ᠬᠡᠦᠬᠡᠳ ᠦᠨ ᠵᠠᠶᠠᠭ᠎ᠠ ᠭᠣᠮᠣᠳᠠᠳᠠᠭ ᠮᠣᠩᠭᠣᠯ ᠠᠷᠠᠳ ᠤᠨ ᠦᠯᠢᠭᠡᠷХүүхдийн заяа гомддог Монгол ардын үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠦᠨ ᠵᠠᠶᠠᠭ᠎ᠠ ᠭᠣᠮᠣᠳᠠᠳᠠᠭ ᠮᠣᠩᠭᠣᠯ ᠠᠷᠠᠳ ᠤᠨ ᠦᠯᠢᠭᠡᠷХүүхдийн заяа гомддог Монгол ардын үлгэр

ᠬᠡᠦᠬᠡᠳ ᠦᠨ ᠵᠠᠶᠠᠭ᠎ᠠ ᠭᠣᠮᠣᠳᠠᠳᠠᠭ ᠮᠣᠩᠭᠣᠯ ᠠᠷᠠᠳ ᠤᠨ ᠦᠯᠢᠭᠡᠷХүүхдийн заяа гомддог Монгол ардын үлгэр

ᠠᠩᠭᠢᠯᠠᠯ:ᠳᠣᠮᠣᠭ ᠦᠯᠢᠭᠡᠷ
2023-06-13

465

ᠬᠡᠦᠬᠡᠳ ᠦ᠋ᠨ ᠵᠠᠶᠠᠭ᠎ᠠ ᠭᠣᠮᠣᠳᠠᠳᠠᠭ

   ᠠᠯᠲᠠᠨ ᠰᠢᠷᠭᠠᠯ ᠭᠣᠪᠢ ᠶ᠋ᠢᠨ ᠥᠷᠯᠥᠭᠡᠨ ᠦ᠌ ᠨᠠᠷᠠᠨ ᠮᠠᠨᠳᠤᠵᠤ᠂ᠠᠪᠢᠳᠠ ᠡᠪᠦᠭᠡᠨ ᠦ᠌ ᠳᠥᠷᠪᠡᠨ ᠬᠠᠨ᠎ᠠ ᠲᠠᠢ ᠭᠡᠷ ᠦ᠋ᠨ ᠲᠣᠭᠣᠨᠣ ᠪᠠᠷ ᠲᠤᠰᠤᠭᠰᠠᠨ ᠲᠤᠶᠠᠭ᠎ᠠ ᠠᠷᠢᠶᠠᠪᠠᠯᠤ ᠡᠮᠡᠭᠡᠨ ᠦ᠌ ᠨᠢᠭᠤᠷ ᠤ᠋ᠨ ᠳᠡᠭᠡᠷ᠎ᠡ ᠲᠤᠰᠴᠠᠢ᠃ ᠡᠮᠡᠭᠡᠨ ᠴᠠᠢ ᠰᠠᠮᠤᠷᠴᠤ ᠪᠠᠢᠭᠰᠠᠨ ᠭᠠᠤᠯᠢᠨ ᠰᠢᠨᠠᠭ᠎ᠠ ᠪᠠᠨ ᠲᠤᠯᠭᠠᠨ ᠤ᠋ ᠪᠠᠨ ᠵᠠᠬ᠎ᠠ ᠤᠷᠤᠭᠤ ᠠᠯᠳᠠᠭᠠᠳ ᠪᠥᠬᠥᠢᠵᠦ ᠠᠪᠬᠤ ᠳ᠋ᠤ᠌ ᠪᠠᠨ᠄《ᠬᠥᠶᠢ᠂ ᠡᠪᠦᠭᠡᠨ! ᠪᠢ ᠴᠢᠮ᠎ᠠ ᠳ᠋ᠤ᠌ ᠨᠢᠭᠡ ᠦᠭᠡ ᠬᠡᠯᠡᠪᠡᠯ ᠴᠢ ᠦᠨᠡᠮᠰᠢᠬᠦ ᠦᠦ?》ᠭᠡᠵᠡᠢ ᠭᠡᠨ᠎ᠡ᠃《ᠨᠠᠶᠠ ᠭᠠᠷᠲᠠᠯ᠎ᠠ ᠨᠠᠰᠤᠯᠠᠬᠤ ᠳ᠋ᠤ᠌ ᠪᠠᠨ ᠨᠢᠭᠡᠨ ᠦ᠌ ᠪᠡᠨ ᠦᠭᠡ ᠶ᠋ᠢ ᠢᠲᠡᠭᠡᠬᠦ ᠦᠭᠡᠢ ᠶᠠᠭᠠᠬᠢᠵᠤ ᠪᠣᠯᠬᠤᠪ ᠳᠠ!》 ᠭᠡᠬᠦ ᠳ᠋ᠦ᠍ ᠨᠢ ᠡᠮᠡᠭᠡᠨ᠄《ᠦᠭᠡᠢ ᠬᠥᠶᠢ! ᠠᠮᠢᠳᠤ ᠶᠠᠪᠤᠪᠠᠯ ᠠᠯᠲᠠᠨ ᠠᠶᠠᠭᠠᠨ ᠳ᠋ᠤ᠌ ᠤᠰᠤ ᠤᠤᠭᠤᠨ᠎ᠠ ᠭᠡᠵᠦ ᠲᠠᠪᠤᠨ ᠥᠷᠯᠥᠭᠡ ᠳᠠᠷᠠᠭᠠᠯᠠᠨ ᠲᠤᠯᠭᠠᠨ ᠤ᠋ ᠭᠠᠯ ᠳᠣᠲᠣᠷ᠎ᠠ ᠨᠢᠭᠡ ᠢᠰᠡᠭᠡᠢ ᠪᠣᠢᠲᠣᠭ ᠲᠠᠢ ᠳᠠᠩ ᠴᠠᠮᠴᠠ ᠲᠠᠢ ᠭᠤᠷᠪᠠᠨ ᠨᠠᠰᠤ ᠲᠠᠢ ᠪᠣᠯᠪᠠ ᠤᠤ ᠭᠡᠮᠡᠷ ᠬᠥᠭᠡᠷᠦᠬᠦᠨ ᠥᠬᠢᠨ ᠬᠤᠪᠢᠩ ᠪᠠᠷᠢᠵᠤ ᠵᠣᠭᠰᠣᠭᠠᠳ ᠨᠠᠮ᠎ᠠ ᠶ᠋ᠢ ᠬᠠᠷᠠᠵᠤ ᠢᠨᠢᠶᠡᠭᠡᠳ ᠪᠠᠢᠬᠤ ᠶᠤᠮ》 ᠭᠡᠬᠦ ᠳ᠋ᠦ᠍ ᠨᠢ ᠡᠪᠦᠭᠡᠨ᠄《ᠦᠭᠡᠢ ᠲᠡᠷᠡ ᠴᠢᠨᠢ ᠭᠠᠯ ᠤ᠋ᠨ ᠪᠤᠷᠬᠠᠨ ᠪᠠᠢᠯᠭᠦᠢ ᠳᠡ!》 ᠭᠡᠵᠡᠢ᠃《ᠢᠱ᠌ᠢ ᠂ ᠠᠪᠢᠳᠠ ᠮᠢᠨᠢ ᠳᠡ᠂ ᠠᠪᠢᠳᠠ ᠮᠢᠨᠢ! ᠡᠳᠦᠢ ᠪᠣᠯᠲᠠᠯ᠎ᠠ ᠭᠡᠨᠡᠨ ᠨᠢ ᠠᠷᠢᠯᠳᠠᠭ ᠦᠭᠡᠢ ᠶᠠᠭᠠᠬᠢᠭᠰᠠᠨ ᠶᠤᠮ ᠳᠠ! ᠭᠠᠯ ᠤ᠋ᠨ ᠪᠤᠷᠬᠠᠨ ᠪᠢᠲᠡᠭᠡᠢ ᠬᠡᠯᠡ ᠬᠣᠢᠮᠣᠷ ᠢ᠋ᠶ᠋ᠠᠨ ᠵᠠᠯᠠᠭᠰᠠᠨ ᠪᠤᠷᠬᠠᠨ ᠠᠮᠢᠯᠠᠵᠤ ᠪᠠᠢᠬᠤ ᠶ᠋ᠢ ᠦᠵᠡᠭᠡ ᠦᠭᠡᠢ ᠰᠢᠦ ᠳᠡ! ᠪᠤᠷᠬᠠᠨ ᠭᠡᠳ ᠵᠠᠯᠪᠠᠷᠢᠭᠰᠠᠭᠠᠷ ᠲᠣᠯᠣᠭᠠᠢ ᠪᠠᠨ ᠴᠣᠭᠣᠷᠠᠲᠠᠯ᠎ᠠ ᠮᠥᠷᠭᠥᠵᠦ ᠥᠨᠳᠡᠭᠡ ᠪᠡᠨ ᠴᠣᠭᠣᠷᠠᠲᠠᠯ᠎ᠠ ᠡᠷᠢᠭᠡ ᠡᠷᠭᠢᠭᠦᠯᠦᠭᠡᠳ ᠴᠢ ᠪᠢᠳᠡ ᠬᠣᠶᠠᠷ ᠲᠤ᠌ ᠲᠡᠭᠡᠭᠡᠳ ᠠᠴᠢ ᠲᠤᠰᠠ ᠪᠠᠨ ᠥᠭᠭᠦᠭᠡ ᠦᠭᠡᠢ ᠰᠢᠦ ᠳᠡ! ᠪᠣᠢ ᠠ᠋ᠴᠠ ᠲᠠᠪᠤᠨ ᠬᠠᠷ᠎ᠠ ᠢᠮᠠᠭ᠎ᠠ ᠪᠣᠲᠣᠭᠣ ᠲᠠᠢ ᠭᠠᠭᠴᠠ ᠢᠩᠭᠡᠨ ᠡᠴᠡ ᠥᠭᠡᠷ᠎ᠡ ᠶᠠᠭᠤ ᠪᠠᠢᠨ᠎ᠠ ᠤᠤ ᠳᠠ! ᠢᠳᠡᠷ ᠨᠠᠰᠤᠨ ᠠ᠋ᠴᠠ ᠪᠠᠨ ᠡᠬᠢᠯᠡᠭᠡᠳ ᠡᠨᠡ ᠪᠡᠶ᠎ᠡ ᠪᠡᠨ ᠡᠯᠡᠭᠳᠡᠲᠡᠯ᠎ᠡ ᠦᠷ᠎ᠡ ᠲᠡᠢ ᠪᠣᠯᠬᠤ ᠰᠠᠨ ᠭᠡᠵᠦ ᠮᠥᠷᠥᠭᠡᠳᠦᠭᠡᠳ ᠪᠠᠢᠭ᠎ᠠ ᠪᠢᠰᠢ ᠦᠦ!》 ᠭᠡᠵᠡᠢ ᠭᠡᠨ᠎ᠡ᠃《ᠡᠮᠡᠭᠡᠨ᠂ ᠨᠠᠮ᠎ᠠ ᠶ᠋ᠢ ᠨᠡᠬᠡᠢ ᠡᠯᠳᠡᠵᠦ ᠪᠠᠢᠬᠤ ᠳ᠋ᠤ᠌ ᠤᠷᠭ᠎ᠠ ᠪᠠᠷᠢᠭᠰᠠᠨ ᠭᠤᠷᠪᠠᠨ ᠨᠠᠰᠤ ᠲᠠᠢ ᠪᠣᠯᠪᠠ ᠤᠤ ᠭᠡᠮᠡᠷ ᠨᠢᠭᠡᠨ ᠬᠥᠭᠡᠷᠦᠬᠦᠨ ᠬᠦᠦ ᠭᠡᠳᠡᠷᠭᠡᠨ ᠦ᠌ ᠢᠷ ᠦ᠋ᠨ ᠳᠡᠭᠡᠷ᠎ᠡ ᠰᠠᠭᠤᠭᠠᠳ ᠨᠠᠮ᠎ᠠ ᠶ᠋ᠢ ᠬᠠᠷᠠᠵᠤ ᠢᠨᠢᠶᠡᠭᠡᠳ ᠪᠠᠢᠭᠰᠠᠨ ᠰᠢᠦ!》 《ᠬᠥᠱ᠌ᠢ ᠂ ᠠᠪᠢᠳᠠ ᠮᠢᠨᠢ᠂ ᠡᠷᠲᠡᠬᠡᠨ ᠨᠠᠳᠠ ᠳ᠋ᠤ᠌ ᠬᠡᠯᠡᠬᠦ ᠦᠭᠡᠢ ᠶᠠᠭᠠᠬᠢᠭ᠎ᠠ ᠪᠣᠢ ᠲᠡᠭᠡᠭᠡᠳ》 ᠭᠡᠬᠦ ᠳ᠋ᠦ᠍ ᠠᠪᠢᠳᠠ ᠡᠪᠦᠭᠡᠨ᠄《ᠠᠷᠢᠶᠠᠪᠠᠯᠤ ᠮᠢᠨᠢ ᠳᠡ! ᠴᠢ ᠪᠢᠳᠡ ᠬᠣᠶᠠᠷ ᠨᠢᠭᠡ ᠨᠢᠭᠡᠨ ᠢ᠋ ᠪᠡᠨ ᠬᠡᠯᠡᠯᠲᠡ ᠦᠭᠡᠢ ᠯᠡ ᠪᠠᠢᠨ᠎ᠠ ᠰᠢᠦ ᠳᠡ᠂ ᠴᠢᠮ᠎ᠠ ᠶ᠋ᠢ ᠭᠣᠷᠢᠳᠠᠭᠠᠴᠢᠬᠠᠬᠤ ᠪᠣᠯᠪᠠ ᠤᠤ ᠭᠡᠵᠦ ᠪᠣᠳᠣᠭᠠᠳ ᠬᠡᠯᠡᠭᠡ ᠦᠭᠡᠢ ᠶᠦ᠍ᠮ᠃》 ᠭᠡᠬᠦ ᠳ᠋ᠦ᠍《ᠦᠭᠡᠢ ᠬᠥ ᠂ ᠴᠢ ᠡᠷ᠎ᠡ ᠬᠥᠮᠦᠨ ᠪᠠᠢᠨ᠎ᠠ ᠳᠠ! ᠨᠢᠭᠡ ᠶ᠋ᠢ ᠪᠣᠳᠣᠵᠤ ᠦᠵᠡᠭᠡᠴᠢ ᠳᠡ!》《ᠴᠢ ᠪᠢᠳᠡ ᠬᠣᠶᠠᠷ ᠴᠢᠨᠢ ᠡᠨᠡ ᠥᠯᠥᠭᠡᠢ ᠬᠤᠳᠳᠤᠭ ᠳᠡᠭᠡᠷ᠎ᠡ ᠵᠢᠷᠠᠨ ᠵᠢᠯ ᠪᠣᠯᠵᠠᠢ ᠰᠢᠦ! ᠬᠡᠵᠢᠶ᠎ᠡ ᠨᠢᠭᠡᠨ ᠴᠠᠭ ᠲᠤ᠌ ᠠᠯᠲᠠᠨ ᠬᠦᠦ ᠮᠥᠩᠭᠥᠨ ᠥᠬᠢᠨ ᠬᠣᠶᠠᠷ ᠢᠷᠡᠵᠦ ᠬᠤᠳᠳᠤᠭ ᠠ᠋ᠴᠠ ᠤᠰᠤ ᠠᠪᠬᠤ ᠲᠡᠦᠬᠡ ᠲᠠᠢ ᠶᠤᠮ ᠭᠡᠳᠡᠭ᠂ ᠦᠭᠡᠢ ᠲᠡᠷᠡ ᠨᠢ ᠠᠷᠠᠢ ᠪᠣᠯᠵᠤ ᠪᠠᠢᠭ᠎ᠠ ᠪᠢᠰᠢ ᠪᠢᠵᠡ!》《ᠬᠠᠷᠢᠨ ᠠ᠋ ᠬᠥ ᠂ ᠮᠣᠩᠭᠣᠯ ᠬᠥᠮᠦᠨ ᠰᠣᠪᠢᠩ ᠢ᠋ᠶ᠋ᠠᠷ ᠢ᠋ᠶ᠋ᠠᠨ ᠭᠡᠵᠦ ᠶᠠᠭᠤᠮ᠎ᠠ ᠶ᠋ᠢ ᠶᠡᠷᠦ ᠨᠢ ᠶᠠᠭᠠᠬᠢᠵᠤ ᠮᠡᠳᠡᠬᠦᠪ! ᠥᠬᠢᠨ ᠬᠦᠦ ᠬᠣᠶᠠᠷ ᠲᠤ᠌ ᠪᠠᠨ ᠢᠰᠢᠭᠡᠨ ᠦ᠌ ᠠᠷᠠᠰᠤᠨ ᠳᠡᠪᠡᠯ ᠪᠣᠲᠣᠭᠣᠨ ᠤ᠋ ᠠᠷᠠᠰᠤᠨ ᠭᠤᠲᠤᠯ ᠬᠢᠵᠦ ᠲᠠᠯᠪᠢᠨ᠎ᠠ ᠪᠠᠢᠭ᠎ᠠ!》 《ᠲᠡᠭᠡ ᠠ᠋! ᠲᠡᠭᠡ᠂ ᠡᠮᠡᠭᠡᠨ ᠮᠢᠨᠢ᠂<ᠳᠥᠷᠥᠭᠡ ᠦᠭᠡᠢ ᠬᠡᠦᠬᠡᠳ ᠲᠦ᠍ ᠲᠡᠮᠦᠷ ᠥᠯᠥᠭᠡᠢ ᠪᠡᠯᠡᠳᠬᠡᠨ᠎ᠡ> ᠭᠡᠵᠦ ᠦᠭᠡ ᠳ᠋ᠡᠭ   ᠂ ᠬᠡᠦᠬᠡᠳ ᠢᠳᠡᠮᠡᠷ ᠠᠶᠠᠲᠠᠢᠬᠠᠨ ᠵᠥᠭᠡᠯᠡᠨ ᠶᠠᠭᠤᠮ᠎ᠠ ᠶᠠᠭᠤ ᠪᠠᠢᠳᠠᠭ ᠪᠢᠯᠡ? ᠡᠮᠡᠭᠡᠨ ᠮᠢᠨᠢ ᠪᠣᠳᠣᠨ᠎ᠠ ᠪᠠᠢᠭ᠎ᠠ!》 ᠭᠡᠵᠦ ᠬᠡᠯᠡᠭᠡᠳ ᠬᠠᠨ᠎ᠠ ᠶ᠋ᠢᠨ ᠲᠣᠯᠣᠭᠠᠢ ᠠ᠋ᠴᠠ ᠤᠶᠠᠭᠰᠠᠨ ᠮᠣᠳᠣᠨ ᠲᠠᠬᠢᠮ ᠳ᠋ᠤ᠌ ᠪᠠᠨ ᠰᠡᠷᠬᠡ ᠢᠮᠠᠭᠠᠨ ᠤ᠋ ᠠᠷᠠᠰᠤ ᠬᠠᠪᠴᠢᠭᠤᠯᠤᠭᠠᠳ ᠲᠠᠯᠬᠢᠳᠠᠬᠤ ᠭᠡᠲᠡᠯ᠎ᠡ ᠠᠪᠢᠳᠠ ᠡᠪᠦᠭᠡᠨ ᠦ᠌ ᠪᠢᠷ᠎ᠠ ᠨᠢ ᠬᠦᠷᠬᠦ ᠦᠭᠡᠢ ᠠᠮᠢᠰᠬᠤᠭᠠᠳᠠᠵᠤ ᠭᠠᠩᠰᠠ ᠲᠠᠮᠠᠬᠢ ᠠᠪᠴᠤ ᠬᠡᠲᠡ ᠴᠠᠬᠢᠭᠤᠷ ᠢ᠋ᠶ᠋ᠠᠨ ᠴᠠᠬᠢᠵᠠᠢ᠃ ᠪᠠᠰᠠ ᠯᠠ ᠬᠦᠴᠦ ᠨᠢ ᠬᠦᠷᠴᠦ ᠠᠰᠠᠭᠠᠵᠤ ᠴᠢᠳᠠᠬᠤ ᠦᠭᠡᠢ ᠪᠠᠢᠵᠠᠢ ᠭᠡᠨ᠎ᠡ᠃ ᠠᠪᠢᠳᠠ ᠰᠢᠨᠠ ᠪᠠᠨ ᠲᠤᠯᠵᠤ ᠮᠣᠢᠨᠣᠭ ᠬᠤᠷᠤᠭᠤᠨ ᠤ᠋ ᠪᠠᠨ ᠦᠷᠴᠢᠯᠡᠭᠡ ᠶ᠋ᠢ ᠲᠣᠭᠠᠯᠠᠵᠤ ᠰᠠᠭᠤᠭᠠᠳ《ᠥᠲᠡᠯᠦᠶ᠎ᠡ ᠭᠡᠵᠦ ᠥᠲᠡᠯᠦᠭᠰᠡᠨ ᠦᠭᠡᠢ᠂ ᠥᠩᠭᠡᠲᠦ ᠶᠢᠷᠲᠢᠨᠴᠦ ᠶ᠋ᠢᠨ ᠵᠢᠮ᠎ᠡ ᠪᠡᠷ ᠥᠲᠡᠯᠦᠯ᠎ᠡ ᠳᠡ᠂ ᠬᠠᠷᠠᠬᠤ ᠨᠢᠳᠦᠨ ᠦ᠌ ᠮᠢᠨᠢ ᠬᠠᠷᠠᠭ᠎ᠠ ᠮᠠᠭᠤᠳᠠᠵᠤ ᠬᠠᠵᠠᠬᠤ ᠰᠢᠳᠦᠨ ᠦ᠌ ᠮᠢᠨᠢ ᠠᠷᠠᠭ᠎ᠠ ᠤᠨᠠᠵᠤ᠂ ᠬᠣᠶᠠᠷ ᠭᠠᠷ ᠤ᠋ᠨ ᠮᠢᠨᠢ ᠬᠦᠴᠦ ᠪᠠᠷᠠᠭᠳᠠᠭᠰᠠᠨ ᠨᠢ ᠨᠠᠰᠤᠨ ᠤ᠋ ᠬᠢᠵᠢᠶᠡᠯ ᠪᠣᠯᠵᠤ ᠨᠡᠷᠡᠲᠦ ᠶᠢᠷᠲᠢᠨᠴᠦ ᠡᠴᠡ ᠬᠠᠯᠢᠬᠤ ᠶ᠋ᠢᠨ ᠲᠡᠮᠳᠡᠭ ᠢᠷᠡᠵᠦ ᠶᠠᠪᠤᠭ᠎ᠠ ᠮᠠᠨᠢ ᠡᠨᠡ ᠶᠦᠮ ᠪᠣᠯᠪᠠ ᠤᠤ ᠳᠠ!》 ᠭᠡᠵᠦ ᠬᠡᠯᠡᠭᠡᠳ ᠰᠠᠨᠠᠭ᠎ᠠ ᠠᠯᠳᠠᠵᠤ ᠲᠣᠭᠣᠨᠣ ᠤᠷᠤᠭᠤ ᠪᠠᠨ ᠬᠠᠷᠠᠭᠰᠠᠨ ᠴᠢᠨᠢ ᠭᠤᠷᠪᠠᠨ ᠨᠠᠰᠤᠲᠠᠢ ᠬᠦᠦ ᠲᠣᠭᠣᠨᠣ ᠶ᠋ᠢᠨ ᠴᠠᠮᠬᠠᠭ ᠢ᠋ᠶ᠋ᠠᠷ ᠳᠠᠮᠵᠢᠨ ᠪᠠᠭᠤᠵᠤ ᠠᠪᠢᠳᠠ ᠡᠪᠦᠭᠡᠨ ᠦ᠌ ᠳᠡᠷᠭᠡᠳᠡ ᠢᠷᠡᠭᠡᠳ᠄《ᠡᠪᠦᠭᠡᠨ ᠠᠪᠤ ᠠ᠋᠂ ᠬᠦᠦ ᠴᠢᠨᠢ ᠢᠷᠡᠯ᠎ᠡ》 ᠭᠡᠵᠡᠢ᠃ ᠠᠪᠢᠳᠠ ᠬᠦᠦ ᠤᠷᠤᠭᠤ ᠬᠠᠷᠠᠵᠤ ᠬᠣᠶᠠᠷ ᠭᠠᠷ ᠢ᠋ᠶ᠋ᠠᠷ ᠢ᠋ᠶ᠋ᠠᠨ ᠲᠡᠪᠡᠷᠢᠵᠦ ᠠᠪᠴᠠᠢ ᠭᠡᠨ᠎ᠡ᠃ ᠬᠦᠦ ᠡᠯᠢᠭᠡᠨ ᠳ᠋ᠦ᠍ ᠨᠢ ᠨᠠᠭᠠᠯᠳᠤᠵᠤ ᠵᠣᠭᠰᠣᠭᠠᠳ᠄《ᠠᠴᠢᠲᠤ ᠪᠤᠭᠤᠷᠤᠯ ᠠᠪᠤ ᠮᠢᠨᠢ᠂ ᠲᠠ ᠰᠡᠷᠬᠡ ᠢᠮᠠᠭᠠᠨ ᠤ᠋ ᠠᠷᠠᠰᠤ ᠶᠠᠭᠠᠬᠢᠬᠤ ᠭᠡᠵᠦ ᠡᠯᠳᠡᠵᠦ ᠪᠠᠢᠭ᠎ᠠ ᠶᠤᠮ ᠪᠣᠢ?》 ᠭᠡᠬᠦ ᠳ᠋ᠦ᠍ ᠨᠢ᠄《ᠠᠯᠲᠠᠨ ᠬᠦᠦ ᠳ᠋ᠦ᠍ ᠪᠡᠨ ᠳᠡᠪᠡᠯ ᠬᠢᠵᠦ ᠥᠭᠬᠦ ᠭᠡᠵᠦ ᠡᠯᠳᠡᠬᠦ ᠭᠡᠰᠡᠨ ᠶᠦᠮ》 ᠭᠡᠵᠡᠢ ᠭᠡᠨ᠎ᠡ᠃ ᠲᠡᠭᠡᠬᠦ ᠳ᠋ᠦ᠍ ᠬᠦᠦ ᠨᠢ᠄《ᠥ᠂ ᠬᠦᠦ ᠴᠢᠨᠢ ᠬᠢᠴᠢᠬᠡᠨ᠎ᠡ ᠠᠪᠤ ᠠ᠋! ᠠᠪᠤ ᠣᠳᠣ ᠵᠢᠷᠭᠠᠬᠤ ᠴᠠᠭ ᠴᠢᠨᠢ ᠪᠣᠯᠤᠭᠰᠠᠨ ᠰᠢᠦ ᠳᠡ!》 ᠭᠡᠵᠦ ᠬᠡᠯᠡᠵᠡᠢ᠃ ᠡᠨᠡ ᠬᠣᠶᠠᠷ ᠢ᠋ ᠭᠡᠷ ᠲᠦ᠍ ᠪᠡᠨ ᠢᠩᠭᠢᠵᠦ ᠶᠠᠷᠢᠵᠤ ᠪᠠᠢᠬᠤ ᠬᠣᠭᠣᠷᠣᠨᠳᠣ ᠠᠷᠢᠶᠠᠪᠠᠯᠤ ᠡᠮᠡᠭᠡᠨ ᠭᠡᠷ ᠦ᠋ᠨ ᠢ᠋ᠶ᠋ᠡᠷ ᠭᠠᠳᠠᠭ᠎ᠠ ᠲᠠᠷᠴᠢ ᠠᠷᠠᠰᠤ ᠳᠡᠯᠭᠡᠵᠦ ᠴᠢᠯᠠᠭᠤᠨ ᠲᠡᠭᠡᠷᠮ᠎ᠡ ᠳ᠋ᠦ᠍ ᠬᠠᠭᠤᠷᠤᠭᠰᠠᠨ ᠠᠷᠪᠠᠢ ᠬᠢᠭᠡᠳ ᠲᠠᠲᠠᠬᠤ ᠭᠡᠳ ᠪᠠᠰᠠ ᠯᠠ ᠬᠦᠴᠦ ᠨᠢ ᠬᠦᠷᠬᠦ ᠦᠭᠡᠢ ᠡᠭᠡᠷᠡᠭᠦᠯ ᠲᠡᠢ ᠤᠲᠠᠰᠤ ᠪᠠᠨ ᠪᠠᠷᠢᠵᠤ ᠰᠠᠨᠠᠭᠠᠰᠢᠷᠠᠵᠤ᠄《ᠠᠷᠭ᠎ᠠ ᠪᠠᠭᠠᠰᠢ ᠭᠠᠷᠭᠠᠵᠤ ᠠᠵᠢᠯ ᠠ᠋ᠴᠠ ᠬᠣᠢᠰᠢ ᠰᠠᠭᠤᠵᠤ ᠪᠠᠢᠭ᠎ᠠ ᠴᠢᠨᠢ ᠪᠢᠰᠢ ᠳᠡ᠂ ᠡᠨᠡ ᠪᠡᠶ᠎ᠡ ᠶ᠋ᠢ ᠨᠠᠰᠤ ᠳᠠᠷᠤᠵᠤ ᠡᠷᠡᠬᠡᠢ ᠬᠤᠷᠤᠭᠤᠨ ᠤ᠋ ᠬᠦᠴᠦ ᠪᠠᠷᠠᠭᠳᠠᠵᠠᠢ ᠳᠠ! ᠭᠠᠯᠪᠠ ᠶᠢᠷᠲᠢᠨᠴᠦ ᠶ᠋ᠢᠨ ᠵᠠᠮ ᠢ᠋ᠶ᠋ᠠᠷ ᠠᠮᠢᠳᠤᠷᠠᠬᠤ ᠬᠤᠭᠤᠴᠠᠭ᠎ᠠ ᠳᠠᠭᠤᠰᠬᠤ ᠳᠥᠭᠥᠵᠡᠢ ᠳᠡ!》 ᠭᠡᠵᠦ ᠪᠣᠳᠣᠭᠠᠳ ᠤᠢᠳᠬᠠᠷᠯᠠᠵᠤ ᠲᠩᠷᠢ ᠥᠭᠡᠳᠡ ᠬᠠᠷᠠᠲᠠᠯ᠎ᠠ ᠡᠷᠦᠬᠡᠨ ᠦ᠌ ᠵᠠᠪᠰᠠᠷ ᠠ᠋ᠴᠠ ᠭᠤᠷᠪᠠᠨ ᠨᠠᠰᠤᠲᠠᠢ ᠮᠥᠩᠭᠥᠨ ᠥᠬᠢᠨ ᠭᠠᠷᠴᠤ ᠠᠷᠢᠶᠠᠪᠠᠯᠤ ᠡᠮᠡᠭᠡᠨ ᠦ᠌ ᠳᠡᠷᠭᠡᠳᠡ ᠢᠷᠡᠭᠡᠳ᠄《ᠠᠴᠢᠲᠤ ᠪᠤᠭᠤᠷᠤᠯ ᠡᠵᠢ ᠮᠢᠨᠢ᠂ ᠲᠠ ᠲᠠᠷᠢᠶ᠎ᠠ ᠲᠡᠭᠡᠷᠮᠡᠳᠡᠵᠦ ᠶᠠᠭᠠᠬᠢᠬᠤ ᠭᠡᠵᠦ ᠪᠠᠢᠭ᠎ᠠ ᠶᠤᠮ ᠪᠣᠢ?》 ᠭᠡᠵᠦ ᠠᠰᠠᠭᠤᠵᠠᠢ᠃ ᠡᠮᠡᠭᠡᠨ ᠬᠣᠶᠠᠷ ᠭᠠᠷ ᠢ᠋ᠶ᠋ᠠᠨ ᠰᠠᠷᠪᠠᠢᠵᠤ᠄《ᠢᠱ᠌ᠢ᠂ ᠬᠣᠩᠭᠣᠷᠬᠠᠨ ᠥᠬᠢᠨ ᠮᠢᠨᠢ ᠨᠠᠭᠠᠰᠢ ᠪᠠᠨ ᠢᠷ᠎ᠡ!》 ᠭᠡᠬᠦ ᠳ᠋ᠦ᠍ ᠥᠬᠢᠨ ᠡᠮᠡᠭᠡᠨ ᠦ᠌ ᠡᠪᠦᠷ ᠳᠡᠭᠡᠷ᠎ᠡ ᠭᠠᠷᠴᠤ ᠰᠠᠭᠤᠭᠠᠳ᠄《ᠡᠵᠢ ᠶ᠋ᠢᠨ ᠢ᠋ᠶ᠋ᠡᠷ ᠣᠷᠣ ᠶ᠋ᠢ ᠵᠠᠯᠭᠠᠬᠤ ᠥᠬᠢᠨ ᠴᠢᠨᠢ ᠬᠢᠨ᠎ᠡ᠃ ᠡᠵᠢ ᠣᠳᠣ ᠠᠮᠠᠷᠠ ᠳᠠ!》 ᠭᠡᠵᠡᠢ ᠭᠡᠨ᠎ᠡ᠃ ᠠᠪᠢᠳᠠ ᠡᠪᠦᠭᠡᠨ ᠠᠷᠢᠶᠠᠪᠠᠯᠤ ᠡᠮᠡᠭᠡᠨ ᠬᠣᠶᠠᠷ ᠬᠦᠦ ᠥᠬᠢᠨ ᠬᠣᠶᠠᠷ ᠢ᠋ᠶ᠋ᠠᠷ ᠡᠭᠡᠯᠵᠢᠯᠡᠨ ᠠᠪᠴᠤ ᠦᠨᠦᠰᠦᠭᠡᠳ ᠬᠣᠢᠮᠣᠷ ᠢ᠋ᠶ᠋ᠠᠨ ᠰᠠᠭᠤᠯᠭᠠᠵᠤ ᠬᠣᠷᠮᠣᠢ ᠳᠡᠪᠢᠰᠦᠨ ᠬᠦᠨᠳᠦᠳᠬᠡᠭᠡᠳ ᠠᠶᠠᠭᠠᠨ ᠳ᠋ᠤ᠌ ᠰᠦ᠍ ᠬᠢᠵᠦ ᠠᠮᠠᠨ ᠳ᠋ᠤ᠌ ᠨᠢ ᠪᠠᠷᠢᠪᠠᠯ ᠥᠬᠢᠨ ᠬᠦᠦ ᠬᠣᠶᠠᠷ ᠠᠮᠲᠠᠷᠬᠠᠨ ᠵᠠᠯᠭᠢᠯᠠᠴᠢᠬᠠᠭᠠᠳ ᠠᠶᠠᠭ᠎ᠠ ᠪᠠᠨ ᠠᠪᠳᠠᠷ᠎ᠠ ᠳᠡᠭᠡᠷ᠎ᠡ ᠲᠠᠯᠪᠢᠵᠠᠢ᠃ ᠲᠡᠭᠡᠭᠡᠳ᠄《ᠠᠪᠤ ᠠ᠋᠂ ᠡᠵᠢ ᠠ᠋! ᠶᠠᠭᠤ ᠬᠢᠬᠦᠪ? ᠠᠷᠭᠠᠯ ᠲᠦᠯᠡᠭᠡᠨ ᠳ᠋ᠦ᠍ ᠶᠠᠪᠤᠬᠤ ᠤᠤ? ᠬᠤᠳᠳᠤᠭ ᠠ᠋ᠴᠠ ᠤᠰᠤ ᠠᠪᠴᠢᠷᠠᠬᠤ ᠤᠤ? ᠢᠮᠠᠭ᠎ᠠ ᠪᠠᠨ ᠬᠠᠷᠢᠭᠤᠯᠬᠤ ᠤᠤ?》 ᠭᠡᠵᠦ ᠵᠡᠷᠭᠡ ᠵᠡᠷᠭᠡ ᠠᠰᠠᠭᠤᠵᠤ ᠭᠡᠨ᠎ᠡ᠃ ᠠᠪᠤ ᠡᠵᠢ ᠬᠣᠶᠠᠷ ᠨᠢ ᠠᠷᠭ᠎ᠠ ᠤᠬᠠᠭᠠᠨ ᠢ᠋ᠶ᠋ᠠᠨ ᠣᠯᠬᠤ ᠦᠭᠡᠢ ᠰᠠᠨᠳᠤᠷᠴᠤ᠄《ᠬᠣᠩᠭᠣᠷᠬᠠᠨ ᠬᠣᠶᠠᠷ ᠦᠷ᠎ᠡ ᠮᠢᠨᠢ ᠠ᠋! ᠭᠠᠵᠠᠷ ᠳᠡᠯᠡᠬᠡᠢ ᠶ᠋ᠢᠨ ᠢ᠋ᠶ᠋ᠡᠷ ᠬᠥᠷᠥᠰᠥᠨ ᠳᠡᠭᠡᠷ᠎ᠡ ᠭᠢᠰᠬᠢᠵᠦ ᠦᠵᠡᠭᠡᠴᠢ ᠳᠡ!》 ᠭᠡᠵᠦ ᠬᠡᠯᠡᠬᠦ ᠳ᠋ᠦ᠍ ᠬᠦᠦ ᠥᠬᠢᠨ ᠬᠣᠶᠠᠷ ᠨᠢ ᠤᠷᠤᠯᠳᠤᠨ ᠭᠠᠷᠴᠠᠢ ᠭᠡᠨ᠎ᠡ᠃ ᠡᠮᠡᠭᠡᠨ ᠡᠪᠦᠭᠡᠨ ᠬᠣᠶᠠᠷ ᠮᠠᠩᠨᠠᠢ ᠬᠠᠭᠠᠷᠠᠲᠠᠯ᠎ᠠ ᠪᠠᠨ ᠪᠠᠶᠠᠷᠯᠠᠵᠤ ᠮᠠᠰᠢ ᠪᠠᠶᠠᠰᠬᠤᠯᠠᠩ ᠲᠠᠢ ᠪᠣᠯᠵᠤ ᠮᠡᠷ ᠮᠡᠷ ᠢᠨᠢᠶᠡᠵᠦ ᠮᠠᠰᠢ ᠡᠷᠲᠡᠨ ᠦ᠌ ᠶᠠᠭᠤᠮ᠎ᠠ ᠶᠠᠷᠢᠵᠤ ᠶᠠᠪᠤᠭᠠᠳ ᠬᠦᠦ ᠥᠬᠢᠨ ᠬᠣᠶᠠᠷ ᠢ᠋ ᠮᠢᠨᠢ ᠬᠥᠪᠴᠢᠨ ᠳᠡᠯᠡᠬᠡᠢ ᠥᠷᠥᠰᠢᠶᠡᠵᠡᠢ ᠳᠡ᠂ ᠬᠥᠷᠥᠰᠥ ᠰᠢᠷᠣᠢ ᠳ᠋ᠤ᠌ ᠴᠢᠨᠢ ᠭᠢᠰᠬᠢᠬᠦ ᠬᠦᠦ ᠥᠬᠢᠨ ᠮᠢᠨᠢ ᠭᠠᠷᠤᠭᠰᠠᠨ ᠰᠢᠦ! ᠨᠠᠷᠠᠨ ᠴᠢᠮ᠎ᠠ ᠶ᠋ᠢ ᠢᠪᠡᠭᠡᠭ! ᠨᠠᠰᠤᠨ ᠬᠤᠲᠤᠭ ᠨᠡᠮᠡᠭ! ᠰᠠᠷᠠᠨ ᠴᠢᠮ᠎ᠠ ᠶ᠋ᠢ ᠢᠪᠡᠭᠡᠭ! ᠰᠠᠢᠬᠠᠨ ᠵᠠᠶᠠᠭ᠎ᠠ ᠶ᠋ᠢ ᠬᠠᠢᠷᠠᠯᠠ! ᠭᠠᠵᠠᠷ ᠴᠢᠮ᠎ᠠ ᠶ᠋ᠢ ᠲᠡᠳᠬᠦᠭ! ᠭᠠᠢᠬᠠᠮᠰᠢᠭ ᠰᠢᠳᠢ ᠶ᠋ᠢ ᠣᠯᠤᠭ!》 