ᠰᠣᠨᠳᠣᠷ- ᠮᠠᠤᠫᠠᠰᠰᠠᠨСондор-Мопассан ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠣᠨᠳᠣᠷ- ᠮᠠᠤᠫᠠᠰᠰᠠᠨСондор-Мопассан

ᠰᠣᠨᠳᠣᠷ- ᠮᠠᠤᠫᠠᠰᠰᠠᠨСондор-Мопассан

2023-06-11

413

ᠰᠣᠨᠳᠣᠷ

        ᠮᠠᠤᠫᠠᠰᠰᠠᠨ
  ᠲᠡᠷᠡ ᠮᠥᠨ ᠴᠦ᠍ ᠨᠢᠭᠡ ᠯᠡ ᠰᠡᠳᠬᠢᠯ ᠬᠥᠳᠡᠯᠭᠡᠮ᠎ᠡ ᠰᠠᠢᠬᠠᠨ ᠲᠥᠷᠥᠭᠰᠡᠨ ᠬᠡᠦᠬᠡᠨ ᠶᠦᠮ᠃ ᠬᠤᠪᠢ ᠵᠠᠶᠠᠭᠠᠨ ᠳ᠋ᠤᠨᠢ ᠠᠨᠳᠠᠭᠤᠷᠠᠯ ᠭᠠᠷᠤᠭᠰᠠᠨ ᠡᠴᠡ ᠴᠤ᠌ ᠶᠤᠮ ᠤᠤ ᠨᠢᠭᠡᠨ ᠪᠠᠭᠠᠬᠠᠨ ᠲᠤᠰᠢᠶᠠᠯᠲᠠᠨ ᠤ᠋ ᠭᠡᠷ ᠲᠦ᠍ ᠲᠥᠷᠥᠵᠡᠢ᠃ ᠲᠡᠭᠦᠨ ᠳ᠋ᠦ᠍ ᠵᠠᠰᠠᠯ ᠵᠢᠮᠰᠡᠭ ᠪᠠᠢᠭ᠎ᠠ ᠦᠭᠡᠢ ᠶ᠋ᠢᠨ ᠳᠡᠭᠡᠷ᠎ᠡ ᠨᠢᠭᠡᠨ ᠪᠠᠶᠠᠨ ᠬᠡᠭᠡᠨᠴᠢᠷ ᠬᠥᠮᠦᠨ ᠳ᠋ᠦ᠍ ᠲᠠᠨᠢᠭᠳᠠᠬᠤ᠂ ᠣᠢᠯᠠᠭᠠᠭᠳᠠᠬᠤ᠂ ᠳᠤᠷᠠᠯᠠᠭᠳᠠᠬᠤ᠂ ᠪᠣᠭᠲᠣᠯᠠᠭᠳᠠᠬᠤ ᠶ᠋ᠢᠨ ᠠᠷᠭ᠎ᠠ ᠴᠤ᠌ ᠪᠠᠰᠠ ᠪᠠᠢᠭᠰᠠᠨ ᠦᠭᠡᠢ᠃ ᠡᠴᠦᠰ ᠲᠡᠭᠡᠨ ᠰᠤᠷᠭᠠᠨ ᠬᠥᠮᠦᠵᠢᠯ ᠦ᠋ᠨ ᠶᠠᠮᠤᠨ ᠤ᠋ ᠨᠢᠭᠡ ᠪᠢᠴᠢᠭᠡᠴᠢ ᠲᠠᠢ ᠯᠠ ᠭᠡᠷᠯᠡᠨ ᠰᠠᠭᠤᠵᠠᠢ᠃
  ᠲᠡᠷᠡ ᠭᠤᠶᠤᠬᠤ ᠵᠠᠰᠠᠬᠤ ᠶ᠋ᠢ ᠤᠷᠤᠯᠳᠤᠵᠤ ᠴᠢᠳᠠᠬᠤ ᠦᠭᠡᠢ ᠳ᠋ᠡᠭᠡᠨ ᠪᠣᠷᠣ ᠳᠦᠷᠢ ᠶ᠋ᠢᠨ ᠬᠤᠪᠴᠠᠰᠤ ᠲᠠᠢ ᠯᠠ ᠶᠠᠪᠤᠳᠠᠭ ᠪᠣᠯᠤᠭᠰᠠᠨ ᠨᠢ ᠲᠡᠭᠦᠨ ᠦ᠌ ᠪᠠᠢᠷᠢ ᠰᠠᠭᠤᠷᠢ ᠶ᠋ᠢ ᠳᠣᠷᠣᠭᠰᠢᠯᠠᠭᠤᠯᠤᠭᠰᠠᠨ ᠰᠢᠭ᠋ ᠪᠣᠯᠵᠤ᠂ ᠲᠤᠩ ᠵᠣᠯ ᠦᠭᠡᠢ ᠶᠠᠪᠤᠳᠠᠯ ᠭᠡᠵᠦ ᠥᠪᠡᠷ ᠢ᠋ᠶ᠋ᠡᠨ ᠪᠣᠳᠣᠳᠠᠭ ᠪᠠᠢᠵᠠᠢ᠃ ᠤᠴᠢᠷ ᠨᠢ ᠡᠮᠡᠭᠲᠡᠢ ᠬᠥᠮᠦᠨ ᠳ᠋ᠦ᠍ ᠶᠡᠷᠦ ᠡᠴᠡ ᠠᠩᠭᠢ᠂ ᠠᠷᠠᠰᠤᠲᠠᠨ ᠤ᠋ ᠢᠯᠭᠠᠭ᠎ᠠ ᠪᠠᠢᠬᠤ ᠦᠭᠡᠢ᠃ ᠲᠡᠳᠡᠨ ᠦ᠌ ᠦᠵᠡᠰᠬᠦᠯᠡᠩ ᠭᠤᠸ᠎ᠠ᠂ ᠲᠡᠳᠡᠨ ᠦ᠌ ᠭᠠᠩᠭᠠᠩ ᠭᠣᠶᠣ᠂ ᠲᠡᠳᠡᠨ ᠦ᠌ ᠤᠷᠠᠨ ᠨᠣᠬᠢᠯᠤᠯ ᠪᠣᠯ ᠲᠡᠳᠡᠨ ᠦ᠌ ᠭᠠᠷᠤᠯ ᠮᠥᠨ᠃ ᠲᠡᠳᠡᠨ ᠦ᠌ ᠲᠥᠷᠥᠯᠬᠢ ᠰᠡᠴᠡᠨ ᠰᠡᠷᠭᠦᠯᠡᠩ᠂ ᠲᠡᠳᠡᠨ ᠦ᠌ ᠰᠢᠯᠢᠳᠡᠭ ᠰᠠᠢᠬᠠᠨ ᠴᠢᠨᠠᠷ ᠪᠠᠢᠳᠠᠯ᠂ ᠲᠡᠳᠡᠨ ᠦ᠌ ᠡᠶᠡᠯᠳᠡᠭ ᠵᠥᠭᠡᠯᠡᠨ ᠰᠡᠳᠬᠢᠯ ᠰᠠᠨᠠᠭ᠎ᠠ ᠪᠣᠯ ᠲᠡᠳᠡᠨ ᠦ᠌ ᠴᠣᠷ ᠤ᠋ᠨ ᠭᠠᠭᠴᠠ ᠬᠢᠷᠢ ᠬᠡᠮᠵᠢᠶ᠎ᠡ ᠨᠢ ᠮᠥᠨ ᠲᠤᠯᠠ ᠡᠭᠡᠯ ᠠᠷᠠᠳ ᠤ᠋ᠨ ᠥᠬᠢᠨ ᠢ᠋ ᠡᠷᠬᠢᠮ ᠢᠵᠠᠭᠤᠷᠲᠠᠨ ᠤ᠋ ᠬᠠᠲᠤᠨ ᠲᠠᠢ ᠳᠠᠩ ᠰᠠᠴᠠᠭᠤ ᠪᠣᠯᠭᠠᠳᠠᠭ ᠴᠤ᠌ ᠪᠠᠢᠨ᠎ᠠ᠃
  ᠲᠡᠷᠡ ᠥᠪᠡᠷ ᠢ᠋ ᠪᠡᠨ ᠡᠷᠬᠢᠮᠰᠦᠭ ᠳᠡᠭᠡᠳᠦ ᠳᠡᠭᠡᠷ᠎ᠡ ᠪᠡᠨ ᠱᠠᠯᠢᠨ ᠪᠦᠷᠢᠯᠭᠡᠳᠡᠭ ᠠᠮᠢᠳᠤᠷᠠᠯ ᠬᠢᠬᠦ ᠶ᠋ᠢᠨ ᠲᠥᠯᠥᠭᠡ ᠲᠥᠷᠥᠭᠰᠡᠨ ᠭᠡᠵᠦ ᠪᠣᠳᠣᠳᠠᠭ ᠲᠤᠯᠠ ᠦᠷᠭᠦᠯᠵᠢ ᠭᠠᠰᠢᠭᠤᠨ ᠵᠣᠪᠠᠭᠤᠷᠢᠲᠠᠢ ᠰᠠᠨᠠᠭᠳᠠᠨ᠎ᠠ᠃ ᠣᠷᠣᠨ ᠪᠠᠢᠷᠢ ᠶ᠋ᠢᠨ ᠦᠵᠡᠰᠢ ᠦᠭᠡᠢ ᠮᠠᠭᠤᠬᠠᠢ᠂ ᠬᠠᠨ᠎ᠠ ᠲᠤᠭᠤᠷᠭ᠎ᠠ ᠶ᠋ᠢᠨ ᠬᠠᠷ᠎ᠠ ᠪᠣᠷᠣ᠂ ᠰᠢᠷᠡᠭᠡ ᠰᠠᠨᠳᠠᠯᠢ ᠶ᠋ᠢᠨ ᠴᠤᠴᠠᠷᠬᠠᠢ ᠬᠠᠭᠤᠴᠢᠨ᠂ ᠬᠤᠪᠴᠠᠰᠤ ᠬᠤᠨᠠᠷ ᠤ᠋ᠨ ᠪᠦᠳᠦᠭᠦᠯᠢᠭ ᠬᠣᠮᠰᠠ ᠨᠢ ᠴᠥᠮ ᠲᠡᠭᠦᠨ ᠢ᠋ ᠪᠤᠬᠢᠨᠢᠳᠤᠭᠤᠯᠤᠨ᠎ᠠ᠃ ᠡᠳᠡᠭᠡᠷ ᠶᠠᠭᠤᠮ᠎ᠠ ᠲᠡᠭᠦᠨ ᠲᠡᠢ ᠠᠳᠠᠯᠢ ᠪᠠᠢᠷᠢ ᠰᠠᠭᠤᠷᠢ ᠲᠠᠢ ᠣᠨᠳᠣᠣ ᠬᠠᠲᠤᠨ ᠳ᠋ᠤ᠌ ᠪᠣᠯ ᠬᠠᠢᠬᠤᠷᠤᠭᠳᠠᠬᠤ ᠦᠭᠡᠢ ᠴᠦ᠍ ᠪᠠᠢᠵᠤ ᠮᠡᠳᠡᠨ᠎ᠡ᠃ ᠬᠠᠷᠢᠨ ᠲᠡᠷᠡ ᠡᠭᠦᠨ ᠡᠴᠡ ᠪᠣᠯᠵᠤ ᠡᠢᠨ ᠬᠦ᠌ ᠵᠣᠪᠠᠨᠢᠵᠤ᠂ ᠡᠢᠨ ᠬᠦ᠌ ᠡᠮᠭᠡᠨᠢᠳᠡᠭ ᠠᠵᠢ᠃ ᠲᠡᠷᠡ᠂ ᠭᠡᠷ ᠦ᠋ᠨ ᠠᠷᠰᠠᠷ ᠠᠵᠢᠯ ᠢ᠋ ᠨᠢ ᠬᠢᠵᠦ ᠪᠠᠢᠭ᠎ᠠ ᠪᠷᠧᠲ᠋ᠠᠨᠧ ᠮᠣᠵᠢ ᠶ᠋ᠢᠨ ᠪᠢᠴᠢᠬᠠᠨ ᠰᠢᠪᠡᠭᠴᠢᠨ ᠢ᠋ᠶ᠋ᠡᠨ ᠬᠠᠷᠠᠭᠠᠳ᠂ ᠰᠡᠳᠬᠢᠯ ᠦ᠋ᠨ ᠬᠢᠨᠢ ᠳᠣᠲᠣᠷ᠎ᠠ ᠭᠤᠨᠢᠭᠲᠤ ᠪᠣᠳᠣᠯᠭᠠᠰᠢᠷᠠᠯ᠂ ᠳᠡᠮᠡᠢᠷᠡᠭᠰᠡᠨ ᠬᠡᠢ ᠬᠦᠰᠡᠯ ᠲᠥᠷᠥᠭᠳᠡᠪᠡ᠃ ᠬᠠᠨ᠎ᠠ ᠲᠤᠭᠤᠷᠭ᠎ᠠ ᠶ᠋ᠢ ᠨᠢ ᠳᠣᠷᠣᠨᠠᠳᠠᠬᠢᠨ ᠤ᠋ ᠦᠢᠯᠡᠳᠦᠭᠰᠡᠨ ᠬᠥᠰᠢᠭᠡ ᠪᠡᠷ ᠴᠢᠮᠡᠭᠯᠡᠭᠰᠡᠨ ᠲᠡᠷᠡ ᠬᠦ᠌ ᠰᠡᠯᠡᠭᠦᠨ ᠲᠤᠩᠭᠠᠯᠠᠭ ᠥᠷᠥᠭᠡ ᠲᠠᠩᠬᠢᠮ ᠳ᠋ᠤ᠌ ᠥᠨᠳᠥᠷ ᠬᠥᠯ ᠲᠡᠢ ᠭᠠᠤᠯᠢᠨ ᠳ᠋ᠧᠩ ᠪᠠᠷᠢᠴᠢᠬᠠᠭᠰᠠᠨ᠂ ᠪᠠᠰᠠ ᠣᠬᠣᠷ ᠥᠮᠥᠳᠥ ᠲᠡᠢ ᠬᠣᠶᠠᠷ ᠵᠠᠷᠤᠴᠠ ᠪᠠᠢᠬᠤ ᠪᠥᠭᠡᠳ ᠠᠭᠤᠵᠢᠮ ᠲᠠᠯᠪᠢᠭᠤ ᠰᠠᠨᠳᠠᠯᠢ ᠳᠡᠭᠡᠷ᠎ᠡ ᠬᠡᠪᠲᠡᠵᠦ ᠵᠤᠤᠬᠠᠨ ᠤ᠋ ᠬᠠᠯᠠᠭᠤᠨ ᠳ᠋ᠤ᠌ ᠡᠭᠡᠭᠡᠭᠳᠡᠭᠡᠳ ᠳᠤᠭᠵᠢᠷᠠᠯ᠎ᠠ ᠭᠡᠵᠦ ᠬᠡᠢ ᠰᠠᠨᠠᠪᠠ᠃ ᠲᠡᠷᠡ ᠬᠦ᠌ ᠠᠭᠤᠵᠢᠮ ᠰᠠᠷᠠᠭᠤᠯ ᠵᠣᠴᠢᠳ ᠤ᠋ᠨ ᠥᠷᠥᠭᠡᠨ ᠳ᠋ᠦ᠍ ᠡᠷᠲᠡᠨ ᠦ᠌ ᠮᠠᠶᠢᠭ ᠤ᠋ᠨ ᠬᠡᠮᠡᠷᠯᠢᠭ ᠬᠥᠰᠢᠭᠡ ᠲᠠᠲᠠᠴᠢᠬᠠᠭᠰᠠᠨ ᠪᠠᠢᠬᠤ ᠪᠥᠭᠡᠳ ᠤᠷᠠᠨ ᠬᠢᠴᠡᠲᠡᠢ ᠮᠣᠳᠣᠨ ᠡᠳ᠋ᠯᠡᠯ᠂ ᠡᠷᠲᠡᠨ ᠦ᠌ ᠮᠠᠶᠢᠭ ᠤ᠋ᠨ ᠡᠷᠬᠢᠮ ᠰᠣᠨᠢᠨ ᠲᠣᠭᠯᠠᠭᠠᠮ ᠢ᠋ ᠥᠷᠥᠨ ᠲᠠᠯᠪᠢᠭᠰᠠᠨ ᠪᠠᠢᠨ᠎ᠠ ᠭᠡᠵᠦ ᠬᠡᠢ ᠰᠠᠨᠠᠨ᠎ᠠ᠃ ᠲᠡᠷᠡ ᠬᠦ᠌ ᠰᠠᠢᠬᠠᠨ ᠦᠨᠦᠷ ᠠᠩᠬᠢᠯᠤᠭᠰᠠᠨ ᠦᠵᠡᠰᠬᠦᠯᠡᠩ ᠭᠣᠶᠣ ᠵᠣᠴᠢᠳ ᠤ᠋ᠨ ᠪᠢᠴᠢᠬᠠᠨ ᠲᠠᠰᠤᠯᠭᠠᠨ ᠳ᠋ᠤ᠌ ᠦᠳᠡ ᠶ᠋ᠢᠨ ᠬᠣᠢᠨᠠᠬᠢ ᠲᠠᠪᠤᠨ ᠴᠠᠭ ᠤ᠋ᠨ ᠦᠶᠡᠰ ᠲᠡᠭᠦᠨ ᠲᠡᠢ ᠬᠠᠮᠤᠭ ᠤ᠋ᠨ ᠳᠣᠲᠣᠨᠣ ᠪᠣᠯᠤᠭᠰᠠᠨ ᠡᠷᠡᠭᠲᠡᠢ ᠨᠠᠢᠵᠠ ᠲᠠᠢ ᠪᠠᠨ ᠵᠣᠭᠣᠭ ᠲᠠᠭᠠᠷᠠᠬᠤ ᠪᠤᠶᠤ ᠪᠦᠰᠡᠭᠦᠢᠴᠦᠳ ᠦ᠋ᠨ ᠬᠠᠮᠤᠭ ᠤ᠋ᠨ ᠬᠦᠰᠡᠵᠦ᠂ ᠬᠠᠮᠤᠭ ᠤ᠋ᠨ ᠠᠭᠤᠯᠵᠠᠬᠤ ᠳᠤᠷᠠᠲᠠᠢ ᠡᠷᠡᠭᠲᠡᠢ ᠲᠡᠢ ᠶᠠᠷᠢᠯᠴᠠᠨ ᠰᠠᠭᠤᠨ᠎ᠠ ᠭᠡᠵᠦ ᠬᠡᠢ ᠰᠠᠨᠠᠪᠠ᠃
