ᠥᠷᠯᠥᠭᠡ( ᠬᠡᠯᠡ ᠪᠢᠴᠢᠭ – ᠶᠢᠰᠦᠳᠦᠭᠡᠷ ᠳᠡᠪᠲᠡᠷ)Өглөө( Хэл бичиг – Есдүгээр дэвтэр) ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠷᠯᠥᠭᠡ( ᠬᠡᠯᠡ ᠪᠢᠴᠢᠭ – ᠶᠢᠰᠦᠳᠦᠭᠡᠷ ᠳᠡᠪᠲᠡᠷ)Өглөө( Хэл бичиг – Есдүгээр дэвтэр)

ᠥᠷᠯᠥᠭᠡ( ᠬᠡᠯᠡ ᠪᠢᠴᠢᠭ – ᠶᠢᠰᠦᠳᠦᠭᠡᠷ ᠳᠡᠪᠲᠡᠷ)Өглөө( Хэл бичиг – Есдүгээр дэвтэр)

2023-06-05

565

ᠥᠷᠯᠥᠭᠡ

 
      ᠦᠷ ᠦ᠋ᠨ ᠭᠡᠭᠡᠨ ᠳ᠋ᠦ᠍ ᠠᠭᠤᠯᠠᠰ ᠤ᠋ᠨ ᠣᠷᠣᠢ ᠳᠦᠩᠭᠦᠶ᠋ᠢᠨ ᠰᠦᠭᠯᠡᠶ᠋ᠢᠵᠦ ᠂ ᠨᠠᠭᠠᠳᠤᠮ ᠲᠠᠯ᠎ᠠ ᠨᠠᠮ ᠰᠡᠯᠡᠭᠦᠨ ᠃ 
      ᠤᠷᠠᠯᠠᠮ᠎ᠠ ᠰᠡᠮᠬᠡᠨ ᠪᠣᠰᠤᠭᠠᠳ ᠰᠠᠭᠠᠯᠢ ᠶ᠋ᠢᠨ ᠳᠡᠪᠡᠯ ᠢ᠋ᠶ᠋ᠡᠨ ᠡᠮᠦᠰᠴᠦ ᠽᠠᠨᠳᠠᠨ ᠰᠠᠭᠤᠯᠠᠭ᠎ᠠ ᠪᠠᠨ ᠲᠣᠬᠣᠶ᠋ᠢᠯᠠᠭᠠᠳ ᠡᠭᠦᠳᠡ ᠪᠡᠨ ᠰᠡᠪ ᠰᠡᠮᠬᠡᠨ ᠬᠠᠭᠠᠭᠠᠳ ᠭᠠᠷᠪᠠ ᠃  
      ᠤᠷᠠᠯᠠᠮ᠎ᠠ ᠬᠦᠢᠲᠡᠨ ᠤᠰᠤ ᠪᠠᠷ ᠨᠢᠭᠤᠷ ᠭᠠᠷ ᠢ᠋ᠶ᠋ᠠᠨ ᠤᠬᠢᠶᠠᠭᠠᠳ ᠂ ᠬᠥᠪ ᠬᠥᠩᠭᠡᠨ ᠠᠯᠬᠤᠭᠰᠠᠭᠠᠷ ᠲᠤᠭᠤᠯ ᠤ᠋ᠨ ᠵᠡᠯ᠎ᠡ ᠳᠡᠭᠡᠷ᠎ᠡ ᠣᠴᠢᠭᠠᠳ ᠂ ᠬᠠᠯᠵᠠᠨ ᠲᠤᠭᠤᠯ ᠢ᠋ᠶ᠋ᠠᠨ ᠴᠢᠭᠲᠠ ᠠ᠋ᠴᠠ ᠨᠢ ᠲᠠᠯᠪᠢᠵᠤ ᠢᠪᠢᠯᠭᠡᠪᠡ ᠃ ᠲᠠᠯ᠎ᠠ ᠶ᠋ᠢᠨ ᠡᠯᠢᠭᠡᠨ ᠳ᠋ᠦ᠍ ᠨᠣᠶ᠋ᠢᠷᠰᠤᠭᠰᠠᠨ ᠰᠢᠪᠠᠭᠤᠳ ᠱᠤᠯᠤᠭᠠᠨᠠ ᠨᠢᠰᠦᠯᠴᠡᠭᠡᠳ ᠂ ᠨᠠᠮ ᠭᠦᠮ ᠪᠠᠶ᠋ᠢᠲᠠᠯ ᠠᠭᠠᠵᠢᠮ ᠢ᠋ᠶ᠋ᠠᠷ ᠬᠤᠪᠢᠷᠠᠵᠤ ᠭᠠᠵᠠᠷ ᠪᠣᠯᠭᠠᠨ ᠳ᠋ᠤ᠌ ᠳᠠᠭᠤ ᠴᠢᠮᠡᠭᠡ ᠭᠠᠷᠴᠤ ᠡᠬᠢᠯᠡᠪᠡ ᠃ 
      ᠰᠠᠭᠠᠯᠢᠴᠢᠨ ᠪᠦᠰᠡᠭᠦᠢ ᠶ᠋ᠢᠨ ᠤᠷᠠᠨ ᠬᠤᠷᠤᠭᠤ ᠪᠠᠷ ᠰᠢᠪᠲᠤᠷᠴᠤ ᠪᠠᠶ᠋ᠢᠬ᠋᠎ᠠ ᠦᠨᠢᠶᠡᠨ ᠰᠦᠨ ᠦ᠌ ᠬᠥᠭᠡᠰᠦᠷᠡᠨ ᠪᠠᠭᠤᠬᠤ ᠳᠠᠭᠤ ᠥᠨᠳᠥᠷ ᠠᠭᠤᠯᠠᠨ ᠠ᠋ᠴᠠ ᠪᠠᠭᠤᠳᠠᠭ ᠬᠦᠷᠬᠢᠷ᠎ᠡ ᠰᠢᠭ ᠬᠦᠷᠴᠢᠭᠢᠨᠡᠨ ᠠᠶᠠᠲᠠᠶ᠋ᠢᠬᠠᠨ ᠰᠣᠨᠣᠰᠳᠠᠨ᠎ᠠ ᠃ 
       ᠲᠤᠭ ᠨᠣᠶ᠋ᠢᠷ ᠲᠠᠭᠠᠨ ᠪᠠᠶ᠋ᠢᠬᠰᠠᠨ ᠰᠡᠴᠡᠨᠬᠦᠦ ᠭᠡᠨᠡᠳᠲᠡ ᠰᠡᠷᠢᠵᠦ ᠂ ᠡᠵᠢ ᠪᠡᠨ ᠦᠨᠢᠶ᠎ᠡ ᠰᠠᠭᠠᠵᠤ ᠪᠠᠶ᠋ᠢᠬᠤ ᠶ᠋ᠢ ᠮᠠᠲᠠᠮᠠᠭᠴᠠ ᠂ ᠪᠤᠭᠳᠤᠰᠬᠢᠨ ᠪᠣᠰᠴᠤ ᠬᠤᠪᠴᠠᠰᠤ ᠬᠤᠨᠠᠷ ᠢ᠋ᠶ᠋ᠠᠨ ᠴᠡᠷᠢᠭ ᠦ᠋ᠨ ᠬᠥᠮᠦᠨ ᠰᠢᠭ ᠴᠢᠪᠬᠢᠲᠡᠯ᠎ᠡ ᠡᠮᠦᠰᠴᠢᠬᠡᠭᠡᠳ ᠡᠵᠢ ᠶ᠋ᠢᠨ ᠢ᠋ᠶ᠋ᠡᠨ ᠳᠡᠷᠭᠡᠳᠡ ᠭᠦᠶᠦᠨ ᠬᠦᠷᠴᠡᠢ ᠃ 
       ᠦᠷ ᠦ᠋ᠨ ᠭᠡᠭᠡ ᠤᠯᠠᠮ ᠢ᠋ᠶ᠋ᠠᠷ ᠳᠤᠯᠠᠶ᠋ᠢᠵᠤ ᠰᠡᠷᠭᠦᠯᠡᠩ ᠬᠦᠦ ᠶ᠋ᠢᠨ ᠲᠤᠩᠭᠠᠯᠠᠭ ᠬᠥᠭᠡᠷᠦᠬᠦᠨ ᠴᠢᠷᠠᠢ ᠲᠣᠪ ᠲᠣᠳᠣ ᠬᠠᠷᠠᠭᠳᠠᠨ᠎ᠠ ᠃ 
