1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – ᠬᠤᠪᠢᠯᠪᠤᠷᠢ ᠶ᠋ᠢᠨ ᠠᠶ᠋ᠢᠮᠠᠭ 1 Ертөнцийн гурав – Хувилбарын аймаг 1

ᠶᠢᠷᠲᠢᠨᠴᠦ ᠶᠢᠨ ᠭᠤᠷᠪᠠ – ᠬᠤᠪᠢᠯᠪᠤᠷᠢ ᠶ᠋ᠢᠨ ᠠᠶ᠋ᠢᠮᠠᠭ 1 Ертөнцийн гурав – Хувилбарын аймаг 1

2023-06-07

1929

ᠶᠢᠷᠲᠢᠨᠴᠦ ᠶᠢᠨ ᠭᠤᠷᠪᠠ – ᠬᠤᠪᠢᠯᠪᠤᠷᠢ ᠶ᠋ᠢᠨ ᠠᠶ᠋ᠢᠮᠠᠭ 1


       ᠬᠤᠪᠢᠯᠪᠤᠷᠢ ᠶ᠋ᠢᠨ ᠠᠶ᠋ᠢᠮᠠᠭ
  
       ᠳᠥᠷᠪᠡᠨ ᠴᠠᠭᠠᠨ
   ᠥᠰᠬᠦ ‍ᠳᠤ ᠰᠢᠲᠦ ᠨᠢᠭᠡ ᠴᠠᠭᠠᠨ
   ᠥᠲᠡᠯᠬᠦ ‍ᠳᠤ ᠦᠰᠦ ᠨᠢᠭᠡ ᠴᠠᠭᠠᠨ
   ᠦᠬᠦᠬᠦ ‍ᠳᠤ ᠶᠠᠰᠤ ᠨᠢᠭᠡ ᠴᠠᠭᠠᠨ
   ᠥᠷ ᠴᠠᠭ ᠴᠣᠯᠮᠣᠨ ᠨᠢᠭᠡ ᠴᠠᠭᠠᠨ

       ᠳᠥᠷᠪᠡᠨ ᠰᠢᠷ᠎ᠠ
   ᠱᠠᠭᠢᠵᠤ ᠬᠤᠷᠠᠲᠠᠭ ᠱᠠᠰᠢᠨ ᠨᠢᠭᠡ ᠰᠢᠷ᠎ᠠ
   ᠰᠢᠷᠠᠯᠠᠵᠤ ᠬᠠᠷᠠᠭᠲᠠᠲᠠᠭ ᠠᠯᠲᠠ ᠨᠢᠭᠡ ᠰᠢᠷ᠎ᠠ
   ᠣᠭᠲᠠᠷᠭᠤᠢ ‍ᠳᠤ ᠪᠠᠶ᠋ᠢᠲᠠᠭ ᠨᠠᠷᠠ ᠨᠢᠭᠡ ᠰᠢᠷ᠎ᠠ
   ᠣᠷᠴᠢᠯᠠᠩ ‍ᠳᠤ ᠪᠠᠶ᠋ᠢᠲᠠᠭ ᠳᠡᠯᠡᠬᠡᠢ ᠨᠢᠭᠡ ᠰᠢᠷ᠎ᠠ

       ᠳᠥᠷᠪᠡᠨ ᠬᠠᠷ᠎ᠠ
   ᠰᠦ᠋ ᠦᠭᠡᠢ ᠴᠠᠢ ᠨᠢᠭᠡ ᠬᠠᠷ᠎ᠠ
   ᠰᠦᠰᠦᠭ ᠦᠭᠡᠢ ᠯᠠᠮᠠ ᠨᠢᠭᠡ ᠬᠠᠷ᠎ᠠ
   ᠳᠡᠪᠢᠭᠦᠷ ᠦᠭᠡᠢ ᠪᠤᠲᠠᠬ᠋᠎ᠠ ᠨᠢᠭᠡ ᠬᠠᠷ᠎ᠠ
   ᠳ᠋ᠸᠩ ᠦᠭᠡᠢ ᠪᠠᠶ᠋ᠢᠰᠢᠩ ᠨᠢᠭᠡ ᠬᠠᠷ᠎ᠠ