  ᠲᠡᠷᠡ᠂ ᠭᠤᠷᠪᠠᠨ ᠡᠳᠦᠷ ᠤᠭᠠᠭᠰᠠᠨ ᠦᠭᠡᠢ ᠪᠦᠲᠡᠭᠡᠯᠭᠡ ᠪᠡᠷ ᠪᠦᠲᠡᠭᠡᠭᠰᠡᠨ ᠲᠥᠭᠥᠷᠢᠭ ᠰᠢᠷᠡᠭᠡᠨ ᠦ᠌ ᠬᠠᠵᠠᠭᠤ ᠳ᠋ᠤ᠌ ᠰᠠᠭᠤᠵᠤ᠂ ᠣᠷᠣᠢ ᠶ᠋ᠢᠨ ᠬᠣᠭᠣᠯᠠ ᠪᠠᠨ ᠢᠳᠡᠬᠦ ᠪᠣᠯᠭᠠᠨ ᠡᠮᠦᠨ᠎ᠡ ᠡᠴᠡ ᠨᠢ ᠬᠠᠷᠠᠵᠤ ᠰᠠᠭᠤᠭᠰᠠᠨ ᠡᠷᠡᠭᠲᠡᠢ ᠨᠥᠬᠥᠷ ᠨᠢ ᠱᠥᠯᠥ ᠲᠡᠢ ᠲᠣᠭᠣᠭᠠᠨ ᠤ᠋ ᠬᠠᠪᠬᠠᠭᠠᠰᠤ ᠶ᠋ᠢ ᠠᠪᠴᠤ᠂ ᠰᠣᠴᠢᠨ ᠪᠠᠶᠠᠷᠯᠠᠭᠰᠠᠨ ᠴᠢᠷᠠᠢ ᠭᠠᠷᠭᠠᠭᠠᠳ: 《ᠠ! ᠠᠩᠬᠢᠯᠤᠮ᠎ᠠ ᠰᠠᠢᠬᠠᠨ ᠮᠢᠬᠠᠨ ᠤ᠋ ᠱᠥᠯᠥ ᠳᠠ! ᠡᠭᠦᠨ ᠡᠴᠡ ᠰᠠᠢᠬᠠᠨ ᠶᠠᠭᠤᠮ᠎ᠠ ᠭᠡᠵᠦ ᠬᠠᠮᠢᠭ᠎ᠠ ᠪᠠᠢᠬᠤ ᠪᠣᠢ! ᠁》 ᠭᠡᠵᠦ ᠬᠡᠯᠡᠬᠦ ᠦᠶᠡᠰ ᠲᠡᠷᠡ ᠲᠡᠳᠡᠭᠡᠷ ᠨᠠᠷᠢᠯᠢᠭ ᠰᠠᠢᠬᠠᠨ ᠣᠷᠣᠢ ᠶ᠋ᠢᠨ ᠪᠤᠳᠠᠭᠠᠯᠠᠯᠭ᠎ᠠ᠂ ᠭᠢᠯᠲᠦᠭᠡᠨᠡᠨ ᠭᠢᠯᠠᠯᠵᠠᠭᠰᠠᠨ ᠮᠥᠩᠭᠥᠨ ᠰᠠᠪᠠ ᠬᠡᠷᠡᠭᠯᠡᠯ ᠢ᠋ ᠨᠢ ᠬᠡᠢ ᠰᠠᠨᠠᠭᠠᠳ ᠠᠪᠤᠨ᠎ᠠ᠃ ᠲᠤᠭᠤᠷᠭᠠᠨ ᠳ᠋ᠤ᠌ ᠲᠠᠲᠠᠭᠰᠠᠨ ᠬᠥᠰᠢᠭᠡ᠂ ᠲᠡᠭᠦᠨ ᠦ᠌ ᠳᠡᠭᠡᠷ᠎ᠡ ᠡᠷᠲᠡᠨ ᠦ᠌ ᠬᠤᠪᠴᠠᠯᠠᠭ᠎ᠠ ᠲᠠᠢ ᠬᠥᠮᠦᠰ᠂ ᠳᠠᠭᠢᠨᠢ ᠶ᠋ᠢᠨ ᠣᠷᠣᠨ ᠤ᠋ ᠮᠡᠲᠦ ᠶ᠋ᠢᠨ ᠬᠦᠷᠢᠶᠡᠯᠡᠩ᠂ ᠡᠯᠳᠡᠪ ᠰᠣᠨᠢᠨ ᠵᠢᠭᠦᠷᠲᠡᠨ ᠢ᠋ ᠬᠠᠳᠬᠤᠭᠰᠠᠨ ᠪᠠᠢᠨ᠎ᠠ ᠭᠡᠵᠦ ᠬᠡᠢ ᠰᠠᠨᠠᠪᠠ᠃ ᠬᠣᠪᠣᠷ ᠬᠠᠴᠢᠨ ᠲᠠᠪᠠᠭ ᠫᠢᠯᠠ ᠶ᠋ᠢᠨ ᠳᠣᠲᠣᠷ᠎ᠠ ᠡᠷᠬᠢᠮ ᠰᠠᠢᠬᠠᠨ ᠵᠠᠭᠤᠰᠢ ᠢᠳᠡᠭᠡᠨ ᠬᠢᠭᠰᠡᠨ ᠪᠠᠢᠨ᠎ᠠ ᠭᠡᠵᠦ ᠬᠡᠢ ᠰᠠᠨᠠᠪᠠ᠃ ᠶᠠᠭᠠᠨ ᠥᠩᠭᠡ ᠲᠡᠢ ᠠᠯᠠᠭᠠᠨ᠎ᠠ ᠵᠢᠭᠠᠰᠤ ᠪᠤᠶᠤ ᠬᠥᠬᠡ ᠨᠤᠭᠲᠤᠷᠤ ᠶ᠋ᠢᠨ ᠵᠢᠭᠦᠷ ᠢ᠋ ᠢᠳᠡᠨ ᠪᠠᠢᠬᠤ ᠳ᠋ᠠᠭᠠᠨ ᠬᠥᠮᠦᠨ ᠢ᠋ ᠰᠣᠭᠲᠣᠭᠤᠷᠠᠭᠤᠯᠤᠮ᠎ᠠ ᠢᠰᠪᠡᠯᠵᠡᠵᠦ᠂ ᠵᠣᠴᠢᠨ ᠤ᠋ ᠳᠣᠲᠣᠨᠣᠴᠢᠷᠬᠠᠭ ᠶᠠᠷᠢᠶ᠎ᠠ ᠶ᠋ᠢ ᠰᠣᠨᠣᠰᠤᠨ ᠰᠠᠭᠤᠨ᠎ᠠ ᠭᠡᠵᠦ ᠬᠡᠢ ᠰᠠᠨᠠᠨ᠎ᠠ᠃ ᠲᠡᠭᠦᠨ ᠳ᠋ᠦ᠍ ᠰᠠᠢᠬᠠᠨ ᠬᠤᠪᠴᠠᠰᠤ ᠪᠠᠢᠬᠤ ᠦᠭᠡᠢ᠂ ᠱ᠌ᠢᠷᠦ ᠰᠤᠪᠤᠳ ᠪᠠᠢᠬᠤ ᠦᠭᠡᠢ᠂ ᠶᠠᠭᠤ ᠴᠤ᠌ ᠪᠠᠢᠬᠤ ᠦᠭᠡᠢ᠃ ᠲᠡᠭᠡᠪᠡᠴᠦ ᠬᠠᠷᠢᠨ ᠡᠳᠡᠭᠡᠷ ᠶᠠᠭᠤᠮᠠᠨ ᠳ᠋ᠤ᠌ ᠯᠠ ᠳᠤᠷᠠᠯᠠᠳᠠᠭ᠃ ᠥᠪᠡᠷ ᠢ᠋ᠶ᠋ᠡᠨ ᠡᠳᠡᠭᠡᠷ ᠶᠠᠭᠤᠮᠠᠨ ᠤ᠋ ᠲᠥᠯᠥᠭᠡ ᠶᠢᠷᠲᠢᠨᠴᠦ ᠳ᠋ᠦ᠍ ᠬᠥᠮᠦᠨ ᠪᠣᠯᠤᠭᠰᠠᠨ ᠭᠡᠵᠦ ᠪᠣᠳᠣᠳᠠᠭ ᠪᠠᠢᠵᠠᠢ᠃ ᠡᠷᠡᠭᠲᠡᠢᠴᠦᠳ ᠲᠦ᠍ ᠬᠦᠰᠡᠭᠳᠡᠬᠦ᠂ ᠡᠮᠡᠭᠲᠡᠢᠴᠦᠳ ᠲᠦ᠍ ᠲᠠᠴᠢᠶᠠᠭᠳᠠᠬᠤ᠂ ᠥᠳᠥᠭᠡᠨ ᠲᠠᠲᠠᠬᠤ ᠬᠦᠴᠦᠨ ᠲᠡᠢ ᠪᠣᠯᠤᠭᠰᠠᠨ ᠢ᠋ᠶ᠋ᠠᠷ ᠪᠤᠰᠤᠳ ᠲᠤ᠌ ᠡᠭᠡᠷᠡᠭᠳᠡᠬᠦ ᠶ᠋ᠢ ᠶᠡᠷᠦ ᠨᠢ ᠡᠷᠡᠮᠡᠯᠵᠡᠨ ᠪᠣᠳᠣᠭᠰᠠᠭᠠᠷ ᠢᠷᠡᠵᠡᠢ᠃
  ᠲᠡᠷᠡ ᠱᠠᠰᠢᠨ ᠤ᠋ ᠬᠤᠷᠠᠯ ᠤ᠋ᠨ ᠥᠬᠢᠳ ᠦ᠋ᠨ ᠰᠤᠷᠭᠠᠭᠤᠯᠢ ᠳ᠋ᠤ᠌ ᠬᠠᠮᠲᠤ ᠰᠤᠷᠤᠭᠴᠢ ᠪᠠᠢᠭᠰᠠᠨ ᠨᠢᠭᠡᠨ ᠪᠠᠶᠠᠨ ᠴᠢᠨᠡᠭᠡᠯᠢᠭ ᠪᠦᠰᠡᠭᠦᠢ ᠨᠠᠢᠵᠠ ᠲᠠᠢ ᠶᠤᠮ᠂ ᠭᠡᠪᠡᠴᠦ ᠲᠡᠭᠦᠨ ᠲᠡᠢ ᠳᠠᠬᠢᠨ ᠠᠭᠤᠯᠵᠠᠬᠤ ᠶ᠋ᠢ ᠬᠦᠰᠡᠬᠦ ᠦᠭᠡᠢ ᠪᠣᠯᠵᠠᠢ᠃ ᠤᠴᠢᠷ ᠨᠢ ᠲᠡᠭᠦᠨ ᠲᠡᠢ ᠠᠭᠤᠯᠵᠠᠭᠠᠳ ᠬᠠᠷᠢᠵᠤ ᠢᠷᠡᠪᠡᠯ ᠲᠤᠢᠯ ᠤ᠋ᠨ ᠵᠣᠪᠠᠭᠤᠷᠢᠲᠠᠢ ᠪᠣᠳᠣᠭᠳᠠᠳᠠᠭ ᠪᠠᠢᠨ᠎ᠠ᠃ ᠡᠮᠭᠡᠨᠢᠯ᠂ ᠭᠡᠮᠰᠢᠯ᠂ ᠮᠤᠬᠤᠷᠳᠠᠯ ᠵᠣᠪᠠᠨᠢᠯ ᠢ᠋ᠶ᠋ᠠᠷ ᠪᠠᠢᠨ ᠪᠠᠢᠨ ᠡᠳᠦᠷ ᠲᠣᠷᠰᠢ ᠤᠬᠢᠯᠠᠨ᠎ᠠ᠃
ᠲᠡᠭᠡᠲᠡᠯ᠎ᠡ᠂ ᠨᠢᠭᠡ ᠣᠷᠣᠢ ᠨᠥᠬᠥᠷ ᠨᠢ ᠲᠣᠮᠣ ᠲᠣᠭᠳᠣᠢ ᠲᠠᠢ ᠵᠠᠬᠢᠳᠠᠯ ᠪᠠᠷᠢᠭᠠᠳ ᠣᠯᠵᠠᠷᠬᠠᠨ ᠪᠠᠶᠠᠷᠲᠠᠢ ᠬᠠᠷᠢᠵᠤ ᠢᠷᠡᠪᠡ᠃
《ᠬᠠᠷᠠ ᠳᠠ 》 ᠭᠡᠳ: 《ᠡᠭᠦᠨ ᠦ᠌ ᠳᠣᠲᠣᠷᠠᠬᠢ ᠶᠠᠭᠤᠮ᠎ᠠ ᠶ᠋ᠢ ᠴᠢᠮ᠎ᠠ ᠳ᠋ᠤ᠌ ᠥᠭᠬᠦᠶ᠎ᠡ》 ᠭᠡᠪᠡ᠃
ᠲᠡᠷᠡ ᠬᠥᠭᠵᠢᠯ ᠪᠠᠶᠠᠷᠲᠠᠢ ᠪᠠᠷ ᠵᠠᠬᠢᠳᠠᠯ ᠢ᠋ ᠵᠠᠳᠠᠯᠵᠤ ᠨᠢᠭᠡᠨ ᠬᠠᠭᠤᠳᠠᠰᠤ ᠤᠷᠢᠯᠭ᠎ᠠ ᠶ᠋ᠢᠨ ᠪᠢᠴᠢᠭ ᠭᠠᠷᠭᠠᠭᠰᠠᠨ ᠳ᠋ᠤ᠌ ᠳᠡᠭᠡᠷ᠎ᠡ ᠨᠢ:
《ᠰᠤᠷᠭᠠᠨ ᠬᠥᠮᠦᠵᠢᠯ ᠦ᠋ᠨ ᠶᠠᠮᠤᠨ ᠤ᠋ ᠰᠠᠢᠳ ᠪᠠ ᠰᠠᠢᠳ ᠤ᠋ᠨ ᠬᠠᠲᠤᠨ ᠵᠢᠦᠷᠭᠢ ᠯᠠᠮᠪᠷᠠ᠎ ᠡᠴᠡ ᠯᠦᠸᠠᠼᠢ ᠠᠪᠤᠭᠠᠢ ᠬᠠᠲᠤᠨ ᠲᠠᠢ ᠪᠠᠨ ᠨᠢᠭᠡᠳᠦᠭᠡᠷ ᠰᠠᠷ᠎ᠠ ᠶ᠋ᠢᠨ ᠠᠷᠪᠠᠨ ᠨᠠᠢ᠍ᠮᠠᠨ ᠤ᠋ ᠡᠳᠦᠷ (ᠭᠠᠷᠠᠭ ᠤ᠋ᠨ ᠨᠢᠭᠡᠨ) ᠰᠤᠷᠭᠠᠨ ᠬᠥᠮᠦᠵᠢᠯ ᠦ᠋ᠨ ᠶᠠᠮᠤᠨ ᠤ᠋ ᠶᠣᠰᠣᠯᠠᠯ ᠤ᠋ᠨ ᠲᠠᠩᠬᠢᠮ ᠳ᠋ᠤ᠌ ᠭᠡᠷᠡᠯᠲᠦᠭᠦᠯᠦᠨ ᠮᠣᠷᠢᠯᠠᠵᠤ᠂ ᠦᠳᠡᠰᠢᠯᠡᠭᠡ ᠳ᠋ᠦ᠍ ᠣᠷᠣᠯᠴᠠᠬᠤ ᠶ᠋ᠢ ᠬᠦᠨᠳᠦᠳᠬᠡᠨ ᠤᠷᠢᠪᠠ》 ᠭᠡᠵᠦ ᠬᠡᠪᠯᠡᠭᠰᠡᠨ ᠪᠠᠢᠪᠠ᠃
ᠲᠡᠷᠡ ᠨᠥᠬᠥᠷ ᠦ᠋ᠨ ᠢ᠋ᠶ᠋ᠡᠨ ᠪᠣᠳᠣᠭᠰᠠᠨ ᠰᠢᠭ᠋ ᠲᠡᠭᠡᠵᠦ ᠪᠠᠶᠠᠷᠯᠠᠭᠰᠠᠨ ᠦᠭᠡᠢ᠂ ᠤᠷᠢᠯᠭ᠎ᠠ ᠶ᠋ᠢᠨ ᠪᠢᠴᠢᠭ ᠢ᠋ ᠭᠤᠲᠤᠷᠠᠩᠭᠤᠢ ᠪᠠᠷ ᠰᠢᠷᠡᠭᠡᠨ ᠳᠡᠭᠡᠷ᠎ᠡ ᠬᠠᠶᠠᠭᠠᠳ:
《ᠴᠢ ᠨᠠᠳᠠ ᠡᠨᠡ ᠶᠠᠭᠤᠮ᠎ᠠ ᠶ᠋ᠢ ᠪᠠᠷᠢᠭᠤᠯᠤᠭᠠᠳ ᠶᠠᠭᠠᠬᠢᠬᠤ ᠨᠢ ᠪᠣᠢ?》 ᠭᠡᠵᠦ ᠳᠦᠳᠦᠨᠡᠪᠡ᠃
《ᠭᠡᠲᠡᠯ᠎ᠡ᠂ ᠬᠠᠢᠷᠠᠲᠤ ᠮᠢᠨᠢ᠂ ᠪᠢ ᠤᠭ ᠨᠢ ᠴᠢᠮᠠᠶ᠋ᠢ ᠶᠡᠬᠡ ᠪᠠᠶᠠᠷᠯᠠᠨ᠎ᠠ ᠭᠡᠵᠦ ᠪᠣᠳᠣᠭᠰᠠᠨ᠃ ᠶᠡᠷᠦ ᠨᠢ ᠭᠡᠷ ᠡᠴᠡ ᠭᠠᠷᠳᠠᠭ ᠦᠭᠡᠢ ᠪᠣᠯᠬᠣᠷ ᠡᠨᠡ ᠨᠢᠭᠡᠨ ᠲᠣᠬᠢᠶᠠᠯ ᠮᠥᠨ! ᠪᠢ ᠬᠡᠴᠢᠨᠡᠨ ᠬᠦᠴᠦ ᠭᠠᠷᠭᠠᠵᠤ ᠪᠠᠢᠵᠤ ᠰᠠᠶᠢ ᠣᠯᠤᠭᠰᠠᠨ᠃ ᠣᠯᠠᠨ ᠢ᠋ᠶ᠋ᠠᠷ ᠢ᠋ᠶ᠋ᠠᠨ ᠴᠥᠮ ᠣᠯᠵᠤ ᠠᠪᠬᠤ ᠶ᠋ᠢ ᠬᠦᠰᠡᠭᠰᠡᠨ ᠪᠣᠯᠪᠠᠴᠤ ᠲᠤᠩ ᠭᠣᠷᠢ ᠦᠭᠡᠢ᠃ ᠶᠡᠷᠦ ᠡᠴᠡ ᠠᠵᠢᠯᠲᠠᠨ ᠳ᠋ᠤ᠌ ᠴᠥᠭᠡᠨ ᠥᠭᠳᠡᠭ ᠶᠦᠮ᠃ ᠴᠢ ᠲᠡᠨᠳᠡ ᠠᠯᠢᠪᠠ ᠲᠦᠰᠢᠮᠡᠳ ᠲᠤᠰᠢᠶᠠᠯᠲᠠᠨ ᠢ᠋ ᠬᠠᠷᠠᠵᠤ ᠪᠣᠯᠤᠨ᠎ᠠ᠃ 》
ᠲᠡᠷᠡ ᠠᠭᠤᠷᠲᠠᠢ ᠬᠠᠷᠠᠴᠠ ᠪᠠᠷ ᠨᠥᠬᠥᠷ ᠢ᠋ᠶ᠋ᠡᠨ ᠰᠢᠷᠳᠡᠭᠡᠳ:
《ᠴᠢ ᠨᠠᠮᠠᠶ᠋ᠢ ᠶᠠᠭᠤ ᠡᠮᠦᠰᠦᠭᠦᠯᠦᠭᠡᠳ ᠣᠴᠢᠭᠤᠯᠬᠤ ᠪᠣᠢ?》 ᠭᠡᠵᠦ ᠤᠴᠠᠭᠠᠷᠯᠠᠨ ᠪᠠᠷᠬᠢᠷᠠᠪᠠ᠃
ᠨᠥᠬᠥᠷ ᠨᠢ ᠡᠭᠦᠨ ᠢ᠋ ᠪᠣᠳᠣᠭᠰᠠᠨ ᠦᠭᠡᠢ ᠲᠤᠯᠠ:
