ᠶᠢᠷᠲᠢᠨᠴᠦ ᠶᠢᠨ ᠭᠤᠷᠪᠠ – < ᠰᠠ‍ ᠂ ᠱᠠ‍ > ᠶ᠋ᠢᠨ ᠠᠶ᠋ᠢᠮᠠᠭ Ертөнцийн гурав – < Са ᠂ Ша > ин аймаг ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – < ᠰᠠ‍ ᠂ ᠱᠠ‍ > ᠶ᠋ᠢᠨ ᠠᠶ᠋ᠢᠮᠠᠭ Ертөнцийн гурав – < Са ᠂ Ша > ин аймаг

ᠶᠢᠷᠲᠢᠨᠴᠦ ᠶᠢᠨ ᠭᠤᠷᠪᠠ – < ᠰᠠ‍ ᠂ ᠱᠠ‍ > ᠶ᠋ᠢᠨ ᠠᠶ᠋ᠢᠮᠠᠭ Ертөнцийн гурав – < Са ᠂ Ша > ин аймаг

2023-06-03

970

ᠶᠢᠷᠲᠢᠨᠴᠦ ᠶᠢᠨ ᠭᠤᠷᠪᠠ – < ᠰᠠ‍ ᠂ ᠱᠠ‍ > ᠶ᠋ᠢᠨ ᠠᠶ᠋ᠢᠮᠠᠭ


        ᠰᠠ‍ ᠶ᠋ᠢᠨ ᠠᠶ᠋ᠢᠮᠠᠭ
          
       ᠭᠤᠷᠪᠠᠨ ᠣᠬᠢ
   ᠰᠠᠷᠠᠯ ᠡᠯᠵᠢᠭᠡ ᠣᠨᠣᠭ᠎ᠠ ‍ᠶ᠋ᠢᠨ ᠣᠬᠢ
   ᠰᠠᠭᠠᠭ ‍ᠤᠨ ᠭᠤᠯᠢᠷ ᠢᠳᠡᠭᠡᠨ ‍ᠦ ᠣᠬᠢ
   ᠰᠠᠬᠠᠯ ᠬᠥᠮᠦᠰᠭᠡ ᠴᠢᠮᠡᠭ ‍ᠦᠨ ᠣᠬᠢ
 
         ᠭᠤᠷᠪᠠᠨ ᠴᠢᠮᠡᠭ
   ᠰᠠᠭᠯᠠᠭᠠᠷ ᠮᠣᠳᠣ ᠲᠠᠯ᠎ᠠ ‍ᠶ᠋ᠢᠨ ᠴᠢᠮᠡᠭ
   ᠰᠠᠢᠨ ᠪᠡᠷᠢ ᠭᠡᠷ ‍ᠦᠨ ᠴᠢᠮᠡᠭ
   ᠰᠠᠨᠵᠢᠯᠭ᠎ᠠ ᠰᠥᠢᠬᠡ ᠲᠣᠯᠣᠭᠠᠢ ᠶ᠋ᠢᠨ ᠴᠢᠮᠡᠭ

       ᠭᠤᠷᠪᠠᠨ ᠴᠢᠮᠡᠭ
   ᠰᠠᠬᠠᠯ ᠬᠤᠤᠵᠠ ᠡᠷ᠎ᠡ ‍ᠶ᠋ᠢᠨ ᠴᠢᠮᠡᠭ
   ᠰᠠᠭᠠᠳᠠᠭ ᠨᠤᠮᠤ ᠬᠦᠷᠭᠡᠳ ‍ᠦᠨ ᠴᠢᠮᠡᠭ
   ᠰᠠᠨᠵᠢᠯᠭ᠎ᠠ ᠰᠦᠢᠬᠡ ᠪᠡᠷᠢᠶᠡᠳ ‍ᠦᠨ ᠴᠢᠮᠡᠭ

       ᠭᠤᠷᠪᠠᠨ ᠦᠭᠡᠢ
   ᠰᠠᠷᠠᠯ ᠮᠣᠷᠢᠨ ‍ᠤ ᠵᠢᠰᠦ ᠨᠢᠭᠡ ᠰᠣᠯᠢᠬᠳᠠᠬᠤ ᠦᠭᠡᠢ
   ᠰᠢᠷ᠎ᠠ ᠠᠯᠲᠠᠨ ‍ᠤ ᠥᠩᠭᠡ ᠨᠢᠭᠡ ᠰᠣᠯᠢᠬᠳᠠᠬᠤ ᠦᠭᠡᠢ
   ᠰᠠᠢᠨ ᠬᠥᠮᠦᠨ ‍ᠦ ᠨᠡᠷ᠎ᠡ ᠨᠢᠭᠡ ᠳᠠᠷᠤᠭᠳᠠᠬᠤ ᠦᠭᠡᠢ
 
         ᠭᠤᠷᠪᠠᠨ ᠵᠥᠪ
   ᠰᠠᠢᠨ ᠨᠦᠬᠦᠷ ‍ᠦᠨ ᠥᠭᠡ ᠰᠢᠷᠦᠭᠦᠨ ᠪᠣᠯᠪᠠᠴᠤ ᠬᠦᠯᠢᠶᠡᠬᠦ ᠨᠢ ᠵᠥᠪ
   ᠰᠠᠨᠠᠭ᠎ᠠ ᠮᠠᠭᠤᠲᠤ ‍ᠶ᠋ᠢᠨ ᠦᠭᠡ ᠵᠥᠭᠡᠯᠡᠨ ᠪᠣᠯᠪᠠᠴᠤ ᠰᠡᠷᠡᠮᠵᠢᠯᠡᠬᠦ ᠨᠢ ᠵᠥᠪ
   ᠰᠠᠷᠠᠭᠤᠯ ᠳᠡᠭᠡᠳᠦ ‍ᠶ᠋ᠢᠨ ᠥᠷᠥᠰᠢᠶᠡᠯ ‍ᠢ ᠬᠠᠷᠢᠭᠤᠯᠬᠤ ᠨᠢ ᠵᠥᠪ

       ᠭᠤᠷᠪᠠᠨ ᠰᠤᠷᠤᠨ᠎ᠠ
   ᠰᠠᠢᠨ ‍ᠢ ᠳᠠᠭᠠᠪᠠᠯ ᠰᠠᠢᠨ ‍ᠢ ᠰᠤᠷᠤᠨ᠎ᠠ
   ᠰᠠᠮᠵᠠ ‍ᠶ᠋ᠢ ᠳᠠᠭᠠᠪᠠᠯ ᠦᠰᠦᠷᠬᠦ ‍ᠶ᠋ᠢ ᠰᠤᠷᠤᠨ᠎ᠠ
   ᠰᠠᠮᠠᠭᠤᠨ ‍ᠢ ᠳᠠᠭᠠᠪᠠᠯ ᠵᠠᠯᠢᠬᠠᠢ  ‍ᠶ᠋ᠢ ᠰᠤᠷᠤᠨ᠎ᠠ

        ᠭᠤᠷᠪᠠᠨ ᠣᠯᠠᠨ  
   ᠰᠠᠶ᠋ᠢᠬᠠᠨ ᠵᠠᠩᠲᠠᠨ ᠳ᠋ᠤ᠌ ᠨᠥᠬᠥᠷ ᠨᠢᠭᠡ ᠣᠯᠠᠨ  
   ᠰᠠᠨᠠᠬ᠋᠎ᠠ ᠮᠠᠭᠤᠲᠠᠨ ᠳ᠋ᠤ᠌ ᠥᠰᠲᠡᠨ ᠨᠢᠭᠡ ᠣᠯᠠᠨ
   ᠰᠠᠮᠠᠭᠤᠨ ᠶᠠᠪᠤᠲᠠᠯᠲᠠᠨ ᠳ᠋ᠤ᠌ ᠭᠡᠮᠰᠢᠯ ᠨᠢᠭᠡ ᠣᠯᠠᠨ

