ᠱᠤᠭ ᠰᠢᠯᠦᠭ - ᠳ᠋᠊ ᠂ ᠨᠠᠴᠤᠭᠳᠣᠷᠵᠢ Шог шүлэг - Д ᠂ Нацагдорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠱᠤᠭ ᠰᠢᠯᠦᠭ - ᠳ᠋᠊ ᠂ ᠨᠠᠴᠤᠭᠳᠣᠷᠵᠢ Шог шүлэг - Д ᠂ Нацагдорж

ᠱᠤᠭ ᠰᠢᠯᠦᠭ - ᠳ᠋᠊ ᠂ ᠨᠠᠴᠤᠭᠳᠣᠷᠵᠢ Шог шүлэг - Д ᠂ Нацагдорж

ᠠᠩᠭᠢᠯᠠᠯ:ᠬᠣᠱᠣᠩ ᠱᠣᠭ
2023-06-12

313

ᠱᠤᠭ ᠰᠢᠯᠦᠭ - ᠳ᠋᠊ ᠂ ᠨᠠᠴᠤᠭᠳᠣᠷᠵᠢ Шог шүлэг - Д ᠂ Нацагдорж


 ᠬᠦᠵᠢᠷ ᠲᠣᠮᠣ ᠯᠠᠮᠠ ᠂ ᠮᠢᠨᠲᠠᠭ ᠲᠤᠰᠢᠶᠠᠯ ᠶ᠋ᠢᠠᠷ ᠥᠯᠥᠰᠬᠦᠯᠡᠩ ᠂
 ᠭᠦᠷᠤᠮᠴᠢ ᠳᠤᠷᠤᠮᠴᠢ ᠯᠠᠮᠠ᠂ ᠡᠷᠭᠦᠯ ᠪᠠᠷᠢᠴᠠ ᠪᠠᠷ ᠥᠯᠥᠰᠬᠦᠯᠡᠩ ᠂
 ᠭᠦᠶᠦᠵᠦ ᠶᠠᠪᠤᠲᠠᠭ ᠪᠠᠲᠢᠷᠴᠢᠨ᠂ ᠬᠣᠭᠣᠯᠠ ᠤᠮᠲᠠ ᠪᠠᠷ ᠥᠯᠥᠰᠬᠦᠯᠡᠩ ᠂
 ᠭᠦᠵᠡᠭᠡ ᠶᠡᠬᠡ ᠨᠢᠷᠪᠠ᠂ ᠴᠣᠣᠵᠢ ᠲᠦᠯᠬᠢᠭᠦᠷ ᠶ᠋ᠢᠡᠷ ᠥᠯᠥᠰᠬᠦᠯᠡᠩ ᠂
 ᠬᠦᠤᠨᠢᠶᠠᠩ ᠬᠤᠸᠠᠷ ᠬᠡᠦᠬᠡᠨ᠂ ᠨᠥᠬᠥᠷ ᠬᠠᠨᠢ ᠪᠠᠷ ᠥᠯᠥᠰᠬᠦᠯᠡᠩ ᠂
    ᠬᠠᠭᠠᠳ ᠨᠣᠶᠠᠳ᠂ ᠲᠣᠷᠬ᠋᠎ᠠ ᠳᠤᠷᠳᠤᠩ ᠡᠷᠢᠨ᠎ᠡ ᠂ 
    ᠬᠠᠮᠪᠤ ᠯᠠᠮᠠ᠂ ᠮᠢᠨᠲᠠᠭ ᠴᠣᠯᠠ ᠡᠷᠢᠨ᠎ᠡ ᠂
    ᠬᠠᠲᠤᠳ ᠠᠪᠠᠬᠠᠢ᠂ ᠰᠠᠶ᠋ᠢᠬᠠᠨ ᠥᠩᠭᠡ ᠡᠷᠢᠨ᠎ᠡ ᠂ 
    ᠬᠠᠷᠠᠴᠤ ᠠᠷᠠᠳ ᠦ᠋ᠳ᠂ ᠡᠷᠬᠡ ᠴᠢᠯᠥᠭᠡ ᠶ᠋ᠢ ᠡᠷᠢᠨ᠎ᠡ ᠂
 ᠬᠤᠲᠠᠯᠲᠤᠭᠠᠴᠢᠨ ᠳᠠᠮᠪᠢ᠂ ᠲᠣᠯᠣᠭᠠᠢ ᠰᠠᠯᠠᠭᠠᠪᠴᠢᠯᠠᠵᠤ ᠰᠠᠭᠤᠨ᠎ᠠ
 ᠬᠤᠲᠠᠯ ᠬᠡᠯᠡᠵᠦ ᠬᠥᠮᠦᠨ ᠊ᠢ ᠱᠤᠯᠤᠬᠤ ᠶ᠋ᠢ ᠬᠦᠰᠡᠨ᠎ᠡ ᠃
 ᠬᠤᠯᠠᠭᠠᠶ᠋ᠢᠴᠢ ᠰᠡᠷᠡᠬᠡ᠂ ᠬᠥᠮᠦᠨ ᠪ ᠨᠢᠲᠦ ᠬᠠᠷᠠᠭᠤᠯᠲᠠᠨ᠎ᠠ ᠂
