ᠮᠥᠩᠭᠥᠨ ᠤ ᠬᠣᠷᠣᠬᠠᠢ- ᠪᠠᠯᠽᠠᠺМөнгөний хорхой-бэлзак ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠭᠥᠨ ᠤ ᠬᠣᠷᠣᠬᠠᠢ- ᠪᠠᠯᠽᠠᠺМөнгөний хорхой-бэлзак

ᠮᠥᠩᠭᠥᠨ ᠤ ᠬᠣᠷᠣᠬᠠᠢ- ᠪᠠᠯᠽᠠᠺМөнгөний хорхой-бэлзак

2023-06-06

382

ᠮᠥᠩᠭᠥᠨ ᠤ ᠬᠣᠷᠣᠬᠠᠢ

                      ᠪᠠᠯᠽᠠᠺ
  ᠲᠡᠷᠡ ᠦᠶ᠎ᠡ᠂ ᠭᠷᠠᠨᠳᠧᠲ ᠳᠠᠯᠠᠨ ᠵᠢᠷᠭᠤᠭᠠᠨ ᠨᠠᠰᠤᠨ ᠤ᠋ ᠪᠠᠨ ᠨᠢᠭᠤᠷ ᠢ᠋ ᠦᠵᠡᠭᠰᠡᠨ ᠪᠠᠢᠪᠠ᠃ ᠬᠣᠶᠠᠷ ᠵᠢᠯ ᠡᠴᠡ ᠨᠡᠰᠢ ᠲᠡᠭᠦᠨ ᠦ᠌ ᠬᠠᠷᠠᠮᠴᠢ ᠰᠡᠳᠬᠢᠯ ᠨᠢ ᠨᠢᠭᠡ ᠬᠥᠮᠦᠨ ᠦ᠌ ᠤᠳᠠᠭᠠᠨ ᠵᠢᠯ ᠵᠤᠵᠠᠭᠠᠨ ᠬᠣᠨᠣᠭ ᠤ᠋ᠨ ᠠᠯᠢᠪᠠ ᠲᠠᠴᠢᠶᠠᠯ ᠪᠠ ᠰᠢᠨᠤᠯ ᠤ᠋ᠨ ᠠᠳᠠᠯᠢ ᠪᠠᠷ ᠤᠯᠠᠮ ᠯᠠ ᠨᠡᠮᠡᠭᠳᠡᠵᠦ ᠤᠯᠠᠮ ᠯᠠ ᠠᠢᠬᠤᠪᠲᠤᠷ ᠪᠣᠯᠪᠠ᠃ ᠠᠵᠢᠭᠯᠠᠯᠲᠠ ᠶ᠋ᠢᠨ ᠦᠷ᠎ᠡ ᠳ᠋ᠦᠩ ᠢ᠋ ᠦᠨᠳᠦᠰᠦᠯᠡᠪᠡᠯ᠂ ᠬᠠᠷᠠᠮᠴᠢ ᠰᠡᠳᠬᠢᠯᠲᠡᠨ᠂ ᠵᠡᠷᠯᠢᠭ ᠰᠠᠨᠠᠭᠠᠲᠠᠨ ᠵᠡᠷᠭᠡ ᠭᠠᠭᠴᠠ ᠮᠤᠵᠢᠭᠤᠳᠠ ᠬᠦᠰᠡᠯᠲᠡᠨ ᠪᠦᠬᠦᠨ ᠦ᠌ ᠬᠠᠢᠷ᠎ᠠ ᠰᠡᠳᠬᠢᠯ ᠨᠢ ᠶᠡᠷᠦ ᠳ᠋ᠡᠭᠡᠨ ᠥᠪᠡᠷᠰᠡᠳ ᠦ᠋ᠨ ᠲᠠᠴᠢᠶᠠᠯ ᠤ᠋ᠨ ᠢ᠋ᠶ᠋ᠠᠨ ᠪᠡᠯᠭᠡ ᠲᠡᠮᠳᠡᠭ ᠪᠣᠯᠤᠭᠰᠠᠨ ᠨᠢᠭᠡᠨ ᠵᠦᠢᠯ ᠦ᠋ᠨ ᠶᠠᠭᠤᠮᠠᠨ ᠤᠷᠤᠭᠤ ᠣᠨᠴᠣᠭᠣᠢ ᠲᠠᠰᠢᠭᠤᠷᠠᠭᠰᠠᠨ ᠪᠠᠢᠳᠠᠭ ᠪᠠᠢᠨ᠎ᠠ᠃ ᠠᠯᠲᠠ ᠦᠵᠡᠪᠡᠯ ᠠᠳᠬᠤᠨ ᠳ᠋ᠠᠭᠠᠨ ᠣᠷᠣᠭᠤᠯᠬᠤ ᠭᠡᠬᠦ ᠨᠢ ᠭᠷᠠᠨᠳᠧᠲ ᠦ᠋ᠨ ᠪᠠᠷᠢᠮᠲᠠᠯᠠᠭᠰᠠᠨ ᠬᠡᠨᠡᠭᠡ ᠶᠦᠮ᠃ ᠲᠡᠭᠦᠨ ᠦ᠌ ᠡᠵᠡᠷᠬᠡᠮᠡᠭᠡᠢᠯᠡᠬᠦ ᠬᠡᠮᠵᠢᠶ᠎ᠡ ᠨᠢ ᠮᠥᠨ ᠬᠠᠷᠠᠮᠴᠢ ᠰᠡᠳᠬᠢᠯ ᠢ᠋ᠶ᠋ᠡᠨ ᠳᠠᠭᠠᠯᠳᠤᠨ ᠨᠡᠮᠡᠭᠳᠡᠵᠦ ᠪᠠᠢᠪᠠ᠃ ᠬᠡᠷᠪᠡ ᠡᠬᠡᠨᠡᠷ ᠢ᠋ᠶ᠋ᠡᠨ ᠦᠬᠦᠭᠰᠡᠨ ᠦ᠌ ᠳᠠᠷᠠᠭ᠎ᠠ ᠡᠳ᠋ ᠬᠥᠷᠥᠩᠭᠡ ᠶ᠋ᠢᠨ ᠢ᠋ᠶ᠋ᠡᠨ ᠬᠠᠮᠢᠶᠠᠷᠤᠯᠲᠠ ᠶ᠋ᠢ ᠬᠠᠷ᠎ᠠ ᠬᠢᠮᠤᠰᠤᠨ ᠲᠡᠳᠦᠢ ᠴᠦ᠍ ᠭᠡᠰᠡᠨ ᠰᠤᠯᠠ ᠲᠠᠯᠪᠢᠵᠤ᠂ ᠥᠪᠡᠷ ᠢ᠋ᠶ᠋ᠡᠨ ᠬᠠᠮᠢᠶᠠᠷᠴᠤ ᠴᠢᠳᠠᠬᠤ ᠦᠭᠡᠢ ᠯᠡ ᠪᠣᠯ ᠵᠢᠷᠤᠮ ᠰᠥᠷᠴᠦ ᠶᠣᠰᠣ ᠵᠥᠷᠢᠴᠡᠭᠰᠡᠨ ᠶᠠᠪᠤᠳᠠᠯ ᠭᠡᠵᠦ ᠪᠣᠳᠣᠵᠤ ᠪᠠᠢᠪᠠ᠃ ᠶᠠᠭᠠᠬᠢᠬᠤ ᠪᠣᠢ! ᠡᠳ᠋ ᠬᠥᠷᠥᠩᠭᠡ ᠶ᠋ᠢᠨ ᠲᠣᠭ᠎ᠠ ᠬᠡᠮᠵᠢᠶ᠎ᠡ ᠪᠡᠨ ᠥᠬᠢᠨ ᠳ᠋ᠡᠭᠡᠨ ᠮᠡᠳᠡᠭᠦᠯᠬᠦ ᠦᠦ᠂ ᠬᠥᠳᠡᠯᠬᠦ ᠬᠥᠷᠥᠩᠭᠡ ᠪᠡᠨ ᠪᠦᠭᠦᠳᠡ ᠶ᠋ᠢ ᠨᠢᠭᠡ ᠯᠡ ᠳᠣᠣᠷ᠎ᠠ ᠳᠠᠩᠰᠠᠯᠠᠨ ᠳᠠᠭᠤᠳᠠᠯᠭ᠎ᠠ ᠶ᠋ᠢᠨ ᠬᠤᠳᠠᠯᠳᠤᠭᠠᠨ ᠳ᠋ᠤ᠌ ᠣᠷᠣᠭᠤᠯᠬᠤ ᠤᠤ? ᠁
  《ᠲᠡᠭᠡᠪᠡᠯ ᠥᠪᠡᠷ ᠢ᠋ᠶ᠋ᠡᠨ ᠥᠪᠡᠷ ᠦ᠋ᠨ ᠢ᠋ᠶ᠋ᠡᠨ ᠬᠣᠭᠣᠯᠠᠢ ᠳᠡᠭᠡᠷ᠎ᠡ ᠬᠢᠲᠤᠭ᠎ᠠ ᠲᠠᠯᠪᠢᠵᠤ ᠪᠠᠢᠭ᠎ᠠ ᠬᠡᠷᠡᠭ ᠪᠣᠯᠤᠨ᠎ᠠ!》ᠭᠡᠵᠦ ᠭᠷᠠᠨᠳᠧᠲ ᠲᠠᠷᠢᠶᠠᠨ ᠳ᠋ᠠᠭᠠᠨ ᠦᠵᠦᠮ ᠦ᠋ᠨ ᠣᠷᠢᠶᠠᠩᠭᠤ ᠪᠠᠨ ᠪᠠᠢᠴᠠᠭᠠᠨ ᠦᠵᠡᠵᠦ ᠶᠠᠪᠤᠭᠰᠠᠭᠠᠷ ᠪᠠᠢᠵᠤ ᠥᠨᠳᠥᠷ ᠳᠠᠭᠤᠨ ᠢ᠋ᠶ᠋ᠠᠷ ᠳᠤᠤᠭᠠᠷᠪᠠ᠃
  ᠲᠡᠭᠡᠭᠡᠳ ᠡᠴᠦᠰ ᠲᠡᠭᠡᠨ ᠵᠣᠷᠢᠯᠭ᠎ᠠ ᠪᠠᠨ ᠲᠣᠭᠲᠠᠭᠠᠵᠤ ᠣᠷᠣᠢ ᠶ᠋ᠢᠨ ᠬᠣᠭᠣᠯᠠᠨ ᠤ᠋ ᠦᠶ᠎ᠡ ᠪᠡᠷ ᠰᠡᠦᠮᠦᠷ ᠲᠡᠭᠡᠨ ᠪᠤᠴᠠᠨ᠂ ᠢᠦᠭᠧᠨ᠋ᠸ ᠲᠡᠭᠡᠨ ᠪᠠᠭᠤᠨ ᠥᠭᠴᠦ᠂ ᠲᠣᠯᠢᠭᠠᠨᠠᠨ ᠪᠢᠯᠳᠠᠤᠴᠢᠯᠠᠵᠤ᠂ ᠠᠷᠭᠠᠳᠠᠨ ᠬᠠᠭᠤᠷᠴᠤ ᠪᠠᠢᠭᠠᠳ ᠦᠬᠦᠨ ᠦᠬᠦᠲᠡᠯ᠎ᠡ ᠭᠡᠷ ᠦ᠋ᠨ ᠡᠵᠡᠨ ᠦ᠌ ᠡᠷᠬᠡ ᠰᠦᠷ ᠢ᠋ᠶ᠋ᠡᠨ ᠬᠠᠳᠠᠭᠠᠯᠠᠵᠤ᠂ ᠭᠣᠣᠯ ᠢ᠋ᠶ᠋ᠠᠨ ᠲᠠᠰᠤᠷᠠᠨ ᠲᠠᠰᠤᠷᠠᠲᠠᠯ᠎ᠠ ᠬᠡᠳᠦᠨ ᠵᠠᠭᠤᠨ ᠲᠦᠮᠡᠨ ᠲᠥᠭᠥᠷᠢᠭ ᠦ᠋ᠨ ᠡᠳ᠋ ᠬᠥᠷᠥᠩᠭᠡ ᠶ᠋ᠢᠨ ᠶᠡᠬᠡ ᠡᠷᠬᠡ ᠶ᠋ᠢ ᠠᠳᠬᠤᠬᠤ ᠳ᠋ᠠᠭᠠᠨ ᠰᠠᠭᠠᠳ ᠦᠭᠡᠢ ᠪᠣᠯᠭᠠᠬᠤ ᠪᠠᠷ ᠰᠢᠢᠳᠴᠡᠢ᠃ ᠡᠨᠡ ᠡᠪᠦᠭᠡᠨ ᠡᠷᠳᠡᠨᠢ ᠶ᠋ᠢᠨ ᠰᠠᠩ ᠤ᠋ᠨ ᠲᠦᠯᠬᠢᠭᠦᠷ ᠢ᠋ᠶ᠋ᠡᠨ ᠠᠪᠴᠤ᠂ ᠬᠦᠷᠢᠶᠡᠨ ᠦ᠌ ᠬᠠᠭᠠᠯᠭ᠎ᠠ ᠪᠠᠨ ᠥᠪᠡᠷ ᠢ᠋ᠶ᠋ᠡᠨ ᠨᠡᠭᠡᠭᠡᠭᠡᠳ᠂ ᠰᠠᠮ ᠢ᠋ᠶ᠋ᠠᠷ ᠠᠰᠠᠷ ᠳᠡᠭᠡᠷ᠎ᠡ ᠭᠠᠷᠤᠨ᠂ ᠡᠬᠡᠨᠡᠷ ᠦ᠋ᠨ ᠢ᠋ᠶ᠋ᠡᠨ ᠥᠷᠥᠭᠡᠨ ᠳ᠋ᠦ᠍ ᠣᠷᠣᠭᠰᠠᠨ ᠳ᠋ᠤ᠌᠂ ᠢᠦᠭᠧᠨ᠋ᠸ ᠤᠷᠠᠯᠢᠭ ᠰᠠᠢᠬᠠᠨ ᠬᠢᠴᠡ ᠲᠡᠢ ᠵᠠᠰᠠᠯ ᠵᠢᠮᠰᠡᠭ ᠦ᠋ᠨ ᠬᠠᠢᠷᠴᠠᠭ ᠢ᠋ᠶ᠋ᠠᠨ ᠡᠵᠢ ᠶ᠋ᠢᠨ ᠢ᠋ᠶ᠋ᠡᠨ ᠣᠷᠣ ᠳᠡᠭᠡᠷ᠎ᠡ ᠡᠷᠭᠦᠵᠦ ᠲᠠᠯᠪᠢᠭᠰᠠᠨ ᠪᠠᠢᠵᠠᠢ᠃ ᠲᠡᠭᠡᠭᠡᠳ ᠭᠷᠠᠨᠳᠧᠲ ᠦ᠋ᠨ ᠡᠵᠡᠭᠦᠢ ᠶ᠋ᠢ ᠵᠠᠪᠳᠤᠵᠤ ᠡᠬᠡ ᠥᠬᠢᠨ ᠬᠣᠶᠠᠭᠤᠯᠠ ᠴᠠᠷᠯᠧᠰ ᠦ᠋ᠨ ᠡᠬᠡ ᠶ᠋ᠢᠨ ᠱᠤᠭᠤᠮᠠᠯ ᠬᠥᠷᠥᠭ ᠳᠡᠭᠡᠷ᠎ᠡ ᠡᠴᠡ ᠴᠠᠷᠯᠧᠰ ᠦ᠋ᠨ ᠵᠢᠰᠦ ᠴᠢᠷᠠᠢ ᠶ᠋ᠢ ᠰᠢᠨᠵᠢᠵᠦ ᠪᠠᠢᠪᠠ᠃
  ᠡᠪᠦᠭᠡᠨ ᠢ᠋ ᠬᠠᠭᠠᠯᠭ᠎ᠠ ᠲᠦᠯᠬᠢᠨ ᠣᠷᠣᠬᠤ ᠳ᠋ᠤ᠌:
  《ᠴᠣᠬᠣ ᠤᠷᠤᠭᠤᠯ ᠬᠣᠶᠠᠷ ᠨᠢ ᠶᠠᠭ ᠯᠠ ᠪᠡᠶ᠎ᠡ ᠪᠡᠷ ᠢ᠋ᠶ᠋ᠡᠨ ᠪᠠᠢᠨ᠎ᠠ!》 ᠭᠡᠵᠦ ᠢᠦᠭᠧᠨ᠋ᠸ ᠬᠡᠯᠡᠵᠦ ᠪᠠᠢᠪᠠ᠃
  ᠨᠥᠬᠥᠷ ᠦ᠋ᠨ ᠬᠢᠨᠢ ᠨᠢᠳᠦ ᠠᠯᠲᠠᠨ ᠬᠠᠢᠷᠴᠠᠭ ᠳᠡᠭᠡᠷ᠎ᠡ ᠭᠥᠯᠢᠷᠡᠨ ᠲᠤᠰᠤᠭᠰᠠᠨ ᠪᠠᠢᠬᠤ ᠶ᠋ᠢ ᠬᠠᠷᠠᠮᠠᠭᠴᠠ ᠪᠠᠨ ᠭᠷᠠᠨᠳᠧᠲ ᠦ᠋ᠨ ᠠᠪᠠᠭᠠᠢ:
  《ᠲᠡᠭᠷᠢ ᠥᠷᠥᠰᠢᠶᠡ ᠠ᠋!》 ᠭᠡᠵᠦ ᠬᠠᠰᠬᠢᠷᠪᠠ᠃
  ᠡᠪᠦᠭᠡᠨ᠂ ᠥᠯᠥᠨ ᠪᠠᠷᠰ ᠤᠨᠲᠠᠭ᠎ᠠ ᠬᠡᠦᠬᠡᠳ ᠲᠦ᠍ ᠣᠷᠣᠬᠤ ᠮᠡᠲᠦ ᠵᠠᠰᠠᠯ ᠵᠢᠮᠰᠡᠭ ᠦ᠋ᠨ ᠬᠠᠢᠷᠴᠠᠭ ᠤᠷᠤᠭᠤ ᠨᠢ ᠤᠬᠤᠰᠬᠢᠨ ᠳᠠᠭᠠᠷᠢᠪᠠ᠃
  《ᠶᠠᠮᠠᠷ ᠶᠠᠭᠤᠮ᠎ᠠ ᠪᠣᠢ?》 ᠭᠡᠵᠦ ᠡᠪᠦᠭᠡᠨ ᠡᠷᠳᠡᠨᠢ ᠶ᠋ᠢᠨ ᠬᠠᠢᠷᠴᠠᠭ ᠢ᠋ ᠴᠣᠩᠬᠣ ᠤᠷᠤᠭᠤ ᠪᠠᠷᠢᠨ ᠣᠴᠢᠭᠠᠳ 《ᠬᠠ᠂ ᠰᠢᠵᠢᠷ ᠠᠯᠲᠠ! ᠰᠢᠵᠢᠷ ᠠᠯᠲᠠ!》 ᠭᠡᠵᠦ ᠬᠠᠰᠬᠢᠷᠴᠤ ᠪᠠᠢᠪᠠ᠃ ᠲᠡᠭᠡᠭᠡᠳ 《ᠶᠠᠮᠠᠷ ᠶᠡᠬᠡ ᠠᠯᠲᠠ ᠪᠣᠢ! ᠬᠣᠶᠠᠷ ᠵᠢᠩ ᠪᠠᠢᠨ᠎ᠠ ᠰᠢᠦ᠃ ᠬᠠ! ᠬᠠ! ᠴᠠᠷᠯᠧᠰ ᠡᠭᠦᠨ ᠢ᠋ ᠴᠢᠮ᠎ᠠ ᠲᠠᠢ ᠭᠤᠸ᠎ᠠ ᠦᠵᠡᠰᠬᠦᠯᠡᠩᠲᠦ ᠠᠯᠲᠠᠨ ᠵᠣᠭᠣᠰ ᠢ᠋ᠶ᠋ᠠᠷ ᠰᠣᠯᠢᠭᠰᠠᠨ ᠪᠢᠵᠡ᠂ ᠲᠡᠢᠮᠦ ᠤᠤ᠂ᠦᠭᠡᠢ ᠦᠦ? ᠶᠠᠭᠠᠬᠢᠭᠠᠳ ᠨᠠᠳᠠ ᠡᠷᠲᠡᠬᠡᠨ ᠬᠡᠯᠡᠭᠰᠡᠨ ᠦᠭᠡᠢ ᠪᠣᠢ? ᠡᠨᠡ ᠠᠷᠠᠯᠵᠢᠶ᠎ᠠ ᠴᠢᠨᠢ ᠰᠠᠢᠨ ᠠᠷᠠᠯᠵᠢᠶ᠎ᠠ ᠪᠣᠯᠵᠠᠢ᠃ ᠬᠣᠩᠭᠣᠷ ᠮᠢᠨᠢ᠂ ᠴᠢ ᠶᠣᠰᠣᠲᠠᠢ ᠮᠢᠨᠦ ᠥᠬᠢᠨ ᠮᠥᠨ ᠪᠠᠢᠨ᠎ᠠ᠂ ᠪᠢ ᠮᠡᠳᠡᠯ᠎ᠡ》 ᠭᠡᠪᠡ᠃
