1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – < ᠴᠠ‍ ᠂ ᠵᠠ‍ > ᠶ᠋ᠢᠨ ᠠᠶ᠋ᠢᠮᠠᠭ Ертөнцийн гурав – < Ча ᠂ Жа > ин аймаг

ᠶᠢᠷᠲᠢᠨᠴᠦ ᠶᠢᠨ ᠭᠤᠷᠪᠠ – < ᠴᠠ‍ ᠂ ᠵᠠ‍ > ᠶ᠋ᠢᠨ ᠠᠶ᠋ᠢᠮᠠᠭ Ертөнцийн гурав – < Ча ᠂ Жа > ин аймаг

2023-06-05

1496

ᠶᠢᠷᠲᠢᠨᠴᠦ ᠶᠢᠨ ᠭᠤᠷᠪᠠ – < ᠴᠠ‍ ᠂ ᠵᠠ‍ > ᠶ᠋ᠢᠨ ᠠᠶ᠋ᠢᠮᠠᠭ


         ᠴᠠ‍ ᠶ᠋ᠢᠨ ᠠᠶ᠋ᠢᠮᠠᠭ
      
       ᠭᠤᠷᠪᠠᠨ ᠴᠠᠭᠠᠨ
   ᠴᠠᠭ ᠦ᠋ᠨ ᠬᠤᠷ᠎ᠠ ‍ᠳᠤ ᠴᠠᠰᠤ ᠨᠢᠭᠡ ᠴᠠᠭᠠᠨ
   ᠴᠠᠶ᠋ᠢᠷᠠᠨ ᠬᠥᠪᠦᠯᠵᠡᠬᠦ ‍ᠳᠤ ᠡᠭᠦᠯᠡ ᠨᠢᠭᠡ ᠴᠠᠭᠠᠨ
   ᠴᠠᠶ᠋ᠢᠲᠠᠮ ᠲᠠᠯ᠎ᠠ ‍ᠳᠤ ᠬᠣᠨᠢ ᠨᠢᠭᠡ ᠴᠠᠭᠠᠨ

       ᠭᠤᠷᠪᠠᠨ ᠬᠠᠷ᠎ᠠ
   ᠴᠠᠰᠤ ᠨᠢ ᠴᠠᠭᠠᠨ ᠪᠣᠯᠪᠠᠴᠤ ᠤᠰᠤ ᠨᠢ ᠬᠠᠷ᠎ᠠ
   ᠴᠠᠭᠠᠰᠤ ᠨᠢ ᠴᠠᠭᠠᠨ ᠪᠣᠯᠪᠠᠴᠤ ᠦᠰᠦᠭ ᠨᠢ ᠬᠠᠷ᠎ᠠ
   ᠴᠠᠬ᠋᠎ᠠ ᠨᠢ ᠴᠠᠭᠠᠨ ᠪᠣᠯᠪᠠᠴᠤ ᠠᠷᠢᠬᠢ ᠨᠢ ᠬᠠᠷ᠎ᠠ

       ᠭᠤᠷᠪᠠᠨ ᠴᠢᠮᠡᠭ
   ᠴᠠᠭᠠᠨ ᠬᠤᠨ ᠨᠠᠭᠤᠷ ᠲᠠᠭᠠᠨ ᠴᠢᠮᠡᠭ
   ᠴᠡᠴᠡᠭ ᠬᠤᠸᠠᠷ ᠵᠤᠨ ᠳ᠋ᠠᠭᠠᠨ ᠴᠢᠮᠡᠭ
   ᠴᠠᠰᠤ ᠮᠥᠰᠥ ᠡᠪᠦᠯ ᠳ᠋ᠡᠭᠡᠨ ᠴᠢᠮᠡᠭ

       ᠭᠤᠷᠪᠠᠨ ᠰᠠᠶ᠋ᠢᠨ
   ᠴᠠᠢ ᠴᠢᠨᠠᠬᠤ ‍ᠳᠤ ᠴᠢᠪᠠᠭᠠᠨᠴᠠ ᠰᠠᠶ᠋ᠢᠨ
   ᠴᠠᠪᠠᠤ ᠴᠢᠨᠠᠬᠤ ‍ᠳᠤ ᠮᠣᠲᠣᠴᠢᠨ ᠰᠠᠶ᠋ᠢᠨ
   ᠴᠠᠪ ᠳᠡᠭᠡᠵᠢᠯᠡᠬᠦ ‍ᠳᠤ ᠯᠠᠮᠠ ᠰᠠᠶ᠋ᠢᠨ

       ᠭᠤᠷᠪᠠᠨ ᠰᠠᠶ᠋ᠢᠨ
   ᠴᠠᠭ ᠦ᠋ᠨ ᠠᠵᠢᠯ ᠴᠠᠭ ᠲᠠᠭᠠᠨ ᠰᠠᠶ᠋ᠢᠨ
   ᠴᠠᠬᠢᠯᠲᠠᠭ ᠡᠪᠡᠰᠦ ᠬᠠᠪᠤᠷ ᠲᠠᠭᠠᠨ ᠰᠠᠶ᠋ᠢᠨ
   ᠴᠢᠨᠠᠭᠰᠠᠨ ᠮᠢᠬ᠎ᠠ ᠬᠠᠯᠠᠭᠤᠨ ᠳ᠋ᠠᠭᠠᠨ ᠰᠠᠶ᠋ᠢᠨ

       ᠭᠤᠷᠪᠠᠨ ᠭᠠᠷᠲᠠᠭ
   ᠴᠡᠭᠡ ᠰᠠᠷᠬᠤᠳ ᠰᠦᠨ ᠡᠴᠡ ᠭᠠᠷᠲᠠᠭ
   ᠴᠡᠴᠡᠭ ᠨᠠᠪᠴᠢ ᠭᠠᠵᠠᠷ ᠠ᠋ᠴᠠ ᠭᠠᠷᠲᠠᠭ
   ᠴᠡᠴᠡᠨ ᠦᠭᠡ ᠴᠡᠭᠡᠵᠢᠨ ᠡᠴᠡ ᠭᠠᠷᠲᠠᠭ

       ᠭᠤᠷᠪᠠᠨ ᠦᠬᠦᠬᠦ
   ᠴᠠᠭ ᠮᠡᠲᠡᠬᠦ ᠦᠭᠡᠢ ᠬᠥᠮᠦᠨ ᠶᠠᠲᠠᠷᠠᠵᠤ ᠦᠬᠦᠬᠦ
   ᠴᠠᠪ ᠮᠡᠲᠡᠬᠦ ᠦᠭᠡᠢ ᠬᠥᠮᠦᠨ ᠥᠯᠪᠡᠷᠴᠦ ᠦᠬᠦᠬᠦ
   ᠴᠠᠭᠠᠵᠠ ᠮᠡᠲᠡᠬᠦ ᠦᠭᠡᠢ ᠬᠥᠮᠦᠨ ᠲᠣᠷᠴᠤ ᠦᠬᠦᠬᠦ
  
       ᠭᠤᠷᠪᠠᠨ ᠵᠥᠪ
   ᠴᠢᠨᠣ᠎ᠠ ᠮᠠᠭᠤᠲᠠᠪᠠᠴᠤ ᠬᠣᠨᠢ ᠳ᠋ᠠᠭᠠᠨ ᠵᠥᠪ
   ᠴᠠᠴᠠᠷ ᠮᠠᠭᠤᠲᠠᠪᠠᠴᠤ ᠴᠠᠰᠤᠨ ᠳ᠋ᠠᠭᠠᠨ ᠵᠥᠪ
   ᠴᠣᠷᠵᠢ ᠮᠠᠭᠤᠲᠠᠪᠠᠴᠤ ᠳᠣᠭᠵᠢᠷ ᠲᠠᠭᠠᠨ ᠵᠥᠪ

       ᠭᠤᠷᠪᠠᠨ ᠪᠠᠶ᠋ᠢᠲᠠᠭ ᠦᠭᠡᠢ
   ᠴᠠᠭ ᠴᠠᠭ ᠶ᠋ᠢᠠᠷ ᠶ᠋ᠢᠠᠨ ᠪᠠᠶ᠋ᠢᠲᠠᠭ ᠦᠭᠡᠢ
   ᠴᠠᠰᠤ ᠬᠡᠪ ᠶ᠋ᠢᠡᠷ ᠶ᠋ᠢᠡᠨ ᠪᠠᠶ᠋ᠢᠲᠠᠭ ᠦᠭᠡᠢ
   ᠴᠠᠬᠢᠯᠲᠠᠭ ᠬᠥᠬᠡ ᠪᠡᠷ ᠶ᠋ᠢᠡᠨ ᠪᠠᠶ᠋ᠢᠲᠠᠭ ᠦᠭᠡᠢ

       ᠭᠤᠷᠪᠠᠨ ᠳᠠᠭᠠᠭᠠᠬᠤ ᠦᠭᠡᠢ
   ᠴᠠᠭᠠᠨ ᠬᠢᠷᠠᠭᠤ ᠨᠠᠷᠠ ᠶ᠋ᠢ ᠳᠠᠭᠠᠭᠠᠬᠤ ᠦᠭᠡᠢ
   ᠴᠠᠭᠠᠨ ᠰᠢᠪᠠᠭᠤ ᠵᠢᠪᠠᠷ ᠊ᠢ ᠳᠠᠭᠠᠭᠠᠬᠤ ᠦᠭᠡᠢ
   ᠴᠠᠭᠠᠨ ᠥᠩᠭᠡ  ᠬᠬᠢᠷ ᠊ᠢ ᠳᠠᠭᠠᠭᠠᠬᠤ ᠦᠭᠡᠢ

       ᠭᠤᠷᠪᠠᠨ ᠬᠠᠷ᠎ᠠ
   ᠴᠠᠰᠤᠨ ‍ᠳᠤ ᠮᠥᠷ ᠨᠢᠭᠡ ᠬᠠᠷ᠎ᠠ
   ᠴᠠᠭᠠᠰᠤᠨ ‍ᠳᠤ ᠦᠰᠦᠭ ᠨᠢᠭᠡ ᠬᠠᠷ᠎ᠠ
   ᠴᠢᠲᠠᠯ ‍ᠳᠤ ᠬᠦᠴᠦ ᠨᠢᠭᠡ ᠬᠠᠷ᠎ᠠ

       ᠭᠤᠷᠪᠠᠨ ᠰᠠᠶ᠋ᠢᠨ
   ᠴᠠᠬᠢᠷᠰᠤᠨ ᠮᠠᠯᠠᠭᠠᠢ ᠲᠣᠯᠣᠭᠠᠢ ‍ᠳᠤ ᠰᠠᠶ᠋ᠢᠨ
   ᠴᠡᠩᠭᠡᠯ ᠵᠢᠷᠭᠠᠯ ᠠᠮᠢᠲᠤᠷᠠᠯ ‍ᠳᠤ ᠰᠠᠶ᠋ᠢᠨ
   ᠴᠡᠭᠡ ᠠᠶ᠋ᠢᠷᠠᠭ ᠭᠡᠲᠡᠰᠦᠨ ‍ᠳᠤ ᠰᠠᠶ᠋ᠢᠨ

       ᠭᠤᠷᠪᠠᠨ ᠰᠠᠶ᠋ᠢᠨ
   ᠴᠡᠭᠡᠵᠢᠨ ᠳ᠋ᠡᠭᠡᠨ ᠪᠣᠲᠣᠯᠬ᠋᠎ᠠ ᠲᠠᠢ ᠶᠠᠪᠤᠪᠠᠯ ᠰᠠᠶ᠋ᠢᠨ
   ᠴᠢᠬᠢᠨ ᠳ᠋ᠡᠭᠡᠨ ᠰᠣᠨᠣᠷ ᠲᠠᠢ ᠶᠠᠪᠤᠪᠠᠯ ᠰᠠᠶ᠋ᠢᠨ
   ᠴᠡᠩᠭᠡᠯ ᠳ᠋ᠡᠭᠡᠨ ᠬᠢᠴᠢᠶᠡᠮᠵᠢ ᠲᠡᠢ ᠶᠠᠪᠤᠪᠠᠯ ᠰᠠᠶ᠋ᠢᠨ
 
       ᠭᠤᠷᠪᠠᠨ ᠳᠣᠭᠰᠢᠨ
   ᠴᠡᠩᠬᠡᠷ ᠠᠭᠠᠷ ᠲᠤ ᠨᠢᠰᠬᠦ ᠡᠴᠡ ᠪᠦᠷᠭᠦᠳ ᠳᠣᠭᠰᠢᠨ
   ᠴᠠᠰᠤᠲᠤ ᠣᠢ ‍ᠳᠤ ᠠᠮᠢᠲᠤᠷᠠᠬᠤ  ᠠ᠋ᠴᠠ ᠪᠠᠷᠰ ᠳᠣᠭᠰᠢᠨ
   ᠴᠡᠨᠡᠭᠲᠦ ᠫᠤᠤ ‍ᠳᠤ ᠳᠠᠷᠤᠬᠤ ᠠ᠋ᠴᠠ ᠰᠤᠮᠤ ᠳᠣᠭᠰᠢᠨ

       ᠭᠤᠷᠪᠠᠨ ᠴᠠᠭᠠᠨ
   ᠴᠡᠪᠡᠷ ᠢᠳᠡᠭᠡᠨ ‍ᠳᠤ ᠰᠦ᠋ ᠨᠢᠭᠡ ᠴᠠᠭᠠᠨ
   ᠴᠡᠩᠭᠡᠯ ᠪᠡᠯᠭᠡ ‍ᠳᠤ ᠬᠠᠳᠠᠭ ᠨᠢᠭᠡ ᠴᠠᠭᠠᠨ
   ᠴᠢᠩ ᠵᠢᠷᠤᠮᠲᠠᠨ ‍ᠳᠤ ᠰᠡᠳᠬᠢᠯ ᠨᠢᠭᠡ ᠴᠠᠭᠠᠨ

       ᠭᠤᠷᠪᠠᠨ ᠴᠠᠭᠠᠨ
   ᠴᠢᠩ ᠵᠣᠷᠢᠬᠲᠤ ᠮᠣᠩᠭᠣᠯᠴᠤᠳ ‍ᠤᠨ ᠰᠡᠳᠬᠢᠯ ᠴᠠᠭᠠᠨ
   ᠴᠢᠭᠴᠢ ᠦᠨᠡᠨᠴᠢ ᠲᠠᠬᠢᠯᠭ᠎ᠠ ‍ᠶ᠋ᠢᠨ ᠰᠢᠲᠦᠭᠡᠨ ᠨᠢ ᠴᠠᠭᠠᠨ
   ᠴᠡᠪᠡᠷ ᠠᠷᠢᠭᠤᠨ ᠢᠳᠡᠭᠡᠨ ‍ᠤ ᠥᠩᠭᠡ ᠨᠢ ᠴᠠᠭᠠᠨ

