ᠰᠢᠨᠧᠯ- ᠨ᠂ ᠸ᠂ ᠭᠣᠭᠣᠯШинель-н, в, гогол ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨᠧᠯ- ᠨ᠂ ᠸ᠂ ᠭᠣᠭᠣᠯШинель-н, в, гогол

ᠰᠢᠨᠧᠯ- ᠨ᠂ ᠸ᠂ ᠭᠣᠭᠣᠯШинель-н, в, гогол

2023-06-08

471

ᠰᠢᠨᠧᠯ

        ᠨ᠂ ᠸ᠂ ᠭᠣᠭᠣᠯ
  ᠁ ᠨᠢᠭᠡᠨ ᠵᠤᠷᠭᠠᠨ ᠳ᠋ᠤ᠌ ᠨᠢᠭᠡᠨ ᠲᠦᠰᠢᠮᠡᠯ ᠠᠯᠪᠠ ᠬᠠᠭᠠᠵᠤ ᠪᠠᠢᠵᠠᠢ᠃ ᠡᠨᠡ ᠲᠦᠰᠢᠮᠡᠯ ᠳ᠋ᠦ᠍ ᠣᠯᠠᠨ ᠡᠴᠡ ᠭᠣᠴᠣ ᠭᠠᠵᠠᠷ ᠦᠭᠡᠢ ᠮᠥᠷᠲᠡᠭᠡᠨ ᠪᠡᠶ᠎ᠡ ᠪᠢᠯᠳᠠᠷ ᠨᠢ ᠳᠠᠪᠵᠠ᠂ ᠴᠢᠷᠠᠢ ᠳᠡᠭᠡᠷ᠎ᠡ ᠪᠡᠨ ᠬᠡᠳᠦ ᠬᠡᠳᠦᠨ ᠴᠣᠬᠣᠷ ᠲᠠᠢ᠂ ᠣᠷᠣᠢ ᠳᠡᠭᠡᠷ᠎ᠡ ᠪᠡᠨ ᠨᠢᠭᠡ ᠬᠡᠰᠡᠭ ᠬᠠᠯᠴᠠᠭᠠᠢ ᠲᠠᠢ᠂ ᠬᠣᠶᠠᠷ ᠬᠠᠴᠠᠷ ᠨᠢ ᠦᠷᠴᠢᠭᠢᠷ᠂ ᠪᠠᠰᠠ ᠨᠢᠭᠤᠷ ᠴᠢᠷᠠᠢ ᠶ᠋ᠢᠨ ᠪᠠᠢᠳᠠᠯ ᠨᠢ ᠱᠠᠮᠪᠠᠷᠠᠮ ᠲᠠᠢ ᠭᠡᠳᠡᠭ ᠢ᠋ ᠭᠡᠷᠡᠴᠢᠯᠡᠨ᠎ᠡ᠁ ᠡᠨᠡ ᠨᠢ ᠴᠦ᠍ ᠶᠠᠭᠠᠬᠢᠶ᠎ᠠ ᠭᠡᠬᠦ ᠪᠣᠢ! ᠫᠧᠲᠷᠪᠦᠷᠢᠭ ᠦ᠋ᠨ ᠠᠭᠤᠷ ᠠᠮᠢᠰᠬᠤᠯ ᠤ᠋ᠨ ᠤᠷᠰᠢᠭ ᠡᠴᠡ ᠪᠣᠯᠤᠭᠰᠠᠨ ᠪᠢᠵᠡ᠃ ᠵᠡᠷᠭᠡ ᠬᠡᠷᠬᠡᠮ ᠢ᠋ ᠨᠢ ᠲᠣᠳᠣᠷᠬᠠᠢᠯᠠᠪᠠᠯ᠂ ᠨᠢᠭᠡ ᠨᠠᠰᠤ ᠪᠠᠷ ᠢ᠋ᠶ᠋ᠠᠨ ᠶᠢᠰᠦᠳᠦᠭᠡᠷ ᠳᠡᠰ ᠦ᠋ᠨ ᠵᠥᠪᠯᠡᠭᠴᠢ ᠶ᠋ᠢᠨ ᠠᠯᠪᠠ ᠬᠠᠭᠠᠵᠤ ᠶᠠᠪᠤᠵᠠᠢ᠃ ᠁
   ᠫᠧᠲᠷᠪᠦᠷᠢᠭ ᠲᠦ᠍᠂ ᠨᠢᠭᠡ ᠵᠢᠯ ᠳᠥᠷᠪᠡᠨ ᠵᠠᠭᠤᠨ ᠷᠦᠪᠯᠢ ᠶ᠋ᠢᠨ ᠴᠠᠯᠢᠩ ᠲᠠᠢ ᠲᠦᠰᠢᠮᠡᠯ ᠪᠣᠯ ᠨᠢᠭᠡ ᠬᠡᠴᠡᠭᠦᠦ ᠳᠠᠢᠰᠤᠨ ᠡᠴᠡ ᠰᠦᠷᠳᠡᠳᠡᠭ ᠶᠦᠮ᠃ ᠡᠨᠡ ᠳᠠᠢᠰᠤᠨ ᠨᠢ ᠬᠡᠨ ᠪᠣᠢ ᠭᠡᠪᠡᠯ ᠮᠠᠨ ᠤ᠋ ᠤᠮᠠᠷ᠎ᠠ ᠣᠷᠣᠨ ᠤ᠋ ᠬᠠᠬᠢᠷ ᠡᠪᠦᠯ ᠦ᠋ᠨ ᠲᠡᠰᠬᠢᠮ᠎ᠡ ᠬᠦᠢᠲᠡᠨ ᠰᠠᠯᠬᠢᠨ ᠶᠤᠮ ᠁ ᠣᠢᠷ᠎ᠠ ᠶ᠋ᠢᠨ ᠬᠡᠳᠦᠨ ᠡᠳᠦᠷ ᠠᠺᠠᠺᠢ ᠠᠺᠠᠺᠢᠶᠸᠢᠴᠧ ᠶ᠋ᠢᠨ ᠳᠠᠯᠤ ᠮᠥᠷᠥ ᠪᠣᠯᠤᠨ ᠨᠢᠷᠤᠭᠤ ᠪᠠᠷ ᠨᠢ ᠠᠢᠬᠤᠪᠲᠤᠷ ᠵᠢᠩᠭᠢᠨᠡᠬᠦ ᠪᠣᠯᠵᠤ᠂ ᠵᠤᠷᠭᠠᠨ ᠳ᠋ᠠᠭᠠᠨ ᠬᠦᠷᠬᠦ ᠵᠠᠮ ᠳ᠋ᠠᠭᠠᠨ ᠶᠠᠭᠠᠬᠢᠵᠤ ᠬᠤᠷᠳᠤᠯᠠᠨ ᠶᠠᠪᠤᠪᠠᠴᠤ ᠶᠡᠷᠦ ᠨᠢ ᠪᠣᠯᠵᠤ ᠥᠭᠬᠦ ᠦᠭᠡᠢ ᠬᠦᠢᠲᠡᠨ ᠣᠷᠬᠢᠭᠠᠳ ᠪᠠᠢᠳᠠᠭ ᠪᠣᠯᠵᠠᠢ᠃ ᠰᠡᠭᠦᠯ ᠳ᠋ᠦ᠍ᠨᠢ᠂ ᠠᠺᠠᠺᠢ ᠠᠺᠠᠺᠢᠶᠸᠢᠴᠧ ᠰᠢᠨᠧᠯ ᠳ᠋ᠡᠭᠡᠨ ᠭᠡᠮ ᠪᠠᠢᠬᠤ ᠶᠤᠮ ᠪᠣᠯᠪᠠ ᠤᠤ ᠭᠡᠵᠦ ᠰᠡᠵᠢᠭᠯᠡᠪᠡ᠃ ᠲᠡᠢᠨ ᠬᠦ᠌ ᠭᠡᠷ ᠲᠡᠭᠡᠨ ᠬᠠᠷᠢᠭᠠᠳ ᠰᠢᠨᠧᠯ ᠢ᠋ᠶ᠋ᠡᠨ ᠡᠷᠭᠢᠭᠦᠯᠵᠦ ᠲᠣᠭᠣᠷᠢᠭᠤᠯᠤᠨ ᠨᠠᠷᠢᠨ ᠪᠠᠢᠴᠠᠭᠠᠨ ᠦᠵᠡᠬᠦ ᠳ᠋ᠦ᠍᠂ ᠦᠨᠡᠬᠡᠷ ᠶᠠᠭ ᠳᠠᠯᠤ ᠮᠥᠷᠥ ᠪᠣᠯᠤᠨ ᠨᠢᠷᠤᠭᠤᠨ ᠤ᠋ ᠬᠢᠨᠢ ᠲᠡᠨᠳᠡ ᠬᠣᠶᠠᠷ ᠭᠤᠷᠪᠠᠨ ᠬᠡᠰᠡᠭ ᠭᠠᠵᠠᠷ ᠭᠠᠳᠠᠷ ᠨᠢ ᠨᠢᠮᠭᠡᠷᠡᠭᠡᠳ ᠶᠣᠷᠣᠭ ᠰᠢᠭ᠋ ᠪᠣᠯᠵᠤ᠂ ᠴᠡᠮᠪᠡ ᠨᠢ ᠡᠯᠡᠭᠳᠡᠨ ᠴᠣᠭᠤᠷᠬᠤ ᠳ᠋ᠤ᠌ ᠳᠥᠭᠥᠵᠦ᠂ ᠳᠣᠲᠣᠷ ᠨᠢ ᠴᠦ᠍ ᠲᠠᠮᠲᠤᠭ ᠦᠭᠡᠢ ᠶᠠᠭᠤᠮ᠎ᠠ ᠪᠣᠯᠵᠠᠢ᠃ ᠁ ᠠᠺᠠᠺᠢ ᠠᠺᠠᠺᠢᠶᠸᠢᠴᠧ ᠰᠢᠨᠧᠯ ᠢ᠋ᠶ᠋ᠡᠨ ᠡᠢᠮᠦ ᠪᠣᠯᠤᠭᠰᠠᠨ ᠢ᠋ ᠮᠡᠳᠡᠭᠡᠳ ᠣᠶᠣᠳᠠᠯᠴᠢᠨ ᠫᠧᠲᠷᠸᠢᠴᠧ ᠳ᠋ᠦ᠍ ᠠᠪᠴᠤ ᠣᠴᠢᠬᠤ ᠪᠠᠷ ᠰᠢᠢᠳᠪᠡ᠃ ᠁
   ᠠᠺᠠᠺᠢ ᠠᠺᠠᠺᠢᠶᠸᠢᠴᠧ᠂ ᠫᠧᠲᠷᠸᠢᠴᠧ ᠶ᠋ᠢᠨ ᠭᠡᠷ ᠬᠦᠷᠬᠦ ᠱᠠᠲᠤ ᠪᠠᠷ ᠮᠠᠴᠤᠯ᠎ᠠ᠃ ᠁ ᠠᠺᠠᠺᠢ ᠠᠺᠠᠺᠢᠶᠸᠢᠴᠧ ᠱᠠᠲᠤ ᠥᠭᠡᠳᠡ ᠮᠠᠴᠤᠬᠤ ᠵᠠᠭᠤᠷ᠎ᠠ ᠪᠠᠨ᠂ ᠫᠧᠲᠷᠸᠢᠴᠧ ᠬᠡᠳᠦᠢ ᠵᠣᠭᠣᠰ ᠠᠪᠤᠨ᠎ᠠ ᠭᠡᠬᠦ ᠪᠣᠯ᠂ ᠪᠢ ᠬᠠᠮᠤᠭ ᠤ᠋ᠨ ᠣᠯᠠᠨ ᠳ᠋ᠠᠭᠠᠨ ᠬᠣᠶᠠᠷ ᠷᠦᠪᠯᠢ ᠡᠴᠡ ᠢᠯᠡᠭᠦᠦ ᠬᠥᠯᠥᠰᠥ ᠶᠠᠭᠠᠬᠢᠭᠰᠠᠨ ᠴᠤ᠌ ᠥᠭᠬᠦ ᠦᠭᠡᠢ ᠭᠡᠵᠦ ᠪᠣᠳᠣᠵᠤ ᠶᠠᠪᠤᠪᠠ᠃ ᠫᠧᠲᠷᠸᠢᠴᠧ ᠶ᠋ᠢᠨ ᠡᠭᠦᠳᠡ ᠨᠢ ᠨᠡᠭᠡᠭᠡᠯᠲᠡᠲᠡᠢ ᠪᠠᠢᠯ᠎ᠠ᠃ ᠡᠵᠡᠭᠲᠡᠢ ᠶᠠᠮᠠᠷ ᠨᠢᠭᠡᠨ ᠵᠢᠭᠠᠰᠤ ᠬᠠᠭᠠᠷᠢᠵᠤ ᠪᠠᠢᠭᠰᠠᠨ ᠲᠤᠯᠠ ᠲᠣᠭᠣᠭᠠᠨ ᠭᠡᠷ ᠨᠢ ᠬᠠᠬᠠᠭᠤᠨ ᠤᠲᠤᠭ᠎ᠠ ᠪᠠᠷ ᠳᠦᠭᠦᠷᠴᠦ᠂ ᠵᠣᠣᠮ᠎ᠠ ᠭᠦᠶᠦᠵᠦ ᠶᠠᠪᠤᠪᠠᠴᠤ ᠦᠵᠡᠭᠳᠡᠬᠦ ᠦᠭᠡᠢ ᠪᠠᠢᠯ᠎ᠠ᠃ ᠠᠺᠠᠺᠢ ᠠᠺᠠᠺᠢᠶᠸᠢᠴᠧ ᠲᠣᠭᠣᠭᠠᠨ ᠭᠡᠷ ᠢ᠋ᠶ᠋ᠡᠷ ᠨᠢ ᠥᠩᠭᠡᠷᠡᠬᠦ ᠳ᠋ᠦ᠍ ᠡᠵᠡᠭᠲᠡᠢ ᠴᠦ᠍ ᠣᠯᠵᠤ ᠦᠵᠡᠭᠰᠡᠨ ᠦᠭᠡᠢ᠃ ᠳᠣᠲᠣᠭᠰᠢ ᠣᠷᠣᠭᠠᠳ ᠣᠴᠢᠬᠤ ᠳ᠋ᠤᠨᠢ ᠫᠧᠲᠷᠸᠢᠴᠧ ᠰᠢᠷᠳᠡᠭᠡᠳᠦᠢ ᠲᠣᠮᠣ ᠮᠣᠳᠣᠨ ᠰᠢᠷᠡᠭᠡᠨ ᠦ᠌ ᠬᠠᠵᠠᠭᠤ ᠳ᠋ᠤ᠌ ᠶᠠᠭ ᠯᠠ ᠲᠦᠷᠺ ᠦ᠋ᠨ ᠶᠡᠷᠦᠩᠬᠡᠢᠯᠡᠭᠴᠢ ᠰᠢᠭ ᠵᠠᠪᠢᠯᠠᠨ ᠰᠠᠭᠤᠵᠤ ᠪᠠᠢᠵᠠᠢ᠃ ᠦᠢᠯᠡ ᠣᠶᠣᠬᠤ ᠳ᠋ᠠᠭᠠᠨ ᠰᠠᠭᠤᠳᠠᠭ ᠵᠠᠩᠰᠢᠯ ᠢ᠋ᠶ᠋ᠠᠷ ᠢ᠋ᠶ᠋ᠠᠨ ᠬᠥᠯ ᠨᠢᠴᠦᠭᠦᠨ ᠰᠠᠭᠤᠨ᠎ᠠ᠃ ᠠᠺᠠᠺᠢ ᠠᠺᠠᠺᠢᠶᠸᠢᠴᠧ ᠶ᠋ᠢᠨ ᠨᠢᠳᠦᠨ ᠳ᠋ᠦ᠍ ᠬᠠᠮᠤᠭ ᠤ᠋ᠨ ᠲᠦᠷᠦᠭᠦᠦ ᠥᠷᠲᠥᠭᠰᠡᠨ ᠨᠢ ᠲᠠᠨᠢᠯ ᠪᠣᠯᠤᠭᠰᠠᠨ ᠥᠨᠥᠬᠢ ᠶᠠᠰᠤᠲᠤ ᠮᠡᠯᠡᠬᠡᠢ ᠶ᠋ᠢᠨ ᠬᠤᠶᠠᠭ ᠰᠢᠭ᠋ ᠪᠠᠷᠪᠠᠭᠠᠷ ᠡᠷᠡᠬᠡᠢ ᠬᠤᠷᠤᠭᠤᠨ ᠤ᠋ ᠬᠢᠮᠤᠰᠤ ᠪᠠᠢᠯ᠎ᠠ᠃ ᠁ ᠣᠶᠣᠳᠠᠯᠴᠢᠨ ᠭᠤᠸᠠᠢ ᠵᠡᠭᠦᠦ ᠰᠦᠪᠡᠯᠡᠬᠦ ᠭᠡᠵᠦ ᠭᠤᠷᠪᠠᠨ ᠮᠢᠨᠦ᠋ᠲ ᠬᠢᠷᠢ ᠮᠤᠩᠭᠠᠨᠢᠭᠠᠳ ᠴᠢᠳᠠᠭᠰᠠᠨ ᠦᠭᠡᠢ ᠳ᠋ᠡᠭᠡᠨ ᠭᠡᠷ ᠦ᠋ᠨ ᠢ᠋ᠶ᠋ᠡᠨ ᠬᠠᠷᠠᠩᠭᠤᠢ ᠳ᠋ᠤ᠌᠂ ᠮᠥᠨ ᠲᠡᠭᠦᠨᠴᠢᠯᠡᠨ ᠤᠲᠠᠰᠤᠨ ᠳ᠋ᠠᠭᠠᠨ ᠴᠤ᠌ ᠠᠭᠤᠷ ᠭᠦᠷᠦᠨ ᠴᠢᠬᠤᠯᠳᠠᠵᠤ᠂ ᠳᠣᠣᠷ᠎ᠠ ᠳᠠᠭᠤᠨ ᠢ᠋ᠶ᠋ᠠᠷ: 《 ᠰᠦᠪᠡᠯᠡᠭᠳᠡᠬᠦ ᠦᠭᠡᠢ ᠠ᠋᠂ ᠮᠠᠭᠤ ᠴᠢᠰᠤ ᠴᠢᠨᠢ᠂ ᠡᠨᠡ ᠬᠠᠷ᠎ᠠ ᠴᠢᠳᠬᠥᠷ ᠨᠠᠮᠠᠶ᠋ᠢ ᠦᠨᠡᠬᠡᠷ ᠵᠣᠪᠠᠭᠠᠵᠤ ᠪᠠᠢᠨ᠎ᠠ》 ᠭᠡᠨ᠎ᠡ᠃ ᠠᠺᠠᠺᠢ ᠠᠺᠠᠺᠢᠶᠸᠢᠴᠢᠧ ᠣᠶᠣᠳᠠᠯᠴᠢᠨ ᠤ᠋ ᠡᠨᠡ ᠮᠡᠲᠦ ᠠᠭᠤᠷᠲᠠᠢ ᠦᠶ᠎ᠡ ᠪᠡᠷ ᠢᠷᠡᠭᠰᠡᠨ ᠳ᠋ᠡᠭᠡᠨ ᠶᠡᠬᠡ ᠭᠡᠮᠰᠢᠪᠡ᠃ ᠠᠺᠠᠺᠢᠶᠸᠢᠴᠧ ᠲᠡᠭᠦᠨ ᠢ᠋ ᠪᠠᠬᠠᠨ ᠬᠠᠯᠠᠰᠠᠭᠤ ᠪᠠᠢᠬᠤ ᠦᠶ᠎ᠡ ᠪᠡᠷ ᠨᠢ᠂ ᠥᠭᠡᠷ᠎ᠡ ᠪᠡᠷ ᠬᠡᠯᠡᠪᠡᠯ᠂ ᠡᠬᠡᠨᠡᠷ ᠦ᠋ᠨ ᠬᠢᠨᠢ ᠬᠡᠯᠡᠳᠡᠭᠴᠢᠯᠡᠨ: 《ᠮᠠᠭᠤ ᠥᠷᠥᠭᠡᠰᠦᠨ ᠨᠢᠳᠦᠲᠦ ᠴᠢᠨᠢ ᠪᠠᠰᠠ ᠭᠠᠰᠢᠭᠤᠨ ᠤᠰᠤᠨ ᠳ᠋ᠠᠭᠠᠨ ᠳᠡᠪᠲᠦᠴᠢᠬᠡᠭᠰᠡᠨ》 ᠦᠶ᠎ᠡ ᠳ᠋ᠦ᠍ᠨᠢ ᠢᠷᠡᠬᠦ ᠳᠤᠷᠠᠲᠠᠢ ᠶᠤᠮ᠃ ᠡᠢᠮᠦ ᠦᠶ᠎ᠡ ᠳ᠋ᠦ᠍ ᠫᠧᠲᠷᠸᠢᠴᠧ ᠯᠠᠪ ᠦᠨ᠎ᠡ ᠪᠡᠨ ᠪᠠᠭᠤᠷᠠᠭᠤᠯᠳᠠᠭ ᠪᠥᠭᠡᠳ ᠰᠡᠯᠪᠢᠭᠦᠯᠬᠦ ᠭᠡᠰᠡᠨ ᠶᠠᠭᠤᠮ᠎ᠠ ᠶ᠋ᠢ ᠠᠮᠠᠷᠬᠠᠨ ᠬᠦᠯᠢᠶᠡᠨ ᠠᠪᠬᠤ ᠪᠠᠷ ᠦᠯᠦ ᠪᠠᠷᠠᠮ ᠪᠠᠰᠠ ᠴᠤ᠌ ᠲᠠᠯᠠᠷᠬᠠᠨ ᠮᠡᠬᠦᠢᠨ ᠶᠣᠰᠣᠯᠠᠳᠠᠭ ᠠᠵᠢ᠃ ᠬᠡᠯᠡᠯᠭᠡᠨ ᠦᠭᠡᠢ᠂ ᠳᠠᠷᠠᠭ᠎ᠠ ᠨᠢ ᠡᠬᠡᠨᠡᠷ ᠨᠢ ᠤᠬᠢᠯᠠᠩᠨᠠᠨ ᠭᠦᠶᠦᠵᠦ ᠢᠷᠡᠭᠡᠳ᠂ ᠡᠷ᠎ᠡ ᠮᠢᠨᠢ ᠰᠣᠭᠲᠣᠭᠤ ᠪᠠᠷ ᠢ᠋ᠶ᠋ᠠᠨ ᠬᠡᠲᠦᠷᠬᠡᠢ ᠬᠢᠮᠳᠠ ᠬᠥᠯᠥᠰᠥ ᠠᠪᠤᠭᠰᠠᠨ ᠲᠤᠯᠠ ᠵᠣᠭᠣᠰ ᠨᠡᠮᠡᠵᠦ ᠠᠪᠤᠨ᠎ᠠ ᠭᠡᠳᠡᠭ᠃ ᠲᠡᠭᠡᠬᠦᠯᠡᠷ ᠨᠢ ᠠᠷᠪᠠᠨ ᠮᠥᠩᠭᠥ ᠨᠡᠮᠡᠭᠡᠳ ᠥᠭᠴᠢᠬᠡᠪᠡᠯ ᠠᠯᠢᠪᠠ ᠬᠡᠷᠡᠭ ᠲᠡᠭᠦᠰᠦᠨ᠎ᠡ᠃ ᠡᠳᠦᠭᠡ ᠫᠧᠲᠷᠸᠢᠴᠧ ᠯᠠᠪ ᠡᠷᠡᠭᠦᠯ ᠪᠠᠢᠭ᠎ᠠ ᠲᠤᠯᠠ ᠰᠢᠷᠦᠭᠦᠨ ᠠᠭᠠᠰᠢᠲᠠᠢ ᠪᠥᠭᠡᠳ ᠦᠭᠡ ᠬᠡᠯᠡᠯᠴᠡᠬᠦ ᠳ᠋ᠦ᠍ ᠵᠥᠷᠢᠭᠦᠳ ᠶᠦᠮ᠃ ᠬᠡᠳᠦᠢ ᠶᠡᠬᠡ ᠬᠥᠯᠥᠰᠥ ᠠᠪᠤᠨ᠎ᠠ ᠭᠡᠬᠦ ᠶ᠋ᠢ ᠴᠦ᠍ ᠪᠤᠤ ᠮᠡᠳᠡ᠃ ᠠᠺᠠᠺᠢ ᠠᠺᠠᠺᠢᠶᠸᠢᠴᠧ ᠡᠨᠡ ᠪᠠᠢᠳᠠᠯ ᠢ᠋ ᠮᠡᠳᠡᠭᠡᠳ ᠤᠬᠤᠷᠢᠵᠤ ᠭᠠᠷᠤᠶ᠎ᠠ ᠭᠡᠵᠦ ᠪᠣᠳᠣᠭᠰᠠᠨ ᠪᠣᠯᠪᠠᠴᠤ ᠫᠧᠲᠷᠸᠢᠴᠧ ᠥᠷᠥᠭᠡᠰᠦᠨ ᠨᠢᠳᠦ ᠪᠡᠨ ᠣᠨᠢᠢᠯᠭᠠᠨ ᠰᠢᠷᠳᠡᠬᠦ ᠲᠤᠯᠠ ᠵᠠᠪᠳᠤᠬᠤ ᠦᠭᠡᠢ ᠪᠣᠯᠪᠠ᠃ ᠲᠡᠢᠨ ᠬᠦ᠌ ᠠᠺᠠᠺᠢᠶᠸᠢᠴᠧ ᠠᠷᠭ᠎ᠠ ᠪᠤᠶᠤ ᠠᠮᠠ ᠨᠡᠭᠡᠭᠡᠨ: 《ᠲᠠ ᠰᠠᠢᠨ ᠤᠤ᠂ ᠫᠧᠲᠷᠸᠢᠴᠧ ᠭᠤᠸᠠᠢ!》 ᠭᠡᠪᠡ᠃ 《ᠨᠣᠶᠠᠨᠲᠠᠨ ᠲᠠᠨ ᠳ᠋ᠤ᠌ ᠮᠡᠨᠳᠦ ᠠᠢᠯᠠᠳᠬᠠᠶ᠎ᠠ!》 ᠭᠡᠵᠦ ᠫᠧᠲᠷᠸᠢᠴᠧ ᠬᠡᠯᠡᠬᠦ ᠳᠠᠭᠠᠤ ᠪᠠᠨ ᠣᠯᠵᠠ ᠣᠷᠣᠭᠤᠯᠬᠤ ᠶᠠᠮᠠᠷ ᠶᠠᠭᠤᠮ᠎ᠠ ᠠᠪᠴᠢᠷᠠᠭᠰᠠᠨ ᠢ᠋ ᠨᠢ ᠮᠡᠳᠡᠬᠦ ᠭᠡᠵᠦ ᠭᠠᠷ ᠤᠷᠤᠭᠤ ᠨᠢ ᠥᠷᠥᠭᠡᠰᠦᠨ ᠨᠢᠳᠦ ᠪᠡᠷ ᠢ᠋ᠶ᠋ᠡᠨ ᠰᠠᠢᠲᠤᠷ ᠠᠵᠢᠭᠯᠠᠨ᠎ᠠ᠃
   《ᠪᠢ᠂ ᠫᠧᠲᠷᠸᠢᠴᠧ ᠲᠠᠨ ᠤ᠋ ᠡᠨᠳᠡ ᠢᠷᠡᠭᠰᠡᠨ ᠬᠡᠷᠡᠭ ᠪᠣᠯ ᠲᠡᠭᠦᠨ ᠢ᠋ ᠁》 ᠤᠩᠰᠢᠭᠴᠢᠳ ᠲᠠ ᠪᠦᠬᠦᠨ ᠰᠠᠢᠲᠤᠷ ᠮᠡᠳᠡᠵᠦ ᠠᠪᠤᠭᠠᠷᠠᠢ᠂ ᠠᠺᠠᠺᠢ ᠠᠺᠠᠺᠢᠶᠸᠢᠴᠧ ᠶᠠᠮᠠᠷ ᠨᠢᠭᠡᠨ ᠤᠴᠢᠷ ᠶᠠᠪᠤᠳᠠᠯ ᠢ᠋ ᠲᠣᠳᠣᠷᠬᠠᠢᠯᠠᠬᠤ ᠭᠡᠪᠡᠯ ᠤᠷᠢᠳᠠᠪᠠᠷ ᠵᠠᠪᠠᠯ ᠡᠳᠦᠢ ᠲᠡᠳᠦᠢ ᠤᠭᠲᠤᠪᠤᠷᠢ ᠬᠡᠯᠡᠭᠡᠳ ᠬᠠᠮᠤᠭ ᠤ᠋ᠨ ᠰᠡᠭᠦᠯ ᠳ᠋ᠦ᠍ᠨᠢ ᠪᠠᠰᠠ ᠶᠠᠮᠠᠷ ᠴᠤ᠌ ᠤᠳᠬ᠎ᠠ ᠠᠭᠤᠯᠭ᠎ᠠ ᠦᠭᠡᠢ ᠪᠠᠬᠠᠨ ᠰᠤᠯᠠ ᠦᠭᠡ ᠬᠡᠯᠡᠳᠡᠭ ᠶᠦᠮ᠃ ᠬᠡᠷᠪᠡ ᠪᠤᠳᠤᠯᠢᠶᠠᠨᠲᠠᠢ ᠤᠴᠢᠷ ᠲᠣᠬᠢᠶᠠᠯᠳᠤᠪᠠᠯ ᠪᠦᠲᠦᠨ ᠥᠭᠦᠯᠡᠪᠦᠷᠢ ᠬᠡᠯᠡᠵᠦ ᠴᠢᠳᠠᠬᠤ ᠦᠭᠡᠢ ᠪᠣᠯᠵᠤ 《ᠡᠨᠡ᠂ ᠦᠨᠡᠨ ᠢ᠋ ᠬᠡᠯᠡᠪᠡᠯ ᠯᠠᠪ ᠡᠢᠮᠦ ᠁》 ᠭᠡᠭᠰᠡᠭᠡᠷ ᠪᠠᠢᠭᠠᠳ ᠡᠴᠦᠰ ᠲᠡᠭᠡᠨ ᠶᠠᠭᠤ ᠴᠤ᠌ ᠬᠡᠯᠡᠵᠦ ᠭᠠᠷᠭᠠᠬᠤ ᠦᠭᠡᠢ ᠶᠦᠮ᠃ ᠥᠪᠡᠷ ᠢ᠋ᠶ᠋ᠡᠨ ᠴᠦ᠍ ᠬᠡᠯᠡᠬᠦ ᠭᠡᠰᠡᠨ ᠦᠭᠡ ᠪᠡᠨ ᠴᠥᠮ ᠢ᠋ ᠮᠠᠷᠲᠠᠵᠤ ᠣᠷᠬᠢᠳᠠᠭ᠃ ᠤᠴᠢᠷ ᠨᠢ᠂ ᠬᠡᠷᠡᠭ ᠲᠡᠢ ᠦᠭᠡ ᠪᠡᠨ ᠴᠥᠮ ᠢ᠋ ᠬᠡᠯᠡᠴᠢᠬᠡᠯ᠎ᠡ ᠭᠡᠵᠦ ᠪᠣᠳᠣᠳᠠᠭ ᠪᠠᠢᠵᠠᠢ᠃
   《ᠶᠠᠮᠠᠷ ᠬᠡᠷᠡᠭ ᠢ᠋ᠶ᠋ᠡᠷ ᠢᠷᠡᠪᠡ?》 ᠭᠡᠵᠦ ᠫᠧᠲᠷᠸᠢᠴᠧ ᠠᠰᠠᠭᠤᠭᠠᠳ ᠥᠷᠥᠭᠡᠰᠦᠨ ᠨᠢᠳᠦ ᠪᠡᠷ ᠢ᠋ᠶ᠋ᠡᠨ ᠠᠺᠠᠺᠢ ᠠᠺᠠᠺᠢᠶᠸᠢᠴᠧ ᠶ᠋ᠢᠨ ᠠᠯᠪᠠᠨ ᠬᠤᠪᠴᠠᠰᠤ ᠶ᠋ᠢ ᠵᠠᠬ᠎ᠠ ᠡᠴᠡ ᠨᠢ ᠠᠪᠤᠭᠠᠳ ᠬᠠᠨᠴᠤᠢ᠂ ᠬᠣᠷᠮᠣᠢ᠂ ᠠᠷᠤ ᠪᠡᠶ᠎ᠡ᠂ ᠬᠣᠷᠮᠣᠢ ᠬᠣᠲᠠ᠂ ᠲᠣᠪᠴᠢ ᠶ᠋ᠢᠨ ᠨᠦᠬᠡᠨ ᠳ᠋ᠦ᠍ᠨᠢ ᠬᠦᠷᠲᠡᠯ᠎ᠡ ᠨᠠᠷᠢᠨ ᠠᠵᠢᠭᠯᠠᠯ᠎ᠠ᠃ ᠁
   《ᠮᠢᠨᠦ ᠲᠡᠷᠡ᠂ ᠫᠧᠲᠷᠸᠢᠴᠧ ᠁ ᠰᠢᠨᠧᠯ᠂ ᠴᠡᠮᠪᠡ ᠁ ᠴᠢ ᠦᠵᠡ᠂ ᠥᠭᠡᠷ᠎ᠡ ᠭᠠᠵᠠᠷ ᠨᠢ ᠴᠥᠮ ᠰᠠᠢᠨ ᠪᠠᠢᠭᠰᠠᠭᠠᠷ᠂ ᠳᠡᠭᠡᠷ᠎ᠡ ᠨᠢ ᠪᠠᠬᠠᠨ ᠲᠣᠭᠣᠰᠣ ᠰᠠᠭᠤᠭᠰᠠᠨ ᠪᠣᠯᠬᠣᠷ ᠬᠠᠭᠤᠴᠢᠨ ᠶᠠᠭᠤᠮ᠎ᠠ ᠰᠢᠭ᠋ ᠬᠠᠷᠠᠭᠳᠠᠨ᠎ᠠ᠃ ᠦᠨᠡᠨ ᠳ᠋ᠡᠭᠡᠨ ᠪᠣᠯ ᠰᠢᠨ᠎ᠡ ᠪᠡᠷ ᠢ᠋ᠶ᠋ᠡᠨ ᠪᠠᠢᠭᠰᠠᠭᠠᠷ᠂ ᠨᠢᠭᠡ ᠯᠡ ᠭᠠᠵᠠᠷ ᠨᠢ ᠲᠡᠷᠡ ᠁ ᠠᠷᠤ ᠳ᠋ᠤᠨᠢ ᠬᠡᠰᠡᠭ ᠭᠠᠵᠠᠷ᠂ ᠪᠠᠰᠠ ᠥᠷᠥᠭᠡᠰᠦᠨ ᠮᠥᠷᠦᠨ ᠦ᠌ ᠬᠢᠨᠢ ᠲᠡᠨᠳᠡ ᠪᠠᠭ᠎ᠠ ᠡᠯᠡᠭᠳᠡᠵᠡᠢ᠃ ᠲᠠ ᠦᠵᠡ ᠳᠡ᠂ ᠡᠨᠡ ᠮᠥᠷᠦᠨ ᠦ᠌ ᠬᠢᠨᠢ ᠡᠨᠳᠡ᠂ ᠡᠢᠮᠦᠬᠡᠨ ᠭᠠᠵᠠᠷ ᠳᠡᠮᠡᠢ ᠶᠡᠬᠡ ᠠᠵᠢᠯ ᠣᠷᠣᠬᠤ ᠦᠭᠡᠢ ᠁》
   ᠫᠧᠲᠷᠸᠢᠴᠧ ᠰᠢᠨᠧᠯ ᠢ᠋ ᠨᠢ ᠠᠪᠴᠤ ᠰᠢᠷᠡᠭᠡᠨ ᠳᠡᠭᠡᠷ᠎ᠡ ᠳᠡᠯᠭᠡᠨ ᠲᠠᠯᠪᠢᠭᠠᠳ᠂ ᠨᠠᠷᠢᠨ ᠨᠢᠮᠪᠠᠢ ᠦᠵᠡᠵᠦ ᠦᠵᠡᠴᠢᠬᠡᠭᠡᠳ᠂ ᠲᠣᠯᠣᠭᠠᠢ ᠰᠡᠭᠰᠦᠷᠪᠡ᠃ ᠲᠡᠭᠡᠭᠡᠳ ᠴᠣᠩᠬᠣᠨ ᠤ᠋ ᠲᠠᠢᠵᠠ ᠤᠷᠤᠭᠤ ᠪᠠᠨ ᠭᠠᠷ ᠰᠤᠩᠭᠠᠨ᠂ ᠬᠠᠮᠠᠷ ᠤ᠋ᠨ ᠲᠠᠮᠠᠬᠢᠨ ᠤ᠋ ᠪᠤᠮᠪᠠᠭᠠᠷ ᠰᠠᠪᠠ ᠪᠠᠨ ᠠᠪᠤᠯ᠎ᠠ᠃ ᠁ ᠫᠧᠲᠷᠸᠢᠴᠧ ᠬᠠᠮᠠᠷ ᠲᠠᠲᠠᠬᠤ ᠶ᠋ᠢᠨ ᠳᠠᠭᠠᠤ ᠬᠣᠶᠠᠷ ᠭᠠᠷ ᠢ᠋ᠶ᠋ᠠᠷ ᠢ᠋ᠶ᠋ᠠᠨ ᠰᠢᠨᠧᠯ ᠢ᠋ ᠭᠡᠷᠡᠯ ᠥᠭᠡᠳᠡ ᠳᠠᠯᠠᠨ ᠪᠠᠷᠢᠵᠤ ᠦᠵᠡᠭᠡᠳ᠂ ᠪᠠᠰᠠ ᠳᠠᠬᠢᠨ ᠲᠣᠯᠣᠭᠠᠢ ᠪᠠᠨ ᠰᠡᠭᠰᠦᠷᠪᠡ᠃ ᠳᠠᠬᠢᠭᠠᠳ ᠨᠥᠭᠥᠭᠡ ᠴᠠᠭᠠᠰᠤ ᠨᠠᠭᠠᠯᠲᠠᠲᠠᠢ ᠭᠧᠨᠧᠷᠠᠯ ᠤ᠋ᠨ ᠵᠢᠷᠤᠭ ᠲᠠᠢ ᠰᠠᠪᠠ ᠶ᠋ᠢᠨ ᠲᠠᠭᠯᠠᠭ᠎ᠠ ᠶ᠋ᠢ ᠨᠡᠭᠡᠭᠡᠵᠦ ᠲᠠᠮᠠᠬᠢ ᠴᠢᠮᠬᠢᠨ ᠠᠪᠴᠤ ᠲᠠᠲᠠᠭᠠᠳ᠂ ᠰᠠᠪᠠ ᠪᠠᠨ ᠲᠠᠭᠯᠠᠨ ᠴᠠᠰᠢ ᠲᠠᠯᠪᠢᠨ:
   《ᠪᠣᠯᠬᠤ ᠦᠭᠡᠢ᠂ ᠨᠥᠬᠥᠵᠦ ᠪᠣᠯᠬᠤ ᠦᠭᠡᠢ᠂ ᠨᠡᠢᠳᠡᠮ ᠳ᠋ᠡᠭᠡᠨ ᠪᠣᠯᠬᠤ ᠪᠠᠨ ᠪᠣᠯᠢᠵᠠᠢ》 ᠭᠡᠪᠡ᠃ ᠡᠨᠡ ᠦᠭᠡ ᠶ᠋ᠢ ᠰᠣᠨᠣᠰᠤᠮᠠᠭᠴᠠ ᠪᠠᠨ ᠠᠺᠠᠺᠢ ᠠᠺᠠᠺᠢᠶᠸᠢᠴᠧ ᠶ᠋ᠢᠨ ᠵᠢᠷᠦᠬᠡ ᠴᠣᠬᠢᠯᠠᠵᠤ:
   《ᠶᠠᠭᠠᠬᠢᠭᠰᠠᠨ ᠨᠥᠬᠥᠵᠦ ᠪᠣᠯᠬᠤ ᠦᠭᠡᠢ ᠶᠦᠮ᠂ ᠫᠧᠲᠷᠸᠢᠴᠧ ᠠ᠋? ᠮᠥᠷᠦᠨ ᠳᠡᠭᠡᠷ᠎ᠡ ᠪᠠᠨ ᠯᠠ ᠡᠯᠡᠭᠰᠡᠨ ᠶᠦᠮ᠃ ᠲᠠᠨ ᠳ᠋ᠤ᠌ ᠴᠡᠮᠪᠡ ᠶ᠋ᠢᠨ ᠥᠭᠡᠳᠡᠰᠦ ᠪᠣᠢ ᠰᠢᠦ ᠳᠡ ᠁》 ᠭᠡᠵᠦ ᠬᠡᠦᠬᠡᠳ ᠦ᠋ᠨ ᠭᠤᠶᠤᠴᠢᠯᠠᠯ ᠤ᠋ᠨ ᠳᠠᠭᠤᠨ ᠰᠢᠭ᠋ ᠬᠣᠭᠣᠯᠠᠢ ᠪᠠᠷ ᠬᠡᠯᠡᠪᠡ᠃
   《ᠴᠡᠮᠪᠡ ᠶ᠋ᠢᠨ ᠥᠭᠡᠳᠡᠰᠦ ᠡᠷᠢᠵᠦ ᠪᠣᠯᠤᠨ᠎ᠠ᠃ ᠲᠡᠢᠮᠦ ᠶᠠᠭᠤᠮ᠎ᠠ ᠴᠤ᠌ ᠣᠯᠳᠠᠬᠤ ᠪᠠᠢᠬᠤ᠃ ᠭᠡᠪᠡᠴᠦ ᠨᠥᠬᠥᠵᠦ ᠪᠣᠯᠬᠤ ᠦᠭᠡᠢ ᠰᠢᠦ᠂ ᠰᠢᠨᠧᠯ ᠴᠢᠨᠢ ᠪᠦᠷ ᠪᠣᠯᠬᠤ ᠪᠠᠨ ᠪᠣᠯᠢᠵᠠᠢ᠂ ᠵᠡᠭᠦᠦ ᠬᠦᠷᠦᠮᠡᠭᠴᠡ ᠯᠡ ᠰᠡᠮᠡᠷᠡᠨ᠎ᠡ》 ᠭᠡᠵᠦ ᠫᠧᠲᠷᠸᠢᠴᠧ ᠬᠡᠯᠡᠪᠡ᠃
   《ᠰᠡᠮᠡᠷᠡᠪᠡᠯ ᠰᠡᠮᠡᠷᠡᠭ᠂ ᠲᠠ ᠳᠠᠬᠢᠭᠠᠳ ᠲᠡᠷᠡ ᠰᠡᠮᠡᠷᠡᠭᠰᠡᠨ ᠭᠠᠵᠠᠷ ᠲᠤᠨᠢ ᠨᠥᠬᠥᠭᠡᠰᠦ ᠲᠠᠯᠪᠢᠴᠢᠬ᠎ᠠ᠃ 》
   《ᠠᠯᠢᠨ ᠳ᠋ᠤᠨᠢ ᠨᠥᠬᠥᠭᠡᠰᠦ ᠲᠠᠯᠪᠢᠭᠠᠳ ᠪᠠᠷᠠᠬᠤ ᠶᠤᠮ? ᠨᠥᠬᠥᠭᠡᠰᠦ ᠲᠠᠯᠪᠢᠯ᠎ᠠ ᠭᠡᠳ ᠲᠤᠰᠠ ᠭᠠᠷᠬᠤ ᠦᠭᠡᠢ ᠰᠢᠦ ᠬᠡᠲᠦᠷᠬᠡᠢ ᠮᠠᠭᠤᠳᠠᠴᠢᠬᠠᠵᠠᠢ᠃ ᠴᠡᠮᠪᠡ ᠭᠡᠵᠦ ᠰᠠᠢᠬᠠᠨ ᠨᠡᠷᠡᠲᠡᠢ ᠪᠣᠯᠪᠠᠴᠤ ᠰᠠᠯᠬᠢ ᠦᠵᠡᠪᠡᠯ ᠰᠡᠮᠡᠷᠡᠨ ᠤᠷᠠᠭᠳᠠᠬᠤ ᠶᠠᠭᠤᠮ᠎ᠠ ᠪᠣᠯᠵᠠᠢ᠃ 》
   《ᠨᠥᠬᠥᠭᠡᠳ ᠠᠯᠢ ᠠ᠋! ᠶᠠᠭᠠᠬᠢᠵᠤ ᠬᠡᠯᠡᠬᠦ ᠪᠢᠯᠡ᠂ ᠦᠨᠡᠨ ᠲᠡᠭᠦᠨ ᠢ᠋ ᠁》
   《ᠪᠣᠯᠬᠤ ᠦᠭᠡᠢ᠂ ᠶᠠᠮᠠᠷ ᠴᠤ᠌ ᠠᠷᠭ᠎ᠠ ᠠᠯᠠᠭ᠎ᠠ᠃ ᠬᠡᠲᠦᠷᠬᠡᠢ ᠮᠠᠭᠤᠳᠠᠴᠢᠬᠠᠵᠠᠢ᠃ ᠲᠠ ᠡᠭᠦᠨ ᠢ᠋ ᠪᠡᠨ ᠤᠷᠠᠭᠠᠳ ᠡᠪᠦᠯ ᠦ᠋ᠨ ᠬᠦᠢᠲᠡᠨ ᠳ᠋ᠦ᠍ ᠬᠥᠯ ᠦ᠋ᠨ ᠣᠷᠢᠶᠠᠯᠲᠠ ᠪᠣᠯᠭᠠᠴᠢᠬ᠎ᠠ᠃ ᠣᠢᠮᠣᠰᠤ ᠳᠤᠯᠠᠭᠠᠨ ᠦᠭᠡᠢ ᠪᠠᠢᠳᠠᠭ᠂ ᠣᠢᠮᠣᠰᠤ ᠭᠡᠳᠡᠭ ᠶᠠᠭᠤᠮ᠎ᠠ ᠶ᠋ᠢ ᠭᠧᠷᠮᠠᠨ ᠬᠥᠮᠦᠰ ᠵᠣᠭᠣᠰ ᠮᠥᠩᠭᠥ ᠢᠯᠡᠭᠦᠦ ᠬᠣᠨᠵᠢᠬᠤ ᠶ᠋ᠢᠨ ᠲᠥᠯᠥᠭᠡ ᠪᠣᠳᠣᠵᠤ ᠭᠠᠷᠭᠠᠭᠰᠠᠨ ᠶᠤᠮ ᠁ ᠭᠡᠪᠡᠴᠦ ᠲᠠ ᠵᠠᠪᠠᠯ ᠰᠢᠨ᠎ᠡ ᠰᠢᠨᠧᠯ ᠬᠢᠬᠦ ᠬᠡᠷᠡᠭᠲᠡᠢ ᠪᠠᠢᠨ᠎ᠠ》 ᠭᠡᠵᠦ ᠫᠧᠲᠷᠸᠢᠴᠧ ᠬᠡᠯᠡᠪᠡ᠃
   《ᠰᠢᠨ᠎ᠡ》 ᠭᠡᠰᠡᠨ ᠦᠭᠡ ᠶ᠋ᠢ ᠰᠣᠨᠣᠰᠤᠭᠠᠳ ᠠᠺᠠᠺᠢ ᠠᠺᠠᠺᠢᠶᠸᠢᠴᠧ ᠶ᠋ᠢᠨ ᠨᠢᠳᠦ ᠡᠷᠢᠶᠡᠯᠵᠡᠯᠡᠨ᠂ ᠭᠡᠷ ᠳᠣᠲᠣᠷᠠᠬᠢ ᠶᠠᠭᠤᠮᠠᠰ ᠳᠡᠭᠡᠭᠰᠢ ᠳᠣᠷᠣᠭᠰᠢ ᠬᠠᠷᠠᠭᠳᠠᠨ ᠦᠵᠡᠭᠳᠡᠪᠡ᠃ ᠲᠡᠭᠡᠭᠡᠳ ᠭᠠᠭᠴᠠ ᠬᠦ᠌ ᠴᠠᠭᠠᠰᠤ ᠨᠠᠭᠠᠯᠲᠠᠲᠠᠢ ᠭᠧᠨᠧᠷᠠᠯ ᠤ᠋ᠨ ᠬᠥᠷᠦᠭ ᠡᠴᠡ ᠥᠭᠡᠷ᠎ᠡ ᠶᠠᠭᠤ ᠴᠤ᠌ ᠬᠠᠷᠠᠭᠳᠠᠬᠤ ᠦᠭᠡᠢ ᠪᠣᠯᠵᠤ ᠢᠷᠡᠯ᠎ᠡ᠃ 《ᠶᠠᠭᠤ ᠭᠡᠨ᠎ᠡ᠂ ᠰᠢᠨ᠎ᠡ ᠰᠢᠨᠧᠯ ᠬᠢᠨ᠎ᠡ ᠭᠡᠪᠡ ᠦᠦ? ᠭᠡᠪᠡᠴᠦ ᠲᠡᠢᠮᠦ ᠶᠡᠬᠡ ᠵᠣᠭᠣᠰ ᠪᠠᠢᠬᠤ ᠦᠭᠡᠢ ᠰᠢᠦ》 ᠭᠡᠵᠦ ᠬᠡᠯᠡᠭᠡᠳ ᠳᠠᠬᠢᠨ ᠶᠠᠭ ᠵᠡᠭᠦᠳᠦ ᠵᠡᠷᠭᠡᠯᠭᠡᠨ ᠳᠤᠮᠳᠠ ᠶᠠᠷᠢᠵᠤ ᠪᠠᠢᠬᠤ ᠮᠡᠲᠦ ᠪᠣᠳᠣᠭᠳᠠᠨ᠎ᠠ᠃
   《ᠲᠠᠭᠠᠷᠠᠨ᠎ᠠ᠂ ᠰᠢᠨ᠎ᠡ ᠰᠢᠨᠧᠯ ᠬᠢᠬᠦ ᠬᠡᠷᠡᠭᠲᠡᠢ》 ᠭᠡᠵᠦ ᠫᠧᠲᠷᠸᠢᠴᠧ ᠣᠭᠲᠣᠬᠠᠨ ᠴᠤ᠌ ᠠᠵᠢᠭ ᠦᠭᠡᠢ ᠬᠥᠢᠲᠡᠮᠰᠦᠭ ᠬᠡᠯᠡᠪᠡ᠃
   《ᠲᠡᠢᠮᠦ ᠪᠣᠯ᠂ ᠬᠡᠷᠪᠡ ᠵᠠᠪᠠᠯ ᠰᠢᠨ᠎ᠡ ᠰᠢᠨᠧᠯ ᠬᠢᠬᠦ ᠳ᠋ᠦ᠍ ᠬᠦᠷᠪᠡᠯ᠂ ᠲᠡᠷᠡ ᠨᠢ ᠁》
   《ᠲᠠ ᠬᠡᠳᠦᠢ ᠮᠥᠩᠭᠥ ᠵᠣᠭᠣᠰ ᠣᠷᠣᠬᠤ ᠶ᠋ᠢ ᠠᠰᠠᠭᠤᠵᠤ ᠪᠠᠢᠨ᠎ᠠ ᠤᠤ?》
   《ᠲᠡᠢᠮᠦ᠃ 》 《ᠬᠠᠮᠤᠭ ᠤ᠋ᠨ ᠨᠠᠭᠠᠳᠤ ᠵᠠᠬ᠎ᠠ ᠨᠢ ᠵᠠᠭᠤᠨ ᠲᠠᠪᠢᠨ ᠷᠦᠪᠯᠢ ᠬᠡᠷᠡᠭᠲᠡᠢ》 ᠭᠡᠵᠦ ᠬᠡᠯᠡᠭᠡᠳ ᠫᠧᠲᠷᠸᠢᠴᠧ ᠤᠴᠢᠷ ᠤᠳᠭᠠᠲᠠᠢᠬᠠᠨ ᠤᠷᠤᠭᠤᠯ ᠢ᠋ᠶ᠋ᠠᠨ ᠵᠢᠮᠢᠢᠯᠭᠡᠪᠡ᠃ ᠁
   《ᠨᠢᠭᠡ ᠵᠠᠬ᠎ᠠ ᠰᠢᠨᠧᠯ ᠬᠢᠬᠦ ᠳ᠋ᠦ᠍ ᠵᠠᠭᠤᠨ ᠲᠠᠪᠢᠨ ᠷᠦᠪᠯᠢ ᠬᠡᠷᠡᠭᠲᠡᠢ ᠭᠡᠵᠦ ᠦᠦ!》 ᠭᠡᠳ ᠬᠥᠭᠡᠷᠦᠬᠦᠢ ᠠᠺᠠᠺᠢ ᠠᠺᠠᠺᠢᠶᠸᠢᠴᠧ ᠥᠨᠳᠥᠷ ᠳᠠᠭᠤᠨ ᠢ᠋ᠶ᠋ᠠᠷ ᠬᠠᠰᠬᠢᠷᠤᠯ᠎ᠠ᠃ ᠬᠥᠮᠦᠨ ᠪᠣᠯᠤᠭᠰᠠᠨ ᠡᠴᠡ ᠨᠡᠰᠢ ᠠᠩᠬ᠎ᠠ ᠤᠳᠠᠭ᠎ᠠ ᠢᠩᠭᠢᠵᠦ ᠥᠨᠳᠥᠷ ᠳᠠᠭᠤᠨ ᠢ᠋ᠶ᠋ᠠᠷ ᠬᠠᠰᠬᠢᠷᠤᠭᠰᠠᠨ ᠪᠠᠢᠬᠤ᠃ ᠤᠴᠢᠷ ᠨᠢ ᠡᠨᠡ ᠲᠦᠰᠢᠮᠡᠯ ᠭᠤᠸᠠᠢ ᠬᠡᠵᠢᠶᠡᠳᠡ ᠨᠠᠮ ᠳᠠᠭᠤᠨ ᠢ᠋ᠶ᠋ᠠᠷ ᠶᠠᠷᠢᠬᠤ ᠶ᠋ᠢ ᠡᠷᠬᠢᠮᠯᠡᠳᠡᠭ ᠶᠦᠮ᠃
   《ᠲᠡᠢᠮᠦ᠂ ᠲᠡᠭᠡᠬᠦ ᠳ᠋ᠡᠭᠡᠨ ᠶᠠᠭᠤ ᠪᠠᠷ ᠬᠢᠬᠦ ᠶ᠋ᠢ ᠨᠢ ᠪᠠᠰᠠ ᠪᠣᠳᠣᠬᠤ ᠬᠡᠷᠡᠭᠲᠡᠢ᠃ ᠬᠡᠷᠪᠡ ᠵᠠᠭᠠᠮ᠎ᠠ ᠶ᠋ᠢ ᠨᠢ ᠪᠤᠯᠠᠭ᠎ᠠ ᠪᠠᠷ ᠬᠢᠵᠦ᠂ ᠦᠷᠭᠦᠯᠵᠢ ᠮᠠᠯᠠᠭᠠᠢ ᠶ᠋ᠢ ᠨᠢ ᠲᠣᠷᠭ᠎ᠠ ᠪᠠᠷ ᠳᠣᠲᠣᠷᠯᠠᠬᠤ ᠳ᠋ᠤ᠌ ᠬᠦᠷᠪᠡᠯ ᠬᠣᠶᠠᠷ ᠵᠠᠭᠤᠨ ᠷᠦᠪᠯᠢ ᠣᠷᠣᠨ᠎ᠠ ᠰᠢᠦ》 ᠭᠡᠵᠦ ᠫᠧᠲᠷᠸᠢᠴᠧ ᠬᠡᠯᠡᠪᠡ᠃
   ᠠᠺᠠᠺᠢ ᠠᠺᠠᠺᠢᠶᠸᠢᠴᠧ : 《ᠫᠧᠲᠷᠸᠢᠴᠧ᠂ ᠪᠢ ᠲᠠᠨ ᠢ᠋ ᠴᠢᠯᠡᠭᠡᠶ᠎ᠡ᠂ ᠲᠠ ᠨᠠᠳᠠ ᠰᠢᠨᠧᠯ ᠢ᠋ ᠠᠷᠭᠠᠯᠠᠵᠤ ᠪᠠᠢᠭᠠᠳ ᠨᠥᠬᠥᠵᠦ ᠥᠭᠭᠦᠭᠡᠴᠢ᠂ ᠳᠥᠩᠭᠡᠭᠡᠳ ᠡᠮᠦᠰᠬᠦ ᠲᠡᠢ ᠪᠣᠯᠪᠠᠯ ᠪᠣᠯᠴᠢᠬᠠᠨ᠎ᠠ》 ᠭᠡᠵᠦ ᠬᠡᠯᠡᠬᠦ ᠳ᠋ᠡᠭᠡᠨ ᠫᠧᠲᠷᠸᠢᠴᠧ ᠶ᠋ᠢᠨ ᠬᠡᠯᠡᠭᠰᠡᠨ ᠦᠭᠡ ᠪᠣᠯᠤᠨ ᠲᠡᠭᠦᠨ ᠦ᠌ ᠦᠷ᠎ᠡ ᠳ᠋ᠦᠩ ᠢ᠋ ᠰᠣᠨᠣᠰᠤᠭᠰᠠᠨ ᠦᠭᠡᠢ᠂ ᠰᠣᠨᠣᠰᠬᠤ ᠶ᠋ᠢ ᠴᠦ᠍ ᠬᠦᠰᠡᠬᠦ ᠦᠭᠡᠢ ᠶᠦᠮ᠃
   《ᠪᠣᠯᠬᠤ ᠦᠭᠡᠢ᠂ ᠲᠡᠭᠡᠪᠡᠯ ᠦᠷ᠎ᠡ ᠳ᠋ᠦᠩ ᠳ᠋ᠦ᠍ᠨᠢ ᠬᠦᠴᠦ ᠪᠠ ᠵᠣᠭᠣᠰ ᠢ᠋ᠶ᠋ᠠᠨ ᠲᠠᠯᠠᠭᠠᠷ ᠰᠦᠢᠳᠬᠡᠬᠦ ᠪᠣᠯᠤᠨ᠎ᠠ》 ᠭᠡᠵᠦ ᠫᠧᠲᠷᠸᠢᠴᠧ ᠬᠡᠯᠡᠪᠡ᠃ ᠡᠨᠡ ᠦᠭᠡ ᠶ᠋ᠢ ᠰᠣᠨᠣᠰᠤᠭᠠᠳ ᠠᠺᠠᠺᠢ ᠠᠺᠠᠺᠢᠶᠸᠢᠴᠧ ᠤᠷᠤᠭᠤ ᠴᠢᠷᠠᠢᠯᠠᠨ ᠭᠠᠷᠴᠤ ᠶᠠᠪᠤᠪᠠ᠃