  ᠢᠦᠭᠧᠨ᠋ᠸ ᠦ᠋ᠨ ᠳᠥᠷᠪᠡᠨ ᠮᠥᠴᠡ ᠨᠢ ᠳᠠᠭᠵᠢᠨ᠎ᠠ᠃ ᠡᠪᠦᠭᠡᠨ:
  《ᠡᠨᠡ ᠴᠢᠨᠢ ᠴᠠᠷᠯᠧᠰ ᠦ᠋ᠨ ᠶᠠᠭᠤᠮ᠎ᠠ ᠪᠢᠰᠢ ᠭᠡᠵᠦ ᠦᠦ?》 ᠭᠡᠪᠡ᠃
  《ᠮᠥᠨ᠂ ᠠᠪᠤ ᠠ᠋᠂ ᠡᠨᠡ ᠬᠠᠢᠷᠴᠠᠭ ᠮᠢᠨᠦ ᠪᠢᠰᠢ᠂ ᠡᠨᠡ ᠪᠣᠯ ᠬᠠᠯᠳᠠᠰᠢ ᠦᠭᠡᠢ ᠠᠷᠢᠭᠤᠨ ᠨᠠᠨᠳᠢᠨ ᠶᠠᠭᠤᠮ᠎ᠠ ᠪᠠᠢᠭ᠎ᠠ ᠶᠤᠮ᠂ ᠨᠠᠳᠠ ᠬᠠᠳᠠᠭᠠᠯᠠᠭᠤᠯᠤᠭᠰᠠᠨ ᠶᠠᠭᠤᠮ᠎ᠠ ᠶᠤᠮ᠃ 》
  《ᠴᠠᠰᠢ᠂ ᠴᠠᠰᠢ᠂ ᠴᠠᠰᠢ! ᠲᠡᠷᠡ ᠬᠥᠮᠦᠨ ᠴᠢᠨᠦ ᠭᠡᠷ ᠦ᠋ᠨ ᠬᠥᠷᠥᠩᠭᠡ ᠶ᠋ᠢ ᠴᠢᠨᠢ ᠠᠪᠤᠭᠰᠠᠨ ᠲᠤᠯᠠ ᠴᠢᠮ᠎ᠠ ᠳ᠋ᠤ᠌ ᠲᠥᠯᠥᠵᠦ ᠥᠭᠬᠦ ᠶᠣᠰᠣᠲᠠᠢ᠃ 》
  《ᠠᠪᠤ ᠁》
  ᠭᠷᠠᠨᠳᠧᠲ ᠬᠢᠲᠤᠭ᠎ᠠ ᠪᠠᠨ ᠰᠤᠭᠤᠯᠵᠤ ᠠᠯᠲᠠ ᠡᠴᠡ ᠨᠢ ᠨᠢᠭᠡ ᠬᠡᠰᠡᠭ ᠬᠣᠪᠬᠣᠯᠤᠶ᠎ᠠ ᠭᠡᠵᠦ ᠪᠣᠳᠣᠭᠠᠳ ᠨᠥᠬᠥᠭᠡ ᠬᠠᠢᠷᠴᠠᠭ ᠢ᠋ᠶ᠋ᠠᠨ ᠤᠷᠢᠳᠠ ᠪᠠᠷ ᠰᠠᠨᠳᠠᠯᠢ ᠳᠡᠭᠡᠷ᠎ᠡ ᠲᠠᠯᠪᠢᠮᠠᠭᠴᠠ ᠢᠦᠭᠧᠨ᠋ᠸ ᠤᠬᠤᠰᠬᠢᠨ ᠪᠤᠯᠢᠶᠠᠬᠤ ᠭᠡᠬᠦ ᠳ᠋ᠦ᠍ ᠱᠠᠯᠠᠮᠠᠴᠢᠨ ᠤ᠋ ᠨᠢᠳᠦ ᠬᠠᠢᠷᠴᠠᠭ ᠥᠬᠢᠨ ᠬᠣᠶᠠᠷ᠎᠎  ᠡᠴᠡ ᠪᠠᠨ ᠣᠭᠲᠣ ᠰᠠᠯᠬᠤ ᠦᠭᠡᠢ ᠪᠠᠢᠭᠰᠠᠨ ᠲᠤᠯᠠ ᠥᠬᠢᠨ ᠢ᠋ᠶ᠋ᠡᠨ ᠴᠢᠩᠭ᠎ᠠ ᠲᠦᠯᠬᠢᠮᠡᠭᠴᠡ ᠥᠬᠢᠨ ᠨᠢ ᠡᠵᠢ ᠶ᠋ᠢᠨ ᠢ᠋ᠶ᠋ᠡᠨ ᠣᠷᠣ ᠳᠡᠭᠡᠷ᠎ᠡ ᠤᠨᠠᠪᠠ᠃
  《ᠨᠣᠶᠠᠨ ᠮᠢᠨᠢ! ᠨᠣᠶᠠᠨ ᠮᠢᠨᠢ》 ᠭᠡᠵᠦ ᠢᠦᠭᠧᠨ᠋ᠸ ᠦ᠋ᠨ ᠡᠬᠡ ᠬᠠᠰᠬᠢᠷᠤᠨ ᠣᠷᠣ ᠳᠡᠭᠡᠷ᠎ᠡ ᠪᠡᠨ ᠪᠣᠰᠴᠤ ᠰᠠᠭᠤᠪᠠ᠃
  ᠭᠷᠠᠨᠳᠧᠲ ᠬᠢᠲᠤᠭ᠎ᠠ ᠪᠠᠨ ᠰᠤᠭᠤᠯᠵᠤ ᠬᠣᠪᠬᠣᠯᠬᠤ ᠭᠡᠪᠡ᠃ ᠢᠦᠭᠧᠨ᠋ᠸ ᠦᠳᠲᠡᠷ ᠰᠥᠭᠥᠳᠴᠦ ᠡᠴᠢᠭᠡ ᠶ᠋ᠢᠨ ᠢ᠋ᠶ᠋ᠡᠨ ᠳᠡᠷᠭᠡᠳᠡ ᠮᠥᠯᠬᠥᠨ ᠣᠴᠢᠭᠠᠳ ᠬᠣᠶᠠᠷ ᠭᠠᠷ ᠢ᠋ᠶ᠋ᠠᠨ ᠡᠷᠭᠦᠵᠦ ᠬᠠᠰᠬᠢᠷᠤᠨ:
  《ᠠᠪᠤ ᠠ᠋ ᠠᠪᠤ᠂ ᠳ᠋ᠾᠷ᠎ᠠ ᠡᠬᠡ ᠪᠤᠷᠬᠠᠨ ᠤ᠋ ᠨᠢᠭᠤᠷ ᠳᠡᠭᠡᠷ᠎ᠡ᠂ ᠵᠠᠭᠠᠯᠮᠠᠢ ᠳᠡᠭᠡᠷᠡᠬᠢ ᠾᠷᠢᠰᠲ᠋ᠣᠰ ᠤ᠋ᠨ ᠨᠢᠭᠤᠷ ᠳᠡᠭᠡᠷ᠎ᠡ᠂ ᠮᠢᠩᠭᠠᠨ ᠪᠤᠷᠬᠠᠨ ᠤ᠋ ᠨᠢᠭᠤᠷ ᠳᠡᠭᠡᠷ᠎ᠡ᠂ ᠬᠣᠢᠲᠤ ᠶ᠋ᠢᠨ ᠰᠦᠨᠡᠰᠦ ᠪᠡᠨ ᠪᠣᠳᠣ᠂ ᠮᠢᠨᠦ ᠠᠮᠢᠳᠤ ᠶ᠋ᠢᠨ ᠨᠢᠭᠤᠷ ᠳᠡᠭᠡᠷ᠎ᠡ ᠲᠠ ᠲᠡᠭᠦᠨ ᠢ᠋ ᠪᠤᠤ ᠬᠥᠳᠡᠯᠭᠡ! ᠡᠨᠡ ᠵᠠᠰᠠᠯ ᠵᠢᠮᠰᠡᠭ ᠦ᠋ᠨ ᠬᠠᠢᠷᠴᠠᠭ ᠪᠣᠯ ᠮᠢᠨᠦ ᠶᠠᠭᠤᠮ᠎ᠠ ᠪᠢᠰᠢ᠂ ᠲᠠᠨ ᠤ᠋ ᠴᠤ᠌ ᠶᠠᠭᠤᠮ᠎ᠠ ᠪᠢᠰᠢ᠂ ᠪᠡᠲᠡᠷᠡᠭᠰᠡᠨ ᠰᠠᠳᠤᠨ ᠤ᠋ ᠮᠢᠨᠢ ᠶᠠᠭᠤᠮ᠎ᠠ ᠪᠠᠢᠭ᠎ᠠ ᠶᠤᠮ᠂ ᠨᠠᠳᠠ ᠬᠠᠳᠠᠭᠠᠯᠠᠭᠤᠯᠤᠭᠰᠠᠨ ᠶᠤᠮ᠂ ᠪᠢ ᠤᠭ ᠬᠡᠪ ᠢ᠋ᠶ᠋ᠡᠷ ᠨᠢ ᠪᠤᠴᠠᠭᠠᠨ ᠥᠭᠭᠦᠨ᠎ᠡ》 ᠭᠡᠵᠦ ᠬᠡᠯᠡᠪᠡ᠃
  《ᠴᠢᠮ᠎ᠠ ᠳ᠋ᠤ᠌ ᠬᠠᠳᠠᠭᠠᠯᠠᠭᠤᠯᠤᠭᠰᠠᠨ ᠶᠤᠮ ᠪᠣᠯ ᠴᠢ ᠶᠠᠭᠤ ᠭᠡᠵᠦ ᠭᠠᠷᠭᠠᠵᠤ ᠦᠵᠡᠭᠰᠡᠨ ᠶᠦᠮ? ᠦᠵᠡᠬᠦ ᠴᠢᠨᠢ ᠭᠠᠷ ᠬᠦᠷᠬᠦ ᠡᠴᠡ ᠨᠡᠩ ᠴᠦ᠍ ᠪᠣᠯᠳᠠᠭ ᠦᠭᠡᠢ ᠶᠠᠪᠤᠳᠠᠯ᠃ 》
  《ᠠᠪᠤ ᠠ᠋᠂ ᠡᠪᠳᠡᠵᠦ ᠪᠣᠯᠬᠤ ᠦᠭᠡᠢ ᠰᠢᠦ᠂ ᠲᠠ ᠨᠠᠮᠠᠶ᠋ᠢ ᠬᠥᠮᠦᠨ ᠦ᠌ ᠨᠢᠭᠤᠷ ᠬᠠᠷᠠᠵᠤ ᠪᠣᠯᠬᠤ ᠦᠭᠡᠢ ᠪᠣᠯᠭᠠᠯ᠎ᠠ ᠰᠢᠦ! ᠠᠪᠤ᠂ ᠰᠣᠨᠣᠰᠴᠤ ᠪᠠᠢᠨ᠎ᠠ ᠤᠤ?》
  《ᠨᠣᠶᠠᠨ ᠮᠢᠨᠢ᠂ ᠪᠢ ᠴᠢᠮ᠎ᠠ᠎᠎ ᠡᠴᠡ ᠭᠤᠶᠤᠶ᠎ᠠ》 ᠭᠡᠵᠦ ᠡᠵᠢ ᠨᠢ ᠳᠠᠬᠢᠨ ᠬᠡᠯᠡᠪᠡ᠃
  《ᠠᠪᠤ ᠠ᠋!》 ᠭᠡᠵᠦ ᠢᠦᠭᠧᠨ᠋ᠸ ᠨᠢᠭᠡ ᠶᠡᠬᠡ ᠬᠠᠰᠬᠢᠷᠬᠤ ᠳ᠋ᠤ᠌ ᠨᠠᠨᠤᠩ ᠴᠤ᠌ ᠠᠶᠤᠵᠤ ᠠᠰᠠᠷ ᠳᠡᠭᠡᠷ᠎ᠡ ᠭᠦᠶᠦᠨ ᠭᠠᠷᠴᠤ ᠢᠷᠡᠪᠡ᠃
ᠢᠦᠭᠧᠨ᠋ᠸ ᠨᠢᠭᠡᠨ ᠬᠢᠲᠤᠭ᠎ᠠ ᠰᠢᠭᠦᠷᠡᠨ ᠠᠪᠴᠤ ᠵᠡᠪᠰᠡᠭ ᠪᠣᠯᠭᠠᠪᠠ᠃
  《ᠶᠠᠭᠠᠬᠢᠬᠤ ᠨᠢ ᠪᠣᠢ?》 ᠭᠡᠵᠦ ᠭᠷᠠᠨᠳᠧᠲ ᠬᠦᠢᠲᠡᠨ ᠢ᠋ᠶ᠋ᠡᠷ ᠢᠨᠢᠶᠡᠨ ᠠᠰᠠᠭᠤᠪᠠ᠃
  《ᠨᠣᠶᠠᠨ᠂ ᠨᠣᠶᠠᠨ᠂ ᠴᠢ ᠮᠢᠨᠦ ᠵᠢᠷᠦᠬᠡ ᠶ᠋ᠢ ᠰᠤᠭᠤᠯᠤᠯ᠎ᠠ!》 ᠭᠡᠵᠦ ᠢᠦᠭᠧᠨ᠋ᠸ ᠦ᠋ᠨ ᠡᠵᠢ ᠬᠠᠰᠬᠢᠷᠪᠠ᠃
  《ᠠᠪᠤ ᠠ᠋᠂ ᠴᠢᠨᠦ ᠬᠢᠲᠤᠭ᠎ᠠ ᠠᠯᠲᠠᠨ ᠬᠠᠢᠷᠴᠠᠭ ᠡᠴᠡ ᠵᠢᠭᠠᠬᠠᠨ ᠯᠠ ᠬᠡᠯᠲᠡᠯᠪᠡᠯ ᠪᠢ ᠡᠨᠡ ᠬᠢᠲᠤᠭ᠎ᠠ ᠪᠠᠷ ᠠᠮᠢ ᠨᠠᠰᠤ ᠪᠠᠨ ᠡᠴᠦᠰᠯᠡᠭᠦᠯᠦᠨ᠎ᠡ᠃ ᠴᠢ ᠮᠢᠨᠦ ᠡᠵᠢ ᠶ᠋ᠢ ᠬᠥᠨᠥᠭᠡᠵᠦ ᠡᠴᠦᠰ ᠦ᠋ᠨ ᠠᠮᠢᠰᠬᠤᠯ ᠳᠡᠭᠡᠷ᠎ᠡ ᠨᠢ ᠬᠦᠷᠭᠡᠭᠡᠳ ᠣᠳᠣ ᠪᠠᠰᠠ ᠥᠪᠡᠷ ᠦ᠋ᠨ ᠲᠥᠷᠥᠭᠰᠡᠨ ᠬᠡᠦᠬᠡᠨ ᠢ᠋ᠶ᠋ᠡᠨ ᠠᠯᠠᠬᠤ ᠭᠡᠵᠦ ᠪᠠᠢᠨ᠎ᠠ᠂ ᠪᠣᠯᠵᠠᠢ᠂ ᠲᠡᠭᠡᠪᠡᠯ ᠪᠦᠭᠦᠳᠡᠭᠡᠷ ᠢ᠋ᠶ᠋ᠡᠨ ᠣᠷᠣ ᠦᠭᠡᠢ ᠪᠣᠯᠤᠶ᠎ᠠ!》
  ᠭᠷᠠᠨᠳᠧᠲ ᠬᠢᠲᠤᠭ᠎ᠠ ᠪᠠᠨ ᠵᠠᠰᠠᠯ ᠵᠢᠮᠰᠡᠭ ᠦ᠋ᠨ ᠬᠠᠢᠷᠴᠠᠭ ᠤᠷᠤᠭᠤ ᠴᠢᠭᠯᠡᠭᠦᠯᠵᠦ᠂ ᠥᠬᠢᠨ ᠢ᠋ᠶ᠋ᠡᠨ ᠬᠠᠷᠠᠵᠤ ᠵᠣᠭᠰᠣᠨ ᠶᠠᠭᠠᠬᠢᠬᠤ ᠪᠠᠨ ᠡᠰᠡ ᠰᠢᠢᠳᠪᠦᠷᠢᠯᠡᠨ ᠲᠠᠲᠠᠭᠠᠯᠵᠠᠵᠤ ᠪᠠᠢᠪᠠ᠃
  《ᠴᠢ ᠲᠡᠭᠡᠵᠦ ᠴᠢᠳᠠᠨ᠎ᠠ ᠤᠤ? ᠢᠦᠭᠧᠨ᠋ᠸ?》 ᠭᠡᠵᠦ ᠡᠪᠦᠭᠡᠨ ᠬᠡᠯᠡᠪᠡ᠃ 《ᠴᠢᠳᠠᠨ᠎ᠠ ᠰᠢᠦ᠂ ᠨᠣᠶᠠᠨ》 ᠭᠡᠵᠦ ᠢᠦᠭᠧᠨ᠋ᠸ ᠦ᠋ᠨ ᠡᠬᠡ ᠬᠡᠯᠡᠪᠡ᠃
  《ᠡᠨᠡ ᠴᠢᠨᠢ ᠬᠡᠯᠡᠪᠡᠯ ᠬᠢᠳᠡᠭ ᠬᠥᠮᠦᠨ᠂ ᠠᠪᠤᠭᠠᠢ ᠲᠠ ᠡᠨᠡ ᠶᠠᠪᠤᠬᠤ ᠨᠠᠰᠤᠨ ᠳ᠋ᠠᠭᠠᠨ ᠭᠠᠭᠴᠠ ᠤᠳᠠᠭ᠎ᠠ ᠴᠤ᠌ ᠭᠡᠰᠡᠨ ᠰᠣᠶᠣᠨ ᠳᠣᠲᠣᠷ᠎ᠠ ᠶᠠᠪᠤᠵᠤ ᠪᠣᠯᠤᠨ᠎ᠠ ᠪᠣᠢ ᠳᠠ ?》 ᠭᠡᠵᠦ ᠨᠠᠨᠤᠩ ᠬᠠᠰᠬᠢᠷᠪᠠ᠃
  ᠭᠷᠠᠨᠳᠧᠲ ᠠᠯᠲᠠ ᠤᠷᠤᠭᠤ ᠨᠢᠭᠡ ᠬᠠᠷᠠᠵᠤ ᠥᠬᠢᠨ ᠤᠷᠤᠭᠤ ᠪᠠᠨ ᠨᠢᠭᠡ ᠬᠠᠷᠠᠨ ᠬᠡᠰᠡᠭ ᠮᠡᠯᠡᠷᠡᠪᠡ᠃ ᠭᠷᠠᠨᠳᠧᠲ ᠦ᠋ᠨ ᠠᠪᠠᠭᠠᠢ ᠤᠬᠠᠭ᠎ᠠ ᠠᠯᠳᠠᠪᠠ᠃
  《ᠠᠪᠤᠭᠠᠢ ᠲᠠ ᠬᠠᠷᠠᠬᠤ ᠦᠭᠡᠢ ᠦᠦ᠂ ᠬᠠᠲᠤᠨ ᠠᠮᠢ ᠲᠠᠯᠪᠢᠴᠢᠬᠠᠯ᠎ᠠ!》 ᠭᠡᠵᠦ ᠨᠠᠨᠤᠩ ᠬᠠᠰᠬᠢᠷᠪᠠ᠃
  《ᠲᠦᠢ᠂ ᠥᠬᠢᠨ ᠠ᠋᠂ ᠪᠢᠳᠡ ᠭᠠᠭᠴᠠ ᠬᠠᠢᠷᠴᠠᠭ ᠤ᠋ᠨ ᠲᠥᠯᠥᠭᠡ ᠠᠭᠤᠷᠯᠠᠵᠠᠭᠠᠬᠤ ᠪᠠᠨ ᠪᠣᠯᠢᠶ᠎ᠠ᠂ ᠠᠪᠤᠭᠠᠳ ᠶᠠᠪᠤ!》