      《 ᠬᠦᠦ ᠮᠢᠨᠢ ᠤᠨᠲᠠᠵᠤ ᠪᠠᠶ᠋ᠢᠬᠤ ᠦᠭᠡᠢ ᠶᠠᠭᠤᠨ ᠳ᠋ᠤ᠌ ᠪᠣᠰᠤᠭᠠᠳ ᠢᠷᠡᠪᠡ ᠳᠠ 》 ᠭᠡᠵᠦ ᠤᠷᠠᠯᠠᠮ᠎ᠠ ᠬᠠᠯᠵᠠᠨ ᠲᠤᠭᠤᠯ ᠢ᠋ᠶ᠋ᠠᠨ ᠬᠣᠶᠠᠳᠠᠬᠢ ᠢᠪᠢᠯᠭᠡᠬ᠋ᠰᠡᠨ ᠢ᠋ᠶ᠋ᠡᠨ ᠲᠠᠲᠠᠵᠤ ᠦᠨᠢᠶ᠎ᠡ ᠪᠡᠨ ᠦᠷᠭᠦᠯᠵᠢᠯᠡᠨ ᠰᠠᠭᠠᠨ᠎ᠠ ᠃  
      《 ᠡᠵᠢ ᠠ᠋ ᠂ ᠪᠢ ᠢᠪᠢᠯᠭᠡᠵᠦ ᠦᠭᠭᠦᠶ᠎ᠡ  ᠂ ᠲᠡᠭᠡᠪᠡᠯ ᠬᠤᠷᠳᠤᠨ ᠪᠢᠰᠢ ‍ᠦᠦ 》 ᠭᠡᠵᠦ ᠰᠡᠴᠡᠨᠬᠦᠦ ᠳᠠᠳᠮᠠᠭᠠᠢ ᠢᠪᠢᠯᠭᠡᠴᠢᠨ ᠶᠦ᠍ᠮ ᠰᠢᠬ ᠬᠡᠯᠡᠭᠡᠳ ᠬᠠᠷᠢᠭᠤ ᠬᠦᠯᠢᠶᠡᠵᠦ ᠵᠣᠭᠰᠣᠨ᠎ᠠ ᠃ 
      《 ᠲᠡᠭᠡᠬᠦ ‍ᠤᠤ ᠂ ᠬᠦᠦ ᠮᠢᠨᠢ ᠂ ᠴᠢ ᠪᠣᠯ ᠥᠴᠥᠭᠡᠳᠦᠷᠬᠡᠨ ᠰᠤᠷᠭᠠᠭᠤᠯᠢ ᠳ᠋ᠤ᠌ ᠶᠠᠪᠤᠭᠰᠠᠨ ᠬᠡᠦᠬᠡᠳ ᠰᠢᠦ 》 ᠭᠡᠬᠦ ᠳ᠋ᠦ᠍ ᠰᠡᠴᠡᠨᠬᠦᠦ ᠲᠣᠷᠮᠣᠭᠣᠷ ᠨᠢᠳᠦ ᠪᠡᠨ ᠪᠦᠯᠲᠡᠯᠵᠡᠭᠦᠯᠦᠨ ᠄  
      《 ᠪᠠᠭᠰᠢ ᠪᠢᠳᠡᠨ ᠳ᠋ᠦ᠍ ᠠᠪᠤ ᠡᠵᠢ ᠳ᠋ᠡᠭᠡᠨ ᠲᠤᠰᠠᠯᠠᠵᠤ ᠠᠵᠢᠯ ᠬᠥᠳᠡᠯᠮᠦᠷᠢ ᠬᠢᠵᠦ ᠪᠠᠢ ᠭᠡᠵᠦ ᠵᠠᠬᠢᠭᠰᠠᠨ ᠶᠤᠮ 》 ᠭᠡᠪᠡ ᠃ ᠤᠷᠠᠨᠯᠮ᠎ᠡ ᠄ 
      《 ᠠ ᠲᠡᠶ᠋ᠢᠮᠦ ‍ᠦᠦ? ᠬᠥᠭᠡᠷᠦᠬᠦᠢ ᠰᠠᠢᠨ ᠬᠦᠦ ᠪᠠᠶ᠋ᠢᠨ᠎ᠠ ᠂ ᠲᠡᠭᠡᠪᠡᠯ ᠴᠢ ᠲᠡᠷᠡ ᠬᠠᠷ᠎ᠠ ᠬᠠᠯᠵᠠᠨ ᠢ᠋ᠶ᠋ᠠᠨ ᠲᠠᠯᠪᠢᠴᠢᠬ᠎ᠠ ᠳᠠ 》 ᠭᠡᠯ᠎ᠡ ᠃   
      《  ᠳᠠᠷᠠᠭᠠᠯᠠᠪᠠᠯ ᠠᠯᠢ ᠨᠢ ᠪᠣᠢ? 》