       ᠭᠤᠷᠪᠠᠨ ᠪᠠᠲᠤ
   ᠴᠢᠨᠠᠷ ᠰᠠᠶ᠋ᠢᠲᠠᠢ ᠬᠥᠮᠦᠨ ‍ᠤ ᠠᠮᠠ ᠨᠢᠭᠡ ᠪᠠᠲᠤ
   ᠴᠢᠷᠮᠠᠶ᠋ᠢᠯᠭ᠎ᠠ ᠰᠠᠶ᠋ᠢᠲᠠᠢ ᠯᠠᠮᠠ ‍ᠶ᠋ᠢᠨ ᠡᠷᠳᠡᠮ ᠨᠢᠭᠡ ᠪᠠᠲᠤ
   ᠴᠡᠭᠡᠵᠢ ᠰᠠᠶ᠋ᠢᠲᠠᠢ ᠮᠡᠷᠭᠡᠳ ‍ᠤᠨ ᠮᠡᠳᠡᠯᠭᠡ ᠨᠢᠭᠡ ᠪᠠᠲᠤ

       ᠭᠤᠷᠪᠠᠨ ᠦᠭᠡᠢ
   ᠴᠤᠤᠲᠤ ᠲᠩᠷᠢ ᠪᠣᠷᠣᠭᠠᠨ ᠨᠢᠭᠡ ᠦᠭᠡᠢ
   ᠴᠤᠤᠲᠤ ᠬᠡᠦᠬᠡᠨ ᠬᠤᠷᠢᠮ ᠨᠢᠭᠡ ᠦᠭᠡᠢ
   ᠴᠤᠤᠲᠤ ᠪᠠᠶᠠᠨ ᠬᠦᠨᠳᠦ ᠨᠢᠭᠡ ᠦᠭᠡᠢ

       ᠭᠤᠷᠪᠠᠨ ᠵᠢᠮᠰᠡᠭ
   ᠴᠣᠩᠬᠣ ᠡᠭᠦᠳᠡ ᠭᠡᠷ ‍ᠤᠨ ᠵᠢᠮᠰᠡᠭ
   ᠴᠣᠪᠣᠭᠣ ᠰᠡᠷᠭᠦᠯᠡᠩ ᠪᠡᠶ᠎ᠡ ‍ᠶ᠋ᠢᠨ ᠵᠢᠮᠰᠡᠭ
   ᠴᠤᠯᠪᠤᠭᠤᠷ ᠨᠣᠭᠲᠣ ᠮᠣᠷᠢᠨ ‍ᠤ ᠵᠢᠮᠰᠡᠭ

       ᠭᠤᠷᠪᠠᠨ ᠲᠡᠮᠳᠡᠭ
   ᠴᠦᠯᠡᠵᠦ ᠪᠠᠶ᠋ᠢᠬᠤ ᠨᠢ ᠬᠣᠭᠣᠰᠣᠷᠠᠬᠤ ‍ᠶ᠋ᠢᠨ ᠲᠡᠮᠳᠡᠭ
   ᠴᠥᠭᠡᠷᠡᠵᠦ ᠪᠠᠶ᠋ᠢᠬᠤ ᠨᠢ ᠪᠠᠷᠠᠭᠳᠠᠬᠤ ‍ᠶ᠋ᠢᠨ ᠲᠡᠮᠳᠡᠭ
   ᠴᠥᠯᠪᠡᠵᠦ ᠪᠠᠶ᠋ᠢᠬᠤ ᠨᠢ ᠳᠠᠭᠤᠰᠤᠭᠰᠠᠨ ‍ᠤ ᠲᠡᠮᠳᠡᠭ

       ᠭᠤᠷᠪᠠᠨ ᠰᠢᠭᠠᠷᠤ
   ᠴᠥᠴᠥᠭᠡᠢ ᠴᠠᠭ᠎ᠠ ᠨᠢ ᠰᠦ᠋ ‍ᠶ᠋ᠢᠨ ᠰᠢᠭᠠᠷᠤ
   ᠴᠥᠯᠪᠡᠬᠦᠨ ᠵᠣᠯᠪᠢᠩ ᠨᠢ ᠵᠠᠩ ‍ᠤᠨ ᠰᠢᠭᠠᠷᠤ
   ᠴᠦᠯ ᠡᠯᠡᠰᠦ ᠨᠢ ᠭᠠᠵᠠᠷ ‍ᠤᠨ ᠰᠢᠭᠠᠷᠤ


        ᠵᠠ‍  ‍ᠶ᠋ᠢᠨ  ᠠᠶ᠋ᠢᠮᠠᠭ

       ᠭᠤᠷᠪᠠᠨ ᠤᠯᠠᠭᠠᠨ
   ᠵᠠᠭᠤᠳᠠᠭ ᠨᠣᠬᠠᠢ ‍ᠶ᠋ᠢᠨ ᠵᠠᠪᠠᠵᠢ ᠨᠢᠭᠡ ᠤᠯᠠᠭᠠᠨ
   ᠵᠢᠪᠠᠷ ᠎ᠲᠤ᠌ ᠭᠦᠶᠦᠭᠰᠡᠨ ᠦᠨᠡᠭᠡ ᠨᠢᠭᠡ ᠤᠯᠠᠭᠠᠨ
   ᠵᠢᠯᠠᠭᠠᠨ ‍ᠳᠤ ᠤᠷᠭᠤᠭᠰᠠᠨ ᠰᠤᠬᠠᠢ ᠨᠢᠭᠡ ᠤᠯᠠᠭᠠᠨ

       ᠭᠤᠷᠪᠠᠨ ᠪᠡᠷᠬᠡ
   ᠵᠠᠮ ᠦᠭᠡᠢ ᠳᠠᠪᠠᠭ᠎ᠠ ‍ᠶ᠋ᠢ ᠳᠠᠪᠠᠬᠤ ‍ᠳᠤ ᠪᠡᠷᠬᠡ
   ᠵᠠᠩᠭᠢᠯᠠᠭᠰᠠᠨ ᠦᠭᠡ ‍ᠶ᠋ᠢ ᠲᠠᠶ᠋ᠢᠯᠬᠤ ‍ᠳᠤ ᠪᠡᠷᠬᠡ
   ᠵᠠᠭᠠᠨ ‍ᠤ ᠰᠣᠶᠣᠭ᠎ᠠ ‍ᠶ᠋ᠢ ᠵᠠᠯᠠᠬᠤ ‍ᠳᠤ ᠪᠡᠷᠬᠡ

       ᠭᠤᠷᠪᠠᠨ ᠤᠯᠠᠭᠠᠨ
   ᠵᠠᠭᠤᠳᠠᠭ ᠪᠤᠤᠷ᠎ᠠ ‍ᠶ᠋ᠢᠨ ᠰᠢᠯᠢ ᠨᠢᠭᠡ ᠤᠯᠠᠭᠠᠨ
   ᠵᠠᠪᠬᠠᠢ ᠬᠥᠮᠦᠨ ‍ᠤ ᠨᠢᠳᠦ ᠨᠢᠭᠡ ᠤᠯᠠᠭᠠᠨ
   ᠵᠢᠷᠠᠨ ᠰᠠᠶ᠋ᠢᠳ ‍ᠤᠨ ᠵᠠᠯᠠᠭ᠎ᠠ ᠨᠢᠭᠡ ᠤᠯᠠᠭᠠᠨ

       ᠭᠤᠷᠪᠠᠨ ᠰᠢᠪᠰᠢᠭ
   ᠵᠠᠮ ᠳᠤᠮᠳᠠ ᠮᠣᠷᠢ ᠠ᠋ᠴᠠ ᠰᠠᠯᠬᠤ ᠰᠢᠪᠰᠢᠭ
   ᠤᠰᠤᠨ ᠳᠤᠮᠳᠠ ᠣᠩᠭᠣᠴᠠ ᠠ᠋ᠴᠠ ᠰᠠᠯᠬᠤ ᠰᠢᠪᠰᠢᠭ
   ᠵᠠᠯᠠᠭᠤ ᠨᠠᠰᠤᠨ ‍ᠳᠤ ᠡᠬᠡᠨᠡᠷ ᠠ᠋ᠴᠠ ᠰᠠᠯᠬᠤ ᠰᠢᠪᠰᠢᠭ

       ᠭᠤᠷᠪᠠᠨ ᠭᠠᠭᠴᠠᠬᠠᠨ
   ᠵᠠᠭᠠᠨ ᠨᠢ ᠥᠨᠳᠥᠷ ᠪᠣᠯᠪᠠᠴᠤ ᠵᠤᠯᠵᠠᠭ᠎ᠠ ᠨᠢ ᠭᠠᠭᠴᠠᠬᠠᠨ
   ᠵᠠᠰᠠᠭ ᠨᠢ ᠣᠯᠠᠨ ᠪᠣᠯᠪᠠᠴᠤ ᠵᠠᠬᠢᠷᠬᠤ ᠨᠢ ᠭᠠᠭᠴᠠᠬᠠᠨ
   ᠵᠠᠯᠠᠭ᠎ᠠ ᠨᠢ ᠣᠯᠠᠨ ᠪᠣᠯᠪᠠᠴᠤ ᠵᠡᠪᠰᠡᠭ ᠨᠢ ᠭᠠᠭᠴᠠᠬᠠᠨ

       ᠭᠤᠷᠪᠠᠨ ᠢᠯᠡᠭᠦᠦ
   ᠵᠠᠮ ᠮᠡᠳᠡᠬᠦ ᠦᠭᠡᠢ ᠬᠥᠮᠦᠨ ᠲᠥᠭᠡᠷᠢᠬᠦ ᠨᠢ ᠢᠯᠡᠭᠦᠦ
   ᠵᠣᠷᠢᠬ ᠰᠢᠢᠳᠪᠦᠷᠢ ᠦᠭᠡᠢ ᠬᠥᠮᠦᠨ ᠭᠤᠶ᠋ᠢᠪᠢᠬᠤ ᠨᠢ ᠢᠯᠡᠭᠦᠦ
   ᠵᠣᠯ ᠵᠢᠷᠭᠠᠯ ᠦᠭᠡᠢ ᠬᠥᠮᠦᠨ ᠵᠣᠪᠠᠬᠤ ᠨᠢ ᠢᠯᠡᠭᠦᠦ  

        ᠭᠤᠷᠪᠠᠨ ᠪᠠᠷᠠᠳᠠᠭ
   ᠵᠠᠭᠤᠳᠠᠭ ᠨᠣᠬᠠᠢ ᠰᠢᠳᠦ ᠎ᠪᠠᠨ ᠨᠢᠭᠡ ᠪᠠᠷᠠᠳᠠᠭ
   ᠵᠠᠪᠬᠠᠢ ᠡᠮ᠎ᠡ ᠨᠢᠭᠤᠷ ‍ᠢᠶ᠋ᠠᠨ ᠨᠢᠭᠡ ᠪᠠᠷᠠᠳᠠᠭ
   ᠵᠢᠰᠤᠷᠴᠢ ᠬᠥᠮᠦᠨ ᠨᠡᠷ᠎ᠡ ᠪᠡᠨ ᠨᠢᠭᠡ ᠪᠠᠷᠠᠲᠠᠬ

       ᠭᠤᠷᠪᠠᠨ ᠰᠠᠶ᠋ᠢᠬᠠᠨ
   ᠵᠠᠭᠠᠯ ᠤᠯᠠᠭᠠᠨ ᠥᠩᠭᠡ ᠨᠢᠭᠡ ᠰᠠᠶ᠋ᠢᠬᠠᠨ
   ᠵᠠᠮ ᠦ᠋ᠨ ᠬᠠᠵᠠᠭᠤ ‍ᠳᠦ ᠤᠰᠤ ᠨᠢᠭᠡ ᠰᠠᠶ᠋ᠢᠬᠠᠨ
   ᠵᠢᠭᠠᠯ ᠦᠶ᠎ᠡ ‍ᠳᠦ ᠵᠠᠩ ᠨᠢᠭᠡ ᠰᠠᠶ᠋ᠢᠬᠠᠨ

       ᠭᠤᠷᠪᠠᠨ ᠴᠤᠭᠯᠠᠷᠠᠨ᠎ᠠ
   ᠵᠠᠮᠠᠭ ᠰᠠᠶ᠋ᠢᠲᠠᠢ ᠨᠠᠭᠤᠷ ᠲᠤ ᠵᠢᠭᠠᠰᠤ ᠠᠷᠪᠢᠨ ᠴᠤᠭᠯᠠᠷᠠᠨ᠎ᠠ
   ᠵᠠᠩ ᠰᠠᠶ᠋ᠢᠲᠠᠢ ᠬᠥᠮᠦᠨ ‍ᠳᠦ  ᠨᠥᠬᠥᠷ ᠠᠷᠪᠢᠨ ᠴᠤᠭᠯᠠᠷᠠᠨ᠎ᠠ
   ᠵᠠᠰᠠᠯ ᠰᠠᠶ᠋ᠢᠲᠠᠢ ᠬᠡᠦᠬᠡᠨ ‍ᠳᠦ  ᠨᠢᠲᠦ ᠠᠷᠪᠢᠨ ᠴᠤᠭᠯᠠᠷᠠᠨ᠎ᠠ

       ᠭᠤᠷᠪᠠᠨ ᠳᠡᠭᠡᠷ᠎ᠡ
   ᠵᠠᠭᠤᠨ ᠬᠥᠮᠦᠨ ᠪ ᠨᠢᠲᠦᠨ ᠳᠡᠭᠡᠷ᠎ᠡ
   ᠵᠠᠭᠤᠲᠠᠭ ᠨᠣᠬᠠᠢ ᠶ᠋ᠢᠨ ᠰᠢᠲᠤᠨ ᠳᠡᠭᠡᠷ᠎ᠡ
   ᠵᠢᠷᠭᠤᠭᠠᠯᠵᠢᠨ ᠵᠠᠮ ᠦ᠋ᠨ ᠠᠭᠤᠯᠵᠠᠷ ᠳᠡᠭᠡᠷ᠎ᠡ