       ᠭᠤᠷᠪᠠᠨ ᠬᠠᠲᠠᠭᠤ  
   ᠰᠠᠨᠸᠠᠷ ᠨᠢᠭᠡᠲᠡᠨ ᠳ᠋ᠤ᠌ ᠰᠦᠰᠦᠭ ᠨᠢᠭᠡ ᠬᠠᠲᠠᠭᠤ
   ᠰᠠᠪᠠ ᠶᠢᠷᠲᠢᠨᠴᠦ ᠳ᠋ᠤ᠌ ᠶᠣᠰᠣ ᠨᠢᠭᠡ ᠬᠠᠲᠠᠭᠤ
   ᠰᠠᠨᠠᠬ᠋᠎ᠠ ᠵᠣᠷᠢᠬᠲᠠᠨ ᠳ᠋ᠤ᠌ ᠰᠠᠬᠢᠯᠬ᠋᠎ᠠ ᠨᠢᠭᠡ ᠬᠠᠲᠠᠭᠤ
  
       ᠭᠤᠷᠪᠠᠨ ᠠᠶᠤᠬᠤ
   ᠰᠠᠨᠠᠬ᠋᠎ᠠ ᠮᠠᠭᠤᠲᠠᠨ ᠦᠨᠡᠨ ᠡᠴᠡ ᠨᠢᠭᠡ ᠠᠶᠤᠬᠤ
   ᠰᠠᠷᠢᠰᠤᠨ ᠪᠠᠭᠪᠠᠬᠠᠢ ᠨᠠᠷᠠᠨ ᠠ᠋ᠴᠠ ᠨᠢᠭᠡ ᠠᠶᠤᠬᠤ
   ᠰᠠᠮᠠᠭᠤᠨ ᠬᠡᠦᠬᠡᠳ ᠱᠤᠯᠤᠮ ᠠ᠋ᠴᠠ ᠨᠢᠭᠡ ᠠᠶᠤᠬᠤ

       ᠭᠤᠷᠪᠠᠨ ᠭᠣᠬ᠎ᠠ
   ᠰᠠᠶ᠋ᠢᠬᠠᠨ ᠬᠡᠦᠬᠡᠨ ᠨᠢᠲᠦᠨ ᠪ ᠭᠣᠬ᠎ᠠ
   ᠰᠠᠢᠨ ᠪᠤᠲᠠᠬ᠋᠎ᠠ ᠰᠢᠲᠦᠨ ᠪ ᠭᠣᠬ᠎ᠠ    
   ᠰᠠᠶ᠋ᠢᠬᠠᠨ ᠦᠨᠦᠷ ᠬᠠᠮᠠᠷ ᠦ᠋ᠨ  ᠭᠣᠬ᠎ᠠ
           
       ᠭᠤᠷᠪᠠᠨ ᠳᠤᠷ᠎ᠠ ᠦᠭᠡᠢ   
   ᠰᠠᠷᠠᠨ ᠪ ᠭᠡᠷᠡᠯ ᠳ᠋ᠤ᠌ ᠴᠢᠨᠣ᠎ᠠ ᠳᠤᠷ᠎ᠠ ᠦᠭᠡᠢ
   ᠰᠠᠩᠳᠠᠭᠤ ᠨᠣᠬᠠᠢ ᠳ᠋ᠤ᠌ ᠬᠤᠯᠠᠭᠠᠶ᠋ᠢᠴᠢ ᠳᠤᠷ᠎ᠠ ᠦᠭᠡᠢ
   ᠰᠠᠢᠨ ᠰᠡᠤᠠᠬᠢᠯᠲᠡᠨ ᠳ᠋ᠤ᠌ ᠮᠠᠭᠤ ᠬᠥᠮᠦᠨ ᠳᠤᠷ᠎ᠠ ᠦᠭᠡᠢ

       ᠭᠤᠷᠪᠠᠨ ᠲᠤᠰᠠᠲᠠᠢ
   ᠰᠠᠢᠨ ᠡᠮ ᠠᠮᠠᠨ ᠳ᠋ᠤ᠌ ᠭᠠᠰᠢᠭᠤᠨ ᠪᠣᠯᠪᠠᠴᠤ ᠡᠪᠡᠤᠠᠴᠢᠨ ᠳ᠋ᠤ᠌ ᠲᠤᠰᠠᠲᠠᠢ
   ᠰᠠᠢᠨ ᠦᠭᠡ ᠴᠢᠬᠢᠨ ᠳ᠋ᠤ᠌ ᠬᠠᠲᠠᠭᠤ ᠪᠣᠯᠪᠠᠴᠤ ᠪᠡᠶ᠎ᠡ ᠳ᠋ᠤ᠌ ᠲᠤᠰᠠᠲᠠᠢ
   ᠰᠠᠢᠨ ᠶᠠᠭᠤᠮ᠎ᠠ ᠦᠵᠡᠬᠦ  ᠳ᠋ᠤ᠌ ᠮᠠᠭᠤ ᠪᠣᠯᠪᠠᠴᠤ ᠶᠠᠪᠤᠲᠠᠯ ᠳ᠋ᠤ᠌ ᠲᠤᠰᠠᠲᠠᠢ

       ᠭᠤᠷᠪᠠᠨ ᠰᠠᠶ᠋ᠢᠬᠠᠨ
   ᠰᠠᠢᠨ ᠮᠣᠷᠢᠨ ᠪ ᠰᠠᠶ᠋ᠢᠪᠤᠷ ᠨᠢᠭᠡ ᠰᠠᠶ᠋ᠢᠬᠠᠨ
   ᠰᠠᠢᠨ ᠶᠠᠪᠤᠬᠤ  ᠳ᠋ᠤ᠌ ᠨᠥᠬᠥᠷ ᠨᠢᠭᠡ ᠰᠠᠶ᠋ᠢᠬᠠᠨ
   ᠰᠠᠢᠨ ᠰᠤᠷᠬᠤ  ᠳ᠋ᠤ᠌ ᠡᠷᠲᠡᠮ ᠨᠢᠭᠡ ᠰᠠᠶ᠋ᠢᠬᠠᠨ

       ᠭᠤᠷᠪᠠᠨ ᠰᠠᠢᠨ
   ᠰᠠᠲᠤᠨ ᠲᠥᠷᠥᠯ ᠲᠡᠢ ᠪᠡᠨ ᠤᠴᠠᠷᠠᠬᠤ ᠨᠢ ᠰᠠᠢᠨ 
   ᠰᠠᠷᠠᠯ ᠮᠣᠷᠢ ᠪᠠᠨ ᠤᠨᠤᠬᠤ ᠨᠢ ᠰᠠᠢᠨ
   ᠰᠠᠷᠬᠤᠳ ᠠᠷᠢᠬᠢ ᠪᠠᠨ ᠤᠤᠭᠤᠬᠤ ᠨᠢ ᠰᠠᠢᠨ

       ᠭᠤᠷᠪᠠᠨ ᠭᠡᠭᠡᠭᠡᠨ
   ᠰᠠᠷᠠᠨ ᠮᠠᠨᠲᠤᠨ ᠭᠠᠷᠪᠠᠰᠤ ᠰᠥᠨᠢ ᠪᠣᠯᠪᠠᠴᠤ ᠭᠡᠭᠡᠭᠡᠨ
   ᠰᠠᠮᠠᠭᠤᠨ ᠮᠠᠭᠤ ᠶ᠋ᠢ ᠲᠠᠨᠢᠪᠠᠰᠤ ᠰᠠᠨᠠᠬ᠋᠎ᠠ ᠰᠡᠤᠠᠬᠢᠯ ᠭᠡᠭᠡᠭᠡᠨ
   ᠰᠠᠢᠨ ᠊ᠢ ᠮᠥᠷᠲᠡᠨ ᠴᠢᠲᠠᠪᠠᠰᠤ ᠶᠠᠮᠠᠷ ᠬᠥᠮᠦᠨ ᠴᠦ᠍ ᠭᠡᠭᠡᠭᠡᠨ