   ᠁ ᠠᠺᠠᠺᠢ ᠠᠺᠠᠺᠢᠶᠸᠢᠴᠧ ᠵᠡᠭᠡᠯᠢ ᠳᠡᠭᠡᠷ᠎ᠡ ᠭᠠᠷᠴᠤ ᠢᠷᠡᠭᠡᠳ ᠵᠡᠭᠦᠳᠦ ᠪᠡᠷ ᠢ᠋ᠶ᠋ᠡᠨ ᠶᠠᠪᠤᠵᠤ ᠪᠠᠢᠬᠤ ᠮᠡᠲᠦ ᠰᠠᠨᠠᠭᠳᠠᠪᠠ᠃ 《ᠡᠢᠮᠦ ᠪᠣᠯᠤᠨ᠎ᠠ ᠭᠡᠵᠦ ᠮᠢᠨᠦ ᠰᠠᠨᠠᠭᠠᠨ ᠳ᠋ᠤ᠌ ᠣᠭᠲᠣ ᠣᠷᠣᠭᠰᠠᠨ ᠦᠭᠡᠢ ᠁》 ᠭᠡᠵᠦ ᠭᠠᠭᠴᠠᠭᠠᠷ ᠦᠭᠡᠯᠡᠪᠡ᠃ ᠲᠦᠷ ᠳᠤᠭᠤᠢ ᠶᠠᠪᠤᠭᠰᠠᠨ ᠢ᠋ᠶ᠋ᠠᠨ ᠳᠠᠬᠢᠨ 《ᠡᠢᠮᠦ ᠬᠡᠷᠡᠭ ᠦᠦ! ᠡᠢᠮᠦ ᠦᠷ᠎ᠡ ᠳ᠋ᠦ᠋ᠩ ᠳ᠋ᠦ᠍ ᠬᠦᠷᠦᠨ᠎ᠡ ᠭᠡᠵᠦ ᠪᠢ᠂ ᠦᠨᠡᠨ ᠢ᠋ ᠬᠡᠯᠡᠬᠦ ᠳ᠋ᠦ᠍᠂ ᠡᠢᠮᠦ ᠦᠷ᠎ᠡ ᠳ᠋ᠦᠩ ᠳ᠋ᠦ᠍ ᠬᠦᠷᠦᠨ᠎ᠡ ᠭᠡᠳᠡᠭ ᠢ᠋ ᠳᠠᠩᠴᠢ ᠮᠡᠳᠡᠭᠰᠡᠨ ᠦᠭᠡᠢ》 ᠭᠡᠪᠡ᠃ ᠪᠠᠰᠠ ᠪᠠᠬᠠᠨ ᠳᠤᠭᠤᠢ ᠪᠠᠢᠵᠤ ᠪᠠᠢᠭᠠᠳ ᠳᠠᠬᠢᠨ 《ᠬᠠ᠂ ᠡᠢᠮᠦ ᠬᠡᠷᠡᠭ ᠦᠦ! ᠬᠡᠲᠦᠷᠬᠡᠢ ᠴᠣᠴᠢᠮᠠᠭ ᠲᠤᠯᠭᠠᠷᠠᠯ᠎ᠠ ᠁ ᠡᠢᠮᠦ ᠪᠠᠢᠳᠠᠯ ᠳ᠋ᠤ᠌ ᠣᠷᠣᠨ᠎ᠠ ᠭᠡᠵᠦ ᠣᠭᠲᠣᠬᠠᠨ ᠴᠤ᠌ ᠁》 ᠭᠡᠵᠦ ᠶᠠᠷᠢᠨ᠎ᠠ᠃ ᠭᠡᠷ ᠲᠡᠭᠡᠨ ᠬᠠᠷᠢᠵᠤ ᠢᠷᠡᠭᠡᠳ ᠤᠬᠠᠭᠠᠨ ᠰᠠᠨᠠᠭ᠎ᠠ ᠨᠢ ᠲᠣᠭᠲᠠᠪᠤᠷᠢᠵᠢᠵᠤ᠂ ᠥᠪᠡᠷ ᠦ᠋ᠨ ᠪᠠᠢᠳᠠᠯ ᠢ᠋ᠶ᠋ᠠᠨ ᠲᠣᠳᠣᠷᠬᠠᠢ ᠪᠥᠭᠡᠳ ᠦᠨᠡᠨ ᠵᠥᠪ ᠢ᠋ᠶ᠋ᠡᠷ ᠨᠢ ᠣᠢᠯᠠᠭᠠᠪᠠ᠃ ᠲᠡᠭᠡᠭᠡᠳ ᠤᠴᠢᠷ ᠶᠣᠰᠣ ᠶ᠋ᠢ ᠨᠠᠷᠢᠨ ᠲᠤᠩᠭᠠᠨ ᠪᠣᠳᠣᠳᠠᠭ ᠲᠠᠨᠢᠯ ᠨᠥᠬᠥᠷ ᠲᠡᠭᠡᠨ ᠰᠡᠳᠬᠢᠯ ᠦ᠋ᠨ ᠦᠭᠡ ᠪᠡᠨ ᠶᠠᠷᠢᠵᠤ ᠪᠠᠢᠭ᠎ᠠ ᠮᠡᠲᠦ ᠭᠠᠭᠴᠠᠭᠠᠷ ᠢ᠋ᠶ᠋ᠠᠨ ᠶᠠᠷᠢᠵᠤ ᠡᠬᠢᠯᠡᠭᠰᠡᠨ ᠨᠢ᠂ ᠬᠡᠰᠡᠭ ᠪᠤᠰᠠᠭ ᠡᠮᠬᠢ ᠵᠠᠮᠪᠠᠷᠠᠭ᠎ᠠ ᠦᠭᠡᠢ ᠦᠭᠡ ᠪᠤᠰᠤ ᠬᠠᠷᠢᠨ ᠶᠡᠬᠡ ᠮᠡᠷᠭᠡᠨ ᠰᠡᠴᠡᠨ᠂ ᠢᠯᠠᠨ ᠳᠠᠯᠠᠨ ᠦᠭᠡᠢ ᠦᠭᠡ ᠶᠠᠷᠢᠶ᠎ᠠ ᠪᠠᠢᠯ᠎ᠠ᠃ 《ᠪᠣᠯᠬᠤ ᠦᠭᠡᠢ᠂ ᠡᠨᠡ ᠦᠶ᠎ᠡ ᠳ᠋ᠦ᠍ ᠫᠧᠲᠷᠸᠢᠴᠧ ᠲᠡᠢ ᠦᠨ᠎ᠡ ᠬᠠᠩᠰᠢ ᠪᠤᠯᠢᠶᠠᠯᠳᠤᠵᠤ ᠪᠣᠯᠬᠤ ᠦᠭᠡᠢ᠂ ᠡᠨᠡ ᠬᠣᠶᠠᠷ ᠡᠳᠦᠷ ᠲᠡᠷᠡ ᠁ ᠡᠬᠡᠨᠡᠷ ᠨᠢ ᠵᠣᠳᠣᠵᠤ ᠮᠣᠳᠤᠭᠰᠠᠨ ᠮᠠᠶᠢᠭ ᠲᠠᠢ᠃ ᠪᠢ ᠭᠠᠷᠠᠭ ᠤ᠋ᠨ ᠡᠳᠦᠷ ᠭᠡᠷ ᠲᠦ᠋ᠨᠢ ᠣᠴᠢᠶ᠎ᠠ᠃ ᠫᠧᠲᠷᠸᠢᠴᠧ ᠭᠠᠷᠠᠭ ᠤ᠋ᠨ ᠵᠢᠷᠭᠤᠭᠠᠨ ᠳ᠋ᠤ᠌ ᠤᠨᠲᠠᠵᠤ ᠪᠣᠰᠤᠭᠠᠳ᠂ ᠨᠢᠳᠦ ᠨᠢ ᠭᠢᠯᠤᠢᠭᠠᠳ ᠨᠣᠢᠷᠮᠤᠭ ᠰᠠᠭᠤᠵᠤ ᠪᠠᠢᠳᠠᠭ ᠶᠤᠮ᠃ ᠲᠡᠢᠨ ᠬᠦ᠌ ᠣᠶᠣᠳᠠᠯᠴᠢᠨ ᠭᠤᠸᠠᠢ ᠬᠣᠶᠠᠷ ᠯᠠᠩ ᠠᠷᠢᠬᠢ ᠪᠠᠯᠭᠤᠵᠤ ᠮᠠᠩᠭᠠᠷ ᠲᠠᠢᠯᠬᠤ ᠬᠡᠷᠡᠭᠲᠡᠢ ᠪᠣᠯᠤᠨ᠎ᠠ᠃ ᠭᠡᠬᠦ ᠳ᠋ᠦ᠍ ᠭᠡᠷᠭᠡᠢ ᠨᠢ ᠵᠣᠭᠣᠰ ᠥᠭᠬᠦ ᠦᠭᠡᠢ ᠵᠣᠪᠠᠭᠠᠨ᠎ᠠ᠃ ᠡᠨᠡ ᠴᠠᠭ ᠢ᠋ᠶ᠋ᠠᠷ ᠪᠢ ᠲᠡᠭᠦᠨ ᠳ᠋ᠦ᠍ ᠲᠡᠷᠡ ᠬᠦ᠌ ᠠᠷᠪᠠᠨ ᠮᠥᠩᠭᠥ ᠶ᠋ᠢ ᠭᠠᠷ ᠲᠤᠨᠢ ᠰᠢᠷᠭᠤᠭᠤᠯᠪᠠᠯ ᠠᠮᠠ ᠨᠢ ᠵᠥᠭᠡᠯᠡᠷᠡᠭᠡᠳ ᠢᠷᠡᠨ᠎ᠡ ᠰᠢᠦ᠂ ᠰᠢᠨᠧᠯ ᠦ᠋ᠨ ᠤᠴᠢᠷ ᠴᠤ᠌᠂ ᠲᠡᠭᠡᠭᠡᠳ ᠲᠡᠷᠡ ᠁》 ᠭᠡᠵᠦ ᠶᠠᠷᠢᠭᠠᠳ ᠠᠺᠠᠺᠢ ᠠᠺᠠᠺᠢᠶᠸᠢᠴᠧ ᠰᠡᠳᠬᠢᠯ ᠰᠠᠨᠠᠭ᠎ᠠ ᠪᠠᠨ ᠰᠡᠷᠭᠦᠭᠡᠨ᠂ ᠳᠠᠷᠠᠭᠠᠴᠢ ᠶ᠋ᠢᠨ ᠭᠠᠷᠠᠭ ᠤ᠋ᠨ ᠵᠢᠷᠭᠤᠭᠠᠨ ᠢ᠋ ᠬᠦᠯᠢᠶᠡᠨ᠎ᠡ᠃ ᠡᠨᠡ ᠡᠳᠦᠷ ᠫᠧᠲᠷᠸᠢᠴᠧ ᠶ᠋ᠢᠨ ᠡᠬᠡᠨᠡᠷ ᠵᠡᠭᠡᠯᠢ ᠳ᠋ᠦ᠍ ᠭᠠᠷᠬᠤ ᠶ᠋ᠢ ᠠᠺᠠᠺᠢ ᠠᠺᠠᠺᠢᠶᠸᠢᠴᠧ ᠬᠣᠯᠠ ᠡᠴᠡ ᠣᠯᠵᠤ ᠬᠠᠷᠠᠭᠠᠳ ᠲᠡᠳᠡᠨ ᠦ᠌ ᠭᠡᠷ ᠤᠷᠤᠭᠤ ᠰᠢᠭᠤᠳ ᠬᠦᠷᠴᠦ ᠣᠴᠢᠯ᠎ᠠ᠃ ᠫᠧᠲᠷᠸᠢᠴᠧ ᠦᠨᠡᠬᠡᠷ ᠭᠠᠷᠠᠭ ᠤ᠋ᠨ ᠵᠢᠷᠭᠤᠭᠠᠨ ᠤ᠋ ᠳᠠᠷᠠᠭ᠎ᠠ᠂ ᠨᠢᠳᠦ ᠨᠢ ᠤᠯᠠᠮ ᠠᠢᠬᠤᠪᠲᠤᠷ ᠭᠢᠯᠦᠢᠵᠦ᠂ ᠱᠠᠯᠠ ᠤᠷᠤᠭᠤ ᠪᠠᠨ ᠭᠥᠯᠦᠢᠨ ᠰᠢᠷᠳᠡᠭᠡᠳ᠂ ᠨᠣᠢᠷᠮᠤᠭ ᠰᠠᠭᠤᠨ᠎ᠠ᠃ ᠭᠡᠪᠡᠴᠦ ᠢᠷᠡᠭᠰᠡᠨ ᠵᠣᠴᠢᠨ ᠤ᠋ ᠪᠠᠨ ᠵᠣᠷᠢᠯᠭ᠎ᠠ ᠶ᠋ᠢ ᠲᠣᠳᠣᠷᠬᠠᠢ ᠮᠡᠳᠡᠮᠡᠭᠴᠡ ᠪᠡᠨ ᠭᠡᠨᠡᠳᠲᠡ ᠴᠢᠳᠬᠥᠷ ᠲᠦ᠍ ᠬᠠᠳᠬᠤᠭᠳᠠᠭᠰᠠᠨ ᠮᠡᠲᠦ 《ᠪᠣᠯᠬᠤ ᠦᠭᠡᠢ᠂ ᠲᠠ ᠰᠢᠨ᠎ᠡ ᠰᠢᠨᠧᠯ ᠬᠢᠯᠭᠡ》 ᠭᠡᠪᠡ᠃ ᠲᠡᠭᠡᠲᠡᠯ᠎ᠡ ᠠᠺᠠᠺᠢ ᠠᠺᠠᠺᠢᠶᠸᠢᠴᠧ ᠲᠡᠭᠦᠨ ᠦ᠌ ᠭᠠᠷ ᠲᠤ᠌ ᠠᠷᠪᠠᠨ ᠮᠥᠩᠭᠥ ᠠᠳᠬᠤᠭᠤᠯᠪᠠ᠃ 《ᠪᠠᠶᠠᠷᠯᠠᠯ᠎ᠠ ᠲᠠᠨ ᠳ᠋ᠤ᠌᠂ ᠡᠷᠡᠭᠦᠯ ᠮᠡᠨᠳᠦ ᠶ᠋ᠢᠨ ᠴᠢᠨᠢ ᠲᠥᠯᠥᠭᠡ ᠨᠢᠭᠡ ᠬᠤᠨᠳᠠᠭ᠎ᠠ ᠲᠤᠯᠭᠠᠶ᠎ᠠ᠂ ᠰᠢᠨᠧᠯ ᠦ᠋ᠨ ᠤᠴᠢᠷ ᠲᠤ᠌ ᠲᠠ ᠪᠢᠲᠡᠭᠡᠢ ᠰᠠᠨᠠᠭ᠎ᠠ ᠵᠣᠪᠠ᠂ ᠡᠨᠡ ᠰᠢᠨᠧᠯ ᠴᠢᠨᠢ ᠳᠠᠩᠴᠢ ᠲᠠᠮᠲᠤᠭ ᠦᠭᠡᠢ ᠶᠠᠭᠤᠮ᠎ᠠ ᠪᠣᠯᠴᠢᠬᠠᠵᠠᠢ᠃ ᠪᠢ ᠴᠢᠮ᠎ᠠ ᠳ᠋ᠤ᠌ ᠬᠠᠩᠭᠠᠮᠵᠢᠲᠠᠢ ᠰᠠᠢᠬᠠᠨ ᠰᠢᠨ᠎ᠡ ᠰᠢᠨᠧᠯ ᠣᠶᠣᠵᠤ ᠥᠭᠬᠦᠶ᠎ᠡ》 ᠭᠡᠵᠦ ᠫᠧᠲᠷᠸᠢᠴᠧ ᠬᠡᠯᠡᠪᠡ᠃
   ᠠᠺᠠᠺᠢ ᠠᠺᠠᠺᠢᠶᠸᠢᠴᠧ ᠪᠠᠰᠠ ᠯᠠ ᠨᠥᠬᠥᠵᠦ ᠰᠡᠯᠪᠢᠭᠦᠯᠬᠦ ᠰᠠᠨᠠᠭ᠎ᠠ ᠲᠠᠢ ᠦᠭᠡ ᠬᠡᠯᠡᠵᠦ ᠪᠠᠢᠭᠰᠠᠨ ᠪᠣᠯᠪᠠᠴᠤ ᠫᠧᠲᠷᠸᠢᠴᠧ ᠲᠡᠭᠦᠨ ᠦ᠌ ᠦᠭᠡ ᠶ᠋ᠢ ᠲᠠᠰᠤᠯᠤᠨ: 《ᠪᠢ ᠲᠠᠨ ᠳ᠋ᠤ᠌ ᠵᠠᠪᠠᠯ ᠰᠢᠨᠧᠯ ᠬᠢᠵᠦ ᠦᠭᠬᠦᠶ᠎ᠡ᠃ ᠡᠨᠡ ᠶᠠᠪᠤᠳᠠᠯ ᠢ᠋ ᠲᠠ ᠨᠠᠳᠠ ᠳᠠᠭᠠᠭᠠᠯᠭᠠᠭᠠᠴᠢ᠂ ᠪᠢ ᠴᠢᠳᠠᠬᠤ ᠶ᠋ᠢᠨ ᠬᠢᠷᠢ ᠪᠡᠷ ᠢ᠋ᠶ᠋ᠡᠨ ᠴᠢᠷᠮᠠᠢᠶ᠎ᠠ᠃ ᠶᠠᠩᠵᠤ ᠮᠠᠶᠢᠭ ᠢ᠋ ᠨᠢ ᠳᠡᠭᠵᠢᠨ ᠬᠢᠨ᠎ᠡ᠃ ᠵᠠᠬ᠎ᠠ ᠶ᠋ᠢᠨ ᠭᠣᠬ᠎ᠠ ᠶ᠋ᠢ ᠨᠢ ᠬᠦᠷᠲᠡᠯ᠎ᠡ ᠪᠤᠯᠠᠭᠳᠠᠮᠠᠯ ᠮᠥᠩᠭᠥ ᠪᠡᠷ ᠬᠢᠶ᠎ᠡ》 ᠭᠡᠪᠡ᠃
   ᠡᠢᠮᠦ ᠡᠴᠡ ᠠᠺᠠᠺᠢ ᠠᠺᠠᠺᠢᠶᠸᠢᠴᠧ᠂ ᠰᠢᠨ᠎ᠡ ᠰᠢᠨᠧᠯ ᠬᠢᠯᠭᠡᠬᠦ ᠦᠭᠡᠢ ᠪᠣᠯ ᠭᠣᠷᠢ ᠦᠭᠡᠢ ᠪᠣᠯᠤᠭᠰᠠᠨ ᠢ᠋ᠶ᠋ᠠᠨ ᠮᠡᠳᠡᠭᠡᠳ ᠪᠦᠷᠢᠮᠦᠰᠦᠨ ᠤᠷᠮ᠎ᠠ ᠬᠤᠭᠤᠷᠠᠵᠠᠢ᠃ ᠦᠨᠡᠬᠡᠷ ᠶᠠᠭᠠᠬᠢᠳᠠᠭ ᠪᠢᠯᠡ᠂ ᠶᠠᠭᠤᠨ ᠳᠡᠭᠡᠷ᠎ᠡ ᠨᠠᠢᠳᠠᠯᠭ᠎ᠠ ᠪᠠᠨ ᠲᠠᠯᠪᠢᠬᠤ ᠪᠢᠯᠡ᠂ ᠶᠠᠮᠠᠷ ᠵᠣᠭᠣᠰ ᠢ᠋ᠶ᠋ᠠᠷ ᠢ᠋ᠶ᠋ᠠᠨ ᠰᠢᠨ᠎ᠡ ᠰᠢᠨᠧᠯ ᠬᠢᠯᠭᠡᠬᠦ ᠪᠢᠯᠡ? ᠬᠡᠯᠡᠯᠭᠡᠨ ᠦᠭᠡᠢ ᠨᠢᠭᠡ ᠬᠡᠰᠡᠭ ᠦᠨ᠎ᠡ ᠶ᠋ᠢ ᠬᠣᠵᠢᠮ ᠤ᠋ᠨ ᠬᠡᠰᠡᠭ ᠡᠳᠦᠷ ᠦ᠋ᠳ ᠦ᠋ᠨ ᠱᠠᠩᠨᠠᠯ ᠤ᠋ᠨ ᠮᠥᠩᠭᠥᠨ ᠳ᠋ᠦ᠍ ᠨᠠᠢᠳᠠᠵᠤ ᠪᠣᠯᠬᠤ ᠪᠢᠵᠡ᠃ ᠭᠡᠪᠡᠴᠦ ᠲᠡᠳᠡᠭᠡᠷ ᠱᠠᠩᠨᠠᠯ ᠢ᠋ ᠬᠡᠵᠢᠶᠡᠨᠡᠢ ᠵᠣᠬᠢᠬᠤ ᠵᠦᠢᠯ ᠦ᠋ᠳ ᠲᠦ᠍ ᠲᠣᠬᠢᠷᠠᠭᠤᠯᠴᠢᠬᠠᠭᠰᠠᠨ ᠰᠢᠦ: 《ᠨᠢᠭᠡ ᠵᠠᠬ᠎ᠠ ᠰᠢᠨ᠎ᠡ ᠥᠮᠥᠳᠥ ᠬᠢᠨ᠎ᠡ᠃ ᠪᠠᠰᠠ ᠭᠤᠲᠤᠯᠴᠢᠨ ᠢ᠋ᠶ᠋ᠠᠷ ᠬᠠᠭᠤᠴᠢᠨ ᠲᠦᠷᠡᠢ ᠳ᠋ᠦ᠍ ᠰᠢᠨ᠎ᠡ ᠵᠤᠯᠤᠭ ᠳᠠᠭᠠᠷᠠᠭᠤᠯᠤᠭᠰᠠᠨ ᠬᠥᠯᠥᠰᠥ ᠶ᠋ᠢ ᠲᠥᠯᠥᠨ᠎ᠡ᠂ ᠪᠠᠰᠠ ᠡᠮᠡᠭᠲᠡᠢ ᠣᠶᠣᠳᠠᠯᠴᠢᠨ ᠢ᠋ᠶ᠋ᠠᠷ ᠭᠤᠷᠪᠠᠨ ᠬᠦᠷᠮ᠎ᠡ ᠪᠠ ᠪᠢᠴᠢᠭ ᠨᠣᠮ ᠳᠣᠲᠣᠷ᠎ᠠ ᠨᠡᠷ᠎ᠡ ᠶ᠋ᠢ ᠨᠢ ᠪᠢᠴᠢᠬᠦ ᠳ᠋ᠦ᠍ ᠵᠣᠬᠢᠮᠵᠢ ᠦᠭᠡᠢ ᠬᠣᠶᠠᠷ ᠬᠠᠨᠲᠠᠭᠠᠵᠠ ᠬᠢᠯᠭᠡᠨ᠎ᠡ᠃ ᠨᠢᠭᠡ ᠯᠡ ᠦᠭᠡ ᠪᠡᠷ ᠬᠡᠯᠡᠪᠡᠯ᠂ ᠪᠦᠬᠦ ᠵᠣᠭᠣᠰ ᠢ᠋ ᠬᠡᠷᠡᠭᠯᠡᠭᠡᠳ ᠳᠠᠭᠤᠰᠬᠠᠬᠤ ᠪᠠᠷ ᠲᠥᠯᠥᠪᠯᠡᠵᠡᠢ᠃ ᠵᠤᠷᠭᠠᠨ ᠤ᠋ ᠳᠠᠷᠤᠭ᠎ᠠ ᠲᠤᠩ ᠶᠡᠬᠡ ᠬᠠᠢᠷ᠎ᠠ ᠬᠠᠯᠠᠮᠵᠢ ᠦᠵᠡᠭᠦᠯᠦᠨ᠂ ᠳᠥᠴᠢᠨ ᠷᠦᠪᠯᠢ ᠶ᠋ᠢᠨ ᠱᠠᠩᠨᠠᠯ ᠣᠯᠭᠣᠬᠤ ᠦᠭᠡᠢ᠂ ᠬᠠᠷᠢᠨ ᠳᠥᠴᠢᠨ ᠲᠠᠪᠤ ᠪᠤᠶᠤ ᠲᠠᠪᠢᠨ ᠷᠦᠪᠯᠢ ᠱᠠᠩᠨᠠᠯ᠎ᠠ ᠭᠡᠳ ᠦᠯᠡᠳᠡᠬᠦ ᠵᠣᠭᠣᠰ ᠨᠢ ᠰᠢᠨ᠎ᠡ ᠰᠢᠨᠧᠯ ᠬᠢᠬᠦ ᠳ᠋ᠦ᠍ ᠳᠠᠯᠠᠢ ᠳ᠋ᠤ᠌ ᠳᠤᠰᠤᠯ ᠤ᠋ᠨ ᠲᠡᠳᠦᠢ ᠶᠠᠯᠢᠮ ᠦᠭᠡᠢ ᠠᠵᠢ᠃ ᠫᠧᠲᠷᠸᠢᠴᠧ ᠭᠡᠳᠡᠭ ᠡᠨᠡ ᠬᠥᠮᠦᠨ ᠵᠠᠷᠢᠮ ᠳ᠋ᠠᠭᠠᠨ᠂ ᠰᠣᠨᠣᠰᠤᠭᠰᠠᠨ ᠬᠥᠮᠦᠨ ᠦ᠌ ᠲᠠᠷᠢᠬᠢ ᠬᠠᠭᠠᠷᠠᠮᠠᠷ ᠥᠨᠳᠥᠷ ᠦᠨ᠎ᠡ ᠳᠤᠤᠭᠠᠷᠳᠠᠭ ᠵᠢᠭᠲᠡᠢᠬᠡᠨ ᠵᠠᠩ ᠲᠠᠢ ᠶ᠋ᠢ ᠠᠺᠠᠺᠢ ᠠᠺᠠᠺᠢᠶᠸᠢᠴᠧ ᠮᠡᠳᠡᠨ᠎ᠡ᠃ ᠁ ᠫᠧᠲᠷᠸᠢᠴᠧ ᠳ᠋ᠦ᠍ ᠨᠠᠶᠠᠨ ᠷᠦᠪᠯᠢ ᠥᠭᠪᠡᠯ ᠰᠢᠨ᠎ᠡ ᠰᠢᠨᠧᠯ ᠬᠢᠵᠦ ᠥᠭᠭᠦᠨ᠎ᠡ ᠭᠡᠳᠡᠭ ᠢ᠋ ᠠᠺᠠᠺᠢ ᠠᠺᠠᠺᠢᠶᠸᠢᠴᠧ ᠴᠦ᠍ ᠮᠥᠨ ᠮᠡᠳᠡᠵᠦ ᠪᠠᠢᠯ᠎ᠠ᠃ ᠭᠡᠪᠡᠴᠦ ᠬᠠᠮᠢᠭ᠎ᠠ ᠡᠴᠡ ᠨᠠᠶᠠᠨ ᠷᠦᠪᠯᠢ ᠣᠯᠬᠤ ᠪᠢᠯᠡ? ᠬᠠᠭᠠᠰ ᠢ᠋ ᠨᠢ ᠪᠤᠶᠤ ᠬᠠᠭᠠᠰ ᠡᠴᠡ ᠪᠠᠬᠠᠨ ᠢᠯᠡᠭᠦᠬᠡᠨ ᠢ᠋ ᠴᠦ᠍ ᠣᠯᠵᠤ ᠪᠣᠯᠬᠤ ᠮᠠᠭᠠᠳ ᠦᠭᠡᠢ᠃ ᠭᠡᠪᠡᠴᠦ ᠨᠥᠬᠥᠭᠡ ᠬᠠᠭᠠᠰ ᠢ᠋ ᠨᠢ ᠬᠠᠮᠢᠭ᠎ᠠ ᠡᠴᠡ ᠣᠯᠬᠤ ᠪᠢᠯᠡ᠃ ᠣᠯᠵᠤ ᠪᠣᠯᠬᠤ ᠬᠠᠭᠠᠰ ᠢ᠋ ᠨᠢ ᠴᠣᠬᠣᠮ ᠬᠠᠮᠢᠭ᠎ᠠ ᠡᠴᠡ ᠣᠯᠬᠤ ᠶ᠋ᠢ ᠨᠢ ᠤᠩᠰᠢᠭᠴᠢᠳ ᠤᠷᠢᠳᠠᠪᠠᠷ ᠮᠡᠳᠡᠬᠦ ᠬᠡᠷᠡᠭᠲᠡᠢ ᠪᠠᠢᠨ᠎ᠠ᠃ ᠠᠺᠠᠺᠢ ᠠᠺᠠᠺᠢᠶᠸᠢᠴᠧ ᠨᠢᠭᠡ ᠷᠦᠪᠯᠢ ᠵᠠᠷᠤᠬᠤ ᠪᠦᠷᠢ ᠳ᠋ᠡᠭᠡᠨ ᠨᠢᠭᠡ ᠮᠥᠩᠭᠥ ᠶ᠋ᠢ ᠨᠢ ᠲᠠᠭᠯᠠᠭ᠎ᠠ ᠳᠡᠭᠡᠷ᠎ᠡ ᠪᠡᠨ ᠵᠣᠭᠣᠰ ᠬᠢᠬᠦ ᠨᠦᠬᠡ ᠲᠡᠢ᠂ ᠣᠨᠢᠰᠣᠲᠠᠢ ᠬᠠᠢᠷᠴᠠᠭ ᠲᠤ᠌ ᠬᠢᠳᠡᠭ ᠵᠠᠩᠰᠢᠯ ᠲᠠᠢ ᠶᠤᠮ᠃ ᠬᠠᠭᠠᠰ ᠵᠢᠯ ᠪᠣᠯᠤᠭᠠᠳ ᠬᠠᠳᠠᠭᠠᠯᠠᠭᠰᠠᠨ ᠭᠠᠤᠯᠢᠨ ᠵᠣᠭᠣᠰ ᠢ᠋ᠶ᠋ᠠᠨ ᠬᠡᠳᠦᠢ ᠪᠣᠯᠤᠭᠰᠠᠨ ᠢ᠋ ᠲᠣᠭᠠᠯᠠᠵᠤ ᠦᠵᠡᠭᠡᠳ᠂ ᠵᠢᠵᠢᠭᠬᠡᠨ ᠮᠥᠩᠭᠥᠨ ᠵᠣᠭᠣᠰ ᠢ᠋ᠶ᠋ᠠᠷ ᠰᠣᠯᠢᠳᠠᠭ ᠶᠤᠮ᠃ ᠣᠨ ᠤᠳᠠᠲᠠᠯ᠎ᠠ ᠢᠩᠭᠢᠵᠦ ᠬᠠᠳᠠᠭᠠᠯᠠᠭᠰᠠᠭᠠᠷ ᠪᠠᠢᠭᠠᠳ ᠡᠳᠦᠭᠡ ᠨᠢᠭᠡᠨᠲᠡ ᠳᠥᠴᠢ ᠭᠠᠷᠤᠢ ᠷᠦᠪᠯᠢ ᠪᠣᠯᠵᠠᠢ᠃᠎ᠡᠢᠨ ᠬᠦ᠌ ᠰᠢᠨᠧᠯ ᠬᠢᠯᠭᠡᠬᠦ ᠵᠣᠭᠣᠰ ᠤ᠋ᠨ ᠬᠠᠭᠠᠰ ᠨᠢ ᠨᠢᠭᠡᠨᠲᠡ ᠪᠡᠯᠡᠨ ᠪᠣᠯᠵᠠᠢ᠃ ᠭᠡᠪᠡᠴᠦ ᠨᠥᠭᠥᠭᠡ ᠬᠠᠭᠠᠰ ᠢ᠋ ᠨᠢ ᠬᠠᠮᠢᠭ᠎ᠠ ᠡᠴᠡ ᠣᠯᠬᠤ ᠪᠢᠯᠡ? ᠠᠺᠠᠺᠢ ᠠᠺᠠᠺᠢᠶᠸᠢᠴᠧ ᠪᠣᠳᠣᠨ ᠪᠣᠳᠣᠭᠰᠠᠭᠠᠷ ᠪᠠᠢᠭᠠᠳ ᠨᠢᠭᠡ ᠵᠢᠯ ᠦ᠋ᠨ ᠬᠤᠭᠤᠴᠠᠭᠠᠨ ᠳ᠋ᠤ᠌ ᠵᠠᠷᠤᠯᠭ᠎ᠠ ᠪᠠᠨ ᠪᠠᠭᠠᠰᠬᠠᠬᠤ ᠠᠷᠭ᠎ᠠ ᠪᠣᠳᠣᠨ ᠣᠯᠪᠠ᠃ ᠡᠭᠦᠨ ᠳ᠋ᠦ᠍: 《ᠣᠷᠣᠢ ᠪᠦᠷᠢ ᠴᠠᠢ ᠤᠤᠭᠤᠬᠤ ᠪᠠᠨ ᠲᠡᠪᠴᠢᠨ᠎ᠡ᠂ ᠳ᠋ᠧᠩ ᠨᠣᠴᠣᠭᠠᠬᠤ ᠦᠭᠡᠢ᠂ ᠬᠡᠷᠪᠡ ᠶᠠᠮᠠᠷ ᠨᠢᠭᠡᠨ ᠶᠠᠭᠤᠮ᠎ᠠ ᠬᠢᠬᠦ ᠴᠢᠬᠤᠯᠠᠲᠠᠢ ᠪᠣᠯᠪᠠᠯ ᠭᠡᠷ ᠦ᠋ᠨ ᠡᠵᠡᠭᠲᠡᠢ ᠶ᠋ᠢᠨ ᠭᠡᠷ ᠦ᠋ᠨ ᠳ᠋ᠧᠩ ᠦ᠋ᠨ ᠭᠡᠷᠡᠯ ᠳ᠋ᠦ᠍ ᠣᠴᠢᠵᠤ ᠬᠢᠨ᠎ᠡ᠃ ᠵᠡᠭᠡᠯᠢ ᠳ᠋ᠦ᠍ ᠭᠠᠷᠤᠭᠠᠳ ᠴᠢᠯᠠᠭᠤᠲᠠᠢ ᠵᠠᠮ ᠢ᠋ᠶ᠋ᠠᠷ ᠪᠤᠶᠤ ᠴᠢᠯᠠᠭᠤ ᠳᠡᠪᠢᠰᠦᠭᠰᠡᠨ ᠵᠠᠮ ᠢ᠋ᠶ᠋ᠠᠷ ᠶᠠᠪᠤᠬᠤ ᠳ᠋ᠠᠭᠠᠨ ᠭᠤᠲᠤᠯ ᠤ᠋ᠨ ᠤᠯᠠ ᠪᠠᠨ ᠡᠯᠡᠭᠡᠬᠦ ᠦᠭᠡᠢ ᠶ᠋ᠢᠨ ᠲᠥᠯᠥᠭᠡ ᠬᠥᠩᠭᠡᠬᠡᠨ ᠭᠢᠰᠬᠢᠬᠦ ᠪᠤᠶᠤ ᠬᠠᠮᠤᠭ ᠤ᠋ᠨ ᠰᠠᠢᠨ ᠨᠢ ᠥᠯᠮᠡᠢ ᠪᠡᠷ ᠢ᠋ᠶ᠋ᠡᠨ ᠭᠢᠰᠬᠢᠨ ᠶᠠᠪᠤᠨ᠎ᠠ᠃ ᠪᠣᠯᠬᠤ ᠶ᠋ᠢᠨ ᠳᠣᠲᠣᠷ᠎ᠠ ᠤᠭᠠᠯᠭ᠎ᠠ ᠶ᠋ᠢᠨ ᠪᠦᠰᠡᠭᠦᠢ ᠪᠡᠷ ᠬᠤᠪᠴᠠᠰᠤ ᠤᠭᠠᠯᠭᠠᠬᠤ ᠦᠭᠡᠢ᠂ ᠬᠠᠨᠲᠠᠭᠠᠵᠠ ᠪᠠᠨ ᠭᠬᠢᠷᠲᠦᠭᠦᠯᠬᠦ ᠦᠭᠡᠢ ᠶ᠋ᠢᠨ ᠲᠥᠯᠥᠭᠡ ᠭᠡᠷ ᠲᠡᠭᠡᠨ ᠣᠷᠣᠵᠤ ᠢᠷᠡᠪᠡᠯ ᠲᠠᠢᠯᠵᠤ ᠨᠢᠴᠦᠭᠦᠨ ᠪᠡᠶ᠎ᠡ ᠳᠡᠭᠡᠷ᠎ᠡ ᠪᠡᠨ ᠵᠤᠵᠠᠭᠠᠨ ᠳᠠᠪᠤᠤ ᠪᠣᠰᠢᠨᠵᠠ ᠡᠮᠦᠰᠦᠨ᠎ᠡ᠂ ᠤᠳᠠᠭᠠᠨ ᠬᠤᠭᠤᠴᠠᠭ᠎ᠠ ᠡᠮᠦᠰᠦᠭᠰᠡᠨ ᠡᠨᠡ ᠪᠣᠰᠢᠨᠵᠠ ᠨᠢ ᠤᠷᠠᠭᠳᠠᠭᠠᠳᠤᠢ ᠪᠠᠢᠭᠰᠠᠭᠠᠷ ᠠᠵᠢ᠃ ᠦᠨᠡᠨ ᠢ᠋ ᠬᠡᠯᠡᠬᠦ ᠳ᠋ᠦ᠍᠂ ᠠᠩᠬ᠎ᠠ ᠡᠬᠢᠯᠡᠭᠡᠳ ᠠᠺᠠᠺᠢ ᠠᠺᠠᠺᠢᠶᠸᠢᠴᠧ ᠡᠳᠡᠭᠡᠷ ᠬᠢᠵᠠᠭᠠᠷᠯᠠᠯ ᠳ᠋ᠠᠭᠠᠨ ᠳᠠᠰᠭᠤ ᠦᠭᠡᠢ ᠮᠠᠶᠢᠭᠲᠠᠢ ᠪᠠᠢᠯ᠎ᠠ᠃ ᠭᠡᠪᠡᠴᠦ ᠰᠡᠭᠦᠯᠳᠡᠵᠦ ᠢᠷᠡᠭᠡᠳ ᠳᠠᠳᠴᠤ᠂ ᠶᠡᠬᠡ ᠰᠠᠢᠬᠠᠨ ᠰᠠᠨᠠᠭᠳᠠᠬᠤ ᠪᠣᠯᠪᠠ᠃ ᠪᠠᠰᠠ ᠣᠷᠣᠢ ᠶᠠᠭᠤᠮ᠎ᠠ ᠢᠳᠡᠬᠦ ᠦᠭᠡᠢ ᠳᠠᠳᠬᠠᠯ ᠲᠠᠢ ᠪᠣᠯᠵᠠᠢ᠃ ᠲᠡᠷᠡ ᠬᠦ᠌ ᠴᠠᠭ ᠮᠥᠴᠡ ᠪᠦᠷᠢ᠂ ᠳᠣᠲᠤᠷ᠎ᠠ ᠡᠴᠡ ᠨᠢ ᠭᠠᠷᠳᠠᠭ ᠦᠭᠡᠢ ᠢᠷᠡᠭᠡᠳᠦᠢ ᠶ᠋ᠢᠨ ᠰᠢᠨᠧᠯ ᠨᠢ ᠬᠣᠭᠣᠯᠠ ᠤᠮᠳᠠ ᠶ᠋ᠢ ᠨᠢ ᠣᠷᠣᠯᠠᠪᠠ᠃ ᠰᠢᠨᠧᠯ ᠲᠡᠢ ᠪᠣᠯᠤᠨ᠎ᠠ ᠭᠡᠵᠦ ᠪᠣᠳᠣᠬᠤ ᠪᠣᠯᠤᠭᠰᠠᠨ ᠡᠴᠡ ᠠᠪᠤᠭᠠᠳ ᠲᠡᠭᠦᠨ ᠦ᠌ ᠠᠮᠢᠳᠤᠷᠠᠯ ᠳ᠋ᠤ᠌ ᠰᠢᠨ᠎ᠡ ᠠᠭᠤᠯᠭ᠎ᠠ ᠨᠡᠮᠡᠭᠳᠡᠭᠰᠡᠨ ᠰᠢᠭ᠂ ᠭᠡᠷᠭᠡᠢ ᠲᠡᠢ ᠪᠣᠯᠤᠭᠰᠠᠨ ᠰᠢᠭ᠋᠂ ᠥᠭᠡᠷ᠎ᠡ ᠨᠢᠭᠡ ᠬᠥᠮᠦᠨ ᠲᠡᠢ ᠬᠠᠮᠲᠤ ᠠᠮᠢᠳᠤᠷᠠᠬᠤ ᠪᠣᠯᠤᠭᠰᠠᠨ ᠰᠢᠭ᠋ ᠭᠠᠭᠴᠠᠭᠠᠷᠳᠠᠨ ᠤᠢᠳᠬᠠᠷᠯᠠᠬᠤ ᠪᠠᠨ ᠪᠣᠯᠢᠵᠤ᠂ ᠨᠢᠭᠡ ᠨᠠᠰᠤᠨ ᠤ᠋ ᠰᠡᠳᠬᠢᠯ ᠦ᠋ᠨ ᠬᠠᠨᠢ ᠲᠠᠢ ᠪᠣᠯᠤᠭᠰᠠᠨ ᠰᠢᠭ᠋ ᠪᠣᠳᠣᠭᠳᠠᠬᠤ ᠪᠣᠯᠵᠠᠢ᠃ ᠡᠨᠡ ᠬᠦ᠌ ᠰᠡᠳᠬᠢᠯ ᠦ᠋ᠨ ᠬᠠᠨᠢ ᠨᠢ ᠬᠡᠨ ᠪᠣᠢ ᠭᠡᠪᠡᠯ᠂ ᠲᠡᠷᠡ ᠬᠦ᠌ ᠵᠤᠵᠠᠭᠠᠨ ᠬᠥᠪᠥᠩ ᠲᠠᠯᠪᠢᠭᠰᠠᠨ᠂ ᠪᠥᠬᠡ ᠳᠣᠲᠣᠷ ᠲᠠᠢ ᠰᠢᠨᠧᠯ ᠶᠦᠮ᠃ ᠠᠺᠠᠺᠢ ᠠᠺᠠᠺᠢᠶᠸᠢᠴᠧ ᠡᠳᠦᠭᠡ ᠴᠣᠭ ᠵᠢᠪᠬᠤᠭ᠎ᠠ ᠨᠡᠮᠡᠭᠳᠡᠵᠦ᠂ ᠴᠢᠩᠭ᠎ᠠ ᠵᠠᠩ ᠴᠢᠨᠠᠷ ᠲᠠᠢ ᠪᠣᠯᠤᠭᠠᠳ ᠲᠣᠳᠣᠷᠬᠠᠢ ᠵᠣᠷᠢᠯᠭ᠎ᠠ ᠶ᠋ᠢᠨ ᠢ᠋ᠶ᠋ᠡᠨ ᠲᠥᠯᠥᠭᠡ ᠮᠡᠷᠡᠢᠨ ᠴᠢᠷᠮᠠᠢᠵᠤ ᠪᠠᠢᠭ᠎ᠠ ᠬᠥᠮᠦᠨ ᠦ᠌ ᠮᠠᠶᠢᠭᠲᠠᠢ ᠪᠣᠯᠵᠠᠢ᠃ ᠰᠡᠵᠢᠭᠯᠡᠯ᠂ ᠲᠠᠲᠠᠭᠠᠯᠵᠠᠭ᠎ᠠ ᠪᠤᠶᠤ ᠨᠢᠭᠡ ᠦᠭᠡ ᠪᠡᠷ ᠬᠡᠯᠡᠪᠡᠯ᠂ ᠠᠯᠢᠪᠠ ᠭᠤᠢᠪᠢᠯᠵᠠᠭ᠎ᠠ᠂ ᠲᠤᠢᠯᠪᠤᠷᠢ ᠦᠭᠡᠢ ᠶ᠋ᠢᠨ ᠰᠢᠨᠵᠢ ᠲᠡᠮᠳᠡᠭ ᠠᠺᠠᠺᠢ ᠠᠺᠠᠺᠢᠶᠸᠢᠴᠧ ᠶ᠋ᠢᠨ ᠴᠢᠷᠠᠢ ᠪᠣᠯᠤᠨ ᠦᠢᠯᠡ ᠠᠵᠢᠯᠯᠠᠭ᠎ᠠ ᠡᠴᠡ ᠨᠢ ᠮᠡᠳᠡᠭᠳᠡᠯ ᠦᠭᠡᠢ ᠪᠡᠷ ᠠᠯᠠᠭ᠎ᠠ ᠪᠣᠯᠴᠢᠬᠠᠵᠠᠢ᠃ ᠵᠠᠷᠢᠮ ᠦᠶᠡᠰ ᠨᠢᠳᠦᠨ ᠳ᠋ᠦ᠍ᠨᠢ ᠴᠣᠭ ᠵᠣᠯᠢ ᠲᠣᠳᠣᠷᠠᠨ᠂ ᠰᠡᠳᠬᠢᠯ ᠳ᠋ᠦ᠍ᠨᠢ: ᠪᠤᠯᠠᠭ᠎ᠠ ᠪᠠᠷ ᠵᠠᠬ᠎ᠠ ᠵᠠᠭᠠᠮ᠎ᠠ ᠬᠢᠴᠢᠬᠡᠬᠦ ᠦᠦ ᠭᠡᠳᠡᠭ ᠡᠷᠡᠰ ᠲᠠᠰᠤᠷᠬᠠᠢ ᠴᠢᠩᠭ᠎ᠠ ᠵᠣᠷᠢᠭ ᠣᠷᠣᠵᠤ ᠢᠷᠡᠳᠡᠭ ᠪᠣᠯᠪᠠ᠃ ᠡᠨᠡ ᠪᠣᠳᠣᠯ ᠤᠬᠠᠭᠠᠨ ᠰᠠᠨᠠᠭ᠎ᠠ ᠶ᠋ᠢ ᠨᠢ ᠲᠥᠭᠡᠷᠢᠭᠦᠯᠬᠦ ᠰᠢᠬᠠᠳᠠᠭ ᠪᠠᠢᠨ᠎ᠠ᠃ ᠨᠢᠭᠡ ᠤᠳᠠᠭ᠎ᠠ ᠠᠯᠪᠠᠨ ᠪᠢᠴᠢᠭ ᠬᠠᠭᠤᠯᠤᠨ ᠪᠢᠴᠢᠵᠦ ᠪᠠᠢᠭᠠᠳ ᠡᠰᠡ ᠯᠡ ᠪᠤᠷᠤᠭᠤ ᠦᠰᠦᠭ ᠪᠢᠴᠢᠬᠦ ᠳ᠋ᠦ᠍ ᠬᠦᠷᠴᠦ᠂ ᠪᠠᠷᠤᠭ ᠯᠠ ᠬᠣᠯᠠ ᠰᠣᠨᠣᠰᠳᠠᠬᠤᠢᠴᠠ ᠳᠠᠭᠤᠨ ᠢ᠋ᠶ᠋ᠠᠷ 《ᠠᠶ᠎ᠠ!》 ᠭᠡᠵᠦ ᠬᠠᠰᠬᠢᠷᠤᠨ᠂ ᠴᠡᠭᠡᠵᠢᠨ ᠳᠡᠭᠡᠭᠦᠷ ᠢ᠋ᠶ᠋ᠡᠨ ᠵᠠᠭᠠᠯᠮᠠᠢᠯᠠᠪᠠ᠃ ᠠᠺᠠᠺᠢ ᠠᠺᠠᠺᠢᠶᠸᠢᠴᠧ ᠰᠠᠷ᠎ᠠ ᠪᠦᠷᠢ ᠨᠠᠭᠠᠳᠤ ᠵᠠᠬ᠎ᠠ ᠨᠢ ᠨᠢᠭᠡ ᠤᠳᠠᠭ᠎ᠠ ᠫᠸᠲᠷᠸᠢᠴᠧ ᠶ᠋ᠢᠨ ᠳ᠋ᠦ᠍ ᠣᠴᠢᠵᠤ᠂ ᠰᠢᠨᠧᠯ ᠦ᠋ᠨ ᠪᠠᠷᠠᠭ᠎ᠠ ᠪᠠᠨ ᠠᠯᠢ ᠳᠡᠯᠭᠡᠭᠦᠷ ᠡᠴᠡ ᠠᠪᠬᠤ᠂ ᠶᠠᠮᠠᠷ ᠥᠩᠭᠡ ᠶ᠋ᠢᠨ ᠪᠠᠷᠠᠭ᠎ᠠ ᠠᠪᠬᠤ᠂ ᠬᠡᠳᠦᠢ ᠦᠨ᠎ᠡ ᠶ᠋ᠢᠨ ᠪᠠᠷᠠᠭ᠎ᠠ ᠠᠪᠬᠤ ᠲᠤᠬᠠᠢ ᠠᠰᠠᠭᠤᠳᠠᠯ ᠤ᠋ᠳ ᠢ᠋ ᠵᠥᠪᠯᠡᠨ᠎ᠡ᠃ ᠪᠠᠭ᠎ᠠ ᠰᠠᠭ᠎ᠠ ᠰᠠᠨᠠᠭ᠎ᠠ ᠠᠮᠤᠷ ᠦᠭᠡᠢ ᠪᠣᠯᠳᠠᠭ ᠪᠣᠯᠪᠠᠴᠤ ᠠᠯᠢᠪᠠ ᠶᠠᠪᠤᠳᠠᠯ ᠢ᠋ ᠭᠦᠢᠴᠡᠳᠬᠡᠭᠡᠳ ᠰᠢᠨ᠎ᠡ ᠰᠢᠨᠧᠯ ᠲᠡᠢ ᠪᠣᠯᠬᠤ ᠨᠢᠭᠡᠨ ᠡᠳᠦᠷ ᠯᠠᠪ ᠪᠣᠢ ᠳᠠ ᠭᠡᠵᠦ ᠪᠣᠳᠣᠵᠤ᠂ ᠤᠳᠠᠭ᠎ᠠ ᠪᠦᠷᠢ ᠶᠡᠬᠡᠯ᠎ᠡ ᠰᠡᠳᠬᠢᠯ ᠬᠠᠨᠤᠮᠵᠢᠲᠠᠢ ᠬᠠᠷᠢᠵᠤ ᠢᠷᠡᠨ᠎ᠡ᠃ ᠬᠡᠷᠡᠭ ᠶᠠᠪᠤᠳᠠᠯ ᠰᠠᠨᠠᠭᠰᠠᠨ ᠡᠴᠡ ᠲᠦᠷᠭᠡᠨ ᠪᠦᠲᠦᠵᠦ ᠡᠬᠢᠯᠡᠯ᠎ᠡ᠃ ᠵᠤᠷᠭᠠᠨ ᠤ᠋ ᠳᠠᠷᠤᠭ᠎ᠠ ᠨᠢ ᠠᠺᠠᠺᠢ ᠠᠺᠠᠺᠢᠶᠸᠢᠴᠧ ᠳ᠋ᠦ᠍ ᠬᠠᠢᠷᠠᠯᠠᠭᠰᠠᠨ ᠱᠠᠩᠨᠠᠯ ᠤ᠋ᠨ ᠷᠦᠪᠯᠢ ᠳᠥᠴᠢ ᠪᠢᠰᠢ᠂ ᠳᠥᠴᠢᠨ ᠲᠠᠪᠤ ᠴᠤ᠌ ᠪᠢᠰᠢ᠂ ᠬᠠᠷᠢᠨ ᠵᠢᠷᠠᠨ ᠷᠦᠪᠯᠢ ᠪᠠᠢᠵᠠᠢ᠃ ᠡᠨᠡ ᠳᠠᠷᠤᠭ᠎ᠠ ᠠᠺᠠᠺᠢ ᠠᠺᠠᠺᠢᠶᠸᠢᠴᠧ ᠶ᠋ᠢᠨ ᠰᠢᠨ᠎ᠡ ᠰᠢᠨᠧᠯ ᠬᠢᠬᠦ ᠶ᠋ᠢ ᠬᠡᠵᠢᠶᠡᠨᠡᠢ ᠮᠡᠳᠡᠴᠢᠬᠡᠭᠰᠡᠨ ᠶᠦᠮ ᠦᠦ᠂ ᠡᠰᠡᠬᠦᠯ᠎ᠡ ᠲᠡᠭᠡᠵᠦ ᠰᠠᠢᠬᠠᠨ ᠳᠠᠭᠠᠷᠠᠴᠢᠬᠠᠭᠰᠠᠨ ᠪᠣᠯᠪᠠ ᠤᠤ ᠪᠤᠤ ᠮᠡᠳᠡ᠂ ᠶᠠᠭᠤ ᠪᠣᠯᠪᠠᠴᠤ ᠯᠠ ᠬᠣᠷᠢᠨ ᠷᠦᠪᠯᠢ ᠨᠡᠮᠡᠭᠦᠦ ᠬᠠᠢᠷᠠᠯᠠᠪᠠ᠃ ᠡᠨᠡ ᠶᠠᠪᠤᠳᠠᠯ ᠰᠢᠨ᠎ᠡ ᠰᠢᠨᠧᠯ ᠪᠦᠲᠦᠬᠦ ᠬᠣᠨᠣᠭ ᠬᠤᠭᠤᠴᠠᠭ᠎ᠠ ᠶ᠋ᠢ ᠲᠦᠷᠭᠡᠰᠬᠡᠯ᠎ᠡ᠃ ᠵᠥᠪᠬᠡᠨ ᠳᠠᠬᠢᠭᠠᠳ ᠬᠣᠶᠠᠷ ᠭᠤᠷᠪᠠᠨ ᠰᠠᠷ᠎ᠠ ᠭᠡᠳᠡᠰᠦ ᠪᠡᠨ ᠪᠠᠬᠠᠨ ᠰᠣᠢᠪᠠᠯ ᠠᠺᠠᠺᠢ ᠠᠺᠠᠺᠢᠶᠸᠢᠴᠧ ᠦᠨᠡᠬᠡᠷ ᠨᠠᠶᠠᠨ ᠷᠦᠪᠯᠢ ᠬᠤᠷᠠᠮᠳᠤᠭᠤᠯᠵᠤ ᠴᠢᠳᠠᠬᠤ ᠮᠠᠶᠢᠭᠲᠠᠢ᠃ ᠶᠡᠷᠦᠳᠡ ᠲᠣᠭᠲᠠᠭᠤᠬᠠᠨ ᠪᠠᠢᠳᠠᠭ ᠵᠢᠷᠦᠬᠡ ᠶ᠋ᠢᠨ ᠴᠣᠬᠢᠯᠲᠠ ᠨᠢ ᠡᠳᠦᠭᠡ ᠪᠠᠬᠠᠨ ᠢᠷᠮᠡᠭᠦᠳᠴᠦ ᠡᠬᠢᠯᠡᠯ᠎ᠡ᠃ ᠱᠠᠩᠨᠠᠯ ᠬᠦᠷᠲᠡᠭᠰᠡᠨ ᠲᠡᠷᠡ ᠡᠳᠦᠷ ᠲᠡᠭᠡᠨ ᠫᠸᠲᠷᠸᠢᠴᠧ ᠶ᠋ᠢ ᠳᠠᠭᠠᠭᠤᠯᠤᠨ ᠳᠡᠯᠭᠡᠭᠦᠷ ᠦ᠋ᠨ ᠭᠠᠵᠠᠷ ᠣᠴᠢᠵᠤ ᠰᠢᠨᠧᠯ ᠦ᠋ᠨ ᠰᠠᠢᠨ ᠴᠡᠮᠪᠡ ᠬᠤᠳᠠᠯᠳᠤᠨ ᠠᠪᠤᠪᠠ - ᠡᠨᠡ ᠪᠣᠯ ᠰᠣᠨᠢᠷᠬᠠᠯᠲᠠᠢ ᠬᠡᠷᠡᠭ ᠪᠢᠰᠢ ᠶᠦᠮ᠃ ᠤᠴᠢᠷ ᠨᠢ ᠲᠡᠳᠡ ᠠᠯᠢ ᠬᠠᠭᠠᠰ ᠵᠢᠯ ᠦ᠋ᠨ ᠡᠮᠦᠨ᠎ᠡ ᠡᠴᠡ ᠡᠢᠮᠦ ᠪᠠᠷᠠᠭ᠎ᠠ ᠠᠪᠤᠨ᠎ᠠ ᠭᠡᠵᠦ ᠲᠥᠯᠥᠪᠯᠡᠭᠰᠡᠨ ᠪᠥᠭᠡᠳ ᠪᠠᠷᠤᠭ ᠰᠠᠷ᠎ᠠ ᠪᠦᠷᠢ ᠳᠡᠯᠭᠡᠭᠦᠷ ᠢ᠋ᠶ᠋ᠡᠷ ᠢᠷᠡᠵᠦ ᠦᠨ᠎ᠡ ᠬᠠᠩᠰᠢ ᠶ᠋ᠢ ᠨᠢ ᠰᠤᠷᠠᠭᠯᠠᠵᠤ ᠪᠠᠢᠭᠰᠠᠨ ᠶᠤᠮ᠃ ᠲᠡᠢᠮᠦ ᠴᠦ᠍ ᠤᠴᠢᠷ ᠡᠴᠡ ᠫᠧᠲᠷᠸᠢᠴᠧ ᠡᠭᠦᠨ ᠡᠴᠡ ᠰᠠᠢᠨ ᠴᠡᠮᠪᠡ ᠪᠠᠢᠬᠤ ᠦᠭᠡᠢ ᠭᠡᠵᠦ ᠪᠠᠷᠳᠠᠮ ᠬᠡᠯᠡᠵᠦ ᠪᠠᠢᠯ᠎ᠠ᠃ ᠺᠤᠯᠸᠨᠺᠤᠷ ᠭᠡᠳᠡᠭ ᠬᠥᠯᠴᠢᠬᠡᠷ ᠳᠠᠪᠤᠤ ᠶ᠋ᠢ ᠰᠣᠩᠭᠣᠨ ᠠᠪᠴᠤ ᠳᠣᠲᠣᠷ ᠬᠢᠬᠦ ᠪᠡᠷ ᠪᠡᠯᠡᠳᠬᠡᠪᠡ᠃ ᠫᠧᠲᠷᠸᠢᠴᠧ ᠶ᠋ᠢᠨ ᠬᠡᠯᠡᠬᠦ ᠪᠡᠷ ᠡᠨᠡ ᠳᠠᠪᠤᠤ ᠪᠣᠯ ᠲᠣᠷᠭᠠᠨ ᠡᠴᠡ ᠪᠥᠬᠡᠯᠢᠭ ᠪᠥᠭᠡᠳ ᠥᠩᠭᠡ ᠵᠢᠯᠠᠭ᠎ᠠ ᠰᠠᠢᠲᠠᠢ ᠭᠡᠨ᠎ᠡ᠃ ᠪᠤᠯᠠᠭ᠎ᠠ ᠦᠨᠡᠲᠡᠢ ᠭᠡᠳ ᠲᠡᠳᠡ ᠠᠪᠤᠭᠰᠠᠨ ᠦᠭᠡᠢ᠃ ᠣᠷᠣᠨ ᠳ᠋ᠤᠨᠢ ᠨᠢᠭᠡ ᠳᠡᠯᠭᠡᠭᠦᠷ ᠡᠴᠡ ᠬᠣᠪᠣᠷᠬᠠᠨ ᠣᠯᠳᠠᠳᠠᠭ ᠰᠠᠢᠬᠠᠨ ᠮᠤᠤᠷ ᠤ᠋ᠨ ᠠᠷᠠᠰᠤ ᠠᠪᠴᠠᠢ᠃ ᠲᠡᠭᠦᠨ ᠢ᠋ ᠬᠣᠯᠠ ᠡᠴᠡ ᠬᠠᠷᠠᠭᠰᠠᠨ ᠬᠥᠮᠦᠨ ᠯᠠᠪ ᠪᠤᠯᠠᠭᠠᠨ ᠵᠠᠭᠠᠮ᠎ᠠ ᠭᠡᠵᠦ ᠠᠨᠳᠠᠭᠤᠷᠠᠨ᠎ᠠ᠃ ᠫᠧᠲᠷᠸᠢᠴᠧ ᠪᠦᠬᠦᠯᠢ ᠬᠣᠶᠠᠷ ᠭᠠᠷᠠᠭ ᠨᠣᠴᠣᠯᠳᠤᠵᠤ ᠪᠠᠢᠵᠤ ᠲᠡᠷᠡ ᠰᠢᠨᠧᠯ ᠢ᠋ ᠬᠢᠵᠦ ᠳᠠᠭᠤᠰᠬᠠᠵᠠᠢ᠃ ᠫᠧᠲᠷᠸᠢᠴᠧ ᠬᠥᠯᠥᠰᠥᠨ ᠳ᠋ᠡᠭᠡᠨ ᠠᠷᠪᠠᠨ ᠬᠣᠶᠠᠷ ᠷᠦᠪᠯᠢ ᠠᠪᠤᠪᠠ᠃ ᠡᠭᠦᠨ ᠡᠴᠡ ᠪᠠᠭ᠎ᠠ ᠬᠥᠯᠥᠰᠥ ᠠᠪᠴᠤ ᠭᠣᠷᠢ ᠦᠭᠡᠢ ᠠᠵᠢ᠃ ᠤᠴᠢᠷ ᠨᠢ ᠲᠡᠷᠡ ᠬᠦ᠌ ᠰᠢᠨᠧᠯ ᠢ᠋ ᠪᠦᠷ ᠲᠣᠷᠭᠠᠨ ᠤᠲᠠᠰᠤ ᠪᠠᠷ ᠬᠣᠶᠠᠷ ᠮᠥᠷ ᠰᠢᠭᠯᠠᠨ ᠣᠶᠣᠵᠠᠢ᠃ ᠣᠶᠣᠵᠤ ᠳᠠᠭᠤᠰᠬᠠᠭᠰᠠᠨ ᠤ᠋ ᠳᠠᠷᠠᠭ᠎ᠠ᠂ ᠰᠢᠳᠦ ᠪᠡᠷ ᠢ᠋ᠶ᠋ᠡᠨ ᠣᠶᠣᠭᠠᠰᠤ ᠶ᠋ᠢᠨ ᠳᠠᠭᠠᠤ ᠨᠢᠳᠬᠡᠷᠦᠨ ᠬᠠᠵᠠᠵᠤ᠂ ᠣᠪᠣᠭᠣᠷ ᠳᠣᠪᠣᠭᠣᠷ ᠢ᠋ ᠨᠢ ᠲᠡᠭᠰᠢᠯᠡᠭᠰᠡᠨ ᠪᠢᠯᠡ᠃ ᠲᠡᠷᠡ ᠡᠳᠦᠷ ᠁ ᠴᠣᠬᠣᠮ ᠬᠡᠳᠦᠨ ᠦ᠌ ᠡᠳᠦᠷ ᠭᠡᠳᠡᠭ ᠢ᠋ ᠬᠡᠯᠡᠬᠦ ᠳ᠋ᠦ᠍ ᠪᠡᠷᠬᠡᠲᠡᠢ ᠶᠦᠮ᠃ ᠪᠠᠷᠤᠭ ᠯᠠ ᠠᠺᠠᠺᠢ ᠠᠺᠠᠺᠢᠶᠸᠢᠴᠧ ᠶ᠋ᠢᠨ ᠨᠢᠭᠡ ᠨᠠᠰᠤᠨ ᠳ᠋ᠠᠬᠢ ᠬᠠᠮᠤᠭ ᠤ᠋ᠨ ᠦᠪᠡᠳᠡᠭᠰᠢ ᠶᠡᠬᠡ ᠪᠠᠶᠠᠷ ᠤ᠋ᠨ ᠡᠳᠦᠷ᠂ ᠫᠧᠲᠷᠸᠢᠴᠧ ᠰᠢᠨ᠎ᠡ ᠰᠢᠨᠧᠯ ᠬᠦᠷᠭᠡᠨ ᠢᠷᠡᠯ᠎ᠡ᠃ ᠥᠷᠯᠥᠭᠡ ᠡᠷᠲᠡ ᠠᠺᠠᠺᠢ ᠠᠺᠠᠺᠢᠶᠸᠢᠴᠧ ᠠᠵᠢᠯᠯᠠᠬᠤ ᠪᠠᠷ ᠶᠠᠪᠤᠬᠤ ᠭᠡᠵᠦ ᠪᠠᠢᠲᠠᠯ᠎ᠠ ᠰᠢᠨᠧᠯ ᠢ᠋ ᠨᠢ ᠠᠪᠴᠢᠷᠠᠵᠤ ᠥᠭᠪᠡ᠃ ᠶᠢᠰᠦ ᠣᠷᠣᠵᠤ ᠤᠯᠠᠮ ᠤᠯᠠᠮ ᠬᠦᠢᠲᠡᠷᠡᠬᠦ ᠮᠠᠶᠢᠭᠲᠠᠢ ᠪᠠᠢᠭᠰᠠᠨ ᠡᠨᠡ ᠬᠡᠳᠦᠨ ᠡᠳᠦᠷ ᠦ᠋ᠨ ᠳᠣᠲᠣᠷ᠎ᠠ᠂ ᠰᠢᠨᠧᠯ ᠢ᠋ ᠨᠢ ᠠᠪᠴᠢᠷᠠᠵᠤ ᠥᠭᠭᠦᠭᠰᠡᠨ ᠨᠢ ᠶᠣᠰᠣᠲᠠᠢ ᠴᠠᠭ ᠲᠤᠨᠢ ᠲᠣᠬᠢᠷᠠᠭᠤᠯᠵᠠᠢ᠃ ᠁ 