ᠭᠡᠵᠦ ᠢᠷᠦᠭᠡᠭᠡᠳ ᠪᠠᠶᠠᠷ ᠬᠥᠷ ᠪᠣᠯᠵᠤ᠂ ᠪᠠᠢᠵᠤ ᠰᠠᠭᠤᠬᠤ ᠪᠠᠨ ᠣᠯᠵᠤ ᠶᠠᠳᠠᠵᠤ ᠪᠠᠢᠲᠠᠯ᠎ᠠ ᠬᠦᠦ ᠥᠬᠢᠨ ᠬᠣᠶᠠᠷ ᠨᠢ ᠣᠷᠣᠵᠤ ᠢᠷᠡᠭᠡᠳ᠄《ᠠᠪᠤ ᠡᠵᠢ ᠬᠣᠶᠠᠷ ᠠ᠋! ᠪᠢᠳᠡ ᠬᠣᠶᠠᠷ ᠬᠤᠳᠳᠤᠭ ᠳᠡᠭᠡᠷ᠎ᠡ ᠣᠴᠢᠵᠤ ᠤᠰᠤ ᠠᠪᠤᠭᠠᠳ ᠳᠡᠨᠵᠢ ᠳᠡᠭᠡᠷ᠎ᠡ ᠭᠠᠷᠴᠤ ᠢᠮᠠᠭ᠎ᠠ ᠪᠠᠨ ᠬᠠᠷᠠᠭᠠᠳ ᠢᠷᠡᠬᠦ ᠦᠦ?》 ᠭᠡᠬᠦ ᠳ᠋ᠦ᠍ ᠠᠪᠢᠳᠠ ᠡᠪᠦᠭᠡᠨ᠄《ᠲᠥᠷᠥᠬᠦ ᠶ᠋ᠢᠨ ᠵᠠᠶᠠᠭ᠎ᠠ ᠪᠠᠢᠪᠠᠴᠤ ᠠᠮᠢᠳᠤᠷᠠᠬᠤ ᠶ᠋ᠢᠨ ᠵᠠᠶᠠᠭ᠎ᠠ ᠥᠭᠡᠷ᠎ᠡ ᠰᠢᠦ! ᠬᠥᠯ ᠳ᠋ᠦ᠍ ᠣᠷᠣᠵᠤ ᠭᠠᠵᠠᠷ ᠭᠢᠰᠬᠢᠭᠰᠡᠨ ᠡᠳᠦᠷ ᠢ᠋ᠶ᠋ᠡᠷ ᠭᠡᠷ ᠡᠴᠡ ᠪᠡᠨ ᠬᠣᠯᠠᠳᠠᠬᠤ ᠭᠡᠳᠡᠭ ᠲᠡᠢᠮᠦ ᠠᠮᠠᠷ ᠦᠭᠡᠢ ᠰᠢᠦ! ᠡᠷ᠎ᠡ ᠬᠥᠮᠦᠨ ᠪᠠᠢᠨ᠎ᠠ ᠬᠥ ᠂ ᠡᠷᠡᠬᠡᠢ ᠣᠷᠢᠶᠠᠬᠤ ᠰᠤᠷ ᠠᠪᠴᠤ ᠶᠠᠪᠤ!》 ᠭᠡᠬᠦ ᠳ᠋ᠦ᠍ ᠡᠮᠡᠭᠡᠨ᠄《ᠦᠷ᠎ᠡ ᠲᠡᠢ ᠬᠥᠮᠦᠨ ᠵᠢᠷᠭᠠᠯ ᠲᠠᠢ ᠭᠡᠵᠦ ᠤᠰᠤ ᠪᠠᠨ ᠠᠪᠤᠭᠠᠳ ᠢᠮᠠᠭ᠎ᠠ ᠪᠠᠨ ᠬᠠᠷᠠᠭᠠᠳ ᠢᠷ᠎ᠡ ᠳᠡ! ᠬᠦᠦ ᠮᠢᠨᠢ᠂ ᠬᠠᠷᠢᠨ ᠡᠮᠡᠭᠲᠡᠢ ᠬᠥᠮᠦᠨ ᠳ᠋ᠦ᠍ ᠤᠲᠠᠰᠤ ᠣᠷᠢᠶᠠᠬᠤ ᠵᠡᠭᠦᠦ ᠬᠡᠷᠡᠬᠲᠡᠢ ᠰᠢᠦ! ᠵᠡᠭᠦᠦ ᠪᠡᠨ ᠠᠪᠴᠤ ᠶᠠᠪᠤ!》 ᠭᠡᠵᠡᠢ᠃ ᠠᠯᠲᠠᠨ ᠬᠦᠦ ᠨᠢ᠄《ᠠᠪᠤ ᠡᠵᠢ ᠬᠣᠶᠠᠷ ᠤ᠋ᠨ ᠰᠠᠨᠠᠭ᠎ᠠ ᠵᠥᠷᠢᠵᠦ ᠪᠠᠢᠨ᠎ᠠ᠂ ᠬᠡᠷᠪᠡ ᠰᠠᠨᠳᠤᠷᠬᠤ ᠴᠠᠭ ᠲᠣᠬᠢᠶᠠᠯᠳᠤᠪᠠᠯ ᠡᠭᠦᠪᠡᠷ ᠨᠠᠷᠠ ᠵᠥᠪ ᠭᠤᠷᠪᠠ ᠳᠠᠯᠠᠯᠤᠭᠠᠷᠠᠢ!》 ᠭᠡᠵᠦ ᠬᠡᠯᠡᠭᠡᠳ ᠥᠪᠡᠷ ᠦ᠋ᠨ ᠢ᠋ᠶ᠋ᠡᠷ ᠭᠤᠶᠠᠪᠴᠢ ᠶ᠋ᠢ ᠥᠬᠭᠦᠭᠡᠳ ᠶᠠᠪᠤᠵᠠᠢ᠃ ᠠᠯᠲᠠᠨ ᠬᠦᠦ ᠮᠥᠩᠭᠥᠨ ᠥᠬᠢᠨ ᠬᠣᠶᠠᠷ ᠬᠤᠳᠳᠤᠭ ᠲᠤ᠌ ᠢᠷᠡᠭᠡᠳ ᠤᠰᠤ ᠠᠪᠴᠤ ᠪᠠᠢᠲᠠᠯ᠎ᠠ ᠬᠣᠯᠠ ᠮᠣᠷᠢ ᠤᠨᠤᠭᠰᠠᠨ ᠬᠤᠯᠤᠰᠤᠨ ᠤᠷᠭ᠎ᠠ ᠪᠠᠷᠢᠭᠰᠠᠨ ᠨᠢᠭᠡᠨ ᠨᠣᠶᠠᠨ ᠬᠦᠷᠴᠦ ᠢᠷᠡᠭᠡᠳ᠄《ᠵᠠ᠂ ᠦᠭᠡᠢ ᠡᠨᠡ ᠴᠦ᠍ ᠣᠳᠣ᠂ ᠭᠠᠵᠠᠷ ᠤ᠋ᠨ ᠬᠠᠮᠢᠭ᠎ᠠ ᠠ᠋ᠴᠠ ᠢᠷᠡᠭᠰᠡᠨ ᠬᠡᠦᠬᠡᠳ ᠦ᠋ᠳ ᠪᠣᠢ?》 ᠭᠡᠵᠡᠢ ᠭᠡᠨ᠎ᠡ᠃ ᠬᠦᠦ᠄《ᠠᠪᠢᠳᠠ ᠡᠪᠦᠭᠡᠨ ᠠᠷᠢᠶᠠᠪᠠᠯᠤ ᠡᠮᠡᠭᠡᠨ ᠦ᠌ ᠬᠦᠦ ᠥᠬᠢᠨ ᠬᠣᠶᠠᠷ ᠪᠠᠢᠨ᠎ᠠ》 ᠭᠡᠵᠦ ᠬᠠᠷᠢᠭᠤᠯᠵᠠᠢ ᠭᠡᠨ᠎ᠡ᠃ ᠨᠣᠶᠠᠨ᠄《ᠶᠠᠭᠤ? ᠲᠡᠷᠡ ᠬᠣᠶᠠᠷ ᠲᠤ᠌ ᠲᠡᠢᠮᠦ ᠬᠡᠦᠬᠡᠳ ᠪᠠᠢᠬᠤ ᠦᠭᠡᠢ ᠰᠢᠦ ᠳᠡ! ᠡᠨᠡ ᠴᠦ᠍ ᠯᠠᠪ ᠨᠢᠭᠡ ᠤᠴᠢᠷ ᠲᠠᠢ ᠬᠡᠷᠡᠭ ᠪᠣᠯᠤᠯ᠎ᠠ ᠰᠢᠦ!》 