ᠢᠨᠢᠶᠡᠪᠡᠯ ᠵᠠᠯᠠᠭᠤᠵᠢᠨ᠎ᠠ - ᠳ᠋᠊ ᠂ ᠨᠠᠸᠠᠩᠰᠦ᠋ᠷᠦᠩ Инээвэл залуужна - Д ᠂ Наваансүрэн ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠨᠢᠶᠡᠪᠡᠯ ᠵᠠᠯᠠᠭᠤᠵᠢᠨ᠎ᠠ - ᠳ᠋᠊ ᠂ ᠨᠠᠸᠠᠩᠰᠦ᠋ᠷᠦᠩ Инээвэл залуужна - Д ᠂ Наваансүрэн

ᠢᠨᠢᠶᠡᠪᠡᠯ ᠵᠠᠯᠠᠭᠤᠵᠢᠨ᠎ᠠ - ᠳ᠋᠊ ᠂ ᠨᠠᠸᠠᠩᠰᠦ᠋ᠷᠦᠩ Инээвэл залуужна - Д ᠂ Наваансүрэн

ᠠᠩᠭᠢᠯᠠᠯ:ᠬᠣᠱᠣᠩ ᠱᠣᠭ
2023-06-10

286

ᠢᠨᠢᠶᠡᠪᠡᠯ ᠵᠠᠯᠠᠭᠤᠵᠢᠨ᠎ᠠ

 
 ᠮᠣᠩᠭᠣᠯ ᠠᠷᠠᠳ ᠤ᠋ᠨ ᠬᠤᠪᠢᠰᠬᠠᠯ ᠤ᠋ᠨ ᠢᠷᠠᠭᠤ ᠠᠯᠳᠠᠷᠲᠤ ᠵᠢᠷᠠᠨ ᠵᠢᠯ ᠦ᠋ᠨ ᠣᠢ ᠶ᠋ᠢᠨ ᠪᠠᠶᠠᠷ ᠢ᠋ᠶ᠋ᠠᠨ ᠴᠣᠭ ᠵᠢᠪᠬᠤᠯᠠᠩᠲᠤ ᠲᠡᠮᠳᠡᠭᠯᠡᠵᠦ ᠪᠠᠢᠭ᠎ᠠ ᠡᠷᠬᠢᠮ ᠬᠦᠨᠳᠦᠲᠦ ᠤᠩᠰᠢᠭᠴᠢᠳ ᠲᠠ ᠪᠦᠬᠦᠨ ᠳ᠋ᠡᠭᠡᠨ ᠮᠣᠩᠭᠣᠯ ᠤ᠋ᠨ ᠱᠣᠭ ᠬᠣᠱᠣᠩ ᠵᠣᠬᠢᠶᠠᠯ ᠤ᠋ᠨ ᠢ᠋ᠶ᠋ᠠᠨ ᠳᠡᠭᠡᠵᠢ ᠶ᠋ᠢ ᠡᠷᠭᠦᠨ ᠪᠠᠷᠢᠵᠤ ᠪᠠᠢᠨ᠎ᠠ ᠃
 ᠡᠨᠡ ᠨᠣᠮ ᠪᠣᠯ ᠡᠯᠳᠡᠪ ᠳᠤᠲᠠᠭᠳᠠᠯ ᠢ᠋ ᠱᠣᠭ ᠬᠣᠱᠣᠩ ᠢᠨᠢᠶᠡᠳᠦ ᠪᠡᠷ ᠠᠨᠠᠭᠠᠵᠤ ᠢᠷᠡᠭᠰᠡᠨ ᠠᠷᠠᠳ ᠲᠦᠮᠡᠨ ᠪ ᠪᠡᠨ ᠰᠠᠢᠬᠠᠨ ᠤᠯᠠᠮᠵᠢᠯᠠᠯ ᠢ᠋ ᠮᠣᠩᠭᠣᠯ ᠤ᠋ᠨ ᠰᠢᠨ᠎ᠡ ᠤᠳᠬ᠎ᠠ ᠵᠣᠬᠢᠶᠠᠯ ᠥᠪᠯᠡᠨ ᠠᠪᠴᠤ ᠬᠥᠭᠵᠢᠭᠦᠯᠵᠦ᠂ ᠮᠠᠨ ᠪ ᠤᠷᠤᠭᠰᠢᠯᠠᠬᠤ ᠬᠥᠳᠡᠯᠭᠡᠭᠡᠨ ᠳ᠋ᠦ᠍ ᠰᠠᠭᠠᠳ ᠲᠣᠳᠬᠠᠷ ᠪᠣᠯᠤᠭᠰᠠᠨ ᠰᠠᠭᠠᠷ ᠮᠠᠭᠤ ᠶ᠋ᠢ ᠠᠷᠢᠯᠭᠠᠨ ᠵᠠᠰᠠᠬᠤ ᠶ᠋ᠢᠨ ᠲᠥᠯᠥᠭᠡ ᠲᠡᠮᠡᠴᠡᠵᠦ ᠂ ᠨᠠᠮ ᠤ᠋ᠨ ᠢ᠋ᠶ᠋ᠠᠨ ᠦᠵᠡᠯ ᠰᠤᠷᠲᠠᠯ ᠤ᠋ᠨ ᠳᠠᠢᠴᠢᠨ ᠬᠤᠷᠴᠠ ᠵᠡᠪᠰᠡᠭ ᠦ᠋ᠨ ᠡᠭᠦᠷᠭᠡ ᠶ᠋ᠢ ᠪᠡᠶᠡᠯᠡᠭᠦᠯᠵᠦ ᠢᠷᠡᠭᠰᠡᠨ ᠪ ᠨᠢᠭᠡᠨ ᠲᠠᠢᠯᠤᠯ ᠶᠤᠮ ᠃
 ᠮᠣᠩᠭᠣᠯ ᠤ᠋ᠨ ᠠᠷᠠᠳ ᠲᠦᠮᠡᠨ ᠪ ᠪᠦᠲᠦᠭᠡᠭᠰᠡᠨ ᠱᠣᠭ ᠬᠣᠱᠣᠩ ᠦᠯᠢᠭᠡᠷ ᠂ ᠵᠦᠢᠷ ᠰᠡᠴᠡᠨ ᠦᠭᠡ ᠂ ᠶᠣᠭᠲᠠᠯᠠᠯ ᠂ ᠪᠠᠳᠢᠷᠴᠢᠨ ᠪ ᠶᠠᠪᠤᠲᠠᠯ ᠂ ᠳᠠᠯᠠᠨ ᠬᠤᠳᠠᠯᠴᠢ ᠶ᠋ᠢᠨ ᠦᠯᠢᠭᠡᠷ ᠂ ᠮᠠᠨ ᠪ ᠰᠢᠨ᠎ᠡ ᠦᠶ᠎ᠡ ᠶ᠋ᠢᠨ ᠤᠳᠬ᠎ᠠ ᠵᠣᠬᠢᠶᠠᠯ ᠤ᠋ᠨ ᠬᠣᠱᠣᠩ ᠱᠣᠭ ᠴᠠᠭ ᠢᠮᠠᠭᠲᠠ ᠮᠣᠩᠭᠣᠯ ᠠᠷᠠᠳ ᠤ᠋ᠨ ᠬᠤᠪᠢᠰᠬᠠᠯᠲᠤ ᠨᠠᠮ ᠡᠴᠡ ᠳᠡᠪᠰᠢᠭᠦᠯᠦᠭᠰᠡᠨ ᠵᠣᠷᠢᠯᠲᠠ ᠶ᠋ᠢ ᠬᠡᠷᠡᠭᠵᠢᠭᠦᠯᠬᠦ ᠳ᠋ᠦ᠍ ᠥᠪᠡᠷ ᠦ᠋ᠨ ᠬᠠᠭᠤᠳᠠᠰᠤ ᠪᠠᠨ ᠵᠣᠷᠢᠭᠤᠯᠵᠤ ᠢᠷᠡᠭᠰᠡᠨ ᠶᠤᠮ ᠃
