ᠡᠷᠡᠬᠡᠢ ᠳᠠᠷᠤᠮ᠎ᠠ ᠵᠠᠢ - ᠯ ᠂ ᠲᠥᠳᠥᠪ Эрхий дарам зай - Л ᠂ Түдэв ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠡᠬᠡᠢ ᠳᠠᠷᠤᠮ᠎ᠠ ᠵᠠᠢ - ᠯ ᠂ ᠲᠥᠳᠥᠪ Эрхий дарам зай - Л ᠂ Түдэв

ᠡᠷᠡᠬᠡᠢ ᠳᠠᠷᠤᠮ᠎ᠠ ᠵᠠᠢ - ᠯ ᠂ ᠲᠥᠳᠥᠪ Эрхий дарам зай - Л ᠂ Түдэв

2023-06-09

862

ᠡᠷᠡᠬᠡᠢ ᠳᠠᠷᠤᠮ᠎ᠠ ᠵᠠᠢ

                       
                                                [ ᠮᠣᠩᠭᠣᠯ]  ᠯ ᠊ ᠲᠦᠳᠦᠪ  

       ᠵᠢᠷᠤᠭᠠᠴᠢ ᠵᠢᠮᠪᠠ ᠶ᠋ᠢᠨ ᠪᠠᠭ᠎ᠠ ᠵᠠᠯᠠᠭᠤ ᠠ᠋ᠴᠠ ᠡᠬᠢᠯᠡᠭᠡᠳ ᠬᠢᠵᠢᠶᠡᠯ ᠨᠠᠰᠤ ᠶ᠋ᠢ ᠬᠦᠷᠲᠡᠯ᠎ᠡ ᠦᠵᠡᠵᠦ ᠥᠩᠭᠡᠷᠡᠭᠦᠯᠦᠭᠰᠡᠨ ᠠᠮᠢᠳᠤᠷᠠᠯ ᠳ᠋ᠤᠨᠢ ᠣᠯᠠᠨ ᠶᠠᠩᠵᠤ ᠶ᠋ᠢᠨ ᠵᠠᠬᠢᠶᠠᠯᠠᠭ᠎ᠠ ᠂ ᠡᠭᠦᠷᠭᠡ ᠂ ᠭᠤᠶᠤᠯᠲᠠ ᠲᠣᠬᠢᠶᠠᠵᠤ ᠪᠠᠢᠯ᠎ᠠ ᠃ ᠵᠠᠷᠢᠮ ᠨᠢ ᠴᠠᠢ ᠴᠢᠨᠠᠬᠤ ᠵᠠᠭᠤᠷ᠎ᠠ ᠪᠦᠲᠦᠭᠡᠴᠢᠬᠡᠮᠡᠷ ᠂ ᠵᠠᠷᠢᠮ ᠨᠢ ᠵᠤᠨ ᠂ ᠨᠠᠮᠤᠷ ᠊ᠣᠨ ᠵᠢᠷᠭᠤᠭᠠᠨ ᠰᠠᠷ᠎ᠠ ᠳ᠋ᠤ᠌ ᠠᠷᠠᠢᠬᠠᠨ ᠪᠠᠷᠠᠮᠠᠷ ᠶᠠᠩᠵᠤ ᠶᠠᠩᠵᠤ ᠶ᠋ᠢᠨ ᠶᠠᠭᠤᠮ᠎ᠠ ᠪᠠᠢᠵᠤ ᠪᠢᠯᠡ ᠃ ᠲᠡᠷᠡ ᠪᠦᠬᠦᠨ ᠢ᠋ ᠵᠢᠷᠤᠵᠤ ᠂ ᠰᠡᠢᠯᠵᠦ ᠂ ᠵᠣᠷᠭᠣᠵᠤ᠂ ᠵᠦᠯᠭᠦᠵᠦ ᠤᠷᠠᠯᠠᠨ  ᠪᠦᠲᠦᠭᠡᠭᠰᠡᠭᠡᠷ ᠡᠳᠦᠢ ᠬᠦᠷᠴᠡᠢ ᠃ ᠴᠠᠢ ᠴᠢᠨᠠᠬᠤ ᠵᠠᠭᠤᠷ᠎ᠠ ᠪᠦᠲᠦᠭᠡᠭᠰᠡᠨ ᠶᠠᠭᠤᠮᠠᠨ ᠳ᠋ᠤᠨᠢ ᠠᠭᠲᠠ ᠮᠣᠷᠢ ᠂ ᠠᠲᠠᠨ ᠲᠡᠮᠡᠭᠡ ᠶ᠋ᠢᠨ ᠱᠠᠩ ᠴᠤ᠌ ᠥᠭᠴᠦ ᠪᠠᠢᠯ᠎ᠠ ᠃ ᠵᠤᠨ ᠂ ᠨᠠᠮᠤᠷ ᠊ᠣᠨ ᠵᠢᠷᠭᠤᠭᠠᠨ ᠰᠠᠷ᠎ᠠ ᠳ᠋ᠤ᠌ ᠴᠤᠤ  