      《 ᠤᠯᠠᠭᠠᠨ ᠪᠥᠭᠡᠷ᠎ᠡ ᠠᠯᠠᠭ ᠢ᠋ᠶ᠋ᠠᠨ ᠃ 》
      《 ᠲᠡᠭᠦᠨ ᠦ᠌ ᠳᠠᠷᠠᠭ᠎ᠠ ᠨᠢ? 》  
      《 ᠱᠠᠭᠠᠵᠠᠭᠠᠢ ᠠᠯᠠᠭ ᠢ᠋ᠶ᠋ᠠᠨ ᠃ 》
      《 ᠳᠠᠷᠠᠭ᠎ᠠ ᠨᠢ? 》   
      《 ᠲᠣᠶ᠋ᠢᠮᠣᠭ ᠤ᠋ᠨ ᠲᠤᠭᠤᠯ ᠊ᠢ ᠃ 》
      《 ᠣᠳᠣ ᠪᠢ ᠬᠠᠷ᠎ᠠ ᠲᠤᠭᠤᠯ ᠢ᠋ᠶ᠋ᠠᠨ ᠲᠠᠯᠪᠢᠬᠤ ‍ᠤᠤ? 》
      《 ᠲᠡᠭᠡ ᠳᠡ ᠂ ᠬᠦᠦ ᠮᠢᠨᠢ ᠂ ᠬᠠᠷ᠎ᠠ ᠲᠤᠭᠤᠯ ᠴᠢᠨᠢ ᠥᠭᠡᠳᠡᠩ ᠰᠢᠭ ᠪᠠᠶ᠋ᠢᠨ᠎ᠠ  ᠰᠢᠦ ᠃ 》
      《 ᠣᠳᠣ ᠠᠪᠤ  ᠶ᠋ᠢᠨ ᠰᠢᠷ᠎ᠠ ᠲᠠᠷᠯᠠᠨ ᠊ᠢ ᠲᠠᠯᠪᠢᠬᠤ ‍ᠤᠤ? 》
      《 ᠲᠡᠭᠡ ᠠ᠋ ᠂ ᠬᠦᠦ ᠮᠢᠨᠢ ᠂ ᠲᠡᠷᠡ ᠴᠢᠨᠢ ᠪᠠᠬᠠᠨ ᠣᠷᠣᠭ᠎ᠠ ᠶᠤᠮ ᠰᠢᠦ ᠂ ᠬᠢᠴᠢᠶᠡᠭᠡᠷᠡᠢ! 》 
      《 ᠵᠦᠭᠡᠷ ᠠ᠋ ᠂ ᠡᠵᠢ ᠠ᠋ ᠂ ᠡᠨᠡ ᠲᠤᠭᠤᠯ ᠬᠦᠵᠦᠭᠦᠦ ᠪᠡᠨ ᠮᠠᠭᠠᠵᠢᠭᠤᠯᠬᠤ ᠳᠤᠷᠠᠲᠠᠢ ᠶᠤᠮ ᠃ ᠬᠦᠷᠡᠩ ᠭᠤᠨᠵᠢᠨ ᠤ᠋ ᠬᠦᠷᠡᠩ ᠲᠤᠭᠤᠯ ᠊ᠢ ᠶᠠᠭᠠᠬᠢᠨ᠎ᠠ ᠪᠣᠢ? 》
       《 ᠡᠬᠡ ᠳ᠋ᠦ᠍ ᠨᠢ ᠲᠠᠯᠪᠢᠭᠠᠳ ᠥᠭᠴᠢᠭᠡ ᠃ ᠭᠤᠨᠵᠢᠨ ᠦᠨᠢᠶ᠎ᠡ ᠰᠦ ᠪᠠᠭᠠᠲᠠᠢ ᠪᠠᠶ᠋ᠢᠲᠠᠭ ᠶᠤᠮ ᠃ ᠲᠤᠭᠤᠯ ᠨᠢ ᠰᠠᠢᠨ ᠴᠠᠳᠤᠭ ᠠ᠋ ᠃  》  