《ᠴᠢ ᠲᠢᠶᠠᠲᠷ ᠲᠤ᠌ ᠣᠴᠢᠬᠤ ᠳ᠋ᠠᠭᠠᠨ ᠡᠮᠦᠰᠦᠭᠰᠡᠨ ᠲᠡᠷᠡ ᠳᠡᠪᠡᠯ ᠮᠢᠨᠦ ᠪᠣᠳᠣᠬᠤ ᠪᠠᠷ ᠲᠤᠩ ᠵᠦᠭᠡᠷ᠂ ᠪᠢ ᠦᠵᠡᠬᠦ ᠳ᠋ᠦ᠍ ᠁》 ᠭᠡᠵᠦ ᠡᠪᠯᠡᠭᠦᠯᠵᠦ ᠶᠠᠳᠠᠨ ᠬᠡᠯᠡᠪᠡ᠃
ᠲᠡᠷᠡ ᠳᠤᠭᠤᠢ ᠪᠣᠯᠤᠯ᠎ᠠ᠃ ᠤᠬᠠᠭᠠᠨ ᠨᠢ ᠭᠠᠷᠴᠤ ᠤᠴᠢᠷ ᠢ᠋ᠶ᠋ᠠᠨ ᠣᠯᠬᠤ ᠦᠭᠡᠢ ᠪᠣᠯᠪᠠ᠃ ᠤᠴᠢᠷ ᠨᠢ ᠡᠬᠡᠨᠡᠷ ᠦ᠋ᠨ ᠢ᠋ᠶ᠋ᠡᠨ ᠤᠬᠢᠯᠠᠭᠰᠠᠨ ᠢ᠋ ᠣᠯᠵᠤ ᠬᠠᠷᠠᠵᠠᠢ᠃ ᠬᠣᠶᠠᠷ ᠲᠣᠮᠣ ᠭᠡᠭᠴᠢ ᠶ᠋ᠢᠨ ᠨᠢᠯᠪᠤᠰᠤᠨ ᠳᠤᠰᠤᠯ ᠵᠣᠪᠬᠢ ᠶ᠋ᠢ ᠨᠢ ᠳᠠᠭᠠᠵᠤ ᠮᠡᠯᠡᠷᠡᠭᠰᠡᠭᠡᠷ ᠵᠠᠪᠠᠵᠢᠨ ᠳ᠋ᠤᠨᠢ ᠬᠦᠷᠦᠯ᠎ᠡ᠃
《ᠴᠢ ᠶᠠᠭᠠᠬᠢᠪᠠ? ᠴᠢ ᠶᠠᠭᠠᠬᠢᠪᠠ?》 ᠭᠡᠵᠦ ᠮᠡᠩᠳᠡᠭᠦᠷᠡᠪᠡ᠃
ᠲᠡᠷᠡ ᠲᠤᠩ ᠶᠡᠬᠡ ᠬᠦᠴᠦ ᠭᠠᠷᠭᠠᠨ ᠪᠠᠢᠵᠤ᠂ ᠭᠤᠨᠢᠭᠯᠠᠯ ᠢ᠋ᠶ᠋ᠠᠨ ᠰᠠᠶᠢ ᠳᠠᠷᠤᠵᠤ ᠠᠪᠤᠭᠠᠳ᠂ ᠨᠣᠢᠲᠠᠨ ᠬᠣᠶᠠᠷ ᠬᠠᠴᠠᠷ ᠢ᠋ᠶ᠋ᠠᠨ ᠠᠷᠴᠢᠵᠤ:
《ᠵᠦᠭᠡᠷ ᠵᠦᠭᠡᠷ᠃ ᠬᠠᠷᠢᠨ ᠣᠯᠢᠭ ᠲᠠᠢ ᠬᠤᠪᠴᠠᠰᠤ ᠦᠭᠡᠢ ᠪᠣᠯ ᠪᠢ ᠡᠨᠡ ᠦᠳᠡᠰᠢᠯᠡᠭᠡ ᠳ᠋ᠦ᠍ ᠣᠴᠢᠵᠤ ᠴᠢᠳᠠᠬᠤ ᠦᠭᠡᠢ᠃ ᠴᠢᠨᠦ ᠬᠠᠮᠲᠤ ᠠᠵᠢᠯᠯᠠᠭᠴᠢ ᠶ᠋ᠢᠨ ᠬᠡᠨ ᠦ᠌ ᠬᠢᠨᠢ ᠡᠬᠡᠨᠡᠷ ᠵᠠᠰᠠᠯ ᠵᠢᠮᠰᠡᠭ ᠢ᠋ᠶ᠋ᠡᠷ ᠨᠠᠳᠠ᠎ ᠡᠴᠡ ᠰᠠᠢᠬᠠᠨ ᠪᠣᠯ ᠡᠨᠡ ᠤᠷᠢᠯᠭ᠎ᠠ ᠶ᠋ᠢᠨ ᠪᠢᠴᠢᠭ ᠢ᠋ ᠬᠡᠨ ᠳ᠋ᠦ᠍ ᠴᠦ᠍ ᠪᠣᠯᠤᠭᠰᠠᠨ ᠥᠭᠴᠢᠬᠡ》 ᠭᠡᠵᠦ ᠲᠠᠢᠪᠤᠰᠢᠷᠠᠭᠰᠠᠨ ᠳᠠᠭᠤ ᠪᠠᠷ ᠬᠠᠷᠢᠭᠤᠯᠪᠠ᠃
ᠨᠥᠬᠥᠷ ᠨᠢ ᠵᠣᠪᠠᠩᠭᠤᠢᠷᠠᠯ᠎ᠠ᠃ ᠲᠡᠭᠡᠭᠡᠳ:
《ᠢᠩᠭᠢᠶ᠎ᠡ ᠮᠠᠽᠢᠯᠳ᠋᠃ ᠲᠠᠭᠠᠷᠠᠮᠵᠢᠲᠠᠢ ᠥᠪᠴᠢ ᠬᠤᠪᠴᠠᠰᠤ ᠬᠢᠯᠭᠡᠶ᠎ᠡ᠂ ᠣᠨᠳᠣᠣ ᠭᠠᠵᠠᠷ ᠴᠤ᠌ ᠡᠮᠦᠰᠴᠦ ᠪᠣᠯᠤᠨ᠎ᠠ᠃ ᠨᠡᠯᠢᠶᠡᠳ ᠪᠣᠷᠣ ᠳᠦᠷᠢ ᠶ᠋ᠢᠨ ᠬᠢᠨᠢ ᠳᠡᠭᠡᠷ᠎ᠡ᠃ ᠬᠡᠳᠦᠢ ᠵᠣᠭᠣᠰ ᠣᠷᠣᠨ᠎ᠠ ᠪᠣᠢ?》 ᠭᠡᠪᠡ᠃
ᠮᠠᠽᠢᠯᠳ᠋ ᠬᠡᠳᠦᠨ ᠰᠧᠺᠦ᠋ᠨ᠋ᠳ᠋ ᠪᠣᠳᠣᠭᠠᠳ ᠨᠢᠭᠡ ᠲᠣᠭ᠎ᠠ ᠨᠡᠢᠯᠡᠭᠦᠯᠵᠦ ᠠᠪᠤᠯ᠎ᠠ᠃ ᠡᠨᠡ ᠠᠷᠪᠢᠴᠢ ᠪᠢᠴᠢᠭᠡᠴᠢ ᠰᠢᠭᠤᠳ ᠬᠦᠯᠢᠶᠡᠬᠦ ᠦᠭᠡᠢ ᠪᠤᠶᠤ ᠰᠣᠴᠢᠨ ᠲᠤᠯᠭᠠᠷᠠᠭᠰᠠᠨ ᠳᠠᠭᠤᠨ ᠭᠠᠷᠭᠠᠬᠤ ᠳ᠋ᠤ᠌ ᠬᠦᠷᠬᠦ ᠦᠭᠡᠢ ᠪᠠᠢᠬᠤ ᠠ᠋᠂ ᠲᠡᠢᠨ ᠬᠦ᠌ ᠡᠨᠡ ᠲᠣᠭ᠎ᠠ ᠶ᠋ᠢ ᠬᠡᠯᠡᠵᠦ ᠪᠣᠯᠤᠨ᠎ᠠ ᠭᠡᠵᠦ ᠪᠣᠳᠣᠯᠬᠢᠯᠠᠪᠠ᠃
《ᠶᠠᠭ ᠬᠡᠳᠦᠢ ᠣᠷᠣᠬᠤ ᠶ᠋ᠢ ᠪᠢ ᠮᠡᠳᠡᠬᠦ ᠦᠭᠡᠢ ᠪᠠᠢᠨ᠎ᠠ᠂ ᠭᠡᠪᠡᠴᠦ ᠮᠢᠨᠦ ᠦᠵᠡᠬᠦ ᠪᠡᠷ ᠳᠥᠷᠪᠡᠨ ᠵᠠᠭᠤᠨ ᠹᠷᠠᠩᠺ ᠪᠠᠢᠪᠠᠯ ᠪᠣᠯᠬᠤ ᠨᠢ ᠲᠡᠷᠡ》 ᠭᠡᠵᠦ ᠡᠴᠦᠰ ᠲᠡᠭᠡᠨ ᠲᠠᠲᠠᠭᠠᠯᠵᠠᠩᠬᠠᠨ ᠬᠡᠯᠡᠪᠡ᠃
ᠨᠥᠬᠥᠷ ᠦ᠋ᠨ ᠬᠢᠨᠢ ᠴᠢᠷᠠᠢ ᠬᠣᠵᠢᠢᠰᠬᠢᠯ᠎ᠡ᠃ ᠲᠡᠷᠡ ᠶᠠᠭ ᠡᠳᠦᠢ ᠯᠡ ᠵᠣᠭᠣᠰ ᠬᠠᠳᠠᠭᠠᠯᠠᠭᠤᠯᠵᠤ ᠪᠠᠢᠭᠰᠠᠨ ᠪᠥᠭᠡᠳ ᠲᠡᠭᠦᠨ ᠢ᠋ᠶ᠋ᠡᠷ ᠢ᠋ᠶ᠋ᠡᠨ ᠠᠩ ᠤ᠋ᠨ ᠫᠤᠤ ᠠᠪᠴᠤ ᠠᠩᠴᠢᠳ ᠤ᠋ᠨ ᠪᠦᠯᠬᠦᠮ ᠳ᠋ᠦ᠍ ᠣᠷᠣᠯᠴᠠᠭᠠᠳ ᠵᠤᠨ ᠤ᠋ ᠤᠯᠠᠷᠢᠯ ᠤ᠋ᠨ ᠭᠠᠷᠠᠭ ᠤ᠋ᠨ ᠡᠳᠦᠷ ᠬᠡᠳᠦᠨ ᠨᠠᠢᠵᠠ ᠲᠠᠢ ᠪᠠᠨ ᠬᠠᠮᠲᠤ ᠯᠠᠨᠳ᠋ᠧᠷ ᠲᠠᠯ᠎ᠠ ᠳ᠋ᠤ᠌ ᠣᠴᠢᠵᠤ ᠳᠠᠭᠤᠲᠤ ᠪᠣᠯᠵᠣᠮᠣᠷ ᠠᠩᠨᠠᠬᠤ ᠭᠡᠵᠦ ᠪᠣᠳᠣᠵᠤ ᠪᠠᠢᠵᠠᠢ᠃
ᠲᠡᠭᠡᠪᠡᠴᠦ ᠲᠡᠷᠡ: 《ᠵᠠ ᠪᠣᠯᠤᠨ᠎ᠠ᠂ ᠪᠢ ᠴᠢᠮ᠎ᠠ ᠳ᠋ᠤ᠌ ᠳᠥᠷᠪᠡᠨ ᠵᠠᠭᠤᠨ ᠹᠷᠠᠩᠺ ᠦᠭᠬᠦᠶ᠎ᠡ᠃ ᠴᠢ ᠬᠠᠷᠢᠨ ᠡᠨᠡ ᠬᠤᠪᠴᠠᠰᠤ ᠪᠠᠨ ᠭᠣᠶᠣᠬᠠᠨ ᠯᠠ ᠬᠢᠯᠭᠡᠬᠦ ᠬᠡᠷᠡᠭᠲᠡᠢ ᠰᠢᠦ》 ᠭᠡᠪᠡ᠃
ᠦᠳᠡᠰᠢᠯᠡᠭᠡ ᠶ᠋ᠢᠨ ᠡᠳᠦᠷ ᠣᠢᠷᠠᠲᠤᠯ᠎ᠠ᠂ ᠭᠡᠲᠡᠯ᠎ᠡ ᠮᠠᠽᠢᠯᠳ᠋ ᠬᠠᠲᠤᠨ ᠪᠤᠬᠢᠨᠢᠳᠤᠵᠤ᠂ ᠰᠡᠳᠬᠢᠯ ᠠᠮᠤᠷ ᠦᠭᠡᠢ ᠲᠡᠪᠡᠳᠡᠭᠰᠡᠨ ᠨᠢ ᠢᠯᠡᠷᠬᠡᠢ ᠪᠣᠯᠪᠠ᠃ ᠲᠡᠭᠦᠨ ᠦ᠌ ᠬᠤᠪᠴᠠᠰᠤ ᠴᠤ᠌ ᠰᠠᠢᠬᠠᠨ ᠪᠣᠯᠵᠠᠢ᠃ ᠨᠥᠬᠥᠷ ᠨᠢ ᠨᠢᠭᠡ ᠣᠷᠣᠢ ᠲᠡᠭᠦᠨ ᠳ᠋ᠦ᠍:
《ᠴᠢ ᠶᠠᠭᠠᠬᠢᠪᠠ? ᠡᠨᠡ ᠬᠡᠳᠦᠨ ᠡᠳᠦᠷ ᠲᠣᠩ ᠬᠠᠴᠢᠨ ᠵᠢᠭᠲᠡᠢ ᠪᠣᠯᠴᠢᠬᠠᠵᠠᠢ》 ᠭᠡᠪᠡ᠃
《ᠨᠢᠭᠡ ᠯᠡ ᠦᠨᠡᠲᠦ ᠰᠤᠪᠤᠳ᠂ ᠨᠢᠭᠡ ᠪᠥᠭᠡᠷᠡᠩᠬᠡᠢ ᠪᠠᠳᠮᠠᠷᠠᠭ᠎ᠠ ᠴᠤ᠌ ᠪᠠᠢᠬᠤ ᠦᠭᠡᠢ᠂ ᠵᠡᠭᠦᠮᠡᠷ ᠴᠦ᠍ ᠶᠠᠭᠤᠮ᠎ᠠ ᠪᠠᠢᠬᠤ ᠦᠭᠡᠢ ᠨᠢ ᠨᠠᠮᠠᠶ᠋ᠢ ᠵᠣᠪᠠᠭᠠᠵᠤ ᠪᠠᠢᠨ᠎ᠠ᠃ ᠭᠠᠵᠠᠷ ᠪᠣᠯᠭᠠᠨ ᠭᠤᠢᠷᠠᠨᠴᠢ ᠪᠠᠨ ᠭᠠᠢᠬᠠᠭᠤᠯᠤᠭᠠᠳ ᠶᠠᠭᠠᠬᠢᠬᠤ ᠪᠣᠢ᠃ ᠡᠨᠡ ᠦᠳᠡᠰᠢᠯᠡᠭᠡ ᠳ᠋ᠦ᠍ ᠣᠴᠢᠬᠤ ᠪᠠᠨ ᠪᠣᠯᠢᠶ᠎ᠠ ᠭᠡᠵᠦ ᠰᠠᠨᠠᠵᠤ ᠪᠠᠢᠨ᠎ᠠ》 ᠭᠡᠵᠦ ᠬᠠᠷᠢᠭᠤᠯᠪᠠ᠃
《ᠬᠡᠳᠦᠨ ᠰᠢᠨ᠎ᠡ ᠴᠡᠴᠡᠭ ᠵᠡᠭᠦᠴᠢᠬᠡ᠃ ᠣᠳᠣ ᠶ᠋ᠢᠨ ᠤᠯᠠᠷᠢᠯ ᠳ᠋ᠤ᠌ ᠡᠨᠡ ᠴᠢᠨᠢ ᠬᠠᠷᠢᠨ ᠲᠤᠩ ᠰᠢᠨ᠎ᠡ ᠮᠠᠶᠢᠭ ᠤ᠋ᠨ ᠰᠢᠦ᠃ ᠠᠷᠪᠠᠨ ᠹᠷᠠᠩᠺ ᠵᠠᠷᠤᠪᠠᠯ ᠪᠠᠭᠯᠠᠭᠠᠷ ᠰᠠᠢᠬᠠᠨ ᠬᠣᠶᠠᠷ ᠰᠠᠷᠭᠠᠢ ᠴᠡᠴᠡᠭ ᠠᠪᠴᠤ ᠴᠢᠳᠠᠨ᠎ᠠ》 ᠭᠡᠵᠦ ᠨᠥᠬᠥᠷ ᠨᠢ ᠬᠡᠯᠡᠪᠡ᠃
ᠲᠡᠷᠡ ᠪᠠᠰᠠ ᠵᠥᠪᠰᠢᠶᠡᠷᠡᠭᠰᠡᠨ ᠦᠭᠡᠢ᠃
《ᠪᠣᠯᠬᠤ ᠦᠭᠡᠢ ᠁ ᠰᠣᠷᠲᠤᠭᠤᠯᠢᠭ ᠬᠠᠲᠤᠳ ᠤ᠋ᠨ ᠳᠤᠮᠳᠠ ᠭᠤᠢᠷᠠᠨᠴᠢ ᠪᠠᠨ ᠭᠠᠢᠬᠠᠭᠤᠯᠬᠤ᠎ ᠡᠴᠡ ᠮᠠᠭᠤᠬᠠᠢ ᠶᠠᠭᠤᠮ᠎ᠠ ᠭᠡᠵᠦ ᠬᠠᠮᠢᠭ᠎ᠠ ᠪᠠᠢᠬᠤ ᠪᠣᠢ᠃ 》
《ᠴᠢ ᠶᠠᠭᠠᠬᠢᠭᠠᠳ ᠡᠷᠭᠢᠭᠦᠦ ᠪᠣᠢ? ᠹᠯᠧᠰᠵᠧ ᠬᠠᠲᠤᠨ ᠨᠠᠢᠵᠠ ᠶ᠋ᠢᠨ ᠳ᠋ᠡᠭᠡᠨ ᠣᠴᠢᠭᠠᠳ ᠲᠡᠭᠦᠨ ᠡᠴᠡ ᠬᠡᠳᠦᠨ ᠵᠦᠢᠯ ᠦ᠋ᠨ ᠰᠤᠪᠤᠳ ᠵᠢᠭᠡᠯᠡ᠃ ᠴᠢ ᠲᠡᠭᠦᠨ ᠲᠡᠢ ᠲᠤᠩ ᠳᠣᠲᠣᠨᠣᠰᠣᠭ ᠪᠣᠯᠬᠣᠷ ᠡᠨᠡᠦᠬᠡᠨ ᠶᠠᠪᠤᠳᠠᠯ ᠶᠠᠭᠤ ᠪᠠᠢᠬᠤ ᠪᠣᠢ》 ᠭᠡᠵᠦ ᠨᠥᠬᠥᠷ ᠨᠢ ᠴᠢᠩᠭ᠎ᠠ ᠭᠡᠭᠴᠢ ᠬᠡᠯᠡᠪᠡ᠃
ᠮᠠᠽᠢᠯᠳ᠋ ᠰᠣᠴᠢᠨ ᠪᠠᠶᠠᠷᠯᠠᠵᠤ ᠳᠠᠭᠤᠨ ᠠᠯᠳᠠᠪᠠ᠃
《ᠨᠡᠭᠡᠷᠡᠨ! ᠪᠢ ᠬᠠᠷᠢᠨ ᠡᠭᠦᠨ ᠢ᠋ ᠰᠠᠨᠠᠵᠤ ᠣᠯᠤᠭᠰᠠᠨ ᠦᠭᠡᠢ᠃ 》
