ᠶᠢᠷᠲᠢᠨᠴᠦ ᠶᠢᠨ ᠭᠤᠷᠪᠠ – < ᠲᠠ ᠂ ᠳ᠋ᠠ > ᠶ᠋ᠢᠨ ᠠᠶ᠋ᠢᠮᠠᠭ Ертөнцийн гурав – < Та ᠂ Да > ин аймаг
ᠶᠢᠷᠲᠢᠨᠴᠦ ᠶᠢᠨ ᠭᠤᠷᠪᠠ – < ᠲᠠ ᠂ ᠳ᠋ᠠ > ᠶ᠋ᠢᠨ ᠠᠶ᠋ᠢᠮᠠᠭ
ᠲᠠ ᠶ᠋ᠢᠨ ᠠᠶ᠋ᠢᠮᠠᠭ
ᠭᠤᠷᠪᠠᠨ ᠨᠣᠭᠣᠭᠠᠨ
ᠲᠠᠯ᠎ᠠ ᠳᠦ ᠤᠷᠭᠤᠭᠰᠠᠨ ᠵᠡᠭᠡᠷᠭᠡᠨ᠎ᠡ ᠨᠣᠭᠣᠭᠠᠨ
ᠲᠠᠶ᠋ᠢᠬ᠋ᠠ ᠳᠦ ᠤᠷᠭᠤᠭᠰᠠᠨ ᠬᠥᠪᠲᠥ ᠨᠣᠭᠣᠭᠠᠨ
ᠲᠠᠭ ᠲᠤ ᠤᠷᠭᠤᠭᠰᠠᠨ ᠠᠷᠴᠠ ᠨᠣᠭᠣᠭᠠᠨ
ᠭᠤᠷᠪᠠᠨ ᠴᠢᠮᠡᠭ
ᠲᠠᠪᠤᠨ ᠲᠠᠷᠢᠶ᠎ᠠ ᠲᠠᠷᠢᠶᠠᠴᠢᠨ ᠪ ᠴᠢᠮᠡᠭ
ᠲᠠᠩᠰᠤᠭ ᠰᠥᠷᠦᠭ ᠮᠠᠯᠴᠢᠨ ᠪ ᠴᠢᠮᠡᠭ
ᠲᠠᠯ᠎ᠠ ᠭᠣᠪᠢ ᠨᠤᠲᠤᠭ ᠦ᠋ᠨ ᠴᠢᠮᠡᠭ
ᠭᠤᠷᠪᠠᠨ ᠪᠠᠶᠠᠨ
ᠲᠠᠯ᠎ᠠ ᠡᠪᠡᠰᠦ ᠪᠡᠷ ᠨᠢᠭᠡ ᠪᠠᠶᠠᠨ
ᠲᠩᠷᠢ ᠣᠲᠣ ᠪᠠᠷ ᠨᠢᠭᠡ ᠪᠠᠶᠠᠨ
ᠳᠠᠯᠠᠢ ᠤᠰᠤ ᠪᠠᠷ ᠨᠢᠭᠡ ᠪᠠᠶᠠᠨ
ᠭᠤᠷᠪᠠᠨ ᠰᠠᠶ᠋ᠢᠬᠠᠨ
ᠲᠠᠯ᠎ᠠ ᠳᠦ ᠤᠷᠭᠤᠭᠰᠠᠨ ᠴᠡᠴᠡᠭ ᠨᠢᠭᠡ ᠰᠠᠶ᠋ᠢᠬᠠᠨ
ᠲᠠᠭᠠᠯᠠᠵᠤ ᠥᠰᠭᠡᠭᠰᠡᠨ ᠡᠵᠢ ᠨᠢᠭᠡ ᠰᠠᠶ᠋ᠢᠬᠠᠨ
ᠲᠠᠮᠰᠢᠶᠠᠯᠠᠵᠤ ᠢᠳᠡᠭᠰᠡᠨ ᠰᠦ᠋ ᠨᠢᠭᠡ ᠰᠠᠶ᠋ᠢᠬᠠᠨ
ᠭᠤᠷᠪᠠᠨ ᠬᠡᠷᠡᠭ ᠦᠭᠡᠢ
ᠲᠠᠪᠤᠨ ᠲᠠᠷᠢᠶ᠎ᠠ ᠲᠠᠨᠢᠬᠤ ᠦᠭᠡᠢ ᠡᠷ᠎ᠡ ᠲᠠᠷᠢᠶᠠᠴᠢᠨ ᠲᠠᠢ ᠵᠣᠭᠣᠭᠲᠠᠬᠤ ᠬᠡᠷᠡᠭ ᠦᠭᠡᠢ
ᠲᠠᠪᠤᠨ ᠵᠣᠭᠣᠰ ᠪᠠᠶ᠋ᠢᠬᠤ ᠦᠭᠡᠢ ᠬᠥᠮᠦᠨ ᠬᠣᠲᠠ ᠳᠦ ᠣᠷᠣᠬᠤ ᠬᠡᠷᠡᠭ ᠦᠭᠡᠢ
ᠲᠠᠪᠤᠨ ᠢᠷᠥᠭᠡᠯ ᠮᠡᠲᠡᠬᠦ ᠦᠭᠡᠢ ᠯᠠᠮᠠ ᠬᠤᠷᠠᠯ ᠳᠦ ᠰᠠᠭᠤᠬᠤ ᠬᠡᠷᠡᠭ ᠦᠭᠡᠢ
ᠭᠤᠷᠪᠠᠨ ᠮᠡᠲᠡᠬᠦ ᠦᠭᠡᠢ
ᠲᠠᠮᠤᠯᠠᠭᠲᠠᠬᠤ ᠦᠭᠡᠢ ᠪᠣᠯ ᠵᠢᠷᠭᠠᠯ ᠊ᠢ ᠮᠡᠲᠡᠬᠦ ᠦᠭᠡᠢ
ᠲᠣᠯᠣᠭᠣᠬᠤ ᠦᠭᠡᠢ ᠪᠣᠯ ᠭᠠᠰᠢᠭᠤᠨ ᠊ᠢ ᠮᠡᠲᠡᠬᠦ ᠦᠭᠡᠢ
ᠲᠤᠯᠤᠭᠲᠠᠬᠤ ᠦᠭᠡᠢ ᠪᠣᠯ ᠭᠠᠴᠢᠬᠲᠠᠬᠤ ᠶ᠋ᠢ ᠮᠡᠲᠡᠬᠦ ᠦᠭᠡᠢ
ᠭᠤᠷᠪᠠᠨ ᠮᠡᠲᠡᠬᠦ ᠦᠭᠡᠢ
ᠲᠠᠯ᠎ᠠ ᠠ᠋ᠴᠠ ᠴᠠᠰᠢ ᠵᠠᠮ ᠮᠡᠲᠡᠬᠦ ᠦᠭᠡᠢ
ᠲᠠᠷᠪᠠᠬ᠋ᠠ ᠠ᠋ᠴᠠ ᠥᠭᠡᠷ᠎ᠡ ᠠᠮᠢᠲᠠᠨ ᠮᠡᠲᠡᠬᠦ ᠦᠭᠡᠢ
ᠲᠠᠪᠤ ᠡᠴᠡ ᠴᠠᠰᠢ ᠲᠣᠬ᠋᠎ᠠ ᠮᠡᠲᠡᠬᠦ ᠦᠭᠡᠢ
ᠭᠤᠷᠪᠠᠨ ᠭᠡᠴᠡᠭᠦᠦ
ᠲᠠᠷᠢᠶ᠎ᠠ ᠲᠥᠮᠦᠰᠦᠨ ᠳᠦ ᠬᠣᠷᠣᠬᠠᠢ ᠶ᠋ᠢᠨ ᠠᠶᠤᠯ ᠭᠡᠴᠡᠭᠦᠦ
ᠲᠠᠷᠴᠢᠯᠠᠭᠠᠨ ᠵᠣᠪᠠᠭᠠᠬᠤ ᠳᠦ ᠡᠪᠡᠤᠠᠴᠢᠨ ᠪ ᠠᠶᠤᠯ ᠭᠡᠴᠡᠭᠦᠦ
ᠲᠠᠷᠠᠭ ᠠᠶ᠋ᠢᠷᠠᠭ ᠦᠭᠡᠢ ᠭᠠᠴᠢᠬ ᠦ᠋ᠨ ᠠᠶᠤᠯ ᠭᠡᠴᠡᠭᠦᠦ
ᠭᠤᠷᠪᠠᠨ ᠰᠠᠶ᠋ᠢᠨ ᠦᠭᠡᠢ
ᠳᠠᠲᠠᠪᠤᠷᠢ ᠭᠡᠷᠭᠡᠢ ᠪᠡᠶ᠎ᠡ ᠳ᠋ᠤᠷ ᠨᠢᠭᠡ ᠰᠠᠶ᠋ᠢᠨ ᠦᠭᠡᠢ
ᠲᠠᠪᠠ ᠳᠤᠷ᠎ᠠ ᠬᠣᠵᠢᠮ ᠳ᠋ᠤᠷ ᠨᠢᠭᠡ ᠰᠠᠶ᠋ᠢᠨ ᠦᠭᠡᠢ
ᠳᠠᠲᠠᠭᠤ ᠲᠤᠲᠠᠭᠤ ᠦᠢᠯᠡᠰ ᠲᠤᠷ ᠨᠢᠭᠡ ᠰᠠᠶ᠋ᠢᠨ ᠦᠭᠡᠢ
ᠭᠤᠷᠪᠠᠨ ᠦᠭᠡᠢ
ᠲᠩᠷᠢ ᠶ᠋ᠢᠨ ᠰᠠᠯᠬᠢᠨ ᠲᠡᠭᠰᠢ ᠦᠭᠡᠢ
ᠲᠥᠷᠥᠭᠰᠡᠨ ᠪᠡᠶ᠎ᠡ ᠮᠥᠩᠬᠡ ᠦᠭᠡᠢ
ᠲᠡᠷᠭᠡᠯ ᠰᠠᠷ᠎ᠠ ᠬᠡᠪ ᠶ᠋ᠢᠡᠷ ᠦᠭᠡᠢ
ᠭᠤᠷᠪᠠᠨ ᠦᠭᠡᠢ
ᠲᠡᠮᠦᠷ ᠦ᠋ᠨ ᠰᠠᠶ᠋ᠢᠨ ᠵᠢᠪᠡᠷᠡᠳᠡᠭ ᠦᠭᠡᠢ
ᠲᠥᠷᠥᠯ ᠦ᠋ᠨ ᠰᠠᠶ᠋ᠢᠨ ᠮᠠᠷᠲᠠᠲᠠᠭ ᠦᠭᠡᠢ
ᠲᠡᠨᠭᠬᠡᠯᠢᠭ ᠦ᠋ᠨ ᠰᠠᠶ᠋ᠢᠨ ᠬᠤᠭᠤᠷᠠᠲᠠᠭ ᠦᠭᠡᠢ
ᠭᠤᠷᠪᠠᠨ ᠪᠤᠷᠤᠭᠤ ᠦᠵᠡᠬᠦ
ᠲᠩᠰᠢ ᠦᠭᠡᠢ ᠶᠠᠪᠤᠲᠠᠯ ᠲᠩᠷᠢ ᠪᠤᠷᠤᠭᠤ ᠦᠵᠡᠬᠦ
ᠲᠡᠮᠡᠴᠡᠭᠡᠨ ᠲᠡᠢ ᠢᠲᠡᠪᠡᠯ ᠭᠡᠲᠡᠰᠦ ᠪᠤᠷᠤᠭᠤ ᠦᠵᠡᠬᠦ
ᠲᠡᠨᠡᠭ ᠠᠲᠠᠯᠢ ᠶᠠᠪᠤᠪᠠᠯ ᠬᠥᠮᠦᠰ ᠪᠤᠷᠤᠭᠤ ᠦᠵᠡᠬᠦ
ᠭᠤᠷᠪᠠᠨ ᠣᠯᠠᠨ
ᠲᠡᠨᠦᠭᠦᠯᠴᠢ ᠬᠥᠮᠦᠨ ᠳᠦ ᠲᠠᠨᠢᠯ ᠨᠢᠭᠡ ᠣᠯᠠᠨ
ᠬᠤᠲᠠᠯᠴᠢ ᠬᠥᠮᠦᠨ ᠳᠦ ᠰᠢᠯᠲᠠᠬ ᠨᠢᠭᠡ ᠣᠯᠠᠨ
ᠪᠠᠲᠢᠷᠴᠢ ᠬᠥᠮᠦᠨ ᠳᠦ ᠲᠠᠭᠠᠷᠴᠤᠭ ᠨᠢᠭᠡ ᠣᠯᠠᠨ
ᠭᠤᠷᠪᠠᠨ ᠴᠢᠮᠡᠭ
ᠲᠡᠮᠡᠭᠡ ᠭᠣᠪᠢ ᠳ᠋ᠠᠭᠠᠨ ᠨᠢᠭᠡ ᠴᠢᠮᠡᠭ
ᠲᠡᠷᠭᠡ ᠬᠣᠲᠠ ᠳ᠋ᠠᠭᠠᠨ ᠨᠢᠭᠡ ᠴᠢᠮᠡᠭ
ᠲᠡᠭᠡ ᠲᠠᠯ᠎ᠠ ᠳ᠋ᠠᠭᠠᠨ ᠨᠢᠭᠡ ᠴᠢᠮᠡᠭ
ᠭᠤᠷᠪᠠᠨ ᠬᠠᠷ᠎ᠠ
ᠳᠤᠰᠤ ᠤᠤᠭᠤᠪᠠᠴᠤ ᠪᠠᠭᠠᠰᠤ ᠨᠢ ᠨᠢᠭᠡ ᠬᠠᠷ᠎ᠠ