       《 ᠡᠵᠢ ᠶ᠋ᠢᠨ ᠰᠠᠷᠠᠲᠤ ᠤᠯᠠᠭᠠᠨ ᠲᠤᠭᠤᠯ ᠲᠡᠯᠡᠦᠯᠦᠭᠡᠳ ᠯᠡ ᠪᠠᠶ᠋ᠢᠨ᠎ᠠ ᠃ 》
       《 ᠲᠡᠭᠡᠯᠭᠦᠢ ᠳᠡ ᠂ ᠲᠤᠭᠤᠯ ᠦ᠋ᠳ ᠪᠦᠷ ᠡᠬᠡ ᠪᠡᠨ ᠬᠥᠬᠥᠵᠦ ᠪᠠᠶ᠋ᠢᠬᠤ ᠶᠤᠮ ᠴᠢᠨᠢ ᠲᠡᠷᠡ ᠪᠠᠰᠠ ᠠᠲᠠᠭᠠᠷᠬᠠᠬᠤ ᠦᠭᠡᠢ ᠶᠠᠭᠠᠬᠢᠨ᠎ᠠ ᠪᠣᠢ!》
       《  ᠤᠷᠵᠢ ᠡᠳᠦᠷ ᠦ᠋ᠨ ᠲᠤᠭᠤᠯᠯᠠᠭᠰᠠᠨ ᠬᠠᠷ᠎ᠠ ᠪᠥᠭᠡᠷ᠎ᠡ ᠠᠯᠠᠭ ᠤ᠋ᠨ ᠪᠣᠭᠣᠨ ᠴᠣᠬᠣᠷ ᠲᠤᠭᠤᠯ ᠊ᠢ ᠲᠠᠯᠪᠢᠭᠠᠳ ᠥᠭᠴᠢᠭᠡᠬᠦ ‍ᠤᠤ! ᠡᠵᠢ ᠠ᠋? 》 ᠭᠡᠵᠦ ᠰᠡᠴᠡᠨᠬᠦᠦ ᠬᠡᠯᠡᠬᠦ ᠳ᠋ᠦ᠍ ᠤᠷᠠᠯᠠᠮ᠎ᠠ ᠄  
       《 ᠪᠢᠲᠡᠭᠡᠢ ᠳᠡᠯᠪᠢ ᠬᠦᠦ ᠮᠢᠨᠢ ᠂ ᠰᠢᠷ᠎ᠠ ᠤᠭᠤᠷᠠᠭ ᠲᠠᠭᠠᠨ ᠬᠡᠲᠦᠷᠬᠡᠢ ᠴᠠᠳᠪᠠᠯ ᠬᠦᠷᠦᠪᠵᠢᠬᠦ ᠨᠢ ᠤᠳᠠᠭᠠᠨ ᠪᠣᠯᠳᠠᠭ ᠶᠤᠮ ᠃ ᠰᠢᠷ᠎ᠠ ᠤᠭᠤᠷᠠᠭ ᠊ᠢ ᠨᠢ ᠰᠢᠪᠬᠠᠷᠲᠠᠯ᠎ᠠ ᠰᠠᠭᠠᠭᠠᠳ ᠰᠦᠵᠢᠭᠰᠡᠨ ᠬᠣᠶ᠋ᠢᠨ᠎ᠠ ᠴᠠᠳᠲᠠᠯ᠎ᠠ ᠭᠥᠭᠦᠭᠦᠯᠦᠶ᠎ᠡ ᠳᠡ! 》 ᠭᠡᠨ᠎ᠡ ᠃ 
        ᠨᠠᠷᠠ ᠰᠢᠷᠭᠠᠯᠳᠠᠨ ᠮᠠᠨᠳᠤᠬᠤ ᠳ᠋ᠤ᠌ ᠂ ᠵᠡᠯ᠎ᠡ ᠳᠡᠭᠡᠷ᠎ᠡ ᠰᠠᠭᠤᠯᠠᠭ᠎ᠠ ᠰᠠᠭᠤᠯᠠᠭ᠎ᠠ ᠪᠠᠷ ᠰᠦ ᠮᠡᠯᠮᠡᠯᠵᠡᠨ ᠂  ᠡᠵᠢ ᠬᠦᠦ ᠬᠣᠶᠠᠷ ᠭᠠᠩᠭᠠᠷ ᠭᠣᠩᠭᠣᠷ ᠶᠠᠷᠢᠯᠴᠠᠨ᠎ᠠ ᠃ 
       ᠡᠵᠢ ᠨᠢ ᠭᠡᠵᠦ ᠰᠠᠭᠠᠯᠢ ᠰᠦᠨ ᠳ᠋ᠡᠭᠡᠨ ᠴᠠᠭᠠᠷᠠᠭᠰᠠᠨ ᠰᠠᠷᠠᠭᠤᠯ ᠲᠠᠯ᠎ᠠ ᠶ᠋ᠢᠨ ᠰᠠᠯᠮᠠᠭᠠᠢ ᠮᠠᠯᠴᠢᠨ ᠃ 