ᠳᠠᠷᠠᠭ᠎ᠠ ᠡᠳᠦᠷ ᠨᠢ ᠮᠠᠽᠢᠯᠳ᠋ ᠨᠠᠢᠵᠠ ᠶ᠋ᠢᠨ ᠳ᠋ᠡᠭᠡᠨ ᠣᠴᠢᠵᠤ ᠥᠪᠡᠷ ᠦ᠋ᠨ ᠵᠣᠪᠠᠯᠠᠩ ᠢ᠋ᠶ᠋ᠠᠨ ᠲᠣᠭᠠᠴᠢᠯ᠎ᠠ᠃ ᠹᠯᠧᠰᠵᠧ ᠬᠠᠲᠤᠨ ᠰᠢᠯ ᠰᠠᠭᠤᠯᠭᠠᠭᠰᠠᠨ ᠬᠤᠪᠴᠠᠰᠤᠨ ᠤ᠋ ᠬᠣᠷᠭᠣᠨ ᠳ᠋ᠠᠭᠠᠨ ᠣᠴᠢᠵᠤ᠂ ᠲᠣᠮᠣ ᠬᠠᠢᠷᠴᠠᠭ ᠭᠠᠷᠭᠠᠨ ᠠᠪᠴᠤ ᠨᠡᠭᠡᠭᠡᠨ ᠲᠠᠯᠪᠢᠭᠠᠳ᠂ ᠮᠠᠽᠢᠯᠳ᠋ ᠬᠠᠲᠤᠨ ᠳ᠋ᠤ᠌:
《ᠰᠢᠯᠢ ᠳᠡ᠂ ᠬᠠᠢᠷᠠᠲᠤ ᠮᠢᠨᠢ》 ᠭᠡᠪᠡ᠃
ᠲᠡᠷᠡ ᠤᠷᠢᠳᠠ ᠪᠠᠷ ᠬᠡᠳᠦᠨ ᠪᠠᠭᠤᠪᠴᠢ᠂ ᠳᠠᠷᠠᠭ᠎ᠠ ᠨᠢ ᠨᠢᠭᠡ ᠰᠤᠪᠤᠳ ᠰᠣᠨᠳᠣᠷ᠂ ᠰᠡᠭᠦᠯ ᠳ᠋ᠦ᠍ᠨᠢ ᠪᠠᠳᠮᠠᠷᠠᠭ᠎ᠠ ᠰᠢᠭᠢᠳᠬᠡᠭᠰᠡᠨ ᠲᠤᠢᠯ ᠤ᠋ᠨ ᠨᠠᠷᠢᠨ ᠬᠢᠴᠡᠲᠡᠢ ᠸᠢᠨ᠋ᠸᠼᠢᠶ᠎ᠠ ᠬᠡᠯᠪᠡᠷᠢ ᠶ᠋ᠢᠨ ᠠᠯᠲᠠᠨ ᠵᠠᠭᠠᠯᠮᠠᠢ ᠶ᠋ᠢ ᠦᠵᠡᠯ᠎ᠡ᠃ ᠲᠡᠷᠡ ᠲᠣᠯᠢᠨ ᠤ᠋ ᠡᠮᠦᠨ᠎ᠡ ᠣᠴᠢᠵᠤ ᠡᠳᠡᠭᠡᠷ ᠵᠢᠮᠰᠡᠭ ᠢ᠋ ᠵᠡᠭᠦᠵᠦ ᠦᠵᠡᠭᠡᠳ ᠠᠯᠢᠨ ᠢ᠋ ᠨᠢ ᠠᠪᠴᠤ ᠠᠯᠢᠨ ᠢ᠋ ᠨᠢ ᠲᠠᠯᠪᠢᠬᠤ ᠪᠠᠨ ᠮᠡᠳᠡᠬᠦ ᠦᠭᠡᠢ ᠲᠠᠲᠠᠭᠠᠯᠵᠠᠯ᠎ᠠ᠃ ᠲᠡᠭᠡᠭᠡᠳ ᠮᠠᠽᠢᠯᠳ᠋ :
《ᠣᠨᠳᠣᠣ ᠰᠠᠢᠬᠠᠨ ᠤ᠋ ᠪᠠᠢᠬᠤ ᠦᠭᠡᠢ ᠦᠦ?》 ᠭᠡᠵᠦ ᠪᠠᠢᠨ ᠪᠠᠢᠨ ᠠᠰᠠᠭᠤᠨ᠎ᠠ᠃
《ᠪᠣᠢ ᠪᠣᠢ᠃ ᠥᠪᠡᠷ ᠢ᠋ᠶ᠋ᠡᠨ ᠯᠡ ᠡᠷᠢ᠃ ᠶᠠᠮᠠᠷ ᠶᠠᠩᠵᠤ ᠲᠠᠢ ᠨᠢ ᠴᠢᠨᠦ ᠰᠠᠨᠠᠭᠠᠨ ᠳ᠋ᠤ᠌ ᠨᠡᠢᠴᠡᠬᠦ ᠶ᠋ᠢ ᠪᠢ ᠮᠡᠳᠡᠬᠦ ᠦᠭᠡᠢ ᠪᠠᠢᠨ᠎ᠠ᠃ 》
ᠮᠠᠽᠢᠯᠳ᠋ ᠬᠥᠬᠡ ᠲᠣᠷᠭᠠᠨ ᠭᠠᠳᠠᠷᠲᠠᠢ ᠵᠢᠵᠢᠭ ᠬᠠᠢᠷᠴᠠᠭ ᠳᠣᠲᠤᠷ᠎ᠠ᠎ ᠡᠴᠡ ᠨᠠᠷᠢᠯᠢᠭ ᠰᠠᠢᠬᠠᠨ ᠠᠯᠮᠠᠰ ᠡᠷᠳᠡᠨᠢ ᠶ᠋ᠢᠨ ᠰᠣᠨᠳᠣᠷ ᠢ᠋ ᠭᠡᠨᠡᠳᠲᠡ ᠣᠯᠵᠤ ᠠᠪᠤᠭᠠᠳ ᠪᠠᠶᠠᠷᠯᠠᠭᠰᠠᠨ ᠳ᠋ᠠᠭᠠᠨ ᠵᠢᠷᠦᠬᠡ ᠨᠢ ᠯᠤᠭᠰᠢᠵᠤ ᠭᠠᠷᠤᠯ᠎ᠠ᠃ ᠲᠡᠷᠡ ᠰᠣᠨᠳᠣᠷ ᠢ᠋ ᠬᠣᠶᠠᠷ ᠭᠠᠷ ᠢ᠋ᠶ᠋ᠠᠷ ᠢ᠋ᠶ᠋ᠠᠨ ᠪᠠᠷᠢᠭᠠᠳ ᠰᠠᠯᠭᠠᠨᠠᠨ᠎ᠠ᠃ ᠲᠡᠷᠡ ᠰᠣᠨᠳᠣᠷ ᠢ᠋ᠶ᠋ᠠᠷ ᠬᠦᠵᠦᠭᠦᠦ ᠪᠡᠨ ᠣᠷᠢᠶᠠᠯᠭᠠᠨ ᠤᠷᠲᠤ ᠭᠡᠭᠴᠢ ᠶ᠋ᠢᠨ ᠥᠨᠳᠥᠷ ᠵᠠᠭᠠᠮ᠎ᠠ ᠳᠡᠭᠡᠷ᠎ᠡ ᠪᠡᠨ ᠵᠡᠭᠦᠭᠡᠳ ᠲᠣᠯᠢᠨ ᠤ᠋ ᠡᠮᠦᠨ᠎ᠡ ᠵᠣᠭᠰᠣᠵᠤ ᠪᠡᠶ᠎ᠡ ᠪᠡᠨ ᠲᠤᠩ ᠤᠳᠠᠲᠠᠯ᠎ᠠ ᠱᠣᠬᠣᠭᠣᠷᠠᠪᠠ᠃
ᠲᠡᠭᠡᠵᠦ ᠲᠡᠭᠡᠵᠦ ᠲᠡᠷᠡ:
《ᠴᠢ ᠡᠭᠦᠨ ᠢ᠋ ᠨᠠᠳᠠ ᠵᠢᠭᠡᠯᠡᠵᠦ ᠥᠭᠭᠦᠨ᠎ᠡ ᠦᠦ? ᠪᠢ ᠡᠭᠦᠨ ᠢ᠋ ᠯᠡ ᠵᠢᠭᠡᠯᠡᠶ᠎ᠡ》 ᠭᠡᠵᠦ ᠲᠡᠭᠡᠨᠡᠭᠡᠯᠵᠡᠭᠰᠡᠨ ᠳᠡᠭᠡᠷ᠎ᠡ ᠪᠡᠨ ᠲᠡᠪᠡᠳᠡᠩᠭᠦᠢ ᠬᠡᠯᠡᠪᠡ᠃
《ᠪᠣᠯᠤᠯ ᠦᠭᠡᠢ ᠶᠠᠭᠠᠬᠢᠬᠤ ᠪᠣᠢ᠃ 》
ᠮᠠᠽᠢᠯᠳ᠋ ᠭᠦᠶᠦᠵᠦ ᠢᠷᠡᠭᠡᠳ ᠨᠠᠢᠵᠠ ᠶ᠋ᠢᠨ ᠢ᠋ᠶ᠋ᠡᠨ ᠬᠦᠵᠦᠭᠦᠦ ᠪᠡᠷ ᠲᠡᠪᠡᠷᠢᠵᠦ ᠰᠡᠳᠬᠢᠯ ᠬᠥᠭᠡᠷᠦᠨ ᠦᠨᠦᠰᠴᠦ ᠦᠨᠦᠰᠦᠭᠡᠳ ᠲᠡᠷᠡ ᠬᠦ᠌ ᠬᠣᠪᠣᠷ ᠬᠠᠴᠢᠨ ᠶᠠᠭᠤᠮ᠎ᠠ ᠪᠠᠨ ᠠᠪᠤᠭᠠᠳ ᠭᠦᠶᠦᠨ ᠣᠳᠪᠠ᠃
ᠦᠳᠡᠰᠢᠯᠡᠭᠡ ᠶ᠋ᠢᠨ ᠡᠳᠦᠷ ᠪᠣᠯᠤᠯ᠎ᠠ᠃ ᠮᠠᠽᠢᠯᠳ᠋ ᠬᠠᠲᠤᠨ ᠠᠮᠵᠢᠯᠲᠠ ᠣᠯᠪᠠ᠃ ᠲᠡᠷᠡ ᠡᠮᠡᠭᠲᠡᠢ ᠵᠣᠴᠢᠳ ᠤ᠋ᠨ ᠠᠯᠢᠨ ᠡᠴᠡ ᠴᠤ᠌ ᠦᠵᠡᠰᠬᠦᠯᠡᠩ᠂ ᠴᠡᠪᠡᠷᠬᠡᠨ᠂ ᠰᠡᠳᠬᠢᠯ ᠬᠥᠳᠡᠯᠭᠡᠮ᠎ᠡ ᠪᠥᠭᠡᠳ ᠴᠢᠷᠠᠢ ᠳᠦᠭᠦᠷᠡᠩ ᠢᠨᠢᠶᠡᠮᠰᠦᠭᠯᠡᠯ ᠲᠣᠳᠣᠷᠠᠭᠤᠯᠵᠤ᠂ ᠰᠡᠳᠬᠢᠯ ᠳᠦᠭᠦᠷᠡᠩ ᠪᠠᠢᠳᠠᠯ ᠣᠷᠭᠢᠭᠤᠯᠤᠨ᠎ᠠ᠃ ᠡᠷᠡᠭᠲᠡᠢ ᠵᠣᠴᠢᠳ ᠤ᠋ᠨ ᠠᠯᠢ ᠨᠢ ᠴᠦ᠍ ᠴᠥᠮ ᠲᠡᠭᠦᠨ ᠳ᠋ᠦ᠍ ᠨᠢᠳᠦ ᠬᠠᠶᠠᠵᠤ᠂ ᠨᠡᠷ᠎ᠡ ᠣᠪᠣᠭ ᠢ᠋ ᠨᠢ ᠰᠤᠷᠠᠭᠯᠠᠵᠤ᠂ ᠪᠤᠰᠤᠳ ᠢ᠋ ᠭᠤᠶᠤᠨ ᠲᠡᠭᠦᠨ ᠲᠡᠢ ᠲᠠᠨᠢᠯᠴᠠᠨ᠎ᠠ᠃ ᠶᠠᠮᠤᠨ ᠤ᠋ ᠨᠠᠷᠢᠨ ᠪᠢᠴᠢᠭᠡᠴᠢ ᠶ᠋ᠢᠨ ᠭᠠᠵᠠᠷ ᠤ᠋ᠨ ᠠᠵᠢᠯᠲᠠᠨ ᠪᠦᠬᠦᠨ ᠲᠡᠭᠦᠨ ᠲᠡᠢ ᠪᠥᠵᠢᠭᠯᠡᠬᠦ ᠶ᠋ᠢ ᠡᠳᠦᠵᠦ᠂ ᠰᠠᠢᠳ ᠴᠤ᠌ ᠲᠡᠭᠦᠨ ᠢ᠋ ᠠᠩᠬᠠᠷᠪᠠ᠃
ᠮᠠᠽᠢᠯᠳ᠋ ᠰᠡᠳᠬᠢᠯ ᠬᠥᠭᠡᠷᠦᠨ ᠪᠠᠶᠠᠷ ᠪᠠᠶᠠᠰᠬᠤᠯᠠᠩᠲᠠᠢ ᠪᠥᠵᠢᠭᠯᠡᠵᠦ ᠴᠡᠩᠭᠡᠯ ᠦ᠋ᠨ ᠳᠤᠮᠳᠠ ᠱᠤᠩᠪᠠᠨ ᠠᠯᠮᠠᠢᠷᠠᠭᠰᠠᠭᠠᠷ ᠶᠠᠭᠤ ᠶ᠋ᠢ ᠴᠦ᠍ ᠰᠠᠨᠠᠬᠤ ᠪᠠᠨ ᠪᠣᠯᠢᠪᠠ᠃ ᠲᠡᠷᠡ ᠭᠤᠸ᠎ᠠ ᠰᠠᠢᠬᠠᠨ ᠢ᠋ᠶ᠋ᠠᠷ ᠢ᠋ᠶ᠋ᠠᠨ ᠠᠯᠢᠪᠠ ᠡᠮᠡᠭᠲᠡᠢ ᠵᠣᠴᠢᠳ᠎ ᠡᠴᠡ ᠳᠠᠪᠠᠭᠰᠠᠨ ᠳ᠋ᠠᠭᠠᠨ ᠰᠣᠭᠲᠣᠭᠤᠷᠠᠨ᠎ᠠ᠃ ᠠᠮᠵᠢᠯᠲᠠ ᠣᠯᠤᠭᠰᠠᠨ ᠤ᠋ ᠠᠯᠳᠠᠷ ᠭᠡᠷᠡᠯ ᠳ᠋ᠡᠭᠡᠨ ᠰᠣᠭᠲᠣᠭᠤᠷᠠᠨ᠎ᠠ᠂ ᠬᠥᠮᠦᠰ ᠲᠡᠭᠦᠨ ᠢ᠋ ᠱᠠᠭᠰᠢᠨ ᠭᠠᠢᠬᠠᠵᠤ᠂ ᠲᠡᠭᠦᠨ ᠳ᠋ᠦ᠍ ᠬᠦᠰᠡᠨ ᠲᠠᠴᠢᠶᠠᠭᠰᠠᠨ ᠎ᠡᠴᠡ ᠪᠣᠯᠤᠭᠰᠠᠨ ᠵᠢᠷᠭᠠᠯ ᠤ᠋ᠨ ᠪᠤᠳᠠᠩ ᠳᠣᠲᠣᠷ᠎ᠠ ᠰᠣᠭᠲᠣᠭᠤᠷᠠᠨ᠎ᠠ᠂ ᠡᠮᠡᠭᠲᠡᠢᠴᠦᠳ ᠦ᠋ᠨ ᠪᠣᠳᠣᠳᠠᠭ ᠬᠠᠮᠤᠭ ᠤ᠋ᠨ ᠲᠡᠭᠦᠰ ᠰᠠᠢᠬᠠᠨ ᠬᠠᠮᠤᠭ ᠤ᠋ᠨ ᠲᠠᠭᠠᠯᠠᠮᠵᠢᠲᠠᠢ ᠢᠯᠠᠯᠲᠠ ᠶ᠋ᠢᠨ ᠳᠤᠮᠳᠠ ᠰᠣᠭᠲᠣᠭᠤᠷᠠᠨ᠎ᠠ᠃
ᠮᠠᠽᠢᠯᠳ᠋ ᠡᠷᠲᠡ ᠶ᠋ᠢᠨ ᠳᠥᠷᠪᠡᠨ ᠴᠠᠭ ᠤ᠋ᠨ ᠦᠶᠡᠰ ᠢ᠋ᠶ᠋ᠡᠷ ᠭᠠᠷᠤᠯ᠎ᠠ᠃ ᠲᠡᠭᠦᠨ ᠦ᠌ ᠨᠥᠬᠥᠷ ᠨᠢ ᠰᠥᠨᠢ ᠳᠤᠮᠳᠠ᠎ ᠡᠴᠡ ᠡᠬᠢᠯᠡᠭᠡᠳ ᠭᠤᠷᠪᠠᠨ ᠡᠷᠡᠭᠲᠡᠢ ᠵᠣᠴᠢᠨ ᠲᠠᠢ ᠬᠠᠮᠲᠤ ᠵᠠᠢᠳᠠᠭᠤᠬᠠᠨ ᠨᠢᠭᠡ ᠵᠣᠴᠢᠳ ᠤ᠋ᠨ ᠥᠷᠥᠭᠡᠨ ᠳ᠋ᠦ᠍ ᠤᠨᠲᠠᠵᠤ ᠣᠷᠬᠢᠵᠠᠢ᠃ ᠲᠡᠷᠡ ᠵᠠᠪᠰᠠᠷ ᠡᠨᠡ ᠭᠤᠷᠪᠠᠨ ᠡᠷᠡᠭᠲᠡᠢ ᠵᠣᠴᠢᠨ ᠤ᠋ ᠡᠬᠡᠨᠡᠷ ᠴᠦ᠍ ᠮᠥᠨ ᠪᠥᠵᠢᠭᠯᠡᠨ ᠬᠥᠭᠵᠢᠯᠳᠦᠭᠰᠡᠭᠡᠷ ᠪᠠᠢᠪᠠ᠃
ᠮᠠᠽᠢᠯᠳ᠋ ᠤ᠋ᠨ ᠨᠥᠬᠥᠷ ᠨᠢ ᠶᠠᠪᠤᠬᠤ ᠦᠶ᠎ᠡ ᠳ᠋ᠦ᠍ ᠡᠮᠦᠰᠦᠭᠦᠯᠬᠦ ᠭᠡᠵᠦ ᠭᠡᠷ ᠡᠴᠡ ᠪᠡᠨ ᠠᠪᠴᠢᠷᠠᠭᠰᠠᠨ ᠬᠤᠪᠴᠠᠰᠤ ᠶ᠋ᠢ ᠮᠥᠷᠦᠨ ᠳᠡᠭᠡᠭᠦᠷ ᠨᠢ ᠨᠥᠮᠥᠷᠦᠭᠦᠯᠪᠡ᠃ ᠡᠨᠡ ᠪᠣᠯ ᠭᠡᠷ ᠲᠦ᠍ ᠡᠮᠦᠰᠳᠡᠭ ᠪᠣᠷᠣ ᠳᠦᠷᠢ ᠶ᠋ᠢᠨ ᠬᠤᠪᠴᠠᠰᠤ ᠲᠤᠯᠠ ᠡᠭᠦᠨ ᠦ᠌ ᠦᠵᠡᠰᠢ ᠦᠭᠡᠢ ᠳᠦᠷᠢ ᠶ᠋ᠢ ᠦᠳᠡᠰᠢᠯᠡᠭᠡ ᠳᠡᠭᠡᠷᠡᠬᠢ ᠬᠤᠪᠴᠠᠰᠤᠨ ᠤ᠋ ᠬᠡᠭᠡᠨᠴᠢᠷ ᠵᠢᠪᠬᠤᠭ᠎ᠠ ᠲᠠᠢ ᠵᠡᠷᠭᠡᠴᠡᠭᠦᠯᠬᠦ ᠠᠷᠭ᠎ᠠ ᠦᠭᠡᠢ᠃ ᠲᠡᠷᠡ ᠡᠭᠦᠨ ᠢ᠋ ᠰᠡᠷᠡᠵᠦ ᠮᠡᠳᠡᠭᠰᠡᠨ ᠪᠣᠯᠬᠣᠷ ᠬᠣᠪᠣᠷ ᠦᠨᠡᠲᠡᠢ ᠬᠤᠪᠴᠠᠰᠤ ᠡᠮᠦᠰᠦᠭᠰᠡᠨ ᠡᠮᠡᠭᠲᠡᠢᠴᠦᠳ ᠲᠦ᠍ ᠦᠯᠦ ᠬᠠᠷᠠᠭᠳᠠᠬᠤ ᠶ᠋ᠢᠨ ᠲᠥᠯᠥᠭᠡ ᠬᠤᠷᠳᠤᠬᠠᠨ ᠢ᠋ᠶ᠋ᠠᠷ ᠪᠤᠷᠤᠭᠤᠯᠠᠨ ᠣᠳᠬᠤ ᠭᠡᠪᠡ᠃
