《 ᠬᠢ ᠬᠢ ᠬᠢ 》 - ᠳ᠋᠊ ᠂ ᠨᠠᠴᠤᠭᠳᠣᠷᠵᠢ " Хи хи хи " - Д ᠂ Нацагдорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. 《 ᠬᠢ ᠬᠢ ᠬᠢ 》 - ᠳ᠋᠊ ᠂ ᠨᠠᠴᠤᠭᠳᠣᠷᠵᠢ " Хи хи хи " - Д ᠂ Нацагдорж

《 ᠬᠢ ᠬᠢ ᠬᠢ 》 - ᠳ᠋᠊ ᠂ ᠨᠠᠴᠤᠭᠳᠣᠷᠵᠢ " Хи хи хи " - Д ᠂ Нацагдорж

ᠠᠩᠭᠢᠯᠠᠯ:ᠬᠣᠱᠣᠩ ᠱᠣᠭ
2023-06-11

321

《 ᠬᠢ ᠬᠢ ᠬᠢ 》


     ᠬᠣᠱᠣᠩ ᠥᠭᠦᠯᠡᠯᠭᠡ 

 ᠴᠡᠩᠭᠡᠯᠳᠦᠬᠦ ᠬᠦᠷᠢᠶᠡᠯᠡᠩ ᠦ᠋ᠨ ᠵᠣᠴᠢᠳ ᠤ᠋ᠨ ᠲᠠᠰᠤᠯᠭᠠᠨ ᠤ᠋ ᠬᠠᠭᠠᠯᠭ᠎ᠠ ᠶ᠋ᠢ ᠨᠡᠭᠡᠭᠡᠮᠡᠭᠴᠡ ᠭᠤᠷᠪᠠᠨ ᠵᠠᠯᠠᠭᠤ ᠪᠦᠰᠡᠭᠦᠢ ᠰᠢᠷᠡᠭᠡ ᠲᠣᠭᠣᠷᠢᠨ ᠰᠠᠭᠤᠵᠤ ᠬᠣᠭᠣᠯᠠᠯᠠᠨ᠎ᠠ ᠃ ᠬᠦᠶᠢ ᠶᠠᠭᠠᠬᠢᠳᠠᠭ ᠪᠢᠯᠡ ᠂ ᠲᠠ ᠪᠤᠰᠢᠭᠤ ᠬᠠᠭᠠᠯᠭ᠎ᠠ ᠶ᠋ᠢ ᠬᠠᠭᠠᠴᠢᠬ᠎ᠠ ᠭᠡᠳ 《 ᠬᠢ ᠬᠢ ᠬᠢ》 ᠭᠡᠵᠦ ᠢᠨᠢᠶᠡᠯᠳᠦᠨ᠎ᠡ ᠃ ᠨᠢᠳᠦ ᠪᠡᠨ ᠠᠨᠢᠯᠳᠤᠭᠤᠯᠤᠨ ᠢᠷᠮᠡᠯᠳᠦᠭᠦᠯᠦᠨ ᠂ ᠠᠭᠠᠯᠢ ᠦᠭᠡᠢᠲᠦᠬᠦ ᠪᠥᠭᠡᠳ 《 ᠬᠥᠮᠦᠨ ᠡᠴᠡ ᠠᠶᠤᠳᠠᠭ ᠶᠠᠭᠠᠬᠢᠭᠰᠠᠨ ᠬᠡᠦᠬᠡᠨ ᠨᠤᠭᠦᠳ ᠪᠣᠢ》 ᠭᠡᠪᠡᠯ ᠮᠥᠷᠥ ᠪᠡᠨ ᠬᠠᠪᠴᠢᠨ ᠬᠦᠵᠦᠭᠦᠦ ᠪᠡᠨ ᠭᠠᠩᠬᠤᠭᠤᠯᠤᠨ ᠂ 《 ᠠᠶᠤᠯ ᠦᠭᠡᠢ ᠶᠠᠭᠠᠬᠢᠬᠤ ᠪᠣᠢ ᠂ ᠠᠶᠤᠯ ᠦᠭᠡᠢ ᠶᠠᠭᠠᠬᠢᠬᠤ ᠪᠣᠢ 》 ᠭᠡᠵᠦ ᠪᠠᠰᠠ ᠯᠠ ᠳᠠᠬᠢᠨ 《 ᠬᠢ ᠬᠢ ᠬᠢ》 ᠭᠡᠵᠦ ᠢᠨᠢᠶᠡᠯᠳᠦᠨ᠎ᠡ ᠃ 