       ᠬᠦᠦ ᠨᠢ ᠭᠡᠵᠦ ᠳᠣᠯᠣᠭᠠᠨ ᠨᠠᠰᠤᠲᠠᠢ ᠪᠣᠯᠪᠠᠴᠤ ᠦᠨᠢᠶ᠎ᠡ ᠲᠤᠭᠤᠯ ᠢ᠋ᠶ᠋ᠠᠨ ᠠᠨᠳᠠᠳᠠᠭ ᠦᠭᠡᠢ ᠲᠠᠯ᠎ᠠ ᠶ᠋ᠢᠨ ᠮᠣᠩᠭᠣᠯ ᠤ᠋ᠨ ᠠᠵᠢᠯᠰᠠᠭ ᠬᠦᠦ ᠪᠢᠯᠡ ᠃   
       ᠠᠯᠤᠰ ᠵᠡᠷᠭᠡᠯᠡᠳᠡᠭᠡ ᠠᠶ᠋ᠢᠯ ᠤ᠋ᠨ ᠠᠷᠭᠠᠯ ᠤ᠋ᠨ ᠤᠲᠤᠭ᠎ᠠ ᠠᠰ ᠳᠡᠭᠡᠭᠰᠢ ᠰᠤᠪᠤᠷᠠᠬᠤ ᠳ᠋ᠤ᠌ ᠡᠵᠢ ᠬᠦᠦ ᠬᠣᠶᠠᠷ ᠦᠨᠢᠶ᠎ᠡ ᠪᠡᠨ ᠪᠡᠯᠴᠢᠭᠡᠷ ᠤᠷᠤᠭᠤ ᠵᠠᠯᠠᠵᠤ ᠂ ᠲᠤᠭᠤᠯ ᠢ᠋ᠶ᠋ᠠᠨ ᠨᠤᠭᠤ ᠶ᠋ᠢᠨ ᠵᠥᠭᠡᠯᠡᠨ ᠨᠣᠭᠣᠭ᠎ᠠ ᠤᠷᠤᠭᠤ ᠬᠥᠭᠡᠭᠡᠯ᠎ᠡ ᠃ 
       ᠲᠤᠭᠤᠯ ᠢ᠋ᠶ᠋ᠠᠨ ᠴᠠᠳᠬᠠᠵᠤ ᠰᠦ ᠪᠡᠨ ᠰᠠᠭᠠᠯᠭᠠᠭᠰᠠᠨ ᠦᠨᠢᠶᠡᠳ ᠠᠭᠠᠵᠢᠮ ᠢ᠋ᠶ᠋ᠠᠷ ᠪᠡᠯᠴᠢᠭᠡᠷ ᠲᠡᠭᠡᠨ ᠭᠠᠷᠪᠠ ᠃ 
       ᠴᠠᠳᠲᠠᠯ᠎ᠠ ᠬᠥᠬᠥᠭᠡᠳ ᠬᠠᠨᠲᠠᠯ᠎ᠠ ᠪᠠᠨ ᠦᠯᠭᠡᠬ᠋ᠰᠡᠨ ᠲᠤᠭᠤᠯ ᠦ᠋ᠳ ᠵᠥᠭᠡᠯᠡᠨ ᠨᠣᠭᠣᠭ᠎ᠠ ᠶ᠋ᠢ ᠳᠤᠷ᠎ᠠ ᠲᠠᠢ ᠳᠤᠷ᠎ᠠ ᠦᠭᠡᠢ ᠬᠡᠯᠡ ᠪᠡᠷ ᠢ᠋ᠶ᠋ᠡᠨ ᠣᠷᠢᠶᠠᠵᠤ ᠲᠠᠰᠤᠯᠤᠭᠠᠳ ᠨᠢᠭᠡ ᠨᠢᠭᠡ ᠪᠡᠨ ᠳᠠᠭᠠᠵᠤ ᠠᠯᠢᠶᠠᠷᠬᠠᠨ ᠲᠣᠭᠯᠠᠯᠳᠤᠨ᠎ᠠ ᠃ 