       ᠳᠥᠷᠪᠡᠨ ᠨᠣᠭᠣᠭᠠᠨ
   ᠤᠷᠭᠤᠵᠤ ᠪᠠᠶ᠋ᠢᠬ᠋᠎ᠠ ᠨᠣᠭᠣᠬ᠋᠎ᠠ ᠨᠢᠭᠡ ᠨᠣᠭᠣᠭᠠᠨ
   ᠤᠰᠤᠨ ‍ᠳᠤ ᠪᠠᠶ᠋ᠢᠬ᠋᠎ᠠ ᠵᠠᠮᠠᠭ ᠨᠢᠭᠡ ᠨᠣᠭᠣᠭᠠᠨ
   ᠭᠡᠵᠢᠭᠡᠨ ‍ᠳᠤ ᠪᠠᠶ᠋ᠢᠬ᠋᠎ᠠ ᠣᠭ᠌ᠶᠤ ᠨᠢᠭᠡ ᠨᠣᠭᠣᠭᠠᠨ
   ᠭᠡᠲᠡᠰᠦᠨ ‍ᠳᠤ ᠪᠠᠶ᠋ᠢᠲᠠᠭ ᠰᠥᠰᠥ ᠨᠢᠭᠡ ᠨᠣᠭᠣᠭᠠᠨ

       ᠳᠥᠷᠪᠡᠨ ᠶᠡᠬᠡ
   ᠡᠷᠲᠡᠮ ᠪᠠᠭᠠᠲᠤ ᠶ᠋ᠢᠨ ᠣᠮᠣᠭ ᠨᠢ ᠶᠡᠬᠡ
   ᠢᠰᠢᠭᠡᠨ ᠤᠬᠤᠨ᠎ᠠ ᠶ᠋ᠢᠨ ᠲᠣᠴᠢᠬ ᠨᠢ ᠶᠡᠬᠡ
   ᠡᠴᠢᠭᠡ ᠦᠭᠡᠢ ᠬᠦᠦ ᠶ᠋ᠢᠨ ᠲᠣᠯᠣᠭᠠᠢ ᠨᠢ ᠶᠡᠬᠡ
   ᠡᠬᠡ ᠦᠭᠡᠢ ᠬᠡᠦᠬᠡᠨ ᠪ ᠪᠦᠭᠰᠡ ᠨᠢ ᠶᠡᠬᠡ

       ᠳᠥᠷᠪᠡᠨ ᠠᠶᠤᠬᠤ
   ᠨᠣᠮ ᠦᠭᠡᠢ ᠯᠠᠮᠠ ᠬᠤᠷᠠᠯ ᠠ᠋ᠴᠠ ᠠᠶᠤᠬᠤ
   ᠨᠣᠯᠤᠤᠷ ᠦᠭᠡᠢ ᠢᠮᠠᠬ᠋᠎ᠠ ᠬᠦᠢᠲᠡᠨ ᠡᠴᠡ ᠠᠶᠤᠬᠤ
   ᠰᠠᠨᠠᠬ᠋᠎ᠠ ᠮᠠᠭᠤᠲᠤ ᠦᠨᠡᠨ ᠡᠴᠡ ᠠᠶᠤᠬᠤ
   ᠰᠠᠷᠢᠰᠤᠨ ᠪᠠᠭᠪᠠᠬᠠᠢ ᠨᠠᠷᠠ ᠠ᠋ᠴᠠ ᠠᠶᠤᠬᠤ

       ᠳᠥᠷᠪᠡᠨ ᠶᠠᠩᠰᠢᠶ᠎ᠠ
   ᠬᠠᠷᠠᠮᠴᠢ ᠡᠮ᠎ᠡ ᠭᠡᠷ ᠦ᠋ᠨ ᠶᠠᠩᠰᠢᠶ᠎ᠠ
   ᠬᠠᠷ᠎ᠠ ᠨᠣᠬᠠᠢ ᠬᠣᠲᠠ ᠶ᠋ᠢᠨ ᠶᠠᠩᠰᠢᠶ᠎ᠠ
   ᠬᠠᠰᠠᠭ ᠲᠡᠷᠭᠡ ᠵᠠᠮ ᠦ᠋ᠨ ᠶᠠᠩᠰᠢᠶ᠎ᠠ
   ᠬᠠᠲᠠᠭᠰᠠᠨ ᠮᠡᠯᠡᠬᠡᠢ ᠨᠠᠭᠤᠷ ᠦ᠋ᠨ ᠶᠠᠩᠰᠢᠶ᠎ᠠ

       ᠳᠥᠷᠪᠡᠨ  ᠵᠢᠮᠰᠡᠭ
   ᠰᠠᠭᠠᠲᠠᠭ ᠨᠤᠮᠤ ᠡᠷ᠎ᠡ ᠶ᠋ᠢᠨ ᠵᠢᠮᠰᠡᠭ
   ᠰᠠᠭᠯᠠᠭᠠᠷ ᠮᠣᠲᠣ ᠠᠭᠤᠯᠠ ᠶ᠋ᠢᠨ ᠵᠢᠮᠰᠡᠭ
   ᠰᠠᠵᠢᠯᠬ᠋᠎ᠠ ᠰᠦᠢᠬᠡ ᠡᠮ᠎ᠡ ᠶ᠋ᠢᠨ ᠵᠢᠮᠰᠡᠭ
   ᠰᠠᠶ᠋ᠢᠨ ᠡᠬᠡᠨᠡᠷ ᠭᠡᠷ ᠦ᠋ᠨ ᠵᠢᠮᠰᠡᠭ

       ᠳᠥᠷᠪᠡᠨ ᠭᠡᠷᠡᠴᠢ
   ᠠᠯᠲᠠᠨ ᠪᠡᠶ᠎ᠡ ‍ᠳᠤ ᠠᠮᠠ ᠭᠡᠷᠡᠴᠢ
   ᠠᠯᠪᠠᠨ ᠪᠢᠴᠢᠭ ᠲᠦ ᠲᠠᠮᠠᠬ᠋᠎ᠠ ᠭᠡᠷᠡᠴᠢ
   ᠠᠲᠤᠭᠤ ᠮᠠᠯ ‍ᠳᠤ ᠲᠡᠮᠲᠡᠭ ᠭᠡᠷᠡᠴᠢ
   ᠠᠪᠤᠯ ᠥᠭᠭᠦᠯ ‍ᠳᠤ ᠪᠠᠷᠢᠮᠲᠠ ᠭᠡᠷᠡᠴᠢ

       ᠳᠥᠷᠪᠡᠨ ᠪᠤᠯᠠᠢ
   ᠬᠤᠶᠠᠯᠢᠴᠢ ᠡᠮ᠎ᠡ ᠢᠨᠠᠭ ᠦ᠋ᠨ ᠨᠢᠭᠡ ᠪᠤᠯᠠᠢ
   ᠬᠤᠲᠠᠯᠴᠢ ᠬᠥᠮᠦᠨ ᠨᠥᠬᠥᠷ ᠦ᠋ᠨ ᠨᠢᠭᠡ ᠪᠤᠯᠠᠢ
   ᠬᠣᠪᠲᠣᠭ ᠨᠣᠶᠠᠨ ᠨᠡᠶ᠋ᠢᠭᠡᠮ ᠦ᠋ᠨ ᠨᠢᠭᠡ  ᠪᠤᠯᠠᠢ
   ᠬᠤᠶ᠋ᠢᠬᠤᠷ ᠲᠦᠰᠢᠮᠡᠯ ᠲᠥᠷᠥ ᠶ᠋ᠢᠨ ᠨᠢᠭᠡ ᠪᠤᠯᠠᠢ

       ᠳᠥᠷᠪᠡᠨ ᠬᠠᠷ᠎ᠠ
   ᠲᠣᠰᠣ ᠶ᠋ᠢ ᠪᠠᠷᠠᠲᠠᠭ ᠠ᠋ᠴᠠ ᠲᠣᠭᠣᠬ᠋᠎ᠠ ᠬᠠᠷ᠎ᠠ
   ᠲᠦᠯᠡᠭᠡ ᠶ᠋ᠢ ᠪᠠᠷᠠᠲᠠᠭ ᠠ᠋ᠴᠠ ᠵᠤᠤᠬ᠎ᠠ ᠬᠠᠷ᠎ᠠ
   ᠲᠣᠯᠣᠭᠠᠢ ᠶ᠋ᠢ ᠲᠣᠭᠣᠷᠢᠬᠰᠠᠨ ᠠ᠋ᠴᠠ ᠦᠰᠦ ᠬᠠᠷ᠎ᠠ
   ᠲᠡᠮᠦᠷ ᠊ᠢ ᠳᠠᠪᠲᠠᠳᠠᠭ ᠠ᠋ᠴᠠ ᠳᠠᠷᠬᠠᠨ ᠬᠠᠷ᠎ᠠ

       ᠳᠥᠷᠪᠡᠨ ᠴᠡᠩᠬᠡᠷ
   ᠬᠣᠯᠠ ᠪᠠᠶ᠋ᠢᠭ᠎ᠠ ᠠᠭᠤᠯᠠ ᠨᠢᠭᠡ ᠴᠡᠩᠬᠡᠷ
   ᠬᠣᠩᠬᠣᠯ ‍ᠳᠤ ᠪᠠᠶ᠋ᠢᠭ᠎ᠠ  ᠨᠠᠭᠤᠷ ᠨᠢᠭᠡ ᠴᠡᠩᠬᠡᠷ
   ᠬᠣᠷᠸ᠋᠎ᠠ ‍ᠳᠤ ᠪᠠᠶ᠋ᠢᠭ᠎ᠠ ᠲᠩᠷᠢ ᠨᠢᠭᠡ ᠴᠡᠩᠬᠡᠷ
   ᠬᠤᠯᠠᠩ ᠠ᠋ᠴᠠ ᠭᠠᠷᠤᠭᠰᠠᠨ ᠤᠲᠤᠭ᠎ᠠ ᠨᠢᠭᠡ ᠴᠡᠩᠬᠡᠷ

       ᠳᠥᠷᠪᠡᠨ ᠲᠣᠭᠣᠷᠢᠭᠤ
   ᠪᠦᠰᠡ ᠲᠤᠤᠬᠠᠢ ᠪᠡᠶ᠎ᠡ ᠎ᠪᠠᠨ ᠲᠣᠭᠣᠷᠢᠭᠤ
   ᠪᠦᠰᠡᠯᠡᠭᠦᠷ ᠣᠭᠣᠰᠣᠷ ᠭᠡᠷ ‍ᠢᠶ᠋ᠠᠨ ᠲᠣᠭᠣᠷᠢᠭᠤ
   ᠪᠦᠭᠦᠳᠡ ᠠᠮᠢᠲᠠᠨ ᠲᠤᠯᠭ᠎ᠠ ᠎ᠪᠠᠨ ᠲᠣᠭᠣᠷᠢᠭᠤ
   ᠪᠥᠭᠲᠦᠭᠡᠷ ᠡᠯᠵᠢᠭᠡ ᠢᠩ ‍ᠢᠶ᠋ᠠᠨ ᠲᠣᠭᠣᠷᠢᠭᠤ

       ᠳᠥᠷᠪᠡᠨ ᠲᠦᠰᠢᠭ
   ᠥᠨᠳᠥᠷ ᠮᠣᠳᠣ ᠭᠡᠷ ‍ᠤᠨ ᠲᠦᠰᠢᠭ
   ᠦᠶ᠎ᠡ ‍ᠶ᠋ᠢᠨ ᠨᠥᠬᠥᠷ ᠪᠡᠶ᠎ᠡ ‍ᠶ᠋ᠢᠨ ᠲᠦᠰᠢᠭ
   ᠬᠠ ᠭᠤᠶ᠎ᠠ ᠳ᠋ᠠᠭᠠᠨ ᠲᠦᠰᠢᠭ
   ᠬᠠᠮᠠᠷ ᠠᠮᠠ ᠳ᠋ᠠᠭᠠᠨ ᠲᠦᠰᠢᠭ

       ᠳᠥᠷᠪᠡᠨ ᠠᠭᠤᠰᠬᠤ
   ᠠᠯᠢᠮ᠎ᠠ ᠭᠡᠭᠴᠢ ᠠᠷᠠᠭᠠᠨ ‍ᠳᠤ ᠠᠭᠤᠰᠬᠤ
   ᠠᠮᠲᠠ ᠭᠡᠭᠴᠢ ᠲᠠᠩᠨᠠᠢ ‍ᠳᠤ ᠠᠭᠤᠰᠬᠤ
   ᠠᠷᠢᠬᠢ ᠭᠡᠭᠴᠢ ᠪᠡᠶ᠎ᠡ ‍ᠳᠤ ᠠᠭᠤᠰᠬᠤ
   ᠠᠮᠠᠷᠠᠭ ᠭᠡᠭᠴᠢ ᠵᠢᠷᠦᠬᠡᠨ ‍ᠳᠤ ᠠᠭᠤᠰᠬᠤ

       ᠳᠥᠷᠪᠡᠨ ᠨᠡᠮᠡᠬᠦ
   ᠬᠣᠨᠢᠴᠢᠨ ᠬᠥᠮᠦᠨ ‍ᠳᠤ ᠬᠣᠭᠣᠯᠠ ᠨᠡᠮᠡᠬᠦ
   ᠬᠤᠷᠳᠤᠨ ᠮᠣᠷᠢᠨ ‍ᠳᠤ ᠲᠠᠰᠢᠭᠤᠷ ᠨᠡᠮᠡᠬᠦ
   ᠬᠤᠷ᠎ᠠ ᠪᠣᠷᠣᠭᠠᠨ ‍ᠳᠤ ᠤᠰᠤ ᠨᠡᠮᠡᠬᠦ
   ᠬᠣᠨᠢᠨ ᠮᠢᠬᠠᠨ ‍ᠳᠤ ᠱᠥᠯᠥ ᠨᠡᠮᠡᠬᠦ

       ᠳᠥᠷᠪᠡᠨ ᠵᠣᠪᠠᠳᠠᠭ
   ᠥᠬᠢᠨ ᠲᠡᠵᠢᠭᠡᠭᠰᠡᠨ ᠬᠥᠮᠦᠨ ᠦᠭᠭᠦᠨ ᠦᠭᠭᠦᠲᠡᠯ᠎ᠠ ᠵᠣᠪᠠᠳᠠᠭ
   ᠦᠬᠡᠷ ᠲᠠᠭᠤᠭᠰᠠᠨ ᠬᠥᠮᠦᠨ ᠬᠦᠷᠦᠨ ᠬᠦᠷᠲᠡᠯ᠎ᠡ ᠵᠣᠪᠠᠳᠠᠭ
   ᠦᠨᠳᠦᠰᠦ ᠮᠠᠭᠤ ᠮᠣᠳᠣ ᠤᠨᠠᠨ ᠤᠨᠠᠲᠠᠯ᠎ᠠ ᠵᠣᠪᠠᠳᠠᠭ
   ᠦᠷ᠎ᠡ ᠮᠠᠭᠤᠲᠤ ᠬᠥᠮᠦᠨ ᠦᠬᠦᠨ ᠦᠬᠦᠲᠡᠯ᠎ᠡ ᠵᠣᠪᠠᠳᠠᠭ