       ᠭᠤᠷᠪᠠᠨ ᠬᠡᠷᠡᠭ ᠦᠭᠡᠢ
   ᠰᠠᠢᠨ ᠬᠥᠮᠦᠨ ᠪᠣᠯᠪᠠᠴᠤ ᠡᠷᠲᠡᠮ ᠡᠰᠡ ᠰᠤᠷᠪᠠᠰᠤ ᠬᠡᠷᠡᠭ ᠦᠭᠡᠢ
   ᠰᠠᠩ ᠠᠷᠪᠢᠨ ᠪᠣᠯᠪᠠᠴᠤ ᠥᠭᠯᠢᠭᠡ ᠡᠰᠡ ᠥᠭᠪᠡᠰᠦ ᠬᠡᠷᠡᠭ ᠦᠭᠡᠢ
   ᠰᠠᠢᠨ ᠵᠡᠰ ᠪᠠᠶ᠋ᠢᠬᠤ ᠪᠣᠯᠪᠠᠴᠤ ᠡᠳ᠋ ᠡᠰᠡ ᠪᠣᠯᠭᠠᠪᠠᠰᠤ ᠬᠡᠷᠡᠭ ᠦᠭᠡᠢ

       ᠭᠤᠷᠪᠠᠨ ᠳᠤᠮᠳᠠ
   ᠰᠠᠷᠠᠯ ᠮᠣᠷᠢᠨ ᠠ᠋ᠴᠠ ᠰᠠᠯᠪᠠᠯ ᠲᠠᠯ᠎ᠠ ᠶ᠋ᠢᠨ ᠳᠤᠮᠳᠠ
   ᠰᠠᠯ ᠣᠩᠭᠣᠴᠠ ᠠ᠋ᠴᠠ ᠰᠠᠯᠪᠠᠯ ᠳᠠᠯᠠᠢ ᠶ᠋ᠢᠨ ᠳᠤᠮᠳᠠ
   ᠰᠤᠮᠤ ᠨᠤᠮᠤ ᠠ᠋ᠴᠠ ᠰᠠᠯᠪᠠᠯ ᠳᠠᠶ᠋ᠢᠰᠤᠨ ᠪ ᠳᠤᠮᠳᠠ

       ᠭᠤᠷᠪᠠᠨ ᠣᠯᠠᠨ
   ᠰᠠᠭᠤᠭᠰᠠᠨ ᠬᠥᠮᠦᠨ ᠳ᠋ᠤ᠌ ᠪᠣᠲᠣᠯᠬ᠋᠎ᠠ ᠣᠯᠠᠨ
   ᠰᠣᠨᠣᠰᠤᠭᠰᠠᠨ ᠬᠥᠮᠦᠨ ᠳ᠋ᠤ᠌ ᠰᠣᠨᠢᠨ ᠣᠯᠠᠨ
   ᠰᠤᠷᠤᠭᠰᠠᠨ ᠬᠥᠮᠦᠨ ᠳ᠋ᠤ᠌ ᠮᠡᠲᠡᠯᠭᠡ ᠣᠯᠠᠨ

       ᠭᠤᠷᠪᠠᠨ ᠣᠯᠠᠨ
   ᠰᠠᠢᠨ ᠬᠥᠮᠦᠨ ᠳ᠋ᠤ᠌ ᠨᠥᠬᠥᠷ ᠨᠢᠭᠡ ᠣᠯᠠᠨ
   ᠰᠠᠢᠨ ᠮᠣᠷᠢᠨ ᠳ᠋ᠤ᠌ ᠡᠵᠡᠨ ᠨᠢᠭᠡ ᠣᠯᠠᠨ
   ᠰᠠᠢᠨ ᠶᠠᠪᠤᠲᠠᠯ ᠳ᠋ᠤ᠌ ᠮᠠᠭᠲᠠᠭᠠᠯ ᠨᠢᠭᠡ ᠣᠯᠠᠨ

        ᠭᠤᠷᠪᠠᠨ ᠦᠭᠡᠢ
   ᠰᠠᠢᠨ ᠵᠠᠩᠵᠤᠨ ᠬᠤᠯᠠᠭᠤᠵᠤ  ᠪᠠᠶ᠋ᠢᠯᠲᠤᠬᠤ ᠦᠭᠡᠢ
   ᠰᠠᠢᠨ ᠮᠣᠷᠢ ᠬᠤᠲᠠᠷᠭᠠᠯᠠᠵᠤ ᠢᠰᠬᠦᠯᠬᠦ ᠦᠭᠡᠢ
   ᠰᠠᠢᠨ ᠡᠷ᠎ᠡ ᠳᠠᠯᠳᠠᠯᠠᠵᠤ ᠬᠣᠣᠷᠯᠠᠬᠤ ᠦᠭᠡᠢ

       ᠭᠤᠷᠪᠠᠨ ᠣᠯᠠᠨ
   ᠰᠠᠢᠨ ᠬᠥᠮᠦᠨ ᠳ᠋ᠤ᠌ ᠨᠥᠬᠥᠷ ᠨᠢᠭᠡ ᠣᠯᠠᠨ
   ᠽᠠᠨᠲᠠᠨ ᠮᠣᠲᠣᠨ ᠳ᠋ᠤ᠌ ᠰᠠᠯᠠᠬ᠋᠎ᠠ ᠨᠢᠭᠡ ᠣᠯᠠᠨ
   ᠰᠠᠮᠠᠭᠤᠨ ᠬᠦᠮᠦᠨ ᠳ᠋ᠤ᠌ ᠤᠴᠢᠷ ᠨᠢᠭᠡ ᠣᠯᠠᠨ

       ᠭᠤᠷᠪᠠᠨ ᠣᠷᠣᠬᠤ
   ᠰᠠᠲᠤᠨ ᠲᠥᠷᠥᠯ ᠳᠠᠭᠤᠰᠪᠠᠯ ᠵᠣᠪᠠᠯ ᠦ᠋ᠨ ᠢᠷᠣᠭᠠᠷ ᠲᠤ ᠣᠷᠣᠬᠤ
   ᠰᠠᠯ ᠣᠩᠭᠣᠴᠠ ᠡᠪᠲᠡᠷᠡᠪᠡᠯ ᠤᠰᠤᠨ ᠪ ᠢᠷᠣᠭᠠᠷ ᠲᠤ ᠣᠷᠣᠬᠤ
   ᠰᠢᠢᠲᠦᠯ ᠲᠠᠩᠭᠠᠷᠢᠬ ᠶ᠋ᠢᠠᠨ ᠡᠪᠲᠡᠪᠡᠯ ᠲᠠᠮᠤ ᠶ᠋ᠢᠨ ᠢᠷᠣᠭᠠᠷ ᠲᠤ ᠣᠷᠣᠬᠤ

       ᠭᠤᠷᠪᠠᠨ ᠨᠢᠭᠡ
   ᠰᠠᠢᠨ ᠮᠠᠭᠤ ᠰᠠᠨᠠᠬ᠋᠎ᠠ ᠨᠢ ᠨᠢᠭᠡ
   ᠰᠠᠪᠠ ᠤᠭᠤᠲᠠ ᠲᠥᠷᠥᠯ ᠨᠢ ᠨᠢᠭᠡ
   ᠰᠠᠷᠬᠢᠨᠠᠭ ᠭᠦᠵᠡᠭᠡ ᠠᠮᠠ ᠨᠢ ᠨᠢᠭᠡ

       ᠭᠤᠷᠪᠠᠨ ᠭᠣᠬ᠎ᠠ
   ᠰᠢᠰᠢ ᠪᠤᠲᠠᠬ᠋᠎ᠠ ᠰᠢᠲᠦᠨ ᠪ ᠭᠣᠬ᠎ᠠ
   ᠰᠢᠷ᠎ᠠ ᠲᠣᠰᠣ  ᠬᠣᠭᠣᠯᠠᠨ ᠪ ᠭᠣᠬ᠎ᠠ
   ᠰᠢᠨ᠎ᠡ ᠪᠡᠷᠢ ᠨᠢᠲᠦᠨ ᠪ ᠭᠣᠬ᠎ᠠ

