᠲᠤ ᠬᠥᠮᠦᠨ ᠳ᠋ᠤ᠌ ᠰᠡᠵᠢᠭ ᠣᠯᠠᠨ ᠪᠢᠰᠢᠦ
ᠰᠠᠶ᠋ᠢᠨ ᠮᠣᠷᠢᠨ ᠳ᠋ᠤ᠌ ᠰᠠᠶ᠋ᠢᠰᠢᠶᠠᠯ ᠣᠯᠠᠨ ᠪᠢᠰᠢᠦ
( 《 ᠡᠷ᠎ᠡ ᠬᠣᠶᠠᠷ ᠵᠢᠭᠠᠯ ᠦ᠋ᠨ ᠲᠣᠭᠣᠵᠢ 》 )
ᠭᠤᠷᠪᠠᠨ ᠦᠭᠡᠢ
ᠬᠠᠶ᠋ᠢᠪᠠᠰᠤ ᠮᠥᠷ ᠦᠭᠡᠢ
ᠬᠠᠷᠠᠪᠠᠰᠤ ᠪᠠᠷᠠᠬ᠋ᠠ ᠦᠭᠡᠢ
ᠬᠠᠶ᠋ᠢᠯᠠᠪᠠᠰᠤ ᠴᠢᠮᠡᠭᠡ ᠦᠭᠡᠢ
( 《 ᠬᠤᠷᠢᠶᠠᠩᠭᠤᠢ ᠠᠯᠲᠠᠨ ᠲᠣᠪᠴᠢ 》)
ᠭᠤᠷᠪᠠᠨ ᠰᠣᠬᠣᠷ
ᠦᠵᠡᠬᠦ ᠨᠢᠲᠦᠨ ᠦᠭᠡᠢ ᠢᠨᠤ ᠨᠢᠭᠡᠲᠦᠭᠡᠷ ᠰᠣᠬᠣᠷ
ᠦᠨᠡᠨ ᠨᠣᠮ ᠦᠭᠡᠢ ᠢᠨᠤ ᠬᠣᠶᠠᠲᠤᠭᠠᠷ ᠰᠣᠬᠣᠷ
ᠥᠷᠥᠰᠢᠶᠡᠯ ᠵᠢᠷᠤᠮ ᠦᠭᠡᠢ ᠢᠨᠤ ᠭᠤᠷᠪᠠᠲᠤᠭᠠᠷ ᠰᠣᠬᠣᠷ
ᠡᠨᠡ ᠭᠤᠷᠪᠠᠭᠤᠯᠠ ᠶ᠋ᠢ ᠶᠢᠷᠲᠢᠨᠴᠦ ᠶ᠋ᠢᠨ ᠭᠤᠷᠪᠠᠨ ᠰᠣᠬᠣᠷ ᠬᠡᠮᠡᠮᠦᠢ
( 《 ᠡᠷᠲᠡᠨᠢ ᠶ᠋ᠢᠨ ᠰᠠᠩ ᠰᠤᠪᠠᠰᠢᠲᠢ 》)
ᠳᠥᠷᠪᠡᠨ ᠰᠠᠶ᠋ᠢᠨ
ᠴᠠᠢ ᠴᠢᠨᠠᠬᠤ ᠳ᠋ᠤ᠌ ᠴᠢᠪᠠᠭᠠᠨᠴᠠ ᠰᠠᠶ᠋ᠢᠨ
ᠴᠢᠪᠠᠬ᠋ᠠ ᠲᠡᠭᠦᠬᠦ ᠳ᠋ᠤ᠌ ᠬᠡᠦᠬᠡᠨ ᠰᠠᠶ᠋ᠢᠨ
ᠬᠠᠲᠠᠭᠠᠰᠤ ᠰᠢᠭᠠᠬᠤ ᠳ᠋ᠤ᠌ ᠯᠠᠩᠲᠤᠤ ᠰᠠᠶ᠋ᠢᠨ
ᠬᠡᠦᠬᠡᠳ ᠬᠠᠭᠤᠷᠠᠬᠤ ᠳ᠋ᠤ᠌ ᠰᠢᠬᠢᠷ ᠰᠠᠶ᠋ᠢᠨ
( 《 ᠠᠷᠵᠠᠢ ᠪᠤᠷᠵᠠᠢ ᠬᠠᠭᠠᠨ 》)
ᠳᠥᠷᠪᠡᠨ ᠳᠠᠭᠠᠬᠤ
ᠠᠷᠰᠯᠠᠨ ᠮᠡᠲᠦ ᠨᠣᠶᠠᠳ ᠊ᠢ ᠪᠠᠷᠰ ᠮᠡᠲᠦ ᠲᠦᠰᠢᠮᠡᠳ ᠳᠠᠭᠠᠬᠤ
ᠪᠠᠷᠰ ᠮᠡᠲᠦ ᠨᠣᠶᠠᠳ ᠊ᠢ ᠢᠷᠪᠢᠰ ᠮᠡᠲᠦ ᠲᠦᠰᠢᠮᠡᠳ ᠳᠠᠭᠠᠬᠤ
ᠢᠷᠪᠢᠰ ᠮᠡᠲᠦ ᠨᠣᠶᠠᠳ ᠊ᠢ ᠴᠢᠨᠣ᠎ᠠ ᠮᠡᠲᠦ ᠲᠦᠰᠢᠮᠡᠳ ᠳᠠᠭᠠᠬᠤ