ᠭᠡᠳ ᠬᠤᠯᠤᠰᠤᠨ ᠤᠷᠭᠠᠨ ᠤ᠋ ᠪᠠᠨ ᠬᠤᠢᠪᠢ ᠪᠠᠷ ᠣᠷᠢᠶᠠᠯᠭᠠᠵᠤ ᠬᠥᠭᠡᠭᠡᠭᠡᠳ ᠶᠠᠪᠤᠭᠠᠳ ᠥᠬᠴᠡᠢ ᠭᠡᠨ᠎ᠡ᠃ ᠨᠣᠶᠠᠨ ᠬᠦᠦ ᠥᠬᠢᠨ ᠬᠣᠶᠠᠷ ᠢ᠋ ᠦᠬᠡᠷ ᠦ᠋ᠨ ᠰᠢᠷᠢᠨ ᠳ᠋ᠦ᠍ ᠬᠢᠵᠦ ᠠᠮᠠ ᠶ᠋ᠢ ᠨᠢ ᠪᠣᠭᠣᠭᠠᠳ ᠭᠡᠷ ᠦ᠋ᠨ ᠢ᠋ᠶ᠋ᠡᠷ ᠬᠠᠶᠠᠭᠠᠨ ᠳ᠋ᠤ᠌ ᠬᠠᠶᠠᠴᠢᠬᠠᠭᠠᠳ ᠭᠡᠷ ᠲᠦ᠍ ᠪᠡᠨ ᠣᠷᠣᠵᠤ ᠠᠯᠪᠠᠲᠤ ᠪᠠᠨ ᠳᠠᠭᠤᠳᠠᠵᠤ ᠢᠷᠡᠭᠦᠯᠦᠭᠡᠳ᠄《ᠠᠪᠢᠳᠠ ᠡᠪᠦᠭᠡᠨ ᠠᠷᠢᠶᠠᠪᠠᠯᠤ ᠡᠮᠡᠭᠡᠨ ᠦ᠌ ᠪᠡᠷ ᠣᠴᠢᠭᠠᠳ ᠢᠷ᠎ᠡ!》 ᠭᠡᠵᠦ ᠲᠤᠰᠢᠶᠠᠭᠠᠳ ᠶᠠᠪᠤᠭᠤᠯᠵᠠᠢ ᠭᠡᠨ᠎ᠡ᠃ ᠲᠦᠰᠢᠮᠡᠯ ᠢ᠋ ᠬᠦᠷᠴᠦ ᠢᠷᠡᠬᠦ ᠳ᠋ᠦ᠍ ᠡᠮᠡᠭᠡᠨ ᠡᠪᠦᠭᠡᠨ ᠬᠣᠶᠠᠷ ᠭᠡᠷ ᠦ᠋ᠨ ᠢ᠋ᠶ᠋ᠡᠷ ᠭᠠᠳᠠᠭ᠎ᠠ ᠰᠠᠷᠠᠪᠴᠢᠯᠠᠭᠠᠳ ᠵᠣᠭᠰᠣᠵᠤ ᠪᠠᠢᠵᠠᠢ᠃ ᠲᠦᠰᠢᠮᠡᠯ ᠮᠣᠷᠢᠨ ᠠ᠋ᠴᠠ ᠪᠠᠨ ᠪᠠᠭᠤᠵᠤ᠄《ᠵᠠ᠂ ᠳᠠ ᠬᠣᠶᠠᠷ ᠶᠠᠭᠤ ᠬᠠᠷᠠᠵᠤ ᠰᠠᠷᠠᠪᠴᠢᠯᠠᠭᠠᠳ ᠪᠠᠢᠭ᠎ᠠ ᠶᠤᠮ?》 ᠭᠡᠰᠡᠨ ᠳ᠋ᠦ᠍ ᠠᠪᠢᠳᠠ ᠡᠪᠦᠭᠡᠨ᠄《ᠬᠠᠷᠠᠬᠤ ᠨᠢᠳᠦ ᠮᠢᠨᠢ ᠪᠦᠷᠦᠯᠵᠡᠭᠡᠳ ᠪᠠᠢᠬᠤ ᠪᠠᠷ ᠬᠣᠷᠸ᠎ᠠ ᠳᠡᠯᠡᠬᠡᠢ ᠪᠡᠨ ᠬᠠᠷᠠᠶᠤ ᠯᠠ ᠭᠡᠵᠦ ᠰᠠᠷᠠᠪᠴᠢᠯᠠᠵᠤ ᠪᠠᠢᠨ᠎ᠠ ᠳᠠ!》 ᠭᠡᠬᠦ ᠳ᠋ᠦ᠍ ᠠᠷᠢᠶᠠᠪᠠᠯᠤ ᠡᠮᠡᠭᠡᠨ᠄《ᠠᠯᠠᠭ ᠦᠷ᠎ᠡ ᠪᠡᠨ ᠠᠯᠳᠠᠴᠢᠬᠠᠭᠠᠳ ᠠᠶᠠᠭ᠎ᠠ ᠠᠶᠠᠭ᠎ᠠ ᠨᠢᠯᠪᠤᠰᠤ ᠪᠠᠨ ᠠᠰᠬᠠᠷᠠᠬᠤ ᠪᠠᠷ ᠠᠷᠭ᠎ᠠ ᠪᠤᠶᠤ ᠠᠯᠢ ᠵᠦᠭ ᠡᠴᠡ ᠭᠠᠷᠤᠭᠠᠳ ᠢᠷᠡᠬᠦ ᠪᠣᠯ ᠯᠠ ᠭᠡᠵᠦ ᠰᠠᠷᠠᠪᠴᠢᠯᠠᠵᠤ ᠪᠠᠢᠨ᠎ᠠ ᠳᠠ᠂ ᠬᠦᠦ ᠮᠢᠨᠢ!》 ᠭᠡᠵᠡᠢ᠃ ᠲᠦᠰᠢᠮᠡᠯ ᠡᠨᠡ ᠦᠭᠡ ᠶ᠋ᠢ ᠳᠤᠭᠤᠯᠤᠭᠠᠳ ᠲᠠᠭ ᠳᠠᠭᠤ ᠦᠭᠡᠢ ᠳᠠᠪᠬᠢᠭᠠᠳ ᠶᠠᠪᠤᠴᠢᠬᠠᠵᠠᠢ ᠭᠡᠨ᠎ᠡ᠃ ᠲᠡᠭᠡᠭᠡᠳ ᠨᠣᠶᠠᠨ ᠳ᠋ᠤ᠌ ᠪᠠᠨ ᠬᠦᠷᠴᠦ ᠢᠷᠡᠭᠡᠳ ᠡᠪᠦᠭᠡᠨ ᠡᠮᠡᠭᠡᠨ ᠬᠣᠶᠠᠷ ᠤ᠋ᠨ ᠬᠡᠯᠡᠭᠰᠡᠨ ᠦᠭᠡ ᠶ᠋ᠢ ᠨᠡᠮᠡᠵᠦ ᠴᠢᠮᠡᠯ ᠦᠭᠡᠢ ᠴᠢᠩ ᠦᠨᠡᠨ ᠢ᠋ᠶ᠋ᠡᠷ ᠨᠢ ᠬᠡᠯᠡᠬᠦ ᠳ᠋ᠦ᠍ ᠨᠣᠶᠠᠨ ᠰᠢᠷᠢᠯᠡᠬᠰᠡᠨ ᠬᠦᠦ ᠥᠬᠢᠨ ᠬᠣᠶᠠᠷ ᠢ᠋ ᠭᠣᠣᠯ ᠤ᠋ᠨ ᠤᠰᠤᠨ ᠳ᠋ᠤ᠌ ᠬᠢᠭᠡᠳ ᠬᠦᠷᠦᠭᠡᠳ ᠢᠷᠡᠵᠡᠢ ᠭᠡᠨ᠎ᠡ᠃
ᠨᠣᠶᠠᠨ ᠤ᠋ ᠬᠠᠲᠤᠨ ᠥᠷᠯᠥᠭᠡ ᠨᠢ ᠪᠣᠰᠤᠭᠠᠳ᠄《ᠬᠥᠶᠢ᠂ ᠪᠢ ᠤᠷᠢᠳᠤ ᠰᠥᠨᠢ ᠤᠰᠤᠨ ᠳ᠋ᠤ᠌ ᠤᠷᠤᠰᠴᠤ ᠶᠠᠪᠤᠭᠰᠠᠨ ᠬᠦᠦ ᠥᠬᠢᠨ ᠬᠣᠶᠠᠷ ᠢ᠋ ᠣᠯᠵᠤ ᠦᠷ᠎ᠡ ᠲᠡᠢ ᠪᠣᠯᠤᠯ᠎ᠠ ᠭᠡᠵᠦ ᠵᠡᠭᠦᠳᠦᠯᠡᠬᠦ ᠶᠦᠮ᠃》 ᠭᠡᠬᠦ ᠳ᠋ᠦ᠍ ᠨᠣᠶᠠᠨ᠄《ᠨᠠᠮ— ᠴᠢᠨᠦ ᠵᠡᠭᠦᠳᠦ ᠴᠢᠨᠢ ᠶᠠᠭᠠᠬᠢᠭᠰᠠᠨ ᠰᠣᠨᠢᠨ ᠰᠠᠢᠬᠠᠨ ᠵᠡᠭᠦᠳᠦ ᠭᠡᠵᠢ ᠦᠦ! <ᠮᠣᠩᠭᠣᠯ ᠬᠥᠮᠦᠨ ᠰᠣᠪᠢᠩ ᠢ᠋ᠶ᠋ᠠᠷ ᠢ᠋ᠶ᠋ᠠᠨ》 ᠭᠡᠵᠦ ᠪᠢ ᠭᠠᠳᠠᠭᠤᠷ ᠭᠠᠷᠴᠤ ᠬᠣᠯᠠ ᠣᠢᠷ᠎ᠠ ᠶ᠋ᠢᠨ ᠪᠠᠷ᠎ᠠ ᠬᠠᠷᠠᠵᠤ ᠶᠠᠪᠤᠭᠠᠳ ᠢᠷᠡᠶ᠎ᠡ!》 ᠭᠡᠵᠦ ᠬᠡᠯᠡᠭᠡᠳ ᠬᠦᠦ ᠥᠬᠢᠨ ᠬᠣᠶᠠᠷ ᠢ᠋ ᠤᠷᠤᠰᠬᠠᠭᠰᠠᠨ ᠭᠣᠣᠯ ᠤ᠋ᠨ ᠡᠷᠭᠢ ᠳᠡᠭᠡᠷ᠎ᠡ ᠣᠴᠢᠵᠤ ᠮᠠᠯ ᠭᠠᠢᠬᠠᠵᠤ ᠴᠡᠯ ᠬᠥᠬᠡᠷᠡᠭᠡᠳ ᠪᠤᠴᠠᠵᠤ ᠢᠷᠡᠵᠡᠢ ᠭᠡᠨ᠎ᠡ᠃
