ᠳᠤᠭᠲᠤᠢ ᠶᠢᠨ ᠳᠣᠲᠤᠷᠠᠬᠢ ᠬᠥᠮᠦᠨ-ᠠ᠊᠂ ᠫ᠂ ᠴᠧᠬᠤᠸДугтуйн доторх хүн-А, п, Чехов ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠭᠲᠤᠢ ᠶᠢᠨ ᠳᠣᠲᠤᠷᠠᠬᠢ ᠬᠥᠮᠦᠨ-ᠠ᠊᠂ ᠫ᠂ ᠴᠧᠬᠤᠸДугтуйн доторх хүн-А, п, Чехов

ᠳᠤᠭᠲᠤᠢ ᠶᠢᠨ ᠳᠣᠲᠤᠷᠠᠬᠢ ᠬᠥᠮᠦᠨ-ᠠ᠊᠂ ᠫ᠂ ᠴᠧᠬᠤᠸДугтуйн доторх хүн-А, п, Чехов

2023-06-09

397

ᠳᠤᠭᠲᠤᠢ ᠶᠢᠨ ᠳᠣᠲᠤᠷᠠᠬᠢ ᠬᠥᠮᠦᠨ 

              ᠠ᠊᠂ ᠫ᠂ ᠴᠧᠬᠤᠸ
  ᠁ᠮᠢᠨᠦ ᠨᠥᠬᠥᠷ ᠭᠷᠧᠭ ᠬᠡᠯᠡᠨ ᠦ᠌ ᠪᠠᠭᠰᠢ ᠪᠸᠯᠢᠺᠤᠸ ᠭᠡᠭᠴᠢ ᠬᠣᠶᠠᠷ ᠰᠠᠷ᠎ᠠ ᠶ᠋ᠢᠨ ᠡᠮᠦᠨᠡᠬᠡᠨ ᠮᠠᠨ ᠤ᠋ ᠬᠣᠲᠠ ᠳ᠋ᠤ᠌ ᠨᠠᠰᠤ ᠪᠠᠷᠠᠭᠰᠠᠨ ᠪᠢᠯᠡ᠃ ᠦᠨᠡᠬᠡᠷ ᠬᠠᠴᠢᠨ ᠬᠥᠮᠦᠨ ᠰᠠᠨ᠃ ᠶᠠᠮᠠᠷ ᠰᠠᠢᠬᠠᠨ ᠴᠡᠯᠮᠡᠭ ᠡᠳᠦᠷ ᠴᠦ᠍ ᠲᠡᠷᠡ ᠤᠰᠤᠨ ᠤ᠋ ᠭᠤᠲᠤᠯ ᠡᠮᠦᠰᠴᠦ᠂ ᠪᠣᠷᠣᠭᠠᠨ ᠤ᠋ ᠰᠢᠭᠦᠷ ᠪᠠᠷᠢᠨ᠂ ᠪᠠᠰᠠ ᠵᠠᠪᠠᠯ ᠬᠥᠪᠥᠩ ᠬᠤᠪᠴᠠᠰᠤ ᠲᠠᠢ ᠶᠠᠪᠤᠳᠠᠭ ᠪᠠᠢᠭᠰᠠᠨ ᠶᠤᠮ᠃ ᠡᠩ ᠦ᠋ᠨ ᠴᠠᠭ ᠲᠤ᠌ ᠪᠣᠷᠣᠭᠠᠨ ᠤ᠋ ᠰᠢᠭᠦᠷ ᠢ᠋ᠶ᠋ᠡᠨ ᠲᠣᠭᠳᠣᠢ ᠳ᠋ᠤ᠌ ᠬᠢᠵᠦ᠂ ᠴᠠᠭ ᠢ᠋ᠶ᠋ᠠᠨ ᠰᠠᠷᠠᠯ ᠢᠯᠭᠢᠨ ᠲᠣᠭᠳᠣᠢ ᠳ᠋ᠤ᠌ ᠬᠢᠳᠡᠭ ᠪᠥᠭᠡᠳ ᠬᠠᠷᠠᠨᠳᠠ ᠶ᠋ᠢᠨ ᠲᠣᠩᠭᠣᠷᠠᠭ ᠨᠢ ᠴᠦ᠍ ᠲᠣᠭᠳᠣᠢ ᠳᠣᠲᠣᠷ᠎ᠠ ᠬᠢᠯᠲᠠᠲᠠᠢ ᠪᠠᠢᠳᠠᠭ᠃ ᠨᠢᠭᠤᠷ ᠴᠢᠷᠠᠢ ᠨᠢ ᠴᠦ᠍ ᠦᠷᠭᠦᠯᠵᠢ ᠳᠡᠪᠡᠯ ᠦ᠋ᠨ ᠢ᠋ᠶ᠋ᠡᠨ ᠪᠣᠰᠬᠠᠭᠰᠠᠨ ᠵᠠᠭᠠᠮᠠᠨ ᠳᠣᠲᠣᠷ᠎ᠠ ᠰᠢᠷᠭᠢᠵᠦ ᠪᠠᠢᠳᠠᠭ ᠲᠤᠯᠠ ᠮᠥᠨ ᠲᠣᠭᠳᠣᠢ ᠪᠣᠢ ᠮᠡᠲᠦ ᠦᠵᠡᠭᠳᠡᠨ᠎ᠡ᠃ ᠪᠠᠰᠠ ᠨᠢᠳᠦᠨ ᠳ᠋ᠡᠭᠡᠨ ᠪᠠᠷᠠᠭᠠᠨ ᠰᠢᠯ ᠬᠢᠵᠦ᠂ ᠵᠤᠵᠠᠭᠠᠨ ᠨᠣᠣᠰᠣᠨ ᠴᠠᠮᠴᠠ ᠡᠮᠦᠰᠴᠦ᠂ ᠴᠢᠬᠢ ᠪᠡᠨ ᠬᠥᠪᠥᠩ ᠢ᠋ᠶ᠋ᠡᠷ ᠪᠥᠭᠯᠡᠳᠡᠭ᠃ ᠮᠣᠷᠢᠨ ᠲᠡᠷᠭᠡᠨ ᠳ᠋ᠦ᠍ ᠰᠠᠭᠤᠬᠤ ᠳ᠋ᠠᠭᠠᠨ ᠲᠡᠷᠭᠡᠨ ᠦ᠌ ᠪᠦᠷᠬᠦᠭᠦᠯ ᠢ᠋ ᠪᠣᠰᠬᠠᠭᠤᠯᠳᠠᠭ᠃ ᠨᠢᠭᠡ ᠯᠡ ᠦᠭᠡ ᠪᠡᠷ ᠬᠡᠯᠡᠪᠡᠯ᠂ ᠲᠡᠷᠡ ᠬᠥᠮᠦᠨ ᠦᠷᠭᠦᠯᠵᠢ ᠥᠪᠡᠷ ᠦ᠋ᠨ ᠪᠡᠶ᠎ᠡ ᠶ᠋ᠢ ᠬᠠᠯᠢᠰᠤᠨ ᠪᠦᠷᠬᠦᠭᠦᠯ ᠳ᠋ᠦ᠍ ᠳᠤᠭᠲᠤᠢᠯᠠᠵᠤ᠂ ᠭᠠᠳᠠᠨ᠎ᠠ ᠶ᠋ᠢᠨ ᠨᠥᠯᠦᠭᠡ ᠡᠴᠡ ᠲᠤᠰᠠᠭᠠᠷᠯᠠᠵᠤ ᠰᠠᠯᠭᠠᠬᠤ ᠭᠡᠰᠡᠨ ᠰᠢᠭ ᠪᠣᠳᠣᠯ ᠲᠠᠢ ᠪᠠᠢᠭᠰᠠᠨ ᠪᠢᠯᠡ᠃ ᠪᠣᠳᠠᠲᠤ ᠠᠮᠢᠳᠤᠷᠠᠯ ᠲᠡᠭᠦᠨ ᠢ᠋ ᠬᠠᠳᠬᠤᠵᠤ ᠠᠶᠤᠯᠭᠠᠵᠤ ᠪᠠᠢᠳᠠᠭ ᠲᠤᠯᠠ ᠬᠡᠵᠢᠶᠡᠳᠡ ᠰᠡᠳᠬᠢᠯ ᠵᠣᠪᠠᠵᠤ ᠪᠠᠢᠳᠠᠭ᠃ ᠢᠮᠠᠭᠲᠠ ᠯᠠ ᠥᠩᠭᠡᠷᠡᠭᠰᠡᠨ ᠦ᠌ ᠪᠤᠶᠤ ᠶᠡᠷᠦ ᠪᠠᠢᠭᠠᠳᠤᠢ ᠶᠠᠭᠤᠮ᠎ᠠ ᠶ᠋ᠢ ᠮᠠᠭᠲᠠᠳᠠᠭ ᠨᠢ ᠥᠪᠡᠷ ᠦ᠋ᠨ ᠠᠶᠤᠮᠠᠬᠠᠢ ᠪᠠ ᠣᠳᠣ ᠶ᠋ᠢᠨ ᠶᠠᠭᠤᠮ᠎ᠠ ᠶ᠋ᠢ ᠵᠢᠭᠰᠢᠨ ᠦᠵᠡᠳᠡᠭ ᠢ᠋ᠶ᠋ᠡᠨ ᠵᠥᠪᠲᠥᠭᠡᠬᠦ ᠶ᠋ᠢᠨ ᠲᠥᠯᠥᠭᠡ ᠪᠠᠢᠵᠤ ᠮᠡᠳᠡᠨ᠎ᠡ᠃ ᠪᠠᠰᠠ ᠲᠡᠭᠦᠨ ᠦ᠌ ᠵᠢᠭᠠᠵᠤ ᠪᠠᠢᠭ᠎ᠠ ᠡᠷᠲᠡᠨ ᠦ᠌ ᠬᠡᠯᠡ ᠨᠢ ᠴᠦ᠍ ᠦᠨᠡᠨ ᠳ᠋ᠡᠭᠡᠨ ᠪᠣᠳᠠᠲᠤ ᠠᠮᠢᠳᠤᠷᠠᠯ᠎ ᠡᠴᠡ ᠨᠢᠭᠤᠭᠳᠠᠬᠤ ᠳ᠋ᠤᠨᠢ ᠬᠠᠯᠬ᠎ᠠ ᠪᠣᠯᠬᠤ ᠤᠰᠤᠨ ᠭᠤᠲᠤᠯ᠂ ᠪᠣᠷᠣᠭᠠᠨ ᠤ᠋ ᠰᠢᠬᠦᠷ ᠲᠡᠢ ᠠᠳᠠᠯᠢ ᠵᠦᠢᠯ ᠪᠠᠢᠵᠠᠢ᠃
  ᠪᠸᠯᠢᠺᠤᠸ ᠥᠪᠡᠷ ᠦ᠋ᠨ ᠦᠵᠡᠯ ᠰᠠᠨᠠᠭ᠎ᠠ ᠪᠠᠨ ᠴᠤ᠌ ᠮᠥᠨ ᠲᠣᠭᠳᠣᠢ ᠳᠣᠲᠣᠷ᠎ᠠ ᠳᠠᠯᠳᠠᠯᠠᠬᠤ ᠶ᠋ᠢ ᠶᠡᠬᠡᠳᠡ ᠬᠢᠴᠢᠶᠡᠨ ᠣᠷᠣᠯᠳᠣᠳᠠᠭ᠃ ᠁ ᠬᠣᠲᠠ ᠳ᠋ᠤ᠌ ᠵᠦᠴᠦᠭᠡ ᠶ᠋ᠢᠨ ᠺᠯᠦ᠋ᠪ ᠪᠤᠶᠤ ᠤᠩᠰᠢᠯᠭ᠎ᠠ ᠶ᠋ᠢᠨ ᠭᠠᠵᠠᠷ᠂ ᠴᠠᠢ ᠶ᠋ᠢᠨ ᠭᠠᠵᠠᠷ ᠪᠠᠢᠭᠤᠯᠬᠤ ᠶ᠋ᠢ ᠵᠠᠰᠠᠭ ᠵᠠᠬᠢᠷᠭ᠎ᠠ᠎ ᠡᠴᠡ ᠵᠥᠪᠰᠢᠶᠡᠷᠡᠭᠰᠡᠨ ᠢ᠋ ᠦᠵᠡᠪᠡᠯ᠂ ᠪᠸᠯᠢᠺᠤᠸ ᠲᠣᠯᠣᠭᠠᠢ ᠰᠡᠭᠰᠦᠷᠦᠨ ᠨᠠᠮ ᠳᠠᠭᠤᠨ ᠢ᠋ᠶ᠋ᠠᠷ:
  《ᠬᠡᠯᠡᠯᠭᠡᠨ ᠦᠭᠡᠢ᠂ ᠪᠣᠯᠬᠤ ᠨᠢ ᠴᠦ᠍ ᠪᠣᠯᠤᠨ᠎ᠠ᠂ ᠰᠠᠢᠨ ᠯᠠ ᠬᠡᠷᠡᠭ᠃ ᠭᠡᠪᠡᠴᠦ ᠶᠠᠮᠠᠷ ᠨᠢᠭᠡᠨ ᠶᠠᠪᠤᠳᠠᠯ ᠭᠠᠷᠤᠭᠤᠵᠠᠢ》 ᠭᠡᠨ᠎ᠡ᠃
  ᠡᠭᠦᠨᠴᠢᠯᠡᠨ ᠠᠯᠢᠪᠠ ᠨᠢᠭᠡᠨ ᠳᠦᠷᠢᠮ ᠲᠣᠭᠲᠠᠭᠠᠯ᠂ ᠡᠩ ᠦ᠋ᠨ ᠶᠣᠰᠣ ᠵᠢᠷᠤᠮ᠎ ᠡᠴᠡ ᠵᠥᠷᠢᠴᠡᠭᠰᠡᠨ ᠶᠠᠪᠤᠳᠠᠯ ᠭᠠᠷᠪᠠᠯ᠂ ᠬᠡᠳᠦᠢᠪᠡᠷ ᠲᠡᠭᠦᠨ ᠳ᠋ᠦ᠍ ᠬᠣᠯᠪᠣᠭᠳᠠᠯ ᠦᠭᠡᠢ ᠪᠣᠯᠪᠠᠴᠤ ᠲᠡᠷᠡ ᠡᠳᠦᠷ ᠲᠡᠷᠡ ᠤᠴᠢᠷ ᠲᠤ᠌ ᠶᠡᠬᠡᠯ᠎ᠡ ᠭᠤᠨᠢᠭᠯᠠᠨ ᠭᠤᠳᠤᠷᠠᠳᠠᠭ ᠪᠠᠢᠯ᠎ᠠ᠃ ᠬᠡᠷᠪᠡ ᠳᠤᠮᠳᠠᠳᠤ ᠰᠤᠷᠭᠠᠭᠤᠯᠢ ᠶ᠋ᠢᠨ ᠰᠤᠷᠤᠭᠴᠢ ᠦᠢᠮᠡᠭᠡᠨ ᠭᠠᠷᠭᠠᠭᠰᠠᠨ ᠭᠡᠬᠦ ᠶᠠᠷᠢᠶ᠎ᠠ ᠴᠤᠤᠷᠬᠠᠯ ᠭᠠᠷᠬᠤ᠂ ᠡᠰᠡᠬᠦᠯ᠎ᠡ ᠡᠮᠡᠭᠲᠡᠢ ᠪᠠᠭᠰᠢ ᠴᠡᠷᠢᠭ ᠦ᠋ᠨ ᠳᠠᠷᠤᠭ᠎ᠠ ᠲᠠᠢ ᠬᠠᠮᠲᠤ ᠶᠠᠪᠤᠵᠤ ᠦᠳᠡᠰᠢ ᠣᠷᠣᠢ ᠪᠤᠴᠠᠵᠤ ᠢᠷᠡᠪᠡᠯ ᠪᠸᠯᠢᠺᠤᠸ ᠤ᠋ᠨ ᠰᠡᠳᠬᠢᠯ ᠶᠡᠬᠡᠳᠡ ᠵᠣᠪᠠᠵᠤ᠂ ᠰᠡᠵᠢᠭᠯᠡᠯ᠂ ᠲᠣᠭᠳᠣᠢ ᠳᠣᠲᠣᠷᠠᠬᠢ ᠵᠠᠩ ᠢ᠋ᠶ᠋ᠠᠷ ᠢ᠋ᠶ᠋ᠠᠨ ᠪᠢᠳᠡᠨ ᠢ᠋ ᠦᠨᠡᠬᠡᠷ ᠰᠢᠨᠠᠯᠭᠠᠳᠠᠭ ᠪᠢᠯᠡ᠃ ᠡᠮᠡᠭᠲᠡᠢᠴᠦᠳ ᠦ᠋ᠨ ᠳᠤᠮᠳᠠᠳᠤ ᠰᠤᠷᠭᠠᠭᠤᠯᠢ ᠰᠠᠬᠢᠯᠭ᠎ᠠ ᠦᠭᠡᠢᠳᠡᠵᠦ ᠪᠠᠢᠨ᠎ᠠ᠂ ᠬᠢᠴᠢᠶᠡᠯ ᠦ᠋ᠨ ᠲᠠᠰᠤᠭ ᠳᠣᠲᠣᠷ᠎ᠠ ᠡᠷᠡᠭᠲᠡᠢᠴᠦᠳ ᠦ᠋ᠨ ᠳᠤᠮᠳᠠᠳᠤ ᠰᠤᠷᠭᠠᠭᠤᠯᠢ ᠶ᠋ᠢᠨ ᠰᠤᠷᠤᠭᠴᠢ ᠴᠤ᠌ ᠭᠡᠰᠡᠨ ᠪᠦᠷ ᠰᠠᠬᠢᠯᠭ᠎ᠠ ᠦᠭᠡᠢᠳᠡᠵᠦ ᠪᠠᠢᠨ᠎ᠠ᠂ ᠬᠢᠴᠢᠶᠡᠯ ᠦ᠋ᠨ ᠭᠡᠷ ᠳᠣᠲᠣᠷ᠎ᠠ ᠱᠤᠤᠭᠢᠶᠠᠨ ᠦᠢᠮᠡᠭᠡᠨ ᠲᠡᠢ ᠪᠠᠢᠨ᠎ᠠ᠃ ᠠᠶ᠎ᠠ᠂ ᠡᠨᠡ ᠦᠯᠦ ᠵᠣᠬᠢᠬᠤ ᠪᠠᠢᠳᠠᠯ᠂ ᠡᠷᠬᠡ ᠪᠠᠷᠢᠭᠴᠢᠳ ᠤ᠋ᠨ ᠴᠢᠬᠢᠨ ᠳ᠋ᠦ᠍ ᠣᠷᠣᠬᠤ ᠪᠣᠯᠤᠭᠤᠵᠠᠢ᠂ ᠶᠠᠮᠠᠷ ᠨᠢᠭᠡᠨ ᠪᠤᠳᠤᠯᠢᠶᠠᠨ ᠭᠠᠷᠤᠭᠤᠵᠠᠢ ᠭᠡᠵᠦ ᠶᠠᠩᠰᠢᠨ᠎ᠠ᠃ ᠪᠠᠰᠠ ᠶᠡᠷᠦ ᠨᠢ ᠬᠣᠶᠠᠳᠤᠭᠠᠷ ᠠᠩᠭᠢ᠎ ᠡᠴᠡ ᠫᠸᠲᠷᠤᠸ ᠢ᠋᠂ ᠳᠥᠷᠪᠡᠳᠦᠭᠡᠷ ᠠᠩᠭᠢ᠎ ᠡᠴᠡ ᠶᠸᠭᠤᠷᠤᠸ ᠢ᠋ ᠬᠥᠭᠡᠭᠡᠪᠡᠯ ᠰᠠᠢᠨ ᠰᠠᠢᠬᠠᠨ ᠪᠣᠯᠬᠤ ᠶᠤᠮ ᠭᠡᠨ᠎ᠡ᠃ ᠶᠠᠭᠠᠬᠢᠭᠠᠳ ᠶᠤᠮ ᠪᠤᠤ ᠮᠡᠳᠡ! ᠲᠡᠭᠦᠨ ᠦ᠌ ᠭᠠᠰᠠᠯᠤᠯᠲᠠ ᠭᠤᠳᠤᠷᠠᠯᠲᠠ ᠪᠠ ᠥᠭᠡᠳᠡ ᠦᠭᠡᠢ ᠴᠣᠩᠬᠢᠭᠠᠷ ᠴᠢᠷᠠᠢ ᠳᠡᠭᠡᠷᠡᠬᠢ ᠪᠠᠷᠠᠭᠠᠨ ᠥᠩᠭᠡ ᠶ᠋ᠢᠨ ᠨᠢᠳᠦᠨ ᠰᠢᠯ ᠨᠢ ᠪᠢᠳᠡᠨ ᠢ᠋ ᠰᠢᠨᠠᠯᠭᠠᠵᠤ ᠳᠠᠷᠤᠭᠰᠠᠭᠠᠷ ᠪᠠᠢᠭᠠᠳ ᠫᠸᠲᠷᠤᠸ ᠶᠸᠭᠤᠷᠦᠸ ᠬᠣᠶᠠᠷ ᠤ᠋ᠨ ᠰᠠᠬᠢᠯᠭ᠎ᠠ ᠪᠠᠲᠤ ᠶ᠋ᠢᠨ ᠦᠨᠡᠯᠡᠯᠲᠡ ᠡᠴᠡ ᠨᠢ ᠳ᠋ᠦᠩ ᠬᠠᠰᠤᠭᠤᠯᠵᠤ ᠬᠣᠶᠠᠭᠤᠯᠠ ᠶ᠋ᠢ ᠬᠣᠷᠢᠭᠤᠯᠤᠭᠠᠳ᠂ ᠰᠡᠭᠦᠯ ᠳ᠋ᠦ᠍ᠨᠢ ᠬᠣᠶᠠᠭᠤᠯᠠ ᠶ᠋ᠢ ᠬᠥᠭᠡᠭᠡᠯᠭᠡᠵᠦ ᠰᠠᠨᠠᠭ᠎ᠠ ᠨᠢ ᠠᠮᠠᠷᠠᠭᠰᠠᠨ ᠪᠢᠯᠡ᠃ ᠁
  ᠪᠸᠯᠢᠺᠤᠸ ᠪᠢᠳᠡ ᠬᠣᠶᠠᠷ ᠨᠢᠭᠡ ᠪᠠᠢᠷᠢ ᠳ᠋ᠤ᠌ ᠬᠠᠮᠲᠤ ᠰᠠᠭᠤᠵᠤ ᠪᠠᠢᠭᠰᠠᠨ᠃ ᠁ ᠪᠸᠯᠢᠺᠤᠸ ᠤ᠋ᠨ ᠤᠨᠲᠠᠬᠤ ᠲᠠᠰᠤᠭ ᠨᠢ ᠬᠠᠢᠷᠴᠠᠭ ᠮᠡᠲᠦ ᠵᠢᠵᠢᠭ᠂ ᠬᠡᠪᠲᠡᠬᠦ ᠣᠷᠣ ᠳ᠋ᠤᠨᠢ ᠪᠢᠲᠡᠭᠦᠦ ᠬᠥᠰᠢᠭᠡ ᠲᠠᠲᠠᠭᠤᠰᠤᠲᠠᠢ ᠪᠠᠢᠳᠠᠭ ᠪᠥᠭᠡᠳ ᠣᠷᠣᠨ ᠳ᠋ᠠᠭᠠᠨ ᠬᠡᠪᠲᠡᠮᠡᠭᠴᠡ ᠬᠥᠨᠵᠢᠯᠡ ᠪᠡᠷ ᠢ᠋ᠶ᠋ᠡᠨ ᠲᠣᠯᠣᠭᠠᠢ ᠪᠠᠨ ᠪᠦᠲᠡᠭᠡᠨ᠎ᠡ᠃ ᠲᠠᠰᠤᠭ ᠳᠣᠲᠣᠷ᠎ᠠ ᠨᠢ ᠬᠠᠯᠠᠭᠤᠨ ᠪᠦᠭᠴᠢᠮ᠂ ᠲᠦᠭᠵᠢᠭᠰᠡᠨ ᠬᠠᠭᠠᠯᠭ᠎ᠠ ᠨᠢ ᠬᠠᠤᠭᠢᠨᠠᠨ ᠳᠤᠤᠭᠠᠷᠤᠨ᠎ᠠ᠂ ᠬᠣᠭᠣᠯᠠᠨ ᠭᠡᠷ ᠡᠴᠡ ᠨᠢ ᠠᠶᠤᠮᠰᠢᠭᠲᠤ ᠰᠠᠨᠠᠭ᠎ᠠ ᠠᠯᠳᠠᠬᠤ ᠮᠡᠲᠦ ᠳᠠᠭᠤᠨ ᠰᠣᠨᠣᠰᠳᠠᠨ᠎ᠠ᠃ ᠁ ᠪᠸᠯᠢᠺᠤᠸ᠂ ᠬᠥᠨᠵᠢᠯᠡ ᠶ᠋ᠢᠨ ᠢ᠋ᠶ᠋ᠡᠨ ᠳᠣᠲᠣᠷ᠎ᠠ ᠠᠶᠤᠵᠤ ᠳᠠᠭᠵᠢᠨ ᠬᠡᠪᠲᠡᠳᠡᠭ᠃ ᠬᠥᠮᠦᠨ ᠢᠷᠡᠭᠡᠳ ᠠᠯᠠᠴᠢᠬᠠᠬᠤ ᠪᠣᠯᠪᠠ ᠤᠤ᠂ ᠬᠤᠯᠠᠭᠠᠢᠴᠢ ᠣᠷᠣᠵᠤ ᠢᠷᠡᠬᠦ ᠪᠣᠯᠪᠠ ᠤᠤ ᠭᠡᠵᠦ ᠡᠮᠢᠶᠡᠭᠰᠡᠭᠡᠷ᠂ ᠰᠥᠨᠢ ᠲᠤᠷᠰᠢ ᠮᠠᠭᠤᠬᠠᠢ ᠵᠡᠭᠦᠳᠦ ᠵᠡᠭᠦᠳᠦᠯᠡᠳᠡᠭ ᠪᠠᠢᠵᠠᠢ᠃ ᠥᠷᠯᠥᠭᠡ ᠪᠢᠳᠡ ᠬᠠᠮᠲᠤ ᠪᠠᠷ ᠰᠤᠷᠭᠠᠭᠤᠯᠢ ᠳ᠋ᠤ᠌ ᠣᠴᠢᠬᠤ ᠵᠠᠮ ᠳ᠋ᠤ᠌ ᠴᠢᠷᠠᠢ ᠨᠢ ᠤᠢᠳᠬᠠᠷ ᠲᠠᠢ ᠵᠡᠪᠡᠬᠡᠢᠷᠡᠨ ᠴᠠᠢᠵᠤ ᠪᠠᠢᠳᠠᠭ᠃ ᠪᠢᠳᠡᠨ ᠦ᠌ ᠣᠴᠢᠵᠤ ᠶᠠᠪᠤᠭ᠎ᠠ ᠣᠯᠠᠨ ᠬᠥᠮᠦᠰ ᠪᠦᠬᠦᠢ ᠰᠤᠷᠭᠠᠭᠤᠯᠢ ᠲᠡᠭᠦᠨ ᠢ᠋ ᠠᠶᠤᠯᠭᠠᠨ ᠵᠢᠭᠰᠢᠭᠦᠯᠵᠦ ᠪᠣᠢ ᠨᠢ ᠡᠷᠬᠡᠲᠡᠨ ᠪᠦᠬᠦᠨ ᠡᠴᠡ ᠨᠢ ᠢᠯᠡᠳᠲᠡ ᠦᠵᠡᠭᠳᠡᠨ᠎ᠡ᠃ ᠨᠠᠳᠠ ᠲᠠᠢ ᠬᠠᠮᠲᠤ ᠶᠠᠪᠤᠬᠤ ᠳ᠋ᠤᠨᠢ ᠴᠤ᠌ ᠬᠠᠵᠢᠭ ᠵᠠᠩ ᠲᠠᠢ ᠲᠡᠭᠦᠨ ᠳ᠋ᠦ᠍ ᠶᠡᠬᠡ ᠬᠡᠴᠡᠭᠦᠦ ᠰᠠᠨᠠᠭᠳᠠᠵᠤ ᠪᠠᠢᠭ᠎ᠠ ᠨᠢ ᠢᠯᠡᠷᠬᠡᠢ ᠪᠠᠢᠳᠠᠭ᠃
  ᠲᠠᠪᠤᠨ ᠰᠠᠷ᠎ᠠ ᠶ᠋ᠢᠨ ᠨᠢᠭᠡᠨ ᠦ᠌ ᠭᠠᠷᠠᠭ ᠤ᠋ᠨ ᠡᠳᠦᠷ᠂ ᠪᠠᠭᠰᠢ ᠰᠤᠷᠤᠭᠴᠢᠳ ᠴᠥᠮ ᠰᠤᠷᠭᠠᠭᠤᠯᠢ ᠳᠡᠭᠡᠷ᠎ᠡ ᠴᠤᠭᠯᠠᠷᠠᠭᠠᠳ ᠣᠢ ᠤᠷᠤᠭᠤ ᠶᠠᠪᠠᠭᠠᠨ ᠶᠠᠪᠤᠬᠤ ᠪᠠᠷ ᠬᠡᠯᠡᠯᠴᠡᠭᠰᠡᠨ ᠲᠤᠯᠠ ᠡᠨᠡ ᠡᠳᠦᠷ ᠪᠢᠳᠡ ᠭᠡᠷ ᠡᠴᠡ ᠪᠡᠨ ᠭᠠᠷᠴᠤ ᠶᠠᠪᠤᠬᠤ ᠳ᠋ᠤ᠌ ᠪᠸᠯᠢᠺᠤᠸ ᠤ᠋ᠨ ᠨᠢᠭᠤᠷ ᠪᠠᠷᠠᠭᠠᠨ ᠡᠭᠦᠯᠡᠨ ᠡᠴᠡ ᠪᠠᠰᠠ ᠴᠢᠨᠠᠭᠰᠢ ᠪᠠᠢᠪᠠ᠃
 ᠪᠢ ᠲᠡᠭᠦᠨ ᠢ᠋ ᠦᠷᠦ ᠡᠪᠡᠳᠪᠡ᠃ ᠪᠢᠳᠡ ᠶᠠᠪᠤᠵᠤ ᠪᠠᠢᠭᠰᠠᠨ ᠴᠢᠨᠢ ᠭᠡᠨᠡᠳᠲᠡ ᠺᠤᠸᠨᠯᠸᠨᠺᠤ ᠳᠤᠭᠤᠢ ᠤᠨᠤᠨ ᠢᠷᠡᠪᠡ᠃ ᠬᠣᠢᠨ᠎ᠠ᠎ ᠡᠴᠡ ᠸᠠᠷᠸᠨᠺᠠ ᠮᠥᠨ ᠳᠤᠭᠤᠢ ᠤᠨᠤᠵᠤ᠂ ᠴᠢᠷᠠᠢ ᠨᠢ ᠤᠯᠠᠢᠵᠤ᠂ ᠵᠦᠳᠡᠷᠡᠭᠰᠡᠨ ᠮᠠᠶᠢᠭᠲᠠᠢ ᠶᠠᠪᠤᠵᠤ ᠪᠠᠢᠭᠰᠠᠨ ᠪᠣᠯᠪᠠᠴᠤ ᠪᠠᠶᠠᠷ ᠴᠡᠩᠭᠡᠯ ᠲᠡᠢ ᠪᠠᠢᠪᠠ᠃
  《ᠪᠢᠳᠡ ᠤᠷᠢᠳᠠᠪᠠᠷ ᠶᠠᠪᠤᠵᠤ ᠪᠠᠢᠶ᠎ᠠ᠃ ᠥᠨᠥᠳᠥᠷ ᠮᠠᠰᠢ ᠰᠠᠢᠬᠠᠨ ᠡᠳᠦᠷ ᠪᠠᠢᠨ᠎ᠠ! ᠰᠠᠢᠬᠠᠨ ᠭᠡᠳᠡᠭ ᠨᠢ ᠶᠠᠭᠠᠬᠢᠬᠤ ᠪᠢᠯᠡ!》 ᠭᠡᠵᠦ ᠸᠠᠷᠸᠨᠺᠠ ᠬᠠᠰᠬᠢᠷᠤᠭᠠᠳ᠂ ᠬᠣᠶᠠᠭᠤᠯᠠ ᠠᠯᠠᠭ᠎ᠠ ᠪᠣᠯᠪᠠ᠃
  ᠪᠸᠯᠢᠺᠤᠸ ᠮᠠᠨᠢ ᠰᠦᠷᠳᠡᠨ ᠠᠶᠤᠭᠰᠠᠨ ᠮᠡᠲᠦ ᠪᠣᠯᠵᠤ᠂ ᠴᠢᠷᠠᠢ ᠨᠢ ᠬᠥᠬᠡᠷᠡᠵᠦ ᠪᠠᠢᠭᠰᠠᠨ ᠢ᠋ᠶ᠋ᠠᠨ ᠬᠤᠪᠠᠬᠠᠢᠷᠠᠨ ᠴᠠᠢᠵᠤ᠂ ᠮᠡᠯᠡ ᠭᠠᠢᠬᠠᠵᠤ ᠴᠡᠯ ᠬᠥᠬᠡᠷᠡᠨ ᠨᠠᠳᠠ᠎ ᠡᠴᠡ ᠠᠰᠠᠭᠤᠭᠰᠠᠨ ᠨᠢ:
  《ᠠᠢ ᠪᠤᠷᠬᠠᠨ ᠮᠢᠨᠢ! ᠡᠨᠡ ᠶᠠᠭᠤ ᠪᠣᠯᠪᠠ ? ᠮᠢᠨᠦ ᠬᠠᠷᠠᠭ᠎ᠠ ᠨᠠᠮᠠᠶ᠋ᠢ ᠬᠠᠭᠤᠷᠴᠤ ᠪᠠᠢᠨ᠎ᠠ ᠤᠤ? ᠳᠤᠮᠳᠠᠳᠤ ᠰᠤᠷᠭᠠᠭᠤᠯᠢ ᠶ᠋ᠢᠨ ᠪᠠᠭᠰᠢ ᠪᠠᠢᠭᠠᠳ ᠥᠬᠢᠨ ᠬᠥᠮᠦᠨ ᠲᠡᠢ ᠳᠤᠭᠤᠢ ᠤᠨᠤᠵᠤ ᠶᠠᠪᠤᠬᠤ ᠨᠢ ᠵᠣᠬᠢᠰᠲᠠᠢ ᠬᠡᠷᠡᠭ ᠦᠦ?》 ᠭᠡᠬᠦ ᠳ᠋ᠦ᠍ ᠪᠢ:
  《ᠵᠣᠬᠢᠰ ᠦᠭᠡᠢ ᠶᠠᠭᠤ ᠪᠠᠢᠬᠤ ᠪᠣᠢ? ᠤᠨᠤᠵᠤ ᠯᠠ ᠪᠠᠢᠭ᠂ ᠪᠠᠶᠠᠷ ᠴᠡᠩᠭᠡᠯᠲᠡᠢ ᠵᠤᠭᠠᠴᠠᠭ》 ᠭᠡᠬᠦ ᠳ᠋ᠦ᠍ ᠪᠸᠯᠢᠺᠤᠸ ᠮᠢᠨᠦ ᠲᠠᠢᠪᠤᠩ ᠪᠠᠢᠳᠠᠯ ᠢ᠋ ᠬᠠᠷᠠᠵᠤ ᠭᠠᠢᠬᠠᠨ ᠬᠠᠰᠬᠢᠷᠤᠨ: 《ᠲᠠ ᠶᠠᠭᠤ ᠬᠡᠯᠡᠵᠦ ᠪᠠᠢᠨ᠎ᠠ ᠪᠣᠢ?》 ᠭᠡᠳ ᠭᠡᠯᠮᠡᠭᠳᠡᠭᠰᠡᠨ ᠳ᠋ᠡᠭᠡᠨ ᠴᠢᠨᠠᠭᠰᠢ ᠶᠠᠪᠤᠬᠤ ᠶ᠋ᠢ ᠪᠣᠯᠢᠵᠤ ᠭᠡᠷ ᠲᠡᠭᠡᠨ ᠪᠤᠴᠠᠪᠠ᠃