       ᠭᠤᠷᠪᠠᠨ ᠪᠣᠯᠬᠤ ᠦᠭᠡᠢ
   ᠰᠢᠭᠦᠲᠡᠷᠢ ᠪᠡᠷ ᠤᠮᠲᠠ ᠬᠢᠵᠦ ᠪᠣᠯᠬᠤ ᠦᠭᠡᠢ
   ᠰᠢᠪᠡᠭᠴᠢᠨ ᠶ᠋ᠢᠡᠷ ᠬᠠᠲᠤᠨ ᠬᠢᠵᠦ ᠪᠣᠯᠬᠤ ᠦᠭᠡᠢ
   ᠰᠢᠯᠣᠰᠤ ᠪᠠᠷ ᠦᠯ ᠬᠢᠵᠦ ᠪᠣᠯᠬᠤ ᠦᠭᠡᠢ

       ᠭᠤᠷᠪᠠᠨ ᠳᠤᠷ᠎ᠠ ᠦᠭᠡᠢ
   ᠰᠠᠷᠠᠨ ᠪ ᠭᠡᠷᠡᠯ ᠳ᠋ᠤ᠌ ᠬᠤᠯᠠᠭᠠᠶ᠋ᠢᠴᠢ ᠳᠤᠷ᠎ᠠ ᠦᠭᠡᠢ
   ᠰᠠᠢᠨ ᠬᠦᠮᠦᠨ ᠳ᠋ᠤ᠌ ᠮᠠᠭᠤ ᠬᠥᠮᠦᠨ ᠳᠤᠷ᠎ᠠ ᠦᠭᠡᠢ
   ᠰᠠᠲᠤᠷ ᠶᠠᠪᠤᠲᠠᠯ ᠳ᠋ᠤ᠌ ᠣᠯᠠᠨ ᠬᠦᠮᠦᠨ ᠳᠤᠷ᠎ᠠ ᠦᠭᠡᠢ

       ᠭᠤᠷᠪᠠᠨ ᠪᠣᠯᠤᠨ᠎ᠠ
   ᠰᠠᠢᠨ ᠮᠣᠷᠢ ᠶ᠋ᠢ ᠭᠤᠷᠪᠠ ᠭᠤᠶᠠᠲᠠᠪᠠᠯ ᠰᠢᠷᠪᠠᠬ᠋᠎ᠠ ᠪᠣᠯᠤᠨ᠎ᠠ
   ᠰᠠᠢᠨ ᠡᠷ᠎ᠡ ᠶ᠋ᠢ ᠭᠤᠷᠪᠠ ᠰᠤᠷᠭᠠᠪᠠᠯ ᠲᠠᠯᠠᠭᠠᠷ ᠪᠣᠯᠤᠨ᠎ᠠ
   ᠰᠠᠢᠨ ᠦᠭᠡ ᠶ᠋ᠢ ᠭᠤᠷᠪᠠ ᠶᠠᠷᠢᠪᠠᠯ ᠴᠠᠯᠴᠢᠶ᠎ᠠ ᠪᠣᠯᠤᠨ᠎ᠠ

       ᠭᠤᠷᠪᠠᠨ ᠬᠡᠴᠡᠭᠦᠦ
   ᠰᠠᠪ ᠲᠠᠢ ᠬᠦᠮᠦᠨ ᠪ ᠰᠡᠷᠬᠡᠢ  ᠨᠢ ᠬᠡᠴᠡᠭᠦᠦ
   ᠰᠡᠴᠡᠨ ᠬᠦᠮᠦᠨ ᠪ ᠨᠢᠬᠲᠠᠯᠠᠬᠤ ᠨᠢ ᠬᠡᠴᠡᠭᠦᠦ
   ᠰᠡᠶ᠋ᠢᠮᠡᠭᠡᠷ ᠬᠦᠮᠦᠨ ᠪ ᠣᠨᠢᠯᠠᠬᠤ ᠨᠢ ᠬᠡᠴᠡᠭᠦᠦ

       ᠭᠤᠷᠪᠠᠨ ᠦᠭᠡᠢ
   ᠰᠦᠵᠢᠭ ᠪᠠᠶ᠋ᠢᠪᠠᠯ ᠪᠤᠷᠬᠠᠨ ᠬᠣᠯᠠ ᠦᠭᠡᠢ
   ᠰᠦᠬᠡ ᠪᠠᠶ᠋ᠢᠪᠠᠯ ᠲᠦᠯᠡᠭᠡ ᠬᠣᠯᠠ ᠦᠭᠡᠢ
   ᠰᠥᠰᠥ ᠪᠠᠶ᠋ᠢᠪᠠᠯ ᠶᠠᠭᠤ ᠴᠦ᠍ ᠬᠣᠯᠠ ᠦᠭᠡᠢ

       ᠭᠤᠷᠪᠠᠨ ᠦᠭᠡᠢ
   ᠰᠥᠨᠢ ᠳ᠋ᠤ᠌ ᠣᠷᠣᠢ ᠨᠢᠭᠡ ᠦᠭᠡᠢ
   ᠰᠦᠮ᠎ᠡ  ᠳ᠋ᠤ᠌ ᠰᠦᠵᠢᠭ ᠨᠢᠭᠡ ᠦᠭᠡᠢ
   ᠰᠥᠨᠢᠳ ᠲᠦ ᠳᠠᠪᠠᠬ᠋᠎ᠠ ᠨᠢᠭᠡ ᠦᠭᠡᠢ

       ᠭᠤᠷᠪᠠᠨ ᠬᠤᠷᠲᠤᠨ
   ᠰᠠᠯᠬᠢ ᠲᠠᠢ ᠲᠡᠭᠷᠢ ᠶ᠋ᠢᠨ ᠡᠭᠦᠯᠡ ᠨᠢᠭᠡ ᠬᠤᠷᠲᠤᠨ
   ᠰᠠᠷᠠᠭᠤᠯ ᠤᠬᠠᠭᠠᠨᠲᠠᠨ ᠪ ᠰᠠᠨᠠᠬ᠋᠎ᠠ ᠨᠢᠭᠡ ᠬᠤᠷᠲᠤᠨ
   ᠰᠠᠢᠨ ᠮᠣᠷᠢᠳ ᠦ᠋ᠨ ᠬᠦᠶᠦᠲᠦ ᠨᠢᠭᠡ ᠬᠤᠷᠲᠤᠨ

       ᠭᠤᠷᠪᠠᠨ ᠬᠤᠷᠲᠤᠨ
   ᠰᠠᠨᠠᠭᠰᠠᠨ ᠰᠠᠨᠠᠬ᠋᠎ᠠ ᠨᠢᠭᠡ ᠬᠤᠷᠲᠤᠨ
   ᠰᠠᠴᠤᠷᠠᠭᠰᠠᠨ ᠭᠡᠷᠡᠯ ᠨᠢᠭᠡ ᠬᠤᠷᠲᠤᠨ
   ᠰᠠᠢᠨ ᠮᠣᠷᠢ ᠨᠢᠭᠡ ᠬᠤᠷᠲᠤᠨ

       ᠭᠤᠷᠪᠠᠨ ᠳᠠᠭᠠᠬᠤ
   ᠰᠡᠭᠦᠯ ᠨᠢ ᠲᠣᠯᠣᠭᠠᠢ ᠪᠠᠨ ᠨᠢᠭᠡ ᠳᠠᠭᠠᠬᠤ
   ᠰᠡᠭᠦᠲᠡᠷ ᠨᠢ ᠪᠡᠶ᠎ᠡ ᠪᠡᠨ ᠨᠢᠭᠡ ᠳᠠᠭᠠᠬᠤ
   ᠰᠠᠨᠠᠬ᠋᠎ᠠ ᠨᠢ ᠰᠡᠤᠠᠬᠢᠯ ᠶ᠋ᠢᠡᠨ ᠨᠢᠭᠡ ᠳᠠᠭᠠᠬᠤ