ᠦᠬᠡᠷ ᠦ᠋ᠨ ᠰᠢᠷᠢᠨ ᠳᠣᠲᠣᠷ᠎ᠠ ᠤᠷᠤᠰᠴᠤ ᠶᠠᠪᠤᠬᠤ ᠳ᠋ᠤ᠌ ᠪᠠᠨ ᠠᠯᠲᠠᠨ ᠬᠦᠦ᠄《ᠠᠪᠤ ᠡᠵᠢ ᠬᠣᠶᠠᠷ ᠵᠠᠪᠠᠯ ᠤᠴᠢᠷ ᠲᠠᠢ ᠶᠠᠭᠤᠮ᠎ᠠ ᠥᠬᠭᠦᠬᠰᠡᠨ ᠳᠡ!》 ᠭᠡᠬᠦ ᠳ᠋ᠦ᠍ ᠮᠥᠩᠭᠥᠨ ᠥᠬᠢᠨ᠄《<ᠡᠮᠡᠭᠲᠡᠢ ᠬᠥᠮᠦᠨ ᠤᠲᠠᠰᠤ ᠣᠷᠢᠶᠠᠬᠤ ᠵᠡᠭᠦᠦ ᠠᠪ> ᠭᠡᠰᠡᠨ》 ᠭᠡᠵᠦ ᠬᠡᠯᠡᠭᠡᠳ ᠵᠡᠭᠦᠦ ᠪᠡᠷ ᠢ᠋ᠶ᠋ᠡᠷ ᠰᠢᠷᠢ ᠶ᠋ᠢ ᠰᠢᠪᠡᠭᠡᠳ ᠪᠠᠢᠲᠠᠯ᠎ᠠ ᠥᠴᠦᠬᠡᠨ ᠨᠦᠬᠡ ᠭᠠᠷᠴᠤ ᠲᠡᠭᠦᠪᠡᠷ ᠨᠢ ᠤᠰᠤ ᠪᠠᠯᠭᠤᠵᠤ ᠭᠣᠣᠯ ᠢ᠋ᠶ᠋ᠠᠨ ᠵᠠᠯᠭᠠᠵᠤ ᠶᠠᠪᠤᠲᠠᠯ᠎ᠠ ᠵᠡᠭᠦᠨ ᠦ᠌ ᠨᠦᠬᠡ ᠪᠡᠷ ᠤᠰᠤ ᠣᠷᠣᠭᠰᠠᠭᠠᠷ ᠪᠠᠢᠭᠠᠳ ᠤᠰᠤᠨ ᠳ᠋ᠤ᠌ ᠠᠪᠲᠠᠵᠤ ᠶᠠᠭᠠᠬᠢᠬᠤ ᠶ᠋ᠢᠨ ᠠᠷᠭ᠎ᠠ ᠦᠭᠡᠢ ᠪᠣᠯᠬᠤ ᠳ᠋ᠤ᠌ ᠨᠢ ᠠᠯᠲᠠᠨ ᠬᠦᠦ᠄《<ᠡᠷ᠎ᠡ ᠬᠥᠮᠦᠨ ᠡᠷᠡᠬᠡᠢ ᠣᠷᠢᠶᠠᠬᠤ ᠰᠤᠷ ᠠᠪᠴᠤ ᠶᠠᠪᠤ> ᠭᠡᠵᠦ ᠠᠪᠤ ᠬᠡᠯᠡᠭᠰᠡᠨ ᠶᠦ᠍ᠮ᠂ ᠡᠨᠡ ᠯᠠᠪ ᠨᠢᠭᠡ ᠤᠴᠢᠷ ᠲᠠᠢ ᠪᠠᠢᠬᠤ》 ᠭᠡᠳ ᠨᠠᠷᠢᠬᠠᠨ ᠰᠤᠷ ᠤ᠋ᠨ ᠢ᠋ᠶ᠋ᠠᠷ ᠦᠵᠦᠭᠦᠷ ᠢ᠋ ᠵᠡᠭᠦᠨ ᠦ᠌ ᠪᠡᠨ ᠰᠦᠪᠡᠬᠴᠢ ᠤᠷᠤᠭᠤ ᠣᠷᠣᠭᠤᠯᠵᠤ ᠤᠰᠤ ᠶ᠋ᠢ ᠨᠢ ᠲᠣᠭᠲᠠᠭᠠᠭᠠᠳ ᠶᠠᠪᠤᠵᠤ ᠪᠠᠢᠲᠠᠯ᠎ᠠ ᠦᠬᠡᠷ ᠦ᠋ᠨ ᠰᠢᠷᠢᠨ ᠳ᠋ᠦ᠍ ᠤᠰᠤ ᠳᠦᠭᠦᠷᠴᠦ ᠬᠥᠪᠬᠦ ᠪᠡᠨ ᠪᠠᠢᠭᠠᠳ ᠭᠠᠵᠠᠷᠳᠠᠴᠢᠬᠠᠵᠠᠢ ᠭᠡᠨ᠎ᠡ᠃ ᠠᠪᠢᠳᠠ ᠡᠪᠦᠭᠡᠨ ᠠᠷᠢᠶᠠᠪᠠᠯᠤ ᠡᠮᠡᠭᠡᠨ ᠬᠣᠶᠠᠷ ᠬᠦᠦ ᠶ᠋ᠢᠨ ᠢ᠋ᠶ᠋ᠡᠷ ᠪᠣᠷᠪᠢᠴᠢ ᠪᠠᠷ ᠨᠠᠷᠠ ᠵᠥᠪ ᠳᠠᠯᠠᠯᠵᠤ ᠡᠳᠦᠷ ᠰᠥᠨᠢ ᠬᠣᠶᠠᠷ ᠤᠬᠢᠯᠠᠭᠠᠳ ᠰᠠᠭᠤᠵᠤ ᠪᠠᠢᠲᠠᠯ᠎ᠠ ᠬᠦᠦ ᠥᠬᠢᠨ ᠬᠣᠶᠠᠷ ᠨᠢ ᠭᠡᠷ ᠲᠦ᠍ ᠪᠡᠨ ᠬᠦᠷᠦᠭᠡᠳ ᠢᠷᠡᠵᠡᠢ ᠭᠡᠨ᠎ᠡ᠃ ᠡᠮᠡᠭᠡᠨ ᠡᠪᠦᠭᠡᠨ ᠬᠣᠶᠠᠷ ᠳᠠᠭᠤ ᠠᠯᠳᠠᠵᠤ ᠥᠬᠢᠨ ᠬᠦᠦ ᠬᠣᠶᠠᠷ ᠢ᠋ᠶ᠋ᠠᠨ ᠲᠡᠪᠡᠷᠢᠵᠦ ᠠᠪᠤᠭᠠᠳ《ᠶᠠᠭᠤ ᠪᠣᠯᠪᠠ?》 ᠭᠡᠵᠦ ᠠᠰᠠᠭᠤᠭᠰᠠᠨ ᠳ᠋ᠤ᠌ ᠬᠦᠦ ᠥᠬᠢᠨ ᠬᠣᠶᠠᠷ ᠪᠣᠯᠤᠭᠰᠠᠨ ᠶᠠᠪᠤᠳᠠᠯ ᠢ᠋ ᠨᠢᠭᠡᠳ ᠨᠢᠭᠡᠨ ᠦᠭᠡᠢ ᠬᠡᠯᠡᠵᠡᠢ ᠭᠡᠨ᠎ᠡ᠃《ᠰᠠᠢᠨ ᠠᠪᠤ ᠰᠠᠢᠬᠠᠨ ᠡᠵᠢ ᠶ᠋ᠢᠨ ᠢ᠋ᠶ᠋ᠡᠷ ᠬᠦᠴᠦ ᠪᠡᠷ ᠠᠮᠢᠳᠤ ᠮᠡᠨᠳᠦ ᠢᠷᠡᠯ᠎ᠡ ᠳᠠ! ᠠᠪᠤ ᠡᠵᠢ ᠮᠢᠨᠢ ᠰᠠᠨᠠᠭ᠎ᠠ ᠪᠠᠨ ᠵᠣᠪᠠᠬᠤ ᠬᠡᠷᠡᠭ ᠦᠭᠡᠢ ᠰᠢᠦ!》 ᠭᠡᠵᠦ ᠥᠬᠢᠨ ᠬᠦᠦ ᠬᠣᠶᠠᠷ ᠨᠢ ᠬᠡᠯᠡᠵᠡᠢ ᠭᠡᠨ᠎ᠡ᠃ ᠲᠡᠭᠡᠭᠡᠳ ᠮᠠᠷᠭᠠᠰᠢ ᠨᠢ ᠪᠣᠯᠵᠤ ᠮᠠᠨᠳᠤᠬᠤ ᠶ᠋ᠢᠨ ᠤᠯᠠᠭᠠᠨ ᠨᠠᠷᠠᠨ ᠢ᠋ᠶ᠋ᠠᠷ ᠨᠣᠶᠠᠨ ᠬᠠᠲᠤᠨ ᠬᠣᠶᠠᠷ ᠮᠣᠷᠢᠨ ᠳ᠋ᠤ᠌ ᠵᠢᠶᠤᠤᠵᠠ ᠲᠡᠷᠭᠡ ᠬᠥᠯᠯᠡᠴᠢᠬᠡᠬᠰᠡᠨ ᠠᠴᠢᠶ᠎ᠠ ᠬᠥᠰᠬᠡ ᠬᠥᠲᠥᠯᠦᠭᠡᠳ ᠠᠢᠰᠤᠢ ᠭᠡᠨ᠎ᠡ᠃《ᠠᠪᠤ ᠠ᠋᠂ ᠡᠵᠢ ᠠ᠋! ᠠᠶᠤᠬᠤ ᠶᠠᠭᠤᠮ᠎ᠠ ᠦᠭᠡᠢ!》 