ᠴᠢᠨᠣ᠎ᠠ ᠮᠡᠲᠦ ᠨᠣᠶᠠᠳ ᠊ᠢ ᠦᠨᠡᠭᠡ ᠮᠡᠲᠦ ᠲᠦᠰᠢᠮᠡᠳ ᠳᠠᠭᠠᠬᠤ
( 《 ᠣᠶᠤᠨ ᠲᠦᠯᠬᠢᠭᠦᠷ 》 《 ᠵᠠᠭᠤᠨ ᠪᠢᠯᠢᠭ 》)
ᠳᠥᠷᠪᠡᠨ ᠪᠣᠯᠬᠤ
ᠲᠥᠷᠥᠯ ᠲᠥᠷᠥᠭᠰᠡᠨ ᠶ᠋ᠢᠡᠨ ᠲᠡᠤᠠᠬᠦᠵᠦ ᠶᠠᠪᠤᠪᠠᠰᠤ ᠪᠥᠬᠡ ᠶᠡᠬᠡ ᠬᠦᠴᠦᠲᠡᠢ ᠪᠣᠯᠬᠤ
ᠲᠥᠷᠥ ᠶᠣᠰᠣᠨ ᠊ᠢ ᠲᠥᠪ ᠰᠢᠲᠤᠷᠭᠤ ᠳᠠᠭᠠᠵᠤ ᠶᠠᠪᠤᠪᠠᠰᠤ ᠬᠦᠨᠲᠦ ᠶᠡᠬᠡ ᠨᠡᠷᠡᠲᠡᠢ ᠪᠣᠯᠬᠤ
ᠲᠥᠪ ᠶᠡᠬᠡᠰ ᠦ᠋ᠨ ᠵᠢᠷᠤᠮ ᠊ᠢ ᠳᠠᠭᠠᠵᠤ ᠶᠠᠪᠤᠪᠠᠰᠤ ᠲᠦᠮᠡᠨ ᠊ᠢ ᠡᠬᠢᠯᠡᠬᠦ ᠪᠣᠯᠬᠤ
ᠲᠡᠭᠦᠨ ᠊ᠢ ᠡᠭᠦᠨ ᠊ᠢ ᠢᠯᠭᠠᠯ ᠦᠭᠡᠢ ᠠᠰᠠᠷᠠᠪᠠᠰᠤ ᠣᠯᠠᠨ ᠨᠥᠬᠥᠳ ᠲᠡᠢ ᠪᠣᠯᠬᠤ
( 《 ᠣᠶᠤᠨ ᠲᠦᠯᠬᠢᠭᠦᠷ 》)
ᠳᠥᠷᠪᠡᠨ ᠳᠡᠭᠡᠷ᠎ᠡ
ᠱᠠᠰᠢᠨ ᠳ᠋ᠤᠷ ᠳᠤᠷ᠎ᠠ ᠦᠭᠡᠢ ᠰᠠᠬᠢᠯᠲᠠᠨ ᠡᠴᠡ ᠰᠠᠶ᠋ᠢᠨ ᠰᠦᠰᠦᠭ ᠲᠡᠢ ᠬᠠᠷ᠎ᠠ ᠬᠥᠮᠦᠨ ᠳᠡᠭᠡᠷ᠎ᠡ
ᠲᠥᠷᠥ ᠶᠣᠰᠣ ᠦᠯᠦ ᠮᠡᠲᠡᠬᠦ ᠬᠠᠳ ᠠ᠋ᠴᠠ ᠲᠦᠪᠰᠢᠨ ᠰᠠᠶ᠋ᠢᠨ ᠲᠦᠰᠢᠮᠡᠯ ᠳᠡᠭᠡᠷ᠎ᠡ
ᠢᠴᠢᠭᠦᠷᠢ ᠦᠯᠦ ᠮᠡᠲᠡᠬᠦ ᠬᠠᠲᠤᠨ ᠠ᠋ᠴᠠ ᠢᠴᠢᠭᠦᠷᠢ ᠮᠡᠲᠡᠬᠦ ᠰᠢᠪᠡᠭᠴᠢᠨ ᠳᠡᠭᠡᠷ᠎ᠡ
ᠬᠠᠲᠠᠭᠠᠯᠠᠵᠤ ᠦᠯᠦ ᠴᠢᠲᠠᠬᠤ ᠬᠥᠪᠡᠭᠦᠳ ᠡᠴᠡ ᠬᠠᠯᠠᠮᠵᠢᠲᠤ ᠰᠠᠶ᠋ᠢᠨ ᠪᠣᠭᠣᠯ ᠳᠡᠭᠡᠷ᠎ᠡ
( 《 ᠣᠶᠤᠨ ᠲᠦᠯᠬᠢᠭᠦᠷ 》)
ᠭᠤᠷᠪᠠᠨ ᠪᠦᠲᠦᠯ ᠦᠭᠡᠢ
ᠬᠠᠷᠠᠮ ᠰᠡᠤᠠᠬᠢᠯ ᠲᠤᠱᠠ
ᠬᠠᠲᠠᠭᠤ ᠰᠡᠤᠠᠬᠢᠯ ᠵᠢᠲᠠ
ᠬᠠᠷ᠎ᠠ ᠰᠠᠨᠠᠬ᠋᠎ᠠ ᠬᠣᠣᠷ
( 《 ᠣᠶᠤᠨ ᠲᠦᠯᠬᠢᠭᠦᠷ 》)
ᠳᠥᠷᠪᠡᠨ ᠦᠭᠡᠢ
ᠵᠣᠪᠠᠬᠤ ᠴᠠᠭ ᠲᠤᠷ ᠵᠠᠶ᠋ᠢᠯᠠᠯ ᠦᠭᠡᠢ
ᠵᠢᠷᠭᠠᠬᠤ ᠴᠠᠭ ᠲᠤᠷ ᠬᠡᠲᠦᠷᠡᠯ ᠦᠭᠡᠢ
ᠬᠠᠶ᠋ᠢᠷᠠᠯᠠᠬᠤ ᠴᠠᠭ ᠲᠤᠷ ᠳᠤᠰᠤᠯ ᠦᠭᠡᠢ
ᠬᠠᠯᠲᠠᠬᠤ ᠴᠠᠭ ᠲᠤᠷ ᠭᠤᠲᠤᠯ ᠦᠭᠡᠢ
( 《 ᠣᠶᠤᠨ ᠲᠦᠯᠬᠢᠭᠦᠷ 》)
ᠳᠥᠷᠪᠡᠨ ᠭᠠᠷᠬᠤ
ᠠᠯᠲᠠ ᠶ᠋ᠢ ᠠᠷᠴᠢᠪᠠᠰᠤ ᠤᠯᠠᠮ ᠰᠠᠶ᠋ᠢᠨ ᠥᠩᠭᠡ ᠭᠠᠷᠬᠤ
ᠨᠡᠭᠦᠷᠡᠰᠦ ᠶ᠋ᠢ ᠤᠬᠢᠶᠠᠪᠠᠰᠤ ᠤᠯᠠᠮ ᠬᠠᠷ᠎ᠠ ᠥᠩᠭᠡ ᠭᠠᠷᠬᠤ
ᠮᠡᠷᠭᠡᠳ ᠊ᠢ ᠬᠣᠷᠣᠰᠬᠠᠪᠠᠰᠤ ᠤᠯᠠᠮ ᠰᠠᠶ᠋ᠢᠨ ᠡᠷᠲᠡᠮ ᠭᠠᠷᠬᠤ
ᠮᠤᠩᠬᠠᠭ ᠦ᠋ᠳ ᠊ᠢ ᠬᠣᠷᠣᠰᠬᠠᠪᠠᠰᠤ ᠤᠯᠠᠮ ᠪᠠᠭᠠᠰᠤ ᠭᠠᠷᠬᠤ
( 《 ᠣᠶᠤᠨ ᠲᠦᠯᠬᠢᠭᠦᠷ 》)
ᠳᠥᠷᠪᠡᠨ ᠪᠡᠷᠬᠡ ᠪᠤᠢ
ᠣᠰᠣᠯ ᠦᠭᠡᠢ ᠪᠯᠠᠮ᠎ᠠ ᠶ᠋ᠢᠨ ᠠᠲᠢᠰ ᠪᠠᠬ᠋᠎ᠠ ᠪᠣᠯᠬᠤ ᠪᠡᠷᠬᠡ ᠪᠤᠢ
ᠣᠯᠢᠬ ᠦᠭᠡᠢ ᠮᠢᠨᠦ ᠣᠶᠤᠨ ᠮᠡᠷᠭᠡᠨ ᠪᠣᠯᠬᠤ ᠪᠡᠷᠬᠡ ᠪᠤᠢ
ᠣᠨᠣᠯ ᠦᠭᠡᠢ ᠡᠨᠡ ᠴᠠᠭ ᠲᠤᠷ ᠬᠡᠷᠡᠭ ᠪᠣᠯᠬᠤ ᠪᠡᠷᠬᠡ ᠪᠤᠢ
ᠣᠪ ᠦᠭᠡᠢ ᠠᠮᠢᠲᠠᠨ ᠳ᠋ᠤᠷ ᠰᠤᠷᠭᠠᠯ ᠪᠣᠯᠬᠤ ᠪᠡᠷᠬᠡ ᠪᠤᠢ
( ᠳ᠋ᠠᠨᠽᠠᠨᠸᠠᠩᠵᠢᠯ ᠦ᠋ᠨ 《 ᠠᠯᠲᠠᠨ ᠰᠤᠷᠭᠠᠯ 》)
ᠳᠥᠷᠪᠡᠨ ᠬᠤᠷᠲᠤᠨ
ᠵᠸ ᠭᠡᠬᠦ ᠳ᠋ᠤ᠌ ᠮᠣᠷᠢ ᠬᠤᠷᠲᠤᠨ
ᠵᠡᠷᠭᠡᠴᠡᠭᠡᠳ ᠣᠴᠢᠬᠤ ᠳ᠋ᠤ᠌ ᠵᠡᠭᠡᠷ᠎ᠡ ᠬᠤᠷᠲᠤᠨ
ᠳᠠᠭᠤ ᠭᠡᠬᠦ ᠳ᠋ᠤ᠌ ᠨᠣᠬᠠᠢ ᠬᠤᠷᠲᠤᠨ
ᠲᠤᠯᠤᠭᠠᠳ ᠣᠴᠢᠬᠤ ᠳ᠋ᠤ᠌ ᠲᠠᠤᠯᠠᠢ ᠬᠤᠷᠲᠤᠨ
( 《 ᠠᠷᠵᠠᠢ ᠪᠤᠷᠵᠠᠢ ᠬᠠᠭᠠᠨ 》)