ᠲᠣᠷᠬ᠋᠎ᠠ ᠡᠮᠦᠰᠪᠡᠴᠦ ᠰᠡᠭᠦᠲᠡᠷ ᠨᠢ ᠨᠢᠭᠡ ᠬᠠᠷ᠎ᠠ
ᠲᠣᠭᠣᠷᠴᠣᠭ ᠤᠭᠯᠠᠪᠠᠴᠤ ᠲᠣᠯᠣᠭᠠᠢ ᠨᠢ ᠨᠢᠭᠡ ᠬᠠᠷ᠎ᠠ
ᠭᠤᠷᠪᠠᠨ ᠬᠠᠷ᠎ᠠ
ᠲᠣᠰᠣ ᠲᠠᠢ ᠠ᠋ᠴᠠ ᠲᠣᠭᠣᠭ᠎ᠠ ᠨᠢᠭᠡ ᠬᠠᠷ᠎ᠠ
ᠪᠡᠯᠭᠡ ᠲᠡᠢ ᠡᠴᠡ ᠪᠡᠬᠡ ᠨᠢᠭᠡ ᠬᠠᠷ᠎ᠠ
ᠠᠮᠲᠠᠲᠠᠢ ᠠ᠋ᠴᠠ ᠠᠷᠢᠬᠢ ᠨᠢᠭᠡ ᠬᠠᠷ᠎ᠠ
ᠭᠤᠷᠪᠠᠨ ᠪᠠᠷᠠᠬᠤ
ᠲᠡᠮᠦᠷ ᠪᠣᠯᠣᠳ ᠬᠠᠲᠠᠭᠤ ᠪᠣᠯᠪᠠᠴᠤ ᠤᠳᠠᠭᠠᠨ ᠳ᠋ᠠᠭᠠᠨ ᠡᠯᠡᠭᠳᠡᠵᠦ ᠨᠢᠭᠡ ᠪᠠᠷᠠᠬᠤ
ᠲᠡᠷᠭᠡᠯ ᠨᠠᠷᠠᠨ ᠲᠣᠮᠣ ᠪᠣᠯᠪᠠᠴᠤ ᠤᠳᠠᠭᠠᠨ ᠳ᠋ᠠᠭᠠᠨ ᠰᠢᠲᠠᠵᠤ ᠨᠢᠭᠡ ᠪᠠᠷᠠᠬᠤ
ᠲᠡᠷᠭᠡᠨ ᠲᠡᠨᠭᠬᠡᠯᠢᠭ ᠪᠥᠬᠡ ᠪᠣᠯᠪᠠᠴᠤ ᠤᠳᠠᠭᠠᠨ ᠳ᠋ᠠᠭᠠᠨ ᠲᠠᠰᠤᠷᠠᠵᠤ ᠨᠢᠭᠡ ᠪᠠᠷᠠᠬᠤ
ᠭᠤᠷᠪᠠᠨ ᠬᠠᠭᠠᠨ ᠶᠡᠬᠡ
ᠲᠡᠦᠬᠡ ᠰᠤᠳᠤᠷ ᠲᠣᠷ ᠡᠵᠡᠨ ᠬᠠᠭᠠᠨ ᠶᠡᠬᠡ
ᠲᠡᠭᠷᠢ ᠶ᠋ᠢᠨ ᠣᠷᠳᠣᠨ ᠳ᠋ᠤᠷ ᠬᠤᠷᠮᠤᠰᠲᠠ ᠬᠠᠭᠠᠨ ᠶᠡᠬᠡ
ᠲᠡᠨᠢᠭᠡᠷ ᠳᠠᠯᠠᠢ ᠳ᠋ᠤᠷ ᠯᠤᠤᠰ ᠤᠨ ᠬᠠᠭᠠᠨ ᠶᠡᠬᠡ
ᠭᠤᠷᠪᠠᠨ ᠳᠡᠯᠭᠡᠷᠡᠬᠦ
ᠲᠡᠨᠡᠭ ᠮᠤᠩᠬᠠᠭ ᠤᠨ ᠵᠢᠷᠤᠮ ᠢ ᠳᠠᠭᠠᠭᠰᠠᠳ ᠤᠨ ᠮᠠᠭᠤ ᠨᠡᠷ᠎ᠡ ᠳᠡᠯᠭᠡᠷᠡᠬᠦ
ᠲᠡᠭᠦᠰ ᠣᠶᠤᠲᠠᠨ ᠤ ᠶᠣᠰᠣ ᠶ᠋ᠢ ᠡᠳ᠋ᠯᠡᠭᠰᠡᠳ ᠦᠨ ᠰᠠᠶ᠋ᠢᠨ ᠠᠯᠳᠠᠷ ᠳᠡᠯᠭᠡᠷᠡᠬᠦ
ᠲᠡᠷᠢᠭᠦᠨ ᠰᠠᠶ᠋ᠢᠨ ᠶᠠᠪᠤᠳᠠᠯ ᠢ ᠦᠢᠯᠡᠳᠦᠭᠰᠡᠳ ᠦᠨ ᠬᠤᠳᠤᠭᠲᠤ ᠤᠴᠠᠷᠠᠯ ᠳᠡᠯᠭᠡᠷᠡᠬᠦ
ᠭᠤᠷᠪᠠᠨ ᠭᠠᠷᠬᠤ
ᠲᠡᠮᠦᠷ ᠦᠨ ᠬᠦᠳᠡᠷ ᠢ ᠬᠠᠶ᠋ᠢᠯᠤᠭᠤᠯᠪᠠᠯ ᠲᠡᠮᠦᠷ ᠭᠠᠷᠬᠤ
ᠲᠡᠮᠡᠴᠡᠯ ᠥᠷᠢᠰᠦᠯᠳᠦᠭᠡᠨ ᠢ ᠳ᠋ᠦ᠋ᠩᠨᠡᠪᠡᠯ ᠰᠤᠷᠭᠠᠮᠵᠢ ᠭᠠᠷᠬᠤ
ᠲᠡᠩᠬᠡᠭᠡ ᠴᠢᠳᠠᠯ ᠢ ᠪᠠᠳᠠᠷᠠᠭᠤᠯᠪᠠᠯ ᠠᠮᠵᠢᠯᠲᠠ ᠭᠠᠷᠬᠤ
ᠭᠤᠷᠪᠠᠨ ᠳᠤᠮᠳᠠᠭᠤᠷ
ᠲᠡᠨᠡᠭ ᠬᠥᠮᠦᠨ ᠲᠡᠭ ᠳᠤᠮᠳᠠᠭᠤᠷ
ᠲᠡᠮᠡᠭᠡ ᠢᠮᠠᠭ᠎ᠠ ᠮᠠᠩᠬᠠᠨ ᠳᠤᠮᠳᠠᠭᠤᠷ
ᠲᠡᠷᠭᠡ ᠤᠨᠤᠭ᠎ᠠ ᠵᠠᠮ ᠤᠨ ᠳᠤᠮᠳᠠᠭᠤᠷ