       ᠭᠤᠷᠪᠠᠨ ᠬᠠᠭᠤᠷᠮᠠᠭ
   ᠵᠠᠯᠠᠭᠤ ᠠ᠋ᠴᠠ ᠪᠣᠯᠤᠭᠰᠠᠨ ᠡᠪᠡᠤᠠᠴᠢᠨ ᠬᠠᠭᠤᠷᠮᠠᠭ
   ᠵᠣᠭᠣᠰ ᠠ᠋ᠴᠠ ᠪᠣᠯᠤᠭᠰᠠᠨ ᠢᠨᠠᠭ ᠬᠠᠭᠤᠷᠮᠠᠭ
   ᠵᠠᠬᠢᠷᠤᠯ ᠠ᠋ᠴᠠ ᠪᠣᠯᠤᠭᠰᠠᠨ ᠶᠠᠪᠤᠲᠠᠯ ᠬᠠᠭᠤᠷᠮᠠᠭ

       ᠭᠤᠷᠪᠠᠨ ᠣᠯᠠᠨ
   ᠵᠠᠪᠬᠠᠢ ᠬᠥᠮᠦᠨ ᠊ᠢ ᠭᠤᠯᠤᠭᠴᠢ ᠣᠯᠠᠨ
   ᠵᠠᠯᠠᠭᠤ ᠬᠥᠮᠦᠨ ᠊ᠢ ᠵᠠᠩᠲᠤᠷᠤᠭᠴᠢ ᠣᠯᠠᠨ
   ᠵᠠᠩ ᠮᠠᠭᠤᠲᠤ ᠶ᠋ᠢ ᠵᠢᠭᠰᠢᠭᠴᠢ ᠣᠯᠠᠨ

       ᠭᠤᠷᠪᠠᠨ ᠣᠯᠠᠨ
   ᠵᠠᠯᠠᠭᠤ ᠬᠥᠮᠦᠨ ‍ᠳᠦ ᠰᠢᠯᠲᠠᠬ ᠨᠢᠭᠡ ᠣᠯᠠᠨ
   ᠵᠠᠯᠭᠠᠵᠤ ᠬᠡᠷᠡᠭᠯᠡᠬᠦ ‍ᠳᠦ ᠦᠭᠡ ᠨᠢᠭᠡ ᠣᠯᠠᠨ
   ᠵᠠᠯᠠᠭᠤ ᠪᠡᠷᠢ ‍ᠳᠦ ᠬᠠᠨᠢ ᠨᠢᠭᠡ ᠣᠯᠠᠨ

       ᠭᠤᠷᠪᠠᠨ ᠳᠠᠭᠠᠨ᠎ᠠ
   ᠵᠠᠭᠠᠨ ᠪᠣᠯᠪᠠᠴᠤ ᠵᠠᠮ ᠦ᠋ᠨ ᠠᠶ᠎ᠠ ᠶ᠋ᠢ ᠳᠠᠭᠠᠨ᠎ᠠ
   ᠵᠠᠩᠵᠤᠨ ᠪᠣᠯᠪᠠᠴᠤ ᠶᠤᠰᠤ ᠶ᠋ᠢᠨ ᠠᠶ᠎ᠠ ᠶ᠋ᠢ ᠳᠠᠭᠠᠨ᠎ᠠ
   ᠵᠢᠪᠡᠷ ᠪᠣᠯᠪᠠᠴᠤ ᠭᠠᠵᠠᠷ ᠦ᠋ᠨ ᠠᠶ᠎ᠠ ᠶ᠋ᠢ ᠳᠠᠭᠠᠨ᠎ᠠ

       ᠭᠤᠷᠪᠠᠨ ᠦᠨᠡᠨ
   ᠵᠠᠯᠢᠬᠠᠢ ᠪᠣᠯᠪᠠᠯ ᠠᠲᠠ ᠪᠣᠯᠬᠤ ᠦᠨᠡᠨ
   ᠵᠠᠶ᠋ᠢᠲᠠᠩ ᠤᠨᠤᠪᠠᠯ ᠪᠥᠭᠰᠡ ᠬᠣᠯᠭᠣᠬᠤ ᠦᠨᠡᠨ
   ᠵᠠᠪᠬᠠᠢ ᠶᠠᠪᠤᠪᠠᠯ ᠰᠢᠪᠰᠢᠭ ᠪᠣᠯᠬᠤ ᠦᠨᠡᠨ

       ᠭᠤᠷᠪᠠᠨ ᠳᠠᠭᠠᠨ᠎ᠠ
   ᠵᠠᠭᠠᠨ ᠬᠡᠲᠦᠢ ᠲᠣᠮᠣ ᠪᠣᠯᠪᠠᠴᠤ ᠵᠠᠮ ᠦ᠋ᠨ ᠠᠶ᠎ᠠ ᠶ᠋ᠢ ᠳᠠᠭᠠᠨ᠎ᠠ
   ᠵᠠᠩᠵᠤᠨ ᠬᠡᠲᠦᠢ ᠴᠢᠲᠠᠯ ᠲᠠᠢ ᠪᠣᠯᠪᠠᠴᠤ ᠬᠠᠤᠯᠢ ᠶ᠋ᠢᠨ ᠠᠶ᠎ᠠ  ᠶ᠋ᠢ ᠳᠠᠭᠠᠨ᠎ᠠ
   ᠵᠢᠭᠠᠰᠤ ᠬᠡᠲᠦᠢ ᠪᠦᠲᠦᠭᠦᠨ ᠪᠣᠯᠪᠠᠴᠤ ᠤᠰᠤᠨ ᠪ ᠠᠶ᠎ᠠ ᠶ᠋ᠢ ᠳᠠᠭᠠᠨ᠎ᠠ

       ᠭᠤᠷᠪᠠᠨ ᠦᠭᠡᠢ
   ᠵᠠᠯᠬᠠᠭᠤ ᠬᠥᠮᠦᠨ ᠡᠴᠡ ᠨᠣᠶ᠋ᠢᠷ ᠰᠠᠯᠲᠠᠭ ᠦᠭᠡᠢ
   ᠵᠡᠪᠡ ᠭᠠᠵᠠᠷ ᠠ᠋ᠴᠠ ᠮᠠᠨᠠᠨ ᠰᠠᠯᠲᠠᠭ ᠦᠭᠡᠢ
   ᠵᠠᠮ ᠦ᠋ᠨ ᠳᠣᠣᠷ᠎ᠠ ᠠ᠋ᠴᠠ ᠵᠢᠭᠠᠰᠤ ᠰᠠᠯᠲᠠᠭ ᠦᠭᠡᠢ

       ᠭᠤᠷᠪᠠᠨ ᠴᠢᠮᠡᠭ
   ᠵᠠᠭᠠᠨ ᠪᠠᠷᠰ ᠠᠭᠤᠯᠠᠨ ᠪ ᠴᠢᠮᠡᠭ
   ᠵᠢᠭᠠᠰᠤ ᠵᠢᠷᠠᠭᠠᠬᠠᠢ ᠤᠰᠤᠨ ᠪ ᠴᠢᠮᠡᠭ
   ᠵᠠᠰᠠᠯ ᠵᠢᠮᠰᠡᠭ ᠪᠠᠶᠠᠨ ᠪ ᠴᠢᠮᠡᠭ

