ᠰᠢᠷᠬ᠎ᠠ ᠶ᠋ᠢᠨ ᠪᠤᠯᠠᠭШархын булаг ᠪᠠᠢᠭᠠᠯᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷᠬ᠎ᠠ ᠶ᠋ᠢᠨ ᠪᠤᠯᠠᠭШархын булаг

ᠰᠢᠷᠬ᠎ᠠ ᠶ᠋ᠢᠨ ᠪᠤᠯᠠᠭШархын булаг

ᠠᠩᠭᠢᠯᠠᠯ:ᠪᠠᠢᠭᠠᠯᠢ
2023-06-07

439

ᠰᠢᠷᠬ᠎ᠠ ᠶ᠋ᠢᠨ ᠪᠤᠯᠠᠭ

   ᠰᠢᠷᠬ᠎ᠠ ᠶ᠋ᠢᠨ ᠪᠤᠯᠠᠭ — ᠣᠷᠳᠣᠰ ᠬᠣᠲᠠ ᠶ᠋ᠢᠨ ᠣᠲᠣᠭ ᠬᠤᠰᠢᠭᠤᠨ ᠤ᠋ ᠠᠷᠪᠠᠰ ᠰᠤᠮᠤᠨ ᠤ᠋ ᠪᠠᠶᠠᠡᠡᠥ᠋ᠨᠲᠦᠷ ᠭᠠᠴᠠᠭᠠᠨ ᠤ᠋ ᠴᠡᠭᠡᠯ ᠦ᠋ᠨ ᠰᠦᠮ᠎ᠡ ᠶ᠋ᠢᠨ ᠡᠮᠦᠨ᠎ᠡ ᠲᠠᠯ᠎ᠠ ᠳ᠋ᠤ᠌ ᠪᠠᠶ᠋ᠢᠷᠢᠰᠢᠵᠤ ᠪᠠᠶ᠋ᠢᠨ᠎ᠠ᠃ ᠮᠣᠩᠭᠣᠯ ᠤ᠋ᠨ ᠨᠢᠭᠤᠴᠠ ᠲᠣᠪᠴᠢᠶᠠᠨ ᠳ᠋ᠤ᠌ ᠲᠡᠮᠳᠡᠭᠯᠡᠭᠰᠡᠨ ᠪᠠᠶ᠋ᠢᠲᠠᠭ᠃ ᠨᠣᠬᠠᠢ ᠵᠢᠯ ᠦ᠋ᠨ ᠨᠠᠮᠤᠷ ᠴᠢᠩᠭᠢᠰ ᠬᠠᠭᠠᠨ ᠲᠠᠩᠭᠤᠳ ᠢᠷᠭᠡᠨ ᠳ᠋ᠦ᠍ᠷ ᠮᠣᠷᠢᠯᠠᠪᠠᠢ᠃ ᠬᠠᠲᠤᠨ ᠠ᠋ᠴᠠ ᠶᠢᠰᠦᠢ ᠬᠠᠲᠤᠨ ᠊ᠢ ᠠᠪᠴᠤ ᠶᠠᠪᠤᠪᠠ᠃ ᠵᠠᠭᠤᠷ᠎ᠠ ᠡᠪᠦᠯ ᠠᠷᠪᠤᠬ᠎ᠠ ᠶ᠋ᠢᠨ ᠣᠯᠠᠨ ᠬᠤᠯᠠᠨ ᠊ᠢ ᠠᠪᠠᠯᠠᠪᠠᠰᠤ ᠴᠠᠭᠠᠨ ᠵᠣᠰᠣᠲᠤ ᠮᠣᠷᠢ ᠶ᠋ᠢ ᠤᠨᠤᠵᠤ ᠪᠥᠯᠥᠭᠡ᠃ ᠬᠤᠯᠠᠨ ᠳᠠᠭᠠᠷᠢᠵᠤ ᠢᠷᠠᠪᠠᠰᠤ ᠵᠣᠰᠣᠲᠤ ᠪᠣᠷᠣ ᠦᠷᠭᠦᠵᠦ ᠴᠢᠩᠭᠢᠰ ᠬᠠᠭᠠᠨ ᠮᠣᠷᠢᠨ ᠠ᠋ᠴᠠ ᠤᠨᠠᠪᠠᠰᠤ ᠭᠠᠷ ᠊ᠢ ᠪᠡᠨ ᠮᠠᠰᠢ ᠡᠪᠡᠳᠬᠡᠵᠦ ᠴᠣᠭᠤᠷᠬᠠᠳ ᠲᠤ᠌ ᠪᠠᠭᠤᠪᠠ ᠭᠡᠵᠦ ᠲᠡᠮᠳᠡᠭᠯᠡᠵᠦ ᠪᠣᠢ᠃ ᠴᠢᠩᠭᠢᠰ ᠬᠠᠭᠠᠨ ᠨᠣᠬᠠᠢ ᠵᠢᠯ ᠦ᠋ᠨ ᠨᠠᠮᠤᠷ ᠲᠠᠩᠭᠤᠳ ᠊ᠢ ᠳᠠᠶ᠋ᠢᠯᠠᠬᠤ ᠪᠠᠷ ᠣᠷᠣᠵᠤ ᠢᠷᠠᠭᠰᠠᠨ ᠵᠠᠮ ᠮᠥᠷ ᠨᠢ ᠶᠠᠭ ᠠᠷᠪᠠᠰ ᠠᠭᠤᠯᠠᠨ ᠤ᠋ ᠵᠡᠭᠦᠨ ᠪᠡᠶ᠎ᠡ ᠪᠡᠷ ᠪᠠᠶ᠋ᠢᠭ᠎ᠠ ᠶᠤᠮ ᠪᠠᠶ᠋ᠢᠨ᠎ᠠ᠃ ᠠᠷᠪᠤᠬ᠎ᠠ ᠭᠡᠳᠡᠭ ᠨᠢ ᠣᠳᠣ ᠶ᠋ᠢᠨ ᠠᠷᠪᠠᠰ ᠤ᠋ᠨ ᠠᠭᠤᠯᠠ ᠶ᠋ᠢ ᠬᠡᠯᠡᠵᠦ᠂ ᠴᠢᠩᠭᠢᠰ ᠬᠠᠭᠠᠨ ᠮᠣᠷᠢᠨ ᠠ᠋ᠴᠠ ᠣᠶ᠋ᠢᠴᠢᠭᠠᠳ ᠪᠡᠶ᠎ᠡ ᠡᠪᠡᠳᠦᠭᠡᠳ ᠴᠣᠭᠤᠷᠬᠠᠳ ᠲᠤ᠌ ᠪᠠᠭᠤᠯ᠎ᠠ ᠭᠡᠰᠡᠨ ᠨᠢ ᠣᠳᠣ ᠶ᠋ᠢᠨ ᠠᠷᠪᠠᠰ ᠤ᠋ᠨ ᠠᠭᠤᠯᠠᠨ ᠤ᠋ ᠵᠡᠭᠦᠨ ᠬᠣᠶ᠋ᠢᠨ᠎ᠠ ᠪᠠᠶ᠋ᠢᠭ᠎ᠠ ᠴᠣᠭᠤᠷᠬᠠᠲᠤ ᠭᠡᠰᠡᠨ ᠡᠨᠡ ᠠᠭᠤᠯᠠ ᠶ᠋ᠢ ᠬᠡᠯᠡᠵᠦ ᠪᠠᠶ᠋ᠢᠭ᠎ᠠ ᠪᠠᠶ᠋ᠢᠬ᠎ᠠ᠃ ᠡᠨᠳᠡ ᠴᠢᠩᠭᠢᠰ ᠬᠠᠭᠠᠨ ᠤ᠋ ᠤᠯᠠ ᠮᠥᠷ ᠲᠡᠢ ᠬᠣᠯᠪᠣᠭᠳᠠᠬᠤ ᠬᠡᠳᠦᠨ ᠨᠡᠷᠡᠲᠦ ᠭᠠᠵᠠᠷ ᠪᠠᠶ᠋ᠢᠲᠠᠭ᠃ ᠠᠷᠪᠤᠬ᠎ᠠ ᠶ᠋ᠢᠨ ᠠᠭᠤᠯᠠ᠂ ᠴᠣᠭᠤᠷᠬᠠᠲᠤ ᠶ᠋ᠢᠨ ᠠᠭᠤᠯᠠ᠂ ᠰᠢᠷᠬ᠎ᠠ ᠶ᠋ᠢᠨ ᠪᠤᠯᠠᠭ᠂ ᠣᠩᠭᠣᠨ ᠲᠠᠯ᠎ᠠ ᠶ᠋ᠢᠨ ᠬᠤᠳᠳᠤᠭ ᠭᠡᠳᠡᠭ ᠨᠡᠷᠡᠰ ᠲᠡᠢ ᠭᠠᠵᠠᠷ ᠪᠠᠶ᠋ᠢᠲᠠᠭ᠃ ᠡᠭᠦᠨ ᠡᠴᠡ ᠰᠢᠷᠬ᠎ᠠ ᠶ᠋ᠢᠨ ᠪᠤᠯᠠᠭ ᠨᠢ ᠴᠢᠩᠭᠢᠰ ᠬᠠᠭᠠᠨ ᠤ᠋ ᠰᠢᠷᠬ᠎ᠠ ᠪᠠᠨ ᠰᠤᠪᠢᠯᠠᠵᠤ᠂ ᠰᠣᠷᠪᠢ ᠪᠠᠨ ᠤᠬᠢᠶᠠᠵᠤ ᠪᠠᠶ᠋ᠢᠬᠰᠠᠨ ᠷᠠᠰᠢᠶᠠᠨ ᠤᠰᠤ ᠪᠣᠯᠬᠤ ᠲᠤᠯᠠ ᠢᠩᠭᠢᠵᠦ ᠨᠠᠷᠠᠯᠠᠭᠰᠠᠨ ᠪᠠᠶ᠋ᠢᠨ᠎ᠠ᠃ ᠡᠨᠡ ‍ᠬᠦ ᠳᠣᠮᠣᠭ ᠨᠢ ᠡᠨᠳᠡᠬᠢ ᠶ᠋ᠢᠨ ᠠᠷᠠᠳ ᠤ᠋ᠨ ᠳᠤᠮᠳᠠ ᠣᠳᠣ ᠪᠣᠯᠲᠠᠯ᠎ᠠ ᠥᠷᠭᠡᠨ ᠢ᠋ᠶ᠋ᠡᠷ ᠤᠯᠠᠮᠵᠢᠯᠠᠭᠳᠠᠭᠰᠠᠭᠠᠷ ᠪᠠᠶ᠋ᠢᠵᠤ ᠠᠭᠤᠯᠠᠨ ᠤ᠋ ᠪᠡᠷᠬᠡ ᠪᠠᠷᠲᠠᠭ᠎ᠠ ᠲᠠᠢ ᠦᠶᠡᠷ ᠦ᠋ᠨ ᠬᠠᠪᠴᠢᠯ ᠵᠠᠮ ᠢ᠋ᠶ᠋ᠠᠷ ᠠᠷᠪᠠᠭᠠᠳ ᠭᠠᠵᠠᠷ ᠶᠠᠪᠤᠵᠤ ᠰᠢᠷᠬ᠎ᠠ ᠶ᠋ᠢᠨ ᠪᠤᠯᠠᠭ ᠲᠤ᠌ ᠬᠦᠷᠳᠡᠭ᠃ ᠶᠠᠪᠤᠬᠤ ᠵᠠᠮ ᠵᠠᠭᠤᠷ᠎ᠠ ᠠᠷᠵᠠᠩ ᠪᠠᠷᠵᠠᠩ ᠠᠭᠤᠯᠠᠨ ᠤ᠋ ᠨᠦᠬᠡᠨ ᠳ᠋ᠦ᠍ ᠬᠥᠮᠦᠨ ᠠᠮᠢᠲᠠᠨ ᠰᠠᠭᠤᠵᠤ ᠪᠠᠶ᠋ᠢᠬᠰᠠᠨ ᠬᠠᠳᠠ ᠴᠢᠯᠠᠭᠤ ᠪᠠᠷ ᠬᠠᠰᠢᠵᠤ ᠲᠠᠯᠪᠢᠭᠰᠠᠨ ᠠᠭᠤᠢ ᠶ᠋ᠢᠨ ᠠᠮᠠᠰᠠᠷ ᠦ᠋ᠳ ᠬᠠᠷᠠᠭᠳᠠᠨ᠎ᠠ᠃ ᠰᠢᠷᠬ᠎ᠠ ᠶ᠋ᠢᠨ ᠪᠤᠯᠠᠭ ᠤ᠋ᠨ ᠡᠬᠢᠨ ᠳ᠋ᠦ᠍ ᠬᠦᠷᠬᠦ ᠳ᠋ᠦ᠍ ᠥᠨᠳᠥᠷ ᠰᠦᠷᠯᠢᠭ ᠠᠭᠤᠯᠠᠨ ᠭᠠᠩᠭ᠎ᠠ ᠶ᠋ᠢᠨ ᠳᠣᠣᠷ᠎ᠠ ᠠ᠋ᠴᠠ ᠢᠬᠡᠷ᠎ᠡ ᠬᠣᠶᠠᠷ ᠪᠤᠯᠠᠭ ᠮᠡᠯᠮᠡᠷᠡᠨ ᠤᠷᠤᠰᠴᠤ ᠠᠯᠢ ᠭᠠᠯᠪᠠ ᠳ᠋ᠤ᠌ ᠪᠣᠢ ᠪᠣᠯᠵᠤ ᠬᠡᠳᠦᠢ ᠣᠨ ᠵᠢᠯ ᠪᠣᠯᠤᠭᠰᠠᠨ ᠊ᠢ ᠮᠠᠭᠠᠳᠯᠠᠬᠤ ᠶ᠋ᠢᠨ ᠠᠷᠭ᠎ᠠ ᠦᠭᠡᠢ ᠲᠠᠶ᠋ᠢᠯᠬᠤ ᠳ᠋ᠤ᠌ ᠲᠦᠪᠡᠭᠲᠡᠢ ᠣᠨᠢᠰᠣᠭ᠎ᠠ ᠪᠣᠯᠳᠠᠭ᠃ ᠡᠷᠭᠢᠨ ᠲᠣᠭᠣᠷᠢᠨ ᠢᠬᠴᠤ ᠤᠷᠭᠤᠭᠰᠠᠨ ᠠᠭᠤᠯᠠᠨ ᠭᠠᠩᠭ᠎ᠠ ᠨᠢ ᠳᠤᠭᠤᠶ᠋ᠢᠯᠠᠭᠠᠳ ᠮᠣᠩᠭᠣᠯ ᠭᠡᠷ ᠦ᠋ᠨ ᠬᠠᠨ᠎ᠠ ᠰᠢᠭ᠋ ᠪᠠᠶ᠋ᠢᠵᠤ ᠳᠡᠭᠡᠭᠰᠢ ᠪᠡᠨ ᠬᠠᠷᠠᠬᠤ ᠳ᠋ᠤ᠌ ᠶᠠᠭ ᠯᠠ ᠮᠣᠩᠭᠣᠯ ᠭᠡᠷ ᠦ᠋ᠨ ᠲᠣᠭᠣᠨᠣ ᠪᠠᠷ ᠲᠩᠷᠢ ᠶ᠋ᠢ ᠦᠵᠡᠵᠦ ᠪᠠᠶ᠋ᠢᠭ᠎ᠠ ᠰᠢᠭ᠋ ᠬᠠᠷᠠᠭᠳᠠᠨ᠎ᠠ᠃ ᠡᠨᠡ ‍ᠬᠦ ᠭᠠᠵᠠᠷ ᠤ᠋ᠨ ᠪᠠᠶ᠋ᠢᠴᠠ ᠨᠢ ᠪᠡᠶ᠎ᠡ ᠰᠤᠪᠢᠯᠠᠯᠲᠠ ᠬᠢᠬᠦ ᠪᠠ ᠳᠠᠶ᠋ᠢᠰᠤᠨ ᠠ᠋ᠴᠠ ᠳᠠᠯᠳᠠᠯᠠᠬᠤ ᠳ᠋ᠤ᠌ ᠶᠠᠭ ᠯᠠ ᠲᠤᠰᠬᠠᠢ ᠬᠢᠭᠰᠡᠨ ᠪᠡᠬᠢᠯᠡᠯᠲᠡ ᠰᠢᠭ ᠵᠣᠬᠢᠴᠠᠭᠰᠠᠨ ᠰᠠᠢᠬᠠᠨ ᠭᠠᠵᠠᠷ ᠪᠠᠶ᠋ᠢᠲᠠᠭ᠃ ᠰᠢᠷᠬ᠎ᠠ ᠶ᠋ᠢᠨ ᠪᠤᠯᠠᠭ ᠤ᠋ᠨ ᠷᠠᠰᠢᠶᠠᠨ ᠨᠢ ᠣᠯᠠᠨ ᠵᠦᠢᠯ ᠦ᠋ᠨ ᠡᠪᠡᠳᠴᠢᠨ ᠊ᠢ ᠠᠨᠠᠭᠠᠵᠤ ᠬᠠᠯᠠᠭᠤᠨ ᠬᠦᠢᠲᠡᠨ ᠰᠢᠷᠬ᠎ᠠ ᠶᠠᠷ᠎ᠠ ᠶ᠋ᠢ ᠦᠨᠳᠦᠰᠦ ᠪᠡᠷ ᠨᠢ ᠠᠷᠢᠯᠭᠠᠵᠤ ᠡᠳᠡᠭᠡᠷᠡᠭᠦᠯᠬᠦ ᠤᠪᠠᠳᠢᠰ ᠲᠠᠢ ᠶᠤᠮ ᠪᠠᠶ᠋ᠢᠨ᠎ᠠ᠃ ᠡᠨᠳᠡ ᠪᠤᠯᠠᠭ ᠤ᠋ᠨ ᠤᠰᠤᠨ ᠠ᠋ᠴᠠ ᠤᠮᠳᠠᠯᠠᠳᠠᠭ ᠵᠡᠭᠡᠷ᠎ᠡ᠂ ᠠᠷᠭᠠᠯᠢ ᠤᠭᠠᠯᠵᠠ ᠵᠡᠷᠭᠡ ᠵᠡᠷᠯᠢᠭ ᠠᠮᠢᠲᠠᠨ ᠤ᠋ ᠮᠥᠷ ᠰᠢᠪᠡᠷ ᠱᠠᠯᠴᠢᠭ ᠲᠤ᠌ ᠲᠠᠮᠠᠭᠠᠯᠠᠭᠳᠠᠵᠤ᠂ ᠠᠷᠪᠢᠨ ᠭᠥᠷᠥᠭᠡᠰᠦ ᠠᠮᠢᠲᠠᠨ ᠤ᠋ ᠤᠮᠳᠠ ᠨᠢ ᠪᠣᠯᠳᠠᠭ ᠪᠠᠶ᠋ᠢᠨ᠎ᠠ᠃ ᠡᠨᠳᠡ ᠡᠷᠲᠡᠨ ᠦ᠌ ᠬᠥᠮᠦᠰ ᠦ᠋ᠨ ᠤᠯᠠ ᠮᠥᠷ ᠠᠷᠪᠢᠨ ᠦᠯᠡᠳᠡᠵᠦ ᠮᠣᠩᠭᠣᠯ ᠭᠡᠷ ᠦ᠋ᠨ ᠣᠷᠣᠮ᠂ ᠨᠡᠭᠦᠳᠡᠯ ᠰᠣᠶᠣᠯ ᠤ᠋ᠨ ᠣᠷᠣ ᠮᠥᠷ ᠠᠷᠪᠢᠨ ᠪᠠᠶ᠋ᠢᠲᠠᠭ᠃ ᠠᠭᠤᠯᠠᠨ ᠤ᠋ ᠬᠠᠵᠠᠭᠤ ᠶ᠋ᠢᠨ ᠠᠭᠤᠢ ᠶ᠋ᠢᠨ ᠠᠮᠠᠰᠠᠷ ᠪᠦᠷ ᠬᠠᠪᠲᠠᠭᠠᠢ ᠴᠢᠯᠠᠭᠤ ᠪᠠᠷ ᠥᠷᠥᠵᠦ ᠪᠢᠲᠡᠭᠦᠯᠡᠭᠡᠳ ᠬᠥᠮᠦᠨ ᠰᠠᠭᠤᠵᠤ ᠪᠠᠶ᠋ᠢᠬᠰᠠᠨ ᠪᠤᠶᠤ ᠶᠠᠭᠤᠮ᠎ᠠ ᠬᠡᠦᠮ᠎ᠡ ᠬᠣᠷᠢᠶᠠᠨ ᠬᠠᠳᠠᠭᠠᠯᠠᠵᠤ ᠪᠠᠶ᠋ᠢᠬᠰᠠᠨ ᠨᠢ ᠢᠯᠡᠬᠡᠨ ᠪᠠᠶ᠋ᠢᠲᠠᠭ᠃ ᠵᠠᠷᠢᠮ ᠠᠭᠤᠢ ᠶ᠋ᠢᠨ ᠣᠷᠣᠢ ᠨᠢ ᠪᠦᠷ ᠤᠲᠤᠭᠠᠨ ᠳ᠋ᠤ᠌ ᠤᠲᠤᠭᠳᠠᠵᠤ ᠬᠠᠷᠠᠯᠠᠭᠰᠠᠨ ᠪᠠᠶ᠋ᠢᠪᠠ᠃ ᠡᠨᠳᠡᠬᠢ ᠶ᠋ᠢᠨ ᠣᠢ ᠮᠣᠳᠣᠳ ᠨᠢ ᠶᠡᠬᠡ ᠢᠬᠴᠤ ᠰᠠᠬᠤᠯᠢᠭ ᠪᠠᠶ᠋ᠢᠲᠠᠭ ᠶᠤᠮ ᠪᠠᠶ᠋ᠢᠨ᠎ᠠ᠃ ᠮᠢᠩᠭᠠᠭᠠᠳ ᠵᠢᠯ ᠦ᠋ᠨ ᠨᠠᠰᠤᠲᠠᠢ ᠪᠦᠳᠦᠭᠦᠨ ᠬᠠᠶ᠋ᠢᠯᠠᠰᠤᠨ ᠮᠣᠳᠣ ᠨᠢ ᠡᠨᠳᠡ ᠲᠡᠨᠳᠡ ᠨᠢᠭᠡ ᠬᠣᠶᠠᠷ ᠦᠯᠡᠳᠡᠵᠦ ᠣᠶ᠋ᠢᠷ᠎ᠠ ᠬᠠᠪᠢ ᠶ᠋ᠢᠨ ᠮᠠᠯᠴᠢᠳ ᠣᠩᠭᠣᠯᠠᠵᠤ ᠰᠡᠲᠡᠷᠯᠡᠭᠡᠳ ᠥᠩᠭᠡ ᠪᠦᠷᠢ ᠶ᠋ᠢᠨ ᠬᠠᠳᠠᠭ ᠵᠡᠭᠦᠵᠦ ᠳᠠᠬᠢᠵᠤ ᠪᠠᠶ᠋ᠢᠨ᠎ᠠ᠃ ᠡᠳᠡᠭᠡᠷ ᠮᠣᠳᠣᠳ ᠤ᠋ᠨ ᠵᠠᠷᠢᠮ ᠨᠢ ᠬᠥᠮᠦᠨ ᠦ᠌ ᠥᠷᠥᠵᠦ ᠲᠠᠯᠪᠢᠭᠰᠠᠨ ᠭᠡᠷ ᠦ᠋ᠨ ᠪᠠᠭᠤᠷᠢ ᠪᠤᠶᠤ ᠴᠠᠴᠠᠷ ᠮᠠᠶ᠋ᠢᠬᠠᠨ ᠤ᠋ ᠣᠷᠣᠮ ᠳᠡᠭᠡᠷ᠎ᠡ ᠤᠷᠭᠤᠭᠰᠠᠨ ᠠ᠋ᠴᠠ ᠡᠳᠡᠭᠡᠷ ᠮᠣᠩᠭᠣᠯ ᠭᠡᠷ ᠦ᠋ᠨ ᠪᠠᠭᠤᠷᠢ ᠶ᠋ᠢᠨ ᠣᠨ ᠵᠢᠯ ᠊ᠢ ᠲᠣᠳᠣᠯᠠᠬᠤ ᠳ᠋ᠤ᠌ ᠭᠡᠷᠡᠴᠢ ᠪᠠᠷᠢᠮᠲᠠ ᠪᠣᠯᠳᠠᠭ ᠪᠠᠶ᠋ᠢᠨ᠎ᠠ᠃ ᠪᠠᠰᠠ ᠭᠤᠷᠪᠠᠨ ᠴᠢᠯᠠᠭᠤ ᠪᠠᠷ ᠵᠡᠷᠭᠡᠴᠡᠭᠦᠯᠦᠭᠰᠡᠨ ᠭᠠᠯ ᠭᠣᠯᠣᠮᠲᠠ ᠶ᠋ᠢᠨ ᠣᠷᠣᠮ ᠪᠠᠶ᠋ᠢᠨ᠎ᠠ᠃ ᠬᠠᠮᠤᠭ ᠤ᠋ᠨ ᠦᠨ᠎ᠡ ᠴᠠᠨ᠎ᠠ ᠲᠠᠢ ᠨᠢ ᠬᠡᠳᠦᠨ ᠮᠣᠩᠭᠣᠯ ᠭᠡᠷ ᠦ᠋ᠨ ᠬᠠᠳᠠ ᠪᠠᠷ ᠥᠷᠥᠭᠰᠡᠨ ᠪᠠᠭᠤᠷᠢ ᠪᠠᠶ᠋ᠢᠵᠤ ᠭᠡᠷ ᠦ᠋ᠨ ᠶᠡᠬᠡ ᠪᠠᠭ᠎ᠠ ᠶ᠋ᠢᠨ ᠬᠡᠮᠵᠢᠶ᠎ᠡ ᠪᠡᠷ ᠦᠵᠡᠬᠦ ᠳ᠋ᠦ᠍ ᠵᠠᠷᠢᠮ ᠨᠢ ᠲᠤᠬᠠᠢ ᠶ᠋ᠢᠨ ᠦᠶ᠎ᠡ ᠶ᠋ᠢᠨ ᠨᠡᠭᠦᠳᠡᠯ ᠠᠮᠢᠳᠤᠷᠠᠯ ᠳ᠋ᠤ᠌ ᠬᠡᠷᠡᠭᠯᠡᠳᠡᠭ ᠭᠡᠷ ᠡᠴᠡ ᠨᠡᠯᠢᠶᠡᠳ ᠶᠡᠬᠡ ᠪᠠᠶ᠋ᠢᠵᠤ ᠶᠠᠮᠠᠷ ᠨᠢᠭᠡᠨ ᠬᠠᠭᠠᠳ ᠨᠣᠶᠠᠳ ᠤ᠋ᠨ ᠪᠤᠶᠤ ᠵᠡᠷᠭᠡᠲᠡᠨ ᠬᠡᠷᠭᠡᠮᠲᠡᠨ ᠦ᠌ ᠰᠠᠭᠤᠵᠤ ᠠᠮᠠᠷᠠᠳᠠᠭ ᠭᠡᠷ ᠦ᠋ᠨ ᠲᠥᠯᠥᠪ ᠶᠡᠬᠡ ᠪᠠᠶ᠋ᠢᠲᠠᠭ᠃ ᠡᠳᠡᠭᠡᠷ ᠪᠦᠳᠦᠭᠦᠨ ᠴᠢᠯᠠᠭᠤ ᠪᠠᠷ ᠵᠡᠷᠭᠡᠯᠡᠵᠦ ᠪᠠᠶ᠋ᠢᠭᠤᠯᠤᠭᠰᠠᠨ ᠭᠡᠷ ᠦ᠋ᠨ ᠪᠠᠭᠤᠷᠢ ᠨᠢ ᠬᠡᠳᠦᠢ ᠣᠨ ᠡᠨᠳᠡ ᠨᠣᠶ᠋ᠢᠷᠰᠤᠨ ᠬᠡᠪᠲᠡᠭᠰᠡᠨ ᠊ᠢ ᠲᠠᠭᠠᠮᠠᠭᠯᠠᠵᠤ ᠦᠵᠡᠬᠦ ᠳ᠋ᠦ᠍ ᠴᠢᠩᠭᠢᠰ ᠬᠠᠭᠠᠨ ᠤ᠋ ᠰᠢᠷᠬ᠎ᠠ ᠪᠠᠨ ᠰᠤᠪᠢᠯᠠᠨ ᠰᠠᠭᠤᠬᠤ ᠳ᠋ᠤ᠌ ᠰᠠᠭᠠᠲᠠᠵᠤ ᠪᠠᠶ᠋ᠢᠬᠰᠠᠨ ᠤᠷᠲᠤ ᠬᠠᠷᠰᠢ ᠭᠡᠬᠦ ᠳ᠋ᠦ᠍ ᠵᠢᠭᠠᠬᠠᠨ ᠴᠤ᠌ ᠭᠠᠵᠢᠭᠤ ᠦᠭᠡᠢ ᠭᠡᠯᠴᠡᠳᠡᠭ᠃ ᠮᠣᠩᠭᠣᠯ ᠭᠡᠷ ᠦ᠋ᠨ ᠰᠠᠭᠤᠷᠢ ᠨᠢ ᠪᠦᠷ ᠪᠦᠳᠦᠭᠦᠨ ᠴᠢᠯᠠᠭᠤ ᠪᠠᠷ ᠥᠷᠥᠵᠦ ᠲᠡᠭ ᠳᠤᠮᠳᠠ ᠨᠢ ᠲᠤᠯᠭᠠᠭᠤᠷ ᠤ᠋ᠨ ᠰᠠᠭᠤᠷᠢ ᠴᠢᠯᠠᠭᠤ ᠪᠤᠶᠤ ᠲᠤᠯᠭᠠᠨ ᠤ᠋ ᠴᠢᠯᠠᠭᠤ ᠢᠮᠠᠭᠠᠲᠤᠭᠯᠠᠵᠤ ᠪᠠᠶ᠋ᠢᠬᠰᠠᠨ ᠨᠢ ᠤᠭ ᠶᠣᠰᠣᠭᠠᠷ ᠢ᠋ᠶ᠋ᠠᠨ ᠪᠠᠶ᠋ᠢᠵᠤ ᠂ ᠡᠭᠦᠳᠡᠨ ᠦ᠌ ᠪᠣᠱᠣᠭᠠᠨ ᠳ᠋ᠤ᠌ ᠴᠤ᠌ ᠬᠥᠮᠦᠨ ᠣᠷᠣᠵᠤ ᠭᠠᠷᠬᠤ ᠳ᠋ᠤ᠌ ᠳᠥᠭᠥᠮ ᠦᠵᠡᠭᠦᠯᠦᠭᠰᠡᠨ ᠳᠥᠷᠪᠡᠯᠵᠢᠨ ᠴᠢᠯᠠᠭᠤᠨ ᠤ᠋ ᠶᠡᠨᠳᠡᠷ ᠲᠠᠢ ᠬᠠᠶ᠋ᠢᠷ ᠴᠢᠯᠠᠭᠤᠨ ᠳ᠋ᠤ᠌ ᠪᠤᠯᠠᠭᠳᠠᠭᠰᠠᠨ ᠢ᠋ᠶ᠋ᠠᠷ ᠦᠵᠡᠬᠦ ᠳ᠋ᠦ᠍ ᠬᠡᠳᠦᠨ ᠵᠠᠭᠤᠨ ᠵᠢᠯ ᠪᠣᠯᠤᠭᠰᠠᠨ ᠨᠢ ᠢᠯᠡᠬᠡᠨ ᠪᠠᠶ᠋ᠢᠵᠤ ᠳᠡᠭᠡᠷ᠎ᠡ ᠨᠢ ᠮᠥᠩᠬᠡ ᠬᠠᠷᠭᠠᠨ᠎ᠠ ᠮᠣᠳᠣ ᠬᠠᠶ᠋ᠢᠯᠠᠰᠤ ᠤᠷᠭᠤᠭᠰᠠᠨ ᠶᠤᠮ ᠪᠠᠶ᠋ᠢᠨ᠎ᠠ᠃ ᠪᠠᠰᠠ ᠮᠠᠯ ᠤᠨᠤᠭᠠᠨ ᠤ᠋ ᠬᠦᠷᠢᠶ᠎ᠡ ᠬᠠᠰᠢᠶ᠎ᠠ ᠭᠡᠮᠡᠷ ᠴᠢᠯᠠᠭᠤ ᠪᠠᠷ ᠥᠷᠥᠭᠰᠡᠨ ᠬᠡᠷᠡᠮ ᠪᠠᠶ᠋ᠢᠨ᠎ᠠ᠃ ᠡᠳᠡᠭᠡᠷ ᠣᠯᠠᠨ ᠮᠣᠩᠭᠣᠯ ᠭᠡᠷ ᠦ᠋ᠨ ᠪᠠᠭᠤᠷᠢ ᠠ᠋ᠴᠠ ᠦᠵᠡᠬᠦ ᠳ᠋ᠦ᠍ ᠮᠣᠩᠭᠣᠯᠴᠤᠳ ᠠᠵᠤ ᠲᠥᠷᠥᠨ ᠠᠮᠢᠳᠤᠷᠠᠵᠤ ᠪᠠᠶ᠋ᠢᠬᠰᠠᠨ ᠪᠠ ᠳᠠᠶ᠋ᠢᠨ ᠪᠠᠶ᠋ᠢᠯᠲᠤᠭᠠᠨ ᠤ᠋ ᠦᠶ᠎ᠡ ᠶ᠋ᠢᠨ ᠴᠡᠷᠢᠭ ᠮᠣᠷᠢ ᠰᠠᠭᠤᠵᠤ ᠤᠷᠲᠤ ᠬᠤᠭᠤᠴᠠᠭ᠎ᠠ ᠣᠷᠣᠰᠢᠨ ᠲᠣᠭᠲᠠᠨᠢᠵᠤ ᠪᠠᠶ᠋ᠢᠬᠰᠠᠨ ᠨᠢ ᠢᠯᠡᠬᠡᠨ ᠪᠠᠶ᠋ᠢᠨ᠎ᠠ᠃ ᠰᠢᠷᠬ᠎ᠠ ᠶ᠋ᠢᠨ ᠪᠤᠯᠠᠭ ᠤ᠋ᠨ ᠪᠠᠶ᠋ᠢᠷᠢᠰᠢᠯ ᠨᠢ ᠳᠥᠷᠪᠡᠨ ᠲᠠᠯ᠎ᠠ ᠪᠠᠷ ᠢ᠋ᠶ᠋ᠠᠨ ᠡᠭᠴᠡ ᠠᠭᠤᠯᠠ ᠭᠠᠩᠭ᠎ᠠ ᠳ᠋ᠤ᠌ ᠬᠦᠷᠢᠶᠡᠯᠡᠭᠲᠡᠭᠡᠳ ᠵᠡᠭᠦᠨ ᠲᠠᠯ᠎ᠠ ᠶ᠋ᠢᠨ ᠠᠮᠠᠰᠠᠷ ᠊ᠢ ᠰᠠᠢᠨ ᠰᠠᠬᠢᠵᠤ ᠴᠢᠳᠠᠪᠠᠯ ᠶᠠᠮᠠᠷ ᠴᠤ᠌ ᠳᠠᠶ᠋ᠢᠰᠤᠨ ᠪᠠ ᠬᠥᠮᠦᠨ ᠠᠮᠢᠲᠠᠨ ᠣᠷᠣᠵᠤ ᠭᠠᠷᠴᠤ ᠪᠣᠯᠬᠤ ᠦᠭᠡᠢ ᠡᠶ᠋ᠢᠮᠦᠷᠬᠦᠦ ᠪᠡᠷᠬᠡ ᠪᠠᠷᠲᠠᠭ᠎ᠠ ᠲᠠᠢ ᠭᠠᠵᠠᠷ ᠲᠤ᠌ ᠪᠠᠶ᠋ᠢᠷᠢᠰᠢᠵᠤ ᠪᠠᠶ᠋ᠢᠨ᠎ᠠ᠃ ᠰᠢᠷᠬ᠎ᠠ ᠶ᠋ᠢᠨ ᠪᠤᠯᠠᠭ ᠤ᠋ᠨ ᠤᠰᠤ ᠪᠣᠯ ᠡᠪᠦᠯ ᠵᠤᠨ ᠤ᠋ ᠳᠥᠷᠪᠡᠨ ᠤᠯᠠᠷᠢᠯ ᠳ᠋ᠤ᠌ ᠰᠢᠷᠭᠢᠰᠢ ᠦᠭᠡᠢ ᠤᠨᠳᠤᠷᠤᠨ ᠪᠠᠶ᠋ᠢᠵᠤ ᠬᠡᠳᠦᠨ ᠵᠠᠭᠤᠨ ᠤᠳᠬᠤᠭᠤᠷ ᠢ᠋ᠶ᠋ᠠᠷ ᠤᠳᠬᠤᠭᠠᠳ ᠲᠤᠨᠲᠠᠷᠠᠬᠤ ᠶ᠋ᠢ ᠮᠡᠳᠡᠬᠦ ᠦᠭᠡᠢ ᠬᠡᠳᠦᠨ ᠮᠢᠩᠭᠠᠨ ᠠᠳᠤᠭᠤᠨ ᠤ᠋ ᠤᠮᠳᠠ ᠶ᠋ᠢ ᠬᠠᠩᠭᠠᠵᠤ ᠳᠡᠶ᠋ᠢᠯᠳᠡᠭ᠋ ᠶᠦ᠍ᠮ ᠪᠠᠶ᠋ᠢᠨ᠎ᠠ ᠃ ᠠᠭᠤᠯᠠᠨ ᠤ᠋ ᠳᠣᠣᠷ᠎ᠠ ᠪᠠᠶ᠋ᠢᠭ᠎ᠠ ᠡᠨᠡ ᠢᠬᠡᠷ᠎ᠡ ᠬᠣᠶᠠᠷ ᠪᠤᠯᠠᠭ ᠨᠢ ᠬᠣᠭᠣᠷᠣᠨᠳᠣ ᠪᠠᠨ ᠲᠠᠪᠤᠨ ᠮᠧᠲ᠋ᠷ ᠦ᠋ᠨ ᠵᠠᠶ᠋ᠢᠲᠠᠢ ᠪᠠᠶ᠋ᠢᠵᠤ ᠂ ᠪᠤᠯᠠᠭ ᠤ᠋ᠨ ᠠᠮᠠᠰᠠᠷ ᠤ᠋ᠨ ᠳ᠋ᠢᠶᠠᠮᠧᠲ᠋ᠷ ᠨᠢ ᠨᠢᠭᠡ ᠲᠣᠬᠣᠢ ᠣᠷᠴᠢᠮ ᠪᠠᠶ᠋ᠢᠵᠤ ᠂ ᠨᠢᠭᠡ ᠨᠢ ᠵᠤᠤᠪᠠᠩ ᠬᠡᠯᠪᠡᠷᠢᠲᠡᠢ᠂ ᠨᠢᠭᠡ ᠨᠢ ᠳᠤᠭᠤᠢ ᠬᠡᠯᠪᠡᠷᠢᠲᠡᠢ ᠪᠠᠶ᠋ᠢᠪᠠ ᠃ ᠰᠢᠷᠬ᠎ᠠ ᠶ᠋ᠢᠨ ᠪᠤᠯᠠᠭ ᠤ᠋ᠨ ᠠᠮᠠᠰᠠᠷ ᠢ᠋ᠶ᠋ᠠᠷ ᠣᠷᠣᠬᠤ ᠳ᠋ᠤ᠌ ᠬᠠᠳᠠ ᠴᠢᠯᠠᠭᠤᠳ ᠨᠢ ᠡᠯᠳᠡᠪ ᠵᠦᠢᠯ ᠦ᠋ᠨ ᠠᠷᠢᠶᠠᠲᠠᠨ ᠭᠥᠷᠦᠭᠡᠰᠦᠨ ᠦ᠌ ᠳᠦᠷᠰᠦ ᠰᠢᠭ ᠬᠠᠷᠠᠭᠳᠠᠵᠤ᠂ ᠲᠣᠮᠣ ᠵᠠᠭᠠᠨ ᠤ᠋ ᠮᠠᠯᠠᠭᠠᠢ ᠵᠡᠭᠦᠭᠰᠡᠨ ᠵᠠᠩᠵᠤᠨ ᠪᠠᠭᠠᠲᠤᠷ ᠤ᠋ᠨ ᠳᠦᠷᠢ ᠭᠡᠮᠡᠷ ᠠᠭᠤᠯᠠ ᠬᠠᠳᠠ ᠰᠡᠬᠦᠶ᠋ᠢᠨ ᠰᠦᠨᠲᠡᠷᠯᠡᠭᠰᠡᠨ ᠡᠪᠦᠭᠡ ᠳᠡᠭᠡᠳᠦᠰ ᠦ᠋ᠨ ᠮᠢᠨᠢ ᠰᠢᠲᠦᠭᠡᠨᠲᠦ ᠰᠠᠢᠬᠠᠨ ᠣᠷᠣᠨ ᠪᠠᠶ᠋ᠢᠬᠰᠠᠨ ᠶᠤᠮ ᠪᠠᠶ᠋ᠢᠨ᠎ᠠ ᠃

   ᠦᠰᠦᠭ ᠬᠠᠲᠠᠭᠰᠠᠨ ᠨᠢ᠄ᠮᠥᠩᠭᠦᠨᠴᠡᠴᠡᠭ

   ᠦᠰᠦᠭ ᠠᠮᠢᠯᠠᠭᠤᠯᠤᠭᠰᠠᠨ ᠨᠢ᠄ᠮᠥᠩᠭᠦᠨᠴᠡᠴᠡᠭ

   ᠬᠢᠨᠠᠭᠴᠢ ᠪᠠᠭᠰᠢ ᠄ᠠᠯᠲᠠᠨ᠍ᠠ᠋ᠭᠤᠯᠠ᠂ᠮᠥᠴᠢᠷ