ᠭᠤᠷᠪᠠᠨ ᠶᠡᠬᠡ
ᠲᠡᠨᠢᠭᠡᠷ ᠠᠭᠤᠳᠠᠮ ᠣᠷᠴᠢᠯᠠᠩ ᠨᠢᠭᠡ ᠶᠡᠬᠡ
ᠲᠡᠭᠰᠢ ᠰᠠᠷᠠᠭᠤᠯ ᠲᠠᠯ᠎ᠠ ᠨᠢᠭᠡ ᠶᠡᠬᠡ
ᠲᠡᠷᠭᠡᠯ ᠳᠦᠭᠦᠷᠡᠩ ᠨᠠᠷᠠ ᠨᠢᠭᠡ ᠶᠡᠬᠡ
ᠭᠤᠷᠪᠠᠨ ᠮᠠᠭᠤ
ᠲᠡᠨᠦᠭᠦᠯ ᠠᠮᠢᠳᠤᠷᠠᠯ ᠨᠢᠭᠡ ᠮᠠᠭᠤ
ᠳᠡᠭᠡᠷᠡᠯᠬᠡᠭ ᠵᠠᠩ ᠨᠢᠭᠡ ᠮᠠᠭᠤ
ᠲᠡᠩᠬᠡᠭᠡ ᠦᠭᠡᠢ ᠨᠢᠭᠡ ᠮᠠᠭᠤ
ᠭᠤᠷᠪᠠᠨ ᠰᠠᠶ᠋ᠢᠨ
ᠲᠡᠮᠦᠷ ᠲᠡᠷᠭᠡᠨ ᠦ ᠲᠡᠭᠡᠭᠡᠰᠢ ᠨᠢ ᠰᠠᠶ᠋ᠢᠨ
ᠲᠡᠭᠰᠢ ᠭᠠᠵᠠᠷ ᠤᠨ ᠪᠠᠭᠤᠴᠠ ᠨᠢ ᠰᠠᠶ᠋ᠢᠨ
ᠲᠡᠭᠷᠢ ᠬᠤᠷᠮᠤᠰᠲᠠ ᠶ᠋ᠢᠨ ᠥᠩᠭᠡ ᠨᠢ ᠰᠠᠶ᠋ᠢᠨ
ᠭᠤᠷᠪᠠᠨ ᠬᠣᠭᠣᠰᠣᠨ
ᠲᠡᠬᠡ ᠶ᠋ᠢᠨ ᠡᠪᠡᠷ ᠲᠡᠭᠷᠢ ᠳᠦ ᠬᠦᠷᠦᠨ᠎ᠡ ᠭᠡᠳᠡᠭ ᠨᠢᠭᠡ ᠬᠣᠭᠣᠰᠣᠨ
ᠲᠡᠮᠡᠭᠡ ᠶ᠋ᠢᠨ ᠰᠡᠭᠦᠯ ᠭᠠᠵᠠᠷ ᠲᠤ ᠲᠤᠯᠤᠨ᠎ᠠ ᠭᠡᠳᠡᠭ ᠨᠢᠭᠡ ᠬᠣᠭᠣᠰᠣᠨ
ᠲᠡᠨᠡᠭ ᠬᠥᠮᠦᠨ ᠨᠣᠶᠠᠨ ᠰᠠᠭᠤᠨ᠎ᠠ ᠭᠡᠳᠡᠭ ᠨᠢᠭᠡ ᠬᠣᠭᠣᠰᠣᠨ
ᠭᠤᠷᠪᠠᠨ ᠮᠠᠨᠠᠢ
ᠲᠣᠭᠣᠨᠣ ᠪᠣᠰᠬᠠᠪᠠᠯ ᠭᠡᠷ ᠨᠢ ᠮᠠᠨᠠᠢ
ᠲᠤᠯᠭ᠎ᠠ ᠪᠠᠷᠢᠪᠠᠯ ᠭᠠᠯ ᠨᠢ ᠮᠠᠨᠠᠢ
ᠲᠣᠭᠣᠭ᠎ᠠ ᠲᠤᠯᠪᠠᠯ ᠬᠣᠭᠣᠯᠠ ᠨᠢ ᠮᠠᠨᠠᠢ
ᠭᠤᠷᠪᠠᠨ ᠠᠳᠠᠯᠢ
ᠲᠣᠭᠣᠭᠠᠨ ᠳᠤ ᠣᠷᠣᠭᠰᠠᠨ ᠵᠢᠭᠠᠰᠤ ᠠᠳᠠᠯᠢ
ᠠᠮᠠᠨ ᠳᠤ ᠣᠷᠣᠭᠰᠠᠨ ᠮᠢᠬ᠎ᠠ ᠠᠳᠠᠯᠢ
ᠤᠷᠠᠬᠠᠨ ᠳᠤ ᠣᠷᠣᠭᠰᠠᠨ ᠲᠠᠤᠯᠠᠢ ᠠᠳᠠᠯᠢ
ᠭᠤᠷᠪᠠᠨ ᠬᠡᠴᠡᠭᠦᠦ
ᠲᠣᠭᠠᠯᠠᠬᠤ ᠳᠤ ᠣᠳᠣ ᠨᠢᠭᠡ ᠬᠡᠴᠡᠭᠦᠦ
ᠲᠤᠭᠤᠯᠬᠤ ᠳᠤ ᠲᠠᠯ᠎ᠠ ᠨᠢᠭᠡ ᠬᠡᠴᠡᠭᠦᠦ
ᠲᠠᠭᠤᠬᠤ ᠳᠤ ᠭᠠᠬᠠᠢ ᠨᠢᠭᠡ ᠬᠡᠴᠡᠭᠦᠦ
ᠭᠤᠷᠪᠠᠨ ᠬᠢᠯᠪᠠᠷ
ᠲᠦᠢᠯᠪᠦᠷᠢ ᠦᠭᠡᠢ ᠬᠥᠮᠦᠨ ᠪᠤᠴᠠᠬᠤ ᠳᠤ ᠬᠢᠯᠪᠠᠷ
ᠲᠤᠭᠤᠯᠭ᠎ᠠ ᠶ᠋ᠢᠨ ᠵᠢᠳᠠ ᠰᠢᠨᠲᠠᠷᠠᠬᠤ ᠳᠤ ᠬᠢᠯᠪᠠᠷ
ᠲᠣᠭᠲᠠᠪᠤᠷᠢ ᠦᠭᠡᠢ ᠰᠠᠪᠠ ᠰᠠᠵᠢᠯᠠᠬᠤ ᠳᠤ ᠬᠢᠯᠪᠠᠷ
ᠭᠤᠷᠪᠠᠨ ᠰᠢᠨᠤᠬᠠᠢ
ᠲᠣᠰᠣ ᠮᠢᠬ᠎ᠠ ᠢᠳᠡᠭᠰᠡᠨ ᠯᠠᠮᠠ ᠨᠢᠭᠡ ᠰᠢᠨᠤᠬᠠᠢ