ᠳᠥᠷᠪᠡᠨ ᠪᠠᠷᠲᠠᠮ
ᠬᠠᠲᠠ ᠰᠠᠶ᠋ᠢᠲᠠᠢ ᠦᠨᠡᠭᠡ ᠪᠠᠷᠲᠠᠮ
ᠬᠠᠲᠠᠮ ᠰᠠᠶ᠋ᠢᠲᠠᠢ ᠬᠦᠷᠭᠡᠨ ᠪᠠᠷᠲᠠᠮ
ᠨᠣᠶᠠᠨ ᠰᠠᠶ᠋ᠢᠲᠠᠢ ᠠᠯᠪᠠᠲᠤ ᠪᠠᠷᠲᠠᠮ
ᠨᠣᠬᠠᠢ ᠰᠠᠶ᠋ᠢᠲᠠᠢ ᠬᠣᠲᠠ ᠪᠠᠷᠲᠠᠮ
( 《 ᠠᠷᠵᠠᠢ ᠪᠤᠷᠵᠠᠢ ᠬᠠᠭᠠᠨ 》)
ᠳᠥᠷᠪᠡᠨ ᠰᠢᠷᠦᠭᠦᠨ
ᠨᠢᠳᠦᠨ ᠳᠤ ᠣᠷᠣᠭᠰᠠᠨ ᠬᠣᠭ ᠨᠢᠭᠡ ᠰᠢᠷᠦᠭᠦᠨ
ᠨᠦᠬᠡᠨ ᠳᠤ ᠣᠷᠣᠭᠰᠠᠨ ᠵᠠᠷᠠᠭ᠎ᠠ ᠨᠢᠭᠡ ᠰᠢᠷᠦᠭᠦᠨ
ᠳᠠᠶ᠋ᠢᠨ ᠳᠤ ᠣᠷᠣᠭᠰᠠᠨ ᠰᠤᠮᠤ ᠨᠢᠭᠡ ᠰᠢᠷᠦᠭᠦᠨ
ᠳᠠᠯᠠᠢ ᠳᠤ ᠣᠷᠣᠭᠰᠠᠨ ᠮᠠᠲᠠᠷ ᠨᠢᠭᠡ ᠰᠢᠷᠦᠭᠦᠨ
(《 ᠥᠨᠢᠷ ᠴᠡᠴᠡᠭ 》 ᠤᠨ57.10 ᠬᠤᠭᠤᠴᠠᠭ᠎ᠠ )
ᠳᠥᠷᠪᠡᠨ ᠳᠣᠯᠭᠢᠨ
ᠥᠨᠳᠥᠷ ᠠ᠋ᠴᠠ ᠪᠠᠭᠤᠬᠤ ᠤᠰᠤ ᠨᠢᠭᠡ ᠳᠣᠯᠭᠢᠨ
ᠦᠯᠥᠩ ᠠ᠋ᠴᠠ ᠨᠣᠴᠣᠬᠤ ᠭᠠᠯ ᠨᠢᠭᠡ ᠳᠣᠯᠭᠢᠨ
ᠡᠮᠡᠭᠡᠯ ᠠ᠋ᠴᠠ ᠨᠠᠳᠬᠤᠭᠰᠠᠨ ᠮᠣᠷᠢ ᠨᠢᠭᠡ ᠳᠣᠯᠭᠢᠨ
ᠡᠷ᠎ᠡ ᠪᠠᠨ ᠡᠵᠡᠯᠡᠭᠰᠡᠨ ᠡᠬᠡᠨᠡᠷ ᠨᠢᠭᠡ ᠳᠣᠯᠭᠢᠨ
( 《 ᠥᠨᠢᠷ ᠴᠡᠴᠡᠭ 》 ᠤᠨ57.10 ᠬᠤᠭᠤᠴᠠᠭ᠎ᠠ )
ᠳᠥᠷᠪᠡᠨ ᠵᠥᠪ
ᠰᠠᠶ᠋ᠢᠨ ᠬᠥᠮᠦᠨ ᠤ ᠰᠤᠷᠲᠠᠯ ᠰᠤᠷᠭᠠᠯ ᠢ ᠬᠦᠯᠢᠶᠡᠨ ᠠᠪᠬᠤ ᠨᠢ ᠵᠥᠪ
ᠰᠠᠨᠠᠭ᠎ᠠ ᠮᠠᠭᠤᠲᠤ ᠶ᠋ᠢᠨ ᠦᠭᠡ ᠶ᠋ᠢ ᠰᠡᠷᠡᠮᠵᠢᠯᠡᠵᠦ ᠶᠠᠪᠤᠬᠤ ᠨᠢ ᠵᠥᠪ
ᠰᠠᠮᠠᠭᠤᠨ ᠪᠤᠵᠠᠷ ᠣᠶ᠋ᠢᠯᠠ ᠶ᠋ᠢ ᠴᠡᠭᠡᠷᠯᠡᠵᠦ ᠶᠠᠪᠤᠬᠤ ᠨᠢ ᠵᠥᠪ
ᠰᠠᠶ᠋ᠢᠲᠤᠷ ᠤᠴᠢᠷ ᠵᠦᠢ ᠶ᠋ᠢ ᠬᠢᠨᠠᠮᠠᠭᠠᠢ ᠯᠠᠪᠯᠠᠬᠤ ᠨᠢ ᠵᠥᠪ
( 《 ᠥᠨᠢᠷ ᠴᠡᠴᠡᠭ 》 ᠤᠨ 58.4 ᠬᠤᠭᠤᠴᠠᠭ᠎ᠠ )
ᠳᠥᠷᠪᠡᠨ ᠲᠠᠷᠬᠠᠬᠤ
ᠪᠣᠳᠣᠯᠭ᠎ᠠ ᠶ᠋ᠢ ᠪᠠᠷᠢᠮᠲᠠᠯᠠᠪᠠᠰᠤ ᠪᠤᠷᠤᠭᠤ ᠦᠵᠡᠯ ᠲᠠᠷᠬᠠᠬᠤ
ᠪᠤᠵᠠᠷ ᠬᠢᠵᠢᠭ ᠢ ᠡᠰᠡ ᠰᠡᠷᠭᠡᠶ᠋ᠢᠯᠡᠪᠡᠰᠦ ᠡᠪᠡᠳᠴᠢᠨ ᠲᠠᠬᠤᠯ ᠲᠠᠷᠬᠠᠬᠤ
ᠪᠤᠷᠤᠭᠤ ᠶᠠᠪᠤᠳᠠᠯ ᠳᠤ ᠵᠢᠳᠬᠦᠪᠡᠰᠦ ᠵᠥᠪ ᠶᠠᠪᠤᠳᠠᠯ ᠲᠠᠷᠬᠠᠬᠤ
ᠪᠤᠰᠤᠳ ᠤᠨ ᠡᠳ᠋ ᠲᠤ᠌ ᠰᠢᠨᠤᠪᠠᠰᠤ ᠥᠪᠡᠷ ᠤᠨ ᠬᠤᠪᠢ ᠲᠠᠷᠬᠠᠬᠤ
( 《 ᠥᠨᠢᠷ ᠴᠡᠴᠡᠭ 》 ᠤᠨ 58.4 ᠬᠤᠭᠤᠴᠠᠭ᠎ᠠ )
ᠠᠰᠢᠬᠯᠠᠭᠰᠠᠨ ᠨᠣᠮ ᠤᠳ
1. ᠮᠠᠨᠳᠤᠬᠤ ᠶ᠋ᠢᠨ 《 ᠮᠣᠩᠭᠣᠯ ᠠᠷᠠᠳ ᠤᠨ ᠠᠮᠠᠨ ᠵᠣᠬᠢᠶᠠᠯ ᠤᠨ ᠲᠣᠶ᠋ᠢᠮᠣ 》 ᠃
2. ᠰᠢᠯᠢ ᠶ᠋ᠢᠨ ᠭᠣᠣᠯ ᠤᠨ 《 ᠣᠶᠤᠨ ᠲᠦᠯᠬᠢᠭᠦᠷ 》 ᠰᠡᠳᠬᠦᠯ ᠃
3. ᠵᠢᠷᠢᠮ ᠤᠨ 《 ᠵᠣᠬᠢᠶᠠᠨ ᠪᠢᠴᠢᠯᠭᠡ ᠶ᠋ᠢᠨ ᠯᠠᠪᠯᠠᠯᠲᠠ 》81.3 ᠬᠤᠭᠤᠴᠠᠭ᠎ᠠ ᠃
4. ᠠ ᠂ ᠯᠣᠪᠰᠠᠩᠳᠠᠨᠳᠠᠪ ᠤᠨ ᠡᠷᠬᠢᠯᠡᠨ ᠨᠠᠶ᠋ᠢᠷᠠᠭᠤᠯᠤᠭᠰᠠᠨ 《 ᠮᠣᠩᠭᠣᠯ ᠤᠨ ᠰᠤᠳᠤᠯᠤᠯ ᠤᠨ ᠵᠠᠷᠢᠮ ᠠᠰᠠᠭᠤᠳᠠᠯ 》 ᠭᠡᠳᠡᠭ ᠰᠢᠨ᠎ᠡ ᠦᠰᠦᠭ ᠤᠨ ᠲᠣᠪᠬᠢᠮᠠᠯ ᠃
5. ᠹᠷᠠᠨᠼᠢ ᠶ᠋ᠢᠨ ᠠ ᠂ ᠮᠣᠰᠲ᠋ᠶᠸᠷᠲ᠋ ᠶ᠋ᠢᠨ 《 ᠠᠷᠵᠠᠢ ᠪᠤᠷᠵᠠᠢ ᠬᠠᠭᠠᠨ 》 ᠃
6. ᠪᠤᠷᠢᠶᠠᠳ ᠤᠨ ᠮ ᠂ ᠫ ᠂ ᠬᠠᠮᠭᠠᠨᠠᠤᠸ ᠶ᠋ᠢᠨ 《 ᠪᠤᠷᠢᠶᠠᠳ ᠠᠷᠠᠳ ᠤᠨ ᠪᠣᠭᠣᠨᠢ ᠬᠡᠯᠪᠡᠷᠢ ᠶ᠋ᠢᠨ ᠰᠢᠯᠦᠭ ᠤᠨ ᠵᠣᠬᠢᠶᠠᠯ 》 ᠃
