ᠭᠥᠨᠳᠦᠭ ᠴᠢᠪᠠᠭᠠᠨᠴᠠ ᠭᠦᠷᠢᠮ ᠦ᠋ᠨ ᠬᠡᠩᠭᠡᠷᠭᠡ - ᠳ᠋᠊ ᠂ ᠨᠠᠴᠤᠭᠳᠣᠷᠵᠢ Гүндэг чавганц гүрмийн хэнгэрэг - Д ᠂ Нацагдорж
ᠭᠥᠨᠳᠦᠭ ᠴᠢᠪᠠᠭᠠᠨᠴᠠ ᠭᠦᠷᠢᠮ ᠦ᠋ᠨ ᠬᠡᠩᠭᠡᠷᠭᠡ
ᠬᠦᠨᠲᠤᠩ ᠴᠢᠪᠠᠭᠠᠨᠴᠠ ᠬᠠᠩᠭᠢᠨᠠᠭᠤᠯᠤᠨ ᠶᠣᠣᠯᠠᠨᠠ ᠂
ᠭᠦᠷᠢᠮ ᠦ᠋ᠨ ᠬᠡᠩᠭᠡᠷᠭᠡ ᠳ᠋ᠦᠩ ᠳ᠋ᠠᠩ ᠳᠤᠤᠭᠠᠷᠤᠨ᠎ᠠ ᠂
ᠭᠡᠳᠡᠰᠦᠨ ᠪ ᠨᠢᠶᠠᠨ ᠬᠣᠳᠣᠭᠣᠳᠣ ᠶ᠋ᠢ ᠨᠢ ᠮᠥᠯᠵᠢᠨᠡ
ᠭᠡᠯᠦᠩ ᠯᠠᠮᠠ ᠡᠳᠡᠭᠡᠨ᠎ᠡ ᠡᠳᠡᠭᠡᠨ᠎ᠡ ᠭᠡᠨ᠎ᠡ ᠃
ᠬᠣᠶᠠᠷ ᠬᠣᠨᠣᠭ ᠭᠦᠷᠢᠮᠳᠡᠪᠡ ᠃
ᠭᠤᠷᠪᠠᠨ ᠯᠠᠮᠠ ᠴᠠᠳᠪᠠ ᠃
ᠬᠥᠨᠲᠤᠩ ᠴᠢᠪᠠᠭᠠᠨᠴᠠ ᠦᠬᠦᠪᠡ ᠃
ᠭᠡᠳᠡᠰᠦᠨ ᠪ ᠨᠢᠶᠠᠨ ᠪᠠᠶᠠᠷᠯᠠᠪᠠ ᠃
ᠢᠳᠡᠬᠦ ᠤᠤᠭᠤᠬᠤ ᠨᠢ ᠡᠯᠪᠡᠭ ᠰᠠᠨ᠃
ᠨᠢᠶᠠᠨ ᠬᠣᠷᠣᠬᠠᠢ ᠨᠢ ᠲᠠᠷᠬᠠᠭᠰᠠᠨ ᠰᠠᠨ ᠃
ᠴᠠᠪ ᠮᠠᠩᠵᠠ ᠪᠠᠷ ᠳᠡᠮᠵᠢᠵᠦ
ᠴᠠᠭᠠᠰᠢ ᠪᠠᠰᠠ ᠬᠠᠯᠳᠠᠪᠤᠷᠢᠯᠠᠪᠠ ᠃
ᠭᠤᠷᠪᠠᠨ ᠭᠡᠯᠦᠩ ᠭᠦᠷᠢᠮᠳᠡᠭᠰᠡᠭᠡᠷ
ᠥᠪᠡᠷ ᠲᠡᠭᠡᠨ ᠪᠠᠷᠢᠴᠠ ᠲᠠᠢ
ᠬᠡᠪᠡᠯᠢ ᠳ᠋ᠡᠭᠡᠨ ᠨᠢᠶᠠᠨ ᠲᠠᠢ
ᠭᠡᠢᠳ ᠲᠡᠭᠡᠨ ᠪᠤᠴᠠᠵᠠᠢ ᠃
《 ᠱᠣᠭ ᠬᠣᠱᠣᠩ ᠵᠣᠬᠢᠶᠠᠯ ᠤ᠋ᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠪᠠᠭᠠᠲᠤᠷ
2023 ᠣᠨ ᠪ 6 ᠰᠠᠷ᠎ᠠ ᠶ᠋ᠢᠨ 10