ᠲᠣᠷᠭ᠎ᠠ ᠳᠣᠷᠳᠣᠩ ᠡᠮᠦᠰᠦᠭᠰᠡᠨ ᠪᠠᠶᠠᠨ ᠨᠢᠭᠡ ᠰᠢᠨᠤᠬᠠᠢ
ᠲᠣᠯᠣᠭᠠᠢ ᠰᠢᠭᠢᠷ᠎ᠡ ᠬᠡᠮᠡᠯᠢᠭᠰᠡᠨ ᠨᠣᠬᠠᠢ ᠨᠢᠭᠡ ᠰᠢᠨᠤᠬᠠᠢ
ᠭᠤᠷᠪᠠᠨ ᠬᠠᠷ᠎ᠠ
ᠲᠣᠯᠣᠭᠠᠢ ᠲᠣᠭᠣᠷᠢᠬᠰᠠᠨ ᠠ᠋ᠴᠠ ᠦᠰᠦ ᠨᠢᠭᠡ ᠬᠠᠷ᠎ᠠ
ᠲᠣᠰᠣ ᠶ᠋ᠢ ᠪᠠᠷᠠᠲᠠᠭ ᠠ᠋ᠴᠠ ᠲᠣᠭᠣᠬ᠋᠎ᠠ ᠨᠢᠭᠡ ᠬᠠᠷ᠎ᠠ
ᠲᠦᠯᠡᠭᠡ ᠶ᠋ᠢ ᠪᠠᠷᠠᠲᠠᠭ ᠠ᠋ᠴᠠ ᠵᠤᠤᠬ᠎ᠠ ᠨᠢᠭᠡ ᠬᠠᠷ᠎ᠠ
ᠭᠤᠷᠪᠠᠨ ᠬᠦᠨᠲᠦ
ᠲᠣᠬᠣᠷᠤᠭᠠᠳ ᠢᠷᠡᠭᠰᠡᠨ ᠤᠷᠤᠭ ᠨᠢᠭᠡ ᠬᠦᠨᠲᠦ
ᠲᠤᠯᠤᠭᠠᠳ ᠡᠷᠭᠦᠭᠰᠡᠨ ᠴᠢᠯᠠᠭᠤ ᠨᠢᠭᠡ ᠬᠦᠨᠲᠦ
ᠲᠠᠨᠢᠵᠤ ᠰᠠᠭᠤᠭᠰᠠᠨ ᠢᠨᠠᠭ ᠨᠢᠭᠡ ᠬᠦᠨᠲᠦ
ᠭᠤᠷᠪᠠᠨ ᠰᠠᠶ᠋ᠢᠬᠠᠨ
ᠲᠤᠨᠤᠮᠠᠯ ᠨᠠᠭᠤᠷ ᠦ᠋ᠨ ᠲᠤᠩᠭᠠᠯᠠᠭ ᠨᠢ ᠨᠢᠭᠡ ᠰᠠᠶ᠋ᠢᠬᠠᠨ
ᠲᠣᠯᠢ ᠰᠢᠯ ᠦ᠋ᠨ ᠲᠣᠲᠣᠷᠬᠠᠢ ᠨᠢ ᠨᠢᠭᠡ ᠰᠠᠶ᠋ᠢᠬᠠᠨ
ᠲᠣᠭᠣᠰ ᠭᠠᠷᠤᠲᠢ ᠶ᠋ᠢᠨ ᠥᠲᠥ ᠨᠢ ᠨᠢᠭᠡ ᠰᠠᠶ᠋ᠢᠬᠠᠨ
ᠭᠤᠷᠪᠠᠨ ᠪᠡᠷᠬᠡ
ᠲᠠᠤᠯᠠᠢ ᠶ᠋ᠢᠨ ᠵᠣ᠋ ᠲᠠᠢ ᠮᠣᠷᠢ ᠶ᠋ᠢ ᠣᠯᠵᠤ ᠤᠨᠤᠬᠤ ᠪᠡᠷᠬᠡ
ᠲᠤᠩᠭᠠᠯᠠᠭ ᠰᠠᠨᠠᠬ᠋᠎ᠠ ᠲᠠᠢ ᠬᠥᠮᠦᠨ ᠊ᠢ ᠣᠯᠵᠤ ᠬᠠᠨᠢᠯᠠᠬᠤ ᠪᠡᠷᠬᠡ
ᠲᠡᠭᠦᠰ ᠮᠡᠲᠡᠯᠭᠡ ᠲᠡᠢ ᠯᠠᠮᠠ ᠶ᠋ᠢ ᠣᠯᠵᠤ ᠵᠠᠯᠠᠬᠤ ᠪᠡᠷᠬᠡ
ᠭᠤᠷᠪᠠᠨ ᠰᠠᠶ᠋ᠢᠬᠠᠨ
ᠲᠥᠷᠥᠭᠡᠳ ᠥᠰᠭᠡᠭᠰᠡᠨ ᠠᠪᠤ ᠡᠵᠢ ᠰᠠᠶ᠋ᠢᠬᠠᠨ
ᠲᠥᠪᠡᠭᠳᠡᠭᠡᠳ ᠵᠠᠶᠠᠭᠠᠭᠰᠠᠨ ᠨᠤᠲᠤᠭ ᠤᠰᠤ ᠰᠠᠶ᠋ᠢᠬᠠᠨ
ᠲᠦᠪᠰᠢᠷᠡᠨ ᠵᠢᠷᠭᠠᠭᠤᠯᠤᠭᠰᠠᠨ ᠨᠠᠮ ᠵᠠᠰᠠᠭ ᠰᠠᠶ᠋ᠢᠬᠠᠨ
ᠭᠤᠷᠪᠠᠨ ᠰᠢᠷᠦᠭᠦᠨ
ᠲᠥᠷᠥᠯ ᠶ᠋ᠢᠡᠨ ᠮᠡᠳᠡᠳᠡᠭ ᠦᠭᠡᠢ ᠨᠣᠬᠠᠢ ᠨᠢᠭᠡ ᠰᠢᠷᠦᠭᠦᠨ
ᠲᠥᠷᠥ ᠳᠤ ᠶᠠᠪᠤᠲᠠᠭ ᠠ᠋ᠴᠠ ᠲᠦᠰᠢᠮᠡᠯ ᠨᠢᠭᠡ ᠰᠢᠷᠦᠭᠦᠨ
ᠨᠦᠬᠡᠨ ᠳᠤ ᠠᠮᠢᠲᠤᠷᠠᠲᠠᠭ ᠠ᠋ᠴᠠ ᠴᠢᠨᠣ᠎ᠠ ᠨᠢᠭᠡ ᠰᠢᠷᠦᠭᠦᠨ
ᠭᠤᠷᠪᠠᠨ ᠪᠡᠷᠬᠡ
ᠲᠦᠢᠮᠡᠷ ᠭᠠᠯ ᠊ᠢ ᠳᠠᠷᠤᠵᠤ ᠤᠨᠲᠠᠷᠠᠭᠠᠬᠤ ᠳᠤ ᠨᠢᠭᠡ ᠪᠡᠷᠬᠡ