       ᠭᠤᠷᠪᠠᠨ ᠨᠢᠭᠡ
   ᠵᠡᠭᠡᠷᠲᠡ ᠮᠣᠷᠢᠨ ᠪ ᠬᠣᠯᠪᠣᠬ᠋᠎ᠠ ᠨᠢᠭᠡ
   ᠵᠢᠭᠡ ᠨᠠᠭᠠᠴᠤ ᠶ᠋ᠢᠨ ᠰᠥᠯᠪᠡᠭᠡ ᠨᠢᠭᠡ
   ᠵᠡᠪᠡ ᠨᠤᠮᠤ ᠶ᠋ᠢᠨ ᠲᠦᠷᠦ ᠨᠢᠭᠡ

       ᠭᠤᠷᠪᠠᠨ ᠬᠥᠭᠡᠭᠡᠬᠦ
   ᠵᠠᠮᠠᠭ ᠦ᠋ᠨ ᠵᠢᠭᠠᠰᠤ ᠶ᠋ᠢ ᠰᠡᠷᠡᠭᠡ ᠬᠥᠭᠡᠭᠡᠬᠦ
   ᠵᠦᠯᠭᠡᠨ ᠪ ᠲᠠᠤᠯᠠᠢ ᠶ᠋ᠢ ᠨᠣᠬᠠᠢ ᠬᠥᠭᠡᠭᠡᠬᠦ
   ᠵᠢᠷᠦᠬᠡᠨ ᠪ ᠦᠭᠡ ᠶ᠋ᠢ ᠠᠷᠢᠬᠢ ᠬᠥᠭᠡᠭᠡᠬᠦ

       ᠭᠤᠷᠪᠠᠨ ᠲᠠᠷᠭᠤᠯᠠᠬᠤ
   ᠵᠤᠳ ᠪᠣᠯᠬᠤ ‍ᠳᠦ ᠨᠣᠬᠠᠢ ᠨᠢᠭᠡ ᠲᠠᠷᠭᠤᠯᠠᠬᠤ
   ᠵᠤᠨ ᠪᠣᠯᠬᠤ ‍ᠳᠦ ᠮᠠᠯ ᠨᠢᠭᠡ ᠲᠠᠷᠭᠤᠯᠠᠬᠤ
   ᠵᠣᠪᠠᠯᠠᠩ ᠪᠣᠯᠬᠤ ‍ᠳᠦ ᠯᠠᠮᠠ ᠨᠢᠭᠡ ᠲᠠᠷᠭᠤᠯᠠᠬᠤ

       ᠭᠤᠷᠪᠠᠨ ᠡᠯᠪᠡᠭ
   ᠵᠣᠪᠠᠯᠠᠩ ᠲᠠᠢ ᠭᠠᠵᠠᠷ ᠨᠣᠶᠠᠳ ᠨᠢᠭᠡ ᠡᠯᠪᠡᠭ
   ᠵᠥᠭᠡᠢ ᠎ᠲᠡᠢ ᠭᠠᠵᠠᠷ ᠪᠠᠯ ᠨᠢᠭᠡ ᠡᠯᠪᠡᠭ
   ᠴᠢᠳᠬᠦᠷ ᠎ᠲᠡᠢ ᠭᠠᠵᠠᠷ ᠯᠠᠮᠠ ᠨᠢᠭᠡ ᠡᠯᠪᠡᠭ

         ᠭᠤᠷᠪᠠᠨ ᠦᠭᠡᠢ
   ᠵᠣᠳᠣᠯᠴᠠᠭᠰᠠᠨ ᠬᠥᠮᠦᠨ ‍ᠳᠦ ᠰᠠᠶ᠋ᠢᠨ ᠭᠠᠷ ᠦᠭᠡᠢ
   ᠴᠤᠤᠭᠢᠬᠰᠠᠨ ᠬᠥᠮᠦᠨ ‍ᠳᠦ ᠰᠠᠶ᠋ᠢᠨ ᠠᠮᠠ ᠦᠭᠡᠢ
   ᠵᠣᠪᠠᠭᠰᠠᠨ ᠬᠥᠮᠦᠨ ‍ᠳᠦ ᠰᠠᠶ᠋ᠢᠨ ᠶᠠᠪᠤᠳᠠᠯ ᠦᠭᠡᠢ

          ᠭᠤᠷᠪᠠᠨ ᠦᠭᠡᠢ
   ᠵᠤᠷᠮᠠᠨ ᠲᠣᠯᠣᠭᠠᠢ ‍ᠳᠤ ᠮᠢᠬ᠎ᠠ ᠨᠢᠭᠡ ᠦᠭᠡᠢ
   ᠵᠠᠭᠤᠴᠢ ᠬᠥᠮᠦᠨ ‍ᠳᠦ ᠨᠢᠭᠤᠷ ᠨᠢᠭᠡ ᠦᠭᠡᠢ
   ᠵᠣᠪᠠᠯ ᠲᠠᠬᠤᠯ ‍ᠳᠤ ᠨᠢᠳᠦ ᠨᠢᠭᠡ ᠦᠭᠡᠢ
   
          ᠭᠤᠷᠪᠠᠨ ᠶᠡᠬᠡ 
   ᠵᠣᠪᠠᠯᠠᠩ ᠨᠢ ᠪᠠᠭ᠎ᠠ ᠪᠣᠯᠪᠠᠯ ᠶᠣᠶ᠋ᠢᠯᠠᠬᠤ ᠨᠢ ᠶᠡᠬᠡ
   ᠵᠣᠷᠢᠬ ᠨᠢ ᠪᠠᠭ᠎ᠠ ᠪᠣᠯᠪᠠᠯ ᠠᠶᠤᠬᠤ ᠨᠢ ᠶᠡᠬᠡ
   ᠵᠤᠳᠯᠠᠬᠤ ᠨᠢ ᠪᠠᠭ᠎ᠠ ᠪᠣᠯᠪᠠᠯ ᠰᠠᠯᠬᠢᠯᠠᠬᠤ ᠨᠢ ᠶᠡᠬᠡ
  
       ᠭᠤᠷᠪᠠᠨ ᠬᠡᠷᠡᠭᠲᠡᠢ
   ᠵᠣᠪᠠᠵᠤ ᠶᠠᠪᠤᠬᠤ ‍ᠳᠤ ᠵᠣᠷᠢᠬ ᠬᠡᠷᠡᠭᠲᠡᠢ
   ᠵᠢᠷᠭᠠᠵᠤ ᠶᠠᠪᠤᠬᠤ ‍ᠳᠤ ᠰᠦᠵᠢᠭ ᠬᠡᠷᠡᠭᠲᠡᠢ
   ᠵᠥᠪᠯᠡᠵᠦ ᠶᠠᠪᠤᠬᠤ ‍ᠳᠤ ᠠᠷᠭ᠎ᠠ ᠬᠡᠷᠡᠭᠲᠡᠢ

       ᠭᠤᠷᠪᠠᠨ ᠰᠢᠷᠦᠭᠦᠨ
   ᠵᠠᠮ ‍ᠢᠶ᠋ᠠᠷ ᠶᠠᠪᠤᠭᠰᠠᠨ ᠮᠣᠷᠢ ᠰᠢᠷᠦᠭᠦᠨ
   ᠵᠠᠷᠯᠢᠬ ‍ᠢᠶ᠋ᠠᠷ ᠶᠠᠪᠤᠭᠰᠠ ᠡᠯᠴᠢ ᠰᠢᠷᠦᠭᠦᠨ
   ᠵᠠᠯᠠᠯᠭ᠎ᠠ ᠎ᠪᠠᠷ ᠶᠠᠪᠤᠭᠰᠠᠨ ᠯᠠᠮᠠ ᠰᠢᠷᠦᠭᠦᠨ