7. ᠯ ᠂ ᠳᠣᠨᠳᠣᠪ ᠤᠨ 《 ᠮᠣᠩᠭᠣᠯ ᠤᠷᠠᠨ ᠵᠣᠬᠢᠶᠠᠯ ᠤᠨ ᠦᠨᠳᠦᠰᠦᠲᠡᠨ ᠪᠠ ᠥᠪᠡᠷᠮᠢᠴᠡ ᠰᠢᠨᠵᠢ 》 ᠃
8. 《 ᠰᠢᠷ᠎ᠠ ᠲᠣᠭᠣᠵᠢ 》 ᠃
9. 《 ᠬᠤᠷᠢᠶᠠᠩᠭᠤᠢ ᠠᠯᠲᠠᠨ ᠲᠣᠪᠴᠢ 》 ᠃
10. ᠭᠦᠩᠭᠠᠵᠠᠯᠽᠠᠨ ᠤ 《 ᠡᠷᠳᠡᠨᠢ ᠶ᠋ᠢᠨ ᠰᠠᠩ ᠰᠤᠪᠠᠰᠢᠳᠢ 》 ᠃
11. ᠴ ᠂ ᠳᠠᠮᠳᠢᠨᠰᠦ᠋ᠷᠦᠩ ᠤᠨ 《 ᠮᠣᠩᠭᠣᠯ ᠤᠨ ᠤᠷᠠᠨ ᠵᠣᠬᠢᠶᠠᠯ ᠤᠨ ᠳᠡᠭᠡᠵᠢ ᠵᠠᠭᠤᠨ ᠪᠢᠯᠢᠭ ᠣᠷᠣᠰᠢᠪᠠ 》 ᠃
12. 《 ᠵᠢᠷᠢᠮ ᠤᠨ ᠮᠣᠩᠭᠣᠯ ᠠᠷᠠᠳ ᠤᠨ ᠠᠮᠠᠨ ᠵᠣᠬᠢᠶᠠᠯ ᠤᠨ ᠰᠣᠩᠭᠣᠮᠠᠯ 》 ᠤᠨ ᠭᠤᠷᠪᠠᠳᠤᠭᠠᠷ ᠪᠣᠳᠢ ( ᠬᠢᠲᠠᠳ ᠬᠡᠪᠯᠡᠯ ) ᠃
13. 《 ᠮᠣᠩᠭᠣᠯ ᠦᠨᠳᠦᠰᠦᠲᠡᠨ ᠤ ᠠᠷᠠᠳ ᠤᠨ ᠠᠮᠠᠨ ᠵᠣᠬᠢᠶᠠᠯ ᠤᠨ ᠲᠡᠭᠦᠪᠦᠷᠢ 》 ᠃
14. 《 ᠵᠢᠷᠢᠮ ᠤᠨ ᠰᠣᠨᠢᠨ ᠤ ᠴᠢᠮᠡᠭᠡᠯᠡᠯ 》84.3 —4 ᠬᠤᠭᠤᠴᠠᠭ᠎ᠠ ᠃
15. 《 ᠥᠪᠥᠷ ᠮᠣᠩᠭᠣᠯ ᠤᠨ ᠡᠳᠦᠷ ᠤᠨ ᠰᠣᠨᠢᠨ 》80.3.18 ᠤ ᠡᠳᠦᠷ ᠃
16. ᠪ · ᠰᠣᠳᠨᠠᠮ ᠤᠨ 《 ᠶᠢᠷᠲᠢᠨᠴᠦ ᠶ᠋ᠢᠨ ᠭᠤᠷᠪᠠ ᠂ ᠳᠥᠷᠪᠡ ᠶ᠋ᠢᠨ ᠲᠤᠬᠠᠢ 》 ᠃
17. ᠽ · ᠥᠯᠵᠡᠶ᠋ᠢᠬᠤᠲᠤᠭ ᠤᠨ 《 ᠶᠢᠷᠲᠢᠨᠴᠦ ᠶ᠋ᠢᠨ ᠭᠤᠷᠪᠠ 》 ᠬᠡᠮᠡᠬᠦ ᠥᠭᠦᠯᠡᠯ ᠃
18 . 《 ᠡᠷ᠎ᠡ ᠬᠣᠶᠠᠷ ᠵᠢᠭᠠᠯ ᠤᠨ ᠲᠣᠭᠣᠵᠢ 》 ᠃
19. 《 ᠮᠣᠩᠭᠣᠯ ᠬᠡᠯᠡ ᠪᠢᠴᠢᠭ ᠢ ᠰᠠᠶ᠋ᠢᠵᠢᠷᠠᠭᠤᠯᠬᠤ ᠪᠣᠳᠣᠯᠭ᠎ᠠ ᠶ᠋ᠢᠨ ᠥᠭᠦᠯᠡᠯ 》9 ᠳ᠋ᠦ᠍ᠭᠡᠷ ᠳᠡᠪᠲᠡᠷ ( ᠰᠢᠨ᠎ᠡ ᠦᠰᠦᠭ ) ᠃
