1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – < ᠶᠠ‍ ᠂ ᠷᠠ‍ ᠂ ᠸᠠ‍ > ᠶ᠋ᠢᠨ ᠠᠶ᠋ᠢᠮᠠᠭ Ертөнцийн гурав – < Я ᠂ Ра᠂ Ва > ин аймаг

ᠶᠢᠷᠲᠢᠨᠴᠦ ᠶᠢᠨ ᠭᠤᠷᠪᠠ – < ᠶᠠ‍ ᠂ ᠷᠠ‍ ᠂ ᠸᠠ‍ > ᠶ᠋ᠢᠨ ᠠᠶ᠋ᠢᠮᠠᠭ Ертөнцийн гурав – < Я ᠂ Ра᠂ Ва > ин аймаг

2023-06-06

1259

ᠶᠢᠷᠲᠢᠨᠴᠦ ᠶᠢᠨ ᠭᠤᠷᠪᠠ – < ᠶᠠ‍ ᠂ ᠷᠠ‍ ᠂ ᠸᠠ‍ > ᠶ᠋ᠢᠨ ᠠᠶ᠋ᠢᠮᠠᠭ


       ᠶᠠ‍ ᠶ᠋ᠢᠨ ᠠᠶ᠋ᠢᠮᠠᠭ 

       ᠭᠤᠷᠪᠠᠨ ᠬᠦᠨᠲᠦ 
   ᠶᠠᠲᠠᠭᠰᠠᠨ ᠬᠥᠮᠦᠨ ‍ᠳᠤ ᠴᠢᠬᠢ ᠨᠢᠭᠡ ᠬᠦᠨᠲᠦ 
   ᠢᠴᠢᠭᠰᠡᠨ ᠬᠥᠮᠦᠨ ‍ᠳᠤ ᠦᠭᠡ ᠨᠢᠭᠡ ᠬᠦᠨᠲᠦ 
   ᠡᠴᠡᠭᠰᠡᠨ ᠮᠣᠷᠢᠨ ‍ᠳᠤ ᠡᠮᠡᠭᠡᠯ ᠨᠢᠭᠡ ᠬᠦᠨᠲᠦ 

       ᠭᠤᠷᠪᠠᠨ ᠬᠠᠷᠠᠮᠴᠢ 
   ᠶᠠᠰᠤ ᠵᠠᠭᠤᠭᠰᠠᠨ ᠨᠣᠬᠠᠢ ᠨᠢᠭᠡ ᠬᠠᠷᠠᠮᠴᠢ
   ᠶᠠᠩᠪᠠ ᠲᠠᠲᠠᠭᠰᠠᠨ ᠯᠠᠮᠠ ᠨᠢᠭᠡ ᠬᠠᠷᠠᠮᠴᠢ
   ᠶᠠᠮᠤᠨ ‍ᠳᠤ ᠰᠠᠭᠤᠭᠰᠠᠨ ᠨᠣᠶᠠᠳ ᠨᠢᠭᠡ ᠬᠠᠷᠠᠮᠴᠢ

       ᠭᠤᠷᠪᠠᠨ ᠴᠣᠬᠣᠷ
   ᠶᠠᠷᠭᠠᠴᠢ ᠶᠠᠪᠤᠭᠰᠠᠨ ᠵᠠᠮ ᠨᠢᠭᠡ ᠴᠣᠬᠣᠷ
   ᠢᠯᠠᠬ᠋᠎ᠠ ᠰᠠᠭᠤᠭᠰᠠᠨ ᠰᠢᠯ ᠨᠢᠭᠡ ᠴᠣᠬᠣᠷ
   ᠢᠩ ᠲᠣᠭᠣᠷᠢᠬᠰᠠᠨ ᠪᠤᠲᠠᠬ᠋᠎ᠠ ᠨᠢᠭᠡ ᠴᠣᠬᠣᠷ