        ᠭᠤᠷᠪᠠᠨ ᠵᠥᠭᠡᠯᠡᠨ 
   ᠵᠠᠯᠢᠬᠠᠢ ᠬᠥᠮᠦᠨ ‍ᠦ ᠵᠠᠩ ᠵᠥᠭᠡᠯᠡᠨ
   ᠵᠠᠷᠤᠴᠠ ᠬᠥᠮᠦᠨ ‍ᠦ ᠦᠭᠡ ᠵᠥᠭᠡᠯᠡᠨ
   ᠵᠠᠭᠤᠴᠢ ᠬᠥᠮᠦᠨ ‍ᠦ ᠬᠡᠯᠡ ᠵᠥᠭᠡᠯᠡᠨ

       ᠭᠤᠷᠪᠠᠨ ᠤᠯᠠᠭᠠᠨ
   ᠵᠡᠭᠡᠷᠳᠡ ᠮᠣᠷᠢᠨ ‍ᠤ ᠵᠢᠰᠦ ᠨᠢᠭᠡ ᠤᠯᠠᠭᠠᠨ
   ᠵᠢᠳᠠ ᠰᠡᠷᠡᠭᠡ ‍ᠶ᠋ᠢᠨ ᠵᠠᠯᠠᠭ᠎ᠠ ᠨᠢᠭᠡ ᠤᠯᠠᠭᠠᠨ 
   ᠵᠢᠩᠰᠡᠲᠦ ᠮᠠᠯᠠᠭᠠᠢ ‍ᠶ᠋ᠢᠨ ᠤᠲᠤᠭ᠎ᠠ ᠨᠢᠭᠡ ᠤᠯᠠᠭᠠᠨ

       ᠭᠤᠷᠪᠠᠨ  ᠬᠤᠷᠳᠤᠨ  
   ᠵᠸ ᠭᠡᠬᠦ ‍ᠳᠦ ᠮᠣᠷᠢ ᠨᠢᠭᠡ ᠬᠤᠷᠳᠤᠨ
   ᠵᠡᠷᠭᠡᠴᠡᠭᠡᠳ ᠣᠴᠢᠬᠤ ‍ᠳᠤ ᠵᠡᠭᠡᠷ᠎ᠡ ᠨᠢᠭᠡ ᠬᠤᠷᠳᠤᠨ
   ᠵᠢᠷᠡᠯᠵᠡᠭᠡᠳ ᠭᠦᠶᠦᠬᠦ ‍ᠳᠦ ᠨᠣᠬᠠᠢ ᠨᠢᠭᠡ ᠬᠤᠷᠳᠤᠨ

         ᠭᠤᠷᠪᠠᠨ ᠤᠯᠠᠭᠠᠨ
   ᠵᠢᠪᠠᠷ ᠎ᠲᠠᠢ ᠲᠡᠭᠷᠢ ‍ᠶ᠋ᠢᠨ ᠬᠠᠶᠠᠭ᠎ᠠ ᠨᠢᠭᠡ ᠤᠯᠠᠭᠠᠨ
   ᠵᠢᠷᠭᠠᠯ ᠎ᠲᠠᠢ ᠬᠠᠲᠤᠨ ‍ᠤ ᠬᠠᠴᠠᠷ ᠨᠢᠭᠡ ᠤᠯᠠᠭᠠᠨ
   ᠵᠢᠷᠳᠠᠭᠠᠢ ᠬᠥᠮᠦᠨ ‍ᠦ ᠨᠢᠳᠦ ᠨᠢᠭᠡ ᠤᠯᠠᠭᠠᠨ

       ᠭᠤᠷᠪᠠᠨ ᠰᠠᠶ᠋ᠢᠬᠠᠨ
   ᠵᠢᠭᠳᠡᠷᠡᠭᠰᠡᠨ ᠣᠳᠣᠨ ‍ᠤ ᠳᠤᠮᠳᠠ ᠰᠠᠷᠠ ᠰᠠᠶ᠋ᠢᠬᠠᠨ
   ᠵᠢᠭᠦᠷᠲᠡᠨ ᠰᠢᠪᠠᠭᠤᠳ ‍ᠤᠨ ᠳᠤᠮᠳᠠ ᠲᠣᠭᠣᠰ ᠰᠠᠶ᠋ᠢᠬᠠᠨ
   ᠵᠡᠷᠭᠡᠯᠡᠵᠦ ᠤᠷᠭᠤᠭᠰᠠᠨ ᠮᠣᠳᠣᠨ ᠳᠤᠮᠳᠠ ᠨᠠᠷᠠᠰᠤ ᠰᠠᠶ᠋ᠢᠬᠠᠨ
  
         ᠭᠤᠷᠪᠠᠨ ᠬᠣᠤᠷ
   ᠵᠢᠯᠣᠭᠣ ᠎ᠪᠠᠨ ᠠᠯᠳᠠᠪᠠᠯ ᠠᠮᠢᠨ ‍ᠳᠤ ᠨᠢᠭᠡ ᠬᠣᠤᠷ
   ᠵᠣᠷᠢᠬ ‍ᠢᠶ᠋ᠠᠨ ᠠᠯᠳᠠᠪᠠᠯ ᠠᠵᠢᠯ ‍ᠳᠤ ᠨᠢᠭᠡ ᠬᠣᠤᠷ
   ᠵᠢᠪᠬᠤᠭ᠎ᠠ ᠎ᠪᠠᠨ ᠠᠯᠳᠠᠪᠠᠯ ᠪᠡᠶ᠎ᠡ ‍ᠳᠦ ᠨᠢᠭᠡ ᠬᠣᠤᠷ

       ᠭᠤᠷᠪᠠᠨ ᠡᠷᠳᠡᠨᠢ
   ᠵᠢᠷᠭᠠᠵᠤ ᠨᠠᠶ᠋ᠢᠷᠯᠠᠯᠳᠤᠬᠤ ‍ᠳᠤ ᠠᠷᠢᠬᠢ ᠨᠢᠭᠡ ᠡᠷᠳᠡᠨᠢ
   ᠵᠠᠮ ᠶᠠᠪᠤᠬᠤ ‍ᠳᠤ ᠬᠦᠯᠦᠭ ᠨᠢᠭᠡ ᠡᠷᠳᠡᠨᠢ
   ᠵᠢᠷᠭᠠᠨ ᠰᠠᠭᠤᠬᠤ ‍ᠳᠤ ᠡᠬᠡᠨᠡᠷ ᠨᠢᠭᠡ ᠡᠷᠳᠡᠨᠢ

       ᠭᠤᠷᠪᠠᠨ ᠰᠠᠶ᠋ᠢᠬᠠᠨ
   ᠵᠥᠭᠡᠭᠡᠵᠦ ᠪᠠᠭᠤᠬᠤ ‍ᠳᠤ ᠵᠦᠯᠭᠡ ᠨᠢᠭᠡ ᠰᠠᠶ᠋ᠢᠬᠠᠨ
   ᠵᠥᠪᠯᠡᠵᠦ ᠶᠠᠷᠢᠯᠴᠠᠬᠤ ‍ᠳᠤ ᠨᠦᠬᠦᠳ ᠨᠢᠭᠡ ᠰᠠᠶ᠋ᠢᠬᠠᠨ
   ᠵᠦᠪᠲᠡᠭᠡᠵᠦ ᠰᠤᠷᠭᠠᠬᠤ ‍ᠳᠤ ᠠᠪᠤ ᠨᠢᠭᠡ ᠰᠠᠶ᠋ᠢᠬᠠᠨ