ᠲᠦᠪᠰᠢᠨ ᠲᠥᠷᠥ ᠶ᠋ᠢ ᠰᠠᠮᠠᠭᠤᠷᠠᠭᠤᠯᠬᠤ ᠳᠤ ᠨᠢᠭᠡ ᠪᠡᠷᠬᠡ
ᠲᠥᠷᠥᠯ ᠰᠠᠲᠤᠨ ᠊ᠢ ᠣᠭᠣᠷᠴᠤ ᠬᠠᠶᠠᠬᠤ ᠳᠤ ᠨᠢᠭᠡ ᠪᠡᠷᠬᠡ
ᠭᠤᠷᠪᠠᠨ ᠨᠢᠭᠡ
ᠲᠦᠮᠡᠨ ᠬᠡᠷᠡᠭ ᠦ᠋ᠨ ᠲᠣᠪᠴᠢ ᠨᠢ ᠨᠢᠭᠡ
ᠲᠦᠯᠬᠢᠭᠦᠷ ᠣᠨᠢᠰᠣ ᠶ᠋ᠢᠨ ᠬᠡᠯᠬᠢᠶ᠎ᠡ ᠨᠢ ᠨᠢᠭᠡ
ᠲᠦᠰᠢᠮᠡᠯ ᠨᠣᠶᠠᠳ ᠦ᠋ᠨ ᠦᠭᠡ ᠨᠢ ᠨᠢᠭᠡ
ᠭᠤᠷᠪᠠᠨ ᠵᠥᠭᠡᠯᠡᠨ
ᠲᠦᠪᠰᠢᠨ ᠰᠢᠲᠤᠷᠭᠤ ᠶ᠋ᠢ ᠪᠠᠷᠢᠬᠴᠢᠳ ᠦ᠋ᠨ ᠠᠶ᠎ᠠ ᠵᠥᠭᠡᠯᠡᠨ
ᠲᠥᠷᠥᠯᠬᠢ ᠶ᠋ᠢᠨ ᠮᠠᠭᠤ ᠰᠠᠨᠠᠭᠠᠲᠠᠨ ᠪ ᠵᠠᠩ ᠵᠥᠭᠡᠯᠡᠨ
ᠲᠥᠪ ᠪᠤᠰᠤ ᠮᠠᠭᠤ ᠶᠠᠪᠤᠲᠠᠯᠲᠤ ᠡᠬᠡᠨᠡᠷ ᠦ᠋ᠨ ᠬᠡᠯᠡ ᠵᠥᠭᠡᠯᠡᠨ
ᠭᠤᠷᠪᠠᠨ ᠬᠤᠷᠢᠮ
ᠲᠥᠷᠥᠭᠡᠳ ᠰᠠᠷ᠎ᠠ ᠳᠦᠭᠦᠷᠬᠦ ᠲᠡᠷᠢᠭᠦᠨ ᠶᠡᠬᠡ ᠬᠤᠷᠢᠮ
ᠥᠰᠦᠭᠡᠳ ᠪᠡᠷᠢ ᠪᠠᠭᠤᠯᠭᠠᠬᠤ ᠳᠡᠳ᠋ ᠶᠡᠬᠡ ᠬᠤᠷᠢᠮ
ᠦᠬᠦᠭᠡᠳ ᠪᠤᠶᠠᠨ ᠬᠢᠬᠦ ᠭᠤᠲᠠᠭᠠᠷ ᠶᠡᠬᠡ ᠬᠤᠷᠢᠮ
ᠭᠤᠷᠪᠠᠨ ᠪᠣᠯᠬᠤ
ᠲᠥᠷᠥᠯ ᠲᠥᠷᠥᠭᠰᠡᠨ ᠶ᠋ᠢᠡᠨ ᠲᠡᠤᠠᠬᠦᠪᠡᠰᠦ ᠬᠦᠴᠦ ᠶᠡᠬᠡᠲᠡᠢ ᠪᠣᠯᠬᠤ
ᠲᠥᠷᠥ ᠶᠣᠰᠣ ᠳᠠᠭᠠᠪᠠᠰᠤ ᠨᠡᠷ᠎ᠡ ᠬᠦᠨᠲᠦᠲᠡᠢ ᠪᠣᠯᠬᠤ
ᠲᠥᠪ ᠶᠡᠬᠡᠰ ᠊ᠢ ᠡᠷᠬᠢᠮᠯᠡᠪᠡᠰᠦ ᠲᠦᠪᠡᠭ᠋ ᠦᠭᠡᠢ ᠪᠣᠯᠬᠤ
ᠭᠤᠷᠪᠠᠨ ᠮᠠᠭᠤᠬᠠᠢ
ᠲᠥᠷᠥ ᠶ᠋ᠢ ᠲᠦᠢᠪᠡᠭᠡᠳᠡᠭ ᠵᠠᠯᠢᠬᠠᠢ ᠨᠢᠭᠡ ᠮᠠᠭᠤᠬᠠᠢ
ᠲᠦᠮᠡᠨ ᠊ᠢ ᠵᠣᠪᠠᠭᠠᠲᠠᠭ ᠬᠠᠷᠭᠢᠰ ᠨᠢᠭᠡ ᠮᠠᠭᠤᠬᠠᠢ
ᠲᠦᠪᠰᠢᠨ ᠊ᠢ ᠰᠠᠮᠠᠭᠤᠷᠠᠭᠤᠯᠲᠠᠭ ᠯᠤᠶ᠋ᠢᠪᠠᠷᠴᠢᠨ ᠨᠢᠭᠡ ᠮᠠᠭᠤᠬᠠᠢ
ᠳ᠋ᠠ ᠶ᠋ᠢᠨ ᠠᠶ᠋ᠢᠮᠠᠭ
ᠭᠤᠷᠪᠠᠨ ᠰᠤᠯᠠ
ᠳᠠᠪᠤᠰᠤ ᠦᠭᠡᠢ ᠴᠠᠢ ᠨᠢᠭᠡ ᠰᠤᠯᠠ
ᠳᠠᠪᠠᠷᠬᠠᠢ ᠦᠭᠡᠢ ᠬᠤᠭᠤᠷ ᠨᠢᠭᠡ ᠰᠤᠯᠠ
ᠳᠠᠷᠤᠭᠠᠰᠤ ᠦᠭᠡᠢ ᠠᠷᠠᠳ ᠨᠢᠭᠡ ᠰᠤᠯᠠ
ᠭᠤᠷᠪᠠᠨ ᠳᠤᠷᠠᠲᠠᠢ
ᠳᠠᠬ᠋ᠠ ᠤᠨᠤᠭᠰᠠᠨ ᠬᠥᠮᠦᠨ ᠤᠷᠤᠯᠲᠤᠭᠠᠨ ᠳᠤ ᠳᠤᠷᠠᠲᠠᠢ
ᠳᠠᠩ ᠳᠡᠪᠡᠯ ᠲᠡᠢ ᠬᠥᠮᠦᠨ ᠪᠠᠶ᠋ᠢᠯᠲᠤᠭᠠᠨ ᠳᠤ ᠳᠤᠷᠠᠲᠠᠢ
