ᠶᠢᠷᠲᠢᠨᠴᠦ ᠶᠢᠨ ᠭᠤᠷᠪᠠ – < ᠮᠠ ᠂ ᠯᠠ > ᠶ᠋ᠢᠨ ᠠᠶ᠋ᠢᠮᠠᠭ Ертөнцийн гурав – < Ма ᠂ Ла > ин аймаг
ᠶᠢᠷᠲᠢᠨᠴᠦ ᠶᠢᠨ ᠭᠤᠷᠪᠠ – < ᠮᠠ ᠂ ᠯᠠ > ᠶ᠋ᠢᠨ ᠠᠶ᠋ᠢᠮᠠᠭ
ᠮᠠ ᠶ᠋ᠢᠨ ᠠᠶ᠋ᠢᠮᠠᠭ
ᠭᠤᠷᠪᠠᠨ ᠪᠠᠷᠠᠭᠠᠨ
ᠮᠠᠯ ᠦᠭᠡᠢ ᠠᠶ᠋ᠢᠯ ᠦ᠋ᠨ ᠬᠣᠲᠠ ᠨᠢᠭᠡ ᠪᠠᠷᠠᠭᠠᠨ
ᠡᠴᠢᠭᠡ ᠦᠭᠡᠢ ᠬᠥᠮᠦᠨ ᠪ ᠤᠬᠠᠭᠠᠨ ᠨᠢᠭᠡ ᠪᠠᠷᠠᠭᠠᠨ
ᠡᠷᠲᠡᠮ ᠦᠭᠡᠢ ᠬᠥᠮᠦᠨ ᠪ ᠲᠠᠷᠢᠬᠢ ᠨᠢᠭᠡ ᠪᠠᠷᠠᠭᠠᠨ
ᠭᠤᠷᠪᠠᠨ ᠰᠢᠪᠰᠢᠭ
ᠮᠠᠭᠤ ᠡᠮᠡᠭᠡᠯ ᠮᠣᠷᠢᠨ ᠳ᠋ᠠᠭᠠᠨ ᠨᠢᠭᠡ ᠰᠢᠪᠰᠢᠭ
ᠮᠠᠭᠤ ᠡᠬᠡᠨᠡᠷ ᠭᠡᠷ ᠲᠡᠭᠡᠨ ᠨᠢᠭᠡ ᠰᠢᠪᠰᠢᠭ
ᠮᠠᠭᠤ ᠨᠣᠬᠠᠢ ᠬᠣᠲᠠᠨ ᠳ᠋ᠠᠭᠠᠨ ᠨᠢᠭᠡ ᠰᠢᠪᠰᠢᠭ
ᠭᠤᠷᠪᠠᠨ ᠠᠲᠠᠯᠢ
ᠮᠠᠭᠲᠠᠵᠤ ᠢᠷᠥᠭᠡᠬᠦ ᠶ᠋ᠢᠨ ᠠᠭᠤᠯᠬ᠋᠎ᠠ ᠨᠢ ᠠᠲᠠᠯᠢ
ᠮᠠᠨᠲᠤᠵᠤ ᠬᠥᠭᠵᠢᠬᠦ ᠶ᠋ᠢᠨ ᠤᠴᠢᠷ ᠨᠢ ᠠᠲᠠᠯᠢ
ᠮᠢᠲᠠᠷᠠᠵᠤ ᠰᠤᠩᠬᠤ ᠶ᠋ᠢᠨ ᠦᠢᠯᠡ ᠨᠢ ᠠᠲᠠᠯᠢ
ᠭᠤᠷᠪᠠᠨ ᠰᠠᠶ᠋ᠢᠬᠠᠨ