 ᠠᠷᠠᠳ ᠤ᠋ᠨ ᠬᠤᠪᠢᠰᠬᠠᠯ ᠶ᠋ᠢᠠᠷ ᠰᠢᠷᠡᠭᠡᠨ ᠡᠴᠡ ᠪᠡᠨ ᠰᠡᠭᠰᠦᠷᠦᠭᠳᠡᠭᠰᠡᠨ ᠬᠠᠷ᠎ᠠ ᠰᠢᠷ᠎ᠠ ᠹᠧᠣᠳᠠᠯ ᠂ ᠡᠯᠳᠡᠪ ᠪᠤᠷᠤᠩᠬᠤᠢ ᠶᠠᠪᠤᠲᠠᠯ ᠂ ᠬᠠᠭᠤᠴᠢᠨ ᠨᠡᠢᠭᠡᠮ ᠡᠴᠡ ᠦᠯᠡᠳᠡᠵᠦ ᠬᠣᠴᠣᠷᠤᠭᠰᠠᠨ ᠠᠯᠢᠪᠠ ᠳᠤᠲᠠᠭᠳᠠᠯ ᠢ᠋ ᠢᠯᠡᠴᠢᠯᠡᠨ ᠭᠠᠷᠭᠠᠬᠤ ᠂ ᠰᠢᠭᠦᠮᠵᠢᠯᠡᠨ ᠵᠠᠰᠠᠬᠤ ᠳ᠋ᠤ᠌ ᠬᠣᠷᠢ ᠭᠤᠴᠢᠭᠠᠳ ᠣᠨ ᠪ ᠵᠣᠬᠢᠶᠠᠯᠴᠢᠳ ᠱᠣᠭ ᠬᠣᠱᠣᠩ ᠵᠣᠬᠢᠶᠠᠯ ᠢ᠋ᠶ᠋ᠠᠨ ᠵᠣᠷᠢᠭᠤᠯᠵᠤ ᠪᠠᠢᠬᠰᠠᠨ ᠪᠣᠯ ᠂ ᠳᠥᠴᠢ ᠲᠠᠪᠢᠭᠠᠳ ᠣᠨ ᠳ᠋ᠤ᠌ ᠳᠠᠢᠨ ᠪ ᠬᠡᠨᠡᠭᠡᠲᠡᠨ ( ᠭᠣᠷᠢ ᠰᠢᠨᠤᠯᠲᠠᠨ ) ᠨᠤᠭᠤᠳ ᠂ ᠬᠦᠨᠳᠦ ᠰᠤᠷᠲᠠᠯ ᠂ ᠨᠢᠭᠡᠳᠦᠯᠴᠡᠬᠦ ᠬᠥᠳᠡᠯᠭᠡᠭᠡᠨ ᠳ᠋ᠦ᠍ ᠰᠠᠭᠠᠳ ᠪᠣᠯᠤᠭᠴᠢᠳ ᠢ᠋ ᠱᠣᠭ ᠬᠣᠱᠣᠩ ᠵᠣᠬᠢᠶᠠᠯ ᠤ᠋ᠨ ᠢ᠋ᠶ᠋ᠠᠨ ᠭᠣᠣᠯ ᠰᠡᠳᠦᠪ ᠪᠣᠯᠭᠠᠵᠠᠢ ᠃ ᠡᠳᠦᠭᠡ ᠦᠶ᠎ᠡ ᠳ᠋ᠦ᠍ ᠱᠣᠭ ᠬᠣᠱᠣᠩ ᠵᠣᠬᠢᠶᠠᠯ ᠤ᠋ᠨ ᠡᠭᠦᠷᠭᠡ ᠤᠯᠠᠮ ᠲᠣᠳᠣᠷᠬᠠᠢ ᠪᠣᠯᠵᠤ ᠂ ᠲᠡᠭᠦᠨ ᠪ ᠠᠴᠢ ᠬᠣᠯᠪᠣᠭᠳᠠᠯ ᠤᠯᠠᠮ ᠥᠷᠭᠡᠵᠢᠵᠦ ᠪᠠᠢᠨ᠎ᠠ ᠃ ᠮᠠᠨ ᠪ ᠠᠷᠠᠳ ᠲᠦᠮᠡᠨ ᠰᠤᠽᠢᠶᠠᠯᠢᠰᠲ ( ᠨᠡᠢᠭᠡᠮ ᠵᠢᠷᠤᠮ ) ᠠᠵᠤ ᠲᠥᠷᠬᠦ ᠶᠣᠰᠣᠨ ᠳ᠋ᠤ᠌ ᠬᠠᠷᠰᠢ ᠵᠦᠢᠯ ᠪᠦᠬᠦᠨ ᠂ ᠲᠤᠬᠠᠢᠯᠠᠪᠠᠯ 《 ᠁ ᠠᠮᠢᠲᠤᠷᠠᠯ ᠳ᠋ᠤ᠌ ᠠᠪᠬᠤ ᠵᠠᠪᠰᠢᠬᠤ ᠶ᠋ᠢᠨ ᠡᠭᠦᠳᠦᠨ ᠡᠴᠡ ᠬᠠᠨᠳᠤᠬᠤ ᠂ ᠬᠠᠷ᠎ᠠ ᠠᠮᠢ ᠪᠠᠨ ᠬᠢᠴᠢᠶᠡᠬᠦ ᠂ ᠪᠤᠰᠤᠳ ᠤ᠋ᠨ ᠬᠦᠴᠦ ᠶ᠋ᠢ ᠰᠣᠷᠣᠬᠤ ᠂ ᠠᠷᠢᠬᠢᠨ ᠳ᠋ᠤ᠌ ᠠᠪᠲᠠᠭᠳᠠᠬᠤ ᠂ ᠲᠠᠩᠬᠠᠢᠷᠠᠬᠤ ᠂ ᠬᠤᠪᠢ ᠶ᠋ᠢᠨ ᠥᠮᠴᠢ ᠶ᠋ᠢᠨ ᠬᠠᠨᠲᠤᠯᠭ᠎ᠠ ᠭᠠᠷᠭᠠᠬᠤ ᠵᠡᠷᠭᠡ ᠨᠡᠢᠭᠡᠮ ᠳ᠋ᠦ᠍ ᠬᠠᠷᠰᠢ ᠡᠯᠳᠡᠪ ᠦᠵᠡᠭᠳᠡᠯ ᠲᠡᠢ ᠡᠪᠯᠡᠷᠡᠰᠢ ᠦᠭᠡᠢ ᠲᠡᠮᠡᠴᠡᠬᠦ ᠁ 》 ᠨᠢ ᠱᠣᠭ ᠬᠣᠱᠣᠩ ᠵᠣᠬᠢᠶᠠᠯ ᠤ᠋ᠨ ᠭᠣᠣᠯ ᠰᠡᠳᠦᠪ ᠶᠤᠮ ᠃ ᠡᠭᠦᠨ ᠪ ᠵᠡᠷᠭᠡᠴᠡᠭᠡ ᠬᠥᠷᠥᠩᠭᠡᠲᠦ ᠨᠡᠢᠭᠡᠮ ᠦ᠋ᠨ ᠦᠨᠡᠨ ᠨᠢᠭᠤᠷ ᠴᠢᠷᠠᠢ ᠂ ᠪᠤᠷᠤᠩᠬᠤᠢ ᠶᠠᠪᠤᠲᠠᠯ ᠢ᠋ ᠢᠯᠡᠴᠢᠯᠡᠬᠦ ᠳ᠋ᠦ᠍ ᠱᠣᠭ ᠬᠣᠱᠣᠩ ᠵᠣᠬᠢᠶᠠᠯ ᠤ᠋ᠨ ᠡᠭᠦᠷᠭᠡ ᠤᠯᠠᠮ ᠨᠡᠮᠡᠭᠳᠡᠵᠦ ᠪᠠᠢᠨ᠎ᠠ ᠃
 ᠮᠣᠩᠭᠣᠯ ᠤ᠋ᠨ ᠰᠢᠨ᠎ᠡ ᠦᠶ᠎ᠡ ᠶ᠋ᠢᠨ ᠤᠳᠬ᠎ᠠ ᠵᠣᠬᠢᠶᠠᠯ ᠳ᠋ᠤ᠌ ᠳ · ᠨᠠᠴᠤᠭᠳᠣᠷᠵᠢ ᠂ ᠴ · ᠳᠠᠮᠳᠢᠨᠰᠦ᠋ᠷᠦᠩ ᠂ ᠴ · ᠴᠢᠮᠡᠳ ᠂ ᠴ · ᠣᠢᠲᠤᠪ ᠂ ᠯ · ᠪᠠᠳᠢᠷᠴᠢ ᠂ ᠯ · ᠸᠠᠩᠭᠠᠨ ᠵᠡᠷᠭᠡ ᠱᠣᠭ ᠵᠣᠬᠢᠶᠠᠯ ᠤ᠋ᠨ ᠵᠡᠪᠰᠡᠭ ᠢ᠋ ᠴᠢᠳᠠᠮᠠᠭᠠᠢ ᠡᠵᠡᠮᠰᠢᠭᠰᠡᠨ ᠠᠪᠢᠶᠠᠰᠯᠢᠭ ᠵᠣᠬᠢᠶᠠᠯᠴᠢᠳ ᠣᠯᠠᠨ ᠲᠥᠷᠥᠨ ᠭᠠᠷᠴᠠᠢ ᠃ ᠮᠣᠩᠭᠣᠯ ᠤ᠋ᠨ ᠰᠢᠨ᠎ᠡ ᠦᠶ᠎ᠡ ᠶ᠋ᠢᠨ ᠤᠳᠬ᠎ᠠ ᠵᠣᠬᠢᠶᠠᠯ ᠢ᠋ ᠦᠨᠳᠦᠰᠦᠯᠡᠭᠴᠢ ᠳ · ᠨᠠᠴᠤᠭᠳᠣᠷᠵᠢ ᠱᠣᠭ ᠬᠣᠱᠣᠩ ᠰᠢᠯᠢᠳᠡᠭ ᠣᠯᠠᠨ ᠵᠣᠬᠢᠶᠠᠯ ᠲᠤᠭᠤᠷᠪᠢᠭᠰᠠᠨ ᠪ ᠳᠣᠲᠣᠷ᠎ᠠ 《 ᠬᠦᠨᠲᠦᠭ ᠴᠢᠪᠠᠭᠠᠨᠴᠠ ᠭᠦᠷᠢᠮ ᠦ᠋ᠨ ᠬᠡᠩᠭᠡᠷᠭᠡ 》 ᠭᠡᠳᠡᠭ ᠰᠢᠯᠦᠭ ᠪᠤᠢ ᠃ ᠨᠢᠭᠡ ᠦᠶ᠎ᠡ ᠯᠠᠮᠠ ᠨᠠᠷ ᠠᠪᠤᠷᠠᠭᠴᠢ ᠪᠤᠷᠬᠠᠨ ᠭᠡᠵᠦ ᠨᠡᠷᠡᠯᠡᠭᠳᠡᠵᠦ ᠪᠠᠢᠬᠰᠨᠨ ᠪᠣᠯ ᠰᠢᠨᠵᠢᠯᠡᠬᠦ ᠤᠬᠠᠭᠠᠨ ᠪ ᠡᠮᠨᠡᠯᠭᠡ ᠨᠡᠪᠲᠡᠷᠡᠵᠦ ᠂ ᠲᠡᠭᠦᠨ ᠪ ᠤᠳᠬ᠎ᠠ ᠤᠴᠢᠷ ᠢ᠋ ᠬᠥᠮᠦᠨ ᠪ ᠨᠢᠳᠦ ᠪᠡᠷ ᠬᠠᠷᠠᠬᠤ ᠳ᠋ᠤ᠌ ᠡᠨᠡ ᠨᠢ ᠶᠠᠮᠠᠷ ᠢᠨᠢᠶᠡᠳᠦ ᠲᠡᠢ ᠪᠣᠯᠬᠤ ᠂ ᠯᠠᠮᠠ ᠨᠠᠷ ᠨᠢ ᠬᠥᠮᠦᠨ ᠡᠮᠨᠡᠬᠦ ᠪᠠᠢᠲᠤᠭᠠᠢ ᠂ ᠥᠪᠡᠷᠰᠡᠳ ᠢ᠋ᠶ᠋ᠡᠨ ᠡᠪᠡᠳᠴᠢᠨ ᠲᠠᠷᠬᠠᠭᠠᠭᠴᠢᠳ ᠪᠠᠢᠬᠰᠠᠨ ᠢ᠋ ᠤᠭ ᠰᠢᠯᠦᠭ ᠲᠦ᠍ ᠤᠷᠠᠨ ᠳᠦᠷᠰᠦᠯᠡᠵᠦ ᠂ ᠲᠡᠳᠡᠨ ᠪ ᠦᠨᠡᠨ ᠨᠢᠭᠤᠷ ᠴᠢᠷᠠᠢ ᠶ᠋ᠢ ᠢᠯᠡᠴᠢᠯᠡᠵᠦ ᠥᠭᠭᠦᠭᠰᠡᠨ ᠪᠠᠢᠨ᠎ᠠ ᠃
 ᠬᠥᠮᠦᠨ ᠲᠥᠷᠥᠯᠬᠢᠲᠡᠨ ᠬᠣᠴᠣᠷᠤᠭᠳᠠᠵᠤ ᠬᠠᠭᠤᠴᠢᠷᠠᠭᠰᠠᠨ ᠢ᠋ᠶ᠋ᠠᠨ ᠢᠨᠢᠶᠡᠳᠦᠮ ᠶ᠋ᠢᠡᠷ ᠦᠳᠡᠬᠦ ᠶ᠋ᠢᠨ ᠵᠡᠷᠭᠡᠴᠡᠭᠡ ᠰᠢᠨ᠎ᠡ ᠶ᠋ᠢ ᠪᠠᠰᠠ ᠢᠨᠢᠶᠡᠳᠦ ᠪᠡᠷ ᠤᠭᠲᠤᠳᠠᠭ ᠶᠤᠮ ᠃ ᠯ · ᠸᠠᠩᠭᠠᠨ ᠪ 《 ᠵᠣᠵᠢ ᠰᠡᠷᠡᠭᠡᠨᠡᠩ 》 ᠥᠭᠦᠯᠡᠯᠭᠡ ᠳ᠋ᠦ᠍ ᠤᠯᠤᠰ ᠣᠷᠣᠨ ᠳ᠋ᠤ᠌ ᠮᠢᠨᠢ ᠳᠥᠩᠭᠡᠵᠦ ᠡᠬᠢᠯᠡᠨ ᠲᠦᠭᠡᠵᠦ ᠬᠥᠳᠡᠭᠡ ᠶ᠋ᠢᠨ ᠮᠠᠯᠴᠢᠨ ᠢ᠋ ᠢᠨᠢᠶᠡᠳᠦᠮᠲᠦ ᠪᠠᠢᠲᠠᠯ ᠳ᠋ᠤ᠌ ᠣᠷᠣᠭᠤᠯᠵᠤ ᠪᠠᠢᠭ᠎ᠠ ᠴᠠᠬᠢᠯᠭᠠᠨ ᠭᠡᠷᠡᠯ ᠦ᠋ᠨ ᠲᠤᠬᠠᠢ ᠥᠭᠦᠯᠡᠭᠰᠡᠨ ᠪᠣᠯ ᠂ ᠣᠲᠣ ᠬᠣᠲᠠ ᠬᠥᠳᠡᠭᠡ ᠦᠭᠡᠢ ᠴᠠᠬᠢᠯᠭᠠᠨᠵᠢᠵᠤ ᠨᠠᠢ᠍ᠮᠠ ᠬᠦᠷᠦᠭᠡ ᠦᠭᠡᠢ ᠪᠠᠯᠴᠢᠷ ᠡᠴᠡ ᠡᠬᠢᠯᠡᠭᠡᠳ ᠨᠠᠶᠠ ᠥᠩᠭᠡᠷᠡᠭᠰᠡᠨ ᠪᠤᠭᠤᠷᠤᠯ ᠬᠦᠷᠲᠡᠯ᠎ᠡ ᠲᠡᠭᠦᠨ ᠪ ᠤᠳᠬ᠎ᠠ ᠤᠴᠢᠷ ᠢ᠋ ᠨᠠᠷᠢᠨ ᠮᠡᠳᠡᠬᠦ ᠪᠣᠯᠤᠭᠰᠠᠨ ᠪᠠᠢᠨ᠎ᠠ ᠃
 ᠮᠣᠩᠭᠣᠯ ᠤ᠋ᠨ ᠵᠣᠬᠢᠶᠠᠯᠴᠢᠳ ᠡᠢᠨ ‍ᠬᠦ ᠬᠤᠪᠢᠰᠬᠠᠯᠲᠤ ᠵᠠᠮᠨᠠᠯ ᠤ᠋ᠨ ᠢ᠋ᠶ᠋ᠠᠨ 60 ᠵᠢᠯ ᠦ᠋ᠨ ᠬᠤᠭᠤᠴᠠᠭᠠᠨ ᠳ᠋ᠤ᠌ ᠱᠣᠭ ᠵᠣᠬᠢᠶᠠᠯ ᠤ᠋ᠨ ᠵᠡᠪᠰᠡᠭ ᠢ᠋ᠶ᠋ᠡᠨ ᠠᠭᠰᠠᠵᠤ ᠂ ᠰᠠᠭᠠᠷ ᠮᠠᠭᠤ ᠶ᠋ᠢ ᠲᠣᠭᠰᠢᠨ ᠢᠨᠢᠶᠡᠳᠦᠮ ᠶ᠋ᠢᠡᠷ ᠲᠠᠰᠢᠭᠤᠷᠳᠠᠨ ᠂ ᠦᠰᠦᠨ ᠬᠥᠭᠵᠢᠬᠦ ᠰᠠᠢᠨ ᠪᠦᠬᠦᠨ ᠢ᠋ ᠦᠬᠦᠭᠡᠷᠲᠦᠯ᠎ ᠦ᠋ᠨ ᠬᠠᠯᠠᠭᠤᠨ ᠢᠨᠢᠶᠡᠳᠦᠮ ᠶ᠋ᠢᠡᠷ ᠬᠥᠭᠵᠢᠭᠦᠯᠦᠨ ᠳᠡᠮᠵᠢᠵᠦ ᠢᠷᠡᠭᠰᠡᠨ ᠪᠢᠯᠡ ᠃ ᠰᠤᠽᠢᠶᠠᠯᠢᠰᠮ ( ᠨᠡᠢᠭᠡᠮ ᠵᠢᠷᠤᠮ ) ᠢ᠋ ᠥᠷᠨᠢᠭᠦᠨ ᠪᠠᠢᠭᠤᠯᠵᠤ ᠪᠠᠢᠭ᠎ᠠ ᠥᠨᠥ ᠦᠶ᠎ᠡ ᠳ᠋ᠦ᠍ ᠱᠣᠭ ᠵᠣᠬᠢᠶᠠᠯ ᠤ᠋ᠨ ᠡᠭᠦᠷᠭᠡ ᠤᠯᠠᠮ ᠥᠨᠳᠥᠷ ᠪᠣᠯᠵᠤ ᠬᠠᠭᠤᠴᠢᠨ ᠡᠴᠡ ᠦᠯᠡᠳᠡᠵᠦ ᠬᠣᠴᠣᠷᠤᠭᠰᠠᠨ ᠲᠣᠯᠪᠣ ᠰᠡᠪ ᠢ᠋ ᠴᠡᠪᠡᠷᠯᠡᠵᠦ ᠂ ᠨᠡᠢᠭᠡᠮ ᠢ᠋ᠶ᠋ᠡᠨ ᠤᠯᠠᠮ ᠬᠥᠭᠵᠢᠭᠦᠯᠦᠨ ᠪᠠᠲᠤᠵᠢᠭᠤᠯᠬᠤ ᠳ᠋ᠤ᠌ ᠦᠢᠯᠡᠴᠢᠯᠡᠵᠦ ᠪᠠᠢᠨ᠎ᠠ ᠃ ᠬᠥᠮᠦᠰ ᠢ᠋ ᠴᠢᠯᠥᠭᠡᠲᠦ ᠴᠠᠭ ᠢ᠋ᠶ᠋ᠠᠨ ᠪᠠᠶᠠᠷ ᠪᠠᠶᠠᠰᠬᠤᠯᠠᠩ ᠲᠠᠢ ᠢᠨᠢᠶᠡᠳᠦ ᠨᠠᠷᠭᠢᠶᠠᠨ ᠲᠠᠢ ᠥᠩᠭᠡᠷᠡᠭᠦᠯᠬᠦ ᠳ᠋ᠦ᠍ ᠲᠤᠰᠠᠯᠠᠵᠤ ᠪᠠᠢᠨ᠎ᠠ ᠃ ᠨᠠᠮ ᠡᠴᠡ ᠱᠣᠭ ᠬᠣᠱᠣᠩ ᠵᠣᠬᠢᠶᠠᠯ ᠢ᠋ ᠬᠥᠭᠵᠢᠭᠦᠯᠬᠦ ᠲᠠᠯ᠎ᠠ ᠪᠠ ᠪᠠᠢᠩᠭᠤ ᠠᠩᠬᠠᠷᠴᠤ ᠳᠡᠮᠵᠢᠵᠦ ᠢᠷᠡᠭᠰᠡᠨ ᠶ᠋ᠢᠡᠷ ᠵᠢᠯ ᠡᠴᠡ ᠵᠢᠯ ᠳ᠋ᠦ᠍ ᠱᠣᠭ ᠵᠣᠬᠢᠶᠠᠯ ᠤ᠋ᠨ ᠲᠥᠷᠥᠯ ᠵᠦᠢᠯ ᠬᠡᠪᠯᠡᠭᠳᠡᠬᠦ ᠬᠡᠮᠵᠢᠶ᠎ᠡ ᠥᠰᠴᠦ ᠂ ᠱᠣᠭ ᠵᠣᠬᠢᠶᠠᠯᠴᠢ ᠰᠢᠨ᠎ᠡ ᠵᠠᠯᠠᠭᠤ ᠠᠪᠢᠶᠠᠰᠲᠠᠨ ᠣᠯᠠᠰᠢᠷᠠᠵᠤ ᠪᠠᠢᠨ᠎ᠠ ᠃ ᠣᠯᠠᠨ ᠲᠣᠭᠠᠨ ᠪ ᠵᠣᠬᠢᠶᠠᠯᠴᠢᠳ ᠤ᠋ᠨ ᠱᠣᠭ ᠵᠣᠬᠢᠶᠠᠯ ᠤ᠋ᠨ ᠲᠡᠭᠦᠪᠦᠷᠢ ᠨᠣᠮ ᠪᠡᠶ᠎ᠡ ᠳᠠᠭᠠᠭᠠᠨ ᠬᠡᠪᠯᠡᠭᠳᠡᠵᠦ ᠪᠠᠢᠭ᠎ᠠ ᠶ᠋ᠢᠨ ᠳᠡᠭᠡᠷ᠎ᠡ ᠂ ᠵᠢᠯ ᠪᠣᠯᠭᠠᠨ 《 ᠢᠨᠢᠶᠡᠳᠦᠮ ᠦ᠋ᠨ ᠡᠪᠦᠷ ᠦ᠋ᠨ ᠳᠡᠪᠲᠡᠷ 》 ᠭᠡᠳᠡᠭ ᠱᠣᠭ ᠵᠣᠬᠢᠶᠠᠯ ᠤ᠋ᠨ ᠡᠮᠬᠢᠳᠬᠡᠯ ᠭᠠᠷᠴᠤ ᠤᠯᠤᠰ ᠲᠥᠷᠥ ᠶ᠋ᠢᠨ ᠬᠣᠴᠢᠯᠠᠯ ᠷᠣᠮᠠᠨ ᠬᠦᠷᠲᠡᠯ᠎ᠡ ᠪᠢᠴᠢᠭᠳᠡᠯ᠎ᠡ ᠃ 《 ᠱᠣᠭ ᠵᠣᠬᠢᠶᠠᠯ ᠬᠣᠱᠣᠩ ᠵᠣᠬᠢᠶᠠᠯ ᠤ᠋ᠨ ᠳᠡᠭᠡᠵᠢ 》 ᠨᠣᠮ ᠳ᠋ᠤ᠌ ᠣᠷᠣᠵᠤ ᠪᠠᠢᠭ᠎ᠠ ᠵᠣᠬᠢᠶᠠᠯ ᠤ᠋ᠳ ᠪᠣᠯ ᠮᠣᠩᠭᠣᠯ ᠤ᠋ᠨ ᠵᠣᠬᠢᠶᠠᠯᠴᠢᠳ ᠤ᠋ᠨ ᠲᠤᠭᠤᠷᠪᠢᠭᠰᠠᠨ ᠱᠣᠭ ᠤ᠋ᠨ ᠵᠥᠪᠬᠡᠨ ᠪᠣᠭᠣᠨᠢ ᠲᠥᠷᠥᠯ ᠦ᠋ᠨ ᠳᠡᠭᠡᠵᠢ ᠶᠤᠮ ᠃ ᠤᠬᠠᠭᠠᠨᠲᠤ ᠲᠦᠮᠡᠨ ᠮᠢᠨᠢ 《 ᠢᠨᠢᠶᠡᠪᠡᠯ ᠵᠠᠯᠠᠭᠤᠵᠢᠨ᠎ᠠ 》 ᠂ ᠢᠨᠢᠶᠡᠳᠦ ᠪᠣᠯ ᠡᠷᠭᠦᠯ ᠴᠢᠭᠢᠷᠠᠭ ᠤ᠋ᠨ ᠪᠡᠯᠭᠡ ᠲᠡᠮᠳᠡᠭ ᠭᠡᠯᠴᠡᠳᠡᠭ ᠪᠢᠯᠡ ᠃ ᠠᠷᠠᠳ ᠤ᠋ᠨ ᠬᠤᠪᠢᠰᠬᠠᠯ ᠤ᠋ᠨ ᠢ᠋ᠶ᠋ᠠᠨ ᠶᠡᠬᠡ ᠣᠢ ᠶ᠋ᠢ ᠲᠣᠬᠢᠶᠠᠯᠳᠤᠭᠤᠯᠤᠨ ᠵᠣᠬᠢᠶᠠᠯᠴᠢᠳ ᠤᠩᠰᠢᠭᠴᠢᠳ ᠲᠠᠭᠠᠨ 《 ᠢᠨᠢᠶᠡᠳᠦᠮ ᠲᠡᠢ ᠪᠡᠯᠭᠡ ᠪᠣᠯᠭᠠᠨ 》 ᠡᠷᠭᠦᠬᠦ ᠶ᠋ᠢᠨ ᠢᠯᠳᠠᠮ ᠳ᠋ᠤ᠌ ᠦᠷᠭᠦᠯᠵᠢ ᠢᠨᠢᠶᠡᠳᠦ ᠪᠡᠷ ᠵᠠᠯᠠᠭᠤᠵᠢᠵᠤ ᠂ ᠢᠨᠢᠶᠡᠳᠦᠮ ᠶ᠋ᠢᠡᠷ ᠤᠬᠠᠭᠠᠵᠢᠵᠤ ᠂ ᠢᠨᠢᠶᠡᠨ ᠪᠡᠶᠡᠰᠴᠦ ᠶᠠᠪᠤᠬᠤ ᠶ᠋ᠢᠨ ᠥᠯᠵᠡᠢ ᠢᠷᠥᠭᠡᠯ ᠢ᠋ ᠳᠡᠪᠰᠢᠭᠦᠯᠵᠦ ᠪᠠᠢᠨ᠎ᠠ ᠃ 

 ᠲᠩᠷᠢ ᠡᠵᠢ ᠠᠮᠢᠯᠠᠭᠤᠯᠤᠨ ᠬᠠᠭᠤᠯᠪᠠ
 2023 ᠂6 ᠂7 ᠂ ᠪ ᠡᠳᠦᠷ