ᠯᠦᠸᠠᠼᠢ ᠲᠡᠭᠦᠨ ᠢ᠋ ᠴᠢᠩᠭᠠᠭᠠᠵᠤ:
《ᠪᠠᠢᠵᠠ ᠪᠠᠢᠵᠠ᠂ ᠴᠢ ᠭᠠᠷᠪᠠᠯ ᠲᠠᠭᠠᠷᠠᠨ᠎ᠠ ᠰᠢᠦ᠂ ᠪᠢ ᠮᠣᠷᠢᠨ ᠲᠡᠷᠭᠡ ᠳᠠᠭᠤᠳᠠᠭᠠᠳ ᠢᠷᠡᠶ᠎ᠡ》 ᠭᠡᠪᠡ᠃
ᠭᠡᠲᠡᠯ᠎ᠡ ᠲᠡᠷᠡ ᠣᠭᠲᠣ ᠬᠠᠢᠬᠤᠷᠤᠯ ᠦᠭᠡᠢ ᠰᠡᠩᠳᠡ ᠮᠡᠩᠳᠡ ᠱᠠᠲᠤ ᠪᠠᠷ ᠪᠠᠭᠤᠨ ᠣᠳᠤᠯ᠎ᠠ᠃ ᠲᠡᠷᠡ ᠭᠤᠳᠤᠮᠵᠢᠨ ᠳ᠋ᠤ᠌ ᠭᠠᠷᠤᠭᠠᠳ ᠨᠢᠭᠡ ᠴᠦ᠍ ᠮᠣᠷᠢᠨ ᠲᠡᠷᠭᠡ ᠲᠡᠢ ᠳᠠᠭᠠᠷᠢᠯᠳᠤᠭᠰᠠᠨ ᠦᠭᠡᠢ᠃ ᠲᠡᠳᠡ ᠭᠠᠵᠠᠷ ᠪᠦᠬᠦᠨ ᠡᠴᠡ ᠡᠷᠢᠵᠦ᠂ ᠮᠣᠷᠢᠨ ᠲᠡᠷᠭᠡ ᠬᠠᠷᠠᠭᠳᠠᠮᠠᠭᠴᠠ ᠬᠣᠯᠠ᠎ ᠡᠴᠡ ᠬᠠᠰᠬᠢᠷᠤᠨ ᠳᠠᠭᠤᠳᠠᠨ᠎ᠠ᠃
ᠲᠡᠳᠡ ᠰᠧᠢᠨᠧ ᠭᠣᠣᠯ ᠤ᠋ᠨ ᠬᠥᠪᠡᠭᠡ ᠳᠠᠭᠠᠵᠤ ᠮᠤᠬᠤᠷᠳᠠᠨ ᠶᠠᠪᠤᠬᠤ ᠪᠥᠭᠡᠳ ᠴᠡᠴᠡᠷᠡᠨ ᠲᠠᠭᠵᠢᠷᠠᠲᠠᠯ᠎ᠠ ᠲᠠᠭᠠᠷᠠᠵᠠᠢ᠃ ᠲᠡᠭᠡᠭᠰᠡᠭᠡᠷ ᠭᠣᠣᠯ ᠤ᠋ᠨ ᠡᠷᠭᠢ ᠳᠡᠭᠡᠷ᠎ᠡ ᠡᠴᠡ ᠰᠥᠨᠢ ᠶᠠᠪᠤᠳᠠᠭ ᠨᠢᠭᠡ ᠮᠠᠭᠤ ᠮᠣᠷᠢᠨ ᠲᠡᠷᠭᠡ ᠣᠯᠪᠠ᠃ ᠡᠢᠮᠦᠷᠬᠦᠦ ᠲᠡᠷᠭᠡ ᠫᠠᠷᠢᠰ ᠲᠤ᠌ ᠰᠥᠨᠢ ᠯᠡ ᠦᠵᠡᠭᠳᠡᠳᠡᠭ᠂ ᠡᠳᠦᠷ ᠨᠢ ᠲᠡᠷᠡ ᠥᠪᠡᠷ ᠦ᠋ᠨ ᠢ᠋ᠶ᠋ᠡᠨ ᠮᠠᠭᠤᠬᠠᠢ ᠳᠦᠷᠢ ᠪᠠᠢᠳᠠᠯ᠎ ᠡᠴᠡ ᠪᠠᠨ ᠪᠣᠯᠤᠭᠠᠳ ᠭᠠᠷᠴᠤ ᠢᠷᠡᠳᠡᠭ ᠦᠭᠡᠢ ᠪᠣᠯᠤᠯᠲᠠᠢ᠃
ᠮᠣᠷᠢᠨ ᠲᠡᠷᠭᠡ ᠲᠡᠳᠡᠨ ᠢ᠋ ᠮᠠᠷᠲ᠋ᠢᠨ ᠵᠡᠭᠡᠯᠢ ᠶ᠋ᠢᠨ ᠰᠠᠭᠤᠴᠠᠨ ᠤ᠋ ᠬᠢᠨᠢ ᠡᠭᠦᠳᠡᠨ ᠳ᠋ᠦ᠍ ᠰᠢᠭᠤᠳ ᠠᠪᠴᠢᠷᠠᠪᠠ᠃ ᠲᠡᠷᠡ ᠵᠦᠳᠡᠷᠡᠩᠭᠦᠢ ᠪᠡᠷ ᠭᠡᠷ ᠲᠡᠭᠡᠨ ᠣᠷᠣᠯ᠎ᠠ᠃ ᠮᠠᠽᠢᠯᠳ᠋ ᠲᠤ᠌ ᠠᠪᠴᠤ ᠬᠡᠯᠡᠪᠡᠯ ᠨᠢᠭᠡ ᠶᠠᠪᠤᠳᠠᠯ ᠢ᠋ ᠳᠠᠭᠤᠰᠬᠠᠭᠰᠠᠨ ᠢ᠋ᠶ᠋ᠠᠷ ᠲᠣᠭᠠᠴᠢᠵᠤ ᠪᠣᠯᠤᠨ᠎ᠠ᠃ ᠨᠥᠬᠥᠷ ᠨᠢ ᠠᠷᠪᠠᠨ ᠴᠠᠭ ᠲᠤ᠌ ᠶᠠᠮᠤᠨ ᠳ᠋ᠠᠭᠠᠨ ᠣᠴᠢᠬᠤ ᠪᠠᠷ ᠪᠣᠳᠣᠵᠤ ᠪᠠᠢᠪᠠ᠃
ᠲᠡᠷᠡ ᠨᠥᠮᠥᠷᠴᠦ ᠢᠷᠡᠭᠰᠡᠨ ᠬᠤᠪᠴᠠᠰᠤ ᠪᠠᠨ ᠲᠠᠢᠯᠵᠤ᠂ ᠲᠣᠯᠢᠨ ᠤ᠋ ᠡᠮᠦᠨ᠎ᠡ ᠣᠴᠢᠪᠠ᠃ ᠤᠴᠢᠷ ᠨᠢ ᠡᠨᠡ ᠬᠦ᠌ ᠥᠩᠭᠡ ᠭᠡᠷᠡᠯᠲᠡᠢ ᠵᠢᠮᠰᠡᠭ ᠴᠢᠮᠡᠭ ᠪᠡᠶ᠎ᠡ ᠳ᠋ᠦ᠍ᠨᠢ ᠪᠠᠢᠭᠰᠠᠭᠠᠷ ᠲᠤᠯᠠ ᠥᠪᠡᠷ ᠢ᠋ ᠪᠡᠨ ᠳᠠᠬᠢᠵᠤ ᠰᠠᠢᠲᠤᠷ ᠨᠠᠷᠢᠪᠴᠢᠯᠠᠬᠤ ᠭᠡᠰᠡᠨ ᠪᠠᠢᠵᠠᠢ᠃ ᠭᠡᠲᠡᠯ᠎ᠡ ᠲᠡᠷᠡ ᠰᠣᠴᠢᠮᠠᠭ ᠬᠠᠰᠬᠢᠷᠤᠯ᠎ᠠ᠂ ᠵᠡᠭᠦᠵᠦ ᠶᠠᠪᠤᠭᠰᠠᠨ ᠰᠣᠨᠳᠣᠷ ᠨᠢ ᠠᠯᠠᠭ᠎ᠠ ᠪᠣᠯᠵᠠᠢ᠃
ᠬᠤᠪᠴᠠᠰᠤ ᠪᠠᠨ ᠪᠠᠷᠤᠭ ᠲᠠᠢᠴᠢᠭᠰᠠᠨ ᠨᠥᠬᠥᠷ ᠨᠢ:
《ᠶᠠᠭᠤ ᠪᠣᠯᠪᠠ?》 ᠭᠡᠵᠦ ᠠᠰᠠᠭᠤᠪᠠ᠃
ᠮᠠᠽᠢᠯᠳ᠋ ᠠᠶᠤᠨ ᠡᠯᠦᠢᠷᠡᠵᠦ ᠲᠡᠭᠦᠨ ᠦ᠌ ᠤᠷᠤᠭᠤ ᠡᠷᠭᠢᠨ ᠬᠠᠷᠠᠭᠠᠳ:
《ᠪᠢ ᠁ ᠪᠢ ᠁ ᠪᠢ ᠹᠯᠧᠰᠵᠧ ᠬᠠᠲᠤᠨ ᠤ᠋ ᠰᠣᠨᠳᠣᠷ ᠢ᠋ ᠭᠡᠭᠡᠵᠡᠢ》 ᠭᠡᠪᠡ᠃
ᠯᠦᠸᠠᠼᠢ ᠤᠬᠠᠭᠠᠨ ᠨᠢ ᠭᠠᠷᠴᠤ᠂ ᠤᠴᠢᠷ ᠢ᠋ᠶ᠋ᠠᠨ ᠣᠯᠬᠤ ᠦᠭᠡᠢ ᠪᠣᠯᠬᠤ ᠳ᠋ᠠᠭᠠᠨ ᠡᠭᠴᠡᠯᠡᠨ ᠵᠣᠭᠰᠣᠭᠠᠳ:
《ᠶᠠᠭᠤ! ᠁ ᠶᠠᠭᠠᠬᠢᠪᠠ! ᠁ ᠡᠢᠮᠦ ᠶᠠᠪᠤᠳᠠᠯ ᠭᠡᠵᠦ ᠬᠠᠮᠢᠭ᠎ᠠ ᠪᠠᠢᠬᠤ ᠪᠣᠢ!》 ᠭᠡᠪᠡ᠃
ᠲᠡᠷᠡ ᠮᠣᠷᠢᠨ ᠴᠠᠮᠴᠠᠨ ᠤ᠋ ᠨᠤᠭᠤᠯᠤᠭᠠᠰᠤ᠂ ᠳ᠋ᠠᠴᠠᠩ ᠤ᠋ᠨ ᠨᠤᠭᠤᠯᠤᠭᠠᠰᠤ ᠪᠠᠷ ᠡᠷᠢᠵᠦ᠂ ᠪᠦᠬᠦ ᠬᠠᠷᠮᠠᠨ ᠰᠠᠪᠠᠨ ᠳᠣᠲᠣᠭᠤᠷ ᠪᠡᠳᠡᠷᠢᠪᠡ᠃ ᠶᠠᠭ ᠣᠯᠤᠭᠰᠠᠨ ᠦᠭᠡᠢ᠃
《ᠴᠢ ᠦᠳᠡᠰᠢᠯᠡᠭᠡ ᠶ᠋ᠢᠨ ᠭᠠᠵᠠᠷ᠎ ᠡᠴᠡ ᠭᠠᠷᠬᠤ ᠦᠶ᠎ᠡ ᠳ᠋ᠦ᠍ ᠪᠠᠢᠭᠰᠠᠨ ᠢ᠋ ᠨᠢ ᠯᠠᠪ ᠮᠡᠳᠡᠵᠦ ᠪᠠᠢᠨ᠎ᠠ ᠤᠤ?》 ᠭᠡᠵᠦ ᠨᠥᠬᠥᠷ ᠨᠢ ᠠᠰᠠᠭᠤᠪᠠ᠃
《ᠮᠡᠳᠡᠵᠦ ᠪᠠᠢᠨ᠎ᠠ᠃ ᠰᠤᠷᠭᠠᠨ ᠬᠥᠮᠦᠵᠢᠯ ᠦ᠋ᠨ ᠶᠠᠮᠤᠨ ᠤ᠋ ᠭᠤᠲᠤᠮ ᠳ᠋ᠤ᠌ ᠶᠠᠪᠤᠵᠤ ᠪᠠᠢᠬᠤ ᠳ᠋ᠠᠭᠠᠨ ᠪᠢ ᠲᠡᠭᠦᠨ ᠢ᠋ ᠲᠡᠮᠲᠡᠷᠢᠵᠦ ᠦᠵᠡᠭᠰᠡᠨ ᠶᠦᠮ᠃ 》
《ᠭᠡᠲᠡᠯ᠎ᠡ᠂ ᠬᠡᠷᠪᠡ ᠭᠤᠳᠤᠮᠵᠢᠨ ᠳ᠋ᠤ᠌ ᠭᠡᠭᠡᠭᠰᠡᠨ ᠪᠣᠯ ᠪᠢᠳᠡ ᠯᠠᠪ ᠴᠢᠮᠡᠭᠡ ᠶ᠋ᠢ ᠨᠢ ᠰᠣᠨᠣᠰᠬᠤ ᠪᠠᠢᠭᠰᠠᠨ᠃ ᠲᠡᠷᠭᠡᠨ ᠳᠣᠲᠣᠷ᠎ᠠ ᠯᠠ ᠭᠡᠭᠡᠴᠢᠬᠡᠵᠡᠢ ᠳᠡ᠃ 》
《ᠲᠡᠢᠮᠦ᠂ ᠪᠠᠷᠤᠭ ᠯᠠ ᠲᠠᠭᠠᠷᠠᠨ᠎ᠠ᠃ ᠴᠢ ᠲᠡᠷᠭᠡᠨ ᠦ᠌ ᠨᠣᠮᠧᠷ ᠢ᠋ ᠴᠡᠭᠡᠵᠢᠯᠡᠭᠰᠡᠨ ᠦᠦ?》
《ᠴᠡᠭᠡᠵᠢᠯᠡᠭᠰᠡᠨ ᠦᠭᠡᠢ᠃ ᠴᠢ᠂ ᠴᠢ ᠠᠩᠬᠠᠷᠤᠭᠰᠠᠨ ᠦᠭᠡᠢ ᠦᠦ?》
《ᠦᠭᠡᠢ᠃ 》
ᠲᠡᠳᠡᠨ ᠤᠬᠠᠭ᠎ᠠ ᠭᠠᠷᠲᠠᠯ᠎ᠠ ᠰᠠᠨᠳᠤᠷᠬᠤ ᠳ᠋ᠠᠭᠠᠨ ᠪᠡᠶ᠎ᠡ ᠪᠡᠨ ᠬᠠᠷᠠᠭᠠᠳ ᠭᠥᠯᠢᠷᠡᠯ᠎ᠡ᠂ ᠲᠡᠭᠡᠵᠦ ᠲᠡᠭᠡᠵᠦ ᠯᠦᠸᠠᠼᠢ ᠳᠠᠬᠢᠨ ᠬᠤᠪᠴᠠᠯᠠᠪᠠ᠃
《ᠪᠢ ᠶᠠᠪᠤᠶ᠎ᠠ》 ᠭᠡᠳ ᠲᠡᠷᠡ: 《ᠶᠠᠪᠤᠭᠰᠠᠨ ᠵᠠᠮ ᠢ᠋ᠶ᠋ᠠᠷ ᠢ᠋ᠶ᠋ᠠᠨ ᠳᠠᠬᠢᠨ ᠨᠢᠭᠡ ᠤᠳᠠᠭ᠎ᠠ ᠶᠠᠪᠤᠵᠤ ᠦᠵᠡᠶ᠎ᠡ᠂ ᠣᠯᠴᠢᠬᠠᠬᠤ ᠮᠠᠭᠠᠳ ᠦᠭᠡᠢ》 ᠭᠡᠪᠡ᠃
ᠲᠡᠷᠡ ᠭᠠᠷᠤᠭᠠᠳ ᠶᠠᠪᠤᠯ᠎ᠠ᠃ ᠮᠠᠽᠢᠯᠳ᠋ ᠦᠳᠡᠰᠢᠯᠡᠭᠡ ᠳ᠋ᠦ᠍ ᠡᠮᠦᠰᠦᠭᠰᠡᠨ ᠬᠤᠪᠴᠠᠰᠤ ᠪᠠᠷ ᠢ᠋ᠶ᠋ᠠᠨ ᠪᠠᠢᠬᠤ ᠪᠥᠭᠡᠳ ᠣᠷᠣᠨ ᠳᠡᠭᠡᠷ᠎ᠡ ᠪᠡᠨ ᠭᠠᠷᠴᠤ ᠤᠨᠲᠠᠬᠤ ᠶ᠋ᠢᠨ ᠴᠦ᠍ ᠴᠢᠳᠠᠯ ᠦᠭᠡᠢ ᠪᠣᠯᠵᠠᠢ᠃ ᠵᠣᠷᠢᠭ ᠢ᠋ᠶ᠋ᠠᠨ ᠣᠭᠲᠣᠬᠠᠨ ᠴᠤ᠌ ᠰᠡᠷᠭᠦᠭᠡᠵᠦ ᠴᠢᠳᠠᠬᠤ ᠦᠭᠡᠢ ᠲᠤᠯᠠ ᠶᠠᠭᠤ ᠶ᠋ᠢ ᠴᠦ᠍ ᠰᠠᠨᠠᠵᠤ ᠪᠣᠳᠣᠬᠤ ᠦᠭᠡᠢ ᠪᠡᠷ ᠨᠢᠭᠡ ᠰᠠᠨᠳᠠᠯᠢ ᠳᠡᠭᠡᠷ᠎ᠡ ᠳᠡᠮᠡᠢᠯᠡ ᠮᠡᠯᠡᠷᠡᠨ ᠰᠠᠭᠤᠨ᠎ᠠ᠃
ᠳᠣᠯᠣᠭᠠᠨ ᠴᠠᠭ ᠤ᠋ᠨ ᠪᠠᠷᠤᠭ ᠢ᠋ᠶ᠋ᠠᠷ ᠨᠥᠬᠥᠷ ᠨᠢ ᠬᠠᠷᠢᠵᠤ ᠢᠷᠡᠯ᠎ᠡ᠃ ᠶᠠᠭᠤ ᠴᠤ᠌ ᠣᠯᠤᠭᠰᠠᠨ ᠦᠭᠡᠢ᠃