       ᠬᠦᠦ ᠨᠢ ᠥᠷᠯᠥᠭᠡ ᠶ᠋ᠢᠨ ᠴᠠᠢ ᠪᠠᠨ ᠤᠤᠭᠤᠭᠠᠳ ᠥᠴᠥᠭᠡᠳᠦᠷ ᠦ᠋ᠨ ᠵᠢᠭᠠᠯᠭᠠᠭᠰᠠᠨ ᠬᠢᠴᠢᠶᠡᠯ ᠢ᠋ᠶ᠋ᠡᠨ ᠲᠣᠷᠴᠢᠭᠢᠨᠠᠲᠠᠯ᠎ᠠ ᠤᠩᠰᠢᠬᠤ ᠳ᠋ᠤ᠌ ᠡᠵᠢ ᠨᠢ ᠴᠢᠷᠠᠢ ᠳ᠋ᠠᠭᠠᠨ ᠪᠠᠶᠠᠷ ᠤ᠋ᠨ ᠣᠴᠢ ᠭᠢᠯᠠᠯᠵᠠᠭᠤᠯᠵᠤ ᠵᠤᠤᠮᠠᠯᠵᠠᠨ ᠢᠨᠢᠶᠡᠨ᠎ᠡ ᠃ 
       ᠬᠦᠦ ᠬᠥᠬᠡ ᠲᠣᠷᠭᠠᠨ ᠲᠡᠷᠯᠢᠭ ᠢ᠋ᠶ᠋ᠡᠨ ᠳᠡᠭᠳᠡᠢᠳᠡᠯ᠎ᠡ ᠪᠦᠰᠡᠯᠡᠵᠦ ᠂ ᠨᠣᠪ ᠨᠣᠭᠣᠭᠠᠨ ᠪᠣᠭᠴᠣ ᠪᠠᠨ ᠲᠢᠪ ᠲᠡᠭᠰᠢᠬᠡᠨ ᠡᠭᠦᠷᠦᠭᠡᠳ ᠄ 
       《  ᠡᠵᠢ ᠠ᠋ ᠪᠠᠶᠠᠷᠲᠠᠢ ᠂ ᠪᠢ ᠰᠤᠷᠭᠠᠭᠤᠯᠢ ᠳ᠋ᠤ᠌ ᠶᠠᠪᠤᠯ᠎ᠠ  》 ᠭᠡᠯ᠎ᠡ ᠃ 
       《 ᠮᠢᠨᠦ ᠬᠦᠦ ᠵᠠᠮ ᠳ᠋ᠤ᠌ ᠪᠠᠨ ᠪᠢᠲᠡᠭᠡᠢ ᠨᠠᠭᠠᠳ ᠂ ᠬᠤᠷᠳᠤᠨ ᠰᠤᠷᠭᠠᠭᠤᠯᠢ ᠳ᠋ᠤ᠌ ᠪᠠᠨ ᠣᠴᠢᠭᠠᠷᠠᠢ! 》  
       《 ᠦᠳᠡ ᠳ᠋ᠦ᠍ ᠵᠥᠭᠡᠬᠡᠢ ᠲᠡᠢ ᠠᠭᠠᠷᠴᠠ ᠵᠢᠭᠤᠷᠠᠵᠤ ᠢᠳᠡᠶ᠎ᠡ ᠂ ᠡᠵᠢ ᠠ᠋ ᠃ 》  
       《ᠲᠡᠭᠡ ᠬᠦᠦ ᠮᠢᠨᠢ ᠂ ᠲᠡᠭᠡ! ᠡᠵᠢ ᠨᠢ ᠬᠤᠷᠤᠳ ᠬᠢᠵᠦ ᠪᠢᠰᠢᠯᠠᠭ ᠳᠠᠷᠤᠭᠠᠳ ᠂ ᠲᠣᠭᠣᠭ᠎ᠠ ᠨᠡᠷᠡᠵᠦ ᠠᠭᠠᠷᠴᠠ ᠱᠦᠭᠦᠭᠳ ᠪᠠᠶ᠋ᠢᠶ᠎ᠠ ᠃ 》      ᠲᠡᠷᠲᠡᠭᠡ ᠬᠣᠯᠠ ᠬᠠᠷᠠᠭᠠᠨ ᠤ᠋ ᠦᠵᠦᠭᠦᠷ ᠲᠦ᠍ ᠬᠠᠷᠠᠭᠳᠠᠬᠤ ᠰᠤᠷᠭᠠᠭᠤᠯᠢ ᠳ᠋ᠠᠭᠠᠨ ᠰᠡᠴᠡᠨᠬᠦᠦ ᠬᠠᠨᠢᠲᠠᠨ ᠲᠠᠢ ᠪᠠᠨ ᠬᠠᠮᠲᠤ ᠶᠠᠪᠤᠪᠠ ᠃ 
        ᠲᠠᠯ᠎ᠠ ᠶ᠋ᠢᠨ ᠮᠠᠯᠴᠢᠨ ᠤ᠋ ᠥᠷᠯᠥᠭᠡ ᠡᠶ᠋ᠢᠮᠦ ᠯᠡ ᠪᠠᠶ᠋ᠢᠲᠠᠭ ᠰᠠᠨ ᠪᠢᠯᠡ ᠃  