       ᠭᠤᠷᠪᠠᠨ ᠠᠶᠠᠰ
   ᠰᠡᠤᠠᠬᠢᠯ ᠊ᠢ ᠬᠥᠭᠵᠢᠭᠡᠬᠦ ᠳᠠᠭᠤᠤ ᠶ᠋ᠢᠨ ᠠᠶᠠᠰ
   ᠰᠠᠨᠠᠬ᠋᠎ᠠ ᠶ᠋ᠢ ᠪᠠᠶᠠᠰᠬᠠᠬᠤ ᠬᠥᠭᠵᠢᠮ ᠦ᠋ᠨ ᠠᠶᠠᠰ
   ᠰᠠᠯᠬᠢᠨ ᠊ᠢ ᠤᠷᠢᠬᠤ ᠢᠰᠬᠡᠷᠬᠦ ᠶ᠋ᠢᠨ ᠠᠶᠠᠰ

       ᠭᠤᠷᠪᠠᠨ ᠬᠠᠷᠰᠢ
   ᠰᠢᠪᠡᠨᠡᠭᠡ ᠦᠭᠡ ᠨᠥᠬᠥᠷᠯᠡᠯ ᠳ᠋ᠤ᠌ ᠨᠢᠭᠡ ᠬᠠᠷᠰᠢ
   ᠰᠢᠪᠠᠷ  ᠪᠣᠷᠣᠭᠠᠨ ᠳᠡᠪᠡᠯ ᠳ᠋ᠤ᠌ ᠨᠢᠭᠡ ᠬᠠᠷᠰᠢ
   ᠰᠠᠮᠠᠭᠤᠨ ᠰᠠᠨᠠᠬ᠋᠎ᠠ ᠪᠡᠶ᠎ᠡ ᠳ᠋ᠤ᠌ ᠨᠢᠭᠡ ᠬᠠᠷᠰᠢ

       ᠭᠤᠷᠪᠠᠨ ᠳᠠᠭᠠᠭᠠᠬᠤ ᠦᠭᠡᠢ
   ᠰᠢᠪᠠᠷ ᠬᠦᠮᠦᠨ ᠪᠣᠷᠣᠭᠠᠨ ᠊ᠢ ᠳᠠᠭᠠᠭᠠᠬᠤ ᠦᠭᠡᠢ
   ᠰᠢᠷ᠎ᠠ ᠯᠠᠮᠠ ᠬᠠᠯᠠ ᠶ᠋ᠢ ᠳᠠᠭᠠᠭᠠᠬᠤ ᠦᠭᠡᠢ
   ᠱᠠᠰᠢᠨ ᠨᠣᠮ ᠦᠨᠡᠨ ᠊ᠢ ᠳᠠᠭᠠᠭᠠᠬᠤ ᠦᠭᠡᠢ

       ᠭᠤᠷᠪᠠᠨ ᠠᠮᠲᠠᠲᠠᠢ
   ᠰᠢᠮᠡᠵᠦ ᠢᠲᠡᠬᠦ  ᠳ᠋ᠤ᠌ ᠰᠢᠬᠢᠷ ᠨᠢᠭᠡ ᠠᠮᠲᠠᠲᠠᠢ
   ᠰᠢᠮᠡᠵᠦ ᠤᠤᠭᠤᠬᠤ  ᠳ᠋ᠤ᠌ ᠰᠦ᠋ ᠨᠢᠭᠡ ᠠᠮᠲᠠᠲᠠᠢ
   ᠰᠢᠮᠲᠠᠵᠤ ᠰᠤᠷᠬᠤ  ᠳ᠋ᠤ᠌ ᠮᠡᠲᠡᠯᠭᠡ ᠨᠢᠭᠡ ᠠᠮᠲᠠᠲᠠᠢ

       ᠭᠤᠷᠪᠠᠨ ᠤᠲᠠᠭᠠᠨ
   ᠰᠢᠲᠤᠷᠭᠤ ᠲᠥᠪ ᠰᠡᠤᠠᠬᠢᠯᠲᠡᠨ ᠪ ᠪᠠᠶᠠᠰᠬᠤ ᠨᠢ ᠤᠲᠠᠭᠠᠨ
   ᠰᠢᠯᠤᠭᠤᠨ ᠰᠠᠢᠨ ᠵᠠᠩᠲᠠᠨ ᠪ ᠬᠢᠯᠢᠩᠨᠡᠬᠦ ᠨᠢ ᠤᠲᠠᠭᠠᠨ
   ᠰᠢᠯᠢᠳᠡᠭ ᠳᠡᠭᠡᠳᠦ ᠬᠥᠮᠦᠰ ᠦ᠋ᠨ ᠭᠣᠮᠣᠲᠠᠬᠤ ᠨᠢ ᠤᠲᠠᠭᠠᠨ

       ᠭᠤᠷᠪᠠᠨ ᠦᠨᠲᠦᠰᠦ
   ᠰᠢᠨᠤᠯ  ᠭᠠᠵᠢᠭᠤ ᠪᠡᠶ᠎ᠡ ᠶ᠋ᠢ ᠡᠪᠲᠡᠯᠡᠬᠦ ᠦᠨᠲᠦᠰᠦ
   ᠰᠢᠷᠦᠭᠦᠨ ᠲᠦᠷᠢᠮᠡᠬᠡᠢ ᠪᠡᠶ᠎ᠡ ᠶ᠋ᠢ ᠭᠤᠲᠤᠭᠠᠬᠤ ᠦᠨᠲᠦᠰᠦ
   ᠰᠢᠲᠤᠷᠭᠤ ᠦᠨᠡᠨᠴᠢ ᠪᠡᠶ᠎ᠡ ᠶ᠋ᠢ ᠪᠠᠶ᠋ᠢᠭᠤᠯᠬᠤ ᠦᠨᠲᠦᠰᠦ

       ᠭᠤᠷᠪᠠᠨ ᠪᠣᠯᠤᠨ᠎ᠠ
   ᠰᠢᠷ᠎ᠠ ᠤᠯᠠᠭᠠᠨ ᠨᠡᠶ᠋ᠢᠯᠡᠭᠡᠳ ᠥᠩᠭᠡ ᠰᠠᠶ᠋ᠢᠲᠠᠢ ᠪᠣᠯᠤᠨ᠎ᠠ
   ᠰᠢᠯᠲᠠᠭ ᠪᠢᠯᠲᠠᠭ ᠨᠡᠶ᠋ᠢᠯᠡᠭᠡᠳ ᠶᠠᠪᠤᠲᠠᠯ ᠮᠠᠭᠤᠲᠠᠢ ᠪᠣᠯᠤᠨ᠎ᠠ 
   ᠰᠢᠭᠦᠮᠵᠢᠯᠡᠯ ᠨᠥᠬᠥᠷᠯᠡᠯ ᠨᠡᠶ᠋ᠢᠯᠡᠭᠡᠳ ᠢᠨᠠᠭ ᠠᠮᠠᠷᠠᠭ ᠪᠣᠯᠤᠨ᠎ᠠ

       ᠭᠤᠷᠪᠠᠨ ᠦᠭᠡᠢ
   ᠰᠢᠨᠵᠢᠯᠡᠬᠦ ᠦᠭᠡᠢ ᠪᠣᠯ ᠮᠡᠲᠡᠬᠦ ᠦᠭᠡᠢ
   ᠰᠢᠮᠲᠠᠬᠤ ᠦᠭᠡᠢ ᠪᠣᠯ ᠪᠦᠲᠦᠬᠦ ᠦᠭᠡᠢ
   ᠰᠢᠭᠦᠮᠵᠢᠯᠡᠬᠦ ᠦᠭᠡᠢ ᠪᠣᠯ ᠲᠠᠪᠰᠢᠬᠤ ᠦᠭᠡᠢ