 ᠬᠤᠪᠢᠰᠬᠠᠯᠲᠤ ᠵᠠᠯᠠᠭᠤᠴᠤᠳ ᠪᠢᠲᠡ ᠪᠣᠯ
 ᠬᠤᠷᠲᠤᠨ ᠪᠣᠯᠪᠠᠰᠤᠷᠠᠵᠤ ᠲᠦᠷᠭᠡᠨ ᠬᠥᠭᠵᠢᠬᠦ ᠶ᠋ᠢ ᠪᠣᠲᠣᠨ᠎ᠠ ᠃
    ᠵᠠᠶᠠᠭᠠᠲᠤ ᠳᠠᠩᠵᠢᠶᠠᠳ ᠪᠣᠷᠣ ᠮᠣᠷᠢ ᠤᠨᠤᠭᠠᠳ
    ᠵᠠᠮ ᠲᠣᠰᠴᠤ ᠠᠶᠠᠨᠴᠢᠨ ᠵᠢᠩᠴᠢᠨ ᠊ᠢ ᠪᠢᠯᠲᠠᠤᠴᠢᠯᠠᠨ᠎ᠠ ᠂
    ᠵᠠᠮᠰᠤ ᠯᠠᠮᠠ ᠲᠣᠮᠣ ᠳᠠᠮᠠᠷᠤ ᠪᠠᠷᠢᠭᠠᠳ
    ᠵᠠᠬ᠎ᠠ ᠬᠢᠵᠠᠭᠠᠷ ᠶ᠋ᠢᠠᠷ ᠶᠠᠪᠠᠭᠠᠨ ᠲᠡᠨᠦᠭᠦᠴᠢᠯᠡᠨ᠎ᠡ ᠃
    ᠵᠠᠪᠬᠠᠢ ᠬᠡᠦᠬᠡᠨ ᠨᠤᠭᠦᠳ ᠡᠷᠡᠴᠦᠦᠯ ᠣᠯᠠᠨ ᠴᠤᠭᠯᠠᠭᠠᠨ᠎ᠠ ᠃
 ᠳᠤᠭᠠᠩ ᠰᠦᠮ᠎ᠡ ᠶ᠋ᠢᠨ ᠭᠣᠣᠯ ᠡᠭᠦᠲᠡᠨ ᠳ᠋ᠤ᠌
 ᠲᠤᠮ᠎ᠠ ᠴᠢᠪᠠᠭᠠᠨᠴᠠ ᠶ᠋ᠢ ᠵᠠᠯᠪᠠᠷᠢᠨ ᠮᠥᠷᠭᠥᠬᠦ ᠳ᠋ᠤ᠌
 ᠲᠣᠭᠠᠩᠴᠢ ᠯᠠᠮᠠ ᠳᠠᠪᠠᠬᠠᠢ ᠢᠷᠡᠵᠦ
 ᠳᠤᠭᠤᠢ ᠪᠣᠣᠪᠣ ᠶ᠋ᠢ ᠬᠠᠲᠠᠭ ᠶ᠋ᠢᠠᠷ ᠰᠣᠯᠢᠨ᠎ᠠ ᠂
 ᠳᠤᠯᠮ᠎ᠠ ᠬᠡᠦᠬᠡᠨ ᠬᠠᠲᠠᠪᠴᠢ ᠪᠠᠷ ᠪᠠᠰᠠ ᠱᠠᠭᠠᠶ᠋ᠢᠨ᠎ᠠ ᠃
    ᠰᠠᠭᠠᠳ ᠪᠡᠷᠬᠡ ᠶ᠋ᠢ ᠳᠠᠪᠠᠨ ᠲᠤᠭᠤᠯᠬᠤ ᠶ᠋ᠢ
    ᠰᠠᠶ᠋ᠢᠨ ᠵᠣᠷᠢᠬ ᠦᠨᠡᠨ ᠰᠠᠨᠠᠬ᠋᠎ᠠ ᠮᠡᠲᠡᠨ᠎ᠡ
    ᠬᠤᠷᠴᠠ ᠰᠢᠭᠦᠮᠵᠢᠯᠡᠯ ᠊ᠢ ᠳᠡᠯᠭᠡᠷᠡᠭᠦᠯᠵᠦ ᠬᠡᠷᠪᠡ ᠴᠢᠲᠠᠪᠠᠯ
    ᠬᠠᠭᠤᠴᠢᠨ ᠊ᠢ ᠬᠠᠯᠠᠵᠤ ᠰᠢᠨ᠎ᠡ ᠶ᠋ᠢ ᠵᠣᠬᠢᠶᠠᠨ᠎ᠠ
    ᠬᠠᠤᠯᠢ ᠳᠦᠷᠢᠮ ᠲᠡᠭᠦᠨ ᠳ᠋ᠤ᠌ ᠪᠠᠰᠠ ᠲᠤᠰᠠᠯᠠᠨ᠎ᠠ ᠃ 

  《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
     ᠦᠰᠦᠭ ᠠᠮᠢᠯᠠᠭᠤᠯᠤᠭᠰᠠᠨ ᠨᠢ ᠄ ᠪᠠᠭᠠᠲᠤᠷ 
          2023 ᠣᠨ ᠪ  6  ᠰᠠᠷ᠎ᠠ ᠶ᠋ᠢᠨ 10