  ᠱᠠᠯᠠᠮᠠᠴᠢᠨ ᠳᠣᠣᠷ᠎ᠠ ᠪᠠᠨ ᠵᠠᠰᠠᠯ ᠵᠢᠮᠰᠡᠭ ᠦ᠋ᠨ ᠬᠠᠢᠷᠴᠠᠭ ᠢ᠋ ᠣᠷᠣ ᠳᠡᠭᠡᠷ᠎ᠡ ᠬᠠᠶᠠᠪᠠ᠃ 《ᠨᠠᠨᠤᠩ᠂ ᠴᠢ ᠶᠠᠪᠤᠵᠤ ᠹᠧᠷᠯᠠᠩ ᠠᠪᠤᠭᠠᠢ ᠶ᠋ᠢ ᠵᠠᠯᠠᠵᠤ ᠢᠷ᠎ᠡ᠃ - ᠪᠣᠯᠵᠠᠢ᠂ ᠬᠠᠲᠤᠨ ᠮᠢᠨᠢ》 ᠭᠡᠳ ᠭᠷᠠᠨᠳᠧᠲ ᠡᠬᠡᠨᠡᠷ ᠦ᠋ᠨ ᠢ᠋ᠶ᠋ᠡᠨ ᠭᠠᠷ ᠢ᠋ ᠦᠨᠦᠰᠴᠦ 《ᠵᠠ᠂ ᠪᠢᠳᠡ ᠡᠪᠯᠡᠷᠡᠪᠡ᠃ ᠣᠳᠣ ᠬᠠᠮᠢᠶ᠎ᠠ ᠦᠭᠡᠢ᠃ - ᠲᠡᠢᠮᠦ ᠪᠣᠢ ᠳᠠ᠂ ᠥᠬᠢᠨ ᠮᠢᠨᠢ? ᠣᠳᠣ ᠬᠠᠲᠠᠭᠰᠠᠨ ᠲᠠᠯᠬ᠎ᠠ ᠢᠳᠡᠬᠦ ᠬᠡᠷᠡᠭ ᠦᠭᠡᠢ᠂ ᠶᠠᠭᠤ ᠯᠠ ᠢᠳᠡᠬᠦ ᠳᠤᠷ᠎ᠠ ᠲᠠᠢ ᠪᠣᠯ ᠶᠠᠭᠤ ᠪᠠᠨ ᠢᠳᠡᠵᠦ ᠪᠣᠢ ᠁ ᠠ! ᠡᠵᠢ ᠨᠢ ᠨᠢᠳᠦ ᠪᠡᠨ ᠨᠡᠭᠡᠭᠡᠯ᠎ᠡ᠃ ᠁ ᠠᠢ᠂ ᠡᠵᠢ ᠨᠢ᠂ ᠵᠢᠭᠠᠬᠠᠨ ᠡᠵᠢ ᠨᠢ᠂ ᠰᠠᠢᠨ ᠡᠵᠢ ᠨᠢ᠂ ᠣᠳᠣ ᠪᠣᠯᠵᠠᠢ! ᠬᠦᠢ᠂ ᠴᠢ ᠬᠠᠷᠠ ᠳᠠ᠂ ᠪᠢ ᠢᠦᠭᠧᠨ᠋ᠸ ᠢ᠋ ᠲᠡᠪᠡᠷᠢᠵᠦ ᠪᠠᠢᠨ᠎ᠠ᠃ ᠥᠬᠢᠨ ᠴᠢᠨᠢ ᠦᠶᠡᠯᠢᠳ ᠳᠡᠭᠦᠦ ᠳ᠋ᠡᠭᠡᠨ ᠳᠤᠷ᠎ᠠ ᠲᠠᠢ ᠶᠤᠮ᠂ ᠲᠡᠭᠦᠨ ᠳ᠋ᠦ᠍ ᠮᠣᠷᠳᠠᠪᠠᠯ ᠮᠣᠷᠳᠠᠭ᠂ ᠬᠠᠢᠷᠴᠠᠭ ᠢ᠋ ᠨᠢ ᠴᠠᠰᠢ ᠬᠢᠵᠦ ᠬᠠᠳᠠᠭᠠᠯᠠᠭ᠃ ᠴᠢ ᠮᠢᠨᠢ ᠯᠡ ᠤᠷᠲᠤ ᠨᠠᠰᠤᠯᠠ᠂ ᠬᠥᠭᠡᠷᠦᠬᠦᠢ ᠴᠢ ᠮᠢᠨᠢ᠃ ᠬᠦᠢ᠂ ᠴᠢ ᠪᠡᠶ᠎ᠡ ᠪᠡᠨ ᠨᠢᠭᠡ ᠬᠥᠳᠡᠯᠭᠡᠵᠦ ᠨᠠᠳᠠ ᠦᠵᠡᠭᠦᠯᠦᠭᠡᠷᠡᠢ! ᠪᠢ ᠴᠢᠮ᠎ᠠ ᠳ᠋ᠤ᠌ ᠬᠡᠯᠡᠶ᠎ᠡ᠂ ᠴᠢ ᠪᠤᠷᠬᠠᠨ ᠤ᠋ ᠮᠡᠨᠳᠦᠯᠡᠭᠰᠡᠨ ᠡᠳᠦᠷ ᠬᠠᠮᠤᠭ ᠤ᠋ᠨ ᠶᠡᠬᠡ ᠨᠡᠷ᠎ᠡ ᠴᠤᠤ ᠭᠠᠷᠬᠤᠢᠴᠠ᠂ ᠰᠡᠦᠮᠦᠷ ᠲᠦ᠍ ᠤᠷᠢᠳᠤ ᠡᠮᠦᠨ᠎ᠡ ᠭᠠᠷᠤᠭᠠᠳᠤᠢ ᠲᠠᠬᠢᠯᠭ᠎ᠠ ᠠᠪᠴᠤ ᠶᠠᠪᠤᠭᠠᠷᠠᠢ》 ᠭᠡᠪᠡ᠃
  《ᠲᠡᠭᠷᠢ ᠠ᠋᠂ ᠡᠬᠡᠨᠡᠷ ᠬᠡᠦᠬᠡᠳ ᠲᠡᠭᠡᠨ ᠴᠢ ᠢᠩᠭᠢᠵᠦ ᠶᠠᠭᠠᠬᠢᠵᠤ ᠪᠣᠯᠤᠨ᠎ᠠ ᠪᠣᠢ!》 ᠭᠡᠵᠦ ᠬᠡᠯᠡᠭᠰᠡᠨ ᠭᠷᠠᠨᠳᠧᠲ ᠦ᠋ᠨ ᠠᠪᠠᠭᠠᠢ ᠶ᠋ᠢᠨ ᠳᠠᠭᠤᠨ ᠲᠤᠩ ᠰᠤᠯᠠᠬᠠᠨ ᠰᠣᠨᠣᠰᠳᠠᠪᠠ᠃
  《ᠳᠠᠬᠢᠭᠠᠳ ᠶᠠᠭᠠᠬᠢᠭᠰᠠᠨ ᠴᠤ᠌ ᠢᠩᠭᠢᠬᠦ ᠦᠭᠡᠢ᠂ ᠶᠠᠭᠠᠬᠢᠭᠰᠠᠨ ᠴᠤ᠌ ᠢᠩᠭᠢᠬᠦ ᠦᠭᠡᠢ᠂ ᠬᠥᠭᠡᠷᠦᠬᠦᠢ ᠴᠢ ᠮᠢᠨᠢ᠂ ᠬᠠᠷᠠᠵᠤ ᠪᠠᠢ》 ᠭᠡᠵᠦ ᠱᠠᠯᠠᠮᠠᠴᠢᠨ ᠬᠡᠯᠡᠪᠡ᠃
  ᠭᠷᠠᠨᠳᠧᠲ ᠨᠢᠭᠤᠴᠠ ᠭᠡᠷ ᠡᠴᠡ ᠪᠡᠨ ᠨᠢᠭᠡ ᠪᠠᠭᠯᠠᠭ᠎ᠠ ᠯᠤᠢᠵᠢ ᠠᠪᠴᠢᠷᠠᠵᠤ ᠣᠷᠣ ᠳᠡᠭᠡᠷ᠎ᠡ ᠰᠢᠲᠠᠪᠠ᠃
  ᠭᠷᠠᠨᠳᠧᠲ ᠵᠣᠭᠣᠰ ᠢ᠋ᠶ᠋ᠠᠨ ᠭᠠᠷ ᠳᠡᠭᠡᠷ᠎ᠡ ᠪᠡᠨ ᠴᠣᠬᠢᠯᠠᠨ ᠨᠠᠭᠠᠳᠬᠤ ᠶ᠋ᠢᠨ ᠳᠠᠭᠠᠤ: 《ᠢᠦᠭᠧᠨ᠋ᠸ ᠬᠠᠲᠤᠨ ᠠ᠋᠂ ᠡᠭᠦᠨ ᠢ᠋ ᠲᠠ ᠨᠠᠷ ᠲᠤ᠌ ᠥᠭᠬᠦᠶ᠎ᠡ᠂ ᠬᠦᠢ᠂ ᠬᠠᠲᠤᠨ ᠠ᠋᠂ ᠴᠢ ᠰᠡᠳᠬᠢᠯ ᠢ᠋ᠶ᠋ᠡᠨ ᠲᠠᠢᠪᠤᠰᠢᠷᠠᠭᠤᠯ᠂ ᠬᠤᠷᠳᠤᠬᠠᠨ ᠰᠠᠢᠨ ᠪᠣᠯᠤᠭᠠᠴᠢ᠂ ᠴᠢ ᠮᠢᠨᠢ ᠶᠠᠭᠤ ᠠᠪᠤᠶ᠎ᠠ ᠭᠡᠪᠡᠯ ᠶᠠᠭᠤ ᠪᠠᠢᠨ᠎ᠠ᠂ ᠢᠦᠭᠧᠨ᠋ᠸ ᠴᠦ᠍ ᠮᠥᠨ ᠠᠳᠠᠯᠢ᠂ ᠬᠠᠷᠠ ᠳᠠ᠂ ᠡᠨᠡ ᠨᠢᠭᠡ ᠵᠠᠭᠤᠨ ᠠᠯᠲᠠᠨ ᠯᠤᠢᠵᠢ ᠶ᠋ᠢ ᠪᠣᠯ ᠢᠦᠭᠧᠨ᠋ᠸ ᠲᠦ᠍ ᠥᠭᠬᠦᠯ᠎ᠡ᠂ ᠴᠢ ᠡᠭᠦᠨ ᠢ᠋ ᠳᠠᠬᠢᠭᠠᠳ ᠬᠥᠮᠦᠨ ᠳ᠋ᠦ᠍ ᠥᠭᠴᠢᠬᠡᠬᠦ ᠦᠭᠡᠢ ᠪᠣᠢ ᠳᠠ᠂ ᠢᠦᠭᠧᠨ᠋ᠸ?》 ᠭᠡᠵᠦ ᠪᠠᠢᠪᠠ᠃
  ᠭᠷᠠᠨᠳᠧᠲ ᠦ᠋ᠨ ᠠᠪᠠᠭᠠᠢ ᠥᠬᠢᠨ ᠲᠡᠢ ᠪᠡᠨ ᠥᠭᠡᠳᠡ ᠥᠭᠡᠳᠡ ᠡᠴᠡ ᠪᠡᠨ ᠰᠢᠷᠳᠡᠯᠴᠡᠨ ᠭᠠᠢᠬᠠᠨ᠎ᠠ᠃
  《ᠠᠪᠤ ᠠ᠋᠂ ᠵᠣᠭᠣᠰ ᠢ᠋ᠶ᠋ᠠᠨ ᠴᠠᠰᠢ ᠨᠢ ᠬᠤᠷᠢᠶᠠ᠂ ᠪᠢᠳᠡᠨ ᠳ᠋ᠦ᠍ ᠵᠥᠪᠬᠡᠨ ᠴᠢᠨᠦ ᠬᠠᠢᠷ᠎ᠠ ᠰᠡᠳᠬᠢᠯ ᠯᠡ ᠬᠡᠷᠡᠭᠲᠡᠢ᠃ 》
  《ᠲᠠᠭᠠᠷᠠᠵᠤ ᠪᠠᠢᠨ᠎ᠠ᠂ ᠴᠣᠬᠣᠮ ᠲᠠᠭᠠᠷᠠᠵᠤ ᠪᠠᠢᠨ᠎ᠠ》 ᠭᠡᠳ ᠭᠷᠠᠨᠳᠧᠲ ᠠᠯᠲᠠᠨ ᠯᠤᠢᠵᠢ ᠪᠠᠨ ᠲᠠᠭᠠᠷᠴᠤᠭᠯᠠᠵᠤ᠂ 《ᠪᠢᠳᠡ ᠡᠪ ᠨᠠᠢᠷᠲᠠᠢ ᠰᠠᠢᠬᠠᠨ ᠠᠮᠢᠳᠤᠷᠠᠵᠠᠭᠠᠶ᠎ᠠ᠃ ᠪᠦᠭᠦᠳᠡᠭᠡᠷ ᠢ᠋ᠶ᠋ᠡᠨ ᠠᠰᠠᠷ᠎ ᠡᠴᠡ ᠪᠠᠨ ᠪᠠᠭᠤᠵᠤ ᠬᠣᠭᠣᠯᠠᠨ ᠤ᠋ ᠭᠡᠷ ᠲᠡᠭᠡᠨ ᠣᠴᠢᠵᠤ ᠣᠷᠣᠢ ᠶ᠋ᠢᠨ ᠬᠣᠭᠣᠯᠠ ᠪᠠᠨ ᠢᠳᠡᠵᠡᠭᠡᠶ᠎ᠡ᠃ ᠡᠳᠦᠷ ᠪᠦᠷᠢ ᠬᠣᠶᠠᠷ ᠲᠦᠩᠽᠢ ᠶ᠋ᠢᠨ ᠮᠥᠷᠥᠢ ᠲᠡᠢ ᠨᠠᠭᠠᠳᠤᠮ ᠨᠠᠭᠠᠳᠤᠶ᠎ᠠ᠂ ᠲᠠ ᠨᠠᠷ ᠬᠠᠨᠲᠠᠯ᠎ᠠ ᠨᠠᠭᠠᠳᠴᠤ ᠪᠠᠢ! ᠬᠠᠲᠤᠨ ᠠ᠋᠂ ᠪᠣᠯᠤᠨ᠎ᠠ ᠤᠤ?》 ᠭᠡᠪᠡ᠃
  《ᠠᠢ᠂ ᠶᠠᠭᠠᠬᠢᠭᠠᠳ ᠪᠣᠯᠬᠤ ᠦᠭᠡᠢ ᠪᠠᠢᠬᠤ ᠪᠣᠢ ᠳᠠ᠂ ᠲᠡᠭᠡᠬᠦ ᠨᠢ ᠴᠢᠮ᠎ᠠ ᠳ᠋ᠤ᠌ ᠰᠠᠢᠬᠠᠨ ᠰᠠᠨᠠᠭᠳᠠᠬᠤ ᠪᠣᠯᠪᠠᠴᠤ ᠪᠢ ᠪᠣᠰᠴᠤ ᠴᠢᠳᠠᠬᠤ ᠦᠭᠡᠢ ᠰᠢᠦ》 ᠭᠡᠵᠦ ᠳᠥᠩᠭᠡᠵᠢ ᠠᠮᠢᠰᠬᠤᠭ᠎ᠠ ᠲᠠᠢ ᠪᠠᠢᠭᠰᠠᠨ ᠡᠪᠡᠳᠴᠢᠨ ᠲᠡᠢ ᠡᠬᠡᠨᠡᠷ ᠨᠢ ᠬᠠᠷᠢᠭᠤᠯᠪᠠ᠃
  《ᠬᠥᠭᠡᠷᠦᠬᠦᠢ ᠬᠠᠲᠤᠨ ᠮᠢᠨᠢ᠂ ᠪᠢ ᠴᠢᠮᠠᠶ᠋ᠢ ᠶᠠᠭᠠᠬᠢᠵᠤ ᠶᠡᠬᠡ ᠬᠠᠢᠷᠠᠯᠠᠳᠠᠭ ᠢ᠋ ᠴᠢ ᠮᠡᠳᠡᠬᠦ ᠦᠭᠡᠢ᠂ - ᠴᠢᠮᠠᠶ᠋ᠢ ᠪᠠᠰᠠ ᠶᠠᠭᠠᠬᠢᠵᠤ ᠬᠠᠢᠷᠠᠯᠠᠨ᠎ᠠ ᠪᠣᠢ᠂ ᠥᠬᠢᠨ ᠮᠢᠨᠢ!》 ᠭᠡᠵᠦ ᠱᠠᠯᠠᠮᠠᠴᠢᠨ ᠬᠡᠯᠡᠪᠡ᠃
  ᠭᠷᠠᠨᠳᠧᠲ ᠥᠬᠢᠨ ᠢ᠋ᠶ᠋ᠡᠨ ᠲᠡᠪᠡᠷᠢᠵᠦ ᠡᠷᠭᠦᠵᠦ ᠪᠠᠢᠪᠠ᠃
  《ᠬᠠᠷᠠᠭᠠᠴᠢ! ᠮᠠᠭᠤᠳᠠᠯᠳᠤᠴᠢᠬᠠᠭᠠᠳ ᠳᠠᠷᠠᠭ᠎ᠠ ᠨᠢ ᠥᠬᠢᠨ ᠢ᠋ᠶ᠋ᠡᠨ ᠲᠡᠪᠡᠷᠢᠵᠦ ᠪᠠᠢᠨ᠎ᠠ᠂ ᠶᠠᠭᠠᠬᠢᠭᠰᠠᠨ ᠰᠠᠢᠬᠠᠨ ᠰᠡᠳᠬᠢᠯ ᠪᠣᠢ᠂ ᠢᠦᠭᠧᠨ᠋ᠸ ᠮᠢᠨᠢ! ᠁ ᠬᠠᠲᠤᠨ ᠴᠢ ᠬᠠᠷᠠᠭᠠᠴᠢ᠂ ᠪᠢᠳᠡ ᠬᠣᠶᠠᠷ ᠣᠳᠣ ᠶᠠᠭᠠᠬᠢᠵᠤ ᠶᠡᠬᠡ ᠬᠤᠪᠢᠯᠤᠭᠰᠠᠨ ᠪᠠᠢᠨ᠎ᠠ ᠪᠣᠢ》 ᠭᠡᠳ ᠭᠷᠠᠨᠳᠧᠲ ᠪᠠᠰᠠ ᠨᠥᠭᠥᠭᠡ ᠵᠠᠰᠠᠯ ᠵᠢᠮᠰᠡᠭ ᠦ᠋ᠨ ᠬᠠᠢᠷᠴᠠᠭ ᠢ᠋ ᠵᠢᠭᠠᠵᠤ: 《ᠡᠭᠦᠨ ᠢ᠋ ᠪᠡᠨ ᠳᠠᠯᠳᠠ ᠬᠢᠴᠢᠬᠡ᠂ ᠠᠪᠤᠭᠠᠳ ᠶᠠᠪᠤ᠂ ᠪᠢᠲᠡᠭᠡᠢ ᠠᠶᠤ᠃ ᠪᠢ ᠡᠨᠡ ᠬᠠᠢᠷᠴᠠᠭ ᠢ᠋ ᠳᠠᠬᠢᠵᠤ ᠳᠤᠷᠠᠳᠬᠤ ᠦᠭᠡᠢ᠂ ᠡᠭᠦᠷᠢᠳᠡ ᠳᠤᠷᠠᠳᠬᠤ ᠦᠭᠡᠢ》 ᠭᠡᠵᠦ ᠢᠦᠭᠧᠨ᠋ᠸ ᠲᠦ᠍ ᠬᠡᠯᠡᠪᠡ᠃
  ᠲᠡᠭᠡᠵᠦ ᠪᠠᠢᠲᠠᠯ᠎ᠠ ᠰᠡᠦᠮᠦᠷ ᠦ᠋ᠨ ᠬᠠᠮᠤᠭ ᠤ᠋ᠨ ᠶᠡᠬᠡ ᠨᠡᠷᠡᠲᠡᠢ ᠡᠮᠴᠢ ᠹᠧᠷᠯᠠᠩ ᠠᠪᠤᠭᠠᠢ ᠢᠷᠡᠪᠡ᠃ ᠡᠪᠡᠳᠴᠢᠨ ᠲᠡᠢ ᠬᠥᠮᠦᠨ ᠢ᠋ ᠨᠢ ᠦᠵᠡᠵᠦ ᠳᠠᠭᠤᠰᠤᠭᠠᠳ ᠭᠷᠠᠨᠳᠧᠲ ᠲᠦ᠍: 《ᠬᠠᠲᠤᠨ ᠤ᠋ ᠴᠢᠨᠢ ᠡᠪᠡᠳᠴᠢᠨ ᠬᠦᠨᠳᠦ ᠪᠠᠢᠨ᠎ᠠ᠂ ᠰᠠᠨᠠᠭ᠎ᠠ ᠰᠡᠳᠬᠢᠯ ᠢ᠋ ᠨᠢ ᠣᠭᠲᠣ ᠲᠡᠪᠡᠳᠡᠭᠦᠯᠬᠦ ᠦᠭᠡᠢ᠂ ᠬᠢᠴᠢᠶᠡᠩᠭᠦᠢᠯᠡᠨ ᠰᠤᠪᠢᠯᠠᠵᠤ ᠨᠢᠮᠪᠠᠢ ᠰᠠᠢᠬᠠᠨ ᠠᠷᠠᠴᠢᠯᠠᠪᠠᠯ ᠨᠠᠮᠤᠷ ᠤ᠋ᠨ ᠰᠡᠭᠦᠯ ᠪᠣᠯᠲᠠᠯ᠎ᠠ ᠲᠡᠰᠬᠦ ᠮᠠᠭᠠᠳ ᠦᠭᠡᠢ》 ᠭᠡᠵᠦ ᠰᠢᠭᠤᠳᠬᠠᠨ ᠬᠡᠯᠡᠪᠡ᠃
  《ᠵᠣᠭᠣᠰ ᠶᠡᠬᠡ ᠬᠡᠷᠡᠭᠯᠡᠬᠦ ᠦᠦ? ᠡᠮ ᠤᠤᠭᠤᠬᠤ ᠬᠡᠷᠡᠭᠲᠡᠢ ᠪᠠᠢᠨ᠎ᠠ ᠤᠤ?》
  《ᠡᠮ ᠳᠡᠮᠡᠢ ᠬᠡᠷᠡᠭ ᠦᠭᠡᠢ᠂ ᠰᠤᠪᠢᠯᠠᠬᠤ ᠶᠠᠪᠤᠳᠠᠯ ᠴᠢᠬᠤᠯᠠ》 ᠭᠡᠵᠦ ᠬᠡᠯᠡᠭᠡᠳ ᠡᠮᠴᠢ ᠲᠡᠰᠬᠡᠯ ᠦᠭᠡᠢ ᠢᠨᠢᠶᠡᠮᠰᠦᠭᠯᠡᠪᠡ᠃