       ᠭᠤᠷᠪᠠᠨ ᠳᠤᠷᠠᠲᠠᠢ
   ᠶᠠᠩᠭᠢᠷ ᠢᠮᠠᠬ᠋᠎ᠠ ᠶᠠᠪᠤᠬᠤ ᠨᠢᠭᠡ ᠳᠤᠷᠠᠲᠠᠢ
   ᠶᠠᠪᠠ ᠬᠥᠮᠦᠨ ᠶᠠᠷᠢᠬᠤ ᠨᠢᠭᠡ ᠳᠤᠷᠠᠲᠠᠢ
   ᠶᠠᠩᠬᠠᠨ ᠡᠬᠡᠨᠡᠷ ᠶᠠᠩᠪᠠᠯᠠᠬᠤ ᠨᠢᠭᠡ ᠳᠤᠷᠠᠲᠠᠢ

       ᠭᠤᠷᠪᠠᠨ ᠦᠨᠡᠨ
   ᠶᠠᠪᠤᠵᠤ ᠪᠠᠶ᠋ᠢᠭᠠᠳ ᠶᠠᠪᠤᠲᠠᠯ ᠊ᠢ ᠪᠦᠲᠦᠭᠡᠬᠦ ᠦᠨᠡᠨ
   ᠬᠡᠯᠡᠵᠦ ᠪᠠᠶ᠋ᠢᠭᠠᠳ ᠬᠡᠷᠡᠭ ᠊ᠢ ᠪᠦᠲᠦᠭᠡᠬᠦ ᠦᠨᠡᠨ
   ᠬᠢᠵᠦ ᠪᠠᠶ᠋ᠢᠭᠠᠳ ᠤᠶ᠋ᠢᠯᠠ ᠶ᠋ᠢ ᠪᠦᠲᠦᠭᠡᠬᠦ ᠦᠨᠡᠨ

       ᠭᠤᠷᠪᠠᠨ ᠲᠠᠨᠢᠬᠲᠠᠬᠤ
   ᠶᠠᠰᠤ ᠮᠠᠭᠤᠲᠠᠢ ᠬᠥᠮᠦᠨ ᠶᠠᠪᠤᠨ ᠪᠠᠶ᠋ᠢᠵᠤ ᠲᠠᠨᠢᠬᠲᠠᠬᠤ
   ᠤᠬᠠᠭᠠᠨ ᠮᠠᠭᠤᠲᠠᠢ ᠬᠥᠮᠦᠨ ᠶᠠᠷᠢᠨ ᠪᠠᠶ᠋ᠢᠵᠤ ᠲᠠᠨᠢᠬᠲᠠᠬᠤ
   ᠶᠠᠪᠤᠲᠠᠯ ᠮᠠᠭᠤᠲᠠᠢ ᠮᠣᠷᠢ ᠤᠨᠤᠨ ᠪᠠᠶ᠋ᠢᠵᠤ ᠲᠠᠨᠢᠬᠲᠠᠬᠤ

       ᠭᠤᠷᠪᠠᠨ ᠬᠡᠴᠡᠭᠦᠦ
   ᠶᠠᠩᠪᠠᠲᠤ ᠨᠣᠶᠠᠳ ᠦ᠋ᠨ ᠵᠠᠩ ᠨᠢᠭᠡ ᠬᠡᠴᠡᠭᠦᠦ
   ᠶᠠᠩᠰᠢᠶ᠎ᠠ ᠬᠥᠮᠦᠰ ᠦ᠋ᠨ ᠤᠷᠤᠭᠤᠯ ᠨᠢᠭᠡ ᠬᠡᠴᠡᠭᠦᠦ
   ᠶᠠᠩᠬᠠᠨ ᠡᠮᠡᠰ ᠦ᠋ᠨ ᠪᠥᠭᠰᠡ ᠨᠢᠭᠡ ᠬᠡᠴᠡᠭᠦᠦ

       ᠭᠤᠷᠪᠠᠨ ᠬᠡᠴᠡᠭᠦᠦ
   ᠶᠠᠩᠰᠢᠶ᠎ᠠ ᠬᠥᠮᠦᠨ ᠶ᠋ᠢᠡᠷ ᠨᠥᠬᠥᠷ ᠬᠢᠬᠦ ‍ᠳᠤ ᠪᠡᠷᠬᠡ
   ᠶᠠᠩᠪᠠᠲᠤ ᠯᠠᠮᠠ ᠪᠠᠷ ᠰᠢᠲᠦᠭᠡᠨ ᠬᠢᠬᠦ ‍ᠳᠤ ᠪᠡᠷᠬᠡ
   ᠶᠠᠩᠬᠠᠨ ᠡᠮ᠎ᠡ ᠪᠡᠷ ᠭᠡᠷᠭᠡᠢ ᠬᠢᠬᠦ ‍ᠳᠤ ᠪᠡᠷᠬᠡ 