ᠮᠠᠯ ᠳᠦ ᠲᠠᠷᠭᠤ ᠨᠢᠭᠡ ᠰᠠᠶ᠋ᠢᠬᠠᠨ
ᠮᠠᠯᠠᠭᠠᠢ ᠳᠦ ᠵᠢᠯᠠᠬ᠋ᠠ ᠨᠢᠭᠡ ᠰᠠᠶ᠋ᠢᠬᠠᠨ
ᠮᠠᠩᠬᠠᠨ ᠳᠦ ᠲᠡᠮᠡᠭᠡ ᠨᠢᠭᠡ ᠰᠠᠶ᠋ᠢᠬᠠᠨ
ᠭᠤᠷᠪᠠᠨ ᠶᠡᠬᠡᠲᠡᠢ
ᠮᠠᠭᠤ ᠬᠥᠮᠦᠨ ᠪ ᠦᠭᠡ ᠨᠢᠭᠡ ᠶᠡᠬᠡᠲᠡᠢ
ᠮᠣᠲᠣᠨ ᠲᠦᠯᠡᠰᠢ ᠶ᠋ᠢᠨ ᠭᠠᠯ ᠨᠢᠭᠡ ᠶᠡᠬᠡᠲᠡᠢ
ᠮᠠᠭᠤ ᠭᠤᠸ᠎ᠠ ᠶ᠋ᠢᠨ ᠦᠷ᠎ᠡ ᠨᠢᠭᠡ ᠶᠡᠬᠡᠲᠡᠢ
ᠭᠤᠷᠪᠠᠨ ᠪᠡᠷᠬᠡ
ᠮᠠᠭᠤ ᠨᠡᠷ᠎ᠡ ᠶ᠋ᠢ ᠬᠤᠰᠤᠪᠠᠴᠤ ᠠᠷᠢᠯᠬᠤ ᠳᠦ ᠪᠡᠷᠬᠡ
ᠰᠠᠶ᠋ᠢᠨ ᠨᠡᠷ᠎ᠡ ᠶ᠋ᠢ ᠬᠦᠰᠡᠪᠡᠴᠦ ᠣᠯᠬᠤ ᠳᠦ ᠪᠡᠷᠬᠡ
ᠲᠦᠢᠮᠡᠷ ᠭᠠᠯ ᠊ᠢ ᠬᠦᠴᠦᠯᠡᠪᠡᠴᠦ ᠤᠨᠲᠠᠷᠠᠭᠠᠬᠤ ᠳᠦ ᠪᠡᠷᠬᠡ
ᠭᠤᠷᠪᠠᠨ ᠨᠡᠶ᠋ᠢᠯᠡᠬᠦ ᠦᠭᠡᠢ
ᠮᠠᠨᠢ ᠲᠣᠭᠠᠯᠠᠪᠠᠴᠤ ᠠᠶ᠎ᠠ ᠨᠡᠶ᠋ᠢᠯᠡᠬᠦ ᠦᠭᠡᠢ
ᠮᠢᠬ᠎ᠠ ᠴᠢᠨᠠᠪᠠᠴᠤ ᠱᠥᠯᠥ ᠨᠡᠶ᠋ᠢᠯᠡᠬᠦ ᠦᠭᠡᠢ
ᠮᠠᠩᠬᠠᠨ ᠳᠤ ᠶᠠᠪᠤᠪᠠᠴᠤ ᠮᠥᠷ ᠨᠡᠶ᠋ᠢᠯᠡᠬᠦ ᠦᠭᠡᠢ
ᠭᠤᠷᠪᠠᠨ ᠪᠣᠯᠳᠠᠭ
ᠮᠠᠶ᠋ᠢᠯᠠᠭᠠ ᠮᠠᠶ᠋ᠢᠯᠠᠭᠠ ᠮᠠᠯ ᠪᠣᠯᠳᠠᠭ
ᠤᠬᠢᠯᠠᠭ᠎ᠠ ᠤᠬᠢᠯᠠᠭ᠎ᠠ ᠬᠥᠮᠦᠨ ᠪᠣᠯᠳᠠᠭ
ᠤᠩᠰᠢᠶ᠎ᠠ ᠤᠩᠰᠢᠶ᠎ᠠ ᠤᠮᠵᠢᠳ ᠪᠣᠯᠳᠠᠭ
ᠭᠤᠷᠪᠠᠨ ᠵᠢᠯ
ᠮᠠᠭᠤ ᠴᠠᠭ ᠨᠢᠭᠡ ᠵᠢᠯ
ᠮᠠᠭᠤ ᠰᠢᠷᠬ᠎ᠠ ᠬᠡᠳᠦᠨ ᠵᠢᠯ
ᠮᠠᠭᠤ ᠨᠡᠷ᠎ᠡ ᠮᠢᠩᠭᠠᠨ ᠵᠢᠯ
ᠭᠤᠷᠪᠠᠨ ᠳᠠᠭᠤᠷᠢᠶᠠᠬᠤ
ᠮᠠᠯ ᠡᠵᠡᠨ ᠢᠶ᠋ᠠᠨ ᠨᠢᠭᠡ ᠳᠠᠭᠤᠷᠢᠶᠠᠬᠤ
ᠮᠠᠯᠠᠭᠠᠢ ᠲᠣᠯᠣᠭᠠᠢ ᠪᠠᠨ ᠨᠢᠭᠡ ᠳᠠᠭᠤᠷᠢᠶᠠᠬᠤ
ᠮᠠᠨᠴᠤᠷᠭ᠎ᠠ ᠰᠢᠳᠠᠮ ᠢᠶ᠋ᠠᠨ ᠨᠢᠭᠡ ᠳᠠᠭᠤᠷᠢᠶᠠᠬᠤ
ᠭᠤᠷᠪᠠᠨ ᠱᠤᠪᠲᠤᠩ
ᠮᠠᠯᠠᠭᠠᠢ ᠵᠡᠭᠦᠪᠡᠴᠦ ᠲᠣᠯᠣᠭᠠᠢ ᠨᠢ ᠱᠤᠪᠲᠤᠩ
ᠮᠠᠩᠨᠤᠭ ᠬᠡᠲᠦᠷᠡᠪᠡᠴᠦ ᠮᠥᠷᠥ ᠨᠢ ᠱᠤᠪᠲᠤᠩ
ᠮᠢᠬ᠎ᠠ ᠢᠳᠡᠪᠡᠴᠦ ᠭᠡᠳᠡᠰᠦ ᠨᠢ ᠱᠤᠪᠲᠤᠩ
ᠭᠤᠷᠪᠠᠨ ᠠᠷᠪᠢᠨ
ᠮᠠᠭᠤ ᠭᠤᠸ᠎ᠠ ᠶ᠋ᠢᠨ ᠦᠷ᠎ᠡ ᠨᠢ ᠠᠷᠪᠢᠨ
ᠮᠠᠭᠤ ᠯᠠᠮᠠ ᠶ᠋ᠢᠨ ᠰᠤᠳᠤᠷ ᠨᠢ ᠠᠷᠪᠢᠨ
ᠮᠠᠭᠤ ᠬᠥᠮᠦᠨ ᠤ ᠦᠭᠡ ᠨᠢ ᠠᠷᠪᠢᠨ
ᠭᠤᠷᠪᠠᠨ ᠲᠦᠷᠦᠭᠦᠦ
ᠮᠠᠯ ᠬᠣᠪᠣᠷᠳᠠᠬᠤ ᠳᠤ ᠲᠠᠬᠢᠶ᠎ᠠ ᠨᠢᠭᠡ ᠲᠦᠷᠦᠭᠦᠦ
ᠮᠢᠬ᠎ᠠ ᠬᠣᠪᠣᠷᠳᠠᠬᠤ ᠳᠤ ᠪᠣᠭᠲᠣᠰ ᠨᠢᠭᠡ ᠲᠦᠷᠦᠭᠦᠦ
ᠮᠠᠮᠠ ᠬᠣᠪᠣᠷᠳᠠᠬᠤ ᠳᠤ ᠪᠠᠨᠳᠢ ᠨᠢᠭᠡ ᠲᠦᠷᠦᠭᠦᠦ