ᠭᠡᠵᠦ ᠬᠡᠯᠡᠭᠡᠳ ᠲᠤᠯᠭ᠎ᠠ ᠲᠠᠢ ᠭᠠᠯ ᠳ᠋ᠤ᠌ ᠪᠠᠨ ᠣᠷᠣᠭᠠᠳ ᠠᠯᠠᠭ᠎ᠠ ᠪᠣᠯᠵᠠᠢ ᠭᠡᠨ᠎ᠡ᠃ ᠨᠣᠶᠠᠨ ᠬᠠᠳᠠᠭ ᠪᠠᠷᠢᠵᠤ᠂ ᠬᠠᠲᠤᠨ ᠲᠣᠷᠭ᠎ᠠ ᠪᠠᠷᠢᠵᠤ ᠰᠥᠭᠥᠳᠦᠭᠡᠳ᠄《ᠬᠦᠰᠡᠭᠰᠡᠨ ᠦᠷ᠎ᠡ ᠮᠢᠨᠢ ᠲᠠᠨ ᠤ᠋ ᠳ᠋ᠤ᠌ ᠪᠠᠢᠨ᠎ᠠ ᠭᠡᠨ᠎ᠡ᠂ ᠣᠳᠣ ᠬᠠᠮᠢᠭ᠎ᠠ ᠪᠠᠢᠭ᠎ᠠ ᠶ᠋ᠢ ᠬᠡᠯᠡᠵᠦ ᠬᠠᠢᠷᠠᠯᠠ! ᠲᠡᠷᠭᠡ ᠪᠡᠷ ᠮᠥᠩᠭᠥ᠂ ᠰᠠᠭᠤᠷᠢ ᠪᠠᠷ ᠮᠠᠯ ᠥᠬᠭᠦᠶ᠎ᠡ! ᠬᠦᠦ ᠥᠬᠢᠨ ᠬᠣᠶᠠᠷ ᠢ᠋ ᠮᠢᠨᠢ ᠥᠬᠴᠦ ᠬᠠᠢᠷᠠᠯᠠ!》 ᠭᠡᠵᠦ ᠭᠤᠶᠤᠵᠠᠢ ᠭᠡᠨ᠎ᠡ᠃ ᠠᠪᠢᠳᠠ ᠡᠪᠦᠭᠡᠨ᠄《ᠥᠬᠢᠨ ᠬᠦᠦ ᠬᠣᠶᠠᠷ ᠢ᠋ ᠮᠢᠨᠢ ᠬᠠᠷᠭᠢᠰ ᠨᠣᠶᠠᠨ ᠦᠬᠡᠷ ᠦ᠋ᠨ ᠰᠢᠷᠢᠨ ᠳ᠋ᠦ᠍ ᠰᠢᠷᠢᠯᠡᠭᠦᠯᠦᠭᠡᠳ ᠭᠣᠣᠯ ᠤ᠋ᠨ ᠤᠰᠤᠨ ᠳ᠋ᠤ᠌ ᠬᠠᠶᠠᠭᠰᠠᠨ ᠰᠢᠦ ᠳᠡ!》 ᠭᠡᠵᠦ ᠬᠡᠯᠡᠭᠡᠳ ᠪᠠᠷᠢᠭᠰᠠᠨ ᠬᠠᠳᠠᠭ ᠢ᠋ ᠨᠢ ᠲᠦᠯᠬᠢᠴᠢᠬᠡᠭᠡᠳ ᠪᠤᠷᠤᠭᠤ ᠬᠠᠷᠠᠭᠠᠳ ᠰᠠᠭᠤᠴᠢᠬᠠᠵᠠᠢ ᠭᠡᠨ᠎ᠡ᠃《ᠥᠬᠢᠨ ᠬᠦᠦ ᠬᠣᠶᠠᠷ ᠢ᠋ ᠮᠢᠨᠢ ᠥᠭᠡᠳᠡ ᠦᠭᠡᠢ ᠮᠠᠭᠤ ᠨᠣᠶᠠᠨ ᠣᠶᠣᠳᠠᠯ ᠲᠠᠢ ᠰᠢᠷᠢᠨ ᠳ᠋ᠦ᠍ ᠣᠷᠣᠭᠤᠯᠤᠭᠠᠳ ᠣᠷᠣ ᠮᠥᠷ ᠦᠭᠡᠢ ᠠᠯᠠᠭ᠎ᠠ ᠪᠣᠯᠭᠠᠭᠰᠠᠨ!》 ᠭᠡᠵᠦ ᠠᠷᠢᠶᠠᠪᠠᠯᠤ ᠡᠮᠡᠭᠡᠨ ᠬᠡᠯᠡᠭᠡᠳ ᠪᠠᠷᠢᠭᠰᠠᠨ ᠲᠣᠷᠭ᠎ᠠ ᠶ᠋ᠢ ᠨᠢ ᠪᠤᠴᠠᠭᠠᠵᠤ ᠪᠠᠰᠠ ᠯᠠ ᠪᠤᠷᠤᠭᠤ ᠬᠠᠷᠠᠭᠠᠳ ᠰᠠᠭᠤᠴᠢᠬᠠᠵᠠᠢ ᠭᠡᠨ᠎ᠡ᠃ ᠬᠠᠲᠤᠨ ᠨᠣᠶᠠᠨ ᠬᠣᠶᠠᠷ ᠬᠠᠷ᠎ᠠ ᠴᠠᠭᠠᠨ ᠳᠠᠭᠤ ᠦᠭᠡᠢ ᠪᠣᠯᠤᠭᠠᠳ ᠪᠤᠴᠠᠭᠠᠳ ᠶᠠᠪᠤᠵᠠᠢ ᠭᠡᠨ᠎ᠡ᠃
ᠬᠦᠦ ᠥᠬᠢᠨ ᠬᠣᠶᠠᠷ ᠲᠤᠯᠭ᠎ᠠ ᠲᠠᠢ ᠭᠠᠯ ᠤ᠋ᠨ ᠳᠣᠲᠣᠷ᠎ᠠ ᠠ᠋ᠴᠠ ᠪᠠᠨ ᠢᠨᠢᠶᠡᠳᠦ ᠠᠯᠲᠠᠨ ᠭᠠᠷᠴᠤ ᠠᠪᠤ ᠡᠵᠢ ᠶ᠋ᠢᠨ ᠢ᠋ᠶ᠋ᠡᠷ ᠡᠪᠦᠷ ᠳᠡᠭᠡᠷ᠎ᠡ ᠰᠠᠭᠤᠵᠤ ᠡᠷᠬᠡᠯᠡᠨ ᠨᠠᠭᠠᠳᠴᠤ ᠢᠨᠢᠶᠡᠯᠳᠦᠨ ᠬᠥᠭᠵᠢᠯᠳᠦᠵᠦ ᠵᠢᠷᠭᠠᠯᠲᠠᠢ ᠰᠠᠢᠬᠠᠨ ᠠᠮᠢᠳᠤᠷᠠᠭᠰᠠᠨ ᠶᠤᠮ ᠭᠡᠨ᠎ᠡ᠃
ᠬᠡᠵᠢᠶ᠎ᠡ ᠴᠦ᠍ ᠶᠦᠮ ᠳᠡ᠂ ᠪᠦᠦ ᠮᠡᠳᠡ ᠡᠢᠮᠦ ᠨᠢᠭᠡ ᠶᠠᠪᠤᠳᠠᠯ ᠡᠷᠲᠡ ᠤᠷᠢᠳᠤ ᠶ᠋ᠢᠨ ᠨᠢᠭᠡᠨ ᠴᠠᠭ ᠲᠤ᠌ ᠪᠣᠯᠤᠭᠰᠠᠨ ᠶᠤᠮ ᠭᠡᠨ᠎ᠡ᠃ ᠡᠭᠦᠨ ᠡᠴᠡ ᠬᠣᠢᠰᠢ ᠦᠷ᠎ᠡ ᠬᠡᠦᠬᠡᠳ ᠦ᠋ᠨ ᠢ᠋ᠶ᠋ᠡᠷ ᠬᠣᠢᠨ᠎ᠠ ᠠ᠋ᠴᠠ ᠬᠤᠪᠴᠠᠰᠤ ᠪᠠᠷ ᠨᠢ ᠳᠠᠯᠠᠯᠳᠠᠭ ᠵᠠᠩᠰᠢᠯ ᠭᠠᠷᠤᠭᠰᠠᠨ ᠭᠡᠵᠦ ᠶᠠᠷᠢᠯᠴᠠᠳᠠᠭ ᠶᠤᠮ᠃ 《ᠡᠳ᠋ ᠶᠠᠭᠤᠮ᠎ᠠ ᠬᠦᠰᠡᠬᠦ ᠪᠡᠷ ᠦᠷ᠎ᠡ ᠬᠡᠦᠬᠡᠳ ᠬᠦᠰᠡ!》 ᠭᠡᠳᠡᠭ ᠰᠡᠴᠡᠨ ᠦᠭᠡ ᠴᠦ᠍ ᠭᠠᠷᠤᠭᠰᠠᠨ ᠶᠤᠮ ᠭᠡᠳᠡᠭ᠃ ᠶᠠᠮᠠᠷ ᠪᠣᠯᠪᠠᠴᠤ ᠦᠯᠢᠭᠡᠷ ᠪᠣᠯᠵᠤ ᠥᠨᠥ ᠶ᠋ᠢᠨ ᠪᠢᠳᠡᠨ ᠳ᠋ᠦ᠍ ᠰᠣᠨᠢᠷᠬᠠᠭᠳᠠᠭᠰᠠᠭᠠᠷ ᠪᠠᠢᠭ᠎ᠠ ᠶᠤᠮ ᠰᠢᠦ ᠳᠡ ᠬᠡᠦᠬᠡᠳ ᠦ᠋ᠳ ᠠ᠋!

      ᠦᠰᠦᠭ ᠠᠮᠢᠯᠠᠭᠤᠯᠤᠭᠰᠠᠨ ᠨᠢ᠄ᠮᠥᠩᠭᠦᠨᠴᠡᠴᠡᠭ
      ᠦᠰᠦᠭ ᠬᠠᠲᠠᠭᠰᠠᠨ ᠨᠢ᠄ᠮᠥᠩᠭᠦᠨᠴᠡᠴᠡᠭ
      ᠬᠢᠨᠠᠭᠴᠢ ᠪᠠᠭᠰᠢ ᠨᠢ᠄ᠮᠥᠴᠢᠷ᠂ ᠰᠡᠷᠭᠦᠯᠡᠩ᠂ ᠢᠷᠡᠭᠡᠳᠦᠢ