       ᠭᠤᠷᠪᠠᠨ ᠠᠬᠠᠯᠠᠬᠤ
   ᠶᠠᠮᠤᠨᠲᠤ ᠭᠠᠵᠠᠷ ᠬᠠᠨ ᠨᠢᠭᠡ ᠠᠬᠠᠯᠠᠬᠤ
   ᠱᠠᠵᠢᠨᠲᠤ ᠭᠠᠵᠠᠷ ᠯᠠᠮᠠ ᠨᠢᠭᠡ ᠠᠬᠠᠯᠠᠬᠤ
   ᠨᠣᠮᠲᠤ ᠭᠠᠵᠠᠷ ᠪᠢᠴᠢᠭᠲᠡᠨ ᠨᠢᠭᠡ ᠠᠬᠠᠯᠠᠬᠤ

       ᠭᠤᠷᠪᠠᠨ ᠵᠣᠬᠢᠬᠤ ᠦᠭᠡᠢ
   ᠶᠡᠬᠡ ᠰᠠᠨᠠᠬ᠋᠎ᠠ ᠪᠡᠶ᠎ᠡ ‍ᠳᠤ ᠵᠣᠬᠢᠬᠤ ᠦᠭᠡᠢ
   ᠢᠰᠡᠭᠡᠢ ᠬᠠᠪᠲᠠᠬ᠋᠎ᠠ ᠲᠠᠰᠢᠶᠠᠨ ‍ᠳᠤ ᠵᠣᠬᠢᠬᠤ ᠦᠭᠡᠢ
   ᠢᠷᠥᠭᠡᠯ ᠮᠠᠭᠲᠠᠭᠠᠯ ᠲᠡᠨᠡᠭ ᠲᠦ ᠵᠣᠬᠢᠬᠤ ᠦᠭᠡᠢ

       ᠭᠤᠷᠪᠠᠨ ᠦᠨᠦᠷᠲᠦᠬᠦ
   ᠶᠠᠷᠭᠠᠴᠢᠳ ᠦ᠋ᠨ ᠠᠮᠠ ᠠ᠋ᠴᠠ ᠴᠢᠰᠤ ᠦᠨᠦᠷᠲᠦᠬᠦ
   ᠢᠮᠠᠬ᠋᠎ᠠ ᠶ᠋ᠢᠨ ᠬᠠᠰᠢᠶᠠᠨ ᠠ᠋ᠴᠠ ᠰᠢᠨᠭᠬᠡᠭ ᠦᠨᠦᠷᠲᠦᠬᠦ
   ᠶᠠᠲᠠᠭᠤᠴᠤᠳ ᠦ᠋ᠨ ᠪᠡᠶ᠎ᠡ ᠡᠴᠡ ᠬᠥᠯᠥᠰᠥ ᠦᠨᠦᠷᠲᠦᠬᠦ
 
       ᠭᠤᠷᠪᠠᠨ ᠠᠶᠤᠬᠤ
   ᠶᠠᠪᠠᠭᠠᠨ ᠬᠦᠮᠦᠨ ᠳᠠᠪᠠᠬ᠋᠎ᠠ ᠠ᠋ᠴᠠ ᠨᠢᠭᠡ ᠠᠶᠤᠬᠤ
   ᠶᠠᠩᠭᠢᠷ ᠢᠮᠠᠬ᠋᠎ᠠ ᠬᠦᠢᠲᠡᠨ ᠡᠴᠡ ᠨᠢᠭᠡ ᠠᠶᠤᠬᠤ
   ᠶᠠᠲᠠᠭᠤ ᠬᠥᠮᠦᠰ ᠭᠠᠶ᠋ᠢᠯᠢ ᠠ᠋ᠴᠠ ᠨᠢᠭᠡ ᠠᠶᠤᠬᠤ

       ᠭᠤᠷᠪᠠᠨ ᠠᠷᠪᠢᠨ
   ᠶᠠᠲᠠᠭᠤ ᠬᠦᠮᠦᠨ ‍ᠳᠤ ᠨᠣᠶᠠᠨ ᠨᠢᠭᠡ ᠠᠷᠪᠢᠨ
   ᠶᠠᠪᠠᠭᠠᠨ ᠬᠥᠮᠦᠨ ‍ᠳᠤ ᠳᠠᠪᠠᠬ᠋᠎ᠠ ᠨᠢᠭᠡ ᠠᠷᠪᠢᠨ
   ᠶᠠᠩᠬᠠᠨ ᠬᠦᠮᠦᠨ ‍ᠳᠤ ᠡᠷ᠎ᠡ ᠨᠢᠭᠡ ᠠᠷᠪᠢᠨ

       ᠭᠤᠷᠪᠠᠨ ᠦᠯᠦ ᠪᠣᠯᠬᠤ
   ᠶᠠᠷᠭᠠᠴᠢᠨ ᠊ᠢ ᠬᠣᠣᠷ ᠲᠠᠢ ᠪᠣᠯᠪᠠᠴᠤ ᠴᠢᠨᠣ᠎ᠠ ᠬᠡᠮᠡᠨ ᠬᠡᠯᠡᠵᠦ ᠦᠯᠦ ᠪᠣᠯᠬᠤ
   ᠢᠮᠠᠬ᠋᠎ᠠ ᠶ᠋ᠢ ᠡᠪᠡᠷ ᠲᠡᠢ ᠪᠣᠯᠪᠠᠴᠤ ᠦᠬᠡᠷ ᠬᠡᠮᠡᠨ ᠬᠡᠯᠡᠵᠦ ᠦᠯᠦ ᠪᠣᠯᠬᠤ
   ᠶᠠᠰᠤ ᠶ᠋ᠢ ᠬᠠᠲᠠᠭᠤ ᠪᠣᠯᠪᠠᠴᠤ ᠴᠢᠯᠠᠭᠤ ᠬᠡᠮᠡᠨ ᠬᠡᠯᠡᠵᠦ ᠦᠯᠦ ᠪᠣᠯᠬᠤ

       ᠭᠤᠷᠪᠠᠨ ᠬᠠᠷᠰᠢ
   ᠶᠡᠬᠡ ᠰᠠᠨᠠᠬ᠋᠎ᠠ ᠪᠡᠶ᠎ᠡ ‍ᠳᠤ ᠨᠢᠭᠡ ᠬᠠᠷᠰᠢ
   ᠶᠡᠬᠡ ᠶᠠᠪᠤᠲᠠᠯ ᠬᠦᠷᠦᠩᠭᠡ ‍ᠳᠤ ᠨᠢᠭᠡ ᠬᠠᠷᠰᠢ
   ᠶᠡᠬᠡ ᠮᠥᠩᠭᠥ ᠠᠮᠢᠨ ‍ᠳᠤ ᠨᠢᠭᠡ ᠬᠠᠷᠰᠢ


      ᠷᠠ‍ ᠶ᠋ᠢᠨ ᠠᠶ᠋ᠢᠮᠠᠭ   

       ᠭᠤᠷᠪᠠᠨ ᠬᠤᠲᠠᠯ
   ᠷᠠᠰᠢᠶᠠᠨ ᠤᠰᠤ ᠤᠤᠭᠤᠪᠠᠯ ᠮᠥᠩᠬᠡᠷᠡᠬᠦ ᠭᠡᠳᠡᠭ ᠬᠤᠲᠠᠯ
   ᠠᠪᠤᠷᠠᠯ ᠡᠷᠢᠪᠡᠯ ᠪᠤᠷᠬᠠᠨ ᠪᠣᠯᠬᠤ ᠭᠡᠳᠡᠭ ᠬᠤᠲᠠᠯ
   ᠠᠭᠠᠷ ᠬᠤᠷᠮᠤᠰᠲᠠ ᠠ᠋ᠴᠠ ᠡᠨᠡᠷᠢᠯ ᠥᠷᠥᠰᠢᠶᠡᠬᠦ ᠭᠡᠳᠡᠭ ᠬᠤᠲᠠᠯ