ᠪᠦᠷ ᠰᠡᠭᠦᠯ ᠳ᠋ᠡᠭᠡᠨ ᠯᠦᠸᠠᠼᠢ ᠴᠠᠭᠳᠠᠭ᠎ᠠ ᠶ᠋ᠢᠨ ᠲᠢᠩᠬᠢᠮ ᠳ᠋ᠦ᠍ ᠣᠴᠢᠪᠠ᠃ ᠡᠯ᠎ᠡ ᠰᠣᠨᠢᠨ ᠤ᠋ ᠭᠠᠵᠠᠷ ᠢ᠋ᠶ᠋ᠠᠷ ᠣᠴᠢᠪᠠ᠃ ᠱᠠᠩ ᠵᠠᠷᠯᠠᠨ ᠡᠷᠢᠭᠦᠯᠪᠡ᠃ ᠠᠯᠢᠪᠠ ᠪᠦᠬᠦᠢ ᠲᠡᠷᠭᠡᠨ ᠦ᠌ ᠭᠠᠵᠠᠷ ᠢ᠋ᠶ᠋ᠠᠷ ᠴᠤ᠌ ᠣᠴᠢᠵᠤ ᠡᠷᠢᠪᠡ᠃ ᠶᠡᠷᠦ ᠡᠴᠡ ᠥᠴᠦᠬᠡᠨ ᠴᠦ᠍ ᠭᠡᠰᠡᠨ ᠭᠣᠷᠢᠳᠠᠯᠭ᠎ᠠ ᠪᠠᠢᠬᠤ ᠯᠠ ᠭᠠᠵᠠᠷ ᠪᠦᠬᠦᠨ ᠳ᠋ᠦ᠍ ᠲᠡᠷᠡ ᠪᠦᠷ ᠣᠴᠢᠵᠠᠢ᠃
ᠮᠠᠽᠢᠯᠳ᠋ ᠡᠢᠮᠦ ᠵᠣᠯ ᠦᠭᠡᠢ ᠭᠠᠮᠰᠢᠭ ᠲᠣᠳᠬᠠᠷ ᠲᠤ᠌ ᠲᠤᠯᠭᠠᠷᠠᠭᠠᠳ᠂ ᠡᠳᠦᠷᠵᠢᠨ ᠬᠦᠯᠢᠶᠡᠨ ᠰᠠᠭᠤᠵᠤ᠂ ᠡᠳᠦᠷᠵᠢᠨ ᠰᠣᠴᠢᠨ ᠲᠡᠪᠡᠳᠡᠭᠰᠡᠨ ᠪᠠᠢᠳᠠᠯ ᠢ᠋ᠶ᠋ᠠᠷ ᠥᠩᠭᠡᠷᠡᠨ᠎ᠡ᠃ ᠣᠷᠣᠢ ᠨᠢ ᠯᠦᠸᠠᠼᠢ ᠵᠢᠪᠡᠬᠡᠢ ᠴᠠᠭᠠᠨ ᠴᠢᠷᠠᠢᠯᠠᠭᠠᠳ ᠬᠠᠷᠢᠵᠤ ᠢᠷᠡᠯ᠎ᠡ᠂ ᠶᠠᠭᠤ ᠴᠤ᠌ ᠣᠯᠤᠭᠰᠠᠨ ᠦᠭᠡᠢ᠃
《ᠨᠠᠢᠵᠠ ᠳ᠋ᠠᠭᠠᠨ ᠵᠠᠬᠢᠳᠠᠯ ᠥᠭᠭᠦᠭᠰᠡᠨ ᠳᠡᠭᠡᠷ᠎ᠡ》 ᠭᠡᠵᠦ ᠲᠡᠷᠡ ᠬᠡᠯᠡᠭᠡᠳ 《ᠰᠣᠨᠳᠣᠷ ᠤ᠋ᠨ ᠲᠣᠯᠣᠭᠠᠢ ᠨᠢ ᠡᠪᠳᠡᠷᠡᠭᠡᠳ ᠵᠠᠰᠠᠭᠤᠯᠵᠤ ᠪᠠᠢᠨ᠎ᠠ ᠭᠡᠵᠦ ᠬᠡᠯᠡ᠃ ᠢᠩᠭᠢᠪᠡᠯ ᠪᠢᠳᠡ ᠠᠷᠭ᠎ᠠ ᠡᠷᠢᠬᠦ ᠴᠠᠭ ᠲᠠᠢ ᠪᠣᠯᠤᠨ᠎ᠠ》 ᠭᠡᠪᠡ᠃
ᠮᠠᠽᠢᠯᠳ᠋ ᠲᠡᠭᠦᠨ ᠦ᠌ ᠬᠡᠯᠡᠭᠰᠡᠨ ᠶᠣᠰᠣᠭᠠᠷ ᠵᠠᠬᠢᠳᠠᠯ ᠶᠠᠪᠤᠭᠤᠯᠵᠠᠢ᠃
ᠨᠢᠭᠡ ᠭᠠᠷᠠᠭ ᠥᠩᠭᠡᠷᠡᠭᠡᠳ ᠲᠡᠳᠡᠨ ᠦ᠌ ᠠᠯᠢᠪᠠ ᠭᠣᠷᠢᠳᠠᠯᠭ᠎ᠠ ᠴᠥᠮ ᠲᠠᠰᠤᠷᠠᠪᠠ᠃
ᠯᠦᠸᠠᠼᠢ ᠲᠠᠪᠤᠨ ᠨᠠᠰᠤ ᠨᠡᠮᠡᠭᠳᠡᠨ ᠬᠥᠭᠰᠢᠷᠡᠭᠰᠡᠨ ᠰᠢᠭ ᠪᠣᠯᠵᠠᠢ᠃ ᠲᠡᠷᠡ:
《ᠠᠷᠭ᠎ᠠ ᠵᠦᠢ ᠡᠷᠢᠵᠦ ᠡᠨᠡ ᠵᠢᠮᠰᠡᠭ ᠢ᠋ ᠲᠥᠯᠥᠶ᠎ᠡ》 ᠭᠡᠵᠦ ᠰᠢᠢᠳᠦᠨ ᠬᠡᠯᠡᠪᠡ᠃
ᠳᠠᠷᠠᠭ᠎ᠠ ᠡᠳᠦᠷ ᠨᠢ᠂ ᠲᠡᠷᠡ ᠰᠣᠨᠳᠣᠷ ᠢ᠋ ᠠᠭᠤᠯᠵᠤ ᠪᠠᠢᠭᠰᠠᠨ ᠬᠠᠢᠷᠴᠠᠭ ᠢ᠋ᠶ᠋ᠠᠨ ᠠᠪᠤᠭᠠᠳ ᠬᠠᠢᠷᠴᠠᠭ ᠳᠡᠭᠡᠷᠡᠬᠢ ᠫᠠᠢᠵᠠ ᠲᠡᠮᠳᠡᠭ ᠦ᠋ᠨ ᠪᠢᠴᠢᠭᠡᠰᠦ ᠶᠣᠰᠣᠭᠠᠷ ᠲᠡᠷᠡ ᠬᠦ᠌ ᠱ᠌ᠢᠷᠦ ᠰᠤᠪᠤᠳ ᠤ᠋ᠨ ᠫᠦᠰᠡᠨ ᠳ᠋ᠦ᠍ ᠣᠴᠢᠪᠠ᠃ ᠳᠠᠩᠵᠢᠶᠠᠳ ᠵᠥᠩᠳᠡᠭᠡᠨ ᠣᠯᠠᠨ ᠳᠠᠩᠰᠠ ᠬᠠᠷ᠎ᠠ ᠤᠷᠪᠠᠭᠤᠯᠵᠤ ᠦᠵᠡᠭᠡᠳ:
《ᠬᠠᠲᠤᠭᠲᠠᠢ᠂ ᠡᠨᠡ ᠰᠣᠨᠳᠣᠷ ᠢ᠋ ᠪᠢ ᠬᠤᠳᠠᠯᠳᠤᠭᠰᠠᠨ ᠦᠭᠡᠢ᠃ ᠬᠠᠢᠷᠴᠠᠭ ᠢ᠋ ᠨᠢ ᠯᠡ ᠬᠤᠳᠠᠯᠳᠤᠭᠰᠠᠨ》 ᠭᠡᠪᠡ᠃
ᠲᠡᠭᠡᠭᠡᠳ ᠲᠡᠳᠡ ᠱ᠌ᠢᠷᠦ ᠰᠤᠪᠤᠳ ᠤ᠋ᠨ ᠡᠨᠡ ᠫᠦᠰᠡᠨ ᠡᠴᠡ ᠲᠡᠷᠡ ᠫᠦᠰᠡᠨ ᠳ᠋ᠦ᠍ ᠣᠴᠢᠵᠤ᠂ ᠴᠡᠭᠡᠵᠢᠯᠡᠵᠦ ᠪᠠᠢᠭ᠎ᠠ ᠬᠡᠮᠵᠢᠶ᠎ᠡ ᠪᠡᠷ ᠢ᠋ᠶ᠋ᠡᠨ ᠠᠳᠠᠯᠢ ᠱᠤᠤᠬᠠᠨ ᠰᠣᠨᠳᠣᠷ ᠢ᠋ ᠪᠡᠳᠡᠷᠢᠪᠡ᠃ ᠬᠣᠶᠠᠭᠤᠯᠠ ᠪᠠᠨ ᠶᠠᠳᠠᠷᠠᠬᠤ ᠶ᠋ᠢᠨ ᠶᠡᠬᠡ ᠪᠡᠷ ᠶᠠᠳᠠᠷᠠᠵᠤ᠂ ᠴᠤᠴᠠᠬᠤ ᠶ᠋ᠢᠨ ᠶᠡᠬᠡ ᠪᠡᠷ ᠴᠤᠴᠠᠵᠤ ᠡᠪᠡᠳᠴᠢᠯᠡᠨ ᠬᠡᠪᠲᠡᠬᠦ ᠳ᠋ᠦ᠍ ᠣᠢᠷᠠᠳᠴᠠᠢ᠃
ᠬᠠᠭᠠᠨ ᠤ᠋ ᠣᠷᠳᠣᠨ ᠤ᠋ ᠭᠤᠳᠤᠮᠵᠢᠨ ᠤ᠋ ᠨᠢᠭᠡ ᠫᠦᠰᠡᠨ ᠳ᠋ᠦ᠍ ᠲᠡᠳᠡᠨ ᠦ᠌ ᠪᠡᠳᠡᠷᠢᠵᠦ ᠪᠠᠢᠭᠰᠠᠨ ᠲᠠᠢ ᠨᠢ ᠶᠠᠭ ᠠᠳᠠᠯᠢ ᠠᠯᠮᠠᠰ ᠡᠷᠳᠡᠨᠢ ᠶ᠋ᠢᠨ ᠰᠣᠨᠳᠣᠷ ᠲᠡᠳᠡᠨ ᠳ᠋ᠦ᠍ ᠳᠠᠭᠠᠷᠢᠯᠳᠤᠯ᠎ᠠ᠃ ᠦᠨ᠎ᠡ ᠨᠢ ᠳᠥᠷᠪᠡᠨ ᠲᠦᠮᠡᠨ ᠹᠷᠠᠩᠺ ᠪᠠᠢᠪᠠ᠃ ᠳᠠᠩᠵᠢᠶᠠᠳ ᠦᠨ᠎ᠡ ᠪᠡᠨ ᠪᠠᠭᠤᠷᠠᠭᠤᠯᠤᠭᠠᠳ ᠭᠤᠷᠪᠠᠨ ᠲᠦᠮᠡ ᠵᠢᠷᠭᠤᠭᠠᠨ ᠮᠢᠩᠭ᠎ᠠ ᠪᠣᠯᠭᠠᠪᠠ᠃
ᠲᠡᠳᠡ ᠳᠠᠩᠵᠢᠶᠠᠳ ᠲᠤ᠌ ᠭᠤᠷᠪᠠᠨ ᠡᠳᠦᠷ ᠦ᠋ᠨ ᠳᠣᠲᠣᠷ᠎ᠠ ᠪᠤᠤ ᠬᠤᠳᠠᠯᠳᠤᠭᠠᠷᠠᠢ ᠭᠡᠵᠦ ᠭᠤᠶᠤᠵᠠᠢ᠃ ᠬᠡᠷᠪᠡ ᠬᠣᠶᠠᠳᠤᠭᠠᠷ ᠰᠠᠷ᠎ᠠ ᠶ᠋ᠢᠨ ᠰᠡᠭᠦᠯᠴᠢ ᠡᠴᠡ ᠡᠮᠦᠨ᠎ᠡ ᠤᠭ ᠤ᠋ᠨ ᠰᠣᠨᠳᠣᠷ ᠢ᠋ᠶ᠋ᠠᠨ ᠣᠯᠪᠠᠯ ᠳᠠᠩᠵᠢᠶᠠᠳ ᠡᠨᠡ ᠰᠣᠨᠳᠣᠷ ᠢ᠋ᠶ᠋ᠠᠨ ᠭᠤᠷᠪᠠᠨ ᠲᠦᠮᠡ ᠳᠥᠷᠪᠡᠨ ᠮᠢᠩᠭ᠎ᠠ ᠪᠠᠷ ᠪᠤᠴᠠᠭᠠᠨ ᠠᠪᠤᠨ᠎ᠠ ᠭᠡᠵᠦ ᠲᠡᠳᠡ ᠭᠡᠷ᠎ᠡ ᠬᠢᠵᠡᠢ᠃ ᠯᠦᠸᠠᠼᠢ ᠳ᠋ᠤ᠌ ᠡᠴᠢᠭᠡ ᠨᠢ ᠦᠯᠡᠳᠡᠭᠡᠵᠦ ᠥᠭᠭᠦᠭᠰᠡᠨ ᠨᠢᠭᠡ ᠲᠦᠮᠡ ᠨᠠᠢ᠍ᠮᠠᠨ ᠮᠢᠩᠭᠠᠨ ᠹᠷᠠᠩᠺ ᠪᠡᠯᠡᠨ ᠪᠠᠢᠪᠠ᠃ ᠥᠭᠡᠷ᠎ᠡ ᠶ᠋ᠢ ᠨᠢ ᠪᠤᠰᠤᠳ᠎ ᠡᠴᠡ ᠵᠢᠭᠡᠯᠡᠬᠦ ᠳ᠋ᠦ᠍ ᠬᠦᠷᠴᠡᠢ᠃
ᠲᠡᠷᠡ ᠵᠣᠭᠣᠰ ᠵᠢᠭᠡᠯᠡᠵᠦ ᠭᠠᠷᠤᠯ᠎ᠠ᠃ ᠡᠭᠦᠨ ᠡᠴᠡ ᠨᠢᠭᠡ ᠮᠢᠩᠭᠠᠨ ᠹᠷᠠᠩᠺ᠂ ᠲᠡᠭᠦᠨ ᠡᠴᠡ ᠲᠠᠪᠤᠨ ᠵᠠᠭᠤᠨ ᠹᠷᠠᠩᠺ᠂ ᠡᠨᠳᠡ ᠡᠴᠡ ᠲᠠᠪᠤᠨ ᠯᠤᠢᠵᠢ᠂ ᠲᠡᠨᠳᠡ ᠡᠴᠡ ᠭᠤᠷᠪᠠᠨ ᠯᠤᠢᠵᠢ ᠵᠢᠭᠡᠯᠡᠨ᠎ᠡ᠃ ᠥᠷᠢ ᠶ᠋ᠢᠨ ᠪᠠᠷᠢᠮᠲᠠ ᠳ᠋ᠤ᠌ ᠭᠠᠷ ᠤ᠋ᠨ ᠦᠰᠦᠭ ᠵᠥᠩᠳᠡᠭᠡᠨ ᠵᠢᠷᠤᠵᠤ᠂ ᠬᠥᠷᠥᠩᠭᠡ ᠪᠡᠨ ᠬᠥᠨᠲᠡᠷᠬᠦ ᠭᠡᠷ᠎ᠡ ᠪᠣᠯᠵᠣᠭ᠎ᠠ ᠠᠯᠢ ᠣᠯᠠᠨ ᠲᠣᠭᠲᠠᠪᠠ᠃ ᠲᠡᠷᠡ ᠥᠨᠳᠥᠷ ᠬᠦᠦ ᠲᠡᠢ ᠵᠢᠭᠡᠯᠡᠯᠭᠡ ᠲᠠᠯᠪᠢᠭᠴᠢ ᠪᠠ ᠡᠨᠳᠡ ᠲᠡᠨᠳᠡᠬᠢ ᠠᠳᠠᠯᠢ ᠪᠤᠰᠤ ᠤᠯᠤᠰ ᠤ᠋ᠨ ᠬᠠᠷᠢᠶᠠᠲᠤ ᠵᠢᠭᠡᠯᠡᠯᠭᠡ ᠲᠠᠯᠪᠢᠭᠴᠢ ᠲᠤᠩ ᠣᠯᠠᠨ ᠬᠥᠮᠦᠰ ᠲᠡᠢ ᠶᠠᠪᠤᠯᠴᠠᠯ᠎ᠠ᠃ ᠲᠡᠷᠡ ᠰᠡᠭᠦᠯ ᠦ᠋ᠨ ᠬᠠᠭᠠᠰ ᠨᠠᠰᠤᠨ ᠤ᠋ ᠠᠮᠢᠳᠤᠷᠠᠯ ᠢ᠋ᠶ᠋ᠠᠨ ᠴᠤ᠌ ᠪᠣᠳᠣᠬᠤ ᠴᠢᠯᠥᠭᠡ ᠦᠭᠡᠢ ᠪᠡᠷ ᠬᠦᠷᠦᠭᠰᠡᠨ ᠭᠠᠵᠠᠷ ᠪᠦᠬᠦᠨ ᠭᠠᠷ ᠤ᠋ᠨ ᠦᠰᠦᠭ ᠢ᠋ᠶ᠋ᠡᠨ ᠠᠶᠤᠯᠲᠠᠢ ᠪᠠᠷ ᠵᠢᠷᠤᠬᠤ ᠪᠣᠯᠪᠠᠴᠤ ᠢᠲᠡᠭᠡᠯ ᠢ᠋ᠶ᠋ᠡᠨ ᠬᠠᠳᠠᠭᠠᠯᠠᠵᠤ ᠴᠢᠳᠠᠬᠤ ᠡᠰᠡᠬᠦ ᠪᠡᠨ ᠴᠦ᠍ ᠦᠯᠦ ᠮᠡᠳᠡᠨ᠎ᠡ᠃ ᠢᠷᠡᠭᠡᠳᠦᠢ ᠶ᠋ᠢᠨ ᠭᠡᠮᠰᠢᠯ᠂ ᠪᠦᠬᠦ ᠪᠡᠶ᠎ᠡ ᠶ᠋ᠢ ᠨᠢ ᠣᠷᠢᠶᠠᠨ ᠠᠪᠬᠤ ᠭᠡᠵᠦ ᠪᠠᠢᠭ᠎ᠠ ᠬᠡᠷᠴᠡᠭᠡᠢ ᠰᠢᠷᠦᠭᠦᠨ ᠶᠠᠳᠠᠭᠤᠷᠠᠯ᠂ ᠪᠡᠶ᠎ᠡ ᠮᠠᠬᠠᠪᠣᠳ ᠤ᠋ᠨ ᠡᠪᠡᠷᠰᠢᠶᠡᠯ᠂ ᠣᠶᠤᠨ ᠤᠬᠠᠭᠠᠨ ᠤ᠋ ᠭᠠᠰᠠᠯᠠᠩ ᠡᠨᠡ ᠪᠦᠬᠦ ᠰᠦᠷᠳᠡᠭᠦᠯᠦᠯ ᠦ᠋ᠨ ᠳᠣᠣᠷ᠎ᠠ ᠯᠦᠸᠠᠼᠢ᠂ ᠬᠤᠳᠠᠯᠳᠤᠭᠠᠨ ᠤ᠋ ᠯᠠᠩᠭᠦᠢ ᠳᠡᠭᠡᠷ᠎ᠡ ᠭᠤᠷᠪᠠᠨ ᠲᠦᠮᠡ ᠵᠢᠷᠭᠤᠭᠠᠨ ᠮᠢᠩᠭᠠᠨ ᠹᠷᠠᠩᠺ ᠲᠠᠯᠪᠢᠭᠠᠳ ᠲᠡᠷᠡ ᠬᠦ᠌ ᠰᠢᠨ᠎ᠡ ᠰᠣᠨᠳᠣᠷ ᠢ᠋ ᠠᠪᠤᠯ᠎ᠠ᠃