ᠭᠤᠷᠪᠠᠨ ᠡᠷ᠎ᠡ
ᠮᠠᠭᠤ ᠮᠠᠭᠤ ᠳ᠋ᠠᠭᠠᠨ ᠨᠢᠭᠡ ᠡᠷ᠎ᠡ
ᠮᠤᠤᠷ ᠬᠤᠯᠤᠭᠠᠨ᠎ᠠ ᠳ᠋ᠠᠭᠠᠨ ᠨᠢᠭᠡ ᠡᠷ᠎ᠡ
ᠮᠠᠭᠤ ᠡᠷ᠎ᠡ ᠡᠮ᠎ᠡ ᠳ᠋ᠡᠭᠡᠨ ᠨᠢᠭᠡ ᠡᠷ᠎ᠡ
ᠭᠤᠷᠪᠠᠨ ᠵᠥᠪ
ᠮᠠᠭᠤ ᠡᠯᠢᠶ᠎ᠡ ᠲᠠᠬᠢᠶᠠᠨ ᠳ᠋ᠠᠭᠠᠨ ᠵᠥᠪ
ᠮᠠᠭᠤ ᠨᠣᠬᠠᠢ ᠭᠠᠬᠠᠢ ᠳ᠋ᠠᠭᠠᠨ ᠵᠥᠪ
ᠮᠠᠭᠤ ᠡᠷ᠎ᠡ ᠡᠮ᠎ᠡ ᠳ᠋ᠡᠭᠡᠨ ᠵᠥᠪ
ᠭᠤᠷᠪᠠᠨ ᠶᠡᠬᠡ
ᠮᠠᠭᠤ ᠬᠥᠮᠦᠨ ᠤ ᠳᠤᠤᠭᠠᠷᠬᠤ ᠨᠢ ᠶᠡᠬᠡ
ᠮᠠᠭᠤ ᠢᠮᠠᠭᠠᠨ ᠤ ᠮᠠᠶ᠋ᠢᠯᠠᠬᠤ ᠨᠢ ᠶᠡᠬᠡ
ᠮᠠᠭᠤ ᠯᠠᠮᠠ ᠶ᠋ᠢᠨ ᠠᠶᠠᠯᠠᠬᠤ ᠨᠢ ᠶᠡᠬᠡ
ᠭᠤᠷᠪᠠᠨ ᠪᠠᠷᠠᠬᠤ
ᠮᠠᠭᠤ ᠰᠠᠨᠠᠭ᠎ᠠ ᠪᠤᠶᠠᠨ ᠢᠶ᠋ᠠᠨ ᠪᠠᠷᠠᠬᠤ
ᠮᠠᠭᠤ ᠰᠠᠪᠠ ᠢᠳᠡᠭᠡ ᠶ᠋ᠢ ᠪᠠᠷᠠᠬᠤ
ᠮᠠᠭᠤ ᠬᠥᠮᠦᠨ ᠬᠦᠨᠳᠦ ᠪᠠᠨ ᠪᠠᠷᠠᠬᠤ
ᠭᠤᠷᠪᠠᠨ ᠳᠡᠭᠡᠷ᠎ᠡ
ᠮᠠᠭᠤ ᠡᠮᠴᠢ ᠠ᠋ᠴᠠ ᠰᠠᠶ᠋ᠢᠨ ᠬᠠᠨᠠᠭᠤᠷ ᠳᠡᠭᠡᠷ᠎ᠡ
ᠮᠠᠭᠤ ᠪᠠᠭᠠᠯ ᠠ᠋ᠴᠠ ᠰᠠᠶ᠋ᠢᠨ ᠮᠤᠤᠷ ᠳᠡᠭᠡᠷ᠎ᠡ
ᠮᠠᠭᠤ ᠠᠨᠳᠠ ᠠ᠋ᠴᠠ ᠰᠠᠶ᠋ᠢᠨ ᠲᠠᠨᠢᠯ ᠳᠡᠭᠡᠷ᠎ᠡ
ᠭᠤᠷᠪᠠᠨ ᠶᠠᠩᠰᠢᠶ᠎ᠠ