       ᠭᠤᠷᠪᠠᠨ ᠰᠣᠨᠢᠨ
   ᠷᠢᠲᠢ ᠰᠢᠲᠢ ᠲᠡᠢ ᠦᠯᠢᠭᠡᠷ ᠳᠣᠮᠣᠭ ᠨᠢᠭᠡ ᠰᠣᠨᠢᠨ
   ᠶᠢᠰᠦ ᠠᠷᠪᠠᠨ ᠲᠣᠯᠣᠭᠠᠢ ᠲᠠᠢ ᠮᠠᠩᠭᠤᠰ ᠨᠢᠭᠡ ᠰᠣᠨᠢᠨ
   ᠥᠨᠲᠡᠭᠡ ᠲᠠᠬᠢᠶ᠎ᠠ ᠶ᠋ᠢᠨ ᠡᠬᠢ ᠡᠭᠦᠰᠦᠯ ᠨᠢᠭᠡ ᠰᠣᠨᠢᠨ


       ᠸᠠ‍ ᠶ᠋ᠢᠨ ᠠᠶ᠋ᠢᠮᠠᠭ

       ᠭᠤᠷᠪᠠᠨ ᠮᠥᠩᠬᠡ
   ᠸᠠᠭᠠᠷ ᠲᠣᠭᠣᠰᠬ᠎ᠠ ᠶ᠋ᠢᠨ ᠭᠡᠷ ᠵᠠᠭᠤᠨ ᠣᠨ ᠳ᠋ᠤᠷ ᠮᠥᠩᠬᠡ
   ᠤᠬᠠᠭᠠᠨᠲᠠᠨ ᠰᠡᠴᠡᠳ ᠦ᠋ᠨ ᠨᠢᠲᠠᠷ ᠬᠡᠲᠦᠨ ᠦᠶ᠎ᠡ ᠳ᠋ᠤᠷ ᠮᠥᠩᠬᠡ
   ᠣᠣᠨᠬᠠᠲᠠᠨ ᠮᠡᠷᠭᠡᠳ ᠦ᠋ᠨ ᠠᠯᠲᠠᠷ ᠮᠢᠩᠭᠠᠨ ᠭᠠᠯᠠᠪ ᠲᠣᠷ ᠮᠥᠩᠬᠡ

       ᠭᠤᠷᠪᠠᠨ ᠦᠨᠡᠨ
   ᠸᠠᠩ ᠬᠦᠩ ᠦ᠋ᠨ ᠠᠯᠲᠠᠷ ᠨᠡᠷ᠎ᠡ ᠲᠡᠷᠡᠬᠡᠨ ᠴᠠᠭ ᠲᠠᠭᠠᠨ ᠬᠦᠨᠲᠦᠲᠡᠢ ᠭᠡᠳᠡᠭ ᠦᠨᠡᠨ
   ᠤᠯᠠᠭᠠᠨ ᠨᠣᠭᠣᠭᠠᠨ ᠭᠣᠴᠣ ᠥᠩᠭᠡ ᠨᠢᠭᠡᠯᠡᠬᠡᠨ ᠦᠶ᠎ᠡ ᠳ᠋ᠡᠭᠡᠨ ᠬᠤᠷᠴᠠ ᠭᠡᠳᠡᠭ ᠦᠨᠡᠨ
   ᠦᠶ᠎ᠡ ᠣᠯᠠᠨ ᠭᠤᠪᠠᠢ ᠴᠡᠴᠡᠭ ᠳᠡᠯᠭᠡᠷᠡᠬᠦ ᠤᠯᠠᠷᠢᠯ ᠳ᠋ᠠᠭᠠᠨ ᠰᠠᠶ᠋ᠢᠬᠠᠨ ᠭᠡᠳᠡᠭ ᠦᠨᠡᠨ
 
     ᠦᠰᠦᠭ ᠠᠮᠢᠯᠠᠭᠤᠯᠤᠭᠴᠢ ᠄   ᠠᠯᠲᠠᠨᠲᠦᠶᠠᠭ᠎ᠠ ᠂  ᠬᠠᠷᠠᠨᠤᠳ ᠲᠤᠶᠠᠭ᠎ᠠ   
         ᠬᠢᠨᠠᠭᠴᠢ ᠄   ᠮᠢᠩᠭᠠᠳ ᠴᠢᠮᠡᠭ ᠂  ᠬᠠᠷᠠᠨᠤᠳ ᠲᠤᠶᠠᠭ᠎ᠠ