20. ᠪ · ᠰᠣᠳᠨᠠᠮ ᠤᠨ 《 ᠮᠠᠯ ᠠᠵᠤ ᠠᠬᠤᠢ ᠳᠤ ᠬᠣᠯᠪᠣᠭᠳᠠᠭᠰᠠᠨ ᠠᠷᠠᠳ ᠤᠨ ᠠᠮᠠᠨ ᠵᠣᠬᠢᠶᠠᠯ 》 ᠃
21. 1959 ᠣᠨ ᠳᠤ ᠮᠣᠩᠭᠣᠯ ᠤᠨ ᠭᠡᠭᠡᠷᠡᠯ ᠤᠨ ᠶᠠᠮᠤᠨ ᠠ᠋ᠴᠠ ᠬᠡᠪᠯᠡᠭᠦᠯᠦᠭᠰᠡᠨ ᠳᠠᠮᠪᠠᠰᠦ᠋ᠷᠦᠩ ᠤᠨ 《 ᠮᠣᠩᠭᠣᠯ ᠠᠷᠠᠳ ᠤᠨ ᠵᠦᠢᠷ ᠦᠭᠡ 》 ᠃
22. 《 ᠥᠪᠥᠷ ᠮᠣᠩᠭᠣᠯ ᠤᠨ ᠨᠡᠶ᠋ᠢᠭᠡᠮ ᠤᠨ ᠰᠢᠨᠵᠢᠯᠡᠬᠦ ᠤᠬᠠᠭᠠᠨ 》 ᠰᠡᠳᠬᠦᠯ ᠤᠨ80.2 —3 ᠬᠤᠭᠤᠴᠠᠭ᠎ᠠ ᠃
23. 《 ᠥᠨᠢᠷ ᠴᠡᠴᠡᠭ 》 ᠰᠡᠳᠬᠦᠯ ᠤᠨ57.10 ᠬᠤᠭᠤᠴᠠᠭ᠎ᠠ ᠂ ᠲ · ᠰᠠᠶ᠋ᠢᠨᠪᠠᠶᠠᠷ ᠤᠨ 《ᠵᠦᠢᠷ ᠦᠭᠡ 》 ᠃
24. 《 ᠥᠨᠢᠷ ᠴᠡᠴᠡᠭ 》 ᠰᠡᠳᠬᠦᠯ ᠤᠨ 58.4 ᠬᠤᠭᠤᠴᠠᠭ᠎ᠠ ᠂ ᠮᠠᠵᠢᠬ ᠤᠨ 《 ᠬᠠᠭᠤᠴᠢᠳ ᠤᠨ ᠦᠭᠡ 》 ᠃
25. 《 ᠠᠯᠲᠠᠨ ᠭᠠᠨᠳᠠᠷᠢ 》 ᠰᠡᠳᠬᠦᠯ ᠤᠨ80.1 ᠬᠤᠭᠤᠴᠠᠭ᠎ᠠ ᠃
26. 《 ᠪᠤᠭᠤᠲᠤ ᠶ᠋ᠢᠨ ᠤᠴᠢ 》 ᠰᠡᠳᠬᠦᠯ ᠤᠨ80.2 ᠬᠤᠭᠤᠴᠠᠭ᠎ᠠ ᠃
27. 《 ᠠᠯᠲᠠᠨ ᠭᠠᠨᠳᠠᠷᠢ 》 ᠰᠡᠳᠬᠦᠯ ᠤᠨ81.1 ᠬᠤᠭᠤᠴᠠᠭ᠎ᠠ ᠃
28. 《 ᠬᠤᠨ ᠭᠠᠯᠠᠭᠤ 》 ᠰᠡᠳᠬᠦᠯ ᠤᠨ80.6 ᠬᠤᠭᠤᠴᠠᠭ᠎ᠠ ᠃
29. 《 ᠥᠪᠥᠷ ᠮᠣᠩᠭᠣᠯ ᠤᠨ ᠨᠤᠲᠤᠭ ᠤᠰᠤ 》 ᠃
30. 《 ᠴᠡᠴᠡᠭᠲᠦ ᠴᠠᠶ᠋ᠢᠳᠠᠮ 》 ᠰᠡᠳᠬᠦᠯ ᠤᠨ81.4 ᠬᠤᠭᠤᠴᠠᠭ᠎ᠠ ᠃
31. 《 ᠴᠡᠴᠡᠭᠲᠦ ᠴᠠᠶ᠋ᠢᠳᠠᠮ 》 ᠰᠡᠳᠬᠦᠯ ᠤᠨ82.2 ᠬᠤᠭᠤᠴᠠᠭ᠎ᠠ ᠃