ᠪᠠᠭᠲᠠᠭᠠᠨ ᠬᠢᠭᠰᠡᠨ ᠳ᠋ᠦ᠍ᠨᠢ ᠰᠣᠨᠣᠮ ᠬᠠᠳᠠᠭ ᠲᠡᠳᠦᠢᠬᠡᠨ ᠊ᠥ ᠬᠠᠷᠠᠮᠵᠢ ᠥᠭᠳᠡᠭ ᠬᠥᠮᠦᠨ ᠴᠦ᠍ ᠪᠠᠢᠪᠠ ᠃ ᠵᠢᠮᠪᠠ ᠵᠢᠷᠤᠭᠠᠴᠢ ᠲᠡᠷᠡ ᠪᠦᠬᠦᠨ ᠢ᠋ ᠶᠡᠬᠡ ᠶ᠋ᠢ ᠶᠡᠬᠡ ᠭᠡᠬᠦ ᠦᠭᠡᠢ ᠂ ᠪᠠᠭ᠎ᠠ ᠶ᠋ᠢ ᠪᠠᠭ᠎ᠠ ᠭᠡᠬᠦ ᠦᠭᠡᠢ ᠠᠪᠳᠠᠭ ᠯᠠ ᠪᠠᠢᠯ᠎ᠠ ᠃ 
       ᠬᠠᠷᠢᠨ ᠡᠨᠡ ᠤᠳᠠᠭ᠎ᠠ ᠬᠡᠵᠢᠶ᠎ᠡ ᠴᠦ᠍ ᠪᠣᠳᠣᠵᠤ ᠰᠠᠨᠠᠵᠤ ᠪᠠᠢᠭ᠎ᠠ ᠦᠭᠡᠢ ᠵᠠᠬᠢᠶᠠᠯᠠᠭ᠎ᠠ ᠲᠠᠢ ᠤᠴᠠᠷᠠᠵᠠᠢ ᠃ ᠵᠠᠬᠢᠶᠠᠯᠠᠭ᠎ᠠ ᠨᠢ ᠴᠦ᠍ ᠂ ᠱᠠᠩ ᠬᠠᠷᠠᠮᠵᠢ ᠨᠢ ᠴᠦ᠍ ᠶᠡᠷᠦ ᠪᠤᠰᠤ ᠶ᠋ᠢᠨ ᠶᠠᠭᠤᠮ᠎ᠠ ᠪᠠᠢᠯ᠎ᠠ ᠃   
       《 ᠨᠢᠭᠡ ᠢᠮᠠᠬᠤ( ᠼᠦᠨ )ᠪᠤᠶᠤ ᠡᠷᠡᠬᠡᠢ ᠳᠠᠷᠤᠮ᠎ᠠ ᠵᠠᠢᠨ ᠳ᠋ᠤ᠌ ᠮᠢᠩᠭᠠᠨ ᠵᠠᠭᠠᠨ ᠂ ᠡᠰᠡᠪᠡᠯ ᠭᠤᠷᠪᠠᠨ ᠵᠠᠭᠤᠨ ᠪᠤᠷᠬᠠᠨ ᠪᠠᠭᠲᠠᠭᠠᠨ ᠵᠢᠷᠤᠵᠤ ᠪᠣᠭᠳᠠ ᠡᠵᠡᠨ ᠬᠠᠭᠠᠨ ᠳ᠋ᠤ᠌ ᠡᠷᠭᠦᠨ ᠪᠠᠷᠢᠬᠤ ᠡᠭᠡᠯᠵᠢ ᠳ᠋ᠦ᠍ ᠰᠣᠨᠢᠨ ᠶᠠᠭᠤᠮ᠎ᠠ ᠪᠣᠯᠭᠠᠨ ᠠᠪᠴᠤ ᠢᠷ᠎ᠡ 》 ᠭᠡᠵᠦ ᠵᠢᠷᠤᠭᠠᠴᠢ ᠲᠡᠭᠦᠨ ᠊ᠥ ᠲᠣᠯᠣᠭᠠᠢ ᠳᠡᠭᠡᠷ᠎ᠡ ᠶᠡᠬᠡ ᠡᠵᠡᠨ ᠊ᠥ ᠨᠡᠷ᠎ᠡ ᠪᠡᠷ  ᠯᠦᠩᠳᠦᠩ ᠵᠠᠷᠯᠢᠭ ᠪᠠᠭᠤᠵᠠᠢ ᠃ ᠬᠡᠷᠪᠡ ᠲᠡᠷᠡ ᠵᠠᠷᠯᠢᠭ ᠢ᠋ ᠪᠦᠲᠦᠭᠡᠵᠦ ᠴᠢᠳᠠᠬᠤ ᠦᠭᠡᠢ ᠪᠣᠯ ᠨᠢᠭᠦᠯ ᠠᠯᠳᠠᠰ ᠪᠣᠯᠬᠤ ᠪᠠᠷ ᠪᠠᠷᠠᠬᠤ ᠦᠭᠡᠢ ᠂ ᠠᠮᠢ ᠨᠠᠰᠤᠨ ᠳ᠋ᠤᠨᠢ ᠬᠠᠯᠠ ᠲᠠᠢ ᠭᠡᠵᠦ ᠲᠡᠷᠡ ᠬᠦ᠌ ᠠᠶᠤᠮᠰᠢᠭ᠍ᠲᠤ ᠲᠤᠰᠢᠶᠠᠯ ᠢ᠋ ᠳᠠᠮᠵᠢᠭᠤᠯᠵᠤ ᠢᠷᠡᠭᠰᠡᠨ ᠬᠥᠮᠦᠨ ᠵᠠᠪᠰᠠᠷ ᠠ᠋ᠴᠠ ᠨᠢ ᠡᠷᠴᠢ ᠶ᠋ᠢ ᠨᠡᠮᠡᠨ ᠴᠢᠩᠭᠠᠯᠠᠵᠤ ᠳᠠᠪᠬᠤᠷ ᠰᠦᠷᠳᠡᠭᠦᠯᠵᠡᠢ ᠃  