       ᠳᠥᠷᠪᠡᠨ ᠪᠤᠭ
   ᠦᠨᠡᠰᠦ ᠶᠡᠬᠡᠳᠪᠡᠯ ᠲᠤᠯᠭ᠎ᠠ ‍ᠶ᠋ᠢᠨ ᠪᠤᠭ
   ᠥᠬᠢᠨ ᠥᠲᠡᠯᠪᠡᠯ ᠭᠡᠷ ‍ ‍ᠤᠨ ᠪᠤᠭ
   ᠬᠠᠪᠲᠠᠭᠠᠢ ᠲᠦᠯᠡᠭᠡ ᠭᠠᠯ ‍ᠤᠨ ᠪᠤᠭ
   ᠬᠠᠷᠠᠮᠴᠢ ᠡᠬᠡᠨᠡᠷ ᠭᠡᠷ ‍ᠤᠨ ᠪᠤᠭ

       ᠳᠥᠷᠪᠡᠨ ᠳᠡᠭᠦᠦ
   ᠪᠠᠶᠠᠨ ᠬᠥᠮᠦᠨ ᠨᠣᠶᠠᠳ ‍ᠤᠨ ᠳᠡᠭᠦᠦ
   ᠦᠭᠡᠶ᠋ᠢᠭᠦᠦ ᠬᠥᠮᠦᠨ ᠦᠬᠦᠭᠰᠡᠳ ‍ᠤᠨ ᠳᠡᠭᠦᠦ
   ᠤᠨᠲᠠᠭᠰᠠᠨ ᠬᠥᠮᠦᠨ ᠬᠣᠭᠣᠰᠣᠨ ‍ᠤ ᠳᠡᠭᠦᠦ
   ᠬᠤᠳᠠᠯᠴᠢ ᠬᠥᠮᠦᠨ ᠬᠤᠯᠠᠭᠠᠶ᠋ᠢᠴᠢ ‍ᠶ᠋ᠢᠨ ᠳᠡᠭᠦᠦ

       ᠳᠥᠷᠪᠡᠨ ᠬᠣᠯᠠ
   ᠦᠬᠦᠭᠰᠡᠨ ᠬᠥᠮᠦᠨ ‍ᠳᠤ ᠲᠥᠷᠥᠯ ᠬᠣᠯᠠ
   ᠦᠬᠡᠷ ᠲᠠᠭᠤᠭᠰᠠᠨ ᠬᠥᠮᠦᠨ ‍ᠳᠤ ᠵᠠᠮ ᠬᠣᠯᠠ
   ᠬᠠᠷᠢᠶᠠᠯᠴᠢ ᠬᠥᠮᠦᠨ ‍ᠳᠤ ᠬᠠᠨᠢ ᠬᠣᠯᠠ
   ᠬᠠᠱᠠᠩ ᠮᠣᠷᠢᠨ ‍ᠳᠤ ᠵᠠᠮ ᠬᠣᠯᠠ

       ᠳᠥᠷᠪᠡᠨ ᠪᠤᠰᠤ
   ᠭᠡᠳᠡᠰᠦᠨ ᠳ᠋ᠡᠭᠡᠨ ᠯᠡ ᠢᠳᠡᠭᠰᠡᠳ ᠪᠠᠶᠠᠨ ᠪᠤᠰᠤ
   ᠬᠡᠬᠡᠷᠡᠭᠰᠡᠨ ᠳ᠋ᠡᠭᠡᠨ ᠯᠡ ᠴᠠᠳᠤᠭᠰᠠᠳ ᠡᠷᠬᠢᠮ ᠪᠤᠰᠤ
   ᠬᠡᠯᠡᠭᠰᠡᠨ ᠳ᠋ᠡᠭᠡᠨ ᠯᠡ ᠢᠨᠢᠶᠡᠭᠰᠡᠳ ᠰᠡᠴᠡᠨ ᠪᠤᠰᠤ
   ᠭᠡᠷᠭᠡᠢ ᠳ᠋ᠡᠭᠡᠨ ᠯᠡ ᠰᠢᠪᠡᠨᠡᠭᠰᠡᠳ ᠮᠡᠷᠭᠡᠨ ᠪᠤᠰᠤ

       ᠳᠥᠷᠪᠡᠨ ᠡᠷᠳᠡᠨᠢ
   ᠠᠯᠵᠠᠭᠤ ᠬᠥᠮᠦᠨ ‍ᠳᠤ ᠮᠡᠬᠡ ᠨᠢᠭᠡ ᠡᠷᠳᠡᠨᠢ
   ᠠᠮᠢᠨᠴᠢᠷ ᠬᠥᠮᠦᠨ ‍ᠳᠤ ᠠᠰᠢᠬ ᠨᠢᠭᠡ ᠡᠷᠳᠡᠨᠢ
   ᠠᠪᠯᠢᠭᠠᠴᠢ ᠬᠥᠮᠦᠨ ‍ᠳᠤ ᠮᠥᠯᠵᠢᠯ ᠨᠢᠭᠡ ᠡᠷᠳᠡᠨᠢ
   ᠠᠵᠢᠯᠴᠢ ᠬᠥᠮᠦᠨ ‍ᠳᠤ ᠬᠥᠳᠡᠯᠮᠦᠷᠢ ᠨᠢᠭᠡ ᠡᠷᠳᠡᠨᠢ

       ᠳᠥᠷᠪᠡᠨ ᠠᠯᠳᠠᠬᠤ ᠦᠭᠡᠢ
   ᠨᠣᠬᠠᠢ ᠬᠠᠮᠢᠭ᠎ᠠ ᠶᠠᠪᠤᠪᠠᠴᠤ ᠪᠠᠭᠠᠰᠤ ᠢᠳᠡᠬᠦ ᠎ᠪᠠᠨ ᠠᠯᠳᠠᠬᠤ ᠦᠭᠡᠢ
   ᠨᠣᠶᠠᠨ ᠬᠠᠮᠢᠭ᠎ᠠ ᠶᠠᠪᠤᠪᠠᠴᠤ ᠬᠡᠭᠡᠯᠢ ᠢᠳᠡᠬᠦ ᠎ᠪᠠᠨ ᠠᠯᠳᠠᠬᠤ ᠦᠭᠡᠢ
   ᠯᠠᠮᠠ ᠬᠠᠮᠢᠭ᠎ᠠ ᠶᠠᠪᠤᠪᠠᠴᠤ ᠬᠣᠪᠳᠣᠭ ᠵᠠᠩ ‍ᠢᠶ᠋ᠠᠨ ᠠᠯᠳᠠᠬᠤ ᠦᠭᠡᠢ
   ᠯᠤᠶ᠋ᠢᠪᠠᠷᠴᠢᠨ ᠬᠠᠮᠢᠭ᠎ᠠ ᠶᠠᠪᠤᠪᠠᠴᠤ ᠬᠡᠷᠡᠭ ᠲᠠᠲᠠᠬᠤ ᠎ᠪᠠᠨ ᠠᠯᠳᠠᠬᠤ ᠦᠭᠡᠢ 

       ᠦᠰᠦᠭ ᠠᠮᠢᠯᠠᠭᠤᠯᠤᠭᠴᠢ ᠄  ᠮᠢᠩᠭᠠᠳ ᠴᠢᠮᠡᠭ ᠂ ᠬᠠᠳᠠᠴᠢ ᠤᠷᠠᠨ᠎ᠠ 
         ᠬᠢᠨᠠᠭᠴᠢ ᠄   ᠮᠢᠩᠭᠠᠳ ᠴᠢᠮᠡᠭ᠂  ᠬᠠᠷᠠᠨᠤᠳ ᠲᠤᠶᠠᠭ᠎ᠠ