  《ᠹᠧᠷᠯᠠᠩ ᠠᠪᠤᠭᠠᠢ᠂ ᠲᠠ ᠪᠣᠯ ᠨᠡᠷ᠎ᠡ ᠲᠥᠷᠥ ᠲᠡᠢ ᠬᠥᠮᠦᠨ᠃ ᠪᠢ ᠲᠠᠨ ᠢ᠋ ᠪᠦᠷᠢᠨ ᠢᠲᠡᠭᠡᠨ᠎ᠡ᠂ ᠲᠠ ᠬᠡᠳᠦᠢ ᠳ᠋ᠦ᠍ ᠢᠷᠡᠵᠦ ᠦᠵᠡᠬᠦ ᠭᠡᠵᠦ ᠪᠣᠳᠣᠪᠠᠯ ᠲᠡᠷᠡ ᠴᠠᠭ ᠲᠠᠭᠠᠨ ᠢᠷᠡᠵᠦ ᠪᠠᠢᠭᠠᠷᠠᠢ᠃ ᠮᠢᠨᠦ ᠬᠠᠲᠤᠨ ᠢ᠋ ᠪᠣᠰᠬᠠᠵᠤ ᠥᠭᠬᠦ ᠶ᠋ᠢ ᠬᠦᠰᠡᠶ᠎ᠡ᠃ ᠮᠠᠨ ᠤ᠋ ᠭᠡᠷ ᠦ᠋ᠨ ᠬᠢᠨ ᠦ᠌ ᠠᠯᠢᠪᠠ ᠪᠦᠬᠦᠨ ᠨᠢ ᠴᠥᠮ ᠳᠣᠲᠣᠷ᠎ᠠ ᠪᠠᠨ ᠪᠠᠢᠳᠠᠭ ᠡᠴᠡ ᠪᠣᠯᠵᠤ ᠭᠠᠳᠠᠨ᠎ᠠ ᠡᠴᠡ ᠨᠢ ᠬᠠᠷᠠᠬᠤ ᠳ᠋ᠤ᠌ ᠮᠡᠳᠡᠭᠳᠡᠬᠦ ᠦᠭᠡᠢ ᠪᠣᠯᠪᠠᠴᠤ ᠪᠢ ᠲᠡᠭᠦᠨ ᠳ᠋ᠡᠭᠡᠨ ᠪᠣᠯ ᠲᠤᠢᠯ ᠤ᠋ᠨ ᠶᠡᠬᠡ ᠬᠠᠢᠷᠠᠲᠠᠢ ᠪᠠᠢᠳᠠᠭ ᠶᠤᠮ ᠰᠢᠦ᠃ ᠲᠡᠳᠡᠭᠡᠷ ᠬᠡᠷᠡᠭ ᠮᠢᠨᠦ ᠰᠡᠳᠬᠢᠯ ᠢ᠋ ᠪᠦᠷ ᠡᠬᠢ ᠠᠳᠠᠭ ᠦᠭᠡᠢ ᠰᠠᠮᠠᠭᠤᠷᠠᠭᠤᠯᠤᠭᠰᠠᠨ ᠶᠤᠮ᠃ ᠨᠠᠳᠠ ᠪᠠᠰᠠ ᠰᠡᠳᠬᠢᠯ ᠦ᠋ᠨ ᠵᠣᠪᠠᠯᠠᠩ ᠪᠠᠢᠨ᠎ᠠ᠃ ᠳᠡᠭᠦᠦ ᠦᠬᠦᠭᠰᠡᠨ ᠡᠴᠡ ᠬᠣᠢᠰᠢ ᠰᠡᠳᠬᠢᠯ ᠵᠣᠪᠠᠭᠠᠬᠤ ᠬᠡᠷᠡᠭ ᠮᠢᠨᠦ ᠭᠡᠷ ᠲᠦ᠍ ᠣᠷᠣᠵᠤ ᠢᠷᠡᠭᠰᠡᠨ ᠶᠦᠮ᠃ ᠪᠢ ᠲᠡᠭᠦᠨ ᠦ᠌ ᠲᠥᠯᠥᠭᠡ ᠫᠠᠷᠢᠰ ᠲᠤ᠌ ᠵᠣᠭᠣᠰ ᠪᠠᠷᠠᠯ᠎ᠠ ᠁ ᠲᠣᠭ᠎ᠠ ᠲᠣᠮᠰᠢ ᠦᠭᠡᠢ ᠣᠯᠠᠨ ᠵᠣᠭᠣᠰ ᠪᠠᠷᠠᠭᠰᠠᠨ! ᠲᠡᠭᠡᠭᠡᠳ ᠪᠠᠰᠠ ᠡᠳᠦᠢ ᠪᠣᠯᠲᠠᠯ᠎ᠠ ᠳᠠᠭᠤᠰᠤᠭᠠᠳᠤᠢ᠃ ᠵᠠ ᠪᠠᠶᠠᠷᠲᠠᠢ᠂ ᠠᠪᠤᠭᠠᠢ ᠮᠢᠨᠢ᠃ ᠮᠢᠨᠦ ᠬᠠᠲᠤᠨ ᠪᠣᠰᠬᠤ ᠭᠣᠷᠢᠳᠠᠯ ᠲᠠᠢ ᠯᠠ ᠪᠣᠯ ᠪᠤᠰᠬᠠᠵᠤ ᠥᠭᠬᠦ ᠶ᠋ᠢ ᠨᠠᠢᠳᠠᠶ᠎ᠠ᠃ ᠵᠠᠭᠤ ᠬᠣᠶᠠᠷ ᠵᠠᠭᠤᠨ ᠹᠷᠠᠩᠺ ᠣᠷᠣᠭᠰᠠᠨ ᠴᠤ᠌ ᠰᠠᠪᠠᠭ᠎ᠠ ᠦᠭᠡᠢ᠃ 》
  ᠡᠬᠡᠨᠡᠷ ᠢ᠋ᠶ᠋ᠡᠨ ᠡᠳᠡᠭᠡᠭᠡᠬᠦ ᠶ᠋ᠢ ᠭᠷᠠᠨᠳᠧᠲ ᠶᠠᠭᠠᠬᠢᠵᠤ ᠶᠡᠬᠡ ᠬᠦᠰᠡᠪᠡᠴᠦ (ᠤᠴᠢᠷ ᠨᠢ ᠲᠡᠭᠦᠨ ᠦ᠌ ᠡᠬᠡᠨᠡᠷ ᠦᠬᠦᠪᠡᠯ ᠭᠡᠷᠢᠶᠡᠰ ᠢ᠋ ᠨᠢ ᠳᠠᠩᠰᠠᠯᠠᠬᠤ ᠪᠣᠯᠤᠨ᠎ᠠ᠂ ᠡᠨᠡ ᠨᠢ ᠭᠷᠠᠨᠳᠧᠲ ᠦ᠋ᠨ ᠵᠢᠷᠦᠬᠡ ᠶ᠋ᠢ ᠰᠤᠭᠤᠯᠬᠤ ᠶᠠᠪᠤᠳᠠᠯ ᠠᠵᠢ) ᠡᠵᠢ ᠥᠬᠢᠨ ᠬᠣᠶᠠᠷ ᠲᠤ᠌ ᠰᠡᠳᠬᠢᠯ ᠦ᠋ᠨ ᠬᠢᠨᠢ ᠶᠣᠰᠣᠭᠠᠷ ᠬᠠᠨᠳᠤᠵᠤ ᠨᠢᠭᠡᠨ ᠰᠡᠳᠬᠢᠯ ᠢ᠋ᠶ᠋ᠡᠷ ᠰᠠᠢᠮᠰᠤᠷᠠᠬᠤ ᠣᠪᠣᠷ ᠢ᠋ᠶ᠋ᠠᠷ ᠲᠡᠳᠡᠨ ᠢ᠋ ᠭᠠᠢᠬᠠᠭᠤᠯᠤᠭᠰᠠᠨ ᠪᠣᠯᠪᠠᠴᠤ ᠢᠦᠭᠧᠨ᠋ᠸ ᠠᠴᠢᠯᠠᠯ ᠤ᠋ᠨ ᠳᠡᠭᠡᠳᠦ ᠪᠡᠷ ᠠᠰᠠᠷᠠᠨ ᠰᠤᠪᠢᠯᠠᠭᠰᠠᠨ ᠪᠣᠯᠪᠠᠴᠤ ᠭᠷᠠᠨᠳᠧᠲ ᠦ᠋ᠨ ᠠᠪᠠᠭᠠᠢ ᠮᠥᠨ ᠯᠡ ᠦᠬᠦᠯ ᠦ᠋ᠨ ᠵᠠᠮ ᠢ᠋ᠶ᠋ᠠᠷ ᠤᠷᠤᠭᠤᠳᠠᠭᠰᠠᠭᠠᠷ ᠪᠠᠢᠪᠠ᠃ ᠡᠢᠮᠦ ᠨᠠᠰᠤᠨ ᠳᠡᠭᠡᠷ᠎ᠡ ᠪᠡᠨ ᠬᠦᠨᠳᠦ ᠡᠪᠡᠳᠴᠢᠨ ᠣᠯᠤᠭᠰᠠᠨ ᠪᠦᠰᠡᠭᠦᠢ ᠬᠥᠮᠦᠨ ᠪᠦᠬᠦᠨ ᠦ᠌ ᠠᠳᠠᠯᠢ ᠪᠠᠷ᠂ ᠲᠡᠷᠡ ᠠᠪᠠᠭᠠᠢ ᠶ᠋ᠢᠨ ᠪᠡᠶ᠎ᠡ ᠡᠳᠦᠷ ᠡᠴᠡ ᠡᠳᠦᠷ ᠴᠢᠷᠠᠢ ᠵᠢᠰᠦ ᠠᠯᠳᠠᠵᠤ᠂ ᠨᠠᠮᠤᠷ ᠤ᠋ᠨ ᠮᠣᠳᠣᠨ ᠤ᠋ ᠨᠠᠪᠴᠢ ᠮᠡᠲᠦ ᠬᠡᠪᠡᠷᠡᠭᠰᠢᠵᠦ ᠪᠠᠢᠪᠠ᠃ ᠨᠠᠷᠠᠨ ᠤ᠋ ᠭᠡᠷᠡᠯ ᠮᠣᠳᠣᠨ ᠤ᠋ ᠨᠠᠪᠴᠢᠰ ᠢ᠋ ᠰᠢᠵᠢᠷ ᠠᠯᠲᠠᠨ ᠥᠩᠭᠡ ᠪᠡᠷ ᠭᠡᠷᠡᠯᠲᠦᠭᠦᠯᠬᠦ ᠠᠳᠠᠯᠢ ᠳ᠋ᠧᠪᠠᠵᠠᠨ ᠤ᠋ ᠭᠢᠯᠪᠠᠭ᠎ᠠ ᠲᠡᠭᠦᠨ ᠢ᠋ ᠭᠡᠢᠭᠦᠯᠦᠨ᠎ᠡ᠃ ᠠᠮᠢᠳᠤ ᠳ᠋ᠠᠭᠠᠨ ᠲᠡᠭᠦᠨ ᠰᠢᠭ ᠶᠠᠪᠤᠭᠰᠠᠨ ᠬᠥᠮᠦᠨ ᠯᠡ ᠦᠬᠦᠬᠦ ᠳ᠋ᠡᠭᠡᠨ ᠡᠢᠮᠦ ᠪᠠᠢᠬᠤ ᠶᠣᠰᠣᠲᠠᠢ᠂ ᠬᠦᠯᠢᠴᠡᠩᠭᠦᠢ ᠠᠮᠤᠷᠯᠢᠩᠭᠤᠢ ᠪᠠᠷ ᠶᠢᠷᠲᠢᠨᠴᠦ ᠶ᠋ᠢᠨ ᠤᠯᠠᠭᠠᠨ ᠲᠣᠭᠣᠰᠣᠨ ᠡᠴᠡ ᠠᠩᠭᠢᠵᠢᠷᠠᠵᠤ᠂ ᠴᠣᠬᠣᠮ ᠨᠢᠭᠡᠨ ᠾᠷᠢᠰᠲ᠋ᠣᠰ ᠱᠠᠰᠢᠨᠲᠠᠨ ᠤ᠋ ᠦᠬᠦᠯ ᠢ᠋ᠶ᠋ᠡᠷ ᠦᠬᠦᠨ᠎ᠡ᠂ ᠲᠡᠭᠦᠨ ᠦ᠌ ᠦᠬᠦᠯ ᠨᠢ ᠡᠷᠬᠢᠮ ᠳᠡᠭᠡᠳᠦ᠂ ᠠᠭᠤᠤ ᠶᠡᠬᠡ ᠶᠦᠮ᠃
  1822 ᠣᠨ ᠤ᠋ ᠠᠷᠪᠠᠳᠤᠭᠠᠷ ᠰᠠᠷ᠎ᠠ ᠬᠦᠷᠦᠭᠡᠳ ᠲᠡᠷᠡ ᠠᠪᠠᠭᠠᠢ ᠶ᠋ᠢᠨ ᠡᠷᠬᠢᠮ ᠰᠠᠢᠨ ᠵᠠᠩ ᠠᠭᠠᠯᠢ᠂ ᠠᠨᠴᠧᠯ ᠮᠡᠲᠦ ᠠᠮᠤᠷᠯᠢᠩᠭᠤᠢ ᠰᠡᠳᠬᠢᠯ ᠬᠢᠭᠡᠳ ᠥᠬᠢᠨ ᠢ᠋ᠶ᠋ᠡᠨ ᠦᠷᠦ ᠡᠪᠡᠳᠦᠨ ᠬᠠᠢᠷᠠᠯᠠᠬᠤ ᠨᠢ ᠤᠷᠢᠳᠤ᠎᠎ ᠪᠠᠨ ᠤᠯᠠᠮ ᠣᠨᠴᠣᠭᠣᠢ ᠳᠣᠪᠣᠢᠵᠠᠢ ; ᠲᠡᠷᠡ ᠭᠠᠭᠴᠠ ᠴᠤ᠌ ᠭᠣᠮᠣᠳᠠᠯ ᠤ᠋ᠨ ᠦᠭᠡ ᠦᠭᠡᠢ ᠪᠡᠷ ᠪᠣᠳᠢ ᠰᠡᠳᠬᠢᠯᠳᠦ ᠬᠣᠨᠢ ᠮᠡᠲᠦ ᠨᠢᠰᠦᠨ ᠡᠴᠦᠰᠯᠡᠪᠡ᠃ ᠲᠡᠷᠡ ᠠᠪᠠᠭᠠᠢ ᠡᠨᠡ ᠶᠢᠷᠲᠢᠨᠴᠦ ᠳᠡᠭᠡᠷ᠎ᠡ᠂ ᠨᠢᠭᠡ ᠨᠠᠰᠤᠨ ᠤ᠋ ᠭᠤᠨᠢᠭᠲᠤ ᠠᠮᠢᠳᠤᠷᠠᠯ ᠤ᠋ᠨ ᠢ᠋ᠶ᠋ᠠᠨ ᠳᠤᠮᠳᠠᠬᠢ ᠭᠠᠭᠴᠠ ᠡᠶᠡᠯᠳᠡᠭ ᠨᠠᠭᠠᠯᠢᠩᠬᠠᠢ ᠬᠠᠨᠢ ᠪᠠᠨ ᠣᠷᠬᠢᠨ ᠶᠠᠳᠠᠨ᠎ᠠ᠂ - ᠲᠡᠭᠦᠨ ᠦ᠌ ᠬᠠᠮᠤᠭ ᠤ᠋ᠨ ᠰᠡᠭᠦᠯ ᠦ᠋ᠨ ᠬᠡᠳᠦᠨ ᠬᠠᠷᠠᠴᠠ ᠨᠢ ᠥᠬᠢᠨ ᠦ᠌ ᠪᠡᠨ ᠢᠷᠡᠭᠡᠳᠦᠢ ᠶ᠋ᠢᠨ ᠵᠣᠪᠠᠯᠠᠩᠲᠤ ᠠᠮᠢᠳᠤᠷᠠᠯ ᠢ᠋ ᠬᠡᠯᠡᠵᠦ ᠥᠭᠴᠦ ᠪᠠᠢᠬᠤ ᠰᠢᠭ᠋ ᠪᠠᠢᠯ᠎ᠠ᠃ ᠡᠨᠡ ᠬᠦ᠌ ᠥᠪᠡᠷ ᠲᠡᠢ ᠨᠢ ᠠᠳᠠᠯᠢ ᠪᠣᠳᠢ ᠰᠡᠳᠬᠢᠯᠳᠦ ᠬᠤᠷᠠᠭ᠎ᠠ ᠥᠨᠥᠴᠢᠨ ᠥᠷᠥᠭᠡᠰᠦᠨ ᠢ᠋ᠶ᠋ᠡᠷ ᠡᠨᠡ ᠬᠠᠷ᠎ᠠ ᠠᠮᠢᠨᠴᠢ ᠶᠢᠷᠲᠢᠨᠴᠦ ᠳᠡᠭᠡᠷ᠎ᠡ ᠬᠣᠴᠣᠷᠴᠤ᠂ ᠬᠥᠮᠦᠨ ᠲᠡᠭᠦᠨ ᠢ᠋ ᠳᠤᠷ᠎ᠠ ᠵᠣᠷᠢᠭ ᠢ᠋ᠶ᠋ᠠᠷ ᠢ᠋ᠶ᠋ᠠᠨ ᠲᠤᠶᠠᠴᠢᠬᠤ ᠶ᠋ᠢ ᠪᠣᠳᠣᠭᠠᠳ ᠬᠠᠮᠤᠭ ᠪᠡᠶ᠎ᠡ ᠨᠢ ᠴᠡᠴᠡᠷᠡᠨ᠎ᠡ᠃
  《ᠬᠡᠦᠬᠡᠨ ᠮᠢᠨᠢ᠂ ᠵᠣᠯ ᠵᠢᠷᠭᠠᠯ ᠭᠡᠳᠡᠭ ᠪᠣᠯ ᠭᠠᠭᠴᠠ ᠬᠦ᠌ ᠲᠡᠭᠷᠢ ᠳᠡᠭᠡᠷ᠎ᠡ ᠯᠡ ᠪᠠᠢᠳᠠᠭ ᠶᠤᠮ ᠰᠢᠦ᠂ ᠴᠢ ᠬᠣᠵᠢᠮ ᠬᠣᠢᠰᠢ ᠳ᠋ᠠᠭᠠᠨ ᠮᠡᠳᠡᠬᠦ ᠶᠦᠮ》 ᠭᠡᠵᠦ ᠠᠮᠢᠰᠬᠤᠯ ᠲᠠᠯᠪᠢᠬᠤ᠎᠎ ᠡᠴᠡ ᠪᠠᠨ ᠡᠮᠦᠨ᠎ᠡ ᠬᠡᠦᠬᠡᠨ ᠳ᠋ᠡᠭᠡᠨ ᠬᠡᠯᠡᠵᠡᠢ᠃