       ᠭᠤᠷᠪᠠᠨ ᠲᠡᠮᠲᠡᠭ
   ᠰᠢᠷᠭᠢᠭᠡᠳ ᠳᠠᠭᠤᠰᠬᠤ ᠦᠭᠡᠢ ᠨᠢ ᠲᠥᠷᠥᠬᠦ ᠶ᠋ᠢᠨ ᠲᠡᠮᠲᠡᠭ
   ᠰᠢᠮᠡᠭᠡᠳ ᠳᠠᠭᠤᠰᠬᠤ ᠦᠭᠡᠢ ᠨᠢ ᠦᠯᠡᠲᠡᠬᠦ  ᠶ᠋ᠢᠨ ᠲᠡᠮᠲᠡᠭ
   ᠱᠣᠣᠯᠠᠭᠠᠳ ᠳᠠᠭᠤᠰᠬᠤ ᠦᠭᠡᠢ ᠨᠢ ᠵᠣᠪᠠᠬᠤ ᠶ᠋ᠢᠨ ᠲᠡᠮᠲᠡᠭ

       ᠭᠤᠷᠪᠠᠨ ᠪᠣᠯᠬᠤ ᠦᠭᠡᠢ
   ᠰᠢᠬᠢᠷ ᠠᠮᠲᠠᠲᠠᠢ ᠭᠡᠳ ᠱᠸᠩ ᠶ᠋ᠢᠡᠷ ᠢᠲᠡᠵᠦ ᠪᠣᠯᠬᠤ ᠦᠭᠡᠢ
   ᠬᠡᠦᠬᠡᠨ ᠠᠮᠠᠷᠠᠭ ᠭᠡᠳ ᠬᠤᠤ ᠠᠪᠴᠤ ᠪᠣᠯᠬᠤ ᠦᠭᠡᠢ
   ᠳᠠᠪᠤᠰᠤ ᠠᠮᠲᠠᠲᠠᠢ ᠭᠡᠳ ᠳ᠋ᠠᠨ ᠶ᠋ᠢᠠᠷ ᠢᠲᠡᠵᠦ ᠪᠣᠯᠬᠤ ᠦᠭᠡᠢ

       ᠭᠤᠷᠪᠠᠨ ᠬᠠᠶ᠋ᠢᠷᠠᠯᠠᠬᠤ
   ᠰᠢᠪᠠᠭᠤ ᠥᠲᠥ ᠪᠡᠨ ᠨᠢᠭᠡ ᠬᠠᠶ᠋ᠢᠷᠠᠯᠠᠬᠤ
   ᠬᠥᠮᠦᠨ ᠨᠡᠷ᠎ᠡ ᠪᠡᠨ ᠨᠢᠭᠡ ᠬᠠᠶ᠋ᠢᠷᠠᠯᠠᠬᠤ
   ᠪᠠᠷᠰ ᠠᠷᠠᠰᠤ ᠪᠠᠨ ᠨᠢᠭᠡ ᠬᠠᠶ᠋ᠢᠷᠠᠯᠠᠬᠤ

       ᠭᠤᠷᠪᠠᠨ ᠦᠭᠡᠢ
   ᠰᠢᠯᠲᠠᠭᠠᠨ ᠦᠭᠡᠢ ᠪᠡᠷ ᠢᠨᠢᠶᠡᠲᠦ ᠭᠠᠷᠬᠤ ᠦᠭᠡᠢ
   ᠰᠢᠪᠠᠷ ᠦᠭᠡᠢ ᠪᠡᠷ ᠪᠠᠶ᠋ᠢᠰᠢᠩ ᠪᠣᠯᠬᠤ ᠦᠭᠡᠢ
   ᠰᠠᠯᠬᠢ ᠦᠭᠡᠢ ᠪᠡᠷ ᠰᠢᠭᠤᠷᠭᠠᠨ ᠪᠣᠯᠬᠤ ᠦᠭᠡᠢ

       ᠭᠤᠷᠪᠠᠨ ᠪᠤᠷᠤᠭᠤ
   ᠰᠢᠬᠢᠷ ᠊ᠢ ᠢᠲᠡᠭᠡᠳ ᠭᠠᠰᠢᠭᠤᠨ ᠶ᠋ᠢᠠᠨ ᠮᠠᠷᠲᠠᠬᠤ ᠪᠤᠷᠤᠭᠤ
   ᠰᠢᠨ᠎ᠡ ᠶ᠋ᠢ ᠦᠵᠡᠭᠡᠳ ᠬᠠᠭᠤᠴᠢᠨ ᠶ᠋ᠢᠠᠨ ᠮᠠᠷᠲᠠᠬᠤ ᠪᠤᠷᠤᠭᠤ
   ᠰᠢᠮ᠎ᠡ ᠶ᠋ᠢ ᠨᠢ ᠰᠤᠷᠤᠭᠠᠳ ᠡᠬᠡ ᠪᠡᠨ ᠮᠠᠷᠲᠠᠬᠤ ᠪᠤᠷᠤᠭᠤ



       ᠭᠤᠷᠪᠠᠨ ᠪᠦᠷᠢᠤᠠᠬᠦ
   ᠰᠢᠭᠢᠷ᠎ᠡ ᠲᠣᠯᠣᠭᠠᠢ ᠲᠠᠢ ᠪᠠᠨ ᠨᠡᠶ᠋ᠢᠯᠡᠭᠡᠳ ᠲᠣᠭᠣᠬ᠋᠎ᠠ ᠶ᠋ᠢᠨ ᠰᠠᠶ᠋ᠢᠯᠤ ᠪᠦᠷᠢᠤᠠᠬᠦ
   ᠰᠢᠲᠦ ᠤᠷᠤᠭᠤᠯ ᠲᠠᠢ ᠪᠠᠨ ᠨᠡᠶ᠋ᠢᠯᠡᠭᠡᠳ ᠢᠲᠡᠬᠦ ᠡᠷᠬᠡᠲᠡᠨ ᠪᠦᠷᠢᠤᠠᠬᠦ
   ᠰᠢᠷ᠎ᠠ ᠬᠠᠷ᠎ᠠ ᠲᠠᠢ ᠪᠠᠨ ᠨᠡᠶ᠋ᠢᠯᠡᠭᠡᠳ ᠥᠩᠭᠡ ᠦᠵᠡᠮᠵᠢ ᠪᠦᠷᠢᠤᠠᠬᠦ

       ᠭᠤᠷᠪᠠᠨ ᠨᠢᠭᠡ
   ᠰᠢᠭᠡᠬᠦ ᠪᠡᠷ ᠶᠠᠪᠤᠬᠤ ᠵᠠᠮ ᠨᠢ ᠨᠢᠭᠡ
   ᠰᠢᠪᠡᠭᠡᠨᠡᠨ ᠬᠡᠯᠡᠯᠴᠡᠬᠦ ᠦᠭᠡ ᠨᠢ ᠨᠢᠭᠡ
   ᠰᠣᠨᠣᠷ ᠨᠢᠭᠡᠲᠦ ᠶ᠋ᠢᠨ ᠨᠡᠷ᠎ᠡ ᠨᠢ ᠨᠢᠭᠡ

       ᠭᠤᠷᠪᠠᠨ ᠠᠮᠲᠠᠲᠠᠢ
   ᠰᠣᠨᠢᠷᠬᠠᠵᠤ ᠢᠲᠡᠪᠡᠯ ᠰᠣᠩᠭᠢᠨ᠎ᠠ ᠨᠢᠭᠡ ᠠᠮᠲᠠᠲᠠᠢ
   ᠰᠣᠯᠢᠵᠤ ᠢᠲᠡᠪᠡᠯ ᠮᠠᠩᠭᠢᠷ ᠨᠢᠭᠡ ᠠᠮᠲᠠᠲᠠᠢ
   ᠰᠤᠷᠤᠯᠴᠠᠵᠤ ᠳᠠᠳᠪᠠᠯ ᠨᠣᠮ ᠨᠢᠭᠡ ᠠᠮᠲᠠᠲᠠᠢ