32. 《 ᠵᠢᠷᠢᠮ ᠤᠨ ᠤᠷᠠᠨ ᠵᠣᠬᠢᠶᠠᠯ 》 ᠰᠡᠳᠬᠦᠯ ᠤᠨ82.5 ᠬᠤᠭᠤᠴᠠᠭ᠎ᠠ ᠃
33. 《 ᠵᠢᠷᠢᠮ ᠤᠨ ᠤᠷᠠᠯᠢᠬ 》 ᠰᠡᠳᠬᠦᠯ ᠤᠨ82.3 ᠬᠤᠭᠤᠴᠠᠭ᠎ᠠ ᠃
34. 《 ᠰᠢᠯᠢ ᠶ᠋ᠢᠨ ᠭᠣᠣᠯ 》 ᠰᠡᠳᠬᠦᠯ ᠤᠨ82.2 ᠬᠤᠭᠤᠴᠠᠭ᠎ᠠ ᠃
1980.7 —1983.7 ᠲᠦᠩᠯᠢᠶᠣᠣ ᠬᠣᠲᠠᠨ᠎ᠠ ᠴᠤᠭᠯᠠᠭᠤᠯᠵᠤ
1983.7 —1984.7 ᠯᠠᠨᠵᠧᠦ ᠬᠣᠲᠠᠨ᠎ᠠ ᠵᠠᠰᠠᠨ ᠡᠮᠬᠢᠳᠬᠡᠪᠡ ᠃
ᠶᠢᠷᠲᠢᠨᠴᠦ ᠶ᠋ᠢᠨ ᠭᠤᠷᠪᠠ
ᠱ · ᠪᠤᠶᠠᠨᠳᠣᠭᠲᠠᠬᠤ ᠡᠮᠬᠢᠳᠬᠡᠨ ᠨᠠᠶ᠋ᠢᠷᠠᠭᠤᠯᠪᠠ
ᠥᠪᠥᠷ ᠮᠣᠩᠭᠣᠯ ᠤᠨ ᠰᠣᠶᠣᠯ ᠤᠨ ᠬᠡᠪᠯᠡᠯ ᠤᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠤᠨ ᠬᠠᠶ᠋ᠢᠯᠠᠷ ᠲᠠᠬᠢ ᠰᠢᠨᠬᠤᠸᠠ ᠬᠡᠪᠯᠡᠬᠦ ᠦᠢᠯᠡᠳᠪᠦᠷᠢ ᠬᠡᠪᠯᠡᠪᠡ
ᠬᠥᠯᠥᠨ ᠪᠤᠶ᠋ᠢᠷ ᠠᠶ᠋ᠢᠮᠠᠭ ᠤᠨ ᠰᠢᠨᠬᠤᠸᠠ ᠪᠢᠴᠢᠭ ᠤᠨ ᠳᠡᠯᠭᠡᠭᠦᠷ ᠲᠠᠷᠬᠠᠭᠠᠪᠠ
1985 ᠣᠨ ᠤ4 ᠰᠠᠷ᠎ᠠ ᠳᠤ ᠠᠩᠬᠠᠳᠤᠭᠠᠷ ᠬᠡᠪ ᠢ ᠬᠢᠪᠡ
1985 ᠣᠨ ᠤ5 ᠰᠠᠷ᠎ᠠ ᠳᠤ ᠠᠩᠬᠠᠳᠤᠭᠠᠷ ᠤᠳᠠᠭ᠎ᠠ ᠬᠡᠪᠯᠡᠪᠡ
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠮᠢᠩᠭᠠᠳ ᠴᠢᠮᠡᠭ ᠂ ᠠᠯᠲᠠᠨᠲᠤᠶᠠᠭ᠎ᠠ᠂ ᠬᠠᠷᠠᠨᠤᠳ ᠲᠤᠶᠠᠭ᠎ᠠ ᠂ ᠬᠠᠳᠠᠴᠢ ᠤᠷᠠᠨ᠎ᠠ
ᠬᠢᠨᠠᠭᠴᠢ ᠄ ᠮᠢᠩᠭᠠᠳ ᠴᠢᠮᠡᠭ ᠂ ᠬᠠᠷᠠᠨᠤᠳ ᠲᠤᠶᠠᠭ᠎ᠠ