       《 ᠨᠢᠭᠡᠨ ᠢᠮᠠᠬᠤ( ᠼᠦᠨ ) ᠳ᠋ᠦ᠍ ᠮᠢᠩᠭᠠᠨ ᠵᠠᠭᠠᠨ 》 ᠭᠡᠰᠡᠨ ᠦᠭᠡ ᠶ᠋ᠢ ᠡᠷᠭᠢᠴᠡᠭᠦᠯᠦᠨ ᠪᠣᠳᠣᠬᠤ ᠴᠤ᠌ ᠱᠠᠭᠠᠷᠳᠠᠯᠭ᠎ᠠ ᠦᠭᠡᠢ ᠂ ᠲᠡᠢᠮᠦ ᠤᠳᠬ᠎ᠠ ᠦᠭᠡᠢ ᠰᠢᠬᠠᠮ ᠵᠦᠢᠯ ᠭᠡᠳᠡᠭ ᠢ᠋ ᠨᠠᠭᠠᠳᠤ ᠵᠠᠬ᠎ᠠ ᠶ᠋ᠢᠨ ᠤᠬᠠᠭᠠᠨ ᠊ᠣ ᠪᠠᠭᠠᠬᠠᠨ ᠪᠡᠯᠡ ᠲᠡᠢ ᠬᠥᠮᠦᠨ ᠴᠦ᠍ ᠣᠢᠯᠠᠭᠠᠵᠤ ᠪᠠᠢᠯ᠎ᠠ ᠃ ᠪᠣᠭᠳᠠ ᠡᠵᠡᠨ ᠡᠴᠡ ᠲᠡᠢᠮᠦ ᠯᠦᠩᠳᠦᠩ ᠵᠠᠷᠯᠢᠭ ᠪᠠᠭᠤᠭᠰᠠᠨ ᠢ᠋ ᠰᠣᠨᠣᠰᠤᠭᠰᠠᠨ ᠬᠥᠮᠦᠨ ᠪᠣᠯᠭᠠᠨ ᠵᠢᠷᠤᠭᠠᠴᠢ ᠶ᠋ᠢ ᠦᠷᠦ ᠡᠪᠡᠳᠴᠦ ᠪᠠᠢᠯ᠎ᠠ ᠃ 《ᠬᠠᠷᠭᠠᠨ᠎ᠠ ᠶ᠋ᠢᠨ ᠨᠣᠣᠰᠣ ᠲᠡᠭᠦᠵᠦ ᠢᠰᠡᠭᠡᠢ ᠬᠢᠬᠦ 》 ᠭᠡᠭᠴᠢ ᠪᠣᠯᠬᠤ ᠨᠢ ᠠ᠋ ᠭᠡᠬᠦ ᠨᠢ ᠪᠠᠢᠬᠤ ᠳ᠋ᠤ᠌ ᠵᠠᠷᠢᠮ ᠨᠢ ᠪᠠᠰᠠ 《 ᠤᠷᠠᠨ ᠲᠠᠢ ᠤᠲᠠᠰᠤ ᠪᠢᠲᠡᠭᠡᠢ ᠪᠤᠯᠢᠶᠠᠯᠳᠤ ᠂ ᠤᠬᠠᠭᠠᠨᠲᠠᠨ ᠲᠠᠢ ᠦᠭᠡ ᠪᠢᠲᠡᠭᠡᠢ ᠪᠤᠯᠢᠶᠠᠯᠳᠤ 》ᠭᠡᠵᠡᠭᠡᠵᠦ ᠪᠠᠢᠯ᠎ᠠ ᠃ ᠲᠡᠷᠡ ᠪᠦᠬᠦᠨ ᠵᠢᠮᠪᠠ ᠵᠢᠷᠤᠭᠠᠴᠢ ᠳ᠋ᠤ᠌ ᠫᠠᠳ ᠦᠭᠡᠢ ᠬᠡᠷᠡᠭ ᠃ ᠲᠡᠭᠦᠨ ᠊ᠥ ᠡᠮᠦᠨ᠎ᠡ ᠡᠴᠡ ᠬᠡᠨ ᠴᠦ᠍ ᠲᠡᠷᠡ ᠬᠡᠴᠡᠭᠦᠦ ᠠᠵᠢᠯ ᠢ᠋ ᠪᠦᠲᠦᠭᠡᠭᠡᠳ ᠥᠭᠬᠦ ᠦᠭᠡᠢ ᠨᠢ ᠯᠠᠪᠲᠠᠢ ᠃ ᠥᠪᠡᠷ ᠢ᠋ᠶ᠋ᠡᠨ ᠯᠡ ᠰᠢᠢᠳᠬᠦ ᠤᠴᠢᠷᠲᠠᠢ ᠃ ᠲᠡᠢᠨ ᠬᠦ᠌ ᠬᠡᠳᠦᠨ ᠬᠣᠨᠣᠭ ᠪᠣᠳᠣᠯ ᠪᠣᠯᠤᠨ ᠶᠠᠪᠤᠯ᠎ᠠ ᠃ ᠡᠷᠡᠬᠡᠢ ᠳᠠᠷᠤᠮ᠎ᠠ ᠵᠠᠢ ᠳ᠋ᠤ᠌ ᠮᠢᠩᠭᠠᠨ ᠵᠠᠭᠠᠨ ᠪᠠᠢᠲᠤᠭᠠᠢ ᠨᠢᠭᠡ ᠵᠠᠭᠠᠨ ᠢ᠋ ᠯᠡ ᠠᠷᠠᠢ ᠶᠠᠳᠠᠨ ᠪᠠᠭᠲᠠᠭᠠᠵᠤ ᠵᠢᠷᠤᠬᠤ ᠶᠤᠮ ᠳᠠ ᠭᠡᠬᠦ ᠡᠴᠡ ᠥᠭᠡᠷ᠎ᠡ ᠪᠣᠳᠣᠯ ᠲᠣᠯᠣᠭᠠᠢ ᠳ᠋ᠤᠨᠢ ᠣᠷᠣᠵᠤ ᠢᠷᠡᠭᠰᠡᠨ ᠦᠭᠡᠢ ᠃ ᠪᠣᠭᠳᠠ ᠡᠵᠡᠨ ᠊ᠥ ᠳᠠᠭᠠᠭᠠᠯᠭᠠᠪᠤᠷᠢ ᠭᠦᠢᠴᠡᠯᠳᠦᠭᠦᠯᠬᠦ ᠬᠤᠭᠤᠴᠠᠭ᠎ᠠ ᠪᠣᠭᠣᠨᠢ ᠪᠣᠯᠬᠣᠷ ᠡᠳᠦᠷ ᠬᠣᠨᠣᠭ ᠪᠦᠷᠢ ᠲᠡᠭᠦᠨ ᠳ᠋ᠦ᠍ ᠦᠨᠡᠲᠡᠢ ᠪᠠᠢᠯ᠎ᠠ ᠃ ᠥᠩᠭᠡᠷᠡᠬᠦ ᠬᠣᠨᠣᠭ ᠪᠣᠯᠭᠠᠨ ᠨᠢ ᠵᠢᠷᠤᠭᠠᠴᠢ ᠶ᠋ᠢ ᠭᠣᠨᠢᠭ᠍ᠲᠦ ᠲᠡᠭᠦᠰᠬᠡᠯ ᠤᠷᠤᠭᠤ ᠣᠢᠷᠠᠲᠤᠭᠤᠯᠤᠨ᠎ᠠ ᠃ ᠲᠡᠢᠨ ᠰᠡᠳᠬᠢᠯ ᠊ᠥᠨ ᠬᠢᠮᠤᠷᠠᠯ ᠳᠤᠮᠳᠠ ᠨᠡᠯᠢᠶᠡᠳ ᠣᠯᠠᠨ ᠬᠣᠨᠣᠭ ᠥᠩᠭᠡᠷᠡᠭᠡᠨ ᠪᠣᠳᠣᠯ᠎ᠠ ᠃ ᠵᠢᠷᠤᠭᠠᠴᠢ ᠮᠠᠨᠢ ᠪᠢᠷ ᠂ ᠴᠠᠭᠠᠰᠤ ᠪᠠᠨ ᠭᠠᠷ ᠲᠠᠭᠠᠨ ᠪᠠᠷᠢᠭ᠍ᠰᠠᠨ ᠦᠭᠡᠢ ᠃ ᠰᠡᠳᠬᠢᠯ ᠣᠶᠤᠨ ᠳ᠋ᠠᠭᠠᠨ ᠲᠤᠩᠭᠠᠨ ᠰᠢᠢᠳᠴᠦ ᠂ ᠨᠢᠳᠦᠨ ᠊ᠥ ᠪᠡᠨ ᠡᠮᠦᠨ᠎ᠡ ᠬᠡᠢ ᠠᠭᠠᠷ ᠲᠤ᠌ ᠦᠵᠡᠬᠦ ᠪᠡᠷ ᠪᠣᠯᠤᠭ᠎ᠠ ᠦᠭᠡᠢ ᠪᠠᠢᠬᠤ ᠳ᠋ᠤ᠌ ᠲᠡᠷᠡ ᠪᠢᠷ ᠪᠣᠳᠣᠭ ᠨᠡᠢᠯᠡᠭᠦᠯᠳᠡᠭ ᠦᠭᠡᠢ ᠵᠠᠩ ᠲᠠᠢ ᠠᠵᠢ ᠃ 
       ᠬᠣᠨᠣᠭ ᠬᠤᠭᠤᠴᠠᠭ᠎ᠠ ᠨᠢᠰᠬᠦ ᠮᠡᠲᠦ ᠥᠩᠭᠡᠷᠡᠭᠰᠡᠭᠡᠷ ᠯᠡ ᠪᠠᠢᠯ᠎ᠠ ᠃ ᠵᠢᠷᠤᠭᠠᠴᠢ ᠶ᠋ᠢᠨ ᠰᠡᠳᠬᠢᠯ ᠰᠢᠨᠠᠯᠤᠭᠰᠠᠭᠠᠷ ᠯᠠ ᠪᠠᠢᠯ᠎ᠠ ᠃ ᠬᠣᠰᠢᠭᠤ ᠨᠤᠲᠤᠭ ᠊ᠣᠨ ᠬᠢᠨᠢ ᠴᠦ᠍ ᠂ ᠲᠠᠨᠢᠯ ᠨᠥᠬᠥᠳ ᠨᠢ ᠴᠦ᠍ ᠴᠥᠮ ᠲᠤᠰᠠ ᠪᠣᠯᠬᠤ ᠶ᠋ᠢ ᠬᠢᠴᠢᠶᠡᠨ᠎ᠡ ᠃ ᠭᠡᠪᠡᠴᠦ ᠦᠨᠡᠬᠡᠷ ᠰᠡᠳᠬᠢᠰᠢ ᠦᠭᠡᠢ ᠂ ᠪᠡᠶᠡᠯᠡᠰᠢ ᠦᠭᠡᠢ ᠶᠠᠭᠤᠮᠠᠨ ᠳ᠋ᠤ᠌ ᠬᠠᠷᠢᠭᠤ ᠣᠯᠳᠠᠭᠰᠠᠨ ᠦᠭᠡᠢ ᠃ ᠵᠢᠷᠤᠭᠠᠴᠢ ᠶ᠋ᠢᠨ ᠲᠦᠮᠡᠨ ᠤᠬᠠᠭᠠᠨ ᠂ ᠮᠢᠩᠭᠠᠨ ᠠᠷᠭ᠎ᠠ ᠴᠤ᠌ ᠲᠤᠰᠠ ᠪᠣᠯᠤᠭᠰᠠᠨ ᠦᠭᠡᠢ ᠃ ᠲᠡᠭᠡᠲᠡᠯ᠎ᠡ ᠬᠠᠪᠤᠷ ᠊ᠣᠨ ᠨᠢᠭᠡᠨ ᠡᠳᠦᠷ ᠵᠢᠷᠤᠭᠠᠴᠢ ᠭᠡᠷ ᠊ᠥᠨ ᠢ᠋ᠶ᠋ᠡᠨ ᠭᠠᠳᠠᠨ᠎ᠠ ᠭᠡᠶᠦᠷᠡᠨ ᠰᠠᠭᠤᠵᠤ ᠪᠠᠢᠬᠤ ᠶ᠋ᠢ ᠬᠠᠷᠠᠭᠰᠠᠨ ᠭᠤᠶᠤᠯᠭᠠᠴᠢᠨ ᠡᠷ᠎ᠡ ᠳᠡᠷᠭᠡᠳᠡ ᠨᠢ ᠣᠴᠢᠵᠠᠢ ᠃  