       ᠭᠤᠷᠪᠠᠨ ᠳᠡᠷᠪᠡᠬᠦ
   ᠰᠣᠬᠣᠷ ᠨᠣᠬᠠᠢ ᠲᠦᠢᠪᠡᠭᠡᠨ ᠶ᠋ᠢᠡᠷ ᠨᠢᠭᠡ ᠳᠡᠷᠪᠡᠬᠦ
   ᠰᠤᠭᠤᠲᠠᠩ ᠬᠠᠯᠲᠠᠷ ᠦᠢᠮᠡᠭᠡᠨ ᠶ᠋ᠢᠡᠷ ᠨᠢᠭᠡ ᠳᠡᠷᠪᠡᠬᠦ
   ᠰᠣᠯᠢᠶᠠᠲᠤ ᠬᠥᠮᠦᠨ ᠳᠡᠪᠵᠢᠶᠡᠨ ᠶ᠋ᠢᠡᠷ ᠨᠢᠭᠡ ᠳᠡᠷᠪᠡᠬᠦ
    
       ᠭᠤᠷᠪᠠᠨ ᠳᠡᠭᠡᠷ᠎ᠡ
   ᠰᠣᠨᠣᠰᠤᠭᠰᠠᠨ ᠠ᠋ᠴᠠ ᠦᠵᠡᠭᠰᠡᠨ ᠨᠢ ᠳᠡᠭᠡᠷ᠎ᠡ
   ᠦᠵᠡᠭᠰᠡᠨ ᠠ᠋ᠴᠠ ᠬᠢᠭᠰᠡᠨ ᠨᠢ ᠳᠡᠭᠡᠷ᠎ᠡ
   ᠰᠠᠭᠤᠭᠰᠠᠨ ᠠ᠋ᠴᠠ ᠶᠠᠪᠤᠭᠰᠠᠨ ᠨᠢ ᠳᠡᠭᠡᠷ᠎ᠡ

       ᠭᠤᠷᠪᠠᠨ ᠵᠣᠪᠠᠭᠤᠷᠢ
   ᠰᠤᠷᠭᠠᠪᠠᠴᠤ ᠦᠯᠦ ᠰᠤᠷᠬᠤ ᠮᠤᠩᠬᠠᠭ ᠱᠠᠪᠢ ‍ᠶ᠋ᠢᠨ ᠪᠠᠭᠰᠢ ᠵᠣᠪᠠᠭᠤᠷᠢ
   ᠰᠣᠨᠣᠰᠪᠠᠴᠤ ᠦᠯᠦ ᠠᠪᠬᠤ ᠮᠠᠭᠤ ᠬᠥᠪᠡᠭᠦᠨ ‍ᠤ ᠡᠴᠢᠭᠡ ᠵᠣᠪᠠᠭᠤᠷᠢ
   ᠰᠣᠨᠵᠢᠪᠠᠴᠤ ᠦᠯᠦ ᠴᠡᠭᠡᠷᠯᠡᠬᠦ ᠮᠠᠭᠤ ᠡᠮ᠎ᠡ ‍ᠶ᠋ᠢᠨ ᠡᠷ᠎ᠡ ᠵᠣᠪᠠᠭᠤᠷᠢ

       ᠭᠤᠷᠪᠠᠨ ᠭᠠᠷᠬᠤ ᠦᠭᠡᠢ
   ᠰᠦ᠋ ᠢᠳᠡᠭᠰᠡᠨ ᠨᠣᠬᠠᠢ ‍ᠶ᠋ᠢᠨ ᠵᠣᠯᠪᠢᠩ ᠨᠢ ᠭᠠᠷᠬᠤ ᠦᠭᠡᠢ
   ᠰᠦ᠋ ᠬᠢᠭᠰᠡᠨ ᠰᠠᠪᠠ ‍ᠶ᠋ᠢᠨ ᠦᠨᠦᠷ ᠨᠢ ᠭᠠᠷᠬᠤ ᠦᠭᠡᠢ
   ᠰᠤᠳᠤᠷ ᠤᠩᠰᠢᠬᠰᠠᠨ ᠯᠠᠮᠠ ‍ᠶ᠋ᠢᠨ ᠬᠣᠪᠳᠣᠭ ᠨᠢ ᠭᠠᠷᠬᠤ ᠦᠭᠡᠢ

       ᠭᠤᠷᠪᠠᠨ ᠪᠣᠯᠳᠠᠭ ᠦᠭᠡᠢ
   ᠰᠦ᠋ ‍ᠶ᠋ᠢᠨ ᠥᠩᠭᠡ ᠨᠢ ᠴᠠᠭᠠᠨ ᠪᠣᠯᠪᠠᠴᠤ ᠪᠣᠳᠣᠭ ᠪᠣᠯᠳᠠᠭ ᠦᠭᠡᠢ
   ᠰᠡᠭᠦᠳᠡᠷ ‍ᠤᠨ ᠪᠠᠷ᠎ᠠ ᠨᠢ ᠶᠡᠬᠡ ᠪᠣᠯᠪᠠᠴᠤ ᠪᠠᠷᠢᠵᠤ ᠪᠣᠯᠳᠠᠭ ᠦᠭᠡᠢ
   ᠰᠥᠨᠢ ‍ᠶ᠋ᠢᠨ ᠵᠡᠭᠦᠳᠦ ᠨᠢ ᠠᠮᠲᠠᠲᠠᠢ ᠪᠣᠯᠪᠠᠴᠤ ᠥᠯ ᠪᠣᠯᠳᠠᠭ ᠦᠭᠡᠢ

       ᠭᠤᠷᠪᠠᠨ ᠭᠦᠢᠴᠡᠬᠦ
   ᠰᠥᠰᠥ ᠵᠣᠷᠢᠬ ᠨᠡᠶ᠋ᠢᠯᠡᠭᠡᠳ ᠰᠦᠷ ᠰᠦᠯᠳᠡ ‍ᠶ᠋ᠢᠨ ᠣᠶ᠋ᠢᠯᠠ ᠭᠦᠢᠴᠡᠬᠦ
   ᠰᠦᠰᠦᠭ ᠪᠢᠰᠢᠷᠡᠯ ᠨᠡᠶ᠋ᠢᠯᠡᠭᠡᠳ ᠰᠢᠲᠦᠭᠡᠨ ᠳᠠᠬᠢᠯᠭ᠎ᠠ ‍ᠶ᠋ᠢᠨ ᠣᠶ᠋ᠢᠯᠠ ᠭᠦᠢᠴᠡᠬᠦ
   ᠰᠥᠷᠭᠡᠦ ᠳᠣᠭᠰᠢᠨ ᠨᠡᠶ᠋ᠢᠯᠡᠭᠡᠳ ᠬᠠᠷᠭᠢᠰ ᠬᠡᠷᠴᠡᠭᠡᠢ ‍ᠶ᠋ᠢᠨ ᠣᠶ᠋ᠢᠯᠠ ᠭᠦᠢᠴᠡᠬᠦ

       ᠭᠤᠷᠪᠠᠨ ᠬᠠᠷ᠎ᠠ
   ᠰᠦ᠋ ᠦᠭᠡᠢ ᠴᠠᠢ ᠨᠢᠭᠡ ᠬᠠᠷ᠎ᠠ
   ᠰᠦᠰᠦᠭ ᠦᠭᠡᠢ ᠬᠥᠮᠦᠨ ᠨᠢᠭᠡ ᠬᠠᠷ᠎ᠠ
   ᠰᠦᠮ᠎ᠡ ᠦᠭᠡᠢ ᠯᠠᠮᠠ ᠨᠢᠭᠡ ᠬᠠᠷ᠎ᠠ

       ᠭᠤᠷᠪᠠᠨ ᠬᠡᠴᠡᠭᠦᠦ
   ᠰᠦᠷ ‍ᠢ ᠬᠥᠭᠵᠢᠭᠡᠬᠦ ᠪᠦᠷᠢᠶᠡᠨ ‍ᠤ ᠠᠶᠠᠰ ᠬᠡᠴᠡᠭᠦᠦ
   ᠰᠦᠵᠢᠭ ‍ᠢ ᠬᠦᠷᠦᠭᠦᠯᠬᠦ ᠳᠠᠮᠠᠷᠤ ‍ᠶ᠋ᠢᠨ ᠠᠶᠠᠰ ᠬᠡᠴᠡᠭᠦᠦ
   ᠰᠦᠨᠡᠰᠦ ‍ᠶ᠋ᠢ ᠳᠠᠯᠠᠯᠬᠤ ᠨᠣᠮ ‍ᠤᠨ ᠠᠶᠠᠰ ᠬᠡᠴᠡᠭᠦᠦ