  ᠮᠠᠷᠭᠠᠰᠢ ᠥᠷᠯᠥᠭᠡ ᠨᠢ ᠢᠦᠭᠧᠨ᠋ᠸ ᠪᠠᠰᠠ ᠨᠡᠩ ᠰᠢᠨ᠎ᠡ ᠰᠢᠯᠲᠠᠭᠠᠨ ᠨᠤᠭᠤᠳ ᠡᠴᠡ ᠪᠣᠯᠵᠤ᠂ ᠡᠨᠡ ᠬᠦ᠌ ᠥᠪᠡᠷ ᠢ᠋ᠶ᠋ᠡᠨ ᠳᠣᠲᠣᠷ᠎ᠠ ᠨᠢ ᠲᠥᠷᠥᠵᠦ᠂ ᠳᠣᠲᠣᠷ᠎ᠠ ᠨᠢ ᠵᠣᠪᠠᠯᠠᠩ ᠵᠦᠳᠡᠭᠦᠷᠢ ᠠᠮᠰᠠᠭᠰᠠᠭᠠᠷ ᠢᠷᠡᠭᠰᠡᠨ᠂ ᠡᠬᠡ ᠨᠢ ᠡᠭᠡᠭᠡ ᠰᠠᠶᠢ ᠳᠣᠲᠣᠷ᠎ᠠ ᠨᠢ ᠠᠮᠢᠰᠬᠤᠯ ᠬᠤᠷᠢᠶᠠᠭᠰᠠᠨ ᠭᠡᠷ ᠡᠴᠡ ᠪᠡᠨ ᠠᠯᠬᠤᠮ ᠬᠣᠯᠠᠳᠠᠬᠤ ᠶ᠋ᠢ ᠪᠣᠯᠢᠶ᠎ᠠ ᠭᠡᠵᠦ ᠪᠣᠳᠣᠬᠤ ᠪᠣᠯᠪᠠ᠃ ᠢᠦᠭᠧᠨ᠋ᠸ ᠭᠡᠷ ᠲᠡᠭᠡᠨ ᠴᠣᠩᠬᠣᠨ ᠤ᠋ ᠪᠠᠨ ᠨᠢᠳᠦ ᠨᠤᠭᠦᠳ᠂ ᠡᠪᠡᠰᠦᠨ ᠣᠯᠪᠤᠭᠲᠤ ᠰᠠᠨᠳᠠᠯᠢ ᠵᠡᠷᠭᠡ ᠶ᠋ᠢ ᠬᠠᠷᠠᠭᠠᠳ ᠲᠡᠰᠬᠡᠯ ᠦᠭᠡᠢ ᠨᠢᠯᠪᠤᠰᠤ ᠤᠨᠠᠭᠠᠪᠠ᠃ ᠢᠦᠭᠧᠨ᠋ᠸ᠂ ᠪᠢ ᠡᠴᠢᠭᠡ ᠶ᠋ᠢᠨ ᠢ᠋ᠶ᠋ᠡᠨ ᠰᠡᠳᠬᠢᠯ ᠢ᠋ ᠡᠨᠳᠡᠭᠦᠦ ᠣᠢᠯᠠᠭᠠᠭᠰᠠᠨ ᠶᠤᠮ ᠪᠠᠢᠨ᠎ᠠ ᠭᠡᠵᠦ ᠪᠣᠳᠣᠪᠠ᠃ ᠤᠴᠢᠷ ᠨᠢ ᠡᠳᠦᠭᠡ ᠡᠴᠢᠭᠡ ᠨᠢ ᠲᠡᠭᠦᠨ ᠳ᠋ᠦ᠍ ᠲᠣᠩ ᠶᠡᠬᠡ ᠵᠥᠭᠡᠯᠡᠨ᠂ ᠲᠤᠩ ᠶᠡᠬᠡ ᠬᠠᠯᠠᠭᠤᠨ ᠳᠣᠲᠣᠨᠣ ᠬᠠᠨᠳᠤᠬᠤ ᠪᠣᠯᠵᠤ᠂ ᠰᠤᠭᠤᠳᠠᠨ ᠶᠠᠪᠤᠵᠤ ᠦᠳᠡ ᠶ᠋ᠢᠨ ᠬᠣᠭᠣᠯᠠ ᠪᠠᠨ ᠢᠳᠡᠨ᠎ᠡ᠃ ᠬᠡᠳᠦᠨ ᠴᠠᠭ ᠢ᠋ᠶ᠋ᠠᠷ ᠨᠢᠳᠦ ᠰᠠᠯᠭᠠᠯ ᠦᠭᠡᠢ ᠰᠢᠷᠲᠡᠬᠦ ᠬᠠᠷᠠᠴᠠ ᠨᠢ ᠶᠡᠬᠡᠯ᠎ᠡ ᠡᠨᠡᠷᠢᠩᠭᠦᠢ ᠪᠣᠯᠤᠭᠰᠠᠨ ᠰᠢᠭ᠋ ᠪᠠᠢᠪᠠ᠃ ᠥᠬᠢᠨ ᠨᠢ ᠲᠡᠭᠦᠨ ᠦ᠌ ᠨᠢᠳᠦᠨ ᠳ᠋ᠦ᠍ ᠠᠯᠲᠠ ᠪᠠᠷ ᠴᠢᠳᠬᠤᠭᠳᠠᠭᠰᠠᠨ ᠬᠥᠮᠦᠨ ᠮᠡᠲᠦ ᠬᠠᠷᠠᠭᠳᠠᠵᠤ ᠪᠠᠢᠵᠠᠢ᠃
  ᠡᠪᠦᠭᠡᠨ ᠱᠠᠯᠠᠮᠠᠴᠢᠨ ᠤ᠋ ᠵᠠᠩ ᠲᠤᠢᠯ ᠤ᠋ᠨ ᠶᠡᠬᠡ ᠬᠤᠪᠢᠷᠠᠵᠤ᠂ ᠥᠬᠢᠨ ᠦ᠌ ᠪᠡᠨ ᠡᠮᠦᠨ᠎ᠡ ᠬᠡᠵᠢᠶᠡᠳᠡ ᠴᠡᠴᠡᠷᠡᠨ ᠳᠠᠭᠵᠢᠵᠤ ᠪᠠᠢᠬᠤ ᠪᠣᠯᠵᠠᠢ᠃ ᠡᠨᠡ ᠬᠦ᠌ ᠪᠠᠢᠳᠠᠯ ᠢ᠋ ᠦᠵᠡᠭᠰᠡᠨ ᠨᠠᠨᠤᠩ ᠪᠣᠯᠤᠨ ᠺᠷᠦᠱᠧᠸ ᠨᠠᠷ᠂ ᠨᠠᠰᠤ ᠨᠢ ᠥᠨᠳᠥᠷ ᠪᠣᠯᠤᠭᠰᠠᠨ ᠤ᠋ ᠰᠢᠯᠲᠠᠭᠠᠨ ᠪᠤᠶᠤ ᠴᠢᠨᠠᠭᠰᠢᠯᠠᠪᠠᠯ ᠵᠠᠷᠢᠮ ᠨᠢᠭᠡᠨ ᠡᠷᠬᠡᠲᠡᠨ ᠨᠢ ᠨᠢᠭᠡᠨᠲᠡ ᠡᠳ᠋ᠯᠡᠭᠡ ᠦᠭᠡᠢ ᠪᠣᠯᠤᠭᠰᠠᠨ ᠴᠤ᠌ ᠶᠤᠮ ᠤᠤ ᠭᠡᠵᠦ ᠪᠣᠳᠣᠨ ᠰᠡᠳᠬᠢᠯ ᠵᠣᠪᠠᠵᠤ ᠪᠠᠢᠯ᠎ᠠ᠃ ᠭᠡᠪᠡᠴᠦ ᠭᠡᠷ ᠢ᠋ᠶ᠋ᠡᠷ ᠢ᠋ᠶ᠋ᠡᠨ ᠣᠢ ᠭᠠᠰᠢᠭᠤ ᠬᠢᠬᠦ ᠪᠣᠯᠤᠭᠰᠠᠨ ᠲᠡᠷᠡ ᠡᠳᠦᠷ᠂ ᠣᠷᠣᠢ ᠶ᠋ᠢᠨ ᠬᠣᠭᠣᠯᠠᠨ ᠤ᠋ ᠳᠠᠷᠠᠭ᠎ᠠ ᠡᠪᠦᠭᠡᠨ ᠦ᠌ ᠨᠢᠭᠤᠴᠠ ᠶ᠋ᠢ ᠮᠡᠳᠡᠬᠦ ᠴᠣᠷᠢ ᠶ᠋ᠢᠨ ᠭᠠᠭᠴᠠ ᠬᠥᠮᠦᠨ ᠪᠣᠯᠬᠤ ᠪᠠᠲᠤᠯᠠᠭ᠎ᠠ ᠶ᠋ᠢᠨ ᠬᠥᠮᠦᠨ ᠰᠠᠭᠤᠵᠤ ᠪᠠᠢᠬᠤ ᠦᠶ᠎ᠡ ᠳ᠋ᠦ᠍᠂ ᠡᠪᠦᠭᠡᠨ ᠱᠠᠯᠠᠮᠠᠴᠢᠨ ᠤ᠋ ᠰᠣᠨᠢᠨ ᠬᠠᠴᠢᠨ ᠬᠥᠳᠡᠯᠪᠦᠷᠢ ᠲᠠᠢᠯᠪᠤᠷᠢᠯᠠᠭᠳᠠᠪᠠ᠃
  ᠬᠣᠭᠣᠯᠠᠨ ᠤ᠋ ᠰᠢᠷᠡᠭᠡ ᠪᠡᠨ ᠬᠤᠷᠢᠶᠠᠵᠤ ᠡᠭᠦᠳᠡ ᠪᠡᠨ ᠴᠢᠩᠭ᠎ᠠ ᠬᠠᠭᠠᠭᠠᠳ ᠭᠷᠠᠨᠳᠧᠲ ᠢᠦᠭᠧᠨ᠋ᠸ ᠲᠦ᠍:
  《ᠮᠢᠨᠦ ᠤᠬᠠᠭᠠᠨ ᠲᠠᠢ ᠥᠬᠢᠨ ᠠ᠋᠂ ᠴᠢ ᠣᠳᠣ ᠡᠵᠢ ᠶ᠋ᠢᠨ ᠢ᠋ᠶ᠋ᠡᠨ ᠡᠷᠬᠡ ᠶ᠋ᠢ ᠵᠠᠯᠭᠠᠮᠵᠢᠯᠠᠬᠤ ᠪᠣᠯᠪᠠ᠂ ᠪᠢᠳᠡᠨ ᠦ᠌ ᠬᠣᠭᠣᠷᠣᠨᠳᠣᠬᠢ ᠪᠠᠭ᠎ᠠ ᠰᠠᠭ᠎ᠠ ᠶᠠᠪᠤᠳᠠᠯ ᠢ᠋ᠶ᠋ᠠᠨ ᠨᠢᠭᠡ ᠲᠡᠰᠢ ᠪᠣᠯᠭᠠᠬᠤ ᠬᠡᠷᠡᠭᠲᠡᠢ ᠪᠠᠢᠨ᠎ᠠ᠃ - ᠲᠡᠢᠮᠦ ᠤᠤ ᠦᠭᠡᠢ ᠦᠦ᠂ ᠺᠷᠦᠱᠧᠸ ᠠ᠋?》 ᠭᠡᠪᠡ᠃
  《ᠲᠡᠢᠮᠦ᠃ 》
  《ᠵᠠᠪᠠᠯ ᠥᠨᠥᠳᠥᠷ ᠭᠦᠢᠴᠡᠳᠬᠡᠬᠦ ᠦᠭᠡᠢ ᠪᠣᠯ ᠪᠣᠯᠬᠤ ᠦᠭᠡᠢ ᠭᠡᠵᠦ ᠦᠦ᠂ ᠠᠪᠤ ᠠ᠋?》
  《ᠲᠡᠢᠮᠦ ᠲᠡᠢᠮᠦ᠂ ᠬᠣᠩᠭᠣᠷ ᠮᠢᠨᠢ᠃ ᠪᠢ ᠪᠣᠯ ᠬᠡᠷᠡᠭ ᠶᠠᠪᠤᠳᠠᠯ ᠢ᠋ ᠬᠡᠬᠦᠳᠡᠭ ᠳᠡᠭᠡᠨ ᠬᠠᠳᠠᠭᠠᠯᠠᠭᠠᠳ ᠪᠠᠢᠵᠤ ᠴᠢᠳᠠᠳᠠᠭ ᠦᠭᠡᠢ ᠬᠥᠮᠦᠨ᠃ ᠴᠢ ᠶᠠᠭᠠᠬᠢᠯ᠎ᠠ ᠴᠤ᠌ ᠭᠡᠰᠡᠨ ᠨᠠᠮᠠᠶ᠋ᠢ ᠵᠣᠪᠠᠭᠠᠶ᠎ᠠ ᠭᠡᠵᠦ ᠪᠣᠳᠣᠬᠤ ᠦᠭᠡᠢ ᠪᠣᠢ ᠳᠠ᠃ 》
  《ᠠ᠋! ᠠᠪᠤ ᠁》
  《ᠵᠠ᠂ ᠲᠡᠭᠡᠪᠡᠯ ᠡᠨᠡ ᠣᠷᠣᠢ ᠪᠦᠭᠦᠳᠡ ᠶ᠋ᠢ ᠭᠦᠢᠴᠡᠳᠬᠡᠵᠦ ᠳᠠᠭᠤᠰᠬᠠᠶ᠎ᠠ᠃ 》
  《ᠲᠠ ᠨᠠᠳᠠ ᠪᠠᠷ ᠶᠠᠭᠤ ᠬᠢᠯᠭᠡᠬᠦ ᠭᠡᠰᠡᠨ ᠶᠦᠮ?》
  《ᠬᠣᠩᠭᠣᠷ ᠮᠢᠨᠢ᠂ ᠡᠨᠡ ᠬᠠᠷᠢᠨ ᠨᠠᠳᠠ ᠬᠠᠮᠢᠶ᠎ᠠ ᠦᠭᠡᠢ ᠶᠠᠪᠤᠳᠠᠯ᠃ - ᠺᠷᠦᠱᠧᠸ ᠮᠢᠨᠢ ᠴᠢ ᠬᠡᠯᠡᠭᠡᠳ ᠥᠭ᠃ 》
  《ᠠᠪᠠᠭᠠᠢ ᠮᠢᠨᠢ᠂ ᠭᠷᠠᠨᠳᠧᠲ ᠭᠤᠸᠠᠢ ᠪᠣᠯ ᠡᠳ᠋ ᠬᠥᠷᠥᠩᠭᠡ ᠪᠡᠨ ᠬᠤᠪᠢᠶᠠᠬᠤ ᠴᠤ᠌ ᠳᠤᠷ᠎ᠠ ᠦᠭᠡᠢ᠂ ᠬᠤᠳᠠᠯᠳᠤᠬᠤ ᠴᠤ᠌ ᠳᠤᠷ᠎ᠠ ᠦᠭᠡᠢ᠂ ᠨᠡᠩ ᠢᠯᠠᠩᠭᠤᠶ᠎ᠠ ᠪᠡᠯᠡᠨ ᠵᠣᠭᠣᠰ ᠪᠣᠯᠭᠠᠨ ᠬᠤᠪᠢᠯᠭᠠᠵᠤ ᠶᠡᠬᠡ ᠭᠠᠢᠯᠢ ᠲᠤᠰᠢᠶᠠᠬᠤ ᠤᠯᠠᠮ ᠳᠤᠷ᠎ᠠ ᠦᠭᠡᠢ ᠪᠠᠢᠨ᠎ᠠ᠃ ᠲᠡᠢᠮᠦ ᠡᠴᠡ ᠴᠢ ᠠᠪᠤ ᠲᠠᠢ ᠪᠠᠨ ᠬᠠᠮᠲᠤ ᠪᠣᠢ ᠡᠳ᠋ ᠬᠥᠷᠥᠩᠭᠡ ᠪᠡᠨ ᠳᠠᠩᠰᠠᠯᠠᠭᠤᠯᠬᠤ ᠡᠷᠬᠡ ᠪᠡᠨ ᠬᠠᠶᠠᠬᠤ ᠁》
  《ᠺᠷᠦᠱᠧᠸ ᠭᠤᠸᠠᠢ᠂ ᠲᠠᠨ ᠤ᠋ ᠡᠳᠡᠭᠡᠷ ᠦᠭᠡ ᠴᠢᠨᠢ ᠯᠠᠪ ᠦᠨᠡᠨ ᠶᠦᠮ ᠪᠣᠢ ᠳᠠ᠂ ᠬᠡᠦᠬᠡᠳ ᠲᠦ᠍ ᠬᠡᠯᠡᠮᠡᠷ ᠦᠭᠡ ᠪᠣᠢ ᠳᠠ ?》
  《ᠪᠢ ᠬᠡᠯᠡᠵᠦ ᠪᠠᠷᠠᠶ᠎ᠠ᠂ ᠭᠷᠠᠨᠳᠧᠲ ᠠᠪᠤᠭᠠᠢ᠃ 》
  《ᠵᠠ ᠰᠠᠢᠨ ᠪᠠᠢᠨ᠎ᠠ᠂ ᠨᠠᠢᠵᠠ ᠮᠢᠨᠢ᠂ ᠮᠢᠨᠦ ᠥᠬᠢᠨ ᠲᠠ ᠬᠣᠶᠠᠷ ᠮᠢᠨᠦ ᠬᠤᠪᠢ ᠶ᠋ᠢᠨ ᠡᠳ᠋ ᠬᠥᠷᠥᠩᠭᠡ ᠶ᠋ᠢ ᠪᠤᠯᠢᠶᠠᠬᠤ ᠪᠠᠷ ᠯᠠ ᠦᠭᠡᠢ ᠶᠦᠮ᠂ - ᠲᠡᠢᠮᠦ ᠪᠣᠢ ᠳᠠ᠂ ᠬᠣᠩᠭᠣᠷ ᠮᠢᠨᠢ?》
  《ᠦᠭᠡᠢ᠂ ᠲᠡᠭᠡᠭᠡᠳ ᠺᠷᠦᠱᠧᠸ ᠭᠤᠸᠠᠢ᠂ ᠲᠠ ᠨᠠᠳᠠ ᠪᠠᠷ ᠴᠣᠬᠣᠮ ᠶᠠᠭᠤ ᠬᠢᠯᠭᠡᠬᠦ ᠭᠡᠳ ᠪᠠᠢᠭ᠎ᠠ ᠶᠤᠮ?》 ᠭᠡᠵᠦ ᠢᠦᠭᠧᠨ᠋ᠸ ᠶᠠᠷᠰᠢᠭᠯᠠᠨ ᠠᠰᠠᠭᠤᠪᠠ᠃
  《ᠡᠨᠡ᠂ ᠴᠢ ᠡᠨᠡ ᠳᠠᠩᠰᠠᠨ ᠳᠡᠭᠡᠷ᠎ᠡ ᠭᠠᠷ ᠤ᠋ᠨ ᠦᠰᠦᠭ ᠵᠢᠷᠤᠵᠤ᠂ ᠭᠷᠠᠨᠳᠧᠲ ᠬᠠᠲᠤᠭᠲᠠᠢ ᠶ᠋ᠢ ᠵᠠᠯᠭᠠᠮᠵᠢᠯᠠᠬᠤ ᠡᠷᠬᠡ ᠪᠡᠨ ᠬᠠᠶᠠᠵᠤ᠂ ᠭᠷᠠᠨᠳᠧᠲ ᠨᠣᠶᠠᠨᠲᠠᠨ ᠤ᠋ ᠬᠢ ᠲᠡᠢ ᠬᠠᠮᠲᠤ ᠪᠠᠢᠭ᠎ᠠ ᠡᠳ᠋ ᠬᠥᠷᠥᠩᠭᠡ ᠪᠡᠨ ᠴᠥᠮ ᠪᠦᠷᠢᠨ ᠢ᠋ᠶ᠋ᠡᠷ ᠨᠢ ᠭᠷᠠᠨᠳᠧᠲ ᠨᠣᠶᠠᠨᠲᠠᠨ ᠳ᠋ᠤ᠌ ᠲᠤᠰᠢᠶᠠᠨ ᠬᠠᠮᠢᠶᠠᠷᠤᠭᠤᠯᠵᠤ᠂ ᠣᠷᠣᠯᠭ᠎ᠠ ᠶ᠋ᠢ ᠨᠢ ᠮᠥᠨ ᠭᠷᠠᠨᠳᠧᠲ ᠨᠣᠶᠠᠨᠲᠠᠨ ᠳ᠋ᠤ᠌ ᠡᠵᠡᠮᠰᠢᠭᠦᠯᠵᠦ᠂ ᠥᠪᠡᠷ ᠲᠡᠭᠡᠨ ᠭᠠᠭᠴᠠ ᠬᠦ᠌ ᠬᠡᠢᠰᠪᠦᠷᠢ ᠡᠵᠡᠮᠰᠢᠯ ᠦ᠋ᠨ ᠡᠷᠬᠡ ᠦᠯᠡᠳᠡᠭᠡᠬᠦ ᠪᠡᠨ ᠲᠣᠳᠣᠷᠬᠠᠢᠯᠠ ᠁》
  《ᠲᠠᠨ ᠤ᠋ ᠬᠡᠯᠡᠭᠰᠡᠨ ᠦᠭᠡ ᠶ᠋ᠢ ᠪᠢ ᠣᠭᠲᠣ ᠣᠢᠯᠠᠭᠠᠬᠤ ᠦᠭᠡᠢ ᠪᠠᠢᠨ᠎ᠠ》 ᠭᠡᠵᠦ ᠢᠦᠭᠧᠨ᠋ᠸ ᠬᠠᠷᠢᠭᠤᠯᠤᠭᠠᠳ 《ᠲᠡᠷᠡ ᠭᠡᠷ᠎ᠡ ᠪᠢᠴᠢᠭ ᠢ᠋ᠶ᠋ᠡᠨ ᠨᠠᠳᠠ ᠥᠭᠴᠦ ᠬᠠᠮᠢᠭ᠎ᠠ ᠨᠢ ᠭᠠᠷ ᠤ᠋ᠨ ᠦᠰᠦᠭ ᠵᠢᠷᠤᠬᠤ ᠶ᠋ᠢ ᠵᠢᠭᠠᠭᠠᠳ ᠠᠯᠢ》 ᠭᠡᠪᠡ᠃
ᠭᠷᠠᠨᠳᠧᠲ ᠡᠪᠦᠭᠡᠨ ᠦ᠌ ᠬᠠᠷᠠᠴᠠ ᠢᠦᠭᠧᠨ᠋ᠸ ᠭᠡᠷ᠎ᠡ ᠪᠢᠴᠢᠭ ᠬᠣᠶᠠᠷ ᠳᠡᠭᠡᠷ᠎ᠡ ᠴᠢᠯᠥᠭᠡ ᠵᠠᠪ ᠦᠭᠡᠢ ᠡᠭᠡᠯᠵᠢᠯᠡᠨ ᠲᠣᠰᠴᠤ᠂ ᠮᠠᠩᠨᠠᠢ᠎᠎᠎ ᠡᠴᠡ ᠨᠢ ᠬᠥᠯᠥᠰᠥ ᠪᠠᠳᠬᠤᠵᠤ ᠲᠠᠰᠤᠷᠠᠯᠲᠠ ᠦᠭᠡᠢ ᠠᠷᠴᠢᠨ᠎ᠠ᠃
