ᠪᠣᠭᠳᠠ ᠬᠠᠭᠠᠨБогд Хаанᠵᠠᠪᠵᠤᠨᠳᠠᠮᠪᠠ ᠬᠤᠲᠤᠭᠲᠤ ᠺᠢᠨᠣ᠋
ᠮᠣᠩᠭᠣᠯ ᠤ᠋ᠨ ᠲᠤᠰᠠᠭᠠᠷ ᠤᠯᠤᠰ ᠢ᠋ᠶ᠋ᠠᠨ ᠰᠡᠷᠭᠦᠭᠡᠨ ᠪᠠᠢᠭᠤᠯᠬᠤ ᠮᠣᠩᠭᠣᠯ ᠲᠦᠮᠡᠨ ᠦ᠌ ᠴᠢᠩ ᠬᠦᠰᠡᠯ᠂ ᠣᠯᠠᠨ ᠠᠷᠪᠠᠨ ᠵᠢᠯ ᠦ᠋ᠨ ᠲᠡᠮᠡᠴᠡᠯ ᠦ᠋ᠨ ᠦᠷ᠎ᠡ ᠳ᠋ᠦᠩ ᠳ᠋ᠦ᠍ ᠬᠠᠷᠢ ᠭᠦᠷᠦᠨ ᠦ᠌ 200 ᠭᠠᠷᠤᠢ ᠵᠢᠯ ᠦ᠋ᠨ ᠨᠣᠶᠠᠷᠬᠠᠯ ᠢ᠋ ᠡᠴᠦᠰ ᠪᠣᠯᠭᠠᠨ᠂ ᠲᠡᠦᠬᠡᠲᠦ ᠲᠥᠷᠥ ᠤᠯᠤᠰ ᠤ᠋ᠨ ᠢ᠋ᠶ᠋ᠠᠨ ᠲᠤᠰᠠᠭᠠᠷ ᠲᠣᠭᠲᠠᠨᠢᠯ ᠢ᠋ ᠳᠡᠯᠡᠬᠡᠢ ᠳ᠋ᠠᠬᠢᠨ᠎ᠠ ᠵᠠᠷᠯᠠᠵᠤ᠂ ᠦᠨᠳᠦᠰᠦᠲᠡᠨ ᠦ᠌ ᠰᠡᠷᠭᠦᠨ ᠮᠠᠨᠳᠤᠯ ᠤ᠋ᠨ ᠡᠬᠢ ᠶ᠋ᠢ ᠲᠠᠯᠪᠢᠭᠰᠠᠨ 1911 ᠣᠨ ᠤ᠋ ᠦᠨᠳᠦᠰᠦᠨ ᠦ᠌ ᠡᠷᠬᠡ ᠴᠢᠯᠥᠭᠡᠨ ᠦ᠌ ᠬᠤᠪᠢᠰᠬᠠᠯ ᠤ᠋ᠨ ᠣᠯᠤᠯᠲᠠ᠂ ᠦᠢᠯᠡ ᠬᠡᠷᠡᠭ ᠢ᠋ ᠥᠨᠢ ᠮᠥᠩᠬᠡᠳᠡ ᠬᠦᠨᠳᠦᠳᠬᠡᠶ᠎ᠡ᠃
ᠡᠭᠦᠨ ᠦ᠌ ᠲᠤᠯᠠᠳᠠ ᠦᠨᠳᠦᠰᠦᠨ ᠦ᠌ ᠡᠷᠬᠡ ᠴᠢᠯᠥᠭᠡᠨ ᠦ᠌ ᠬᠤᠪᠢᠰᠬᠠᠯ ᠢ᠋ ᠲᠡᠷᠢᠭᠦᠯᠡᠨ ᠤᠳᠤᠷᠢᠳᠤᠭᠰᠠᠨ᠂ ᠮᠠᠩᠯᠠᠢᠯᠠᠨ ᠣᠷᠣᠯᠴᠠᠭᠰᠠᠨ᠂ ᠠᠮᠢ ᠪᠡᠶ᠎ᠡ ᠶ᠋ᠢ ᠦᠯᠦ ᠬᠠᠢᠷᠠᠯᠠᠨ ᠵᠢᠳᠬᠦᠭᠰᠡᠨ ᠪᠠᠭᠠᠲᠤᠷᠯᠢᠭ ᠡᠬᠡ ᠣᠷᠣᠨᠴᠢᠳ᠂ ᠲᠥᠷᠥ ᠨᠡᠢᠭᠡᠮ᠂ ᠱᠠᠰᠢᠨ ᠤ᠋ ᠵᠢᠳᠬᠦᠯᠲᠡᠨ ᠨᠦ᠍ᠭᠦᠳ᠂ ᠬᠦᠨᠳᠦ ᠴᠠᠭ ᠦᠶ᠎ᠡ ᠳ᠋ᠦ᠍ ᠵᠣᠷᠢᠭ ᠤᠬᠠᠭᠠᠨ᠂ ᠲᠡᠰᠪᠦᠷᠢ ᠬᠠᠲᠠᠭᠤᠵᠢᠯ᠂ ᠡᠪ ᠰᠠᠨᠠᠭᠠᠨ ᠤ᠋ ᠬᠦᠴᠦ ᠶ᠋ᠢ ᠦᠵᠡᠭᠦᠯᠦᠨ ᠨᠢᠭᠡᠳᠴᠦ᠂ ᠲᠤᠭᠤᠰᠢᠲᠠᠢ ᠲᠡᠮᠡᠴᠡᠭᠰᠡᠨ ᠡᠭᠡᠯ ᠠᠷᠠᠳ᠂ ᠢᠷᠭᠡᠳ ᠦ᠋ᠨ ᠲᠡᠦᠬᠡᠨ ᠭᠠᠪᠢᠶ᠎ᠠ ᠶ᠋ᠢ ᠮᠥᠩᠬᠡᠵᠢᠭᠦᠯᠵᠦ᠂ ᠬᠣᠢᠴᠢ ᠦᠶ᠎ᠡ ᠦᠨᠳᠦᠰᠦᠨ ᠦ᠌ ᠪᠠᠬᠠᠷᠬᠠᠯᠲᠤ ᠦᠵᠡᠯ ᠰᠠᠨᠠᠭᠠᠨ ᠳ᠋ᠤ᠌ ᠬᠥᠲᠥᠯᠦᠨ᠂ ᠲᠤᠰᠠᠭᠠᠷ ᠲᠣᠭᠲᠠᠨᠢᠯ ᠤ᠋ᠨ ᠦᠨ᠎ᠡ ᠴᠠᠨ᠎ᠠ᠂ ᠠᠴᠢ ᠬᠣᠯᠪᠣᠭᠳᠠᠯ ᠢ᠋ ᠣᠢᠯᠠᠭᠠᠭᠤᠯᠵᠤ᠂ ᠬᠠᠢᠷᠠᠯᠠᠨ ᠬᠠᠮᠠᠭᠠᠯᠠᠬᠤ ᠤᠬᠠᠮᠰᠠᠷ ᠢ᠋ ᠴᠡᠭᠴᠡᠯᠡᠨ ᠲᠥᠯᠥᠪᠰᠢᠭᠦᠯᠬᠦ ᠶ᠋ᠢ ᠡᠷᠡᠮᠡᠯᠵᠡᠬᠦ ᠨᠢ ᠵᠦᠢᠲᠡᠢ᠃
ᠦᠨᠳᠦᠰᠦᠨ ᠦ᠌ ᠡᠷᠬᠡ ᠴᠢᠯᠥᠭᠡᠨ ᠦ᠌ ᠬᠤᠪᠢᠰᠬᠠᠯ ᠢ᠋ ᠮᠠᠩᠯᠠᠢᠯᠠᠨ ᠤᠳᠤᠷᠢᠳᠴᠤ᠂ ᠮᠣᠩᠭᠣᠯ ᠲᠥᠷᠥ ᠶ᠋ᠢᠨ ᠬᠠᠭᠠᠨ ᠰᠠᠭᠤᠷᠢᠨ ᠳ᠋ᠤ᠌ ᠵᠠᠯᠠᠷᠠᠭᠰᠠᠨ᠂ ᠲᠥᠷᠥ ᠱᠠᠰᠢᠨ ᠢ᠋ ᠬᠣᠣᠰᠯᠠᠨ ᠪᠠᠷᠢᠭᠴᠢ᠂ ᠨᠠᠢ᠍ᠮᠠᠳᠤᠭᠠᠷ ᠪᠣᠭᠳᠠ ᠵᠠᠪᠵᠤᠨᠳᠠᠮᠪᠠ ᠬᠤᠲᠤᠭᠲᠤ ᠨᠢ ᠥᠨᠢ ᠡᠷᠲᠡᠨ ᠡᠴᠡ ᠤᠯᠪᠠᠭ᠎ᠠ ᠲᠠᠢ ᠳᠥᠷᠦᠲᠦ ᠤᠯᠤᠰ᠂ ᠮᠣᠩᠭᠣᠯ ᠤ᠋ᠨ ᠲᠤᠰᠠᠭᠠᠷ ᠲᠣᠭᠲᠠᠨᠢᠯ ᠢ᠋ ᠰᠡᠷᠭᠦᠭᠡᠨ ᠮᠠᠨᠳᠤᠭᠤᠯᠬᠤ ᠶᠡᠬᠡ ᠦᠢᠯᠡ ᠬᠡᠷᠡᠭ ᠲᠦ᠍ ᠣᠨᠴᠣᠭᠣᠢ ᠭᠠᠪᠢᠶ᠎ᠠ ᠪᠠᠢᠭᠤᠯᠤᠭᠰᠠᠨ ᠲᠡᠦᠬᠡᠨ ᠬᠥᠮᠦᠨ ᠮᠥᠨ᠃