       ᠭᠤᠷᠪᠠᠨ ᠮᠤᠩᠳᠠᠬᠤ ᠦᠭᠡᠢ
   ᠰᠦᠬᠡ ᠎ᠲᠠᠢ ᠬᠥᠮᠦᠨ ‍ᠳᠤ ᠲᠦᠯᠡᠭᠡ ᠮᠤᠩᠳᠠᠬᠤ ᠦᠭᠡᠢ
   ᠰᠢᠳᠦ ᠎ᠲᠠᠢ ᠬᠥᠮᠦᠨ ‍ᠳᠤ ᠬᠣᠭᠣᠯᠠ ᠮᠤᠩᠳᠠᠬᠤ ᠦᠭᠡᠢ
   ᠰᠥᠰᠥ ᠎ᠲᠠᠢ ᠬᠥᠮᠦᠨ ‍ᠳᠤ ᠶᠠᠭᠤ ᠴᠦ᠍ ᠮᠤᠩᠳᠠᠬᠤ ᠦᠭᠡᠢ

       ᠱᠠ‍ ‍ ᠶ᠋ᠢᠨ  ᠠᠶ᠋ᠢᠮᠠᠭ

       ᠭᠤᠷᠪᠠᠨ ᠬᠦᠨᠳᠦ
   ᠱᠠᠯᠳᠠᠩ ᠪᠠᠶ᠋ᠢᠲᠠᠯ᠎ᠠ ᠯᠠᠮᠠ ᠨᠢᠭᠡ ᠬᠦᠨᠳᠦ
   ᠰᠢᠪᠠᠷ ᠪᠠᠶ᠋ᠢᠲᠠᠯ᠎ᠠ ᠪᠠᠶ᠋ᠢᠰᠢᠩ ᠨᠢᠭᠡ ᠬᠦᠨᠳᠦ
   ᠬᠥᠮᠦᠨ ‍ᠤ ᠪᠠᠶ᠋ᠢᠲᠠᠯ᠎ᠠ ᠬᠦᠷᠭᠡᠨ ᠨᠢᠭᠡ ᠬᠦᠨᠳᠦ

       ᠭᠤᠷᠪᠠᠨ ᠪᠠᠶ᠋ᠢᠳᠠᠭ
   ᠱᠠᠰᠢᠨ ᠨᠣᠮ ‍ᠤᠨ ᠳᠣᠲᠣᠷ᠎ᠠ ᠮᠡᠬᠡᠯᠡᠯ ᠨᠢᠭᠡ ᠪᠠᠶ᠋ᠢᠳᠠᠭ
   ᠱᠠᠯᠢᠬᠴᠢ ᠬᠥᠮᠦᠨ ‍ᠤ ᠨᠢᠳᠦᠨ ‍ᠳᠤ ᠬᠡᠦᠬᠡᠨ ᠨᠢᠭᠡ ᠪᠠᠶ᠋ᠢᠳᠠᠭ
   ᠰᠢᠳᠤᠷᠭᠤ ᠬᠥᠮᠦᠨ ‍ᠤ ᠴᠡᠭᠡᠵᠢᠨ ‍ᠳᠤ ᠦᠨᠡᠨᠴᠢ ᠨᠢᠭᠡ ᠪᠠᠶ᠋ᠢᠳᠠᠭ

       ᠭᠤᠷᠪᠠᠨ ᠳᠡᠭᠡᠷ᠎ᠡ
   ᠱᠠᠰᠢᠨ ᠰᠠᠨᠸᠠᠷ ᠮᠡᠳᠡᠬᠦ ᠦᠭᠡᠢ ᠯᠠᠮᠠ ᠠ᠋ᠴᠠ ᠰᠦᠰᠦᠭ ᠰᠠᠶ᠋ᠢᠲᠠᠢ ᠬᠠᠷ᠎ᠠ ᠳᠡᠭᠡᠷ᠎ᠡ
   ᠲᠥᠷᠥ ᠶᠣᠰᠣ ᠮᠡᠳᠡᠬᠦ ᠦᠭᠡᠢ ᠬᠠᠳ ᠠ᠋ᠴᠠ ᠲᠦᠪᠰᠢᠨ ᠰᠠᠢᠨ ᠲᠦᠰᠢᠮᠡᠯ ᠳᠡᠭᠡᠷ᠎ᠡ
   ᠢᠴᠢᠭᠦᠷᠢ ᠮᠡᠳᠡᠬᠦ ᠦᠭᠡᠢ ᠬᠠᠲᠤᠨ ᠠ᠋ᠴᠠ ᠢᠴᠢᠭᠦᠷᠢ ᠮᠡᠳᠡᠬᠦ ᠰᠢᠪᠡᠭᠴᠢᠨ ᠳᠡᠭᠡᠷ᠎ᠡ

       ᠭᠤᠷᠪᠠᠨ ᠪᠠᠶ᠋ᠢᠳᠠᠭ
   ᠱᠤ‍  ᠬᠠᠶᠠᠪᠠᠯ ᠭᠦᠷᠢᠮ ᠨᠢᠭᠡ ᠪᠠᠶ᠋ᠢᠳᠠᠭ
   ᠰᠤᠳᠠᠯ ᠪᠠᠷᠢᠪᠠᠯ ᠠᠶ᠋ᠢᠯᠠᠳᠬᠠᠯ ᠨᠢᠭᠡ ᠪᠠᠶ᠋ᠢᠳᠠᠭ
   ᠰᠤᠳᠤᠷ ᠤᠩᠰᠢᠪᠠᠯ ᠪᠠᠷᠢᠴᠠ ᠨᠢᠭᠡ ᠪᠠᠶ᠋ᠢᠳᠠᠭ

       ᠭᠤᠷᠪᠠᠨ ᠰᠦᠷᠡᠬᠡᠢ
   ᠱᠣᠩᠬᠣᠷ ᠰᠢᠪᠠᠭᠤᠨ ‍ᠤ ᠱᠤᠩᠪᠠᠯᠲᠠ ᠨᠢ ᠨᠢᠭᠡ ᠰᠦᠷᠡᠬᠡᠢ
   ᠱᠣᠭᠲᠠᠢ ᠬᠥᠮᠦᠨ ‍ᠤ ᠶᠣᠭᠲᠠ ᠨᠢ ᠨᠢᠭᠡ ᠰᠦᠷᠡᠬᠡᠢ
   ᠱᠣᠭᠰᠢᠶ᠎ᠠ ᠨᠣᠬᠠᠢ ‍ᠶ᠋ᠢᠨ ᠬᠣᠪᠳᠣᠭ ᠨᠢ ᠨᠢᠭᠡ ᠰᠦᠷᠡᠬᠡᠢ

 ᠦᠰᠦᠭ ᠠᠮᠢᠯᠠᠭᠤᠯᠤᠭᠴᠢ ᠄    ᠳ᠋ᠦ᠋ᠩ ᠹᠧᠩ ᠂ ᠠᠯᠲᠠᠨᠲᠤᠶᠠᠭ᠎ᠠ ᠂  ᠮᠢᠩᠭᠠᠳ ᠴᠢᠮᠡᠭ ᠂  ᠬᠠᠷᠠᠨᠤᠳ ᠲᠤᠶᠠᠭ᠎ᠠ ᠂  ᠬᠠᠲᠠᠴᠢ ᠤᠷᠠᠨ᠎ᠠ
          ᠬᠢᠨᠠᠭᠴᠢ ᠄   ᠮᠢᠩᠭᠠᠳ ᠴᠢᠮᠡᠭ ᠂  ᠬᠠᠷᠠᠨᠤᠳ ᠲᠤᠶᠠᠭ᠎ᠠ