 ᠣᠷᠣᠵᠤ ᠰᠠᠭᠤᠭᠠᠳ ᠨᠢᠭᠡᠨᠲᠡ ᠰᠢᠷᠪᠢᠨ ᠠᠵᠢᠭᠯᠠᠪᠠᠯ ᠂ 《 ᠬᠥᠮᠦᠨ ᠬᠣᠭᠣᠯᠠ ᠢᠳᠡᠵᠦ ᠪᠠᠢᠬᠤ ᠳ᠋ᠤ᠌ ᠶᠠᠭᠠᠬᠢᠭᠰᠠᠨ ᠬᠥᠮᠦᠨ ᠪᠣᠢ ! 》 ᠭᠡᠵᠦ ᠮᠥᠨ ᠳᠠᠬᠢᠨ 《 ᠬᠢ ᠬᠢ ᠬᠢ 》 ᠭᠡᠵᠦ ᠢᠨᠢᠶᠡᠯᠳᠦᠨ᠎ᠡ ᠃ 
 ᠬᠦᠷᠡᠩ ᠳᠠᠪᠤᠤ ᠳᠡᠪᠡᠯ ᠢ᠋ ᠨᠠᠷᠢᠨ ᠳᠤᠷᠳᠤᠩ ᠪᠦᠰᠡ ᠪᠡᠷ ᠪᠦᠰᠡᠯᠡᠵᠦ ᠂ ᠴᠠᠭᠠᠨ ᠣᠷᠣᠰ ᠮᠠᠯᠠᠭᠠᠢ ᠡᠮᠦᠰᠦᠭᠰᠡᠨ᠂ ᠵᠡᠭᠦᠨ ᠲᠠᠯ᠎ᠠ ᠶ᠋ᠢᠨ ᠰᠣᠶᠣᠭᠠᠨ ᠳ᠋ᠠᠭᠠᠨ ᠠᠯᠲᠠᠨ ᠰᠢᠳᠦ ᠶ᠋ᠢ ᠬᠢᠭᠰᠡᠨ ᠂ ᠬᠦᠷᠢᠶᠡᠨ ᠦ᠌ ᠬᠥᠭᠡᠷᠦᠬᠦᠢ ᠶ᠋ᠢᠨ ᠲᠣᠭᠠᠨ ᠳ᠋ᠤ᠌ ᠣᠷᠣᠭᠰᠠᠨ ᠨᠢᠭᠡ ᠬᠡᠦᠬᠡᠨ ᠬᠥᠳᠡᠯᠬᠦ ᠪᠦᠷᠢ ᠠᠭᠠᠯᠢ ᠦᠭᠡᠢᠲᠡᠵᠦ ᠂ ᠬᠠᠷᠠᠬᠤ ᠪᠦᠷᠢ 《 ᠬᠢ ᠬᠢ ᠬᠢ 》 ᠭᠡᠵᠦ ᠨᠢᠳᠦ ᠪᠡᠷ ᠢ᠋ᠶ᠋ᠡᠨ ᠢᠨᠢᠶᠡᠨ᠎ᠡ ᠃ ᠳᠠᠷᠠᠭ᠎ᠠ ᠪᠠᠷ ᠂ ᠴᠢ ᠢᠩᠭᠢᠭᠡᠳ ᠂ ᠪᠢ ᠢᠩᠭᠢᠭᠡᠳ ᠂ ᠲᠠᠪᠠᠭ ᠢ᠋ᠶ᠋ᠠᠨ ᠴᠠᠭᠠᠰᠢ ᠨᠢ ᠂ ᠱᠠᠭᠠᠵᠠᠩ ᠢ᠋ᠶ᠋ᠠᠨ ᠨᠠᠭᠠᠰᠢ ᠨᠢ ᠂ ᠡᠨᠡ ᠬᠥᠮᠦᠨ ᠨᠢ ᠂ ᠲᠡᠷᠡ ᠶᠠᠭᠤᠮ᠎ᠠ ᠶ᠋ᠢ ᠭᠡᠯᠴᠡᠨ ᠳᠡᠭᠡᠭᠦᠷ ᠳᠣᠣᠭᠤᠷ ᠢ᠋ᠶ᠋ᠠᠨ ᠨᠢᠳᠤᠷᠤᠯᠴᠠᠨ ᠂ ᠠᠷᠪᠠᠨ ᠲᠠᠪᠤᠨ ᠮᠢᠨᠦ᠋ᠲ ᠦ᠋ᠨ ᠵᠠᠭᠤᠷ᠎ᠠ ᠦᠷᠭᠦᠯᠵᠢ 《 ᠬᠢ ᠬᠢ ᠬᠢ 》 ᠂ 《 ᠬᠢ ᠬᠢ ᠬᠢ 》 ᠭᠡᠵᠦ ᠢᠨᠢᠶᠡᠯᠳᠦᠵᠦ ᠪᠠᠢᠭᠠᠳ ᠪᠠᠰᠠ ᠯᠠ 《 ᠬᠢ ᠬᠢ ᠬᠢ 》 ᠭᠡᠵᠦ ᠠᠭᠠᠯᠢ ᠦᠭᠡᠢᠲᠡᠵᠦ ᠭᠣᠳᠣᠯᠵᠠᠭᠰᠠᠭᠠᠷ ᠭᠠᠷᠴᠤ ᠣᠳᠪᠠ ᠃ 


《 ᠱᠣᠭ ᠬᠣᠱᠣᠩ ᠵᠣᠬᠢᠶᠠᠯ ᠤ᠋ᠨ ᠳᠡᠭᠡᠵᠢ 》 ᠡᠴᠡ ᠬᠠᠭᠤᠯᠪᠠ᠃
 ᠲᠩᠷᠢ ᠡᠵᠢ ᠠᠮᠢᠯᠠᠭᠤᠯᠤᠨ ᠬᠠᠭᠤᠯᠪᠠ 
 2023 ᠂ 6 ᠂10 ᠶ᠋ᠢᠨ ᠡᠳᠦᠷ