  《ᠬᠣᠩᠭᠣᠷ ᠮᠢᠨᠢ᠂ ᠡᠨᠡ ᠬᠦ᠌ ᠭᠡᠷ᠎ᠡ ᠪᠢᠴᠢᠭ ᠢ᠋ ᠠᠪᠠᠴᠢᠵᠤ ᠬᠢᠨᠠᠯᠲᠠ ᠶ᠋ᠢᠨ ᠮᠠᠲ᠋ᠧᠷᠢᠶᠠᠯ ᠪᠣᠯᠭᠠᠬᠤ ᠳ᠋ᠤ᠌ ᠶᠡᠬᠡ ᠬᠡᠮᠵᠢᠶᠡᠨ ᠦ᠌ ᠵᠣᠭᠣᠰ ᠵᠠᠷᠤᠴᠠᠭᠤᠯᠳᠠᠭ ᠶᠤᠮ᠃ ᠴᠢ ᠥᠪᠡᠷ ᠦ᠋ᠨ ᠬᠥᠭᠡᠷᠦᠬᠦᠢᠯᠡᠯᠲᠦ ᠡᠬᠡ ᠪᠡᠨ ᠵᠠᠯᠭᠠᠮᠵᠢᠯᠠᠬᠤ ᠡᠷᠬᠡ ᠪᠡᠨ ᠶᠠᠮᠠᠷ ᠴᠤ᠌ ᠨᠥᠬᠥᠴᠡᠯ ᠦᠭᠡᠢ ᠪᠡᠷ ᠬᠠᠶᠠᠵᠤ᠂ ᠥᠪᠡᠷ ᠦ᠋ᠨ ᠢᠷᠡᠭᠡᠳᠦᠢ ᠪᠡᠨ ᠨᠠᠳᠠ ᠨᠠᠢᠳᠠᠪᠠᠯ ᠪᠢ ᠮᠠᠰᠢ ᠳᠤᠷᠠᠲᠠᠢ᠃ ᠪᠢ ᠰᠠᠷ᠎ᠠ ᠪᠦᠷᠢ ᠴᠢᠮ᠎ᠠ ᠳ᠋ᠤ᠌ ᠵᠠᠭᠤᠨ ᠹᠷᠠᠩᠺ ᠤ᠋ᠨ ᠶᠡᠬᠡ ᠬᠦᠦ ᠥᠭᠬᠦᠶ᠎ᠡ᠃ ᠢᠩᠭᠢᠭᠡᠳ ᠴᠢ ᠬᠡᠳᠦᠨ ᠤᠳᠠᠭ᠎ᠠ ᠮᠢᠰᠰᠠ ᠪᠡᠯᠡᠳᠬᠡᠵᠦ ᠬᠡᠨ ᠬᠡᠨ ᠢ᠋ᠶ᠋ᠡᠨ ᠵᠠᠯᠠᠬᠤ ᠶ᠋ᠢ ᠳᠤᠷ᠎ᠠ ᠪᠠᠷ ᠢ᠋ᠶ᠋ᠠᠨ ᠪᠣᠯ᠁ ᠡᠩ! ᠰᠠᠷ᠎ᠠ ᠪᠦᠷᠢ ᠵᠠᠭᠤᠨ ᠹᠷᠠᠩᠺ ᠪᠣᠯᠬᠤ ᠪᠣᠢ ᠤᠤ?》
  《ᠲᠠ ᠶᠠᠭᠠᠬᠢᠶ᠎ᠠ ᠯᠠ ᠭᠡᠪᠡᠯ ᠲᠡᠭᠡᠵᠦ ᠯᠡ ᠪᠠᠢ᠂ ᠠᠪᠤ ᠠ᠋᠃ 》
  《ᠠᠪᠠᠬᠠᠢ᠂ ᠡᠨᠡ ᠪᠠᠢᠳᠠᠯ ᠢ᠋ᠶ᠋ᠠᠷ ᠪᠣᠯ ᠴᠢᠮ᠎ᠠ ᠳ᠋ᠤ᠌ ᠶᠠᠭᠤ ᠴᠤ᠌ ᠦᠯᠡᠳᠡᠬᠦ ᠦᠭᠡᠢ ᠪᠣᠯᠤᠨ᠎ᠠ ᠰᠢᠦ ᠭᠡᠵᠦ ᠪᠢ ᠴᠢᠮ᠎ᠠ ᠳ᠋ᠤ᠌ ᠬᠡᠯᠡᠬᠦ ᠬᠠᠷᠢᠭᠤᠴᠠᠯᠭ᠎ᠠ ᠪᠠᠢᠨ᠎ᠠ ᠁》
  《ᠲᠡᠭᠷᠢ ᠠ᠋᠂ ᠲᠡᠷᠡ ᠨᠠᠳᠠ ᠶᠠᠭᠤᠨ ᠤ᠋ ᠬᠠᠮᠢᠶ᠎ᠠ ᠪᠠᠢᠬᠤ ᠪᠣᠢ!》 ᠭᠡᠵᠦ ᠢᠦᠭᠧᠨ᠋ᠸ ᠬᠠᠷᠢᠭᠤᠯᠪᠠ᠃
  《ᠪᠢᠲᠡᠭᠡᠢ ᠢᠯᠡᠭᠦᠦ ᠦᠭᠡ ᠶᠠᠷᠢ᠂ ᠺᠷᠦᠱᠧᠸ ᠠ᠋᠃ - ᠬᠡᠯᠡᠪᠡᠯ ᠬᠠᠤᠯᠢ ᠰᠢᠦ》 ᠭᠡᠳ ᠭᠷᠠᠨᠳᠧᠲ ᠡᠪᠦᠭᠡᠨ ᠥᠬᠢᠨ ᠦ᠌ ᠪᠡᠨ ᠭᠠᠷ ᠢ᠋ ᠭᠠᠷ ᠳᠡᠭᠡᠷ᠎ᠡ ᠪᠡᠨ ᠲᠠᠯᠪᠢᠵᠤ ᠢᠯᠪᠢᠨ: 《 ᠢᠦᠭᠧᠨ᠋ᠸ᠂ ᠴᠢ ᠯᠠᠪ ᠬᠣᠵᠢᠮ ᠭᠡᠮᠰᠢᠬᠦ ᠦᠭᠡᠢ ᠶᠦᠮ᠂ ᠴᠢ ᠪᠣᠯ ᠢᠲᠡᠭᠡᠯ ᠨᠠᠢᠳᠠᠪᠤᠷᠢᠲᠤ ᠥᠬᠢᠨ᠂ ᠲᠡᠢᠮᠦ ᠪᠣᠢ ᠳᠠ ?》 ᠭᠡᠪᠡ᠃
  《ᠡᠩ! ᠠᠪᠤ ᠁》
ᠭᠷᠠᠨᠳᠧᠲ ᠡᠪᠦᠭᠡᠨ ᠲᠡᠭᠦᠨ ᠢ᠋ ᠪᠠᠶᠠᠷ ᠲᠠᠢ ᠪᠠᠷ ᠴᠢᠩᠭ᠎ᠠ ᠲᠡᠪᠡᠷᠢᠵᠦ ᠪᠠᠷᠤᠭ ᠠᠮᠢᠰᠬᠤᠭ᠎ᠠ ᠠᠪᠴᠤ ᠪᠣᠯᠬᠤ ᠦᠭᠡᠢ ᠪᠣᠯᠭᠠᠪᠠ᠃
  《ᠪᠣᠯᠤᠯ᠎ᠠ᠂ ᠥᠬᠢᠨ ᠮᠢᠨᠢ᠂ ᠴᠢ ᠨᠠᠳᠠ ᠠᠮᠢᠳᠤᠷᠠᠬᠤ ᠵᠠᠮ ᠣᠯᠭᠣᠪᠠ᠃ ᠪᠢ ᠠᠮᠢ ᠲᠠᠢ ᠪᠣᠯᠪᠠ᠃ ᠭᠡᠪᠡᠴᠦ ᠡᠨᠡ ᠪᠣᠯ ᠴᠢ ᠨᠠᠳᠠ ᠥᠷᠢ ᠲᠥᠯᠥᠵᠦ ᠪᠠᠢᠭ᠎ᠠ ᠶᠠᠪᠤᠳᠠᠯ ᠶᠤᠮ᠃ ᠢᠩᠭᠢᠭᠡᠳ ᠪᠢᠳᠡ ᠳᠠᠩᠰᠠ ᠴᠠᠢᠷᠠᠭᠤᠯᠪᠠ᠃ ᠡᠨᠡ ᠪᠣᠯ ᠶᠣᠰᠣᠲᠠᠢ ᠰᠢᠳᠤᠷᠭᠤ ᠲᠡᠭᠰᠢ ᠠᠷᠠᠯᠵᠢᠶ᠎ᠠ ᠮᠠᠢᠮᠠᠢ ᠳ᠋ᠤ᠌ ᠲᠣᠭᠠᠴᠢᠭᠳᠠᠨ᠎ᠠ᠃ ᠬᠥᠮᠦᠨ ᠦ᠌ ᠠᠮᠢᠳᠤᠷᠠᠯ ᠭᠡᠳᠡᠭ ᠪᠣᠯ ᠨᠢᠭᠡ ᠶᠣᠰᠣᠨ ᠤ᠋ ᠠᠷᠠᠯᠵᠢᠶ᠎ᠠ ᠮᠠᠢᠮᠠᠢ ᠶᠤᠮ᠃ ᠪᠢ ᠴᠢᠮᠠᠶ᠋ᠢ ᠢᠷᠥᠭᠡᠶ᠎ᠡ! ᠴᠢ ᠪᠣᠯ ᠡᠷᠬᠢᠮ ᠰᠠᠢᠨ ᠵᠠᠩ ᠠᠭᠠᠯᠢ ᠲᠠᠢ ᠥᠬᠢᠨ᠂ ᠠᠪᠤ ᠳ᠋ᠠᠭᠠᠨ ᠡᠯᠪᠡᠷᠢᠯᠲᠡᠢ ᠥᠬᠢᠨ᠃ ᠴᠢ ᠣᠳᠣ ᠶᠠᠭᠤ ᠬᠢᠶ᠎ᠡ ᠭᠡᠪᠡᠯ ᠳᠤᠷ᠎ᠠ ᠪᠠᠷ ᠢ᠋ᠶ᠋ᠠᠨ ᠪᠣᠯ᠃ 》
ᠭᠷᠠᠨᠳᠧᠲ ᠡᠪᠦᠭᠡᠨ᠂ ᠭᠠᠢᠬᠠᠨ ᠮᠡᠯᠡᠷᠡᠭᠰᠡᠨ ᠺᠷᠦᠱᠧᠸ ᠤᠷᠤᠭᠤ ᠬᠠᠷᠠᠵᠤ: 《ᠪᠠᠶᠠᠷᠲᠠᠢ᠂ ᠮᠠᠷᠭᠠᠰᠢ ᠠᠭᠤᠯᠵᠠᠶ᠎ᠠ᠂ ᠲᠠ ᠰᠢᠭᠦᠬᠦ ᠬᠣᠷᠢᠶᠠᠨ ᠤ᠋ ᠨᠠᠷᠢᠨ ᠪᠢᠴᠢᠭ ᠦ᠋ᠨ ᠨᠣᠶᠠᠨ ᠲᠠᠢ ᠤᠴᠠᠷᠠᠵᠤ ᠡᠷᠬᠡ ᠪᠡᠨ ᠬᠠᠶᠠᠬᠤ ᠭᠡᠷ᠎ᠡ ᠪᠢᠴᠢᠭ ᠪᠡᠯᠡᠳᠬᠡᠭᠦᠯᠬᠦ ᠶ᠋ᠢ ᠬᠦᠰᠡᠶ᠎ᠡ᠃ ᠲᠠ ᠨᠢᠭᠡ ᠲᠤᠰᠠ ᠪᠣᠯᠤᠭᠠᠴᠢ》 ᠭᠡᠪᠡ᠃
ᠮᠠᠷᠭᠠᠰᠢ ᠦᠳᠡ ᠳ᠋ᠦ᠍ᠨᠢ ᠭᠠᠷ ᠤ᠋ᠨ ᠦᠰᠦᠭ ᠵᠢᠷᠤᠵᠤ ᠢᠦᠭᠧᠨ᠋ᠸ ᠰᠠᠢᠨ ᠳᠤᠷ᠎ᠠ᠎᠎ ᠡᠴᠡ ᠪᠠᠨ ᠡᠷᠬᠡ ᠪᠡᠨ ᠬᠠᠶᠠᠪᠠ᠃
ᠭᠡᠲᠡᠯ᠎ᠡ ᠡᠬᠢᠨ ᠦ᠌ ᠵᠢᠯ ᠦ᠋ᠨ ᠡᠴᠦᠰ ᠪᠣᠯᠤᠭᠰᠠᠨ ᠠᠲᠠᠯ᠎ᠠ ᠡᠪᠦᠭᠡᠨ ᠱᠠᠯᠠᠮᠠᠴᠢᠨ ᠥᠬᠢᠨ ᠳ᠋ᠡᠭᠡᠨ ᠥᠭᠭᠦᠨ᠎ᠡ ᠭᠡᠵᠦ ᠠᠮᠠᠯᠠᠭᠰᠠᠨ ᠰᠠᠷ᠎ᠠ ᠪᠦᠷᠢ ᠶ᠋ᠢᠨ ᠵᠠᠭᠤᠨ ᠹᠷᠠᠩᠺ ᠨᠢ ᠪᠠᠷ᠎ᠠ ᠰᠡᠭᠦᠳᠡᠷ ᠦᠭᠡᠢ ᠪᠠᠢᠯ᠎ᠠ᠃ ᠡᠨᠡ ᠲᠤᠬᠠᠢ ᠢᠦᠭᠧᠨ᠋ᠸ ᠶᠠᠷᠢᠶ᠎ᠠ ᠬᠥᠭᠡᠷᠦᠭᠡ ᠶ᠋ᠢᠨ ᠳᠤᠮᠳᠠ ᠳᠤᠷᠠᠳᠤᠭᠠᠳ ᠠᠪᠤᠭᠰᠠᠨ᠎ᠠ ᠭᠷᠠᠨᠳᠧᠲ ᠠᠪᠤᠭᠠᠢ ᠴᠢᠷᠠᠢ ᠤᠯᠠᠢᠭᠠᠳ ᠨᠢᠭᠤᠴᠠ ᠭᠡᠷ ᠲᠡᠭᠡᠨ ᠭᠦᠶᠦᠨ ᠣᠷᠣᠵᠤ᠂ ᠠᠴᠢ ᠬᠦᠦ ᠡᠴᠡ ᠪᠡᠨ ᠲᠤᠩ ᠬᠢᠮᠳᠠᠬᠠᠨ ᠦᠨ᠎ᠡ ᠪᠡᠷ ᠬᠤᠳᠠᠯᠳᠤᠵᠤ ᠠᠪᠤᠭᠰᠠᠨ ᠠᠯᠲᠠᠨ ᠵᠢᠮᠰᠡᠭ ᠦ᠋ᠨ ᠢ᠋ᠶ᠋ᠡᠨ ᠭᠤᠷᠪᠠᠨ ᠤ᠋ ᠨᠢᠭᠡ ᠶ᠋ᠢ ᠠᠪᠤᠭᠠᠳ ᠪᠠᠭᠤᠵᠤ ᠢᠷᠡᠪᠡ᠃
  《ᠥᠬᠢᠨ ᠮᠢᠨᠢ ᠳᠡ 》 ᠭᠡᠳ ᠭᠷᠠᠨᠳᠧᠲ ᠠᠪᠤᠭᠠᠢ ᠶᠣᠵᠣᠯᠠᠭᠰᠠᠨ ᠠᠶᠠᠯᠭ᠎ᠠ ᠪᠠᠷ 《ᠡᠭᠦᠨ ᠢ᠋ᠶ᠋ᠡᠷ ᠮᠢᠩᠭ᠎ᠠ ᠬᠣᠶᠠᠷ ᠵᠠᠭᠤᠨ ᠹᠷᠠᠩᠺ ᠤ᠋ᠨ ᠢ᠋ᠶ᠋ᠠᠨ ᠲᠥᠯᠥᠪᠦᠷᠢ ᠪᠣᠯᠭᠠᠬᠤ ᠤᠤ?》 ᠭᠡᠪᠡ᠃
  《ᠢᠯᠢ᠂ ᠠᠪᠤ ᠮᠢᠨᠢ᠂ ᠨᠡᠭᠡᠷᠡᠨ ᠡᠨᠡ ᠪᠦᠭᠦᠳᠡ ᠶ᠋ᠢ ᠨᠠᠳᠠ ᠥᠭᠬᠦ ᠨᠢ ᠦᠦ?》
  《ᠬᠣᠢᠲᠤᠨ ᠵᠢᠯ ᠪᠢ ᠴᠢᠮ᠎ᠠ ᠳ᠋ᠤ᠌ ᠪᠠᠰᠠ ᠡᠳᠦᠢ ᠦᠭᠬᠦᠶ᠎ᠡ》 ᠭᠡᠵᠦ ᠬᠡᠯᠡᠭᠰᠡᠭᠡᠷ ᠠᠯᠲᠠᠨ ᠵᠢᠮᠰᠡᠭ ᠢ᠋ ᠬᠣᠷᠮᠣᠢᠪᠴᠢ ᠶ᠋ᠢᠨ ᠬᠠᠷᠮᠠᠨ ᠳ᠋ᠤᠨᠢ ᠬᠢᠵᠦ: 《ᠵᠠ ᠳᠠ᠂ ᠳᠡᠮᠡᠢ ᠤᠳᠠᠬᠤ ᠦᠭᠡᠢ ᠲᠡᠭᠦᠨ ᠦ᠌ ᠲᠣᠯᠣᠭᠠᠢ ᠶ᠋ᠢᠨ ᠵᠠᠰᠠᠯ ᠪᠦᠷ ᠴᠢᠨᠦᠬᠢ ᠪᠣᠯᠬᠤ ᠨᠢ ᠠ᠋》 ᠭᠡᠵᠦ ᠭᠠᠷ ᠢ᠋ᠶ᠋ᠠᠨ ᠱᠦᠷᠭᠦᠭᠡᠭᠰᠡᠭᠡᠷ ᠬᠡᠯᠡᠪᠡ᠃ ᠭᠷᠠᠨᠳᠧᠲ ᠠᠪᠤᠭᠠᠢ ᠥᠬᠢᠨ ᠦ᠌ ᠪᠡᠨ ᠬᠠᠢᠷ᠎ᠠ ᠰᠡᠳᠬᠢᠯ ᠢ᠋ ᠠᠰᠢᠭᠯᠠᠵᠤ ᠣᠯᠵᠠ ᠲᠠᠢ ᠮᠠᠢᠮᠠᠢ ᠬᠢᠭᠰᠡᠨ ᠳ᠋ᠡᠭᠡᠨ ᠶᠡᠬᠡ ᠯᠡ ᠪᠠᠶᠠᠰᠤᠭᠰᠠᠨ ᠪᠠᠢᠨ᠎ᠠ᠃ ᠬᠡᠯᠡᠬᠦ ᠳ᠋ᠦ᠍ ᠡᠢᠮᠦ ᠴᠦ᠍ ᠭᠷᠠᠨᠳᠧᠲ ᠡᠪᠦᠭᠡᠨ ᠪᠠᠰᠠ ᠬᠠᠷᠠᠬᠠᠨ ᠡᠷᠡᠭᠦᠯ ᠲᠡᠩᠬᠡᠯᠡᠭᠦᠨ ᠪᠣᠯᠪᠠᠴᠤ ᠥᠬᠢᠨ ᠳ᠋ᠡᠭᠡᠨ ᠠᠵᠤ ᠲᠥᠷᠥᠬᠦ ᠳᠠᠮ ᠲᠣᠨᠣ ᠵᠢᠭᠠᠬᠤ ᠭᠡᠵᠦ ᠪᠣᠳᠣᠵᠠᠢ᠃ ᠲᠡᠭᠡᠭᠡᠳ ᠬᠣᠶᠠᠷ ᠵᠢᠯ ᠳᠠᠷᠠᠭᠠᠯᠠᠨ ᠢᠦᠭᠧᠨ᠋ᠸ ᠢ᠋ ᠬᠠᠷᠠᠵᠤ ᠪᠠᠢᠭᠠᠳ ᠬᠣᠭᠣᠯᠠ ᠬᠣᠰᠢ ᠳᠠᠭᠤᠳᠠᠭᠤᠯᠬᠤ ᠪᠠ ᠥᠷᠢ ᠰᠢᠷᠢ ᠬᠤᠷᠢᠶᠠᠯᠭᠠᠪᠠ᠃ ᠭᠷᠠᠨᠳᠧᠲ ᠠᠭᠠᠵᠢᠮ ᠢ᠋ᠶ᠋ᠠᠷ ᠡᠳ᠋ᠯᠡᠩ ᠦ᠋ᠨ ᠢ᠋ᠶ᠋ᠡᠨ ᠭᠠᠵᠠᠷ ᠲᠠᠷᠢᠶᠠᠨ ᠤ᠋ ᠨᠡᠷᠡᠢᠳᠦᠯ ᠦ᠋ᠨ ᠠᠭᠤᠯᠭ᠎ᠠ ᠶ᠋ᠢ ᠢᠦᠭᠧᠨ᠋ᠸ ᠲᠦ᠍ ᠬᠡᠯᠡᠵᠦ ᠥᠭᠴᠡᠢ᠃ ᠢᠩᠭᠢᠵᠦ ᠭᠤᠷᠪᠠᠨ ᠵᠢᠯ ᠦ᠋ᠨ ᠨᠢᠭᠤᠷ ᠢ᠋ ᠦᠵᠡᠬᠦ ᠦᠶ᠎ᠡ ᠳ᠋ᠦ᠍ ᠭᠷᠠᠨᠳᠧᠲ ᠠᠪᠤᠭᠠᠢ ᠶ᠋ᠢᠨ ᠬᠠᠷᠠᠮᠴᠢ ᠬᠡᠪᠴᠡᠭ ᠵᠠᠩ ᠰᠤᠷᠲᠠᠯ ᠨᠢ ᠥᠬᠢᠨ ᠢ᠋ᠶ᠋ᠡᠨ ᠣᠪᠣᠭ᠎ᠠ ᠴᠠᠭᠠᠷᠠᠭᠤᠯᠵᠤ ᠳᠠᠳᠤᠯᠭᠠᠵᠢᠭᠤᠯᠤᠭᠰᠠᠨ ᠡᠴᠡ ᠭᠷᠠᠨᠳᠧᠲ ᠠᠪᠤᠭᠠᠢ ᠵᠣᠷᠢᠭ ᠣᠷᠣᠵᠤ ᠭᠠᠯ ᠲᠣᠭᠣᠭᠠᠨ ᠤ᠋ ᠭᠡᠷ ᠦ᠋ᠨ ᠲᠦᠯᠬᠢᠭᠦᠷ ᠢ᠋ ᠢᠦᠭᠧᠨ᠋ᠸ ᠲᠦ᠍ ᠠᠳᠬᠤᠭᠤᠯᠵᠤ ᠭᠡᠷ ᠦ᠋ᠨ ᠠᠵᠢᠯ ᠢ᠋ ᠵᠢᠩᠬᠢᠨᠢ ᠡᠵᠡᠮᠰᠢᠭᠦᠯᠪᠡ᠃ᠳᠠᠳᠤᠯᠭᠠᠵᠢᠭᠤᠯᠤᠭᠰᠠᠨ
