ᠭᠠᠩᠭᠠᠩ ᠬᠡᠦᠬᠡᠨ - ᠳ᠋᠊ ᠂ ᠨᠠᠴᠤᠭᠳᠣᠷᠵᠢ Ганган хүүхэн - Д ᠂ Нацагдорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠭᠠᠩ ᠬᠡᠦᠬᠡᠨ - ᠳ᠋᠊ ᠂ ᠨᠠᠴᠤᠭᠳᠣᠷᠵᠢ Ганган хүүхэн - Д ᠂ Нацагдорж

ᠭᠠᠩᠭᠠᠩ ᠬᠡᠦᠬᠡᠨ - ᠳ᠋᠊ ᠂ ᠨᠠᠴᠤᠭᠳᠣᠷᠵᠢ Ганган хүүхэн - Д ᠂ Нацагдорж

ᠠᠩᠭᠢᠯᠠᠯ:ᠬᠣᠱᠣᠩ ᠱᠣᠭ
2023-06-13

318

ᠭᠠᠩᠭᠠᠩ ᠬᠡᠦᠬᠡᠨ


 ᠡᠨᠡ ᠶ᠋ᠢ ᠬᠠᠷᠠᠵᠤ ᠢᠨᠢᠶᠡᠭᠰᠡᠨ᠂ ᠲᠡᠭᠦᠨ ᠢ᠋ ᠰᠢᠷᠲᠡᠵᠦ ᠮᠦᠰᠢᠶᠡᠭᠰᠡᠨ 
 ᠡᠷᠢᠵᠦ ᠴᠥᠬᠥᠰᠢ ᠦᠭᠡᠢ᠂ ᠰᠤᠷᠠᠭᠯᠠᠵᠤ ᠶᠠᠳᠠᠰᠢ ᠦᠭᠡᠢ᠂ 
 ᠬᠡᠨ ᠳ᠋ᠦ᠍ ᠪᠣᠯᠪᠠᠴᠤ ᠠᠯᠳᠠᠷ ᠢ᠋ ᠦᠯᠡᠳᠡᠭᠡᠭᠰᠡᠨ 
 ᠬᠡᠵᠢᠶ᠎ᠡ ᠪᠣᠯᠪᠠᠴᠤ ᠮᠠᠷᠲᠠᠰᠢ ᠦᠭᠡᠢ 
 ᠭᠠᠩᠭᠠᠩ ᠲᠡᠷᠡ ᠠᠪᠠᠭᠠᠢ ᠭᠡᠵᠦ ᠪᠠᠢᠬᠤ ᠳ᠋ᠤ᠌ 
 ᠬᠥᠭᠰᠢᠨ ᠵᠠᠯᠠᠭᠤ᠂ ᠯᠠᠮᠠ ᠨᠠᠷ᠂ ᠬᠥᠮᠦᠨ ᠪᠦᠬᠦᠨ ᠬᠦᠰᠡᠵᠦ 
 ᠠᠮᠲᠠᠲᠤ ᠢᠲᠡᠭᠡ᠂ ᠰᠢᠮᠡᠲᠦ ᠵᠣᠭᠣᠭ ᠢ᠋ ᠳᠡᠭᠡᠵᠢᠯᠡᠵᠦ ᠂
 ᠠᠯᠢᠶ᠎ᠠ ᠬᠣᠱᠣᠩ ᠨᠠᠭᠠᠳᠤᠮ ᠴᠡᠩᠭᠡᠯ ᠢ᠋ ᠦᠢᠯᠡᠳᠦᠭᠰᠡᠭᠡᠷ 
 ᠨᠠᠰᠤ ᠳᠡᠭᠡᠭᠰᠢᠯᠡᠵᠦ ᠦᠰᠦ ᠴᠠᠢᠬᠤ ᠶ᠋ᠢᠨ ᠦᠶ᠎ᠡ ᠳ᠋ᠦ᠍
 ᠨᠠᠷᠮᠠᠢ ᠬᠠᠮᠠᠷ ᠴᠦ᠍ ᠭᠤᠩᠰᠢᠬᠨᠠᠨ ᠡᠬᠢᠯᠡᠵᠦ
 ᠨᠠᠰᠤᠨ ᠪ ᠵᠠᠯᠠᠭᠤ ᠶ᠋ᠢ ᠰᠠᠨᠠᠨ ᠭᠤᠨᠢᠷᠬᠠᠵᠤ᠂
 ᠨᠠᠢᠷ ᠨᠠᠭᠠᠳᠤᠮ ᠢ᠋ ᠬᠦᠰᠡᠪᠡᠴᠦ
 ᠨᠢᠭᠡᠨᠲᠡ ᠠᠰᠠᠷᠠᠬᠤ ᠦᠷ᠎ᠡ ᠬᠡᠦᠬᠡᠳ ᠦᠭᠡᠢ᠂
 ᠨᠡᠢᠯᠡᠵᠦ ᠠᠮᠠᠷᠠᠭᠯᠠᠬᠤ ᠨᠥᠬᠥᠷ ᠦᠭᠡᠢ᠂
 ᠭᠠᠵᠠᠷ ᠳᠡᠭᠡᠷ᠎ᠡ ᠭᠠᠪ ᠭᠠᠭᠴᠠᠭᠠᠷ
 ᠭᠠᠩᠭᠠᠯᠠᠵᠤ ᠥᠩᠭᠡᠷᠡᠬᠦ ᠭᠡᠭᠴᠢ ᠡᠨᠡ ᠪᠣᠯᠵᠠᠢ ᠃

 《 ᠱᠣᠭ ᠬᠣᠱᠣᠩ ᠵᠣᠬᠢᠶᠠᠯ ᠤ᠋ᠨ ᠳᠡᠭᠡᠵᠢ 》 ᠡᠴᠡ ᠬᠠᠭᠤᠯᠪᠠ᠃
 ᠦᠰᠦᠭ ᠠᠮᠢᠯᠠᠭᠤᠯᠤᠭᠰᠠᠨ ᠨᠢ ᠄ ᠪᠠᠭᠠᠲᠤᠷ 
 2023 ᠣᠨ ᠪ 6 ᠰᠠᠷ᠎ᠠ ᠶ᠋ᠢᠨ 10