        ᠥᠷᠯᠥᠭᠡ᠂ ᠲᠤᠩᠭᠠᠯᠠᠭ ᠰᠠᠢᠬᠠᠨ ᠥᠷᠯᠥᠭᠡ ᠃  
        ᠥᠷᠯᠥᠭᠡ ᠂ ᠡᠳᠦᠷ ᠦ᠋ᠨ ᠠᠵᠢᠯ ᠤ᠋ᠨ ᠡᠬᠢᠯᠡᠯ ᠃ 


       ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ  
              ᠬᠡᠯᠡ  ᠪᠢᠴᠢᠭ         ᠶᠢᠰᠦᠳᠦᠭᠡᠷ ᠳᠡᠪᠲᠡᠷ     
                      *     
           ᠥᠪᠥᠷ ᠮᠤᠩᠭ᠋ᠤᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠪᠡ 
           ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠪᠠ  
           ᠤᠯᠠᠭᠠᠨᠬᠠᠳᠠ ᠶ᠋ᠢᠨ  ᠭᠤᠷᠪᠠᠳᠤᠭᠠᠷ ᠬᠡᠪᠯᠡᠬᠦ  ᠦᠢᠯᠡᠳᠪᠦᠷᠢ ᠬᠡᠪᠯᠡᠪᠡ  
           1991 ᠣᠨ ᠤ᠋ ᠭᠤᠷᠪᠠᠨ ᠰᠠᠷ᠎ᠠ ᠳ᠋ᠤ᠌ ᠠᠩᠬᠠᠳᠤᠭᠠᠷ ᠬᠡᠪ ᠊ᠢ ᠬᠢᠪᠡ       
           1996 ᠣᠨ ᠤ᠋ ᠳᠥᠷᠪᠡᠨ ᠰᠠᠷ᠎ᠠ ᠳ᠋ᠤ᠌ ᠵᠢᠷᠭᠤᠭᠠᠳᠤᠭᠠᠷ ᠤᠳᠠᠭ᠎ᠠ ᠬᠡᠪᠯᠡᠪᠡ  

       ᠦᠰᠦᠭ ᠠᠮᠢᠯᠠᠭᠤᠯᠤᠭᠴᠢ ᠄ ᠲᠣᠲᠣᠭᠡᠷᠡᠯ     
          ᠬᠢᠨᠠᠭᠴᠢ ᠄ ᠣᠤᠠᠬᠠᠨᠰᠣ᠎ᠡ