  ᠡᠨᠡ ᠮᠡᠲᠦᠴᠢᠯᠡᠨ ᠲᠠᠪᠤᠨ ᠵᠢᠯ ᠥᠩᠭᠡᠷᠡᠯ᠎ᠡ᠂ ᠢᠦᠭᠧᠨ᠋ᠸ ᠡᠴᠢᠭᠡ ᠥᠬᠢᠨ ᠬᠣᠶᠠᠷ ᠤ᠋ᠨ ᠴᠤᠯᠭᠤᠢ ᠤᠢᠳᠬᠠᠷᠲᠤ ᠠᠮᠢᠳᠤᠷᠠᠯ ᠳ᠋ᠤ᠌ ᠶᠠᠷᠢᠵᠤ ᠲᠣᠭᠠᠴᠢᠮᠠᠷ ᠶᠠᠭᠤᠮ᠎ᠠ ᠴᠤ᠌ ᠠᠯᠠᠭ᠎ᠠ᠂ ᠬᠡᠵᠢᠶᠡᠳᠡ ᠨᠢᠭᠡ ᠯᠡ ᠬᠥᠭ ᠦ᠋ᠨ ᠤᠴᠢᠷ ᠶᠠᠪᠤᠳᠠᠯ ᠢ᠋ ᠴᠠᠭ ᠤ᠋ᠨ ᠵᠡᠭᠦᠦ ᠠᠳᠠᠯᠢ ᠣᠨᠣᠪᠴᠢᠲᠠᠢ ᠬᠢᠳᠡᠭ ᠪᠠᠢᠪᠠ᠃ ᠭᠷᠠᠨᠳᠧᠲ ᠠᠪᠠᠬᠠᠢ ᠶ᠋ᠢᠨ ᠭᠤᠨᠢᠭ ᠭᠡᠮᠦᠷᠬᠡᠯ ᠴᠦ᠍ ᠨᠢᠭᠡᠮᠦᠰᠦᠨ ᠢᠯᠡᠷᠬᠡᠢ ᠨᠢᠭᠤᠴᠠ ᠪᠣᠯᠵᠠᠢ᠃ ᠡᠨᠡ ᠠᠪᠠᠬᠠᠢ ᠶ᠋ᠢᠨ ᠭᠤᠨᠢᠭᠯᠠᠯ ᠤ᠋ᠨ ᠰᠢᠯᠲᠠᠭᠠᠨ ᠢ᠋ ᠣᠯᠠᠨ ᠬᠥᠮᠦᠰ ᠰᠠᠷᠠᠨ ᠮᠡᠳᠡᠵᠦ ᠪᠠᠢᠭᠰᠠᠨ ᠪᠣᠯᠪᠠᠴᠤ ᠰᠡᠦᠮᠦᠷ ᠦ᠋ᠨ ᠬᠥᠮᠦᠰ ᠲᠡᠭᠦᠨ ᠢ᠋ ᠬᠠᠢᠷ᠎ᠠ ᠰᠡᠳᠬᠢᠯᠭᠡ ᠶ᠋ᠢᠨ ᠲᠤᠬᠠᠢ ᠲᠠᠭᠠᠪᠤᠷᠢᠯᠠᠯ ᠳ᠋ᠠᠭᠠᠨ ᠭᠡᠷᠡᠴᠢ ᠪᠣᠯᠤᠮᠠᠷ ᠨᠢᠭᠡ ᠦᠭᠡ ᠶ᠋ᠢ ᠥᠪᠡᠷ ᠦ᠋ᠨ ᠬᠢᠨᠢ ᠠᠮᠠᠨ ᠡᠴᠡ ᠰᠣᠨᠣᠰᠤᠭᠰᠠᠨ ᠦᠭᠡᠢ ᠶᠦᠮ᠃ ᠠᠪᠠᠬᠠᠢ ᠶ᠋ᠢᠨ ᠶᠠᠪᠤᠯᠴᠠᠳᠠᠭ ᠬᠥᠮᠦᠰ ᠭᠡᠪᠡᠯ ᠬᠡᠳᠦᠨ ᠺᠷᠦᠱᠧᠸ ᠪᠣᠯᠤᠨ ᠲᠡᠳᠡᠨ ᠦ᠌ ᠰᠠᠨᠠᠭᠠᠨ ᠳ᠋ᠤ᠌ ᠦᠭᠡᠢ ᠳᠠᠭᠠᠭᠤᠯᠵᠤ ᠢᠷᠡᠭᠰᠡᠭᠡᠷ ᠪᠠᠢᠭᠠᠳ ᠳᠠᠰᠤᠯᠴᠠᠭᠰᠠᠨ ᠨᠠᠢᠵᠠ ᠨᠠᠷ ᠪᠢᠯᠡ᠃ ᠲᠡᠳᠡ ᠠᠪᠠᠬᠠᠢ ᠳ᠋ᠤ᠌ ᠸᠢᠰᠲ᠋ᠤ᠋ ᠬᠥᠵᠥᠷ ᠵᠢᠭᠠᠵᠤ ᠥᠭᠭᠦᠭᠡᠳ ᠣᠷᠣᠢ ᠪᠦᠷᠢ ᠢᠷᠡᠵᠦ ᠨᠠᠭᠠᠳᠳᠠᠭ ᠪᠣᠯᠵᠠᠢ᠃
  1827 ᠣᠨ ᠳ᠋ᠤ᠌ ᠢᠦᠭᠧᠨ᠋ᠸ ᠦ᠋ᠨ ᠡᠴᠢᠭᠡ ᠨᠢ ᠡᠪᠦᠭᠡᠷᠡᠬᠦ ᠶ᠋ᠢᠨ ᠡᠷᠬᠡᠨ ᠳ᠋ᠦ᠍ ᠠᠷᠭ᠎ᠠ ᠪᠤᠰᠤ ᠥᠬᠢᠨ ᠢ᠋ᠶ᠋ᠡᠨ ᠲᠠᠷᠢᠶᠠᠯᠠᠩ ᠠᠳᠠᠯ ᠤ᠋ᠨ ᠨᠢᠭᠤᠴᠠ ᠳ᠋ᠤ᠌ ᠣᠷᠣᠯᠴᠠᠭᠤᠯᠬᠤ ᠪᠣᠯᠤᠭᠰᠠᠨ ᠪᠠ ᠬᠦᠴᠢᠷ ᠵᠦᠢᠯ ᠲᠣᠬᠢᠶᠠᠯᠳᠤᠪᠠᠯ ᠲᠡᠭᠦᠨ ᠢ᠋ ᠪᠠᠲᠤᠯᠠᠭ᠎ᠠ ᠶ᠋ᠢᠨ ᠬᠥᠮᠦᠨ ᠺᠷᠦᠱᠧᠸ ᠯᠤᠭᠡ ᠵᠥᠪᠳᠡᠭᠦᠯᠳᠡᠭ - ᠺᠷᠦᠱᠧᠸ ᠦ᠋ᠨ ᠴᠢᠩ ᠦᠨᠡᠨᠴᠢ ᠰᠡᠳᠬᠢᠯ ᠢ᠋ ᠭᠷᠠᠨᠳᠧᠲ ᠡᠪᠦᠭᠡᠨ ᠭᠦᠨ᠎ᠡ ᠢᠲᠡᠭᠡᠳᠡᠭ ᠶᠦᠮ᠃ ᠲᠡᠭᠡᠭᠡᠳ ᠡᠨᠡ ᠵᠢᠯ ᠦ᠋ᠨ ᠡᠴᠦᠰ ᠲᠦ᠍ ᠭᠷᠠᠨᠳᠧᠲ ᠡᠪᠦᠭᠡᠨ ᠨᠠᠶᠠᠨ ᠬᠣᠶᠠᠷᠲᠠᠢ ᠳ᠋ᠠᠭᠠᠨ ᠭᠠᠢ ᠪᠣᠯᠵᠤ ᠮᠡᠨᠡᠭ ᠡᠪᠡᠳᠴᠢᠨ ᠳ᠋ᠦ᠍ ᠨᠡᠷᠪᠡᠭᠳᠡᠭᠡᠳ ᠦᠳᠲᠡᠷ ᠬᠦᠨᠳᠦᠷᠡᠵᠡᠢ᠃ ᠹᠧᠷᠯᠠᠩ ᠡᠮᠴᠢ ᠭᠷᠠᠨᠳᠧᠲ ᠡᠪᠦᠭᠡᠨ ᠦ᠌ ᠡᠪᠡᠳᠴᠢᠨ ᠢ᠋ ᠡᠳᠡᠭᠡᠷᠡᠰᠢ ᠦᠭᠡᠢ ᠡᠪᠡᠳᠴᠢᠨ ᠭᠡᠵᠦ ᠲᠣᠳᠣᠯᠠᠪᠠ᠃
  ᠤᠳᠠᠯ ᠦᠭᠡᠢ ᠡᠨᠡ ᠳᠡᠯᠡᠬᠡᠢ ᠳ᠋ᠦ᠍ ᠭᠠᠭᠴᠠᠭᠠᠷ ᠦᠯᠡᠳᠡᠨ᠎ᠡ ᠭᠡᠵᠦ ᠪᠣᠳᠣᠬᠤ ᠳ᠋ᠠᠭᠠᠨ ᠢᠦᠭᠧᠨ᠋ᠸ᠂ ᠡᠴᠢᠭᠡ ᠳ᠋ᠡᠭᠡᠨ ᠣᠨᠴᠠ ᠳᠣᠲᠣᠨᠣ ᠪᠠᠢᠵᠤ ᠡᠨᠡ ᠬᠦ᠌ ᠬᠠᠮᠤᠭ ᠡᠴᠦᠰ ᠦ᠋ᠨ ᠬᠠᠢᠷ᠎ᠠ ᠰᠡᠳᠬᠢᠯ ᠢ᠋ᠶ᠋ᠡᠨ ᠰᠠᠢᠲᠤᠷ ᠢᠯᠡᠳᠬᠡᠶ᠎ᠡ ᠭᠡᠵᠦ ᠪᠣᠳᠣᠵᠤ ᠪᠠᠢᠵᠠᠢ᠃ ᠢᠨᠠᠭ ᠤ᠋ᠨ ᠰᠡᠳᠬᠢᠯ ᠬᠥᠪᠬᠡᠯᠵᠡᠭᠰᠡᠨ ᠠᠯᠢᠪᠠ ᠬᠡᠦᠬᠡᠨᠴᠦᠳ ᠦ᠋ᠨ ᠠᠳᠠᠯᠢ ᠢᠦᠭᠧᠨ᠋ᠸ ᠦ᠋ᠨ ᠪᠣᠳᠣᠯ ᠳᠣᠲᠣᠷ᠎ᠠ ᠢᠨᠠᠭ ᠳᠤᠷᠠᠯᠠᠯ ᠪᠣᠯ ᠪᠦᠬᠦᠢᠯᠡ ᠶᠢᠷᠲᠢᠨᠴᠦ ᠶ᠋ᠢᠨ ᠠᠮᠢᠨ ᠰᠦᠨᠡᠰᠦ ᠭᠡᠵᠦ ᠰᠠᠨᠠᠭᠳᠠᠵᠤ ᠪᠠᠢᠭᠰᠠᠨ ᠴᠤ᠌ ᠴᠠᠷᠯᠧᠰ ᠳᠡᠷᠭᠡᠳᠡ ᠨᠢ ᠪᠠᠢᠭᠰᠠᠨ ᠦᠭᠡᠢ᠃ ᠢᠦᠭᠧᠨ᠋ᠸ᠂ ᠡᠪᠦᠭᠡᠨ ᠡᠴᠢᠭᠡ ᠪᠡᠨ ᠴᠣᠬᠣᠮ ᠬᠦ᠌ ᠴᠢᠩ ᠰᠡᠳᠬᠢᠯ ᠢ᠋ᠶ᠋ᠡᠷ ᠠᠰᠠᠷᠠᠵᠤ ᠪᠢᠯᠡ᠃ ᠭᠷᠠᠨᠳᠧᠲ ᠠᠪᠤᠭᠠᠢ ᠵᠥᠨᠥᠬᠦ ᠳᠠᠰᠢ ᠬᠠᠨᠳᠤᠵᠤ ᠪᠠᠢᠭᠰᠠᠨ ᠪᠣᠯᠪᠠᠴᠤ ᠮᠥᠩᠭᠥᠨ ᠦ᠌ ᠬᠣᠷᠣᠬᠠᠢ ᠶ᠋ᠢᠨ ᠵᠠᠩ ᠴᠢᠨᠠᠷ ᠨᠢ ᠮᠥᠨ ᠬᠦ᠌ ᠲᠥᠷᠥᠯᠬᠢ ᠠᠪᠢᠶᠠᠰ ᠤ᠋ᠨ ᠬᠤᠪᠢ ᠪᠠᠷ ᠳᠠᠮᠵᠢᠨ ᠬᠠᠪᠰᠤᠷᠴᠤ ᠪᠠᠢᠭᠰᠠᠨ ᠪᠣᠯᠬᠣᠷ ᠡᠨᠡ ᠬᠥᠮᠦᠨ ᠦᠬᠦᠨ ᠦᠬᠦᠲᠡᠯ᠎ᠡ ᠪᠡᠨ ᠣᠭᠲᠣᠬᠠᠨ ᠴᠤ᠌ ᠬᠤᠪᠢᠷᠠᠭᠰᠠᠨ ᠦᠭᠡᠢ ᠶᠦᠮ᠃
  ᠬᠠᠷ᠎ᠠ ᠥᠷᠯᠦᠭᠡ ᠡᠴᠡ ᠠᠪᠤᠭᠠᠳ ᠭᠷᠠᠨᠳᠧᠲ ᠡᠪᠦᠭᠡᠨ ᠡᠷᠭᠢᠭᠦᠯᠭᠡᠨ ᠲᠦᠰᠢᠯᠭᠡᠲᠦ ᠰᠠᠨᠳᠠᠯᠢ ᠳᠡᠭᠡᠷ᠎ᠡ ᠰᠠᠭᠤᠵᠤ᠂ ᠤᠨᠲᠠᠬᠤ ᠥᠷᠥᠭᠡᠨ ᠦ᠌ ᠲᠤᠭᠤᠷᠭ᠎ᠠ ᠶ᠋ᠢᠨ ᠬᠢᠰᠠ ᠪᠣᠯᠤᠨ ᠨᠢᠭᠤᠴᠠ ᠭᠡᠷ ᠦ᠋ᠨ ᠡᠭᠦᠳᠡᠨ ᠦ᠌ ᠬᠣᠭᠣᠷᠣᠨᠳᠣ ᠬᠥᠮᠦᠨ ᠢ᠋ᠶ᠋ᠡᠷ ᠨᠡᠰᠢ ᠴᠠᠰᠢ ᠲᠦᠯᠬᠢᠭᠦᠯᠦᠨ᠎ᠡ᠂ ᠨᠢᠭᠤᠴᠠ ᠭᠡᠷ ᠲᠡᠭᠡᠨ ᠰᠢᠵᠢᠷ ᠠᠯᠲᠠ ᠣᠪᠣᠭᠠᠯᠠᠭᠰᠠᠨ ᠢ᠋ ᠬᠡᠯᠡᠬᠦ ᠶᠠᠭᠤ ᠪᠠᠢᠬᠤᠪ᠃ ᠭᠷᠠᠨᠳᠧᠲ ᠡᠪᠦᠭᠡᠨ ᠣᠭᠲᠣ ᠬᠥᠳᠡᠯᠬᠦ ᠦᠭᠡᠢ ᠰᠠᠭᠤᠬᠤ ᠳ᠋ᠠᠭᠠᠨ ᠴᠤ᠌ ᠭᠡᠳ ᠥᠪᠡᠷ ᠢ᠋ ᠪᠡᠨ ᠰᠠᠬᠢᠭᠴᠢ ᠬᠥᠮᠦᠨ ᠪᠣᠯᠭᠠᠨ ᠲᠡᠮᠦᠷ ᠬᠠᠪᠲᠠᠰᠤᠲᠠᠢ ᠬᠠᠭᠠᠯᠭ᠎ᠠ ᠪᠣᠯᠤᠨ ᠲᠡᠭᠦᠨ ᠢ᠋ ᠡᠷᠭᠢᠵᠦ ᠦᠵᠡᠬᠦ ᠪᠡᠷ ᠢᠷᠡᠭᠰᠡᠨ ᠬᠥᠮᠦᠨ ᠬᠣᠶᠠᠷ ᠢ᠋ ᠰᠡᠵᠢᠭᠲᠡᠢ ᠬᠠᠷᠠᠴᠠ ᠪᠠᠷ ᠡᠭᠡᠯᠵᠢᠯᠡᠨ ᠬᠠᠷᠠᠳᠠᠭ᠃ ᠶᠠᠯᠢᠭᠦᠢ ᠳᠠᠭᠤ ᠴᠢᠮᠡᠭᠡ ᠭᠠᠷᠤᠮᠠᠭᠴᠠ ᠯᠠ ᠤᠴᠢᠷ ᠰᠢᠯᠲᠠᠭᠠᠨ ᠢ᠋ ᠠᠰᠠᠭᠤᠭᠠᠳ ᠪᠠᠢᠳᠠᠭ᠃ ᠲᠡᠷᠡᠴᠢᠯᠡᠨ ᠬᠦᠷᠢᠶᠡᠨ ᠳᠣᠲᠣᠷ᠎ᠠ ᠨᠣᠬᠠᠢ ᠡᠪᠰᠢᠶᠡᠬᠦ ᠶ᠋ᠢ ᠬᠦᠷᠲᠡᠯ᠎ᠡ ᠣᠯᠤᠭᠠᠳ ᠰᠣᠨᠣᠰᠴᠢᠬᠠᠳᠠᠭ ᠢ᠋ ᠨᠢ ᠪᠠᠲᠤᠯᠠᠭ᠎ᠠ ᠶ᠋ᠢᠨ ᠬᠥᠮᠦᠨ ᠺᠷᠦᠱᠧᠸ ᠶᠡᠬᠡᠳᠡ ᠭᠠᠢᠬᠠᠪᠠ᠃ ᠭᠷᠠᠨᠳᠧᠲ ᠡᠪᠦᠭᠡᠨ ᠢ᠋ ᠦᠵᠡᠬᠦ ᠳ᠋ᠦ᠍ ᠤᠬᠠᠭᠠᠨ ᠰᠠᠨᠠᠭ᠎ᠠ ᠡᠲᠡᠢ ᠪᠤᠳᠠᠢ ᠰᠢᠭ᠋ ᠪᠣᠯᠪᠠᠴᠤ ᠬᠥᠮᠦᠨ ᠲᠠᠷᠢᠶᠠᠨ ᠲᠦᠷᠢᠶᠡᠰᠦ ᠬᠦᠷᠭᠡᠵᠦ ᠢᠷᠡᠬᠦ᠂ ᠲᠠᠷᠢᠶᠠᠯᠠᠩ ᠬᠠᠮᠢᠶᠠᠷᠤᠭᠴᠢ ᠲᠠᠢ ᠳᠠᠩᠰᠠ ᠪᠣᠳᠣᠬᠤ ᠪᠤᠶᠤ ᠪᠠᠷᠢᠮᠲᠠ ᠪᠢᠴᠢᠭ ᠦ᠋ᠨ ᠡᠳᠦᠷ ᠬᠤᠭᠤᠴᠠᠭ᠎ᠠ ᠲᠣᠭᠲᠠᠬᠤ ᠦᠶ᠎ᠡ ᠳ᠋ᠦ᠍ ᠲᠡᠷᠡ ᠮᠠᠨᠢ ᠳᠣᠣᠷ᠎ᠠ ᠪᠠᠨ ᠰᠡᠷᠭᠡᠢ ᠪᠣᠯᠳᠠᠭ ᠰᠠᠨ᠃ ᠢᠩᠭᠢᠭᠡᠳ ᠲᠡᠷᠡ ᠡᠷᠭᠢᠭᠦᠯᠭᠡᠨ ᠲᠦᠰᠢᠯᠭᠡᠲᠦ ᠰᠠᠨᠳᠠᠯᠢ ᠪᠠᠨ ᠲᠦᠯᠬᠢᠭᠦᠯᠵᠦ ᠨᠢᠭᠤᠴᠠ ᠭᠡᠷ ᠦ᠋ᠨ ᠡᠭᠦᠳᠡᠨ ᠳ᠋ᠦ᠍ ᠬᠦᠷᠴᠦ ᠥᠬᠢᠨ ᠢ᠋ᠶ᠋ᠡᠷ ᠢ᠋ᠶ᠋ᠡᠨ ᠡᠭᠦᠳᠡ ᠶ᠋ᠢ ᠨᠡᠭᠡᠭᠡᠯᠭᠡᠭᠡᠳ ᠬᠠᠷᠠᠵᠤ ᠪᠠᠢᠭᠠᠳ ᠤᠭᠤᠲᠠ ᠲᠠᠢ ᠵᠣᠭᠣᠰ ᠤ᠋ᠳ ᠢ᠋ ᠰᠡᠮᠡᠬᠡᠷ ᠣᠪᠣᠭᠠᠯᠠᠭᠤᠯᠵᠤ ᠪᠠᠷᠠᠪᠠᠯ ᠡᠭᠦᠳᠡ ᠶ᠋ᠢ ᠭᠠᠢᠭᠤᠢ ᠰᠠᠢᠨ ᠬᠠᠭᠠᠵᠤ ᠣᠷᠬᠢᠳᠠᠭ᠃ ᠲᠡᠭᠡᠭᠡᠳ ᠥᠬᠢᠨ ᠨᠢ ᠥᠨᠥᠬᠢ ᠡᠷᠬᠢᠮ ᠴᠤᠬᠠᠭ ᠲᠦᠯᠬᠢᠭᠦᠷ ᠢ᠋ ᠪᠤᠴᠠᠭᠠᠵᠤ ᠥᠭᠭᠦᠭᠰᠡᠨ ᠬᠣᠢᠨ᠎ᠠ ᠡᠯᠢᠭᠡᠪᠴᠢ ᠶ᠋ᠢᠨ ᠬᠠᠷᠮᠠᠨ ᠳ᠋ᠠᠭᠠᠨ ᠰᠢᠷᠭᠤᠭᠤᠯᠵᠤ᠂ ᠪᠠᠢᠨ ᠳᠠᠬᠢᠨ ᠳᠠᠷᠤᠯᠬᠢᠯᠠᠵᠤ ᠦᠵᠡᠭᠡᠳ᠂ ᠦᠭᠡ ᠳᠠᠭᠤ ᠦᠭᠡᠢ ᠬᠠᠭᠤᠴᠢᠨ ᠣᠷᠣᠨ ᠳ᠋ᠠᠭᠠᠨ ᠬᠠᠷᠢᠳᠠᠭ ᠶᠤᠮ᠃ ᠭᠷᠠᠨᠳᠧᠲ ᠡᠪᠦᠭᠡᠨ ᠦ᠌ ᠬᠠᠭᠤᠴᠢᠨ ᠨᠠᠢᠵᠠ ᠺᠷᠦᠱᠧᠸ ᠦ᠋ᠨ ᠪᠣᠳᠣᠬᠤ ᠪᠠᠷ ᠴᠠᠷᠯᠧᠰ ᠭᠷᠠᠨᠳᠧᠲ ᠬᠡᠷᠪᠡ ᠬᠠᠷᠢᠵᠤ ᠢᠷᠡᠬᠦ ᠦᠭᠡᠢ ᠪᠣᠯ᠂ ᠡᠨᠡ ᠵᠣᠭᠣᠰ ᠮᠥᠩᠭᠥ ᠲᠡᠢ ᠭᠠᠭᠴᠠᠬᠠᠨ ᠥᠬᠢᠨ ᠨᠢ ᠯᠠᠪᠲᠠᠶ᠎ᠠ ᠲᠡᠭᠦᠨ ᠦ᠌ ᠳᠠᠷᠤᠭ᠎ᠠ ᠲᠤᠰᠢᠶᠠᠯ ᠲᠠᠢ ᠠᠴᠢ ᠬᠦᠦ ᠯᠤᠭᠡ ᠭᠡᠷᠯᠡᠬᠦ ᠪᠣᠯᠬᠣᠷ ᠺᠷᠦᠱᠧᠸ ᠬᠤᠪᠢ ᠳᠠᠬᠢᠨ ᠬᠥᠩᠭᠡᠨ ᠱᠥᠩᠭᠡᠨ ᠪᠣᠯᠵᠤ ᠡᠳᠦᠷ ᠪᠦᠷᠢ ᠭᠷᠠᠨᠳᠧᠲ ᠦ᠋ᠨ ᠵᠠᠬᠢᠶ᠎ᠠ ᠵᠠᠷᠯᠢᠭ ᠢ᠋ ᠬᠦᠯᠢᠶᠡᠵᠦ ᠹᠷᠤᠹᠧᠩ ᠳ᠋ᠦ᠍ ᠬᠦᠷᠴᠦ ᠲᠠᠷᠢᠶᠠᠨ ᠭᠠᠵᠠᠷ ᠢ᠋ᠶ᠋ᠠᠷ᠂ ᠪᠡᠯᠴᠢᠭᠡᠷ ᠢ᠋ᠶ᠋ᠡᠷ᠂ ᠦᠵᠦᠮ ᠦ᠋ᠨ ᠬᠦᠷᠢᠶᠡᠯᠡᠩ ᠢ᠋ᠶ᠋ᠡᠷ ᠣᠴᠢᠵᠤ ᠭᠷᠠᠨᠳᠧᠲ ᠡᠪᠦᠭᠡᠨ ᠢ᠋ ᠣᠷᠣᠯᠠᠨ ᠬᠤᠷᠢᠶᠠᠯᠲᠠ ᠶ᠋ᠢ ᠬᠤᠳᠠᠯᠳᠤᠨ ᠭᠠᠷᠭᠠᠭᠠᠳ᠂ ᠨᠢᠭᠤᠴᠠ ᠭᠡᠷ ᠲᠦ᠍ ᠡᠴᠡᠨ᠎ᠡ ᠬᠤᠷᠢᠶᠠᠭᠰᠠᠨ ᠤᠭᠤᠲᠠ ᠤᠭᠤᠲᠠ ᠵᠣᠭᠣᠰ ᠢ᠋ ᠰᠢᠵᠢᠷ ᠠᠯᠲᠠ ᠪᠣᠯᠭᠠᠨ ᠰᠣᠯᠢᠳᠠᠭ ᠪᠠᠢᠵᠠᠢ᠃
  ᠡᠪᠦᠭᠡᠨ ᠡᠴᠦᠰ ᠲᠡᠭᠡᠨ ᠦᠬᠦᠯ ᠦ᠋ᠨ ᠳᠠᠪᠠᠭᠠᠨ ᠳ᠋ᠤ᠌ ᠭᠠᠷᠪᠠ᠃ ᠲᠡᠷᠡ ᠬᠡᠳᠦᠨ ᠡᠳᠦᠷ ᠡᠪᠦᠭᠡᠨ ᠦ᠌ ᠬᠦᠳᠡᠷᠯᠢᠭ ᠪᠡᠶ᠎ᠡ ᠨᠢ ᠠᠮᠢ ᠲᠠᠯᠪᠢᠬᠤ ᠱᠠᠲᠤᠨ ᠳ᠋ᠠᠭᠠᠨ ᠣᠷᠣᠯ᠎ᠠ᠃ ᠲᠡᠷᠡ ᠮᠠᠨᠢ ᠲᠤᠭᠤᠷᠭ᠎ᠠ ᠶ᠋ᠢᠨ ᠬᠢᠰᠠ ᠶ᠋ᠢᠨ ᠳᠡᠷᠭᠡᠳᠡ ᠨᠢᠭᠤᠴᠠ ᠭᠡᠷ ᠦ᠋ᠨ ᠢ᠋ᠶ᠋ᠡᠨ ᠡᠮᠦᠨ᠎ᠡ ᠰᠠᠭᠤᠨ᠎ᠠ᠃ ᠬᠤᠴᠢᠭᠰᠠᠨ ᠬᠥᠨᠵᠢᠯᠡ ᠪᠡᠨ ᠳᠡᠭᠡᠭᠰᠢ ᠪᠡᠨ ᠴᠢᠩᠭᠠᠭᠠᠵᠤ᠂ ᠪᠡᠶ᠎ᠡ ᠪᠡᠨ ᠴᠢᠩᠭ᠎ᠠ ᠣᠷᠢᠶᠠᠬᠤ ᠶ᠋ᠢᠨ ᠳᠠᠭᠠᠤ ᠨᠠᠨᠤᠩ ᠳ᠋ᠤ᠌:
  《ᠴᠢᠩᠭ᠎ᠠ ᠣᠷᠢᠶᠠ᠂ ᠴᠢᠩᠭ᠎ᠠ ᠣᠷᠢᠶᠠ᠂ ᠮᠢᠨᠦ ᠶᠠᠭᠤᠮ᠎ᠠ ᠶ᠋ᠢ ᠪᠢᠲᠡᠭᠡᠢ ᠬᠤᠯᠠᠭᠠᠢ ᠳ᠋ᠤ᠌ ᠠᠯᠲᠠ》 ᠭᠡᠵᠦ ᠠᠮᠠᠨ ᠳ᠋ᠠᠭᠠᠨ ᠦᠭᠡᠯᠡᠨ᠎ᠡ᠃
ᠭᠷᠠᠨᠳᠧᠲ ᠡᠪᠦᠭᠡᠨ ᠦ᠌ ᠪᠣᠢ ᠪᠦᠬᠦᠢ ᠠᠮᠢᠵᠢᠷᠠᠯ ᠤ᠋ᠨ ᠬᠦᠴᠦ ᠴᠢᠳᠠᠯ ᠨᠢ ᠪᠦᠷ ᠯᠡ ᠨᠢᠳᠦᠨ ᠳ᠋ᠡᠭᠡᠨ ᠭᠦᠶᠦᠵᠡᠢ᠂ ᠨᠢᠳᠦ ᠪᠡᠨ ᠴᠢᠳᠠᠨ ᠶᠠᠳᠠᠨ ᠨᠡᠭᠡᠭᠡᠬᠦ ᠪᠦᠷᠢ ᠳ᠋ᠦ᠍ ᠬᠠᠷᠠᠴᠠ ᠨᠢ ᠡᠳ᠋ ᠡᠷᠳᠡᠨᠢᠰ ᠳᠦᠭᠦᠷᠡᠩ ᠬᠠᠳᠠᠭᠠᠯᠠᠭᠰᠠᠨ ᠨᠢᠭᠤᠴᠠ ᠭᠡᠷ ᠦ᠋ᠨ ᠡᠭᠦᠳᠡ ᠤᠷᠤᠭᠤ ᠲᠤᠰᠤᠨ᠎ᠠ᠃
  《ᠲᠡᠨᠳᠡ ᠪᠠᠢᠨ᠎ᠠ ᠤᠤ? ᠲᠡᠨᠳᠡ ᠪᠠᠢᠨ᠎ᠠ ᠤᠤ?》 ᠭᠡᠵᠦ ᠠᠰᠠᠭᠤᠬᠤ ᠳᠠᠭᠤᠨ ᠳ᠋ᠤᠨᠢ ᠬᠡᠴᠡᠭᠦᠦ ᠶᠡᠬᠡ ᠭᠡᠯᠮᠡᠵᠦ ᠲᠡᠪᠡᠳᠡᠭᠰᠡᠨ ᠪᠠᠢᠳᠠᠯ ᠢᠯᠡᠷᠡᠨ᠎ᠡ᠃
  《ᠲᠡᠨᠳᠡ ᠪᠡᠨ ᠪᠠᠢᠭᠰᠠᠭᠠᠷ ᠠ᠋᠂ ᠠᠪᠤ ᠠ᠋᠃ 》
  《ᠰᠢᠵᠢᠷ ᠠᠯᠲᠠ ᠪᠠᠨ ᠰᠠᠢᠨ ᠰᠠᠬᠢ! ᠁ ᠠᠪᠴᠢᠷᠠᠭᠠᠳ ᠮᠢᠨᠦ ᠡᠮᠦᠨ᠎ᠡ ᠳᠡᠯᠭᠡ!》 ᠢᠦᠭᠧᠨ᠋ᠸ ᠠᠯᠲᠠᠨ ᠯᠤᠢᠵᠢ ᠶ᠋ᠢ ᠰᠢᠷᠡᠭᠡᠨ ᠳᠡᠭᠡᠷ᠎ᠡ ᠠᠰᠬᠠᠭᠰᠠᠨ ᠳ᠋ᠤ᠌ ᠭᠷᠠᠨᠳᠧᠲ ᠬᠡᠳᠦᠨ ᠴᠠᠭ ᠨᠢᠳᠦ ᠰᠠᠯᠭᠠᠯ ᠦᠭᠡᠢ ᠰᠢᠷᠳᠡᠨ ᠰᠠᠭᠤᠳᠠᠭ᠃ ᠡᠨᠡ ᠨᠢ ᠶᠠᠭ ᠯᠠ ᠰᠠᠶᠢ ᠶᠠᠭᠤᠮ᠎ᠠ ᠲᠠᠨᠢᠬᠤ ᠪᠣᠯᠤᠭᠰᠠᠨ ᠬᠡᠦᠬᠡᠳ ᠨᠢᠭᠡ ᠶᠠᠭᠤᠮ᠎ᠠ ᠶ᠋ᠢ ᠮᠡᠬᠡᠢᠷᠡᠨ ᠬᠠᠷᠠᠳᠠᠭ ᠰᠢᠭ᠋ ᠪᠥᠭᠡᠳ ᠮᠥᠨ ᠪᠠᠰᠠ ᠬᠡᠦᠬᠡᠳ ᠠᠳᠠᠯᠢ ᠴᠢᠳᠠᠨ ᠶᠠᠳᠠᠨ ᠢᠨᠢᠶᠡᠮᠰᠦᠭᠯᠡᠵᠦ ᠪᠠᠢᠳᠠᠭ᠃ ᠵᠠᠷᠢᠮ ᠳ᠋ᠠᠭᠠᠨ ᠭᠷᠠᠨᠳᠧᠲ ᠪᠠᠰᠠ:
  《ᠢᠩᠭᠢᠵᠦ ᠰᠠᠭᠤᠪᠠᠯ ᠰᠡᠳᠬᠢᠯ ᠳ᠋ᠦ᠍ ᠮᠢᠨᠢ ᠳᠤᠯᠠᠭᠠᠬᠠᠨ ᠶᠤᠮ ᠠ᠋!》 ᠭᠡᠵᠦ ᠬᠡᠯᠡᠬᠦ ᠦᠶ᠎ᠡ ᠳ᠋ᠦ᠍ ᠡᠭᠡᠭᠡ ᠯᠡ ᠴᠡᠩᠭᠡᠯ ᠦ᠋ᠨ ᠣᠷᠣᠨ ᠳ᠋ᠤ᠌ ᠪᠠᠢᠭ᠎ᠠ ᠶᠤᠮ ᠰᠢᠭ᠋ ᠪᠠᠢᠳᠠᠯ ᠴᠢᠷᠠᠢ ᠳ᠋ᠤᠨᠢ ᠮᠡᠳᠡᠭᠳᠡᠨ᠎ᠡ᠃ ᠲᠤᠰ ᠲᠣᠭᠣᠷᠢᠭ ᠤ᠋ᠨ ᠬᠠᠷ᠎ᠠ ᠯᠠᠮᠠ ᠢᠷᠡᠵᠦ ᠭᠷᠠᠨᠳᠧᠲ ᠡᠪᠦᠭᠡᠨ ᠳ᠋ᠦ᠍ ᠦᠬᠦᠯ ᠦ᠋ᠨ ᠮᠠᠨᠢ ᠠᠢᠯᠠᠳᠬᠤ ᠦᠶ᠎ᠡ ᠳ᠋ᠦ᠍ ᠵᠠᠭᠠᠯᠮᠠᠢ᠂ ᠵᠤᠯᠠ ᠶ᠋ᠢᠨ ᠲᠠᠯᠪᠢᠭᠤᠷ᠂ ᠷᠠᠰᠢᠶᠠᠨ ᠬᠢᠭᠰᠡᠨ ᠮᠥᠩᠭᠥᠨ ᠲᠣᠨᠣᠭᠯᠠᠯ ᠲᠠᠢ ᠬᠤᠮᠬ᠎ᠠ ᠵᠡᠷᠭᠡ ᠶ᠋ᠢ ᠠᠪᠴᠢᠷᠠᠮᠠᠭᠴᠠ ᠦᠬᠦᠭᠡᠳ ᠬᠡᠳᠦᠨ ᠴᠠᠭ ᠪᠣᠯᠤᠭᠰᠠᠨ ᠭᠡᠮᠡᠷ ᠨᠢᠳᠦ ᠨᠢ ᠳᠣᠣᠷᠠᠬᠠᠨ ᠢ᠋ᠶ᠋ᠠᠨ ᠠᠮᠢ ᠣᠷᠣᠵᠤ ᠨᠡᠭᠡᠭᠡᠭᠳᠡᠭᠡᠳ ᠲᠡᠳᠡᠭᠡᠷ ᠬᠡᠷᠡᠭᠰᠡᠯ ᠢ᠋ ᠨᠢᠳᠦ ᠴᠠᠪᠴᠢᠯ ᠦᠭᠡᠢ ᠰᠢᠷᠳᠡᠬᠦ ᠪᠥᠭᠡᠳ ᠬᠠᠮᠠᠷ ᠳᠡᠭᠡᠷᠡᠬᠢ ᠠᠰᠢᠭ ᠨᠢ ᠴᠦ᠍ ᠬᠠᠮᠤᠭ ᠡᠴᠦᠰ ᠦ᠋ᠨ ᠤᠳᠠᠭ᠎ᠠ ᠬᠥᠳᠡᠯᠵᠦ ᠠᠪᠤᠪᠠ᠃ ᠬᠠᠷ᠎ᠠ ᠯᠠᠮᠠ ᠠᠯᠲᠠ ᠪᠤᠯᠬᠠᠮᠠᠯ ᠵᠠᠭᠠᠯᠮᠠᠢ ᠶ᠋ᠢ ᠤᠷᠤᠭᠤᠯ ᠳ᠋ᠤᠨᠢ ᠬᠦᠷᠭᠡᠵᠦ᠂ ᠾᠷᠢᠰᠲ᠋ᠣᠰ ᠤ᠋ᠨ ᠠᠷᠢᠭᠤᠨ ᠬᠥᠷᠥᠭ ᠢ᠋ ᠦᠨᠦᠰᠦᠭᠦᠯᠬᠦ ᠭᠡᠰᠡᠨ ᠳ᠋ᠦ᠍ ᠭᠷᠠᠨᠳᠧᠲ ᠡᠪᠦᠭᠡᠨ ᠬᠥᠮᠦᠨ ᠰᠣᠴᠢᠭᠠᠮᠠᠷ ᠪᠠᠢᠳᠠᠯ ᠭᠠᠷᠭᠠᠵᠤ᠂ ᠵᠠᠭᠠᠯᠮᠠᠢ ᠶ᠋ᠢ ᠨᠢ ᠪᠤᠯᠢᠶᠠᠵᠤ ᠠᠪᠬᠤ ᠭᠡᠯ᠎ᠡ᠃ ᠡᠨᠡ ᠬᠠᠮᠤᠭ ᠡᠴᠦᠰ ᠦ᠋ᠨ ᠣᠷᠣᠯᠳᠣᠯᠭ᠎ᠠ ᠨᠢ ᠲᠡᠭᠦᠨ ᠢ᠋ ᠡᠷᠯᠢᠭ ᠲᠦ᠍ ᠵᠠᠯᠠᠴᠢᠬᠠᠯ᠎ᠠ᠃ ᠢᠦᠭᠧᠨ᠋ᠸ ᠢ᠋ᠶ᠋ᠡᠨ ᠳᠠᠭᠤᠳᠠᠬᠤ ᠳ᠋ᠤ᠌ ᠢᠦᠭᠧᠨ᠋ᠸ ᠨᠢ ᠡᠮᠦᠨ᠎ᠡ ᠨᠢ ᠰᠥᠭᠥᠳᠦᠨ ᠴᠡᠯ ᠬᠦᠢᠲᠡᠨ ᠪᠣᠯᠤᠭᠰᠠᠨ ᠭᠠᠷ ᠢ᠋ ᠨᠢ ᠦᠨᠦᠰᠴᠦ᠂ ᠨᠢᠯᠪᠤᠰᠤ ᠤᠨᠠᠭᠠᠪᠠᠴᠤ ᠡᠴᠢᠭᠡ ᠨᠢ ᠣᠯᠵᠤ ᠦᠵᠡᠬᠦ ᠎ᠡᠴᠡ ᠪᠡᠨ ᠥᠩᠭᠡᠷᠡᠵᠡᠢ᠃
  《ᠠᠪᠤ ᠠ᠋᠂ ᠨᠠᠮᠠᠶ᠋ᠢ ᠢᠷᠥᠭᠡᠭᠡᠴᠢ ᠳᠡ᠃ 》
  《ᠠᠯᠢ ᠪᠠᠢᠭᠰᠠᠨ ᠢ᠋ᠶ᠋ᠠᠨ ᠰᠠᠢᠨ ᠬᠢᠮᠠᠭᠠᠳᠠᠵᠤ ᠶᠠᠪᠤ!ᠮᠢᠨᠦ ᠲᠡᠨᠳᠡ ᠣᠴᠢᠵᠤ ᠳᠠᠩᠰᠠ ᠪᠠᠨ ᠲᠤᠰᠢᠶᠠ!》 ᠭᠡᠰᠡᠨ ᠡᠨᠡ ᠬᠠᠮᠤᠭ ᠰᠡᠭᠦᠯ ᠦ᠋ᠨ ᠦᠭᠡ ᠨᠢ ᠾᠷᠢᠰᠲ᠋ᠣᠰ ᠤ᠋ᠨ ᠱᠠᠰᠢᠨ ᠪᠣᠯ ᠮᠥᠩᠭᠥᠨ ᠦ᠌ ᠬᠣᠷᠤᠬᠠᠢᠴᠤᠳ ᠤ᠋ᠨ ᠪᠣᠯᠬᠤ ᠶᠣᠰᠣᠲᠠᠢ ᠭᠡᠰᠡᠨ ᠢ᠋ ᠭᠡᠷᠡᠴᠢᠯᠡᠵᠡᠢ᠃