     –– ᠶᠠᠭᠤᠨ ᠳ᠋ᠠᠭᠠᠨ ᠰᠢᠨᠠᠯᠤᠨ᠎ᠠ ᠪᠣᠢ ? ᠭᠡᠵᠦ ᠲᠡᠷᠡ ᠰᠢᠭᠤᠳ ᠠᠰᠠᠭᠤᠬᠤ ᠳ᠋ᠤ᠌ ᠂ ᠵᠢᠷᠤᠭᠠᠴᠢ ᠲᠡᠭᠦᠨ ᠳ᠋ᠦ᠍ ᠬᠠᠮᠤᠭ ᠵᠣᠪᠠᠯᠠᠩ ᠢ᠋ᠶ᠋ᠠᠨ ᠶᠠᠷᠢᠪᠠ ᠃ ᠭᠤᠶᠤᠯᠭᠠᠴᠢᠨ ᠠᠩᠬᠠᠷᠬᠤ ᠶ᠋ᠢᠨ ᠶᠡᠬᠡ ᠪᠡᠷ ᠠᠩᠬᠠᠷᠴᠤ ᠰᠣᠨᠣᠰᠤᠭᠠᠳ ᠲᠣᠯᠣᠭᠠᠢ ᠪᠠᠨ ᠰᠡᠭᠰᠦᠷᠦᠨ ᠄  
     –– ᠠᠢ ᠮᠡᠳᠡᠬᠦ ᠦᠭᠡᠢ ᠃ ᠰᠠᠨᠠᠭᠠᠨ ᠳ᠋ᠤ᠌ ᠪᠠᠭᠲᠠᠬᠤ ᠦᠭᠡᠢ ᠶᠠᠭᠤᠮ᠎ᠠ ᠪᠠᠢᠨ᠎ᠠ ᠃ ᠭᠣᠶᠣᠯᠭ᠎ᠠ ᠪᠠᠷ ᠠᠮᠢ ᠵᠢᠭᠤᠬᠤ ᠭᠤᠴᠢ ᠳᠥᠴᠢᠨ ᠵᠢᠯ ᠳ᠋ᠦ᠍ ᠮᠥᠨ ᠴᠦ᠍ ᠣᠯᠠᠨ ᠬᠥᠮᠦᠨ ᠲᠡᠢ ᠠᠭᠤᠯᠵᠠᠵᠤ ᠮᠥᠨ ᠴᠦ᠍ ᠶᠡᠬᠡ ᠶᠠᠭᠤᠮ᠎ᠠ ᠰᠣᠨᠣᠰᠤᠯ᠎ᠠ ᠃ ᠡᠢᠮᠦ ᠯᠦᠩᠳᠦᠩ  ᠭᠠᠷᠴᠤ ᠭᠡᠵᠦ ᠣᠳᠣ ᠯᠠ ᠠᠩᠬ᠎ᠠ ᠤᠳᠠᠭ᠎ᠠ ᠲᠤᠭᠤᠯᠵᠤ ᠪᠠᠢᠨ᠎ᠠ ᠭᠡᠰᠡᠨ ᠢ᠋ᠶ᠋ᠡᠨ ᠦᠷᠴᠢᠯᠡᠭᠡᠲᠦ ᠳᠤᠬᠤ ᠪᠠᠨ ᠢᠯᠢᠵᠦ ᠄  
     –– ᠪᠠᠢᠵᠠ ! ᠨᠢᠭᠡᠨ ᠢᠮᠠᠬᠤ( ᠼᠦᠨ )ᠵᠠᠢ ᠳ᠋ᠤ᠌ ᠮᠢᠩᠭᠠᠨ ᠵᠠᠭᠠᠨ ᠵᠢᠷᠤ ᠭᠡᠵᠦ ᠠᠢᠯᠠᠳᠤᠭᠰᠠᠨ ᠶᠤᠮ ᠪᠣᠯ ᠬᠥᠮᠦᠨ ᠊ᠥ ᠰᠠᠨᠠᠭᠠᠨ ᠳ᠋ᠤ᠌ ᠪᠠᠭᠲᠠᠭᠠᠳ ᠯᠠ ᠲᠡᠭᠡᠵᠡᠢ ᠳ᠋ᠠ ᠃ ᠠᠢᠯᠠᠳᠴᠤ ᠪᠣᠯᠤᠭᠰᠠᠨ ᠶᠠᠭᠤᠮ᠎ᠠ ᠶ᠋ᠢ ᠬᠢᠵᠦ ᠪᠣᠯᠤᠯ ᠦᠭᠡᠢ ᠳ᠋ᠠ ᠃ ᠴᠢ ᠶᠠᠮᠠᠷ   ᠲᠠᠶ᠋ᠢᠭ (ᠬᠣᠶᠠᠷ ᠬᠡᠯᠡᠨ ᠊ᠥ ᠦᠭᠡᠰ ᠢ᠋ ᠲᠣᠬᠣᠭᠠᠵᠤ ᠣᠷᠴᠢᠭᠤᠯᠤᠭᠰᠠᠨ ᠲᠣᠯᠢ ᠪᠢᠴᠢᠭ ) ᠦᠵᠡᠭᠡ ᠦᠭᠡᠢ ᠪᠢᠴᠢᠭᠡᠴᠢ ᠂ ᠮᠠᠶᠢᠭ᠋ ᠦᠵᠡᠭᠡ ᠦᠭᠡᠢ ᠵᠢᠷᠤᠭᠠᠴᠢ   ᠪᠢᠰᠢ ᠳ᠋ᠠ ᠭᠡᠵᠦ ᠬᠡᠯᠡᠪᠡ ᠃   
        ᠨᠡᠭᠡᠷᠡᠨ ᠬᠥᠮᠦᠨ ᠊ᠥ ᠤᠬᠠᠭᠠᠨ ᠳ᠋ᠤ᠌ ᠪᠠᠭᠲᠠᠭᠠᠳ ᠵᠠᠷᠯᠢᠭ ᠯᠦᠩᠳᠦᠩ  ᠪᠣᠯᠤᠭᠠᠳ ᠪᠠᠭᠤᠵᠤ ᠢᠷᠡᠭᠰᠡᠨ ᠶᠦ᠍ᠮ ᠪᠣᠯ ᠶᠠᠭᠠᠬᠢᠭᠠᠳ ᠬᠢᠵᠦ ᠪᠣᠯᠳᠠᠭ ᠦᠭᠡᠢ ᠪᠢᠯᠡ ᠭᠡᠰᠡᠨ ᠪᠣᠳᠣᠯ ᠵᠢᠷᠤᠭᠠᠴᠢ ᠶ᠋ᠢ ᠡᠵᠡᠮᠳᠡᠪᠡ ᠃ 