ᠮᠠᠽᠢᠯᠳ᠋ ᠬᠠᠲᠤᠨ ᠰᠣᠨᠳᠣᠷ ᠢ᠋ ᠬᠦᠷᠭᠡᠵᠦ ᠣᠴᠢᠬᠤ ᠳ᠋ᠤᠨᠢ ᠹᠯᠧᠰᠵᠧ ᠬᠠᠲᠤᠨ ᠦᠯᠦ ᠲᠠᠭᠠᠰᠢᠶᠠᠭᠰᠠᠨ ᠪᠠᠢᠳᠠᠯ ᠲᠠᠢ ᠪᠠᠷ:
《ᠡᠷᠲᠡᠬᠡᠨ ᠠᠪᠴᠢᠷᠠᠵᠤ ᠥᠭᠭᠦᠭᠰᠡᠨ ᠪᠣᠯ ᠲᠠᠭᠠᠷᠠᠬᠤ ᠶᠤᠮ᠃ ᠪᠢ ᠬᠡᠷᠡᠭᠯᠡᠮᠡᠷ  ᠶᠦᠮᠰᠡᠨ》 ᠭᠡᠵᠡᠢ᠃
ᠹᠯᠧᠰᠵᠧ ᠬᠠᠲᠤᠨ ᠬᠠᠢᠷᠴᠠᠭ ᠢ᠋ ᠨᠡᠭᠡᠭᠡᠭᠰᠡᠨ ᠦᠭᠡᠢ᠂ ᠬᠡᠷᠪᠡ ᠣᠷᠣᠯᠠᠭᠤᠯᠤᠭᠰᠠᠨ ᠡᠳ᠋ ᠪᠠᠢᠬᠤ ᠶ᠋ᠢ ᠮᠡᠳᠡᠪᠡᠯ᠂ ᠲᠡᠷᠡ ᠶᠠᠭᠤ ᠰᠠᠨᠠᠬᠤ ᠪᠣᠯ? ᠶᠠᠭᠤ ᠭᠡᠬᠦ ᠪᠣᠯ? ᠡᠨᠡ ᠨᠠᠢᠵᠠ ᠶ᠋ᠢ ᠪᠡᠨ ᠬᠤᠯᠠᠭᠠᠢᠴᠢ ᠭᠡᠵᠦ ᠪᠣᠳᠣᠬᠤ ᠦᠭᠡᠢ ᠪᠠᠢᠬ᠎ᠠ ᠳᠠ ? ᠭᠡᠵᠦ ᠬᠠᠢᠷᠴᠠᠭ ᠢ᠋ ᠨᠡᠭᠡᠭᠡᠬᠦ ᠡᠴᠡ ᠨᠠᠢᠵᠠ ᠨᠢ ᠵᠣᠪᠠᠵᠤ ᠪᠠᠢᠯ᠎ᠠ᠃
ᠮᠠᠽᠢᠯᠳ᠋ ᠬᠠᠲᠤᠨ ᠦᠭᠡᠭᠦᠦ ᠬᠥᠮᠦᠨ ᠦ᠌ ᠬᠦᠴᠢᠷ ᠪᠡᠷᠬᠡᠰᠢᠶᠡᠯᠲᠦ ᠠᠮᠢᠳᠤᠷᠠᠯ ᠢ᠋ ᠮᠡᠳᠡᠵᠦ ᠢᠷᠡᠯ᠎ᠡ᠃ ᠲᠡᠭᠡᠭᠡᠳ ᠡᠷᠡᠮᠡᠬᠡᠢ ᠵᠣᠷᠢᠭ ᠢᠯᠡᠷᠡᠭᠦᠯᠵᠦ ᠡᠷᠡᠰ ᠰᠢᠭᠤᠷᠬᠠᠢ ᠰᠠᠨᠠᠭ᠎ᠠ ᠲᠣᠭᠲᠠᠨ ᠡᠨᠡ ᠬᠦ᠌ ᠠᠶᠤᠮᠰᠢᠭᠲᠤ ᠥᠷᠢ ᠶ᠋ᠢ ᠲᠥᠯᠥᠬᠦ ᠪᠣᠯᠵᠠᠢ᠃ ᠠᠷᠭ᠎ᠠ ᠰᠠᠮᠪᠠᠭ᠎ᠠ ᠭᠠᠷᠭᠠᠨ ᠲᠥᠯᠥᠵᠦ ᠡᠬᠢᠯᠡᠪᠡ᠃ ᠰᠢᠪᠡᠭᠴᠢᠨ ᠢ᠋ᠶ᠋ᠡᠨ ᠶᠠᠪᠤᠭᠤᠯᠤᠭᠠᠳ᠂ ᠣᠷᠣᠨ ᠰᠠᠭᠤᠴᠠ ᠰᠢᠯᠵᠢᠭᠦᠯᠵᠦ ᠪᠢᠴᠢᠬᠠᠨ ᠰᠠᠷᠠᠪᠴᠢᠨ ᠤ᠋ ᠠᠰᠠᠷ ᠢ᠋ ᠬᠥᠯᠥᠰᠥᠯᠡᠨ ᠰᠠᠭᠤᠪᠠ᠃
ᠮᠠᠽᠢᠯᠳ᠋ ᠭᠡᠷ ᠦ᠋ᠨ ᠳᠣᠲᠣᠷᠠᠬᠢ ᠠᠯᠢᠪᠠ ᠪᠣᠷᠣ ᠪᠦᠳᠦᠭᠦᠨ ᠠᠵᠢᠯ ᠪᠠ ᠲᠣᠭᠣᠭᠠᠨ ᠭᠡᠷ ᠦ᠋ᠨ ᠶᠠᠷᠰᠢᠭ ᠲᠠᠢ ᠠᠷᠰᠠᠷ ᠠᠵᠢᠯ ᠢ᠋ ᠮᠡᠳᠡᠵᠦ ᠠᠪᠤᠯ᠎ᠠ᠃ ᠠᠶᠠᠭ᠎ᠠ ᠰᠢᠨᠠᠭ᠎ᠠ᠂ ᠫᠢᠯᠠ ᠲᠠᠪᠠᠭ ᠤᠭᠠᠭᠰᠠᠭᠠᠷ ᠲᠣᠰᠣ ᠪᠣᠯᠤᠭᠰᠠᠨ ᠫᠧᠩᠰᠡᠨ ᠦ᠌ ᠠᠮᠠᠰᠠᠷ᠂ ᠲᠣᠭᠣᠭᠠᠨ ᠤ᠋ ᠢᠷᠣᠭᠠᠷ ᠲᠤ᠌ ᠦᠷᠦᠭᠳᠡᠵᠦ ᠲᠡᠭᠦᠨ ᠦ᠌ ᠪᠤᠯᠪᠠᠷᠠᠢ ᠴᠠᠭᠠᠨ ᠭᠠᠷ ᠪᠦᠳᠦᠭᠦᠨ ᠬᠦᠳᠡᠷ ᠪᠣᠯᠤᠯ᠎ᠠ᠃ ᠬᠤᠵᠢᠷ ᠢ᠋ᠶ᠋ᠠᠷ ᠬᠠᠨᠲᠠᠭᠠᠵᠠ ᠤᠭᠠᠵᠤ᠂ ᠵᠦᠯᠭᠦᠭᠦᠷ ᠤᠭᠠᠵᠤ᠂ ᠣᠯᠣᠰᠣᠨ ᠳᠡᠭᠡᠰᠦᠨ ᠳᠡᠭᠡᠷ᠎ᠡ ᠳᠡᠯᠭᠡᠨ ᠬᠠᠲᠠᠭᠠᠨ᠎ᠠ᠃ ᠥᠷᠯᠥᠭᠡ ᠪᠦᠷᠢ ᠬᠣᠭ ᠨᠣᠪᠰᠢ ᠪᠠᠨ ᠠᠰᠠᠷ ᠤ᠋ᠨ ᠭᠤᠳᠤᠮᠵᠢᠨ ᠳ᠋ᠤ᠌ ᠠᠪᠠᠴᠢᠵᠤ᠂ ᠠᠰᠠᠷ ᠤ᠋ᠨ ᠳᠣᠣᠷ᠎ᠠ᠎ ᠡᠴᠡ ᠤᠰᠤ ᠠᠪᠴᠤ ᠠᠰᠠᠷ ᠳᠡᠭᠡᠷ᠎ᠡ ᠭᠠᠷᠭᠠᠨ᠎ᠠ᠂ ᠢᠩᠭᠢᠵᠦ ᠠᠰᠠᠷ ᠢ᠋ ᠳᠡᠭᠡᠭᠰᠢ ᠳᠣᠭᠣᠭᠰᠢ ᠰᠢᠪᠲᠤ ᠶᠠᠪᠤᠬᠤ ᠳ᠋ᠠᠭᠠᠨ ᠬᠠᠶᠠ ᠵᠣᠭᠰᠣᠵᠤ ᠠᠮᠢᠰᠬᠤᠭ᠎ᠠ ᠠᠪᠤᠨ᠎ᠠ᠃ ᠲᠡᠷᠡ ᠶᠠᠳᠠᠭᠤ ᠵᠦᠳᠡᠭᠦᠦ ᠡᠮᠡᠭᠲᠡᠢ ᠲᠡᠢ ᠠᠳᠠᠯᠢ ᠬᠤᠪᠴᠠᠯᠠᠵᠤ᠂ ᠰᠠᠭᠰᠤ ᠲᠣᠬᠣᠢᠯᠠᠨ ᠵᠢᠮᠢᠰ ᠦ᠋ᠨ ᠫᠦᠰᠡ᠂ ᠠᠬᠠᠷ ᠰᠠᠬᠠᠷ ᠬᠡᠷᠡᠭᠯᠡᠬᠦᠨ ᠦ᠌ ᠳᠡᠯᠭᠡᠭᠦᠷ᠂ ᠮᠢᠬᠠᠨ ᠤ᠋ ᠬᠤᠳᠠᠯᠳᠤᠭ᠎ᠠ ᠪᠠᠷ ᠶᠠᠪᠤᠵᠤ ᠦᠨ᠎ᠡ ᠪᠤᠯᠢᠶᠠᠯᠳᠤᠨ ᠡᠯᠡᠭᠯᠡᠯ ᠬᠠᠷᠢᠶᠠᠯ ᠬᠦᠯᠢᠶᠡᠵᠦ᠂ ᠲᠡᠷᠡ ᠬᠦ᠌ ᠬᠣᠮᠰᠠ ᠮᠥᠩᠭᠥ ᠪᠡᠨ ᠨᠢᠭᠡ ᠮᠥᠩᠭᠥ ᠨᠢᠭᠡ ᠮᠥᠩᠭᠥ ᠪᠡᠷ ᠠᠷᠪᠢᠯᠠᠨ᠎ᠠ᠃
ᠰᠠᠷ᠎ᠠ ᠪᠦᠷᠢ ᠬᠠᠭᠤᠴᠢᠨ ᠥᠷᠢ ᠶ᠋ᠢᠨ ᠢ᠋ᠶ᠋ᠡᠨ ᠨᠢᠭᠡ ᠬᠡᠰᠡᠭ ᠢ᠋ ᠲᠥᠯᠥᠵᠦ᠂ ᠨᠢᠭᠡ ᠪᠠᠭ᠎ᠠ ᠰᠢᠨ᠎ᠡ ᠥᠷᠢ ᠲᠠᠯᠪᠢᠨ᠎ᠠ᠂ ᠢᠩᠭᠢᠵᠦ ᠲᠥᠯᠥᠬᠦ ᠬᠤᠭᠤᠴᠠᠭ᠎ᠠ ᠪᠠᠨ ᠤᠷᠲᠤᠳᠬᠠᠨ᠎ᠠ᠃
ᠨᠥᠬᠥᠷ ᠨᠢ ᠣᠷᠣᠢ ᠪᠣᠯᠭᠠᠨ ᠠᠷᠠᠯᠵᠢᠶᠠᠴᠢᠨ ᠤ᠋ ᠳᠠᠩᠰᠠ ᠬᠠᠷ᠎ᠠ ᠶ᠋ᠢ ᠬᠠᠭᠤᠯᠤᠨ᠎ᠠ᠃ ᠦᠷᠭᠦᠯᠵᠢ ᠰᠥᠨᠢ ᠳᠦᠯᠢ ᠪᠣᠯᠲᠠᠯ᠎ᠠ ᠨᠢᠭᠡ ᠨᠢᠭᠤᠷ ᠲᠠᠭᠠᠨ ᠲᠠᠪᠤᠨ ᠮᠥᠩᠭᠥᠨ ᠦ᠌ ᠬᠥᠯᠥᠰᠥ ᠲᠡᠢ ᠡᠬᠡ ᠨᠣᠣᠷᠠᠭ ᠢ᠋ ᠰᠡᠢᠷᠡᠭᠦᠯᠦᠨ ᠪᠢᠴᠢᠨ᠎ᠡ᠃
ᠡᠢᠮᠦᠷᠬᠦᠦ ᠠᠮᠢᠳᠤᠷᠠᠯ ᠠᠷᠪᠠᠨ ᠵᠢᠯ ᠦᠷᠭᠦᠯᠵᠢᠯᠡᠯ᠎ᠡ᠃
ᠠᠷᠪᠠᠳᠤᠭᠠᠷ ᠵᠢᠯ ᠦ᠋ᠨ ᠵᠢᠯ ᠦ᠋ᠨ ᠡᠴᠦᠰ ᠲᠦ᠍ ᠥᠷᠢ ᠪᠡᠨ ᠲᠥᠯᠥᠵᠦ ᠳᠠᠭᠤᠰᠬᠠᠪᠠ᠃ ᠲᠡᠷᠡ ᠬᠦ᠌ ᠥᠨᠳᠥᠷ ᠬᠦᠦ ᠬᠢᠭᠡᠳ ᠬᠦᠦ ᠡᠴᠡ ᠨᠢ ᠬᠦᠦ ᠲᠥᠷᠥᠭᠰᠡᠨ ᠢ᠋ ᠬᠦᠷᠲᠡᠯ᠎ᠡ ᠴᠥᠮ ᠲᠥᠯᠥᠵᠦ ᠪᠠᠷᠠᠯ᠎ᠠ᠃
ᠮᠠᠽᠢᠯᠳ᠋ ᠬᠠᠲᠤᠨ ᠡᠳᠦᠭᠡ ᠮᠡᠳᠡᠭᠳᠡᠬᠦᠢᠴᠡ ᠬᠥᠭᠰᠢᠷᠡᠵᠡᠢ᠃ ᠣᠳᠣ ᠦᠭᠡᠭᠦᠦ ᠶᠠᠳᠠᠭᠤ ᠭᠡᠷ ᠦ᠋ᠨ ᠬᠦᠳᠡᠷ ᠴᠢᠬᠢᠷᠡᠭ ᠬᠥᠳᠡᠯᠮᠦᠷᠢᠴᠢ ᠪᠦᠰᠡᠭᠦᠢ ᠪᠣᠯᠵᠠᠢ᠃ ᠦᠰᠦ ᠪᠡᠨ ᠬᠠᠰᠢ ᠶᠠᠰᠢᠬᠠᠨ ᠣᠷᠢᠶᠠᠵᠤ᠂ ᠠᠯᠴᠢᠭᠤᠷ ᠢ᠋ᠶ᠋ᠠᠨ ᠬᠡᠯᠲᠡᠷᠬᠡᠢ ᠬᠠᠵᠠᠭᠠᠢᠬᠠᠨ ᠪᠣᠭᠣᠵᠤ᠂ ᠮᠣᠨᠴᠣᠭᠣᠷ ᠬᠦᠷᠢᠨ ᠭᠠᠷ ᠢ᠋ᠶ᠋ᠠᠨ ᠭᠠᠷᠭᠠᠨ᠂ ᠳᠡᠭᠡᠷ᠎ᠡ ᠳᠠᠭᠤ ᠪᠠᠷ ᠦᠭᠡ ᠶᠠᠷᠢᠵᠤ᠂ ᠲᠣᠮᠣ ᠰᠠᠭᠤᠯᠠᠭ᠎ᠠ ᠲᠠᠢ ᠤᠰᠤ ᠪᠠᠷ ᠱᠠᠯᠠ ᠤᠭᠠᠵᠤ ᠶᠠᠪᠤᠳᠠᠭ ᠪᠣᠯᠵᠠᠢ᠃ ᠭᠡᠲᠡᠯ᠎ᠡ ᠵᠠᠷᠢᠮ ᠦᠶᠡᠰ ᠨᠥᠬᠥᠷ ᠢ᠋ᠶ᠋ᠡᠨ ᠠᠵᠢᠯ ᠳ᠋ᠤ᠌ ᠶᠠᠪᠤᠭᠰᠠᠨ ᠤ᠋ ᠰᠡᠭᠦᠯᠡᠷ ᠴᠣᠩᠬᠣᠨ ᠤ᠋ ᠳᠡᠷᠭᠡᠳᠡ ᠭᠠᠭᠴᠠᠭᠠᠷ ᠢ᠋ᠶ᠋ᠠᠨ ᠰᠠᠭᠤᠵᠤ᠂ ᠲᠡᠷᠡ ᠣᠷᠣᠢ ᠬᠡᠴᠢᠨᠡᠨ ᠭᠤᠸ᠎ᠠ ᠦᠵᠡᠰᠬᠦᠯᠡᠩ᠂ ᠬᠥᠮᠦᠨ ᠳ᠋ᠦ᠍ ᠬᠡᠴᠢᠨᠡᠨ ᠲᠠᠴᠢᠶᠠᠭᠳᠠᠵᠤ ᠪᠠᠢᠯ᠎ᠠ ᠳᠠ ! ᠭᠡᠵᠦ ᠲᠡᠷᠡ ᠵᠢᠯ ᠦ᠋ᠨ ᠦᠳᠡᠰᠢᠯᠡᠭᠡ ᠶ᠋ᠢ ᠰᠠᠨᠠᠭᠠᠯᠵᠠᠨ᠎ᠠ᠃
ᠲᠡᠷᠡ ᠦᠶᠡᠰ ᠬᠡᠷᠪᠡ ᠰᠣᠨᠳᠣᠷ ᠢ᠋ ᠭᠡᠭᠡᠭᠰᠡᠨ ᠦᠭᠡᠢ ᠰᠠᠨ ᠪᠣᠯ ᠮᠠᠽᠢᠯᠳ᠋ ᠣᠳᠣ ᠶᠠᠮᠠᠷᠰᠢᠤ ᠪᠠᠢᠬᠤ ᠪᠣᠯ? ᠬᠡᠨ ᠮᠡᠳᠡᠬᠦ ᠪᠣᠢ? ᠬᠥᠮᠦᠨ ᠦ᠌ ᠶᠠᠪᠤᠳᠠᠯ ᠬᠡᠴᠢᠨᠡᠨ ᠵᠢᠭᠲᠡᠢ᠂ ᠬᠡᠴᠢᠨᠡᠨ ᠣᠭᠣᠰᠣᠷ ᠪᠠᠷᠢᠭᠤᠯ ᠦᠭᠡᠢ ᠪᠠᠢᠳᠠᠭ ᠶᠤᠮ ᠪᠣᠢ? ᠥᠴᠦᠬᠡᠨ ᠪᠠᠭ᠎ᠠ ᠤᠴᠢᠷ ᠲᠤ᠌ ᠴᠢᠮᠠᠶ᠋ᠢ ᠲᠠᠮᠤᠯᠠᠵᠤ ᠴᠤ᠌ ᠪᠣᠯᠤᠨ᠎ᠠ᠂ ᠴᠢᠮᠠᠶ᠋ᠢ ᠵᠢᠷᠭᠠᠭᠤᠯᠵᠤ ᠴᠤ᠌ ᠪᠣᠯᠤᠨ᠎ᠠ!
ᠨᠢᠭᠡ ᠭᠠᠷᠠᠭ ᠤ᠋ᠨ ᠡᠳᠦᠷ ᠮᠠᠽᠢᠯᠳ᠋ ᠬᠥᠭᠵᠢᠶᠡᠨᠲᠦ ᠴᠡᠴᠡᠷᠯᠢᠭ ᠲᠦ᠍ ᠣᠴᠢᠵᠤ ᠵᠤᠭᠠᠯᠠᠨ᠂ ᠨᠢᠭᠡᠨ ᠭᠠᠷᠠᠭ ᠤ᠋ᠨ ᠶᠠᠳᠠᠷᠠᠭ᠎ᠠ ᠪᠠᠨ ᠭᠠᠷᠭᠠᠵᠤ ᠶᠠᠪᠤᠪᠠ᠃ ᠲᠡᠭᠡᠵᠦ ᠪᠠᠢᠲᠠᠯ᠎ᠠ ᠬᠡᠦᠬᠡᠳ ᠳᠠᠭᠠᠭᠤᠯᠤᠭᠰᠠᠨ ᠨᠢᠭᠡ ᠡᠬᠡᠨᠡᠷ ᠵᠤᠭᠠᠴᠠᠵᠤ ᠶᠠᠪᠤᠬᠤ ᠶ᠋ᠢ ᠭᠡᠨᠡᠳᠲᠡ ᠠᠵᠢᠪᠠ᠃ ᠶᠡᠷᠦ ᠨᠢ ᠬᠠᠷᠢᠨ ᠹᠯᠧᠰᠵᠧ ᠬᠠᠲᠤᠨ ᠪᠠᠢᠭᠰᠠᠨ ᠪᠥᠭᠡᠳ ᠲᠡᠷᠡ ᠮᠥᠨ ᠵᠠᠯᠠᠭᠤ ᠪᠠᠷ ᠢ᠋ᠶ᠋ᠠᠨ᠂ ᠰᠡᠳᠬᠢᠯ ᠬᠥᠳᠡᠯᠭᠡᠮ᠎ᠡ ᠰᠠᠢᠬᠠᠨ ᠢ᠋ᠶ᠋ᠠᠷ ᠢ᠋ᠶ᠋ᠠᠨ ᠪᠠᠢᠯ᠎ᠠ᠃
ᠮᠠᠽᠢᠯᠳ᠋ ᠬᠠᠲᠤᠨ ᠤ᠋ ᠰᠡᠳᠬᠢᠯ ᠬᠢᠵᠠᠭᠠᠯᠠᠰᠢ ᠦᠭᠡᠢ ᠬᠥᠳᠡᠯᠪᠡ᠃ ᠬᠦᠷᠴᠦ ᠣᠴᠢᠭᠠᠳ ᠹᠯᠧᠰᠵᠧ ᠬᠠᠲᠤᠨ ᠲᠠᠢ ᠦᠭᠡ ᠶᠠᠷᠢᠨ᠎ᠠ ᠤᠤ? ᠶᠠᠷᠢᠶᠠᠨ ᠦᠭᠡᠢ ᠵᠠᠪᠠᠯ ᠣᠴᠢᠬᠤ ᠬᠡᠷᠡᠭᠲᠡᠢ᠃ ᠲᠡᠷᠡ ᠥᠷᠢ ᠲᠥᠯᠥᠭᠡᠰᠦ ᠪᠡᠨ ᠴᠥᠮ ᠲᠥᠯᠦᠴᠢᠬᠡᠭᠰᠡᠨ ᠪᠣᠯᠬᠣᠷ ᠲᠡᠭᠦᠨ ᠢ᠋ᠶ᠋ᠡᠨ ᠴᠥᠮ ᠢ᠋ ᠲᠣᠭᠠᠴᠢᠵᠤ ᠪᠣᠯᠤᠨ᠎ᠠ᠂ ᠶᠠᠭᠠᠬᠢᠭᠠᠳ ᠪᠣᠯᠬᠤ ᠦᠭᠡᠢ ᠪᠢᠯᠡ?
ᠲᠡᠷᠡ ᠬᠦᠷᠦᠭᠡᠳ ᠣᠴᠢᠪᠠ᠃
《ᠴᠢ ᠰᠠᠢᠨ ᠤᠤ᠂ ᠵᠢᠶᠠᠨ᠋ᠧ᠃ 》
ᠨᠥᠭᠥᠭᠡᠳᠡᠬᠢ ᠨᠢ ᠲᠡᠭᠦᠨ ᠢ᠋ ᠣᠭᠲᠣᠬᠠᠨ ᠴᠤ᠌ ᠲᠠᠨᠢᠭᠰᠠᠨ ᠦᠭᠡᠢ᠃ ᠡᠭᠡᠯ ᠠᠷᠠᠳ ᠤ᠋ᠨ ᠨᠢᠭᠡ ᠡᠬᠡᠨᠡᠷ ᠢᠩᠭᠢᠵᠦ ᠳᠣᠲᠣᠨᠣᠴᠢᠷᠬᠠᠨ ᠳᠠᠭᠤᠳᠠᠭᠰᠠᠨ ᠳ᠋ᠤ᠌ ᠲᠡᠷᠡ ᠤᠴᠢᠷ ᠦᠭᠡᠢ ᠰᠣᠴᠢᠵᠠᠢ᠃
《ᠭᠡᠪᠡᠴᠦ ᠁ ᠬᠠᠲᠤᠭᠲᠠᠢ ᠁ ᠪᠢ ᠮᠡᠳᠡᠬᠦ ᠦᠭᠡᠢ ᠁ ᠴᠢ ᠯᠠᠪ ᠠᠨᠳᠠᠭᠤᠷᠠᠭ᠎ᠠ ᠪᠢᠵᠡ》 ᠭᠡᠵᠦ ᠲᠡᠷᠡ ᠡᠭᠡᠷᠡᠨ ᠲᠡᠭᠡᠷᠡᠨ ᠬᠡᠯᠡᠪᠡ᠃
《ᠠᠨᠳᠠᠭᠤᠷᠠᠭ᠎ᠠ ᠦᠭᠡᠢ᠃ ᠪᠢ ᠮᠠᠽᠢᠯᠳ᠋ ᠯᠦᠸᠠᠼᠢ ᠮᠥᠨ᠃ 》
ᠨᠠᠢᠵᠠ ᠨᠢ ᠬᠠᠰᠬᠢᠷᠴᠤ ᠠᠪᠤᠭᠠᠳ:
《ᠠ! ᠁ᠮᠢᠨᠦ ᠬᠥᠭᠡᠷᠦᠬᠦᠢ ᠮᠠᠽᠢᠯᠳ᠋ ᠴᠢ ᠶᠠᠭᠠᠬᠢᠭᠠᠳ ᠡᠢᠮᠦ ᠪᠣᠯᠴᠢᠬᠠᠪᠠ! ᠁》 ᠭᠡᠯ᠎ᠡ᠃
《ᠲᠡᠢᠮᠦ ᠠ᠋᠂ ᠣᠯᠠᠨ ᠵᠢᠯ ᠠᠭᠤᠯᠵᠠᠭᠰᠠᠨ ᠦᠭᠡᠢ᠂ ᠡᠳᠡᠭᠡᠷ ᠵᠢᠯ ᠦ᠋ᠳ ᠲᠦ᠍ ᠪᠢ ᠭᠠᠰᠢᠭᠤᠨ ᠵᠦᠳᠡᠭᠦᠷᠢ ᠶ᠋ᠢ ᠵᠥᠩᠳᠡᠭᠡᠨ ᠠᠮᠰᠠᠯ᠎ᠠ᠃ ᠬᠠᠷᠢᠨ ᠴᠥᠮ ᠴᠢᠨᠦ ᠤᠴᠢᠷ ᠢ᠋ᠶ᠋ᠠᠷ ᠰᠢᠦ! ᠁》
《ᠮᠢᠨᠦ ᠤᠴᠢᠷ ᠢ᠋ᠶ᠋ᠠᠷ ᠭᠡᠨ᠎ᠡ? ᠁ ᠡᠨᠡ ᠶᠠᠭᠤ ᠭᠡᠰᠡᠨ ᠦᠭᠡ ᠪᠣᠢ?》
《ᠴᠢ ᠨᠠᠳᠠ ᠵᠢᠭᠡᠯᠡᠭᠦᠯᠵᠦ ᠥᠭᠭᠦᠭᠰᠡᠨ ᠲᠡᠷᠡ ᠰᠣᠨᠳᠣᠷ ᠢ᠋ᠶ᠋ᠠᠨ ᠮᠠᠷᠲᠠᠭ᠎ᠠ ᠦᠭᠡᠢ ᠪᠢᠵᠡ᠂ ᠰᠤᠷᠭᠠᠨ ᠬᠥᠮᠦᠵᠢᠯ ᠦ᠋ᠨ ᠶᠠᠮᠤᠨ ᠤ᠋ ᠦᠳᠡᠰᠢᠯᠡᠭᠡ ᠳ᠋ᠦ᠍ ᠣᠴᠢᠬᠤ ᠳ᠋ᠠᠭᠠᠨ ᠮᠢᠨᠦ ᠵᠡᠭᠦᠭᠰᠡᠨ ᠲᠡᠷᠡ᠃ 》
《ᠮᠠᠷᠲᠠᠭ᠎ᠠ ᠦᠭᠡᠢ᠃ ᠶᠠᠭᠠᠬᠢᠭ᠎ᠠ ᠭᠡᠵᠦ?》
《ᠶᠠᠭᠠᠬᠢᠭ᠎ᠠ ᠭᠡᠵᠦ ᠭᠡᠨ᠎ᠡ? ᠪᠢ ᠲᠡᠭᠦᠨ ᠢ᠋ ᠴᠢᠨᠢ ᠭᠡᠭᠡᠴᠢᠬᠡᠭᠰᠡᠨ᠃ 》
《ᠬᠠᠮᠢᠭ᠎ᠠ᠎ ᠡᠴᠡ ᠳᠠ ! ᠴᠢ ᠬᠡᠵᠢᠶᠡᠨᠡᠢ ᠨᠠᠳᠠ ᠪᠤᠴᠠᠭᠠᠭᠠᠳ ᠥᠭᠭᠦᠭᠰᠡᠨ ᠯᠡ ᠳᠡ᠃ 》
《ᠮᠢᠨᠦ ᠴᠢᠮ᠎ᠠ ᠳ᠋ᠤ᠌ ᠪᠤᠴᠠᠭᠠᠵᠤ ᠥᠭᠭᠦᠭᠰᠡᠨ ᠨᠢ ᠥᠭᠡᠷ᠎ᠡ ᠨᠢᠭᠡ᠂ ᠴᠢᠨᠦᠬᠢ ᠲᠡᠢ ᠡᠭᠡᠭᠡ ᠢᠵᠢᠯ ᠶᠦᠮ᠃ ᠴᠢ ᠪᠣᠳᠣ ᠳᠠ᠂ ᠪᠢᠳᠡ ᠠᠷᠪᠠᠨ ᠵᠢᠯ ᠦ᠋ᠨ ᠬᠦᠴᠦ ᠬᠥᠳᠡᠯᠮᠦᠷᠢ ᠪᠡᠷ ᠲᠡᠭᠦᠨ ᠦ᠌ ᠦᠨ᠎ᠡ ᠥᠷᠲᠡᠭ ᠢ᠋ ᠰᠠᠶᠢ ᠲᠥᠯᠥᠵᠦ ᠳᠠᠭᠤᠰᠤᠯ᠎ᠠ᠃ ᠴᠢᠨᠦ ᠮᠡᠳᠡᠭᠡᠵᠢ ᠪᠡᠷ ᠪᠢᠳᠡ ᠮᠡᠲᠦ ᠶ᠋ᠢᠨ ᠶᠠᠭᠤ ᠴᠤ᠌ ᠦᠭᠡᠢ ᠬᠥᠮᠦᠨ ᠳ᠋ᠦ᠍ ᠡᠨᠡ ᠬᠠᠷᠢᠨ ᠬᠢᠯᠪᠠᠷ ᠬᠡᠷᠡᠭ ᠪᠢᠰᠢ ᠰᠢᠦ! ᠁ ᠭᠡᠪᠡᠴᠦ ᠬᠡᠷᠡᠭ ᠤᠴᠢᠷ ᠲᠣᠭᠣᠷᠢᠨ ᠥᠩᠭᠡᠷᠡᠵᠡᠢ᠂ ᠪᠢ ᠴᠦ᠍ ᠲᠤᠩ ᠪᠠᠶᠠᠷᠲᠠᠢ ᠪᠠᠢᠨᠠᠮ᠃ 》
ᠹᠯᠧᠰᠵᠧ ᠬᠠᠲᠤᠨ ᠠᠯᠬᠤᠬᠤ ᠪᠠᠨ ᠵᠣᠭᠰᠣᠭᠠᠳ:
《ᠴᠢ ᠨᠢᠭᠡ ᠡᠷᠳᠡᠨᠢ ᠶ᠋ᠢᠨ ᠰᠣᠨᠳᠣᠷ ᠬᠤᠳᠠᠯᠳᠤᠵᠤ ᠠᠪᠤᠭᠠᠳ ᠨᠠᠳᠠ ᠲᠥᠯᠥᠭᠰᠡᠨ ᠭᠡᠵᠦ ᠴᠢ ᠬᠡᠯᠡᠪᠡ ᠦᠦ?》 ᠭᠡᠪᠡ᠃
《ᠲᠡᠢᠮᠦ ᠲᠡᠢᠮᠦ᠃ ᠴᠢ ᠲᠡᠷᠡ ᠦᠶᠡᠰ ᠮᠡᠳᠡᠭᠰᠡᠨ ᠦᠭᠡᠢ ᠭᠡᠵᠦ ᠦᠦ? ᠢᠬᠡᠷ᠎ᠡ ᠶᠦᠮ ᠰᠢᠭ ᠢᠵᠢᠯ ᠶᠦᠮ ᠴᠢᠨᠢ ᠳᠡ᠃ 》
ᠲᠡᠭᠡᠭᠡᠳ ᠮᠠᠽᠢᠯᠳ᠋ ᠴᠢᠩ ᠦᠨᠡᠨᠴᠢ ᠰᠡᠳᠬᠢᠯ ᠢ᠋ᠶ᠋ᠡᠷ ᠢᠨᠢᠶᠡᠪᠡ᠃
ᠹᠯᠧᠰᠵᠧ ᠬᠠᠲᠤᠨ ᠤ᠋ ᠰᠡᠳᠬᠢᠯ ᠬᠦᠴᠦᠲᠡᠢ ᠳᠣᠭᠳᠣᠯᠵᠤ᠂ ᠬᠣᠶᠠᠷ ᠭᠠᠷ ᠢ᠋ ᠨᠢ ᠠᠳᠬᠤᠵᠤ ᠠᠪᠤᠭᠠᠳ:
《ᠠᠢ!ᠮᠢᠨᠦ ᠬᠥᠭᠡᠷᠦᠬᠦᠢ ᠮᠠᠽᠢᠯᠳ᠋! ᠬᠠᠷᠢᠨ ᠮᠢᠨᠦ ᠲᠡᠷᠡ ᠰᠣᠨᠳᠣᠷ ᠬᠠᠭᠤᠷᠮᠠᠭ ᠡᠳ᠋ ᠶᠦᠮ᠃ ᠭᠠᠢᠭᠤᠢ ᠳ᠋ᠠᠭᠠᠨ ᠲᠠᠪᠤᠨ ᠵᠠᠭᠤᠨ ᠹᠷᠠᠩᠺ ᠬᠦᠷᠦᠨ᠎ᠡ! ᠁》 ᠭᠡᠪᠡ᠃