ᠫᠧᠲᠷᠸᠢᠴᠧ ᠰᠢᠨᠧᠯ ᠢ᠋ᠶ᠋ᠡᠨ ᠠᠪᠴᠤ ᠭᠠᠷᠭᠠᠨ᠂ ᠲᠤᠩ ᠶᠡᠬᠡ ᠣᠮᠣᠷᠬᠠᠭ ᠪᠠᠢᠳᠠᠯᠲᠠᠢ ᠬᠠᠷᠠᠵᠤ ᠠᠪᠤᠭᠠᠳ ᠬᠣᠶᠠᠷ ᠭᠠᠷ ᠢ᠋ᠶ᠋ᠠᠷ ᠰᠡᠪᠬᠢᠲᠡᠯ᠎ᠡ ᠡᠷᠭᠦᠨ᠂ ᠠᠺᠠᠺᠢ ᠠᠺᠠᠺᠢᠶᠸᠢᠴᠧ ᠳ᠋ᠦ᠍ ᠨᠥᠮᠥᠷᠭᠡᠭᠡᠳ ᠡᠰᠢ ᠲᠡᠰᠢ ᠲᠡᠭᠰᠢᠯᠡᠨ ᠲᠠᠲᠠᠭᠰᠠᠨ ᠤ᠋ ᠳᠠᠷᠠᠭ᠎ᠠ᠂ ᠪᠠᠰᠠ ᠥᠷᠥᠭᠡᠰᠦᠨ ᠭᠠᠷ ᠢ᠋ᠶ᠋ᠠᠷ ᠢ᠋ᠶ᠋ᠠᠨ ᠠᠷᠤ ᠬᠣᠷᠮᠣᠢ ᠶ᠋ᠢ ᠨᠢ ᠳᠣᠷᠣᠭᠰᠢ ᠰᠤᠭᠰᠤᠷᠤᠨ ᠥᠭᠭᠦᠭᠡᠳ᠂ ᠡᠩᠭᠡᠷ ᠵᠠᠭᠠᠮ᠎ᠠ ᠶ᠋ᠢ ᠨᠢ ᠲᠣᠬᠢᠷᠠᠭᠤᠯᠤᠨ᠂ ᠬᠡᠳᠦᠨ ᠲᠣᠪᠴᠢ ᠶ᠋ᠢ ᠨᠢ ᠲᠣᠪᠴᠢᠯᠠᠭᠰᠠᠨ ᠳ᠋ᠤ᠌ ᠲᠡᠷᠡ ᠰᠢᠨᠧᠯ ᠠᠺᠠᠺᠢ ᠠᠺᠠᠺᠢᠶᠸᠢᠴᠧ ᠶ᠋ᠢᠨ ᠪᠡᠶ᠎ᠡ ᠳ᠋ᠦ᠍ ᠶᠠᠪ ᠴᠠᠪ ᠲᠣᠬᠢᠷᠠᠯ᠎ᠠ᠃ ᠠᠺᠠᠺᠢ ᠠᠺᠠᠺᠢᠶᠸᠢᠴᠧ ᠠᠬᠢᠮᠠᠭ ᠨᠠᠰᠤᠨ ᠤ᠋ ᠬᠥᠮᠦᠨ ᠦ᠌ ᠵᠠᠩᠰᠢᠯ ᠢ᠋ᠶ᠋ᠠᠷ ᠬᠠᠨᠴᠤᠢ ᠨᠢ ᠶᠠᠮᠠᠷ ᠪᠣᠯᠤᠭᠰᠠᠨ ᠢ᠋ ᠲᠤᠷᠰᠢᠨ ᠦᠵᠡᠬᠦ ᠭᠡᠯ᠎ᠡ᠃ ᠫᠧᠲᠷᠸᠢᠴᠧ ᠲᠡᠭᠦᠨ ᠳ᠋ᠦ᠍ ᠡᠯᠪᠡᠵᠦ ᠬᠠᠨᠴᠤᠢ ᠶ᠋ᠢ ᠨᠢ ᠬᠠᠨᠴᠤᠢᠯᠠᠭᠤᠯᠤᠭᠰᠠᠨ ᠳ᠋ᠤ᠌ ᠪᠠᠰᠠ ᠯᠠ ᠰᠠᠢᠬᠠᠨ ᠲᠠᠭᠠᠷᠠᠭᠰᠠᠨ ᠪᠠᠢᠯ᠎ᠠ᠃ ᠨᠢᠭᠡ ᠯᠡ ᠦᠭᠡ ᠪᠡᠷ ᠬᠡᠯᠡᠪᠡᠯ᠂ ᠰᠢᠨ᠎ᠡ ᠰᠢᠨᠧᠯ ᠨᠢ ᠲᠤᠩ ᠰᠠᠢᠬᠠᠨ᠃ ᠁ ᠲᠡᠢᠨ ᠬᠦ᠌ ᠠᠺᠠᠺᠢ ᠠᠺᠠᠺᠢᠶᠸᠢᠴᠧ ᠣᠶᠣᠳᠠᠯᠴᠢᠨ ᠤ᠋ ᠬᠥᠯᠥᠰᠥ ᠶ᠋ᠢ ᠪᠣᠳᠣᠵᠤ ᠦᠭᠴᠢᠬᠡᠭᠡᠳ᠂ ᠲᠠᠯᠠᠷᠬᠠᠯ ᠤ᠋ᠨ ᠬᠡᠳᠦᠨ ᠦᠭᠡ ᠬᠡᠯᠡᠭᠡᠳ ᠰᠢᠨ᠎ᠡ ᠰᠢᠨᠧᠯ ᠢ᠋ᠶ᠋ᠡᠨ ᠡᠮᠦᠰᠦᠨ᠂ ᠠᠵᠢᠯᠯᠠᠬᠤ ᠪᠠᠷ ᠶᠠᠪᠤᠪᠠ᠃ ᠁ ᠠᠺᠠᠺᠢ ᠠᠺᠠᠺᠢᠶᠸᠢᠴᠧ ᠶᠠᠭ ᠯᠠ ᠪᠠᠶᠠᠷ ᠳᠤᠷᠠᠰᠬᠠᠯ ᠤ᠋ᠨ ᠡᠳᠦᠷ ᠵᠤᠭᠠᠴᠠᠨ ᠶᠠᠪᠤᠵᠤ ᠪᠣᠢ ᠮᠡᠲᠦ ᠪᠠᠶᠠᠷ ᠪᠠᠶᠠᠰᠬᠤᠯᠠᠩ ᠲᠠᠢ ᠤᠷᠤᠭᠰᠢ ᠠᠯᠬᠤᠬᠤ ᠶ᠋ᠢᠨ ᠢ᠋ᠶ᠋ᠡᠨ ᠳᠠᠭᠠᠤ᠂ ᠰᠢᠨ᠎ᠡ ᠰᠢᠨᠧᠯ ᠡᠮᠦᠰᠦᠭᠰᠡᠨ ᠢ᠋ᠶ᠋ᠡᠨ ᠴᠠᠭ ᠢᠮᠠᠭᠲᠠ ᠪᠣᠳᠣᠵᠤ᠂ ᠳᠣᠲᠣᠭᠠᠳᠤ ᠰᠡᠳᠭᠢᠯ ᠡᠴᠡ ᠪᠡᠨ ᠬᠡᠳᠦᠨᠲᠡ ᠪᠠᠶᠠᠷᠯᠠᠨ᠂ ᠢᠨᠢᠶᠡᠬᠦ ᠳᠠᠭᠤᠨ ᠰᠣᠨᠣᠰᠳᠠᠨ᠎ᠠ᠃ ᠦᠨᠡᠬᠡᠷ ᠡᠢᠮᠦ ᠮᠠᠶᠢᠭ ᠤ᠋ᠨ ᠰᠢᠨᠧᠯ ᠪᠣᠯ ᠳᠤᠯᠠᠭᠠᠬᠠᠨ ᠮᠥᠷᠲᠡᠭᠡᠨ ᠰᠠᠢᠬᠠᠨ ᠬᠠᠷᠠᠭᠳᠠᠬᠤ ᠠᠵᠢ᠃ ᠲᠡᠢᠨ ᠬᠦ᠌ ᠡᠨᠡ ᠲᠦᠰᠢᠮᠡᠯ ᠮᠡᠳᠡᠭᠰᠡᠨ ᠴᠦ᠍ ᠦᠭᠡᠢ ᠪᠡᠷ ᠡᠳᠦᠢ ᠲᠡᠳᠦᠢ ᠬᠣᠯᠠ ᠶᠠᠪᠤᠵᠤ᠂ ᠭᠱᠠᠨ ᠵᠠᠭᠤᠷ᠎ᠠ ᠳ᠋ᠤ᠌ ᠵᠤᠷᠭᠠᠨ ᠳ᠋ᠠᠭᠠᠨ ᠬᠦᠷᠴᠢᠬᠡᠵᠡᠢ᠃ ᠡᠭᠦᠳᠡᠨ ᠦ᠌ ᠥᠷᠥᠭᠡᠨ ᠳ᠋ᠦ᠍ ᠰᠢᠨᠧᠯ ᠢ᠋ᠶ᠋ᠡᠨ ᠲᠠᠢᠯᠵᠤ ᠡᠯᠭᠦᠭᠡᠳ᠂ ᠡᠷᠭᠢᠨ ᠲᠣᠭᠣᠷᠢᠨ ᠢ᠋ ᠠᠵᠢᠭᠯᠠᠨ ᠬᠠᠷᠠᠭᠠᠳ᠂ ᠡᠭᠦᠳᠡᠨ ᠦ᠌ ᠬᠠᠷᠠᠭᠤᠯ ᠳ᠋ᠤ᠌᠂ ᠮᠢᠨᠦ ᠰᠢᠨᠧᠯ ᠢ᠋ ᠰᠠᠢᠨ ᠠᠵᠢᠭᠯᠠᠵᠤ ᠪᠠᠢᠭᠠᠷᠠᠢ ᠭᠡᠵᠦ ᠵᠠᠬᠢᠪᠠ᠃ ᠁ ᠪᠦᠭᠦᠳᠡᠭᠡᠷ ᠢ᠋ᠶ᠋ᠡᠨ ᠡᠭᠦᠳᠡᠨ ᠦ᠌ ᠥᠷᠥᠭᠡᠨ ᠳ᠋ᠦ᠍ ᠭᠦᠶᠦᠨ ᠣᠴᠢᠵᠠᠭᠠᠵᠤ᠂ ᠠᠺᠠᠺᠢ ᠠᠺᠠᠺᠢᠶᠸᠢᠴᠧ ᠶ᠋ᠢᠨ ᠰᠢᠨ᠎ᠡ ᠰᠢᠨᠧᠯ ᠢ᠋ ᠰᠣᠨᠢᠷᠬᠠᠨ ᠦᠵᠡᠭᠡᠳ᠂ ᠡᠵᠡᠨ ᠳ᠋ᠦ᠍ᠨᠢ ᠪᠠᠶᠠᠷ ᠬᠦᠷᠭᠡᠨ ᠱᠠᠭᠰᠢᠨ ᠮᠠᠭᠲᠠᠵᠠᠭᠠᠯ᠎ᠠ᠃ ᠠᠺᠠᠺᠢ ᠠᠺᠠᠺᠢᠶᠸᠢᠴᠧ ᠡᠬᠢᠯᠡᠭᠡᠳ ᠢᠨᠢᠶᠡᠮᠰᠦᠭᠯᠡᠵᠦ ᠪᠠᠢᠭᠰᠠᠨ ᠢ᠋ᠶ᠋ᠠᠨ ᠰᠡᠭᠦᠯᠳᠡᠵᠦ ᠢᠷᠡᠭᠡᠳ ᠪᠠᠬᠠᠨ ᠰᠢᠷᠪᠡᠭᠡᠲᠦᠵᠦ ᠪᠠᠢᠯ᠎ᠠ᠃ ᠲᠡᠳᠡᠭᠡᠷ ᠬᠥᠮᠦᠰ ᠡᠮᠦᠨ᠎ᠡ ᠨᠢ ᠴᠤᠭᠯᠠᠷᠠᠵᠤ᠂ ᠨᠠᠢᠷ ᠬᠢᠵᠦ ᠰᠢᠨ᠎ᠡ ᠰᠢᠨᠧᠯ ᠢ᠋ᠶ᠋ᠡᠨ ᠮᠢᠯᠢᠶᠠᠬᠤ ᠪᠤᠶᠤ ᠨᠠᠭᠠᠳᠤ ᠵᠠᠬ᠎ᠠ ᠨᠢ ᠦᠳᠡᠰᠢᠯᠡᠭᠡ ᠬᠢᠵᠦ ᠨᠥᠬᠥᠳ ᠢ᠋ᠶ᠋ᠡᠨ ᠳᠠᠢᠯᠠᠪᠠᠯ ᠵᠣᠬᠢᠨ᠎ᠠ ᠭᠡᠵᠦ ᠡᠷᠦᠢ ᠬᠤᠷᠤᠢ ᠦᠭᠡᠢ ᠱᠤᠤᠭᠢᠯᠳᠤᠬᠤ ᠳ᠋ᠤ᠌᠂ ᠠᠺᠠᠺᠢ ᠠᠺᠠᠺᠢᠶᠸᠢᠴᠧ ᠶᠠᠭᠠᠬᠢᠵᠤ ᠠᠷᠭᠠᠴᠠᠬᠤ᠂ ᠶᠠᠭᠤ ᠭᠡᠵᠦ ᠬᠠᠷᠢᠭᠤ ᠬᠡᠯᠡᠬᠦ᠂ ᠬᠡᠷᠬᠢᠨ ᠵᠠᠢᠯᠠᠰᠬᠢᠬᠦ ᠪᠡᠨ ᠣᠯᠵᠤ ᠶᠠᠳᠠᠨ ᠮᠡᠯᠡ ᠭᠠᠢᠬᠠᠨ ᠴᠡᠯ ᠬᠥᠬᠡᠷᠡᠪᠡ᠃ ᠬᠡᠳᠦᠨ ᠮᠢᠨᠦ᠋ᠲ ᠳᠤᠭᠤᠢ ᠪᠠᠢᠭᠰᠠᠨ ᠢ᠋ᠶ᠋ᠠᠨ ᠴᠢᠷᠠᠢ ᠪᠠᠨ ᠤᠯᠠᠢᠯᠭᠠᠨ: ᠡᠨᠡ ᠰᠢᠨᠧᠯ ᠪᠣᠯ ᠰᠢᠨ᠎ᠡ ᠪᠢᠰᠢ ᠶᠦᠮ᠃ ᠬᠠᠭᠤᠴᠢᠨ ᠡᠳ᠋ ᠰᠢᠦ ᠭᠡᠵᠦ ᠮᠠᠰᠢ ᠴᠠᠢᠯᠭᠠᠨ ᠰᠡᠳᠬᠢᠯ ᠢ᠋ᠶ᠋ᠡᠷ ᠲᠠᠢᠯᠪᠤᠷᠢᠯᠠᠨ ᠬᠡᠯᠡᠪᠡ᠃ ᠡᠴᠦᠰ ᠲᠡᠭᠡᠨ ᠨᠢᠭᠡ ᠲᠦᠰᠢᠮᠡᠯ᠂ ᠲᠡᠭᠡᠬᠦ ᠳ᠋ᠡᠭᠡᠨ ᠪᠠᠰᠠ ᠳᠡᠳ᠋ ᠲᠠᠰᠤᠭ ᠤ᠋ᠨ ᠳᠠᠷᠤᠭ᠎ᠠ: 《ᠵᠠ ᠲᠡᠭᠡᠪᠡᠯ ᠣᠯᠳᠣᠢ ᠪᠢ ᠠᠺᠠᠺᠢ ᠠᠺᠠᠺᠢᠶᠸᠢᠴᠧ ᠶ᠋ᠢ ᠣᠷᠣᠯᠠᠵᠤ ᠨᠢᠭᠡ ᠦᠳᠡᠰᠢᠯᠡᠭᠡ ᠬᠢᠶ᠎ᠡ᠂ ᠡᠷᠬᠢᠮ ᠨᠥᠬᠥᠳ ᠡᠨᠡ ᠦᠳᠡᠰᠢ ᠮᠢᠨᠦ ᠭᠡᠷ ᠲᠦ᠍ ᠮᠣᠷᠢᠯᠠᠨ ᠪᠠᠭᠤᠵᠠᠭᠠᠵᠤ ᠴᠠᠢᠯᠠᠯᠭ᠎ᠠ ᠳ᠋ᠤ᠌ ᠣᠷᠣᠬᠤ ᠶ᠋ᠢ ᠬᠦᠰᠡᠶ᠎ᠡ ᠁》 ᠭᠡᠵᠦ ᠬᠡᠯᠡᠪᠡ᠃ ᠲᠡᠳᠡᠭᠡᠷ ᠲᠦᠰᠢᠮᠡᠳ ᠬᠡᠯᠡᠯᠭᠡᠨ ᠦᠭᠡᠢ ᠪᠡᠷ ᠲᠡᠷᠡ ᠳᠠᠷᠤᠢ ᠨᠢ ᠡᠨᠡ ᠬᠦ᠌ ᠳᠡᠳ᠋ ᠳᠠᠷᠤᠭ᠎ᠠ ᠳ᠋ᠤ᠌ ᠪᠠᠶᠠᠷ ᠲᠠᠯᠠᠷᠬᠠᠯ ᠬᠦᠷᠭᠡᠨ᠂ ᠲᠡᠭᠦᠨ ᠦ᠌ ᠤᠷᠢᠯᠭ᠎ᠠ ᠶ᠋ᠢ ᠳᠤᠷᠠᠲᠠᠶ᠎ᠠ ᠬᠦᠯᠢᠶᠡᠨ ᠠᠪᠴᠠᠭᠠᠯ᠎ᠠ᠃ ᠠᠺᠠᠺᠢ ᠠᠺᠠᠺᠢᠶᠸᠢᠴᠧ ᠡᠬᠢᠯᠡᠭᠡᠳ ᠡᠨᠡ ᠲᠡᠷᠡ ᠪᠡᠷ ᠰᠢᠯᠲᠠᠭᠯᠠᠨ ᠣᠴᠢᠬᠤ ᠦᠭᠡᠢ ᠭᠡᠰᠡᠨ ᠪᠣᠯᠪᠠᠴᠤ ᠲᠡᠳᠡᠭᠡᠷ ᠬᠥᠮᠦᠰ ᠴᠥᠮ ᠢᠳᠬᠠᠨ᠂ ᠳᠡᠩᠳᠡᠭᠦᠦ ᠶᠣᠰᠣ ᠵᠢᠷᠤᠮ ᠦᠭᠡᠢ ᠬᠡᠷᠡᠭ᠂ ᠶᠣᠰᠣᠲᠠᠢ ᠢᠴᠢᠭᠦᠷᠢᠲᠡᠢ ᠶᠠᠪᠤᠳᠠᠯ ᠭᠡᠵᠡᠭᠡᠬᠦ ᠲᠤᠯᠠ ᠲᠠᠲᠠᠭᠠᠯᠵᠠᠬᠤᠶ᠎ᠠ ᠪᠡᠷᠬᠡ ᠪᠣᠯᠵᠠᠢ᠃ ᠭᠡᠰᠡᠨ ᠴᠦ᠍ ᠳᠠᠷᠠᠭ᠎ᠠ ᠨᠢ ᠥᠪᠡᠷ ᠢ᠋ᠶ᠋ᠡᠨ: ᠡᠨᠡ ᠳᠡᠯᠢᠮ ᠢ᠋ᠶ᠋ᠡᠷ ᠰᠢᠨ᠎ᠡ ᠰᠢᠨᠧᠯ ᠢ᠋ᠶ᠋ᠡᠨ ᠡᠮᠦᠰᠦᠭᠡᠳ ᠭᠠᠳᠠᠭᠤᠷ ᠶᠠᠪᠤᠵᠤ ᠦᠵᠡᠶ᠎ᠡ ᠯᠡ ᠳᠡ ᠭᠡᠵᠦ ᠪᠣᠳᠣᠭᠠᠳ ᠳᠣᠲᠣᠷ᠎ᠠ ᠨᠢ ᠶᠡᠬᠡᠯ᠎ᠡ ᠲᠠᠭᠠᠲᠠᠢ ᠰᠠᠨᠠᠭᠳᠠᠵᠠᠢ᠃ ᠡᠨᠡ ᠨᠢᠭᠡᠨ ᠡᠳᠦᠷ ᠠᠺᠠᠺᠢ ᠠᠺᠠᠺᠢᠶᠸᠢᠴᠧ ᠳ᠋ᠦ᠍ ᠠᠪᠴᠤ ᠬᠡᠯᠡᠪᠡᠯ ᠦᠨᠡᠬᠡᠷ ᠬᠠᠮᠤᠭ ᠤ᠋ᠨ ᠶᠡᠬᠡ ᠦᠪᠡᠳᠡᠭᠰᠢ ᠪᠠᠶᠠᠷ ᠳᠤᠷᠠᠰᠬᠠᠯ ᠤ᠋ᠨ ᠡᠳᠦᠷ ᠪᠣᠯᠵᠠᠢ᠃ ᠲᠡᠢᠨ ᠬᠦ᠌ ᠡᠨᠡ ᠲᠦᠰᠢᠮᠡᠯ ᠭᠤᠸᠠᠢ ᠬᠢᠵᠠᠭᠠᠯᠠᠰᠢ ᠦᠭᠡᠢ ᠶᠡᠬᠡ ᠵᠣᠯ ᠵᠢᠷᠭᠠᠯ ᠤ᠋ᠨ ᠰᠡᠳᠬᠢᠯᠭᠡ ᠲᠡᠢ ᠭᠡᠷ ᠲᠡᠭᠡᠨ ᠬᠠᠷᠢᠵᠤ ᠢᠷᠡᠭᠡᠳ ᠰᠢᠨᠧᠯ ᠢ᠋ᠶ᠋ᠡᠨ ᠲᠠᠢᠯᠤᠨ ᠪᠠᠰᠠ ᠨᠢᠭᠡ ᠤᠳᠠᠭ᠎ᠠ ᠳᠣᠲᠣᠷ ᠭᠠᠳᠠᠷ ᠢ᠋ ᠨᠢ ᠪᠠᠬᠠᠷᠬᠠᠨ ᠦᠵᠡᠭᠡᠳ ᠬᠠᠨᠠᠨ ᠳ᠋ᠠᠭᠠᠨ ᠬᠢᠴᠢᠶᠡᠩᠭᠦᠢ ᠡᠯᠭᠦᠪᠡ᠃ ᠳᠠᠷᠠᠭ᠎ᠠ ᠨᠢ ᠪᠠᠰᠠ ᠥᠨᠥᠬᠢ ᠬᠠᠭᠤᠴᠢᠨ ᠰᠢᠨᠧᠯ ᠢ᠋ᠶ᠋ᠡᠨ ᠠᠪᠴᠢᠷᠠᠨ ᠲᠠᠭᠠᠷᠠᠭᠤᠯᠵᠤ ᠦᠵᠡᠵᠡᠢ᠃ ᠬᠠᠭᠤᠴᠢᠨ ᠰᠢᠨᠧᠯ ᠢ᠋ᠶ᠋ᠡᠨ ᠬᠠᠷᠠᠵᠤ ᠦᠵᠡᠭᠡᠳ ᠦᠨᠡᠬᠡᠷ ᠲᠡᠭᠷᠢ ᠭᠠᠵᠠᠷ ᠤ᠋ᠨ ᠵᠥᠷᠢᠶᠡᠲᠡᠢ ᠠᠵᠢ ᠭᠡᠵᠦ ᠪᠣᠳᠣᠨ᠂ ᠲᠡᠰᠬᠡᠯ ᠦᠭᠡᠢ ᠢᠨᠢᠶᠡᠳᠦ ᠠᠯᠳᠠᠯ᠎ᠠ᠃ ᠨᠡᠯᠢᠶᠡᠳ ᠤᠳᠠᠭᠠᠳ ᠦᠳᠡ ᠶ᠋ᠢᠨ ᠬᠣᠭᠣᠯᠠ ᠢᠳᠡᠬᠦ ᠵᠠᠭᠤᠷ᠎ᠠ ᠥᠪᠡᠷ ᠢ᠋ᠶ᠋ᠡᠨ ᠲᠡᠢᠮᠦ ᠰᠢᠨᠧᠯ ᠡᠮᠦᠰᠦᠭᠡᠳ ᠶᠠᠪᠤᠵᠤ ᠪᠠᠢᠭᠰᠠᠨ ᠪᠠᠢᠳᠠᠯ ᠢ᠋ᠶ᠋ᠠᠨ ᠪᠣᠳᠣᠬᠤ ᠪᠦᠷᠢ ᠪᠠᠢᠨ ᠪᠠᠢᠨ ᠢᠨᠢᠶᠡᠳᠦ ᠠᠯᠳᠠᠵᠤ ᠯᠠ ᠪᠠᠢᠪᠠ᠃ ᠬᠣᠭᠣᠯᠠ ᠪᠠᠨ ᠪᠠᠶᠠᠷ ᠪᠠᠶᠠᠰᠬᠤᠯᠠᠩᠲᠠᠢ ᠢᠳᠡᠵᠦ ᠳᠠᠭᠤᠰᠪᠠ᠃ ᠬᠣᠭᠣᠯᠠᠨ ᠤ᠋ ᠪᠠᠨ ᠳᠠᠷᠠᠭ᠎ᠠ ᠶᠠᠮᠠᠷ ᠴᠤ᠌ ᠠᠯᠪᠠᠨ ᠪᠢᠴᠢᠭ ᠬᠠᠭᠤᠯᠤᠭᠰᠠᠨ ᠦᠭᠡᠢ ᠪᠡᠷ ᠭᠡᠭᠡ ᠲᠡᠢ ᠪᠠᠢᠬᠤ ᠶ᠋ᠢ ᠵᠠᠪᠳᠤᠨ᠂ ᠣᠷᠣᠨ ᠳᠡᠭᠡᠷ᠎ᠡ ᠪᠡᠨ ᠬᠡᠪᠲᠡᠨ ᠶᠠᠰᠤ ᠠᠮᠠᠷᠠᠪᠠ᠃ ᠳᠠᠷᠠᠭ᠎ᠠ ᠨᠢ ᠳᠡᠪᠡᠯ ᠬᠤᠪᠴᠠᠰᠤ ᠪᠠᠨ ᠲᠦᠷᠭᠡᠯᠡᠨ ᠡᠮᠦᠰᠴᠦ ᠰᠢᠨᠧᠯ ᠢ᠋ᠶ᠋ᠡᠨ ᠨᠥᠮᠥᠷᠦᠭᠡᠳ ᠭᠠᠳᠠᠭᠰᠢ ᠭᠠᠷᠴᠤ ᠶᠠᠪᠤᠯ᠎ᠠ᠃ ᠁ ᠠᠺᠠᠺᠢ ᠠᠺᠠᠺᠢᠶᠸᠢᠴᠧ ᠳᠡᠳ᠋ ᠲᠠᠰᠤᠭ ᠤ᠋ᠨ ᠳᠠᠷᠤᠭ᠎ᠠ ᠶ᠋ᠢᠨ ᠭᠡᠷ ᠲᠦ᠍ ᠬᠦᠷᠦᠭᠡᠳ᠂ ᠥᠪᠡᠷ ᠦ᠋ᠨ ᠭᠠᠷ ᠢ᠋ᠶ᠋ᠠᠷ ᠰᠢᠨᠧᠯ ᠢ᠋ᠶ᠋ᠡᠨ ᠡᠯᠭᠦᠴᠢᠬᠡᠭᠡᠳ ᠳᠣᠲᠣᠭᠰᠢ ᠣᠷᠣᠬᠤ ᠳ᠋ᠤ᠌ ᠯᠠ᠂ ᠳ᠋ᠧᠩ᠂ ᠲᠦᠰᠢᠮᠡᠳ᠂ ᠭᠠᠩᠰᠠ᠂ ᠬᠥᠵᠥᠷ ᠳᠡᠯᠭᠡᠭᠰᠡᠨ ᠰᠢᠷᠡᠭᠡ ᠵᠡᠷᠭᠡ ᠶᠠᠭᠤᠮᠠᠰ ᠨᠢᠳᠦᠨ ᠳ᠋ᠦ᠍ᠨᠢ ᠵᠡᠷᠭᠡ ᠪᠡᠷ ᠡᠷᠢᠶᠡᠯᠵᠡᠨ ᠦᠵᠡᠭᠳᠡᠵᠦ᠂ ᠭᠡᠷ ᠳᠦᠭᠦᠷᠡᠩ ᠱᠤᠤᠭᠢᠯᠳᠤᠬᠤ ᠦᠭᠡ ᠶᠠᠷᠢᠶ᠎ᠠ ᠬᠢᠭᠡᠳ ᠰᠠᠨᠳᠠᠯᠢ ᠰᠢᠷᠡᠭᠡ ᠲᠦᠯᠬᠢᠵᠦ ᠲᠠᠲᠠᠬᠤ ᠳᠠᠭᠠᠤ ᠴᠢᠮᠡᠭᠡ ᠴᠢᠬᠢ ᠶ᠋ᠢ ᠨᠢ ᠲᠦᠵᠢᠷᠡᠭᠦᠯᠪᠡ᠃ ᠲᠡᠢᠨ ᠬᠦ᠌ ᠠᠺᠠᠺᠢ ᠠᠺᠠᠺᠢᠶᠸᠢᠴᠧ ᠭᠡᠷ ᠦ᠋ᠨ ᠳᠤᠮᠳᠠ ᠮᠡᠯᠡᠷᠡᠨ ᠵᠣᠭᠰᠣᠭᠠᠳ ᠴᠣᠬᠣᠮ ᠶᠠᠭᠠᠬᠢᠪᠠᠯ ᠲᠠᠭᠠᠷᠠᠬᠤ ᠶ᠋ᠢ ᠣᠯᠵᠤ ᠶᠠᠳᠠᠨ ᠪᠣᠳᠣᠯᠭ᠎ᠠ ᠪᠣᠯᠤᠨ᠎ᠠ᠃ ᠡᠨᠡ ᠦᠶᠡᠰ᠂ ᠬᠥᠮᠦᠨ ᠲᠡᠭᠦᠨ ᠢ᠋ ᠣᠯᠵᠤ ᠦᠵᠡᠭᠡᠳ ᠪᠠᠶᠠᠷᠯᠠᠨ ᠤᠭᠲᠤᠵᠤ ᠬᠠᠰᠬᠢᠷᠤᠯᠳᠤᠬᠤ ᠶ᠋ᠢᠨ ᠳᠠᠭᠠᠤ ᠪᠦᠭᠦᠳᠡᠭᠡᠷ ᠡᠭᠦᠳᠡᠨ ᠦ᠌ ᠥᠷᠥᠭᠡᠨ ᠳ᠋ᠦ᠍ ᠢᠷᠡᠵᠡᠭᠡᠨ᠂ ᠰᠢᠨᠧᠯ ᠢ᠋ ᠨᠢ ᠪᠠᠰᠠ ᠨᠢᠭᠡ ᠤᠳᠠᠭ᠎ᠠ ᠰᠣᠨᠢᠷᠬᠠᠨ ᠦᠵᠡᠵᠡᠭᠡᠯ᠎ᠡ᠃ ᠁ ᠱᠤᠤᠭᠢᠶᠠᠨ ᠦᠢᠮᠡᠭᠡᠨ᠂ ᠦᠭᠡ ᠶᠠᠷᠢᠯᠴᠠᠬᠤ ᠳᠠᠭᠤᠨ ᠴᠢᠮᠡᠭᠡ᠂ ᠪᠦᠯᠦᠭ ᠪᠦᠯᠦᠭ ᠢ᠋ᠶ᠋ᠡᠷ ᠰᠠᠭᠤᠭᠰᠠᠨ ᠬᠥᠮᠦᠰ ᠡᠨᠡ ᠪᠦᠬᠦᠨ᠂ ᠠᠺᠠᠺᠢ ᠠᠺᠠᠺᠢᠶᠸᠢᠴᠧ ᠳ᠋ᠦ᠍ ᠲᠤᠩ ᠰᠣᠨᠢᠬᠠᠨ ᠰᠠᠨᠠᠭᠳᠠᠭᠰᠠᠨ ᠲᠤᠯᠠ ᠭᠠᠢᠬᠠᠰᠢ ᠠᠯᠲᠠᠨ ᠭᠠᠷ ᠬᠥᠯ ᠪᠣᠯᠤᠨ ᠪᠦᠬᠦ ᠪᠡᠶ᠎ᠡ ᠪᠡᠨ ᠬᠠᠮᠢᠭ᠎ᠠ ᠣᠷᠣᠭᠤᠯᠬᠤ ᠪᠠᠨ ᠣᠯᠵᠤ ᠶᠠᠳᠠᠭᠰᠠᠭᠠᠷ ᠡᠴᠦᠰ ᠲᠦ᠋ᠨᠢ ᠬᠥᠵᠥᠷ ᠲᠣᠭᠯᠠᠵᠤ ᠪᠣᠢ ᠬᠥᠮᠦᠰ ᠦ᠋ᠨ ᠳᠡᠷᠭᠡᠳᠡ ᠣᠴᠢᠵᠤ ᠰᠠᠭᠤᠭᠠᠳ᠂ ᠲᠡᠳᠡᠨ ᠦ᠌ ᠲᠣᠭᠯᠠᠬᠤ ᠶ᠋ᠢ ᠦᠵᠡᠵᠦ᠂ ᠬᠥᠮᠦᠨ ᠬᠥᠮᠦᠨ ᠦ᠌ ᠨᠢᠭᠤᠷ ᠴᠢᠷᠠᠢ ᠶ᠋ᠢ ᠡᠭᠡᠯᠵᠢᠯᠡᠨ ᠠᠵᠢᠭᠯᠠᠨ᠎ᠠ᠃ ᠲᠡᠭᠡᠭᠡᠳ ᠤᠳᠠᠯ ᠦᠭᠡᠢ ᠡᠪᠰᠢᠶᠡᠯᠭᠡᠨ ᠡᠬᠢᠯᠡᠵᠦ᠂ ᠤᠢᠳᠬᠠᠷᠯᠠᠨ ᠰᠠᠭᠤᠪᠠ᠃ ᠤᠨᠲᠠᠳᠠᠭ ᠴᠠᠭ ᠨᠢ ᠴᠦ᠍ ᠬᠡᠵᠢᠶᠡᠨᠡᠢ ᠥᠩᠭᠡᠷᠡᠴᠢᠬᠡᠵᠡᠢ᠃ ᠭᠡᠷ ᠲᠡᠭᠡᠨ ᠪᠤᠴᠠᠶ᠎ᠠ ᠭᠡᠵᠦ ᠬᠦᠰᠡᠭᠰᠡᠨ ᠪᠣᠯᠪᠠᠴᠤ ᠭᠡᠷ ᠦ᠋ᠨ ᠡᠵᠡᠨ ᠦᠯᠦ ᠵᠥᠪᠰᠢᠶᠡᠷᠡᠭᠰᠡᠨ᠂ ᠰᠢᠨ᠎ᠡ ᠬᠤᠪᠴᠠᠰᠤ ᠶ᠋ᠢ ᠨᠢ ᠮᠢᠯᠢᠶᠠᠬᠤ ᠶ᠋ᠢᠨ ᠲᠥᠯᠥᠭᠡ ᠨᠢᠭᠡ ᠬᠤᠨᠳᠠᠭ᠎ᠠ ᠱᠠᠮᠫᠠᠨ ᠠᠷᠢᠬᠢ ᠪᠠᠷᠢᠪᠠ᠃ ᠨᠢᠭᠡ ᠴᠠᠭ ᠥᠩᠭᠡᠷᠡᠭᠡᠳ ᠣᠷᠣᠢ ᠶ᠋ᠢᠨ ᠬᠣᠭᠣᠯᠠ ᠣᠷᠣᠵᠤ ᠢᠷᠡᠯ᠎ᠡ᠃ ᠡᠭᠦᠨ ᠳ᠋ᠦ᠍᠂ ᠬᠦᠢᠲᠡᠨ ᠬᠣᠯᠢᠮᠴᠠᠭ ᠵᠠᠭᠤᠰᠢ᠂ ᠬᠦᠢᠲᠡᠨ ᠲᠤᠭᠤᠯ ᠤ᠋ᠨ ᠮᠢᠬ᠎ᠠ᠂ ᠦᠬᠡᠷ ᠦ᠋ᠨ ᠡᠯᠢᠭᠡᠨ ᠲᠠᠲᠠᠰᠢ᠂ ᠪᠣᠣᠪᠣ ᠪᠣᠭᠣᠷᠰᠣᠭ᠂ ᠱᠠᠮᠫᠠᠨ ᠠᠷᠢᠬᠢ ᠵᠡᠷᠭᠡ ᠪᠠᠢᠯ᠎ᠠ᠃ ᠪᠦᠭᠦᠳᠡᠭᠡᠷ ᠠᠺᠠᠺᠢ ᠠᠺᠠᠺᠢᠶᠸᠢᠴᠧ ᠶ᠋ᠢ ᠰᠢᠬᠠᠵᠤ ᠱᠠᠭᠠᠷᠳᠠᠵᠤ ᠪᠠᠢᠭᠠᠳ ᠬᠣᠶᠠᠷ ᠬᠤᠨᠳᠠᠭ᠎ᠠ ᠠᠷᠢᠬᠢ ᠤᠤᠭᠤᠯᠭᠠᠪᠠ᠃ ᠠᠷᠢᠬᠢ ᠤᠤᠭᠤᠭᠰᠠᠨ ᠤ᠋ ᠳᠠᠷᠠᠭ᠎ᠠ᠂ ᠭᠡᠷ ᠳᠣᠲᠣᠷᠠᠬᠢ ᠪᠠᠢᠳᠠᠯ ᠠᠺᠠᠺᠢ ᠠᠺᠠᠺᠢᠶᠸᠢᠴᠧ ᠳ᠋ᠦ᠍ ᠤᠯᠠᠮ ᠶᠡᠬᠡ ᠬᠥᠷ ᠬᠥᠭᠵᠢᠶᠡᠨᠲᠡᠢ ᠰᠠᠨᠠᠭᠳᠠᠵᠤ ᠪᠠᠢᠭᠰᠠᠨ ᠪᠣᠯᠪᠠᠴᠤ ᠠᠷᠪᠠᠨ ᠬᠣᠶᠠᠷ ᠴᠠᠭ ᠥᠩᠭᠡᠷᠡᠭᠰᠡᠨ ᠲᠤᠯᠠ ᠬᠠᠷᠢᠬᠤ ᠦᠭᠡᠢ ᠪᠣᠯᠬᠤ ᠦᠭᠡᠢ ᠭᠡᠰᠡᠨ ᠪᠣᠳᠣᠯ ᠳᠣᠲᠤᠷ᠎ᠠ ᠡᠴᠡ ᠨᠢ ᠭᠠᠷᠬᠤ ᠪᠠᠨ ᠪᠣᠯᠢᠪᠠ᠃ ᠭᠡᠷ ᠦ᠋ᠨ ᠡᠵᠡᠨ ᠵᠢᠭᠤᠷᠠᠯᠳᠤᠬᠤ ᠡᠴᠡ ᠪᠣᠯᠭᠣᠮᠵᠢᠯᠠᠨ ᠠᠺᠠᠺᠢ ᠠᠺᠠᠺᠢᠶᠸᠢᠴᠧ ᠰᠡᠮᠬᠡᠨ ᠡᠭᠦᠳᠡᠨ ᠦ᠌ ᠥᠷᠥᠭᠡᠨ ᠳ᠋ᠦ᠍ᠨᠢ ᠣᠴᠢᠭᠠᠳ᠂ ᠭᠠᠵᠠᠷ ᠤᠨᠠᠭᠰᠠᠨ ᠰᠢᠨᠧᠯ ᠢ᠋ᠶ᠋ᠡᠨ ᠰᠡᠳᠬᠢᠯ ᠡᠪᠬᠡᠷᠡᠨ ᠡᠷᠭᠦᠵᠦ ᠠᠪᠤᠭᠠᠳ ᠳᠡᠭᠡᠷ᠎ᠡ ᠨᠢ ᠨᠠᠭᠠᠯᠳᠤᠭᠰᠠᠨ ᠦᠰᠦ ᠬᠢᠯᠭᠠᠰᠤ ᠶ᠋ᠢ ᠰᠡᠭᠰᠦᠷᠦᠨ ᠤᠨᠠᠭᠠᠭᠠᠳ᠂ ᠨᠥᠮᠥᠷᠦᠨ ᠭᠠᠷᠴᠤ᠂ ᠱᠠᠲᠤ ᠪᠠᠷ ᠪᠠᠭᠤᠯ᠎ᠠ᠃ ᠁ ᠠᠺᠠᠺᠢ ᠠᠺᠠᠺᠢᠶᠸᠢᠴᠧ ᠣᠯᠠᠨ ᠵᠡᠭᠡᠯᠢ ᠭᠤᠳᠤᠮᠵᠢ ᠪᠠᠷ ᠥᠩᠭᠡᠷᠡᠨ ᠶᠠᠪᠤᠵᠤ ᠶᠠᠪᠤᠭᠰᠠᠭᠠᠷ ᠨᠢᠭᠡ ᠵᠡᠭᠡᠯᠢ ᠳ᠋ᠦ᠍ ᠬᠦᠷᠦᠭᠰᠡᠨ ᠴᠢᠨᠢ ᠡᠨᠳᠡᠬᠢ ᠶ᠋ᠢᠨ ᠵᠡᠭᠡᠯᠢ ᠡᠴᠡ ᠪᠡᠨ᠂ ᠠᠢᠳᠠᠰ ᠬᠦᠷᠦᠮᠡᠷ ᠡᠯᠡᠰᠦᠨ ᠴᠦᠯ ᠰᠢᠭ ᠬᠥᠪᠡᠭᠡ ᠬᠢᠵᠠᠭᠠᠷ ᠦᠭᠡᠢ ᠲᠠᠯᠠᠪᠠᠢ ᠪᠠᠷ ᠵᠠᠭᠠᠭᠯᠠᠭᠳᠠᠭᠰᠠᠨ ᠲᠤᠯᠠ ᠲᠠᠯᠠᠪᠠᠢ ᠶ᠋ᠢᠨ ᠳᠡᠷᠭᠡᠳᠡᠭᠦᠷ ᠭᠡᠷ ᠪᠠᠢᠰᠢᠩ ᠳᠥᠩᠭᠡᠵᠢ ᠪᠦᠷᠦᠭ ᠪᠠᠷᠤᠭ ᠦᠵᠡᠭᠳᠡᠵᠦ ᠪᠠᠢᠯ᠎ᠠ᠃ ᠁ ᠠᠺᠠᠺᠢ ᠠᠺᠠᠺᠢᠶᠸᠢᠴᠧ ᠶ᠋ᠢᠨ ᠨᠥᠬᠥᠭᠡ ᠪᠠᠶᠠᠷ ᠪᠠᠶᠠᠰᠬᠤᠯᠠᠩᠲᠤ ᠰᠡᠳᠬᠢᠯᠭᠡ ᠶᠠᠭᠠᠬᠢᠭᠠᠳ ᠶᠤᠮ ᠪᠤᠤ ᠮᠡᠳᠡ᠂ ᠡᠨᠳᠡ ᠬᠦᠷᠴᠦ ᠢᠷᠡᠭᠡᠳ ᠮᠡᠳᠡᠭᠳᠡᠬᠦᠢᠴᠡ ᠪᠠᠭᠤᠷᠠᠵᠠᠢ᠃ ᠲᠡᠭᠦᠨ ᠦ᠌ ᠰᠡᠳᠬᠢᠯ ᠳ᠋ᠦ᠍ ᠶᠠᠮᠠᠷ ᠨᠢᠭᠡᠨ ᠮᠠᠭᠤ ᠢᠷᠣ᠎ᠠ ᠪᠣᠯᠬᠤ ᠭᠡᠵᠦ ᠪᠠᠢᠭ᠎ᠠ ᠮᠡᠲᠦ ᠪᠣᠳᠣᠭᠳᠠᠨ᠂ ᠥᠪᠡᠷ ᠦ᠋ᠨ ᠡᠷᠬᠡ ᠦᠭᠡᠢ ᠠᠶᠤᠵᠤ ᠰᠣᠴᠢᠭᠰᠠᠭᠠᠷ ᠲᠠᠯᠠᠪᠠᠢ ᠤᠷᠤᠭᠤ ᠣᠷᠣᠵᠠᠢ᠃ ᠣᠷᠣᠭᠰᠢ ᠪᠠᠨ ᠬᠣᠢᠰᠢ ᠪᠠᠨ᠂ ᠬᠣᠶᠠᠷ ᠬᠠᠵᠠᠭᠤ ᠲᠡᠰᠢ ᠪᠡᠨ ᠠᠵᠢᠭᠯᠠᠵᠤ ᠦᠵᠡᠬᠦᠶ᠎ᠡ ᠵᠠᠬ᠎ᠠ ᠬᠢᠵᠠᠭᠠᠷ ᠦᠭᠡᠢ ᠳᠠᠯᠠᠢ ᠳ᠋ᠤ᠌ ᠣᠷᠣᠭᠰᠠᠨ ᠮᠡᠲᠦ ᠠᠵᠢ᠃ 《ᠬᠡᠷᠡᠭ ᠦᠭᠡᠢ᠂ ᠠᠵᠢᠭᠯᠠᠬᠤ ᠦᠭᠡᠢ ᠨᠢ ᠳᠡᠭᠡᠷ᠎ᠡ》 ᠭᠡᠵᠦ ᠪᠣᠳᠣᠵᠤ᠂ ᠨᠢᠳᠦ ᠪᠡᠨ ᠠᠨᠢᠨ ᠤᠷᠤᠭᠰᠢ ᠶᠠᠪᠤᠯ᠎ᠠ᠃ ᠲᠡᠭᠡᠵᠦ ᠶᠠᠪᠤᠵᠤ ᠪᠠᠢᠭᠠᠳ ᠣᠳᠣ ᠲᠠᠯᠠᠪᠠᠢ ᠶ᠋ᠢᠨ ᠲᠡᠷᠲᠡᠭᠡ ᠵᠠᠬ᠎ᠠ ᠳ᠋ᠤ᠌ ᠣᠢᠷᠠᠳᠪᠠ ᠤᠤ ᠦᠭᠡᠢ ᠦᠦ ᠭᠡᠵᠦ ᠦᠵᠡᠬᠦ ᠪᠡᠷ ᠨᠢᠳᠦ ᠪᠡᠨ ᠨᠡᠭᠡᠭᠡᠲᠡᠯ᠎ᠡ ᠭᠡᠨᠡᠳᠲᠡ ᠶᠠᠭ ᠡᠮᠦᠨ᠎ᠡ ᠨᠢ ᠰᠠᠬᠠᠯ ᠬᠤᠤᠵᠠ ᠲᠠᠢ ᠬᠡᠳᠦᠨ ᠬᠥᠮᠦᠰ ᠵᠣᠭᠰᠣᠵᠤ ᠪᠠᠢᠬᠤ ᠶ᠋ᠢ ᠦᠵᠡᠭᠡᠳ᠂ ᠴᠣᠬᠣᠮ ᠶᠠᠮᠠᠷ ᠱᠣᠣ ᠶᠠᠩᠵᠤ ᠶ᠋ᠢᠨ ᠠᠮᠢᠲᠠᠳ ᠪᠣᠯᠬᠤ ᠶ᠋ᠢ ᠲᠣᠳᠣᠷᠬᠠᠢ ᠠᠵᠢᠭᠯᠠᠵᠤ ᠵᠠᠪᠳᠤᠯ ᠦᠭᠡᠢ ᠬᠣᠶᠠᠷ ᠨᠢᠳᠦ ᠨᠢ ᠬᠠᠷᠠᠯᠠᠵᠤ ᠵᠢᠷᠦᠬᠡ ᠨᠢ ᠲᠦᠭᠰᠢᠵᠦ ᠡᠬᠢᠯᠡᠪᠡ᠃ 《ᠡᠨᠡ ᠴᠢᠨᠢ ᠮᠢᠨᠦ ᠰᠢᠨᠧᠯ ᠰᠢᠦ!》 ᠭᠡᠵᠦ ᠲᠡᠳᠡᠭᠡᠷ ᠦ᠋ᠨ ᠨᠢᠭᠡ ᠨᠢ ᠥᠨᠳᠥᠷ ᠳᠠᠭᠤᠨ ᠢ᠋ᠶ᠋ᠠᠷ ᠬᠡᠯᠡᠭᠡᠳ ᠠᠺᠠᠺᠢ ᠠᠺᠠᠺᠢᠶᠸᠢᠴᠧ ᠶ᠋ᠢ ᠵᠠᠭᠠᠮᠠᠳᠠᠨ ᠠᠪᠤᠯ᠎ᠠ᠃ ᠠᠺᠠᠺᠢ ᠠᠺᠠᠺᠢᠶᠸᠢᠴᠧ ᠬᠠᠷᠠᠭᠤᠯ ᠤ᠋ᠨ ᠬᠥᠮᠦᠨ ᠢ᠋ ᠬᠠᠰᠬᠢᠷᠬᠤ ᠭᠡᠲᠡᠯ᠎ᠡ ᠨᠥᠬᠥᠭᠡ ᠨᠢᠭᠡ ᠨᠢ ᠪᠦᠳᠦᠭᠦᠨ ᠨᠢᠳᠤᠷᠭ᠎ᠠ ᠪᠠᠷ ᠬᠠᠮᠠᠷ ᠤᠷᠤᠭᠤ ᠨᠢ ᠵᠠᠩᠭᠠᠨ: 《ᠬᠠᠰᠬᠢᠷᠪᠠᠯ ᠴᠢᠮ᠎ᠠ ᠳ᠋ᠤ᠌ ᠡᠭᠦᠨ ᠦ᠌ ᠠᠮᠲᠠ ᠶ᠋ᠢ ᠠᠮᠲᠠᠯᠠᠭᠤᠯᠤᠨ᠎ᠠ ᠰᠢᠦ!》 ᠭᠡᠵᠦ ᠰᠦᠷᠳᠡᠭᠦᠯᠦᠯ᠎ᠡ᠃ ᠳᠠᠷᠠᠭ᠎ᠠ ᠨᠢ ᠠᠺᠠᠺᠢ ᠠᠺᠠᠺᠢᠶᠸᠢᠴᠧ᠂ ᠵᠥᠪᠬᠡᠨ ᠨᠢᠭᠡ ᠬᠥᠮᠦᠨ ᠰᠢᠨᠧᠯ ᠢ᠋ ᠨᠢ ᠲᠠᠢᠯᠵᠤ ᠠᠪᠤᠭᠠᠳ ᠡᠪᠦᠳᠦᠭ ᠢ᠋ᠶ᠋ᠡᠷ ᠢ᠋ᠶ᠋ᠡᠨ ᠨᠢᠭᠡ ᠨᠦᠳᠦᠭᠰᠡᠨ ᠢ᠋ ᠨᠢ ᠮᠠᠭᠤᠬᠠᠨ ᠮᠡᠳᠡᠭᠡᠳ᠂ ᠴᠠᠰᠤᠨ ᠳᠡᠭᠡᠷ᠎ᠡ ᠳᠡᠭᠡᠭᠰᠢ ᠬᠠᠷᠠᠨ ᠤᠨᠠᠭᠠᠳ᠂ ᠤᠬᠠᠭᠠᠨ ᠠᠯᠳᠠᠴᠢᠬᠠᠵᠠᠢ᠃ ᠁
   ᠳᠠᠷᠠᠭ᠎ᠠ ᠡᠳᠦᠷ ᠨᠢ ᠲᠦᠰᠢᠮᠡᠯ ᠭᠤᠸᠠᠢ ᠵᠤᠷᠭᠠᠨ ᠳ᠋ᠤ᠌ ᠠᠵᠢᠯᠯᠠᠬᠤ ᠪᠠᠷ ᠣᠴᠢᠭᠰᠠᠨ ᠦᠭᠡᠢ (ᠲᠡᠭᠦᠨ ᠦ᠌ ᠲᠡᠦᠬᠡᠨ ᠳᠡᠭᠡᠷ᠎ᠡ ᠠᠩᠬ᠎ᠠ ᠤᠳᠠᠭ᠎ᠠ ᠭᠠᠷᠤᠭᠰᠠᠨ ᠶᠠᠪᠤᠳᠠᠯ)᠃ ᠨᠥᠭᠥᠭᠡᠳᠦᠷ ᠨᠢ ᠨᠥᠬᠥᠭᠡ ᠮᠠᠭᠤ ᠰᠢᠨᠧᠯ ᠢ᠋ᠶ᠋ᠡᠨ ᠡᠮᠦᠰᠦᠭᠡᠳ᠂ ᠴᠢᠷᠠᠢ ᠨᠢ ᠴᠠᠢᠭᠠᠳ ᠠᠯᠪᠠᠨ ᠭᠡᠷ ᠲᠡᠭᠡᠨ ᠣᠴᠢᠵᠠᠢ᠃ ᠠᠺᠠᠺᠢ ᠠᠺᠠᠺᠢᠶᠸᠢᠴᠧ ᠶ᠋ᠢᠨ ᠰᠢᠨᠧᠯ ᠢ᠋ᠶ᠋ᠡᠨ ᠳᠡᠭᠡᠷᠡᠮᠳᠡᠭᠦᠯᠦᠭᠰᠡᠨ ᠶᠠᠪᠤᠴᠠ ᠶ᠋ᠢᠨ ᠲᠤᠬᠠᠢ ᠲᠣᠭᠠᠴᠢᠨ ᠥᠭᠦᠯᠡᠭᠰᠡᠨ ᠶᠠᠷᠢᠶ᠎ᠠ ᠶ᠋ᠢ ᠵᠠᠷᠢᠮ ᠲᠦᠰᠢᠮᠡᠯ ᠰᠣᠨᠣᠰᠤᠭᠠᠳ ᠪᠠᠰᠠ ᠯᠠ ᠳᠣᠭᠣᠭᠢ ᠲᠣᠬᠣᠭᠤ ᠬᠢᠵᠦ ᠪᠠᠢᠭᠰᠠᠨ ᠪᠣᠯᠪᠠᠴᠤ ᠨᠡᠯᠢᠶᠡᠳ ᠬᠥᠮᠦᠰ ᠦ᠋ᠨ ᠦᠷᠦ ᠡᠪᠡᠳᠬᠦ ᠰᠡᠳᠬᠢᠯ ᠢ᠋ ᠬᠥᠳᠡᠯᠭᠡᠪᠡ᠃ ᠁ ᠨᠢᠭᠡ ᠲᠦᠰᠢᠮᠡᠯ ᠦ᠋ᠨ ᠳᠣᠲᠣᠷ᠎ᠠ ᠭᠡᠨᠡᠳᠲᠡ ᠶᠠᠳᠠᠭᠰᠠᠨ ᠠᠮᠢᠲᠠᠨ ᠢ᠋ ᠲᠤᠰᠠᠯᠠᠬᠤ ᠰᠠᠨᠠᠭ᠎ᠠ ᠡᠭᠦᠰᠴᠦ᠂ ᠨᠠᠭᠠᠳᠤ ᠵᠠᠬ᠎ᠠ ᠨᠢ ᠨᠢᠭᠡ ᠰᠠᠢᠨ ᠠᠷᠭ᠎ᠠ ᠭᠠᠷᠭᠠᠵᠤ ᠥᠭᠬᠦ ᠶ᠋ᠢ ᠪᠣᠳᠣᠵᠤ: ᠴᠢ ᠬᠢᠨᠠᠨ ᠪᠠᠢᠴᠠᠭᠠᠭᠴᠢ ᠳ᠋ᠤ᠌ ᠣᠴᠢᠵᠤ ᠮᠡᠳᠡᠭᠦᠯᠬᠦ ᠬᠡᠷᠡᠭ ᠦᠭᠡᠢ᠂ ᠬᠢᠨᠠᠨ ᠪᠠᠢᠴᠠᠭᠠᠭᠴᠢ ᠳᠡᠭᠡᠳᠦ ᠱᠠᠲᠤᠨ ᠤ᠋ ᠳᠠᠷᠤᠭ᠎ᠠ ᠶ᠋ᠢᠨ ᠮᠠᠭᠲᠠᠭᠠᠯ ᠢ᠋ ᠣᠯᠬᠤ ᠶ᠋ᠢᠨ ᠲᠥᠯᠥᠭᠡ ᠠᠷᠭ᠎ᠠ ᠤᠬᠠᠭᠠᠨ ᠰᠦᠪᠡᠭᠴᠢᠯᠡᠵᠦ ᠪᠠᠢᠭᠠᠳ ᠰᠢᠨᠧᠯ ᠢ᠋ ᠴᠢᠨᠢ ᠣᠯᠤᠭᠠᠳ ᠠᠪᠬᠤ ᠮᠠᠭᠠᠳ ᠦᠭᠡᠢ᠃ ᠭᠡᠪᠡᠴᠦ ᠲᠡᠷᠡ ᠰᠢᠨᠧᠯ ᠢ᠋ ᠴᠢᠨᠦᠬᠢ ᠮᠥᠨ ᠭᠡᠳᠡᠭ ᠢ᠋ ᠬᠠᠤᠯᠢ ᠶ᠋ᠢᠨ ᠪᠠᠷᠢᠮᠲᠠ ᠪᠠᠷ ᠭᠡᠷᠡᠴᠢᠯᠡᠵᠦ ᠴᠢᠳᠠᠬᠤ ᠦᠭᠡᠢ᠂ ᠰᠢᠨᠧᠯ ᠴᠢᠨᠢ ᠮᠥᠨ ᠴᠠᠭᠳᠠᠭᠠᠨ ᠤ᠋ ᠲᠣᠪᠴᠢᠶᠠᠨ ᠳ᠋ᠤ᠌ ᠬᠤᠷᠢᠶᠠᠭᠳᠠᠬᠤ ᠬᠦᠷᠦᠨ᠎ᠡ᠃ ᠲᠡᠭᠡᠬᠦ ᠶ᠋ᠢᠨ ᠣᠷᠣᠨ ᠳ᠋ᠤ᠌ ᠬᠠᠷᠢᠨ ᠨᠢᠭᠡ ᠨᠡᠷ᠎ᠡ ᠠᠯᠳᠠᠷᠲᠠᠢ ᠬᠥᠮᠦᠨ ᠳ᠋ᠦ᠍ ᠣᠴᠢᠵᠤ ᠭᠤᠶᠤᠪᠠᠯ ᠳᠡᠭᠡᠷ᠎ᠡ᠃ ᠲᠡᠷᠡ ᠨᠡᠷ᠎ᠡ ᠠᠯᠳᠠᠷᠲᠠᠢ ᠬᠥᠮᠦᠨ ᠬᠣᠯᠪᠣᠭᠳᠠᠯ ᠪᠦᠬᠦᠢ ᠬᠥᠮᠦᠨ ᠳ᠋ᠦ᠍ ᠵᠤᠷᠪᠤᠰ ᠪᠢᠴᠢᠭ ᠪᠢᠴᠢᠭᠡᠳ ᠥᠭᠳᠡᠭ ᠯᠡ ᠶᠦᠮ ᠪᠣᠯ ᠬᠡᠷᠡᠭ ᠴᠢᠨᠢ ᠰᠠᠨᠠᠭᠰᠠᠨ ᠶᠣᠰᠣᠭᠠᠷ ᠪᠦᠲᠦᠨ᠎ᠡ ᠭᠡᠵᠦ ᠠᠺᠠᠺᠢ ᠠᠺᠠᠺᠢᠶᠸᠢᠴᠧ ᠳ᠋ᠦ᠍ ᠵᠥᠪᠯᠡᠯᠭᠡᠨ ᠥᠭᠪᠡ᠃ ᠠᠺᠠᠺᠢ ᠠᠺᠠᠺᠢᠶᠸᠢᠴᠧ ᠠᠷᠭ᠎ᠠ ᠪᠤᠶᠤ ᠲᠡᠷᠡ ᠬᠦ᠌ ᠨᠡᠷ᠎ᠡ ᠠᠯᠳᠠᠷᠲᠠᠢ ᠬᠥᠮᠦᠨ ᠳ᠋ᠦ᠍ ᠣᠴᠢᠵᠤ ᠭᠤᠶᠤᠬᠤ ᠪᠠᠷ ᠰᠢᠢᠳᠪᠡ᠃ ᠲᠡᠷᠡ ᠨᠡᠷ᠎ᠡ ᠠᠯᠳᠠᠷᠲᠠᠢ ᠬᠥᠮᠦᠨ ᠴᠣᠬᠣᠮ ᠶᠠᠮᠠᠷ ᠡᠭᠦᠷᠭᠡ ᠲᠤᠰᠢᠶᠠᠯ ᠲᠠᠢ ᠪᠠ ᠴᠣᠬᠣᠮ ᠶᠠᠮᠠᠷ ᠶᠠᠪᠤᠳᠠᠯ ᠡᠷᠬᠢᠯᠡᠳᠡᠭ ᠢ᠋ ᠣᠳᠣ ᠪᠣᠯᠲᠠᠯ᠎ᠠ ᠲᠣᠳᠣᠷᠬᠠᠢᠯᠠᠵᠤ ᠴᠢᠳᠠᠭᠠᠳᠤᠢ᠃ ᠁ ᠡᠢᠮᠦ ᠯᠡ ᠮᠠᠶᠢᠭ ᠤ᠋ᠨ ᠨᠡᠷ᠎ᠡ ᠠᠯᠳᠠᠷᠲᠠᠨ ᠭᠤᠸᠠᠢ᠂ ᠠᠺᠠᠺᠢ ᠠᠺᠠᠺᠢᠶᠸᠢᠴᠧ ᠶ᠋ᠢᠨ ᠲᠡᠢᠨ ᠬᠦ᠌ ᠬᠥᠩᠭᠡᠮᠰᠦᠭ ᠳᠦᠷᠢ ᠪᠣᠯᠤᠨ ᠬᠠᠭᠤᠴᠢᠨ ᠮᠠᠭᠤ ᠬᠤᠪᠴᠠᠰᠤ ᠶ᠋ᠢ ᠨᠢ ᠦᠵᠡᠭᠡᠳ ᠭᠡᠨᠡᠳᠲᠡ: 《ᠴᠢ ᠶᠠᠮᠠᠷ ᠬᠡᠷᠡᠭ ᠲᠡᠢ ᠢᠷᠡᠪᠡ᠃ 》 ᠭᠡᠵᠦ ᠣᠭᠵᠣᠮᠬᠠᠨ ᠰᠢᠷᠦᠭᠦᠨ ᠳᠠᠭᠤᠨ ᠢ᠋ᠶ᠋ᠠᠷ ᠠᠰᠠᠭᠤᠪᠠ᠃ ᠁ ᠠᠺᠠᠺᠢ ᠠᠺᠠᠺᠢᠶᠸᠢᠴᠧ ᠬᠡᠵᠢᠶᠡᠨᠡᠢ ᠠᠶᠤᠨ ᠰᠦᠷᠳᠡᠭᠡᠳ ᠪᠠᠬᠠᠨ ᠪᠠᠯᠢᠳᠠᠵᠤ᠂ ᠠᠯᠢ ᠪᠣᠯᠬᠤ ᠪᠠᠷ ᠥᠪᠡᠷ ᠦ᠋ᠨ ᠬᠡᠯᠡ ᠠᠮᠠ ᠪᠠᠨ ᠡᠪᠰᠢᠭᠦᠯᠦᠨ᠂ ᠶᠡᠷᠦ ᠶ᠋ᠢᠨ ᠦᠶ᠎ᠡ ᠡᠴᠡ ᠪᠡᠨ ᠤᠯᠠᠮ ᠣᠯᠠᠨ 《ᠲᠡᠷᠡ ᠬᠦ᠌》ᠭᠡᠳᠡᠭ ᠰᠤᠯᠠ ᠦᠭᠡ ᠣᠷᠣᠭᠤᠯᠤᠨ᠂ ᠢᠷᠡᠭᠰᠡᠨ ᠤᠴᠢᠷ ᠢ᠋ᠶ᠋ᠠᠨ ᠲᠣᠳᠣᠷᠬᠠᠢᠯᠠᠬᠤ ᠳ᠋ᠠᠭᠠᠨ: ᠨᠠᠳᠠ ᠨᠢᠭᠡ ᠴᠣ ᠰᠢᠨ᠎ᠡ ᠰᠢᠨᠧᠯ ᠪᠠᠢᠭᠰᠠᠨ ᠶᠤᠮ᠃ ᠲᠡᠭᠦᠨ ᠢ᠋ ᠮᠢᠨᠢ ᠬᠥᠮᠦᠨ ᠬᠠᠷ᠎ᠠ ᠬᠦᠴᠦ ᠪᠡᠷ ᠳᠡᠭᠡᠷᠡᠮᠳᠡᠨ ᠪᠤᠯᠢᠶᠠᠪᠠ᠃ ᠡᠳᠦᠭᠡ ᠪᠢ ᠲᠠᠨ ᠳ᠋ᠤ᠌ ᠪᠠᠷᠠᠭᠠᠯᠠᠨ ᠭᠤᠶᠤᠬᠤ ᠨᠢ᠂ ᠲᠠ ᠴᠠᠭᠳᠠᠭᠠᠨ ᠤ᠋ ᠶᠡᠷᠦᠩᠬᠡᠢ ᠳᠠᠷᠤᠭ᠎ᠠ ᠳ᠋ᠤ᠌ ᠪᠤᠶᠤ ᠶᠠᠮᠠᠷ ᠨᠢᠭᠡᠨ ᠬᠥᠮᠦᠨ ᠳ᠋ᠦ᠍ ᠵᠠᠬᠢᠳᠠᠯ ᠪᠢᠴᠢᠨ ᠥᠭᠴᠦ ᠮᠢᠨᠦ ᠰᠢᠨᠧᠯ ᠢ᠋ ᠣᠯᠵᠤ ᠥᠭᠭᠦᠮᠦ ᠭᠡᠵᠦ ᠬᠡᠯᠡᠪᠡ᠃ ᠶᠠᠭᠤᠨ ᠤ᠋ ᠤᠴᠢᠷ ᠡᠴᠡ ᠪᠣᠯᠤᠭᠰᠠᠨ ᠢ᠋ ᠪᠤᠤ ᠮᠡᠳᠡ᠂ ᠭᠧᠨᠧᠷᠠᠯ ᠲᠡᠭᠦᠨ ᠦ᠌ ᠡᠨᠡ ᠭᠤᠶᠤᠳᠠᠯ ᠢ᠋ ᠬᠡᠲᠦᠷᠬᠡᠢ ᠡᠷᠡᠭᠡ ᠦᠭᠡᠢ ᠶᠠᠪᠤᠳᠠᠯ ᠭᠡᠵᠦ ᠪᠣᠳᠣᠭᠠᠳ᠂ ᠣᠭᠵᠣᠮ ᠳᠠᠭᠤᠨ ᠢ᠋ᠶ᠋ᠠᠷ ᠬᠡᠯᠡᠭᠰᠡᠨ ᠨᠢ: 《 ᠲᠠ ᠶᠣᠰᠣ ᠵᠢᠷᠤᠮ ᠮᠡᠳᠡᠨ᠎ᠡ ᠤᠤ? ᠡᠨᠡ ᠶᠠᠮᠠᠷ ᠭᠠᠵᠠᠷ ᠶᠤᠮ? ᠲᠠ ᠬᠡᠷᠡᠭ ᠤᠴᠢᠷ ᠢ᠋ ᠬᠡᠷᠬᠢᠨ ᠬᠦᠨᠳᠦᠳᠬᠡᠳᠡᠭ ᠢ᠋ ᠮᠡᠳᠡᠬᠦ ᠦᠭᠡᠢ ᠦᠦ? ᠡᠢᠮᠦ ᠬᠡᠷᠡᠭ ᠦ᠋ᠨ ᠲᠤᠬᠠᠢ ᠲᠠ ᠤᠷᠢᠳᠠᠪᠠᠷ ᠬᠡᠷᠡᠭ ᠡᠷᠬᠢᠯᠡᠬᠦ ᠭᠠᠵᠠᠷ ᠡᠷᠭᠦᠳᠡᠯ ᠢ᠋ᠶ᠋ᠡᠷ ᠮᠡᠳᠡᠭᠦᠯᠬᠦ ᠶᠣᠰᠣᠲᠠᠢ᠃ ᠡᠷᠭᠦᠳᠡᠯ ᠢ᠋ᠶ᠋ᠡᠨ ᠲᠠᠰᠤᠭ ᠤ᠋ᠨ ᠳᠠᠷᠤᠭ᠎ᠠ ᠳ᠋ᠤ᠌ ᠥᠭᠬᠦ ᠬᠡᠷᠡᠭᠲᠡᠢ᠂ ᠲᠠᠰᠤᠭ ᠤ᠋ᠨ ᠳᠠᠷᠤᠭ᠎ᠠ ᠲᠡᠭᠦᠨ ᠢ᠋ ᠰᠠᠯᠠᠭᠠᠨ ᠳᠠᠷᠤᠭ᠎ᠠ ᠳ᠋ᠤ᠌ ᠰᠢᠯᠵᠢᠭᠦᠯᠦᠨ᠎ᠡ᠃ ᠰᠠᠯᠠᠭᠠᠨ ᠳᠠᠷᠤᠭ᠎ᠠ ᠨᠠᠷᠢᠨ ᠪᠢᠴᠢᠭᠡᠴᠢ ᠳ᠋ᠦ᠍ ᠰᠢᠯᠵᠢᠭᠦᠯᠦᠨ᠎ᠡ᠂ ᠨᠠᠷᠢᠨ ᠪᠢᠴᠢᠭ ᠦ᠋ᠨ ᠳᠠᠷᠤᠭ᠎ᠠ ᠨᠠᠳᠠ ᠠᠪᠴᠢᠷᠠᠵᠤ ᠦᠵᠡᠭᠦᠯᠦᠨ᠎ᠡ ᠁》 ᠭᠡᠪᠡ᠃