  ᠮᠠᠷᠭᠠᠰᠢ ᠨᠢ ᠪᠸᠯᠢᠺᠤᠸ ᠮᠥᠨ ᠯᠡ ᠭᠠᠷ ᠢ᠋ᠶ᠋ᠠᠨ ᠨᠤᠬᠤᠯᠠᠵᠤ ᠰᠡᠳᠬᠢᠯ ᠰᠠᠨᠠᠭ᠎ᠠ ᠨᠢ ᠠᠮᠤᠷ ᠦᠭᠡᠢ ᠪᠠᠢᠪᠠ᠃ ᠨᠢᠭᠤᠷ ᠴᠢᠷᠠᠢ᠎ ᠡᠴᠡ ᠨᠢ ᠦᠵᠡᠬᠦ ᠳ᠋ᠦ᠍ ᠡᠪᠡᠳᠴᠢᠨ ᠳ᠋ᠦ᠍ ᠨᠡᠷᠪᠡᠭᠳᠡᠭᠰᠡᠨ ᠨᠢ ᠢᠯᠡᠳᠲᠡ ᠮᠡᠳᠡᠭᠳᠡᠨ᠎ᠡ᠃ ᠢᠩᠭᠢᠵᠦ ᠪᠠᠢᠭᠠᠳ ᠬᠢᠴᠢᠶᠡᠯ ᠪᠠᠭᠤᠬᠤ᠎ ᠡᠴᠡ ᠤᠷᠢᠳ ᠬᠠᠷᠢᠴᠢᠬᠠᠭᠰᠠᠨ ᠨᠢ ᠲᠡᠭᠦᠨ ᠦ᠌ ᠨᠢᠭᠡ ᠨᠠᠰᠤᠨ ᠳ᠋ᠤ᠌ ᠠᠩᠬ᠎ᠠ ᠤᠳᠠᠭ᠎ᠠ ᠭᠠᠷᠤᠭᠰᠠᠨ ᠶᠠᠪᠤᠳᠠᠯ ᠪᠢᠯᠡ᠃ ᠦᠳᠡ ᠶ᠋ᠢᠨ ᠬᠣᠭᠣᠯᠠ ᠴᠤ᠌ ᠢᠳᠡᠭᠰᠡᠨ ᠦᠭᠡᠢ᠃ ᠲᠡᠷᠡ ᠬᠢᠷᠢ ᠵᠤᠨ ᠤ᠋ ᠴᠠᠭ ᠪᠣᠯᠴᠢᠬᠠᠭᠰᠠᠨ ᠪᠣᠯᠪᠠᠴᠤ ᠪᠸᠯᠢᠺᠤᠸ ᠳᠤᠯᠠᠭᠠᠨ ᠬᠤᠪᠴᠠᠯᠠᠵᠤ ᠪᠦᠷᠦᠢ ᠪᠡᠷ ᠺᠤᠸᠨᠯᠸᠨᠺᠤ ᠶ᠋ᠢᠨ ᠭᠡᠷ ᠤᠷᠤᠭᠤ ᠮᠠᠢᠵᠢᠭᠢᠨᠠᠪᠠ᠃ ᠸᠠᠷᠸᠨᠺᠠ ᠭᠡᠷ ᠲᠡᠭᠡᠨ ᠪᠠᠢᠭ᠎ᠠ ᠦᠭᠡᠢ ᠲᠤᠯᠠ ᠭᠠᠭᠴᠠᠬᠠᠨ ᠳᠡᠭᠦᠦ ᠲᠡᠢ ᠨᠢ ᠤᠴᠠᠷᠠᠵᠠᠢ᠃
  《ᠮᠣᠷᠢᠯᠠᠵᠤ ᠰᠠᠭᠤ》 ᠭᠡᠵᠦ ᠺᠤᠸᠨᠯᠸᠨᠺᠤ ᠬᠥᠮᠥᠰᠬᠡ ᠪᠡᠨ ᠵᠠᠩᠭᠢᠳᠴᠤ ᠬᠦᠢᠲᠡᠨ ᠢ᠋ᠶ᠋ᠡᠷ ᠥᠭᠦᠯᠡᠪᠡ᠃ ᠪᠸᠯᠢᠺᠤᠸ ᠤᠳᠠᠰᠬᠢᠭᠡᠳ ᠤᠢᠳᠬᠠᠷ ᠲᠠᠢ ᠳᠣᠣᠷ᠎ᠠ ᠳᠠᠭᠤᠨ ᠢ᠋ᠶ᠋ᠠᠷ ᠥᠭᠦᠯᠡᠭᠰᠡᠨ ᠨᠢ:
  《ᠪᠢ ᠪᠣᠯ ᠤᠳᠠᠭᠠᠨ ᠵᠢᠯ ᠠᠯᠪᠠ ᠬᠠᠭᠠᠵᠤ ᠪᠣᠢ ᠪᠥᠭᠡᠳ ᠬᠠᠷᠢᠨ ᠲᠠ ᠰᠠᠶᠢ ᠠᠯᠪᠠ ᠬᠠᠭᠠᠵᠤ ᠡᠬᠢᠯᠡᠵᠦ ᠪᠣᠢ ᠲᠤᠯᠠ ᠪᠢ ᠠᠬ᠎ᠠ ᠬᠥᠮᠦᠨ ᠦ᠌ ᠬᠤᠪᠢ ᠳ᠋ᠤ᠌ ᠲᠠᠨ ᠢ᠋ ᠢᠳᠬᠠᠬᠤ ᠶᠠᠪᠤᠳᠠᠯ ᠪᠣᠯ ᠮᠢᠨᠦ ᠡᠭᠦᠷᠭᠡ ᠭᠡᠵᠦ ᠪᠣᠳᠣᠨ᠎ᠠ᠃ ᠲᠠ ᠳᠤᠭᠤᠢ ᠤᠨᠤᠵᠤ ᠵᠤᠭᠠᠴᠠᠵᠤ ᠪᠠᠢᠨ᠎ᠠ᠂ ᠡᠨᠡ ᠪᠣᠯ ᠵᠠᠯᠠᠭᠤᠰ ᠢ᠋ ᠬᠥᠮᠦᠵᠢᠭᠦᠯᠦᠭᠴᠢ ᠬᠥᠮᠦᠨ ᠳ᠋ᠦ᠍ ᠶᠡᠷᠦ ᠵᠣᠬᠢᠰ ᠦᠭᠡᠢ ᠬᠡᠷᠡᠭ!》 ᠭᠡᠪᠡ᠃
  《ᠶᠠᠭᠠᠬᠢᠭᠠᠳ ᠲᠡᠷᠡ ᠪᠣᠢ?》 ᠭᠡᠵᠦ ᠺᠤᠸᠨᠯᠸᠨᠺᠤ ᠪᠦᠳᠦᠭᠦᠨ ᠳᠠᠭᠤᠨ ᠢ᠋ᠶ᠋ᠠᠷ ᠠᠰᠠᠭᠤᠪᠠ᠃
  《ᠮᠢᠬᠠᠢᠯ ᠰᠸᠢᠴᠧ ᠮᠢᠨᠢ᠂ ᠡᠭᠦᠨ ᠳ᠋ᠦ᠍ ᠲᠠᠢᠯᠪᠤᠷᠢᠯᠠᠬᠤ ᠬᠡᠷᠡᠭ ᠶᠠᠭᠤ ᠪᠠᠢᠬᠤ ᠪᠣᠢ! ᠡᠨᠡ ᠨᠢ ᠣᠢᠯᠠᠭᠠᠮᠵᠢ ᠦᠭᠡᠢ ᠪᠠᠢᠨ᠎ᠠ ᠭᠡᠵᠦ ᠦᠦ! ᠬᠡᠷᠪᠡ ᠪᠠᠭᠰᠢ ᠨᠢ ᠳᠤᠭᠤᠢ ᠲᠠᠢ ᠶᠠᠪᠤᠬᠤ ᠠᠬᠤᠯ᠎ᠠ ᠰᠤᠷᠤᠭᠴᠢᠳ ᠢ᠋ ᠶᠠᠭᠠᠬᠢᠵᠤ ᠰᠠᠢᠨ ᠵᠦᠭ ᠵᠢᠯᠣᠭᠣᠳᠬᠤ ᠪᠣᠢ? ᠲᠡᠳᠡ ᠲᠣᠯᠣᠭᠠᠢ ᠪᠠᠷ ᠢ᠋ᠶ᠋ᠠᠨ ᠬᠥᠯ ᠬᠢᠵᠦ ᠶᠠᠪᠤᠬᠤ ᠬᠥᠮᠦᠰ ᠯᠡ ᠪᠣᠯᠤᠨ᠎ᠠ! ᠳᠤᠭᠤᠢ ᠤᠨᠤᠬᠤ ᠶ᠋ᠢ ᠵᠥᠪᠰᠢᠶᠡᠷᠡᠭᠰᠡᠨ ᠲᠣᠳᠣᠷᠬᠠᠢ ᠬᠠᠤᠯᠢ ᠦᠭᠡᠢ ᠤᠴᠢᠷ᠎ ᠡᠴᠡ ᠪᠣᠯᠬᠤ ᠦᠭᠡᠢ ᠰᠢᠦ᠃ ᠥᠴᠥᠭᠡᠳᠦᠷ ᠪᠢ ᠦᠨᠡᠬᠡᠷ ᠠᠶᠤᠵᠤ ᠰᠣᠴᠢᠪᠠ! ᠪᠢ ᠲᠠᠨ ᠤ᠋ ᠡᠭᠡᠴᠢ ᠶ᠋ᠢ ᠦᠵᠡᠮᠡᠭᠴᠡ ᠨᠢᠳᠦ ᠪᠦᠷᠬᠦᠵᠦ ᠬᠠᠷᠠᠩᠭᠤᠢᠯᠠᠪᠠ᠃ ᠨᠢᠭᠡᠨ ᠠᠪᠠᠬᠠᠢ ᠡᠰᠡᠬᠦᠯ᠎ᠡ ᠨᠢᠭᠡᠨ ᠥᠬᠢᠨ ᠬᠥᠮᠦᠨ ᠬᠠᠷᠢᠨ ᠳᠤᠭᠤᠢ ᠤᠨᠤᠬᠤ ᠭᠡᠰᠡᠨ ᠴᠢᠨᠢ - ᠡᠨᠡ ᠦᠨᠡᠬᠡᠷ ᠠᠶᠤᠮᠰᠢᠭᠲᠠᠢ ᠠᠵᠢ!》
  《ᠲᠠᠨ ᠤ᠋ ᠰᠠᠨᠠᠭ᠎ᠠ ᠪᠠᠷ ᠪᠣᠯ ᠶᠠᠭᠠᠬᠢᠬᠤ ᠪᠣᠢ?》
  《ᠨᠠᠳᠠ᠂ ᠲᠠᠨ ᠢ᠋ ᠢᠳᠬᠠᠬᠤ ᠯᠠ ᠬᠡᠷᠡᠭᠲᠡᠢ ᠪᠠᠢᠨ᠎ᠠ᠂ ᠮᠢᠬᠠᠢᠯ ᠰᠸᠢᠴᠧ ᠮᠢᠨᠢ᠃ ᠲᠠ ᠪᠣᠯ ᠵᠠᠯᠠᠭᠤ ᠬᠥᠮᠦᠨ᠂ ᠢᠷᠡᠭᠡᠳᠦᠢ ᠪᠣᠯ ᠡᠮᠦᠨ᠎ᠡ ᠴᠢᠨᠢ ᠰᠠᠷᠠᠭᠤᠯ ᠪᠠᠢᠨ᠎ᠠ᠃ ᠲᠠ ᠶᠠᠭᠤᠮᠠᠨ ᠳ᠋ᠤ᠌ ᠪᠣᠯᠭᠣᠮᠵᠢᠲᠠᠢ ᠪᠠᠢᠪᠠᠯ ᠵᠣᠬᠢᠨ᠎ᠠ᠃ ᠬᠠᠷᠢᠨ ᠲᠠ ᠶᠡᠷᠦ ᠶᠠᠭᠤᠮ᠎ᠠ ᠶ᠋ᠢ ᠦᠯᠦ ᠣᠢᠰᠢᠶᠠᠬᠤ ᠮᠠᠶᠢᠭᠲᠠᠢ ᠪᠠᠢᠨ᠎ᠠ ᠰᠢᠦ᠃ ᠲᠠ ᠬᠡ ᠤᠭᠠᠯᠵᠠ ᠲᠠᠢ ᠴᠠᠮᠴᠠ ᠡᠮᠦᠰᠴᠦ ᠭᠤᠳᠤᠮᠵᠢᠨ᠎ᠠ ᠶᠠᠩᠵᠤ ᠪᠦᠷᠢ ᠶ᠋ᠢᠨ ᠨᠣᠮ ᠲᠡᠪᠡᠷᠢᠨ ᠶᠠᠪᠤᠳᠠᠭ ᠡᠴᠡ ᠪᠠᠨ ᠣᠳᠣ ᠬᠠᠷᠢᠨ ᠪᠠᠰᠠ ᠳᠤᠭᠤᠢ ᠤᠨᠤᠳᠠᠭ ᠪᠣᠯᠪᠠ᠃ ᠲᠠ ᠡᠭᠡᠴᠢ ᠲᠡᠢ ᠪᠡᠨ ᠳᠤᠭᠤᠢ ᠤᠨᠤᠵᠤ ᠪᠣᠢ ᠶ᠋ᠢᠨ ᠲᠤᠬᠠᠢ ᠰᠤᠷᠭᠠᠭᠤᠯᠢ ᠶ᠋ᠢᠨ ᠳᠠᠷᠤᠭ᠎ᠠ ᠮᠡᠳᠡᠵᠦ᠂ ᠴᠢᠨᠠᠭᠰᠢᠳᠠ ᠰᠠᠢᠳ ᠮᠡᠳᠡᠪᠡᠯ ᠶᠠᠭᠠᠬᠢᠬᠤ ᠪᠢᠯᠡ᠃ ᠶᠠᠮᠠᠷ ᠰᠠᠢᠨ ᠪᠠᠢᠬᠤ ᠪᠣᠢ᠃ 》
  《ᠡᠭᠡᠴᠢ ᠪᠢᠳᠡ ᠬᠣᠶᠠᠷ ᠤ᠋ᠨ ᠳᠤᠭᠤᠢ ᠤᠨᠤᠵᠤ ᠪᠠᠢᠭ᠎ᠠ ᠨᠢ ᠬᠡᠨ ᠳ᠋ᠦ᠍ ᠴᠦ᠍ ᠬᠦᠷᠲᠡᠭᠡᠯ ᠦᠭᠡᠢ ᠬᠡᠷᠡᠭ᠃ ᠶᠡᠷᠦ ᠮᠢᠨᠦ ᠬᠤᠪᠢ ᠶ᠋ᠢᠨ ᠬᠡᠷᠡᠭ ᠲᠦ᠍ ᠣᠷᠣᠯᠴᠠᠭᠰᠠᠨ ᠬᠥᠮᠦᠨ ᠢ᠋ ᠪᠢ ᠬᠥᠭᠡᠭᠡᠵᠦ ᠭᠠᠷᠭᠠᠨ᠎ᠠ》 ᠭᠡᠵᠦ ᠺᠤᠸᠨᠯᠸᠨᠺᠤ ᠬᠡᠯᠡᠵᠦ ᠨᠢᠭᠤᠷ ᠨᠢ ᠤᠯᠠᠢᠪᠠ᠃
  ᠪᠸᠯᠢᠺᠤᠸ ᠤ᠋ᠨ ᠴᠢᠷᠠᠢ ᠬᠤᠪᠠᠬᠠᠢ ᠪᠣᠯᠤᠨ ᠪᠣᠰᠴᠤ ᠵᠣᠭᠰᠣᠪᠠ᠃
  《ᠬᠡᠷᠪᠡ ᠲᠠ ᠨᠠᠳᠠ ᠲᠠᠢ ᠡᠢᠮᠦ ᠮᠠᠶᠢᠭ ᠢ᠋ᠶ᠋ᠠᠷ ᠶᠠᠷᠢᠪᠠᠯ ᠪᠢ ᠴᠢᠨᠠᠭᠰᠢᠳᠠ ᠦᠷᠭᠦᠯᠵᠢᠯᠡᠵᠦ ᠦᠯᠦ ᠴᠢᠳᠠᠨ᠎ᠠ᠂ ᠮᠢᠨᠦ ᠳᠡᠷᠭᠡᠳᠡ ᠡᠷᠬᠡ ᠪᠠᠷᠢᠭᠴᠢᠳ ᠤ᠋ᠨ ᠲᠤᠬᠠᠢ ᠡᠢᠮᠦ ᠦᠭᠡ ᠪᠢᠲᠡᠭᠡᠢ ᠶᠠᠷᠢ ᠭᠡᠵᠦ ᠭᠤᠶᠤᠶ᠎ᠠ᠂ ᠲᠠ ᠡᠷᠬᠡ ᠪᠠᠷᠢᠭᠴᠢᠳ ᠢ᠋ ᠬᠦᠨᠳᠦᠯᠡᠬᠦ ᠬᠡᠷᠡᠭᠲᠡᠢ ᠰᠢᠦ》 ᠭᠡᠬᠦ ᠳ᠋ᠦ᠍ᠨᠢ ᠺᠤᠸᠨᠯᠸᠨᠺᠤ ᠠᠭᠤᠷ ᠲᠠᠢ ᠬᠠᠷᠠᠵᠤ:
  《ᠡᠷᠬᠡ ᠪᠠᠷᠢᠭᠴᠢᠳ ᠤ᠋ᠨ ᠲᠤᠬᠠᠢ ᠪᠢ ᠶᠠᠮᠠᠷ ᠮᠠᠭᠤ ᠶᠠᠭᠤᠮ᠎ᠠ ᠶᠠᠷᠢᠭᠰᠠᠨ ᠪᠣᠢ? ᠴᠢ ᠲᠣᠨᠢᠯ᠂ ᠪᠢ ᠰᠢᠳᠤᠷᠭᠤ ᠰᠢᠯᠤᠭᠤᠨ ᠬᠥᠮᠦᠨ᠂ ᠴᠢᠮ᠎ᠠ ᠰᠢᠭ᠋ ᠡᠢᠮᠦ ᠠᠪᠤᠭᠠᠢ ᠲᠠᠢ ᠶᠠᠷᠢᠬᠤ ᠳᠤᠷ᠎ᠠ ᠦᠭᠡᠢ ᠪᠠᠢᠨ᠎ᠠ᠃ ᠪᠢ ᠶᠡᠷᠦ ᠳᠠᠯᠳᠠ ᠭᠠᠵᠠᠷ ᠬᠣᠪ ᠦᠭᠡ ᠬᠡᠯᠡᠬᠦ ᠬᠥᠮᠦᠰ ᠢ᠋ ᠲᠤᠩ ᠶᠡᠬᠡ ᠵᠢᠭᠰᠢᠳᠡᠭ!》 ᠭᠡᠪᠡ᠃
  ᠪᠸᠯᠢᠺᠤᠸ ᠤ᠋ᠨ ᠰᠡᠳᠬᠢᠯ ᠰᠠᠮᠠᠭᠤᠷᠠᠨ ᠲᠦᠷᠭᠡᠨ ᠬᠥᠳᠡᠯᠭᠡᠭᠡᠨ ᠢ᠋ᠶ᠋ᠡᠷ ᠳᠡᠪᠡᠯ ᠢ᠋ᠶ᠋ᠡᠨ ᠡᠮᠦᠰᠬᠦ ᠳ᠋ᠦ᠍ ᠴᠢᠷᠠᠢ ᠳ᠋ᠤᠨᠢ ᠠᠶᠤᠭᠰᠠᠨ ᠪᠠᠢᠳᠠᠯ ᠢᠯᠡᠷᠡᠵᠦ ᠪᠠᠢᠪᠠ᠃ ᠡᠢᠮᠦ ᠪᠦᠳᠦᠭᠦᠯᠢᠭ ᠰᠢᠷᠦᠭᠦᠨ ᠦᠭᠡ ᠶ᠋ᠢ ᠪᠸᠯᠢᠺᠤᠸ ᠠᠩᠬ᠎ᠠ ᠤᠳᠠᠭ᠎ᠠ ᠰᠣᠨᠣᠰᠴᠤ ᠪᠣᠢ ᠪᠢᠵᠡ ᠳᠡ᠃
  ᠪᠸᠯᠢᠺᠤᠸ ᠬᠠᠭᠠᠯᠭ᠎ᠠ ᠪᠠᠷ ᠱᠠᠲᠤᠨ ᠤ᠋ ᠲᠠᠪᠴᠠᠩ ᠳᠡᠭᠡᠷ᠎ᠡ ᠭᠠᠷᠴᠤ:
  《ᠲᠠ ᠶᠠᠭᠤ ᠶᠠᠷᠢᠭᠰᠠᠨ ᠴᠤ᠌ ᠬᠠᠮᠢᠭ᠎ᠠ ᠦᠭᠡᠢ᠂ ᠳᠤᠷ᠎ᠠ ᠪᠠᠷ ᠪᠣᠯ᠂ ᠪᠢ ᠭᠠᠭᠴᠠ ᠬᠦ᠌ ᠲᠠᠨ ᠳ᠋ᠤ᠌ ᠤᠷᠢᠳᠠ᠎ ᠡᠴᠡ ᠰᠡᠷᠡᠮᠵᠢᠯᠡᠭᠦᠯᠦᠶ᠎ᠡ: ᠪᠢᠳᠡ ᠬᠣᠶᠠᠷ ᠤ᠋ᠨ ᠶᠠᠷᠢᠶ᠎ᠠ ᠶ᠋ᠢ ᠬᠥᠮᠦᠨ ᠰᠣᠨᠣᠰᠤᠭᠰᠠᠨ ᠪᠠᠢᠬᠤ ᠮᠠᠭᠠᠳ᠃ ᠡᠢᠮᠦ ᠳ᠋ᠦ᠍ ᠪᠢᠳᠡᠨ ᠦ᠌ ᠶᠠᠷᠢᠶ᠎ᠠ ᠶ᠋ᠢ ᠴᠢᠨᠠᠭᠰᠢ ᠭᠠᠵᠢᠭᠤᠳᠠᠭᠤᠯᠬᠤ ᠦᠭᠡᠢ ᠪᠠ ᠶᠠᠭᠤᠮ᠎ᠠ ᠪᠣᠯᠭᠠᠬᠤ ᠦᠭᠡᠢ ᠶ᠋ᠢᠨ ᠲᠤᠯᠠᠳᠠ ᠰᠤᠷᠭᠠᠭᠤᠯᠢ ᠶ᠋ᠢᠨ ᠳᠠᠷᠤᠭ᠎ᠠ ᠳ᠋ᠤ᠌ ᠪᠢᠳᠡ ᠬᠣᠶᠠᠷ ᠤ᠋ᠨ ᠶᠠᠷᠢᠯᠴᠠᠭᠰᠠᠨ ᠶᠠᠷᠢᠶ᠎ᠠ ᠶ᠋ᠢᠨ ᠭᠣᠣᠯ ᠢ᠋ ᠮᠡᠳᠡᠭᠦᠯᠦᠨ᠎ᠡ᠂ ᠪᠢ ᠢᠩᠭᠢᠬᠦ ᠦᠭᠡᠢ ᠦᠯᠦ ᠪᠣᠯᠤᠨ᠎ᠠ》 ᠭᠡᠪᠡ᠃
  《ᠮᠡᠳᠡᠭᠦᠯᠦᠨ᠎ᠡ ᠭᠡᠨ᠎ᠡ? ᠴᠢᠩᠭᠢ᠂ ᠣᠴᠢᠵᠤ ᠮᠡᠳᠡᠭᠦᠯ!》
  ᠺᠤᠸᠨᠯᠸᠨᠺᠤ᠂ ᠪᠸᠯᠢᠺᠤᠸ ᠤ᠋ᠨ ᠠᠷᠤ᠎ ᠡᠴᠡ ᠨᠢ ᠳᠡᠪᠡᠯ ᠦ᠋ᠨ ᠵᠠᠭᠠᠮ᠎ᠠ ᠶ᠋ᠢ ᠨᠢ ᠪᠠᠷᠢᠵᠤ᠂ ᠱᠠᠲᠤ ᠤᠷᠤᠭᠤ ᠲᠦᠯᠬᠢᠭᠰᠡᠨ ᠳ᠋ᠦ᠍ ᠲᠡᠷᠡ ᠤᠰᠤᠨ ᠭᠤᠲᠤᠯ ᠵᠡᠷᠭᠡ ᠶᠠᠭᠤᠮᠠᠰ ᠲᠠᠢ ᠪᠠᠨ ᠵᠡᠷᠭᠡ ᠪᠡᠷ ᠫᠢᠷᠭᠢᠨᠠᠭᠤᠯᠤᠨ ᠳᠣᠣᠷᠠᠲᠤ ᠳᠠᠪᠬᠤᠷ ᠬᠦᠷᠲᠡᠯ᠎ᠡ ᠥᠩᠬᠥᠷᠢᠨ ᠤᠨᠠᠪᠠ᠃ ᠱᠠᠲᠤ ᠨᠢ ᠥᠨᠳᠥᠷ ᠡᠭᠴᠡᠪᠲᠦᠷ ᠪᠣᠯᠪᠠᠴᠤ ᠲᠡᠷᠡ ᠬᠠᠷᠢᠨ ᠮᠡᠨᠳᠦ ᠥᠩᠬᠥᠷᠢᠨ ᠪᠠᠭᠤᠭᠠᠳ ᠥᠨᠳᠡᠢᠨ ᠪᠣᠰᠴᠤ᠂ ᠨᠢᠳᠦᠨ ᠰᠢᠯ ᠦ᠋ᠨ ᠢ᠋ᠶ᠋ᠡᠨ ᠪᠦᠲᠦᠨ ᠡᠰᠡᠬᠦ ᠶ᠋ᠢ ᠲᠡᠮᠲᠡᠷᠢᠨ᠂ ᠬᠠᠮᠠᠷ ᠢ᠋ᠶ᠋ᠠᠨ ᠪᠠᠷᠢᠵᠤ ᠦᠵᠡᠪᠡ᠃ ᠭᠡᠪᠡᠴᠦ ᠲᠡᠭᠦᠨ ᠢ᠋ ᠱᠠᠲᠤᠨ ᠳᠡᠭᠡᠷ᠎ᠡ ᠥᠩᠭᠥᠷᠢᠳᠡᠵᠦ ᠪᠠᠢᠬᠤ ᠦᠶ᠎ᠡ ᠳ᠋ᠦ᠍ ᠸᠠᠷᠸᠨᠺᠠ ᠬᠣᠶᠠᠷ ᠬᠠᠲᠤᠭᠲᠠᠢ ᠶ᠋ᠢᠨ ᠬᠠᠮᠲᠤ ᠢᠷᠡᠵᠦ ᠬᠠᠷᠠᠵᠠᠭᠠᠵᠤ ᠪᠠᠢᠭᠰᠠᠨ ᠨᠢ ᠪᠸᠯᠢᠺᠤᠸ ᠲᠤ᠌ ᠶᠠᠭᠤᠮ᠎ᠠ ᠪᠦᠬᠦᠨ ᠡᠴᠡ ᠠᠶᠤᠯ ᠲᠠᠢ ᠪᠠᠢᠵᠠᠢ᠃ ᠪᠣᠳᠣᠬᠤ ᠳ᠋ᠤ᠌᠂ ᠢᠨᠢᠶᠡᠳᠦᠮ ᠳᠣᠭᠣᠭᠢ ᠪᠣᠯᠬᠤ᠎ ᠡᠴᠡ ᠬᠦᠵᠦᠭᠦᠦ ᠪᠡᠨ ᠪᠤᠯᠭᠤᠯᠵᠤ᠂ ᠬᠥᠯ ᠢ᠋ᠶ᠋ᠡᠨ ᠬᠤᠭᠤᠯᠪᠠᠯ ᠳᠡᠭᠡᠷ᠎ᠡ ᠭᠡᠵᠦ ᠰᠠᠨᠠᠬᠤ ᠪᠢᠵᠡ᠃ ᠣᠳᠣ ᠪᠦᠬᠦ ᠬᠣᠲᠠ ᠮᠡᠳᠡᠵᠦ᠂ ᠰᠤᠷᠭᠠᠭᠤᠯᠢ ᠶ᠋ᠢᠨ ᠳᠠᠷᠤᠭ᠎ᠠ᠂ ᠴᠢᠨᠠᠭᠰᠢ ᠰᠠᠢᠳ ᠲᠤ᠌ ᠬᠦᠷᠭᠡᠪᠡᠯ - ᠠᠢ᠂ ᠶᠠᠮᠠᠷ ᠨᠢᠭᠡ ᠶᠠᠪᠤᠳᠠᠯ ᠭᠠᠷᠤᠭᠤᠵᠠᠢ ᠳᠠ ! ᠡᠴᠦᠰ ᠲᠦ᠋ᠨᠢ ᠵᠠᠷᠯᠢᠭ ᠢ᠋ᠶ᠋ᠠᠷ ᠠᠵᠢᠯ ᠢ᠋ᠶ᠋ᠠᠨ ᠬᠠᠯᠠᠭᠳᠠᠬᠤ ᠮᠠᠭᠠᠳ᠃ ᠁
  ᠪᠸᠯᠢᠺᠤᠸ ᠢ᠋ ᠥᠨᠳᠡᠢᠵᠦ ᠪᠣᠰᠬᠤ ᠳ᠋ᠤ᠌᠂ ᠸᠠᠷᠸᠨᠺᠠᠲᠡᠭᠦᠨ ᠢ᠋ ᠰᠠᠶᠢ ᠲᠠᠨᠢᠵᠤ᠂ ᠬᠠᠴᠢᠨ ᠰᠣᠨᠢᠨ ᠪᠢᠴᠢᠬᠠᠨ ᠴᠢᠷᠠᠢ᠂ ᠦᠷᠴᠢᠢᠭᠰᠡᠨ ᠳᠡᠪᠡᠯ᠂ ᠤᠰᠤᠨ ᠤ᠋ ᠭᠤᠲᠤᠯ ᠵᠡᠷᠭᠡ ᠤᠷᠤᠭᠤ ᠨᠢ ᠬᠠᠷᠠᠵᠤ ᠶᠠᠭᠤ ᠪᠣᠯᠤᠭᠰᠠᠨ ᠢ᠋ ᠦᠯᠦ ᠮᠡᠳᠡᠨ ᠭᠠᠢᠬᠠᠵᠤ᠂ ᠥᠪᠡᠷ ᠢ᠋ᠶ᠋ᠡᠨ ᠬᠥᠯ ᠠᠯᠳᠠᠵᠤ ᠤᠨᠠᠭᠰᠠᠨ ᠪᠠᠢᠬᠤ ᠭᠡᠵᠦ ᠪᠣᠳᠣᠭᠠᠳ ᠡᠰᠡ ᠲᠡᠰᠪᠦᠷᠢᠯᠡᠨ ᠪᠠᠢᠰᠢᠩ ᠳᠦᠭᠦᠷᠡᠩ ᠴᠤᠤᠷᠢᠶᠠᠲᠤᠭᠤᠯᠤᠨ 《ᠬᠠ ᠬᠠ ᠬᠠ!》 ᠭᠡᠵᠦ ᠢᠨᠢᠶᠡᠳᠦ ᠠᠯᠳᠠᠪᠠ᠃
  ᠡᠨᠡ ᠬᠦ᠌ ᠴᠤᠤᠷᠢᠶᠠᠲᠤ 《ᠬᠠ ᠬᠠ ᠬᠠ》 ᠭᠡᠰᠡᠨ ᠢᠨᠢᠶᠡᠳᠦ ᠠᠯᠢᠪᠠ ᠶ᠋ᠢ ᠡᠴᠦᠰᠯᠡᠭᠦᠯᠪᠡ᠃ ᠲᠤᠭᠤᠷᠪᠢᠵᠤ ᠪᠠᠢᠭᠰᠠᠨ ᠤᠷᠤᠭ ᠢ᠋ ᠡᠴᠦᠰᠯᠡᠭᠦᠯᠪᠡ᠃ ᠪᠸᠯᠢᠺᠤᠸ ᠤ᠋ᠨ ᠨᠢᠭᠡ ᠨᠠᠰᠤ ᠶ᠋ᠢ ᠡᠴᠦᠰᠯᠡᠭᠦᠯᠪᠡ᠃ ᠪᠸᠯᠢᠺᠤᠸ᠂ ᠸᠠᠷᠸᠨᠺᠠ ᠶᠠᠭᠤ ᠬᠡᠯᠡᠭᠰᠡᠨ ᠢ᠋ ᠴᠦ᠍ ᠲᠤᠭᠤᠯᠤᠭᠰᠠᠨ ᠦᠭᠡᠢ᠂ ᠶᠠᠭᠤ ᠴᠤ᠌ ᠣᠯᠵᠤ ᠬᠠᠷᠠᠭᠰᠠᠨ ᠦᠭᠡᠢ ᠰᠢᠭᠤᠳ ᠭᠡᠷ ᠲᠡᠭᠡᠨ ᠡᠭᠡᠵᠦ ᠢᠷᠡᠭᠡᠳ ᠰᠢᠷᠡᠭᠡᠨ ᠳᠡᠭᠡᠷᠡᠬᠢ ᠸᠠᠷᠸᠨᠺᠠ ᠶ᠋ᠢᠨ ᠵᠢᠷᠤᠭ ᠢ᠋ ᠠᠪᠴᠤ ᠬᠠᠶᠠᠭᠠᠳ᠂ ᠣᠷᠣᠨ ᠳ᠋ᠠᠭᠠᠨ ᠣᠷᠣᠵᠤ ᠬᠡᠪᠲᠡᠨ ᠳᠠᠬᠢᠨ ᠶᠡᠷᠦ ᠪᠣᠰᠤᠭᠰᠠᠨ ᠦᠭᠡᠢ ᠪᠢᠯᠡ᠃ ᠁
  ᠪᠢᠳᠡ ᠪᠤᠯᠠᠰᠢᠨ ᠳᠡᠭᠡᠷ᠎ᠡ ᠡᠴᠡ ᠪᠠᠶᠠᠷᠲᠠᠢᠬᠠᠨ ᠪᠤᠴᠠᠵᠠᠭᠠᠯ᠎ᠠ᠃ ᠭᠡᠪᠡᠴᠦ ᠭᠠᠷᠠᠭ ᠪᠣᠯᠤᠭᠠᠳᠤᠢ ᠪᠠᠷ ᠠᠮᠢᠳᠤᠷᠠᠯ ᠮᠥᠨ ᠯᠡ ᠥᠨᠥᠬᠢ ᠤᠢᠳᠬᠠᠷ ᠲᠠᠢ᠂ ᠤᠳᠬ᠎ᠠ ᠠᠭᠤᠯᠭ᠎ᠠ ᠦᠭᠡᠢ᠂ ᠤᠬᠠᠭᠠᠨ ᠲᠥᠬᠥᠭᠡ ᠨᠢ ᠣᠯᠳᠠᠬᠤ ᠦᠭᠡᠢ ᠪᠠᠢᠳᠠᠯ ᠳ᠋ᠠᠭᠠᠨ ᠣᠷᠣᠪᠠ᠃ ᠰᠠᠢᠵᠢᠷᠠᠭᠰᠠᠨ ᠶᠠᠭᠤᠮ᠎ᠠ ᠣᠭᠲᠣ ᠠᠯᠠᠭ᠎ᠠ᠃ ᠪᠢᠳᠡ ᠪᠸᠯᠢᠺᠤᠸ ᠢ᠋ ᠪᠤᠯᠠᠰᠢᠯᠠᠭᠰᠠᠨ ᠪᠣᠯᠪᠠᠴᠤ ᠲᠡᠭᠦᠨ ᠰᠢᠭ ᠲᠣᠭᠳᠣᠢ ᠳᠣᠲᠣᠷᠠᠬᠢ ᠬᠥᠮᠦᠨ ᠪᠠᠰᠠ ᠬᠡᠴᠢᠨᠡᠨ ᠪᠠᠢᠬᠤ ᠶ᠋ᠢ ᠪᠤᠤ ᠮᠡᠳᠡ᠂ ᠬᠣᠢᠰᠢᠳᠠ ᠴᠤ᠌ ᠬᠡᠴᠢᠨᠡᠨ ᠭᠠᠷᠬᠤ ᠶ᠋ᠢ ᠬᠡᠨ ᠮᠡᠳᠡᠬᠦ ᠶᠦᠮ!