ᠳᠠᠪᠲᠠᠯᠬ᠋ᠠ ᠮᠠᠭᠤ ᠬᠦᠮᠦᠨ ᠨᠠᠭᠠᠲᠤᠮ ᠳᠤ ᠳᠤᠷᠠᠲᠠᠢ
ᠭᠤᠷᠪᠠᠨ ᠳᠡᠭᠡᠳᠦ
ᠳᠠᠷᠠᠰᠤ ᠠᠷᠢᠬᠢ ᠢᠲᠡᠭᠡᠨ ᠪ ᠳᠡᠭᠡᠳᠦ
ᠳᠠᠭᠤᠤ ᠰᠢᠯᠦᠭ ᠨᠠᠶ᠋ᠢᠷ ᠦ᠋ᠨ ᠳᠡᠭᠡᠳᠦ
ᠳ᠋ᠠᠨᠵᠤᠤᠷ ᠭᠠᠨᠵᠤᠤᠷ ᠨᠣᠮ ᠦ᠋ᠨ ᠳᠡᠭᠡᠳᠦ
ᠭᠤᠷᠪᠠᠨ ᠢᠯᠡᠬᠡᠨ
ᠳᠠᠯᠳᠠᠯᠠᠪᠠᠴᠤ ᠳᠠᠯᠤ ᠨᠢ ᠨᠢᠭᠡ ᠢᠯᠡᠬᠡᠨ
ᠳᠤᠲᠠᠭᠠᠪᠠᠴᠤ ᠮᠥᠷ ᠨᠢ ᠨᠢᠭᠡ ᠢᠯᠡᠬᠡᠨ
ᠨᠢᠭᠤᠪᠠᠴᠤ ᠨᠢᠷᠤᠭᠤ ᠨᠢ ᠨᠢᠭᠡ ᠢᠯᠡᠬᠡᠨ
ᠭᠤᠷᠪᠠᠨ ᠰᠠᠶ᠋ᠢᠬᠠᠨ
ᠳᠡᠭᠡᠳᠦ ᠬᠥᠮᠦᠰ ᠦ᠋ᠨ ᠡᠨᠡᠷᠢᠯ ᠨᠢ ᠰᠠᠶ᠋ᠢᠬᠠᠨ
ᠳᠡᠪᠡᠯ ᠬᠤᠪᠴᠠᠰᠤᠨ ᠪ ᠴᠡᠪᠡᠷ ᠨᠢ ᠰᠠᠶ᠋ᠢᠬᠠᠨ
ᠳᠡᠷᠡᠰᠤ ᠬᠤᠯᠤᠰᠤᠨ ᠪ ᠥᠨᠲᠥᠷ ᠨᠢ ᠰᠠᠶ᠋ᠢᠬᠠᠨ
ᠭᠤᠷᠪᠠᠨ ᠪᠠᠷᠠᠬᠤ
ᠳᠡᠯᠭᠡᠷ ᠣᠯᠠᠨ ᠪ ᠡᠮᠦᠨ᠎ᠡ ᠨᠢᠭᠤᠷ ᠶ᠋ᠢᠠᠨ ᠪᠠᠷᠠᠬᠤ
ᠳᠡᠭᠡᠳᠦ ᠲᠥᠷᠥ ᠶ᠋ᠢᠨ ᠭᠠᠵᠠᠷ ᠨᠡᠷ᠎ᠡ ᠪᠡᠨ ᠪᠠᠷᠠᠬᠤ
ᠳ᠋ᠸᠪᠠᠵᠡᠨ ᠪ ᠣᠷᠣᠨ ᠳ᠋ᠤᠷ ᠠᠮᠢ ᠪᠠᠨ ᠪᠠᠷᠠᠬᠤ
ᠭᠤᠷᠪᠠᠨ ᠡᠷᠲᠡ
ᠳᠡᠯᠭᠡᠷᠡᠬᠦ ᠬᠠᠪᠤᠷ ᠦ᠋ᠨ ᠢᠷᠡᠬᠦ ᠨᠢ ᠡᠷᠲᠡ
ᠲᠠᠪᠦᠯᠬᠦ ᠮᠠᠯ ᠦ᠋ᠨ ᠲᠠᠷᠭᠤᠯᠬᠤ ᠨᠢ ᠡᠷᠲᠡ
ᠳᠡᠭᠵᠢᠷᠡᠬᠦ ᠠᠶ᠋ᠢᠯ ᠦ᠋ᠨ ᠪᠣᠰᠬᠤ ᠨᠢ ᠡᠷᠲᠡ
ᠭᠤᠷᠪᠠᠨ ᠪᠠᠶ᠋ᠢᠲᠠᠭ
ᠳᠡᠪᠡᠯ ᠨᠢᠭᠡ ᠵᠠᠬ᠎ᠠ ᠲᠠᠢ ᠪᠠᠶ᠋ᠢᠲᠠᠭ
ᠭᠡᠷ ᠲᠦ ᠨᠢᠭᠡ ᠡᠵᠡᠨ ᠲᠠᠢ ᠪᠠᠶ᠋ᠢᠲᠠᠭ
ᠬᠦᠮᠦᠨ ᠳᠤ ᠨᠢᠭᠡ ᠲᠦᠷᠦᠭᠦᠦ ᠲᠡᠢ ᠪᠠᠶ᠋ᠢᠲᠠᠭ
ᠭᠤᠷᠪᠠᠨ ᠭᠠᠷᠬᠤ
ᠳᠠᠯᠠᠢ ᠳᠠᠪᠤᠰᠤ ᠪᠠᠷ ᠳᠤᠲᠠᠬᠤ ᠴᠠᠭ ᠨᠢᠭᠡ ᠭᠠᠷᠬᠤ
ᠳᠠᠭᠢᠨᠢ ᠡᠷ᠎ᠡ ᠪᠡᠷ ᠳᠤᠲᠠᠬᠤ ᠴᠠᠭ ᠨᠢᠭᠡ ᠭᠠᠷᠬᠤ
ᠳᠡᠯᠡᠬᠡᠢ ᠬᠦᠮᠦᠨ ᠶ᠋ᠢᠡᠷ ᠳᠤᠲᠠᠬᠤ ᠴᠠᠭ ᠨᠢᠭᠡ ᠭᠠᠷᠬᠤ
ᠭᠤᠷᠪᠠᠨ ᠬᠠᠷ᠎ᠠ
ᠳᠡᠪᠢᠭᠦᠷ ᠦᠭᠡᠢ ᠪᠤᠲᠠᠬ᠋᠎ᠠ ᠨᠢᠭᠡ ᠬᠠᠷ᠎ᠠ
ᠳ᠋ᠸᠩ ᠦᠭᠡᠢ ᠪᠠᠶ᠋ᠢᠰᠢᠩ ᠨᠢᠭᠡ ᠬᠠᠷ᠎ᠠ
ᠳᠡᠭᠡᠳᠦ ᠦᠭᠡᠢ ᠬᠦᠮᠦᠨ ᠨᠢᠭᠡ ᠬᠠᠷ᠎ᠠ
ᠭᠤᠷᠪᠠᠨ ᠦᠭᠡᠢ
ᠳᠡᠭᠡᠷᠡᠩᠭᠦᠢ ᠶᠡᠬᠡᠷᠬᠡᠭ ᠭᠡᠲᠤᠷᠡᠪᠡᠰᠦ ᠠᠬ᠎ᠠ ᠳᠡᠭᠦᠦ ᠦᠭᠡᠢ
ᠳᠡᠭᠡᠭᠰᠢ ᠵᠠᠯᠪᠠᠷᠢᠨ ᠡᠰᠡ ᠰᠦᠰᠦᠭᠯᠡᠪᠡᠰᠦ ᠪᠤᠶᠠᠨ ᠦᠭᠡᠢ
ᠳᠡᠮᠡᠶ᠋ᠢᠯᠡ ᠪᠠᠷᠲᠠᠮᠨᠠᠨ ᠰᠤᠶ᠋ᠢᠤᠠᠭᠡᠪᠡᠰᠤ ᠪᠠᠶᠠᠨ ᠦᠭᠡᠢ
ᠭᠤᠷᠪᠠᠨ ᠳᠤᠷᠠᠲᠠᠢ
ᠳᠡᠭᠡᠯᠡᠢ ᠰᠢᠪᠠᠭᠤ ᠵᠢᠭᠠᠰᠤᠨ ᠳᠤ ᠨᠢᠭᠡ ᠳᠤᠷᠠᠲᠠᠢ
ᠳᠡᠭᠡᠷᠡᠩᠭᠦᠢ ᠰᠡᠤᠠᠬᠢᠯᠲᠡᠨ ᠠᠰᠢᠬ ᠲᠤ ᠨᠢᠭᠡ ᠳᠤᠷᠠᠲᠠᠢ
ᠳᠡᠭᠡᠳᠦ ᠨᠣᠶᠠᠳ ᠡᠷᠬᠡ ᠳᠤ ᠨᠢᠭᠡ ᠳᠤᠷᠠᠲᠠᠢ
ᠭᠤᠷᠪᠠᠨ ᠰᠠᠶ᠋ᠢᠨ
ᠳᠡᠭᠡᠷ᠎ᠡ ᠳᠣᠣᠷᠠᠬᠢ ᠶ᠋ᠢ ᠢᠯᠭᠠᠨ ᠮᠡᠲᠡᠪᠡᠰᠦ ᠰᠤᠷᠲᠠᠯ ᠰᠠᠶ᠋ᠢᠨ
ᠳᠡᠭᠡᠳᠦ ᠳᠡᠭᠡᠳᠤᠰ ᠶ᠋ᠢᠠᠨ ᠬᠦᠨᠲᠦᠯᠡᠵᠦ ᠵᠢᠤᠠᠬᠦᠪᠡᠰᠦ ᠠᠴᠢ ᠰᠠᠶ᠋ᠢᠨ
ᠳᠡᠭᠡᠳᠦ ᠳᠣᠣᠷᠠᠳᠤ ᠢᠯᠭᠠᠯ ᠦᠭᠡᠢ ᠥᠷᠥᠰᠢᠶᠡᠪᠡᠰᠦ ᠰᠡᠤᠠᠬᠢᠯ ᠰᠠᠶ᠋ᠢᠨ
ᠭᠤᠷᠪᠠᠨ ᠰᠠᠶ᠋ᠢᠬᠠᠨ
ᠳᠡᠭᠳᠡᠨ ᠳᠡᠷᠪᠡᠵᠦ ᠪᠠᠶ᠋ᠢᠬ᠋᠎ᠠ ᠬᠡᠦᠬᠡᠳ ᠰᠠᠶ᠋ᠢᠬᠠᠨ
ᠳᠡᠯᠪᠢ ᠪᠡᠨ ᠳᠡᠯᠭᠡᠵᠦ ᠪᠠᠶ᠋ᠢᠬ᠋᠎ᠠ ᠴᠡᠴᠡᠭ ᠰᠠᠶ᠋ᠢᠬᠠᠨ
ᠳᠡᠭᠡᠭᠰᠢ ᠪᠡᠨ ᠣᠷᠭᠢᠯᠵᠤ ᠪᠠᠶ᠋ᠢᠬ᠋᠎ᠠ ᠪᠤᠯᠠᠭ ᠰᠠᠶ᠋ᠢᠬᠠᠨ
ᠭᠤᠷᠪᠠᠨ ᠲᠠᠩᠰᠤᠭ
ᠳᠡᠯᠭᠡᠷᠡᠵᠦ ᠪᠠᠶ᠋ᠢᠲᠠᠭ ᠠ᠋ᠴᠠ ᠴᠡᠴᠡᠭ ᠨᠢᠭᠡ ᠲᠠᠩᠰᠤᠭ
ᠳᠤᠯᠡᠯᠵᠡᠵᠦ ᠪᠠᠶ᠋ᠢᠲᠠᠭ ᠠ᠋ᠴᠠ ᠣᠲᠣ ᠨᠢᠭᠡ ᠲᠠᠩᠰᠤᠭ
ᠳᠣᠯᠬᠢᠶᠠᠯᠠᠵᠤ ᠪᠠᠶ᠋ᠢᠲᠠᠭ ᠠ᠋ᠴᠠ ᠤᠰᠤ ᠨᠢᠭᠡ ᠲᠠᠩᠰᠤᠭ
ᠭᠤᠷᠪᠠᠨ ᠬᠣᠭᠣᠰᠣᠨ
ᠳᠣᠪᠣ ᠦᠭᠡᠢ ᠲᠠᠯ᠎ᠠ ᠨᠢᠭᠡ ᠬᠣᠭᠣᠰᠣᠨ
ᠳᠠᠭᠤᠤ ᠦᠭᠡᠢ ᠨᠡᠶ᠋ᠢᠷ ᠨᠢᠭᠡ ᠬᠣᠭᠣᠰᠣᠨ
ᠲᠣᠭᠵᠢᠷ ᠦᠭᠡᠢ ᠰᠦᠮ᠎ᠡ ᠨᠢᠭᠡ ᠬᠣᠭᠣᠰᠣᠨ
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠠᠯᠲᠠᠨᠲᠤᠶᠠᠭ᠎ᠠ᠂ ᠬᠠᠷᠠᠨᠤᠳ ᠲᠤᠶᠠᠭ᠎ᠠ ᠂ ᠬᠠᠳᠠᠴᠢ ᠤᠷᠠᠨ᠎ᠠ
ᠬᠢᠨᠠᠭᠴᠢ ᠄ ᠮᠢᠩᠭᠠᠳ ᠴᠢᠮᠡᠭ᠂ ᠬᠠᠷᠠᠨᠤᠳ ᠲᠤᠶᠠᠭ᠎ᠠ