   ᠬᠦᠢᠲᠡᠨ ᠬᠥᠯᠥᠰᠥ ᠴᠢᠭᠢᠭᠯᠡᠭᠰᠡᠨ ᠠᠺᠠᠺᠢ ᠠᠺᠠᠺᠢᠶᠸᠢᠴᠧ ᠪᠠᠢᠳᠠᠭ ᠵᠣᠷᠢᠭ ᠢ᠋ᠶ᠋ᠠᠨ ᠭᠠᠷᠭᠠᠵᠤ: 《ᠭᠡᠪᠡᠴᠦ᠂ ᠶᠡᠬᠡ ᠬᠥᠮᠦᠨ ᠭᠤᠸᠠᠢ ᠮᠢᠨᠢ᠂ ᠪᠢ ᠶᠡᠬᠡ ᠬᠥᠮᠦᠨ ᠦ᠌ ᠵᠠᠬ᠎ᠠ ᠳ᠋ᠤ᠌ ᠰᠢᠭᠤᠳ ᠢᠷᠡᠭᠰᠡᠨ ᠦ᠌ ᠤᠴᠢᠷ ᠪᠣᠯ ᠨᠠᠷᠢᠨ ᠪᠢᠴᠢᠭᠡᠴᠢ ᠨᠠᠷ ᠲᠡᠷᠡ ᠬᠦ᠌ ᠁ ᠴᠥᠮ ᠢᠲᠡᠭᠡᠯ ᠦᠭᠡᠢ ᠬᠥᠮᠦᠨ ᠰᠢᠦ ᠁》 ᠭᠡᠲᠡᠯ᠎ᠡ᠂
   ᠨᠡᠷ᠎ᠡ ᠠᠯᠳᠠᠷᠲᠠᠨ ᠭᠤᠸᠠᠢ: 《ᠶᠠᠭᠤ ᠭᠡᠨ᠎ᠡ ᠴᠢ? ᠲᠠ ᠶᠠᠭᠠᠬᠢᠭᠰᠠᠨ ᠶᠡᠬᠡ ᠵᠢᠷᠦᠬᠡᠲᠡᠢ ᠬᠥᠮᠦᠨ ᠪᠣᠢ? ᠶᠠᠭᠤᠨ ᠤ᠋ ᠤᠴᠢᠷ ᠡᠴᠡ ᠲᠡᠭᠡᠵᠦ ᠪᠣᠳᠣᠳᠠᠭ ᠶᠤᠮ? ᠵᠠᠯᠠᠭᠤ ᠬᠥᠮᠦᠨ ᠠᠲᠠᠯ᠎ᠠ ᠳᠠᠷᠤᠭ᠎ᠠ ᠨᠠᠷ ᠢ᠋ᠶ᠋ᠠᠨ᠂ ᠳᠡᠭᠡᠷ᠎ᠡ ᠳᠡᠰ ᠦ᠋ᠨ ᠬᠥᠮᠦᠨ ᠢ᠋ᠶ᠋ᠡᠨ ᠡᠰᠡᠷᠭᠦᠴᠡᠳᠡᠭ ᠴᠢᠨᠢ ᠶᠣᠰᠣᠲᠠᠢ ᠭᠠᠯᠵᠠᠭᠤᠷᠠᠬᠤ ᠳ᠋ᠤ᠌ ᠭᠠᠭᠴᠠ ᠬᠤᠷᠤᠭᠤ ᠳᠤᠲᠠᠵᠤ ᠪᠠᠢᠨ᠎ᠠ ᠳᠠ !》 ᠭᠡᠪᠡ᠃ ᠡᠨᠡ ᠬᠦ᠌ ᠨᠡᠷ᠎ᠡ ᠠᠯᠳᠠᠷᠲᠠᠨ ᠭᠤᠸᠠᠢ᠂ ᠠᠺᠠᠺᠢ ᠠᠺᠠᠺᠢᠶᠸᠢᠴᠧ ᠶ᠋ᠢᠨ ᠲᠠᠪᠢ ᠭᠠᠷᠤᠢ ᠨᠠᠰᠤᠲᠠᠢ ᠶ᠋ᠢ ᠠᠩᠬᠠᠷᠤᠭᠰᠠᠨ ᠦᠭᠡᠢ ᠪᠣᠯᠤᠯᠲᠠᠢ᠃ ᠁ 《ᠲᠠ ᠬᠡᠨ ᠲᠡᠢ ᠶᠠᠷᠢᠵᠤ ᠪᠣᠢ ᠪᠠᠨ ᠮᠡᠳᠡᠵᠦ ᠪᠠᠢᠨ᠎ᠠ ᠤᠤ? ᠴᠢᠨᠦ ᠡᠮᠦᠨ᠎ᠡ ᠶᠠᠮᠠᠷ ᠬᠥᠮᠦᠨ ᠵᠣᠭᠰᠣᠵᠤ ᠪᠠᠢᠬᠤ ᠶ᠋ᠢ ᠮᠡᠳᠡᠵᠦ ᠪᠠᠢᠨ᠎ᠠ ᠤᠤ? ᠪᠢ ᠲᠠᠨ ᠡᠴᠡ ᠦᠭᠡ ᠠᠰᠠᠭᠤᠵᠤ ᠪᠠᠢᠨ᠎ᠠ ᠰᠢᠦ!》 ᠭᠡᠵᠦ ᠬᠡᠯᠡᠭᠡᠳ ᠨᠡᠷ᠎ᠡ ᠠᠯᠳᠠᠷᠲᠠᠨ ᠭᠤᠸᠠᠢ ᠭᠠᠵᠠᠷ ᠳᠡᠪᠬᠡᠷᠦᠨ ᠴᠢᠷᠠᠯᠠᠪᠠ᠃ ᠡᠭᠦᠨ ᠳ᠋ᠦ᠍ ᠠᠺᠠᠺᠢ ᠠᠺᠠᠺᠢᠶᠸᠢᠴᠧ ᠪᠠᠢᠲᠤᠭᠠᠢ ᠥᠭᠡᠷ᠎ᠡ ᠬᠥᠮᠦᠨ ᠪᠣᠯᠪᠠᠴᠤ ᠠᠶᠤᠮᠠᠷ ᠪᠠᠢᠯ᠎ᠠ᠃ ᠠᠺᠠᠺᠢ ᠠᠺᠠᠺᠢᠶᠸᠢᠴᠧ ᠨᠢᠳᠦ ᠨᠢ ᠡᠷᠢᠶᠡᠯᠵᠡᠨ ᠬᠠᠮᠤᠭ ᠪᠡᠶ᠎ᠡ ᠨᠢ ᠳᠠᠢᠪᠠᠯᠵᠠᠨ ᠴᠡᠴᠡᠷᠡᠵᠦ ᠵᠣᠭᠰᠣᠵᠤ ᠴᠢᠳᠠᠬᠤ ᠦᠭᠡᠢ ᠪᠣᠯᠵᠠᠢ᠃ ᠬᠡᠷᠪᠡ ᠬᠠᠭᠠᠯᠭᠠᠴᠢ ᠭᠦᠶᠦᠨ ᠢᠷᠡᠵᠦ ᠳᠥᠰᠢᠨ ᠠᠪᠤᠭᠰᠠᠨ ᠦᠭᠡᠢ ᠪᠣᠯ ᠯᠠᠪ ᠱᠠᠯᠠᠨ ᠳᠡᠭᠡᠷ᠎ᠡ ᠲᠦᠰ ᠬᠢᠲᠡᠯ᠎ᠡ ᠤᠨᠠᠬᠤ ᠪᠠᠢᠯ᠎ᠠ᠃ ᠲᠡᠢᠨ ᠬᠦ᠌ ᠦᠬᠦᠭᠰᠡᠨ ᠬᠥᠮᠦᠨ ᠮᠡᠲᠦ ᠪᠣᠯᠵᠤ ᠬᠥᠮᠦᠨ ᠢ᠋ᠶ᠋ᠡᠷ ᠲᠦᠰᠢᠭᠦᠯᠦᠨ ᠭᠠᠷᠴᠠᠢ᠃ ᠁
   ᠠᠰᠠᠷ ᠤ᠋ᠨ ᠱᠠᠲᠤ ᠪᠠᠷ ᠬᠡᠷᠬᠢᠨ ᠪᠠᠭᠤᠭᠰᠠᠨ ᠪᠠ ᠵᠡᠭᠡᠯᠢ ᠳᠡᠭᠡᠷ᠎ᠡ ᠶᠠᠭᠠᠬᠢᠵᠤ ᠬᠦᠷᠴᠦ ᠢᠷᠡᠭᠰᠡᠨ ᠢ᠋ᠶ᠋ᠡᠨ ᠠᠺᠠᠺᠢ ᠠᠺᠠᠺᠢᠶᠸᠢᠴᠧ ᠣᠭᠲᠣ ᠮᠡᠳᠡᠬᠦ ᠦᠭᠡᠢ ᠪᠠᠢᠯ᠎ᠠ᠃ ᠭᠠᠷ ᠬᠥᠯ ᠨᠢ ᠪᠦᠷ ᠮᠡᠳᠡᠭᠡ ᠠᠯᠳᠠᠵᠠᠢ᠃ ᠨᠢᠭᠡ ᠨᠠᠰᠤᠨ ᠳ᠋ᠠᠭᠠᠨ ᠨᠢᠭᠡᠨ ᠭᠧᠨᠧᠷᠠᠯ ᠢ᠋ᠶ᠋ᠠᠷ᠂ ᠲᠡᠭᠡᠬᠦ ᠳ᠋ᠡᠭᠡᠨ ᠪᠠᠰᠠ ᠣᠭᠲᠣ ᠲᠠᠨᠢᠬᠤ ᠦᠭᠡᠢ ᠨᠢᠭᠡᠨ ᠭᠧᠨᠧᠷᠠᠯ ᠢ᠋ᠶ᠋ᠠᠷ ᠡᠨᠡ ᠮᠡᠲᠦ ᠠᠢᠬᠤᠪᠲᠤᠷ ᠵᠢᠮᠡᠯᠡᠭᠦᠯᠵᠦ ᠦᠵᠡᠭᠡ ᠦᠭᠡᠢ ᠪᠠᠢᠵᠠᠢ᠃ ᠠᠺᠠᠺᠢ ᠠᠺᠠᠺᠢᠶᠸᠢᠴᠧ ᠰᠠᠯᠬᠢ ᠰᠢᠭᠤᠷᠭᠠᠨ ᠳᠤᠮᠳᠠᠭᠤᠷ ᠠᠮᠠ ᠪᠠᠨ ᠠᠩᠭᠠᠢᠨ ᠭᠦᠶᠦᠬᠦ ᠳ᠋ᠡᠭᠡᠨ᠂ ᠶᠠᠪᠠᠭᠠᠨ ᠵᠠᠮ ᠡᠴᠡ ᠪᠠᠢᠨ ᠪᠠᠢᠨ ᠰᠠᠯᠵᠤ ᠪᠠᠢᠯ᠎ᠠ᠃ ᠫᠸᠲᠷᠪᠦᠷᠢᠭ ᠦ᠋ᠨ ᠰᠠᠯᠬᠢᠨ ᠥᠪᠡᠷ ᠦ᠋ᠨ ᠵᠠᠩᠰᠢᠯ ᠢ᠋ᠶ᠋ᠠᠷ᠂ ᠶᠡᠬᠡ ᠪᠠᠭ᠎ᠠ ᠭᠤᠳᠤᠮᠵᠢ ᠪᠠᠷ᠂ ᠳᠥᠷᠪᠡᠨ ᠵᠦᠭ ᠨᠠᠢ᠍ᠮᠠ ᠵᠣᠪᠬᠢᠰ ᠡᠴᠡ ᠲᠡᠭᠦᠨ ᠤᠷᠤᠭᠤ ᠳᠠᠭᠠᠷᠢᠨ ᠢᠷᠡᠵᠦ ᠪᠠᠢᠭᠰᠠᠨ ᠲᠤᠯᠠ ᠳᠣᠣᠷ᠎ᠠ ᠪᠠᠨ ᠬᠣᠭᠣᠯᠠᠢ ᠶ᠋ᠢᠨ ᠦᠷᠪᠢᠰᠦᠯ ᠳ᠋ᠦ᠍ ᠨᠡᠷᠪᠡᠭᠳᠡᠪᠡ᠃ ᠠᠺᠠᠺᠢ ᠠᠺᠠᠺᠢᠶᠸᠢᠴᠧ ᠠᠷᠠᠢᠭᠡᠵᠦ ᠭᠡᠷ ᠲᠡᠭᠡᠨ ᠬᠦᠷᠴᠦ ᠢᠷᠡᠬᠦ ᠳ᠋ᠦ᠍ ᠬᠣᠭᠣᠯᠠᠢ ᠪᠠᠭᠠᠯᠵᠤᠤᠷ ᠨᠢ ᠬᠠᠪᠤᠳᠤᠭᠠᠳ᠂ ᠭᠠᠭᠴᠠ ᠦᠭᠡ ᠴᠦ᠍ ᠳᠤᠤᠭᠠᠷᠬᠤ ᠲᠡᠩᠬᠡᠭᠡ ᠦᠭᠡᠢ ᠣᠷᠣᠨ ᠳᠡᠭᠡᠷ᠎ᠡ ᠪᠡᠨ ᠣᠢᠴᠢᠵᠠᠢ᠃ ᠁ ᠡᠮᠴᠢ ᠢᠷᠡᠵᠦ ᠰᠤᠳᠠᠯ ᠢ᠋ ᠨᠢ ᠪᠠᠷᠢᠵᠤ ᠦᠵᠡᠭᠡᠳ᠂ ᠶᠠᠮᠠᠷ ᠴᠤ᠌ ᠠᠷᠭ᠎ᠠ ᠲᠣᠮ ᠬᠢᠵᠦ ᠥᠭᠴᠦ ᠴᠢᠳᠠᠭᠰᠠᠨ ᠦᠭᠡᠢ᠂ ᠁ ᠰᠠᠭᠤᠭᠰᠠᠨ ᠭᠡᠷ ᠦ᠋ᠨ ᠡᠵᠡᠭᠲᠡᠢ ᠳ᠋ᠦ᠍ᠨᠢ: 《ᠡᠮᠡᠭᠡᠨ ᠭᠤᠸᠠᠢ ᠠ᠋᠂ ᠲᠠ ᠲᠡᠭᠦᠨ ᠳ᠋ᠦ᠍ ᠡᠷᠲᠡᠬᠡᠨ ᠨᠠᠷᠠᠰᠤᠨ ᠮᠣᠳᠣ ᠪᠠᠷ ᠠᠪᠰᠠ ᠬᠢᠵᠦ ᠪᠡᠯᠡᠳᠭᠡ᠂ ᠴᠠᠷᠠᠰᠤᠨ ᠮᠣᠳᠣ ᠪᠠᠷ ᠬᠢᠭᠰᠡᠨ ᠠᠪᠰᠠ ᠪᠣᠯ ᠡᠭᠦᠨ ᠳ᠋ᠦ᠍ ᠦᠨ᠎ᠡ ᠨᠢ ᠠᠬᠠᠳᠠᠨ᠎ᠠ》 ᠭᠡᠵᠦ ᠬᠡᠯᠡᠵᠦ ᠥᠭᠴᠡᠢ᠃ ᠠᠺᠠᠺᠢ ᠠᠺᠠᠺᠢᠶᠸᠢᠴᠧ ᠡᠳᠡᠭᠡᠷ ᠲᠡᠭᠦᠨ ᠦ᠌ ᠦᠬᠦᠬᠦ ᠳ᠋ᠦ᠍ ᠲᠤᠯᠤᠭᠰᠠᠨ ᠲᠤᠬᠠᠢ ᠶᠠᠷᠢᠶ᠎ᠠ ᠶ᠋ᠢ ᠰᠣᠨᠣᠰᠤᠭᠰᠠᠨ ᠡᠰᠡᠬᠦ ᠶ᠋ᠢ᠂ ᠬᠡᠷᠪᠡ ᠰᠣᠨᠣᠰᠤᠭᠰᠠᠨ ᠪᠣᠯ ᠥᠪᠡᠷ ᠦ᠋ᠨ ᠲᠡᠷᠡ ᠬᠦ᠌ ᠵᠣᠯ ᠵᠠᠪᠰᠢᠶᠠᠨ ᠦᠭᠡᠢ ᠨᠢᠭᠡ ᠨᠠᠰᠤᠨ ᠤ᠋ ᠠᠮᠢᠳᠤᠷᠠᠯ ᠢ᠋ᠶ᠋ᠠᠨ ᠬᠠᠢᠷᠠᠯᠠᠨ᠂ ᠰᠡᠳᠬᠢᠯ ᠰᠠᠨᠠᠭ᠎ᠠ ᠵᠣᠪᠠᠵᠤ ᠪᠠᠢᠬᠤ ᠡᠰᠡᠬᠦ ᠶ᠋ᠢ ᠮᠡᠳᠡᠬᠦᠶ᠎ᠡ ᠪᠡᠷᠬᠡ ᠠᠵᠢ᠃ ᠤᠴᠢᠷ ᠨᠢ ᠡᠨᠡ ᠡᠪᠡᠳᠴᠢᠲᠡᠨ ᠪᠣᠯ ᠦᠷᠭᠦᠯᠵᠢ ᠯᠡ ᠬᠠᠯᠠᠭᠤᠷᠠᠵᠤ ᠰᠣᠯᠢᠶ᠎ᠠ ᠦᠭᠡ ᠶᠠᠷᠢᠭᠰᠠᠭᠠᠷ ᠪᠠᠢᠵᠠᠢ᠃ ᠲᠡᠭᠦᠨ ᠦ᠌ ᠨᠢᠳᠦᠨ ᠳ᠋ᠦ᠍ ᠵᠢᠭᠲᠡᠢᠬᠡᠨ ᠰᠣᠨᠢᠨ ᠦᠵᠡᠭᠳᠡᠯ ᠦ᠋ᠳ ᠳᠠᠷᠠᠭ᠎ᠠ ᠳᠠᠷᠠᠭ᠎ᠠ ᠪᠠᠷ ᠢ᠋ᠶ᠋ᠠᠨ ᠦᠵᠡᠭᠳᠡᠨ᠎ᠡ: ᠫᠧᠲᠷᠸᠢᠴᠧ ᠨᠢᠳᠦᠨ ᠳ᠋ᠦ᠍ᠨᠢ ᠦᠵᠡᠭᠳᠡᠵᠦ᠂ ᠲᠡᠭᠦᠨ ᠢ᠋ᠶ᠋ᠡᠷ ᠬᠤᠯᠠᠭᠠᠢᠴᠢ ᠪᠠᠷᠢᠳᠠᠭ ᠪᠠᠭᠠᠵᠢ ᠬᠡᠷᠡᠭᠰᠡᠯ ᠲᠡᠢ ᠰᠢᠨᠧᠯ ᠬᠢᠯᠭᠡᠪᠡ᠂ ᠲᠡᠳᠡᠭᠡᠷ ᠬᠤᠯᠠᠭᠠᠢᠴᠢ ᠣᠷᠣ ᠳᠣᠣᠷ᠎ᠠ ᠡᠴᠡ ᠨᠢ ᠰᠠᠯᠬᠤ ᠦᠭᠡᠢ ᠬᠣᠷᠭᠣᠳᠠᠵᠤ ᠪᠠᠢᠬᠤ ᠰᠢᠭ᠋ ᠰᠠᠨᠠᠭᠳᠠᠨ᠂ ᠰᠠᠭᠤᠭᠰᠠᠨ ᠭᠡᠷ ᠦ᠋ᠨ ᠢ᠋ᠶ᠋ᠡᠨ ᠡᠵᠡᠭᠲᠡᠢ ᠶ᠋ᠢ ᠦᠷᠭᠦᠯᠵᠢ ᠳᠠᠭᠤᠳᠠᠵᠤ ᠪᠠᠢᠭᠰᠠᠨ ᠪᠥᠭᠡᠳ ᠴᠢᠨᠠᠭᠰᠢᠯᠠᠪᠠᠯ ᠮᠢᠨᠦ ᠬᠥᠨᠵᠢᠯᠡ ᠳᠣᠲᠣᠷᠠᠬᠢ ᠬᠤᠯᠠᠭᠠᠢᠴᠢ ᠶ᠋ᠢ ᠴᠢᠷᠴᠦ ᠭᠠᠷᠭᠠᠭᠠᠴᠢ ᠭᠡᠵᠦ ᠭᠤᠶᠤᠳᠠᠭ ᠪᠣᠯᠪᠠ᠃ ᠭᠡᠨᠡᠳᠲᠡ ᠪᠠᠰᠠ ᠶᠠᠭᠠᠬᠢᠭᠠᠳ ᠮᠢᠨᠦ ᠬᠠᠭᠤᠴᠢᠨ ᠮᠠᠭᠤ ᠰᠢᠨᠧᠯ ᠢ᠋ ᠡᠮᠦᠨ᠎ᠡ ᠡᠯᠭᠦᠵᠦ ᠪᠠᠢᠭ᠎ᠠ ᠶᠤᠮ᠂ ᠮᠢᠨᠦ ᠰᠢᠨ᠎ᠡ ᠰᠢᠨᠧᠯ ᠶᠠᠭᠠᠬᠢᠪᠠ ᠭᠡᠵᠦ ᠠᠰᠠᠭᠤᠨ᠎ᠠ᠃ ᠭᠡᠨᠡᠳᠲᠡ ᠭᠧᠨᠧᠷᠠᠯ ᠤ᠋ᠨ ᠡᠮᠦᠨ᠎ᠡ ᠵᠣᠭᠰᠣᠵᠤ ᠵᠢᠮᠡᠯᠡᠯ ᠬᠦᠯᠢᠶᠡᠵᠦ ᠪᠠᠢᠭ᠎ᠠ ᠰᠢᠭ᠋ ᠪᠤᠳᠤᠭᠳᠠᠨ᠂ 《ᠪᠢ ᠪᠤᠷᠤᠭᠤ ᠬᠡᠷᠡᠭ ᠬᠢᠵᠡᠢ᠂ ᠶᠡᠬᠡ ᠬᠥᠮᠦᠨ ᠭᠤᠸᠠᠢ!》 ᠭᠡᠵᠦ ᠶᠠᠷᠢᠨ᠎ᠠ᠃ ᠬᠠᠮᠤᠭ ᠤ᠋ᠨ ᠰᠡᠭᠦᠯ ᠳ᠋ᠦ᠍ ᠭᠡᠨᠡᠳᠲᠡ ᠰᠣᠨᠣᠰᠬᠤ ᠠᠷᠭ᠎ᠠ ᠦᠭᠡᠢ ᠮᠠᠭᠤᠬᠠᠢ ᠬᠠᠷᠢᠶᠠᠯ ᠢ᠋ᠶ᠋ᠠᠷ ᠬᠠᠷᠢᠶᠠᠨ ᠵᠥᠭᠡᠵᠦ ᠭᠠᠷᠪᠠ᠂ ᠡᠵᠡᠭᠲᠡᠢ ᠨᠢ ᠲᠡᠭᠦᠨ ᠦ᠌ ᠠᠮᠠᠨ ᠡᠴᠡ ᠡᠢᠮᠦ ᠮᠠᠭᠤᠬᠠᠢ ᠬᠠᠷᠢᠶᠠᠯ ᠤ᠋ᠨ ᠦᠭᠡ ᠭᠠᠷᠬᠤ ᠶ᠋ᠢ ᠰᠣᠨᠣᠰᠤᠭ᠎ᠠ ᠦᠭᠡᠢ ᠪᠠ ᠢᠯᠠᠩᠭᠤᠶ᠎ᠠ ᠡᠳᠡᠭᠡᠷ ᠬᠠᠷᠢᠶᠠᠯ ᠵᠦᠬᠡᠯ ᠨᠢ 《ᠶᠡᠬᠡ ᠬᠥᠮᠦᠨ》 ᠭᠡᠳᠡᠭ ᠦᠭᠡ ᠲᠡᠢ ᠵᠠᠯᠭᠠᠯᠳᠤᠵᠤ ᠪᠠᠢᠭᠰᠠᠨ ᠲᠤᠯᠠ ᠡᠵᠡᠭᠲᠡᠢ ᠰᠠᠨᠳᠤᠷᠤᠨ ᠴᠡᠭᠡᠵᠢᠨ ᠳᠡᠭᠡᠭᠦᠷ ᠢ᠋ᠶ᠋ᠡᠨ ᠵᠠᠭᠠᠯᠮᠠᠢᠯᠠᠪᠠ᠃ ᠳᠠᠷᠠᠭ᠎ᠠ ᠨᠢ᠂ ᠬᠡᠨ ᠴᠦ᠍ ᠮᠡᠳᠡᠬᠦ ᠶ᠋ᠢᠨ ᠠᠷᠭ᠎ᠠ ᠦᠭᠡᠢ ᠰᠣᠯᠢᠶ᠎ᠠ ᠦᠭᠡ ᠶᠠᠷᠢᠪᠠ᠃ ᠮᠡᠳᠡᠭᠳᠡᠬᠦ ᠡᠴᠡ᠂ ᠡᠳᠡᠭᠡᠷ ᠦᠭᠡ ᠨᠢ ᠨᠥᠭᠥᠭᠡ ᠰᠢᠨ᠎ᠡ ᠰᠢᠨᠧᠯ ᠡᠴᠡ ᠶᠡᠷᠦ ᠰᠠᠯᠬᠤ ᠦᠭᠡᠢ ᠪᠠᠢᠵᠠᠢ᠃ ᠲᠡᠭᠡᠵᠦ ᠲᠡᠭᠡᠵᠦ ᠪᠠᠢᠭᠠᠳ ᠬᠥᠭᠡᠷᠦᠬᠦᠢᠯᠡᠯᠲᠡᠢ ᠠᠮᠢᠲᠠᠨ ᠠᠺᠠᠺᠢ ᠠᠺᠠᠺᠢᠶᠸᠢᠴᠧ ᠠᠮᠢ ᠲᠠᠯᠪᠢᠴᠢᠬᠠᠯ᠎ᠠ᠃ ᠁