        ᠭᠤᠷᠪᠠᠨ ᠠᠯᠠᠭ᠎ᠠ
   ᠵᠥᠪᠯᠡᠪᠡᠯ ᠵᠦᠳᠡᠷᠡᠯ ᠭᠡᠵᠦ ᠨᠢᠭᠡ ᠠᠯᠠᠭ᠎ᠠ
   ᠡᠪᠯᠡᠪᠡᠯ ᠡᠪᠳᠡᠷᠡᠯ ᠭᠡᠵᠦ ᠨᠢᠭᠡ ᠠᠯᠠᠭ᠎ᠠ
   ᠰᠢᠮᠲᠠᠪᠡᠯ ᠬᠦᠴᠢᠷᠳᠡᠯ ᠭᠡᠵᠦ ᠨᠢᠭᠡ ᠠᠯᠠᠭ᠎ᠠ

      ᠭᠤᠷᠪᠠᠨ ᠬᠠᠷ᠎ᠠ
   ᠵᠤᠤᠬᠠᠨ ᠳᠣᠲᠣᠷᠠᠬᠢ ᠬᠦ᠋ ᠨᠢᠭᠡ ᠬᠠᠷ᠎ᠠ
   ᠵᠣᠯᠠᠨ ᠳᠣᠣᠷᠠᠬᠢ ᠪᠠᠤᠠᠮ᠎ᠠ ᠨᠢᠭᠡ ᠬᠠᠷ᠎ᠠ
   ᠵᠢᠷᠦᠬᠡᠨ ᠳᠣᠲᠣᠷᠠᠬᠢ ᠰᠡᠤᠠᠬᠢᠯ ᠨᠢᠭᠡ ᠬᠠᠷ᠎ᠠ

       ᠭᠤᠷᠪᠠᠨ ᠠᠮᠤᠷ ᠦᠭᠡᠢ
   ᠵᠣᠪᠠᠯᠠᠩ ᠣᠯᠠᠨ ᠪᠣᠯ ᠰᠡᠤᠠᠬᠢᠯ ᠠᠮᠤᠷ ᠦᠭᠡᠢ
   ᠵᠡᠭᠦᠲᠦ ᠣᠯᠠᠨ ᠪᠣᠯ ᠲᠠᠷᠢᠬᠢ ᠠᠮᠤᠷ ᠦᠭᠡᠢ
   ᠵᠣᠭᠣᠰ ᠣᠯᠠᠨ ᠪᠣᠯ ᠰᠠᠨᠠᠬ᠋᠎ᠠ ᠠᠮᠤᠷ ᠦᠭᠡᠢ

       ᠭᠤᠷᠪᠠᠨ ᠪᠢᠰᠢ
   ᠵᠥᠷᠢᠭ᠍ᠰᠡᠨ ᠪᠦᠬᠦᠨ ᠳᠠᠶ᠋ᠢᠰᠤᠨ ᠪᠢᠰᠢ
   ᠵᠤᠮᠠᠶ᠋ᠢᠬᠰᠠᠨ ᠪᠦᠬᠦᠨ ᠨᠥᠬᠥᠷ ᠪᠢᠰᠢ
   ᠵᠣᠭᠣᠭᠲᠠᠭᠰᠠᠨ ᠪᠦᠬᠦᠨ ᠳᠣᠲᠣᠨᠣ ᠪᠢᠰᠢ

       ᠭᠤᠷᠪᠠᠨ ᠬᠡᠴᠡᠭᠦᠦ
   ᠵᠥᠭᠡᠯᠡᠨ ᠤᠷᠤᠭᠤᠯᠲᠤ ᠶ᠋ᠢᠨ ᠠᠷᠬ᠋᠎ᠠ ᠬᠡᠴᠡᠭᠦᠦ
   ᠵᠥᠷᠢᠭᠦᠦ ᠵᠠᠩᠲᠤ ᠶ᠋ᠢᠨ ᠠᠭᠠᠰᠢ ᠬᠡᠴᠡᠭᠦᠦ
   ᠵᠥᠷᠢᠭ ᠵᠠᠮ ᠦ᠋ᠨ ᠪᠠᠷᠲᠠᠬ᠋᠎ᠠ ᠬᠡᠴᠡᠭᠦᠦ

       ᠭᠤᠷᠪᠠᠨ ᠦᠭᠡᠢ
   ᠵᠥᠪ ᠵᠦᠭᠡᠷ ᠰᠠᠭᠤᠪᠠᠰᠤ ᠳᠠᠪᠰᠢᠬᠤ ᠦᠭᠡᠢ
   ᠵᠥᠷᠢᠭᠦᠦ ᠵᠠᠩ ᠲᠠᠢ ᠪᠣᠯᠪᠠᠰᠤ ᠨᠡᠶ᠋ᠢᠯᠡᠬᠦ ᠦᠭᠡᠢ
   ᠵᠥᠪ ᠦᠨᠡᠨ ᠶ᠋ᠢᠡᠷ ᠶᠠᠪᠤᠪᠠᠰᠤ ᠬᠢᠯᠢᠨᠴᠡ ᠦᠭᠡᠢ

       ᠭᠤᠷᠪᠠᠨ ᠮᠠᠭᠤᠬᠠᠢ
   ᠵᠥᠪ ᠶᠠᠪᠤᠭᠴᠢ ᠶ᠋ᠢ ᠳᠠᠷᠤᠯᠠᠬᠤ ᠨᠢᠭᠡ ᠮᠠᠭᠤᠬᠠᠢ
   ᠵᠥᠷᠢᠭᠦᠦ ᠶᠠᠷᠢᠬᠴᠢ ᠶ᠋ᠢ ᠵᠥᠪᠲᠡᠭᠡᠬᠦ ᠨᠢᠭᠡ ᠮᠠᠭᠤᠬᠠᠢ
   ᠵᠠᠪᠬᠠᠢ ᠶᠠᠪᠤᠭᠴᠢ ᠶ᠋ᠢ ᠥᠮᠥᠭᠯᠡᠬᠦ ᠨᠢᠭᠡ ᠮᠠᠭᠤᠬᠠᠢ


      ᠦᠰᠦᠭ ᠠᠮᠢᠯᠠᠭᠤᠯᠤᠭᠴᠢ ᠄  ᠮᠢᠩᠭᠠᠳ ᠴᠢᠮᠡᠭ ᠂ ᠬᠠᠳᠠᠴᠢ ᠤᠷᠠᠨ᠎ᠠ ᠂ ᠣᠶᠤᠨᠲᠤᠨᠠᠯ ᠂ ᠳ᠋ᠦᠩ  ᠹᠸᠩ ᠂ ᠠᠯᠲᠠᠨᠲᠦᠶᠠᠭ᠎ᠠ 
         ᠬᠢᠨᠠᠭᠴᠢ ᠄   ᠮᠢᠩᠭᠠᠳ ᠴᠢᠮᠡᠭ᠂  ᠬᠠᠷᠠᠨᠤᠳ ᠲᠤᠶᠠᠭ᠎ᠠ