      –– ᠮᠠᠢ ᠂ ᠮᠢᠨᠦ ᠬᠤᠪᠢ ᠶ᠋ᠢ ᠬᠦᠷᠲᠡ ! ᠭᠡᠵᠦ ᠵᠢᠷᠤᠭᠠᠴᠢ ᠬᠡᠯᠡᠭᠡᠳ ᠭᠤᠶᠤᠯᠭᠠᠴᠢᠨ ᠳ᠋ᠤ᠌ ᠦᠳᠡ ᠶ᠋ᠢᠨ ᠬᠣᠭᠣᠯᠠ ᠪᠠᠨ ᠦᠭᠬᠦᠯ᠎ᠡ ᠃ ᠱᠠᠭᠠᠨᠲᠤ ᠴᠢᠮᠥᠭᠡ ᠶ᠋ᠢ ᠲᠡᠷᠡ ᠠᠳᠢᠰ ᠬᠦᠷᠲᠡᠬᠦ ᠮᠡᠲᠦ ᠬᠣᠶᠠᠷ ᠭᠠᠷᠳᠠᠨ ᠠᠪᠤᠭᠠᠳ ᠰᠢᠭᠤᠳ ᠯᠠ ᠡᠪᠦᠷᠲᠦᠯᠡᠪᠡ ᠃ 
      –– ᠵᠠ ᠳᠠᠪᠬᠤᠷ ᠳᠡᠪᠡᠯᠲᠦ ᠨᠢ ᠶᠠᠪᠤᠶ᠎ᠠ ᠲᠠ !  ᠵᠠᠭᠠᠨ ᠊ᠣ ᠪᠠᠨ ᠵᠢᠷᠤᠭ ᠢ᠋ ᠮᠥᠳᠳᠥᠬᠡᠨ ᠳᠠᠭᠤᠰᠬᠠᠭᠠᠷᠠᠢ ! ᠭᠡᠵᠦ ᠢᠷᠦᠭᠡᠭᠡᠳ ᠪᠣᠰᠴᠤ ᠣᠳᠪᠠ ᠃ ᠬᠣᠢᠨ᠎ᠠ ᠠ᠋ᠴᠠ ᠨᠢ ᠵᠢᠷᠤᠭᠠᠴᠢ ᠬᠡᠰᠡᠭ ᠵᠠᠭᠤᠷ᠎ᠠ ᠪᠣᠳᠣᠯᠭᠠᠰᠢᠷᠠᠨ ᠬᠠᠷᠠᠵᠤ ᠪᠠᠢᠭᠰᠠᠨ ᠢ᠋ᠶ᠋ᠠᠨ ᠭᠡᠨᠡᠳᠲᠡ ᠨᠢᠭᠡᠨ ᠶᠠᠭᠤᠮ᠎ᠠ ᠰᠠᠨᠠᠵᠤ ᠄ 
      –– ᠬᠦᠢ  ᠳᠠᠪᠬᠤᠷ ᠳᠡᠪᠡᠯᠲᠦ ᠂ ᠬᠥᠶᠢ ᠳᠠᠪᠬᠤᠷ ᠳᠡᠪᠡᠯᠲᠦ ! ᠭᠡᠵᠦ ᠬᠠᠰᠬᠢᠴᠢᠨ ᠳᠠᠭᠤᠳᠠᠵᠤ ᠪᠣᠰᠤᠨ ᠬᠠᠷᠠᠢᠪᠠ ᠃ ᠭᠤᠶᠤᠯᠭᠠᠴᠢᠨ ᠠᠶᠤᠬᠤ ᠮᠡᠲᠦ ᠴᠣᠴᠢᠨ ᠵᠣᠭ ᠲᠤᠰᠤᠭᠰᠠᠨ ᠢ᠋ᠶ᠋ᠠᠨ ᠡᠷᠭᠢᠵᠦ ᠬᠠᠷᠠᠪᠠ ᠃ ᠵᠢᠷᠤᠭᠠᠴᠢ ᠭᠦᠶᠦᠨ ᠬᠦᠷᠴᠦ ᠲᠡᠭᠦᠨ ᠊ᠥ ᠵᠠᠳᠠᠭᠠᠢ ᠡᠩᠭᠡᠷ ᠤᠷᠤᠭᠤ ᠰᠢᠷᠲᠡᠨ ᠭᠥᠯᠢᠷᠡᠪᠡ ᠃ ᠰᠠᠶᠢ ᠥᠭᠭᠦᠭᠰᠡᠨ ᠱᠠᠭᠠᠨᠲᠤ ᠴᠢᠮᠥᠭᠡ ᠪᠡᠨ ᠪᠤᠴᠠᠭᠠᠵᠤ ᠠᠪᠬᠤ ᠨᠢ ᠭᠡᠵᠦ ᠠᠶᠤᠬᠤ ᠰᠢᠭ᠋ ᠭᠤᠶᠤᠯᠭᠠᠴᠢᠨ ᠪᠠᠷᠠᠭᠤᠨ ᠭᠠᠷ ᠢ᠋ᠶ᠋ᠠᠷ ᠡᠩᠭᠡᠷ ᠢ᠋ᠶ᠋ᠡᠨ ᠳᠠᠷᠤᠪᠠ ᠃ ᠲᠡᠷᠡ ᠭᠤᠶᠤᠯᠭᠠᠴᠢᠨ ᠳᠥᠷᠪᠡᠨ ᠳᠠᠪᠬᠤᠷ ᠳᠡᠪᠡᠯ ᠲᠡᠢ ᠠᠵᠢ ᠃ ᠡᠬᠢᠯᠡᠭᠡᠳ ᠲᠠᠷᠮᠠᠨ ᠬᠦᠷᠮ᠎ᠡ ᠂ ᠳᠠᠷᠠᠭ᠎ᠠ ᠨᠢ ᠰᠠᠷᠮᠠᠢ ᠳᠡᠪᠡᠯ ᠂ ᠳᠣᠣᠷ᠎ᠠ ᠨᠢ ᠳᠠᠯᠢᠩᠪᠤᠨ ᠴᠣᠪᠴᠠᠭ᠎ᠠ ( ᠵᠤᠪᠴᠠᠭ᠎ᠠ ) ᠶᠠᠩᠪᠣᠨ ᠲᠡᠷᠯᠢᠭ ᠳᠠᠪᠬᠤᠷᠯᠠᠨ ᠡᠮᠦᠰᠴᠡᠢ ᠃ ᠡᠪᠦᠯ ᠂ ᠵᠤᠨ ᠂ ᠨᠠᠮᠤᠷ ᠊ᠣᠨ ᠪᠦᠬᠦ ᠯᠡ ᠬᠤᠪᠴᠠᠰᠤ ᠪᠠᠨ ᠭᠠᠭᠴᠠ ᠪᠡᠶ᠎ᠡ ᠳ᠋ᠡᠭᠡᠨ ᠡᠮᠦᠰᠴᠦ ᠶᠠᠪᠤᠳᠠᠭ ᠪᠣᠯᠬᠣᠷ ᠲᠡᠭᠦᠨ ᠢ᠋ ᠳᠠᠪᠬᠤᠷ ᠳᠡᠪᠡᠯᠲᠦ ᠭᠡᠵᠦ ᠣᠯᠠᠨ ᠢ᠋ᠶ᠋ᠠᠷ ᠨᠡᠷᠡᠯᠡᠵᠡᠢ ᠃ ᠴᠠᠭ ᠳᠤᠯᠠᠭᠠᠷᠠᠬᠤ ᠶ᠋ᠢᠨ ᠬᠢᠷᠢ ᠪᠡᠷ ᠳᠠᠪᠬᠤᠷ ᠳᠡᠪᠡᠯ ᠢ᠋ᠶ᠋ᠡᠨ ᠨᠢᠭᠡ ᠨᠢᠭᠡ ᠪᠡᠷ ᠨᠢ ᠲᠠᠢᠯᠵᠤ ᠨᠢᠮᠭᠡᠯᠡᠨ ᠴᠥᠭᠡᠯᠡᠳᠡᠭ ᠠᠵᠢ ᠃ 
        ᠵᠢᠷᠤᠭᠠᠴᠢ ᠲᠡᠭᠦᠨ ᠊ᠥ ᠳᠠᠪᠬᠤᠷ ᠳᠠᠪᠬᠤᠷ ᠮᠥᠷᠲᠡᠭᠡᠨ ᠲᠣᠪᠴᠢ ᠰᠢᠯᠪᠢ ᠦᠭᠡᠢ ᠰᠢᠬᠠᠮ ᠵᠠᠭᠠᠮ᠎ᠠ ᠤᠷᠤᠭᠤ ᠬᠡᠰᠡᠭ ᠵᠠᠭᠤᠷ᠎ᠠ ᠬᠠᠷᠠᠵᠤ ᠵᠣᠭᠰᠣᠭᠰᠠᠨ ᠢ᠋ᠶ᠋ᠠᠨ ᠄ 
      –– ᠳᠠᠪᠬᠤᠷ ᠳᠡᠪᠡᠯᠲᠦ ᠴᠢᠮ᠎ᠠ ᠳ᠋ᠤ᠌ ᠥᠭᠯᠢᠭᠡ ᠶᠡᠬᠡ ᠣᠯᠳᠠᠬᠤ ᠪᠣᠯᠲᠤᠭᠠᠢ ! ᠭᠡᠵᠦ ᠢᠷᠦᠭᠡᠭᠡᠳ ᠭᠡᠷ ᠥᠭᠡᠳᠡ ᠪᠡᠨ ᠪᠤᠴᠠᠵᠤ ᠭᠦᠶᠦᠬᠦ ᠲᠣᠭᠠᠨ ᠊ᠣ ᠶᠠᠪᠤᠯ᠎ᠠ ᠃ ᠳᠠᠪᠬᠤᠷ ᠳᠡᠪᠡᠯᠲᠦ ᠭᠤᠶᠤᠯᠭᠠᠴᠢᠨ ᠬᠡᠰᠡᠭ ᠵᠠᠭᠤᠷ᠎ᠠ ᠡᠷᠡᠭᠡᠯᠡᠵᠦ ᠭᠠᠢᠬᠠᠭᠰᠠᠨ ᠢ᠋ᠶ᠋ᠠᠨ ᠴᠠᠭᠠᠰᠢᠬᠢ ᠮᠥᠷ ᠢ᠋ᠶ᠋ᠡᠨ ᠬᠥᠭᠡᠭᠡᠨ ᠠᠮᠠᠨ ᠳ᠋ᠠᠭᠠᠨ ᠪᠤᠪᠠᠲᠤᠨᠠᠨ ᠦᠭᠡᠯᠡᠭᠰᠡᠭᠡᠷ ᠣᠳᠴᠠᠢ ᠃ 
       ᠵᠢᠮᠪᠠ ᠵᠢᠷᠤᠭᠠᠴᠢ ᠰᠢᠭᠤᠳ ᠯᠠ ᠭᠡᠷ ᠲᠡᠭᠡᠨ ᠣᠷᠣᠵᠤ ᠡᠷᠡᠬᠡᠢ ᠳᠠᠷᠤᠮ᠎ᠠ ᠳᠥᠷᠪᠡᠯᠵᠢᠨ ᠴᠠᠭᠠᠰᠤ ᠬᠠᠢᠴᠢᠯᠠᠪᠠ ᠃ ᠪᠢᠷ ᠢ᠋ᠶ᠋ᠡᠨ ᠪᠣᠳᠣᠭ ᠲᠤ᠌ ᠨᠡᠢᠯᠡᠵᠦ ᠡᠷᠡᠬᠡᠢ ᠳᠠᠷᠤᠮ᠎ᠠ ᠴᠠᠭᠠᠰᠤᠨ ᠳᠡᠭᠡᠷ᠎ᠡ ᠪᠡᠨ ᠬᠣᠶᠠᠷ ᠪᠦᠲᠦᠨ ᠵᠠᠭᠠᠨ ᠢ᠋ ᠭᠠᠳᠠᠭ᠎ᠠ ᠬᠦᠷᠢᠶᠡᠨ ᠳ᠋ᠦ᠍ᠨᠢ ᠲᠤᠯᠭᠠᠵᠤ ᠂ ᠬᠣᠭᠣᠷᠣᠨᠳᠣ ᠨᠢ ᠥᠴᠦᠬᠡᠨ ᠴᠦ᠍ ᠵᠠᠢ ᠦᠭᠡᠢ ᠪᠡᠷ ᠬᠥᠯ ᠲᠣᠯᠣᠭᠠᠢ ᠪᠠᠷ ᠨᠢ ᠵᠥᠷᠢᠭᠦᠯᠡᠨ ᠵᠢᠷᠤᠪᠠ ᠃ ᠬᠣᠶᠠᠷ ᠵᠠᠭᠠᠨ ᠊ᠣ ᠪᠠᠨ ᠳᠣᠲᠣᠭᠤᠷᠬᠢ ᠴᠠᠭᠠᠨ ᠵᠠᠢᠨ ᠳ᠋ᠤ᠌ ᠲᠠᠪᠤ ᠲᠠᠪᠤᠨ ᠵᠠᠭᠤ ᠪᠠᠷ ᠨᠢ ᠳᠠᠪᠬᠤᠷ ᠵᠢᠷᠤᠭᠠᠰᠤ ᠭᠠᠷᠭᠠᠯ᠎ᠠ ᠃ ᠬᠠᠮᠤᠭ ᠊ᠣᠨ ᠭᠣᠣᠯ ᠳ᠋ᠠᠬᠢ ᠵᠢᠷᠤᠭᠠᠰᠤ ᠪᠠᠷᠤᠭ ᠯᠠ ᠴᠡᠭ ᠲᠡᠳᠦᠢ ᠪᠣᠯᠪᠠᠴᠤ ᠵᠠᠭᠠᠨ ᠊ᠣ ᠳᠦᠷᠰᠦ ᠮᠡᠳᠡᠭᠳᠡᠬᠦ ᠪᠡᠷ ᠪᠣᠯᠪᠠ ᠃ ᠨᠢᠭᠡᠨ ᠼᠦᠨ ᠵᠠᠢ ᠳ᠋ᠤ᠌ ᠲᠡᠢᠨ ᠬᠦ᠌ ᠮᠢᠩᠭᠠᠨ ᠵᠠᠭᠠᠨ ᠢ᠋ ᠪᠠᠭᠲᠠᠭᠠᠨ ᠵᠢᠷᠤᠵᠤ ᠴᠢᠳᠠᠯ᠎ᠠ ᠃ ᠳᠠᠪᠬᠤᠷ ᠳᠡᠪᠡᠯᠲᠦ ᠭᠤᠶᠤᠯᠭᠠᠴᠢᠨ ᠊ᠣ ᠳᠦᠷᠢ ᠲᠥᠷᠬᠦ ᠡᠢᠨ ᠬᠦ᠌ ᠮᠢᠩᠭᠠᠨ ᠵᠠᠭᠠᠨ ᠪᠣᠯᠤᠨ ᠠᠮᠢᠯᠠᠵᠠᠢ ᠃《  ᠲᠠᠶ᠋ᠢᠭ ᠦᠵᠡᠭᠡ ᠦᠭᠡᠢ ᠪᠢᠴᠢᠭᠡᠴᠢ ᠂ ᠮᠠᠶᠢᠭ᠋ ᠦᠵᠡᠭᠡ ᠦᠭᠡᠢ ᠵᠢᠷᠤᠭᠠᠴᠢ  ᠪᠢᠰᠢ ᠭᠡᠳᠡᠭ ᠢ᠋ ᠨᠢ ᠵᠢᠮᠪᠠ ᠳ᠋ᠤ᠌ ᠲᠡᠷᠡ ᠪᠠᠰᠠ ᠤᠬᠠᠭᠠᠷᠠᠭᠤᠯᠵᠤ ᠥᠭᠴᠡᠢ ᠃ ᠮᠡᠷᠭᠡᠨ ᠪᠠᠭ᠍ᠰᠢ ᠨᠢ ᠳᠡᠭᠡᠷ᠎ᠡ ᠪᠢᠰᠢ ᠲᠡᠷᠡ ᠳᠣᠣᠷ᠎ᠠ ᠪᠠᠢᠭᠰᠠᠨ ᠢ᠋ ᠴᠦ᠍ ᠮᠡᠳᠡᠵᠡᠢ ᠃  
       ᠡᠷᠡᠬᠡᠢ ᠳᠠᠷᠤᠮ᠎ᠠ ᠵᠠᠢ ᠳ᠋ᠤ᠌ ᠪᠠᠭᠲᠠᠭᠰᠠᠨ ᠲᠡᠷᠡ ᠮᠢᠩᠭᠠᠨ ᠵᠠᠭᠠᠨ ᠡᠵᠡᠨ ᠳᠡᠭᠡᠳᠦᠰ ᠊ᠥᠨ ᠰᠣᠨᠢᠨ ᠶᠠᠭᠤᠮ᠎ᠠ ᠶ᠋ᠢᠨ ᠰᠠᠩ ᠬᠥᠮᠥᠷᠭᠡ ᠳ᠋ᠦ᠍ ᠣᠷᠣᠵᠤ ᠦᠯᠡᠳᠡᠭᠰᠡᠨ ᠪᠣᠯᠪᠠᠴᠤ ᠶᠠᠳᠠᠭᠤ ᠭᠤᠶᠤᠯᠭᠠᠴᠢᠨ ᠊ᠣ ᠤᠬᠠᠭᠠᠨ ᠠ᠋ᠴᠠ ᠲᠥᠷᠥᠭᠰᠡᠨ ᠢ᠋ ᠬᠡᠨ ᠴᠦ᠍ ᠲᠡᠷᠡ ᠴᠠᠭ ᠲᠤ᠌ ᠰᠡᠵᠢᠭ ᠠᠪᠤᠯ ᠦᠭᠡᠢ ᠥᠩᠭᠡᠷᠡᠵᠡᠢ ᠃  

ᠢᠷᠡᠯᠲᠡ ᠄ 《 ᠠᠩᠬ᠎ᠠ ᠳᠤᠮᠳᠠᠳᠤ ᠶᠢᠨ ᠡᠪᠦᠯ ᠦᠨ ᠠᠮᠠᠷᠠᠯᠲᠠ ᠶᠢᠨ ᠤᠩᠰᠢᠭᠤ》 ᠠᠴᠠ ᠬᠠᠭᠤᠯᠪᠠ᠃ 
  ᠦᠰᠦᠭ ᠠᠮᠢᠯᠠᠭᠤᠯᠤᠭᠰᠠᠨ ᠨᠢ᠄  ᠭᠠᠸᠠ 
    ᠬᠢᠨᠠᠭᠴᠢ᠄  ᠲᠤᠭᠴᠢ ᠰᠠᠷᠠᠨ᠎ᠠ