   ᠦᠬᠦᠭᠰᠡᠨ ᠦ᠌ ᠳᠠᠷᠠᠭ᠎ᠠ ᠫᠧᠲᠷᠪᠦᠷᠢᠭ ᠦ᠋ᠨ ᠭᠠᠵᠠᠷ ᠪᠦᠬᠦᠨ ᠢ᠋ᠶ᠋ᠡᠷ ᠨᠢᠭᠡ ᠵᠢᠭᠲᠡᠢ ᠴᠢᠮᠡᠭᠡ ᠳᠡᠯᠭᠡᠷᠡᠨ᠂ ᠺᠠᠯᠢᠨᠺᠢᠨ ᠤ᠋ ᠬᠥᠭᠥᠷᠭᠡ ᠶ᠋ᠢᠨ ᠬᠠᠪᠢ ᠪᠠᠷ᠂ ᠰᠥᠨᠢ ᠪᠦᠷᠢ ᠨᠢᠭᠡᠨ ᠲᠦᠰᠢᠮᠡᠯ ᠮᠠᠶᠢᠭ ᠤ᠋ᠨ ᠣᠷᠣᠯᠠᠩ ᠭᠠᠷᠴᠤ ᠢᠷᠡᠭᠡᠳ᠂ ᠶᠠᠭᠤᠨᠠᠢ ᠨᠢᠭᠡ ᠳᠡᠭᠡᠷᠡᠮᠳᠡᠭᠳᠡᠭᠰᠡᠨ ᠰᠢᠨᠧᠯ ᠡᠷᠢᠵᠦ ᠪᠠᠢᠨ᠎ᠠ ᠭᠡᠳᠡᠭ ᠰᠢᠯᠲᠠᠭ ᠢ᠋ᠶ᠋ᠠᠷ ᠶᠠᠮᠠᠷ ᠴᠤ᠌ ᠬᠡᠷᠭᠡᠮᠲᠡᠨ᠂ ᠶᠠᠮᠠᠷ ᠴᠤ᠌ ᠠᠯᠳᠠᠷ ᠬᠦᠨᠳᠦᠲᠡᠨ ᠢ᠋ ᠳᠤᠩᠭᠠᠯ ᠦᠭᠡᠢ ᠪᠡᠷ ᠬᠥᠮᠦᠨ ᠪᠦᠷᠢ ᠶ᠋ᠢᠨ ᠰᠢᠨᠧᠯ ᠢ᠋ ᠬᠠᠭᠤᠯᠤᠨ ᠠᠪᠬᠤ ᠳ᠋ᠠᠭᠠᠨ ᠮᠥᠨ ᠳᠣᠲᠣᠷ ᠢ᠋ ᠨᠢ ᠮᠤᠤᠷ ᠤ᠋ᠨ ᠠᠷᠠᠰᠤᠨ᠂ ᠮᠢᠨᠵᠢ᠂ ᠡᠯᠪᠡᠩᠭᠦᠨ᠂ ᠬᠥᠪᠥᠩ᠂ ᠦᠨᠡᠭᠡᠨ᠂ ᠪᠠᠭᠠᠪᠠᠭᠠᠢ ᠶ᠋ᠢᠨ ᠠᠷᠠᠰᠤᠨ ᠤ᠋ ᠭᠡᠵᠦ ᠢᠯᠭᠠᠯ ᠦᠭᠡᠢ - ᠨᠢᠭᠡ ᠯᠡ ᠦᠭᠡ ᠪᠡᠷ ᠬᠡᠯᠡᠪᠡᠯ ᠬᠥᠮᠦᠰ ᠬᠦᠢᠲᠡᠨ ᠡᠴᠡ ᠪᠡᠶ᠎ᠡ ᠪᠡᠨ ᠬᠠᠯᠬᠠᠯᠠᠬᠤ ᠪᠠᠷ ᠬᠢᠭᠰᠡᠨ ᠠᠯᠢᠪᠠ ᠦᠰᠦᠲᠡᠢ ᠰᠢᠨᠧᠯ ᠢ᠋ ᠪᠦᠷᠢ ᠬᠠᠭᠤᠯᠤᠨ ᠠᠪᠴᠤ ᠪᠠᠢᠨ᠎ᠠ ᠭᠡᠵᠦ ᠶᠠᠷᠢᠵᠠᠭᠠᠬᠤ ᠪᠣᠯᠤᠯ᠎ᠠ᠃ ᠵᠤᠷᠭᠠᠨ ᠤ᠋ ᠨᠢᠭᠡᠨ ᠲᠦᠰᠢᠮᠡᠯ ᠡᠨᠡ ᠣᠷᠣᠯᠠᠩ ᠢ᠋ ᠨᠢᠳᠦ ᠪᠡᠷ ᠢ᠋ᠶ᠋ᠡᠨ ᠦᠵᠡᠭᠰᠡᠨ ᠪᠥᠭᠡᠳ ᠠᠺᠠᠺᠢ ᠠᠺᠠᠺᠢᠶᠸᠢᠴᠧ ᠮᠥᠨ ᠪᠠᠢᠭᠰᠠᠨ ᠢ᠋ ᠳᠣᠣᠷ᠎ᠠ ᠨᠢ ᠲᠠᠨᠢᠭᠰᠠᠨ ᠭᠡᠨ᠎ᠡ᠃ ᠁ ᠴᠠᠭᠳᠠᠭᠠᠨ ᠤ᠋ ᠲᠣᠪᠴᠢᠶᠠᠨ ᠡᠴᠡ ᠴᠢᠩᠭ᠎ᠠ ᠵᠠᠷᠯᠢᠭ ᠭᠠᠷᠭᠠᠵᠤ᠂ ᠲᠡᠷᠡ ᠬᠦ᠌ ᠣᠷᠣᠯᠠᠩ ᠢ᠋ ᠠᠮᠢᠳᠤ ᠪᠠᠷ ᠨᠢ ᠴᠦ᠍ ᠲᠡᠷᠡ᠂ ᠬᠡᠭᠦᠷ ᠢ᠋ ᠨᠢ ᠴᠦ᠍ ᠲᠡᠷᠡ᠂ ᠵᠠᠪᠠᠯ ᠪᠠᠷᠢᠪᠴᠢᠯᠠᠨ ᠠᠪᠴᠤ ᠬᠠᠲᠠᠭᠤ ᠰᠢᠳᠬᠡᠯ ᠦᠵᠡᠭᠦᠯᠦᠨ ᠣᠯᠠᠨ᠎ᠠ ᠴᠡᠭᠡᠷᠯᠡᠯ ᠪᠣᠯᠭᠠᠬᠤ ᠬᠡᠷᠡᠭᠲᠡᠢ ᠭᠡᠵᠦ ᠳᠤᠷᠠᠳᠴᠠᠢ᠃ ᠡᠨᠡ ᠵᠠᠷᠯᠢᠭ ᠨᠢᠭᠡ ᠤᠳᠠᠭ᠎ᠠ ᠪᠠᠷᠤᠭ ᠯᠠ ᠪᠡᠶᠡᠯᠡᠭᠳᠡᠬᠦ ᠳ᠋ᠦ᠍ ᠬᠦᠷᠪᠡ᠃ ᠨᠢᠭᠡ ᠬᠠᠷᠠᠭᠤᠯ ᠺᠡᠷᠶᠦᠺᠢᠨ ᠲᠣᠭᠣᠷᠢᠭ ᠤ᠋ᠨ ᠨᠢᠭᠡᠨ ᠨᠠᠷᠢᠨ ᠭᠤᠳᠤᠮᠵᠢᠨ ᠳ᠋ᠤ᠌ ᠲᠡᠷᠡ ᠣᠷᠣᠯᠠᠩ ᠶᠠᠭ ᠨᠢᠭᠡ ᠠᠵᠢᠯ ᠡᠴᠡ ᠪᠠᠨ ᠴᠢᠯᠥᠭᠡᠯᠡᠭᠳᠡᠭᠰᠡᠨ ᠯᠢᠩᠪᠦᠴᠢᠨ ᠦ᠌ ᠴᠠᠮᠪᠠᠨ ᠰᠢᠨᠧᠯ ᠢ᠋ ᠪᠤᠯᠢᠶᠠᠵᠤ ᠪᠠᠢᠬᠤ ᠲᠠᠢ ᠲᠠᠭᠠᠷᠠᠨ᠂ ᠲᠡᠭᠦᠨ ᠢ᠋ ᠵᠠᠭᠠᠮᠠᠳᠠᠭᠠᠳ ᠠᠪᠴᠠᠢ᠃ ᠲᠡᠷᠡ ᠬᠠᠷᠠᠭᠤᠯ᠂ ᠣᠷᠣᠯᠠᠩ ᠤ᠋ᠨ ᠵᠠᠭᠠᠮ᠎ᠠ ᠡᠴᠡ ᠲᠠᠯᠪᠢᠯ ᠦᠭᠡᠢ ᠵᠢᠭᠤᠷᠠᠵᠤ᠂ ᠥᠭᠡᠷ᠎ᠡ ᠬᠣᠶᠠᠷ ᠬᠠᠷᠠᠭᠤᠯ ᠢ᠋ ᠳᠠᠭᠤᠳᠠᠨ ᠠᠪᠴᠢᠷᠠᠵᠤ ᠣᠷᠣᠯᠠᠩ ᠢ᠋ᠶ᠋ᠠᠨ ᠲᠡᠳᠡᠨ ᠳ᠋ᠦ᠍ ᠲᠤᠰᠢᠶᠠᠨ ᠥᠭᠴᠦ᠂ ᠥᠪᠡᠷ ᠢ᠋ᠶ᠋ᠡᠨ ᠬᠣᠷᠣᠮᠬᠠᠨ ᠵᠠᠭᠤᠷ᠎ᠠ ᠶ᠋ᠢᠨ ᠳᠣᠲᠣᠷ᠎ᠠ᠂ ᠲᠦᠷᠡᠢ ᠡᠴᠡ ᠪᠡᠨ ᠤᠢᠰᠤᠨ ᠰᠠᠪᠠ ᠲᠠᠢ ᠬᠠᠮᠠᠷ ᠲᠠᠮᠠᠬᠢ ᠭᠠᠷᠭᠠᠨ ᠠᠪᠴᠤ᠂ ᠵᠢᠷᠭᠤᠭ᠎ᠠ ᠤᠳᠠᠭ᠎ᠠ ᠣᠰᠤᠭᠤᠭᠰᠠᠨ ᠲᠡᠦᠬᠡᠲᠡᠢ ᠬᠠᠮᠠᠷ ᠲᠠᠭᠠᠨ ᠰᠣᠴᠢᠭ᠎ᠠ ᠣᠷᠣᠭᠤᠯᠤᠶ᠎ᠠ ᠭᠡᠵᠦ ᠪᠣᠳᠣᠭᠰᠠᠨ ᠠᠵᠢ᠃ ᠭᠡᠲᠡᠯ᠎ᠡ ᠡᠨᠡ ᠲᠠᠮᠠᠬᠢ ᠨᠢ ᠠᠢᠬᠤᠪᠲᠤᠷ ᠳᠣᠭᠰᠢᠨ ᠲᠤᠯᠠ ᠣᠷᠣᠯᠠᠩ ᠴᠤ᠌ ᠭᠡᠳ ᠲᠡᠰᠪᠦᠷᠢᠯᠡᠵᠦ ᠴᠢᠳᠠᠬᠤ ᠦᠭᠡᠢ ᠪᠠᠢᠭᠰᠠᠨᠵᠠᠢ ᠁ ᠬᠠᠷᠠᠭᠤᠯ ᠬᠠᠮᠠᠷ ᠤ᠋ᠨ ᠢ᠋ᠶ᠋ᠠᠨ ᠪᠠᠷᠠᠭᠤᠨ ᠨᠦᠬᠡ ᠶ᠋ᠢ ᠪᠥᠭᠯᠡᠵᠦ᠂ ᠵᠡᠭᠦᠨ ᠨᠦᠬᠡ ᠪᠡᠷ ᠨᠢ ᠠᠯᠠᠭᠠᠨ ᠳᠡᠭᠡᠷᠡᠬᠢ ᠲᠠᠮᠠᠬᠢᠨ ᠤ᠋ ᠬᠠᠭᠠᠰ ᠢ᠋ ᠲᠡᠳᠡᠨ ᠣᠷᠣᠭᠤᠯᠲᠠᠯ᠎ᠠ ᠥᠨᠥᠬᠢ ᠣᠷᠣᠯᠠᠩ ᠬᠡᠳᠦ ᠠᠢᠬᠤᠪᠲᠤᠷ ᠨᠠᠢᠲᠠᠭᠠᠵᠤ᠂ ᠭᠤᠷᠪᠠᠨ ᠬᠠᠷᠠᠭᠤᠯ ᠤ᠋ᠨ ᠨᠢᠭᠤᠷ ᠠᠮᠠ ᠶ᠋ᠢ ᠨᠡᠢᠳᠡᠮ ᠨᠢᠰᠦ ᠤᠰᠤ ᠪᠣᠯᠭᠠᠪᠠ᠃ ᠲᠡᠷᠡ ᠭᠤᠷᠪᠠ ᠭᠠᠷ ᠢ᠋ᠶ᠋ᠠᠷ ᠢ᠋ᠶ᠋ᠠᠨ ᠨᠢᠳᠦ ᠠᠮᠠ ᠪᠠᠨ ᠠᠷᠴᠢᠨ ᠴᠡᠪᠡᠷᠯᠡᠬᠦ ᠶ᠋ᠢᠨ ᠵᠠᠪᠰᠠᠷ ᠥᠨᠥᠬᠢ ᠣᠷᠣᠯᠠᠩ ᠢ᠋ ᠦᠨᠡᠨ ᠬᠦ᠌ ᠪᠠᠷᠢᠭᠰᠠᠨ ᠡᠰᠡᠬᠦ ᠪᠡᠨ ᠴᠦ᠍ ᠲᠣᠳᠣᠷᠬᠠᠢ ᠮᠡᠳᠡᠬᠦ ᠪᠡᠨ ᠪᠣᠯᠢᠪᠠ᠃ ᠁
   ᠨᠡᠷ᠎ᠡ ᠠᠯᠳᠠᠷᠲᠠᠨ ᠭᠤᠸᠠᠢ ᠣᠷᠣᠢ ᠶ᠋ᠢᠨ ᠬᠣᠭᠣᠯᠠᠨ ᠳᠡᠭᠡᠷ᠎ᠡ ᠳᠡᠭᠡᠷ᠎ᠡ ᠬᠣᠶᠠᠷ ᠬᠤᠨᠳᠠᠭ᠎ᠠ ᠱᠠᠮᠫᠠᠨ ᠠᠷᠢᠬᠢ ᠬᠥᠨᠲᠥᠷᠴᠢᠬᠡᠪᠡ - ᠣᠯᠠᠨ ᠤ᠋ ᠮᠡᠳᠡᠭᠡᠵᠢ ᠪᠡᠷ᠂ ᠰᠠᠷᠬᠤᠳ ᠭᠡᠳᠡᠭ ᠪᠣᠯ ᠰᠠᠪᠠᠨ ᠡᠴᠡ ᠪᠠᠨ ᠪᠤᠰᠤᠳ ᠢ᠋ ᠪᠦᠷ ᠬᠥᠭᠵᠢᠭᠡᠵᠦ ᠴᠢᠳᠠᠳᠠᠭ ᠤᠮᠳᠠᠭᠠᠨ ᠰᠢᠦ ᠳᠡ᠃ ᠱᠠᠮᠫᠠᠨ ᠠᠷᠢᠬᠢᠨ ᠳ᠋ᠤ᠌ ᠬᠠᠯᠠᠮᠰᠠᠭᠰᠠᠨ ᠨᠡᠷ᠎ᠡ ᠠᠯᠳᠠᠷᠲᠠᠨ ᠭᠤᠸᠠᠢ ᠮᠠᠨᠢ ᠵᠦᠢᠯ ᠪᠦᠷᠢ ᠶ᠋ᠢᠨ ᠪᠠᠴᠢᠮ ᠶᠠᠪᠤᠳᠠᠯ ᠬᠢᠬᠦ ᠪᠡᠷ ᠰᠢᠢᠳᠴᠡᠢ᠃ ᠶᠠᠭᠤᠨ ᠤ᠋ ᠡᠮᠦᠨ᠎ᠡ᠂ ᠭᠡᠷ ᠲᠡᠭᠡᠨ ᠬᠠᠷᠢᠯ ᠦᠭᠡᠢ ᠪᠡᠷ ᠲᠠᠨᠢᠯ ᠳᠠᠰᠤᠯ ᠪᠣᠯᠤᠭᠰᠠᠨ ᠬᠠᠲᠤᠭᠲᠠᠢ ᠺᠠᠷᠤᠯᠢᠨᠠ ᠢᠸᠠᠨᠤᠸᠠ ᠶ᠋ᠢᠨ ᠳ᠋ᠡᠭᠡᠨ ᠣᠴᠢᠬᠤ ᠪᠠᠷ ᠵᠣᠷᠢᠭ ᠣᠷᠣᠪᠠ᠃ ᠁ ᠮᠠᠨ ᠤ᠋ ᠨᠡᠷ᠎ᠡ ᠠᠯᠳᠠᠷᠲᠠᠨ ᠭᠤᠸᠠᠢ ᠲᠡᠭᠡᠭᠡᠳ ᠱᠠᠲᠤ ᠪᠠᠷ ᠪᠠᠭᠤᠵᠤ᠂ ᠴᠢᠷᠭᠠᠨ ᠳ᠋ᠤ᠌ ᠰᠠᠭᠤᠭᠠᠳ ᠳᠠᠯᠪᠢᠭᠴᠢ ᠳ᠋ᠠᠭᠠᠨ: 《 ᠺᠠᠷᠤᠯᠢᠨᠠ ᠢᠸᠠᠨᠤᠸᠠ ᠶ᠋ᠢᠨ ᠭᠡᠷ ᠤᠷᠤᠭᠤ ᠶᠠᠪᠤ》 ᠭᠡᠵᠦ ᠬᠡᠯᠡᠪᠡ᠃ ᠳᠠᠷᠠᠭ᠎ᠠ ᠪᠠᠷ ᠨᠢ ᠥᠪᠡᠷ ᠢ᠋ᠶ᠋ᠡᠨ ᠰᠢᠨᠧᠯ ᠢ᠋ᠶ᠋ᠡᠷ ᠪᠡᠶ᠎ᠡ ᠪᠡᠨ ᠭᠣᠶᠣᠮᠰᠣᠭ ᠰᠠᠢᠬᠠᠨ ᠣᠷᠢᠶᠠᠨ ᠰᠠᠭᠤᠭᠠᠳ᠂ ᠣᠷᠣᠰ ᠬᠥᠮᠦᠨ ᠳ᠋ᠦ᠍ ᠠᠪᠴᠤ ᠬᠡᠯᠡᠪᠡᠯ᠂ ᠬᠠᠮᠤᠭ ᠤ᠋ᠨ ᠶᠡᠬᠡ ᠪᠠᠶᠠᠷ ᠪᠠᠶᠠᠰᠬᠤᠯᠠᠩᠲᠠᠢ ᠪᠣᠳᠣᠯ ᠤ᠋ᠨ ᠳᠤᠮᠳᠠ᠂ ᠥᠭᠡᠷ᠎ᠡ ᠪᠡᠷ ᠬᠡᠯᠡᠪᠡᠯ᠂ ᠴᠢᠮᠠᠶ᠋ᠢ ᠶᠠᠮᠠᠷ ᠴᠤ᠌ ᠶᠠᠭᠤᠮ᠎ᠠ ᠪᠣᠳᠣᠭᠠᠳᠤᠢ ᠪᠠᠢᠬᠤ ᠦᠶ᠎ᠡ ᠳ᠋ᠦ᠍᠂ ᠶᠠᠩᠵᠤ ᠪᠦᠷᠢ ᠶ᠋ᠢᠨ ᠪᠣᠳᠣᠯ᠂ ᠲᠡᠭᠡᠬᠦ ᠳ᠋ᠡᠭᠡᠨ ᠪᠠᠰᠠ ᠨᠢᠭᠡ ᠨᠢ ᠨᠥᠭᠦᠭᠡ ᠡᠴᠡ ᠪᠡᠨ ᠨᠡᠩ ᠰᠠᠢᠬᠠᠨ᠂ ᠴᠢᠨᠠᠭᠰᠢᠯᠠᠪᠠᠯ ᠴᠢ ᠲᠡᠳᠡᠭᠡᠷ ᠢ᠋ ᠤᠬᠤᠴᠢᠯᠠᠬᠤ ᠪᠤᠶᠤ ᠡᠷᠢᠬᠦ ᠶ᠋ᠢᠨ ᠴᠢᠬᠤᠯᠠ ᠦᠭᠡᠢ᠂ ᠲᠣᠯᠣᠭᠠᠢ ᠳ᠋ᠤ᠌ ᠴᠢᠨᠢ ᠥᠪᠡᠷ ᠢ᠋ᠶ᠋ᠡᠨ ᠰᠢᠷᠭᠤᠨ ᠣᠷᠣᠵᠤ ᠢᠷᠡᠵᠦ ᠪᠠᠢᠭ᠎ᠠ ᠪᠣᠳᠣᠯ ᠤ᠋ᠳ ᠤ᠋ᠨ ᠳᠤᠮᠳᠠ ᠰᠣᠭᠲᠣᠭᠤᠷᠠᠩᠬᠠᠨ ᠶᠠᠪᠤᠵᠤ ᠪᠠᠢᠯ᠎ᠠ᠃ ᠁ ᠭᠡᠨᠡᠳᠲᠡ ᠨᠢᠭᠡ ᠶᠡᠷᠦ ᠪᠤᠰᠤ ᠶ᠋ᠢᠨ ᠠᠢᠬᠤᠪᠲᠤᠷ ᠬᠦᠴᠦᠨ ᠰᠢᠨᠧᠯ ᠦ᠋ᠨ ᠵᠠᠭᠠᠮ᠎ᠠ ᠪᠠᠷ ᠨᠢ ᠲᠣᠯᠣᠭᠠᠢ ᠶ᠋ᠢ ᠨᠢ ᠪᠢᠲᠡᠭᠦᠯᠡᠪᠡ᠃ ᠡᠭᠦᠨ ᠳ᠋ᠦ᠍ ᠨᠡᠷ᠎ᠡ ᠠᠯᠳᠠᠷᠲᠠᠨ ᠭᠤᠸᠠᠢ ᠠᠷᠭ᠎ᠠ ᠪᠤᠶᠤ ᠰᠠᠨᠳᠤᠷᠤᠨ ᠮᠡᠩᠳᠡᠵᠦ᠂ ᠲᠣᠯᠣᠭᠠᠢ ᠪᠠᠨ ᠰᠢᠨᠧᠯ ᠦ᠋ᠨ ᠵᠠᠭᠠᠮ᠎ᠠ ᠳᠣᠲᠤᠷ᠎ᠠ ᠡᠴᠡ ᠬᠦᠴᠦᠯᠡᠨ ᠭᠠᠷᠭᠠᠵᠤ ᠪᠠᠢᠯ᠎ᠠ᠃ ᠭᠡᠨᠡᠳᠲᠡᠬᠡᠨ ᠨᠢᠭᠡ ᠬᠥᠮᠦᠨ ᠵᠠᠭᠠᠮ᠎ᠠ ᠡᠴᠡ ᠨᠢ ᠴᠢᠩᠭ᠎ᠠ ᠠᠳᠬᠤᠨ ᠠᠪᠬᠤ ᠶ᠋ᠢ ᠨᠡᠷ᠎ᠡ ᠠᠯᠳᠠᠷᠲᠠᠨ ᠭᠤᠸᠠᠢ ᠠᠵᠢᠨ ᠮᠡᠳᠡᠪᠡ᠃ ᠡᠷᠭᠢᠭᠡᠳ ᠬᠠᠷᠠᠬᠤ ᠳ᠋ᠤᠨᠢ ᠨᠠᠮᠬᠠᠪᠲᠤᠷ ᠪᠡᠶ᠎ᠡ ᠲᠡᠢ᠂ ᠬᠠᠭᠤᠴᠢᠨ ᠮᠠᠭᠤ ᠬᠣᠪᠴᠠᠰᠤᠲᠠᠢ ᠬᠥᠮᠦᠨ ᠦᠵᠡᠭᠳᠡᠪᠡ᠃ ᠡᠨᠡ ᠬᠥᠮᠦᠨ ᠪᠣᠯ ᠠᠺᠠᠺᠢ ᠠᠺᠠᠺᠢᠶᠸᠢᠴᠧ ᠮᠥᠨ ᠪᠣᠯᠬᠤ ᠶ᠋ᠢ ᠲᠠᠨᠢᠭᠠᠳ ᠲᠤᠢᠯ ᠤ᠋ᠨ ᠶᠡᠬᠡ ᠭᠡᠯᠮᠡᠭᠳᠡᠨ ᠰᠣᠴᠢᠵᠠᠢ᠃ ᠲᠡᠷᠡ ᠲᠦᠰᠢᠮᠡᠯ ᠦ᠋ᠨ ᠴᠢᠷᠠᠢ ᠴᠠᠭᠠᠰᠤ ᠰᠢᠭ᠋ ᠴᠠᠢᠭᠠᠳ ᠶᠠᠭ ᠯᠠ ᠦᠬᠦᠭᠰᠡᠨ ᠬᠥᠮᠦᠨ ᠮᠡᠲᠦ ᠬᠠᠷᠠᠭᠳᠠᠵᠠᠢ᠃ ᠦᠬᠦᠭᠰᠡᠨ ᠬᠥᠮᠦᠨ ᠤᠷᠤᠭᠤᠯ ᠢ᠋ᠶ᠋ᠠᠨ ᠴᠣᠷᠪᠣᠢᠯᠭᠠᠨ᠂ ᠣᠢ ᠭᠤᠲᠤᠮ᠎ᠠ ᠪᠤᠯᠠᠰᠢᠨ ᠤ᠋ ᠦᠨᠦᠷ ᠦᠨᠦᠷᠲᠦᠭᠦᠯᠦᠨ 《ᠡᠨᠡ᠂ ᠬᠠᠷᠢᠨ ᠴᠢ ᠪᠠᠢᠭᠰᠠᠨ ᠶᠤᠮ ᠤᠤ! ᠪᠢ ᠡᠷᠢᠭᠰᠡᠭᠡᠷ ᠪᠠᠢᠭᠠᠳ ᠲᠡᠷᠡ ᠬᠦ᠌᠂ ᠴᠢᠨᠦ ᠰᠢᠨᠧᠯ ᠦ᠋ᠨ ᠵᠠᠭᠠᠮ᠎ᠠ ᠡᠴᠡ ᠪᠠᠷᠢᠵᠤ ᠠᠪᠤᠯ᠎ᠠ! ᠴᠢᠨᠦ ᠰᠢᠨᠧᠯ ᠯᠡ ᠨᠠᠳᠠ ᠬᠡᠷᠡᠭᠴᠡᠭᠡᠲᠡᠢ ᠶᠦᠮ! ᠴᠢ ᠨᠠᠳᠠ ᠲᠤᠰᠠᠯᠠᠮᠵᠢ ᠦᠵᠡᠭᠦᠯᠬᠦ ᠦᠭᠡᠢ ᠮᠥᠷᠲᠡᠭᠡᠨ ᠬᠠᠷᠢᠨ ᠨᠠᠮᠠᠶ᠋ᠢ ᠵᠢᠮᠡᠯᠡᠨ ᠰᠢᠭᠦᠮᠵᠢᠯᠡᠭᠰᠡᠨ ᠪᠢᠯᠡ ᠤᠤ᠂ - ᠣᠳᠣ ᠴᠢ ᠥᠪᠡᠷ ᠦ᠋ᠨ ᠰᠢᠨᠧᠯ ᠢ᠋ᠶ᠋ᠡᠨ ᠨᠠᠳᠠ ᠥᠭ!》 ᠭᠡᠵᠦ ᠬᠡᠯᠡᠭᠰᠡᠨ ᠳ᠋ᠦ᠍ ᠨᠡᠷ᠎ᠡ ᠠᠯᠳᠠᠷᠲᠠᠨ ᠭᠤᠸᠠᠢ ᠠᠶᠤᠭᠠᠳ ᠪᠠᠷᠤᠭ ᠦᠬᠦᠴᠢᠬᠡᠬᠦ ᠰᠢᠬᠠᠪᠠ᠃ ᠁ ᠲᠡᠭᠡᠭᠡᠳ ᠰᠢᠨᠧᠯ ᠢ᠋ᠶ᠋ᠡᠨ ᠲᠠᠢᠯᠵᠤ ᠬᠠᠶᠠᠮᠠᠭᠴᠠ ᠪᠠᠨ: 《ᠭᠡᠷ ᠤᠷᠤᠭᠤ ᠬᠤᠷᠳᠤᠨ ᠳᠠᠪᠬᠢᠭᠤᠯ!》 ᠭᠡᠵᠦ ᠡᠷᠢᠶᠡᠨ ᠮᠢᠷᠢᠶᠠᠨ ᠬᠣᠭᠣᠯᠠᠢ ᠪᠠᠷ ᠪᠠᠷᠬᠢᠷᠠᠪᠠ᠃ ᠳᠠᠯᠪᠢᠭᠴᠢ ᠨᠢ ᠡᠨᠡ ᠬᠦ᠌ ᠪᠠᠴᠢᠮ ᠪᠠᠢᠳᠠᠯ ᠲᠠᠢ ᠦᠶ᠎ᠡ ᠳ᠋ᠦ᠍ ᠯᠡ ᠰᠣᠨᠣᠰᠳᠠᠳᠠᠭ ᠳᠠᠭᠤᠨ ᠪᠠ ᠠᠶᠠᠭᠦᠢ ᠪᠣᠯ ᠡᠨᠡ ᠳᠠᠭᠤᠨ ᠡᠴᠡ ᠴᠤ᠌ ᠢᠯᠡᠭᠦᠦ ᠦᠷ᠎ᠡ ᠳ᠋ᠦᠩ ᠭᠠᠷᠭᠠᠬᠤ ᠥᠭᠡᠷ᠎ᠡ ᠬᠥᠳᠡᠯᠭᠡᠭᠡᠨ ᠪᠠᠢᠬᠤ ᠮᠠᠭᠠᠳ ᠦᠭᠡᠢ ᠭᠡᠵᠦ ᠪᠣᠳᠣᠭᠠᠳ ᠤᠷᠢᠳᠤ ᠡᠴᠡ ᠪᠣᠯᠭᠣᠮᠵᠢᠯᠠᠨ᠂ ᠳᠠᠯᠤ ᠮᠥᠷᠥ ᠪᠡᠨ ᠪᠤᠰᠬᠠᠵᠤ ᠬᠦᠵᠦᠭᠦᠦ ᠪᠡᠨ ᠨᠤᠭᠳᠤᠢᠯᠭᠠᠭᠠᠳ᠂ ᠴᠢᠷᠭᠠᠨ ᠤ᠋ ᠮᠣᠷᠢᠨ ᠳ᠋ᠠᠭᠠᠨ ᠰᠢᠷᠦᠭᠦᠨ ᠲᠠᠰᠢᠭᠤᠷ ᠪᠠᠭᠤᠯᠭᠠᠵᠤ᠂ ᠬᠠᠷᠪᠤᠭᠰᠠᠨ ᠰᠤᠮᠤ ᠰᠢᠭ᠋ ᠳᠠᠪᠬᠢᠪᠠ᠃ ᠵᠢᠷᠭᠤᠭ᠎ᠠ ᠳᠣᠯᠣᠭᠠᠬᠠᠨ ᠮᠢᠨᠦ᠋ᠲ ᠦ᠋ᠨ ᠳᠠᠷᠠᠭ᠎ᠠ᠂ ᠨᠡᠷ᠎ᠡ ᠠᠯᠳᠠᠷᠲᠠᠨ ᠭᠤᠸᠠᠢ ᠨᠢᠭᠡᠨᠲᠡ ᠭᠡᠷ ᠦ᠋ᠨ ᠢ᠋ᠶ᠋ᠡᠨ ᠡᠭᠦᠳᠡᠨ ᠳ᠋ᠦ᠍ ᠬᠦᠷᠴᠡᠢ᠃ ᠰᠦᠨᠡᠰᠦ ᠨᠢ ᠵᠠᠢᠯᠠᠲᠠᠯ᠎ᠠ ᠠᠶᠤᠭᠰᠠᠨ ᠲᠡᠭᠦᠨ ᠦ᠌ ᠴᠢᠷᠠᠢ ᠴᠠᠭᠠᠰᠤ ᠰᠢᠭ᠋ ᠴᠠᠭᠠᠨ ᠪᠣᠯᠵᠠᠢ᠃ ᠺᠠᠷᠤᠯᠢᠨᠠ ᠢᠸᠠᠨᠤᠸᠠ ᠳ᠋ᠠᠭᠠᠨ ᠣᠴᠢᠵᠤ ᠴᠢᠳᠠᠭᠰᠠᠨ ᠦᠭᠡᠢ ᠮᠥᠷᠲᠡᠭᠡᠨ ᠰᠢᠨᠧᠯ ᠢ᠋ᠶ᠋ᠡᠨ ᠠᠯᠳᠠᠭᠰᠠᠨ ᠨᠢ ᠳᠠᠩᠴᠢ ᠬᠠᠷᠠᠮᠰᠠᠯᠲᠠᠢ᠃ ᠁ ᠡᠨᠡ ᠬᠡᠷᠡᠭ ᠦ᠋ᠨ ᠳᠠᠷᠠᠭ᠎ᠠ ᠨᠥᠬᠥᠭᠡ ᠣᠷᠣᠯᠠᠩ ᠲᠦᠰᠢᠮᠡᠯ ᠳᠠᠬᠢᠨ ᠭᠠᠷᠴᠤ ᠢᠷᠡᠭᠰᠡᠨ ᠦᠭᠡᠢ᠃ ᠡᠭᠦᠨ ᠡᠴᠡ ᠦᠵᠡᠬᠦ ᠳ᠋ᠦ᠍ ᠭᠧᠨᠧᠷᠠᠯ ᠤ᠋ᠨ ᠰᠢᠨᠧᠯ ᠪᠡᠶ᠎ᠡ ᠳ᠋ᠦ᠍ᠨᠢ ᠲᠣᠬᠢᠷᠠᠭᠰᠠᠨ ᠨᠢ ᠯᠠᠪ᠃ ᠬᠠᠮᠤᠭ ᠨᠠᠭᠠᠳᠤ ᠵᠠᠬ᠎ᠠ ᠨᠢ ᠳᠠᠬᠢᠵᠤ ᠶᠠᠮᠠᠷ ᠨᠢᠭᠡᠨ ᠬᠥᠮᠦᠨ ᠦ᠌ ᠰᠢᠨᠧᠯ ᠪᠤᠯᠢᠶᠠᠭᠳᠠᠭᠰᠠᠨ ᠴᠢᠮᠡᠭᠡ ᠰᠣᠨᠣᠰᠳᠠᠭᠰᠠᠨ ᠦᠭᠡᠢ᠃ ᠁