ᠮᠠᠭᠤ ᠲᠡᠷᠭᠡ ᠵᠠᠮ ᠤᠨ ᠶᠠᠩᠰᠢᠶ᠎ᠠ
ᠮᠣᠭᠠᠢ ᠮᠡᠯᠡᠬᠡᠢ ᠨᠠᠭᠤᠷ ᠤᠨ ᠶᠠᠩᠰᠢᠶ᠎ᠠ
ᠮᠤᠤᠷ ᠪᠠᠭᠠᠯ ᠭᠡᠷ ᠤᠨ ᠶᠠᠩᠰᠢᠶ᠎ᠠ
ᠭᠤᠷᠪᠠᠨ ᠳᠣᠭᠣᠬᠢ
ᠮᠠᠭᠤ ᠬᠥᠮᠦᠨ ᠬᠥᠮᠦᠨ ᠤ ᠳᠣᠭᠣᠬᠢ
ᠮᠣᠳᠣᠨ ᠬᠦᠷᠵᠡ ᠰᠢᠪᠠᠷ ᠤᠨ ᠳᠣᠭᠣᠬᠢ
ᠮᠠᠭᠤ ᠮᠣᠷᠢ ᠵᠠᠮ ᠤᠨ ᠳᠣᠭᠣᠬᠢ
ᠭᠤᠷᠪᠠᠨ ᠴᠢᠩᠭᠠᠷᠠᠬᠤ
ᠮᠠᠭᠤ ᠡᠷ᠎ᠡ ᠠᠷᠢᠬᠢᠨ ᠳᠤ ᠴᠢᠩᠭᠠᠷᠠᠬᠤ
ᠮᠠᠭᠤ ᠳᠡᠭᠡᠰᠦ ᠣᠰᠤᠨ ᠳᠤ ᠴᠢᠩᠭᠠᠷᠠᠬᠤ
ᠮᠠᠭᠤ ᠡᠮ᠎ᠡ ᠦᠭᠡᠨ ᠳᠤ ᠴᠢᠩᠭᠠᠷᠠᠬᠤ
ᠭᠤᠷᠪᠠᠨ ᠬᠠᠷᠰᠢ
ᠮᠠᠭᠤ ᠬᠥᠮᠦᠨ ᠨᠥᠬᠥᠷ ᠲᠤ᠌ ᠬᠠᠷᠰᠢ
ᠮᠤᠷᠤᠶ᠋ᠢᠯᠵᠢᠨ ᠡᠪᠡᠷ ᠨᠢᠳᠦᠨ ᠳᠤ ᠬᠠᠷᠰᠢ
ᠮᠠᠭᠤ ᠰᠢᠷᠬ᠎ᠠ ᠠᠮᠢᠨ ᠳᠤ ᠬᠠᠷᠰᠢ
ᠭᠤᠷᠪᠠᠨ ᠰᠠᠶ᠋ᠢᠨ
ᠮᠤᠷᠤᠢ ᠴᠦ᠍ ᠪᠣᠯ ᠵᠠᠮ ᠲᠠᠢ ᠨᠢᠭᠡ ᠰᠠᠶ᠋ᠢᠨ
ᠮᠠᠭᠤ ᠴᠦ᠍ ᠪᠣᠯ ᠡᠮ᠎ᠡ ᠲᠠᠢ ᠨᠢᠭᠡ ᠰᠠᠶ᠋ᠢᠨ
ᠮᠠᠭᠤᠬᠠᠢ ᠴᠦ᠍ ᠪᠣᠯ ᠦᠷ᠎ᠡ ᠲᠠᠢ ᠨᠢᠭᠡ ᠰᠠᠶ᠋ᠢᠨ
ᠭᠤᠷᠪᠠᠨ ᠶᠡᠬᠡ
ᠮᠤᠬᠤᠷ ᠲᠡᠬᠡ ᠶ᠋ᠢᠨ ᠵᠠᠰᠠᠭ᠎ᠠ ᠨᠢ ᠶᠡᠬᠡ
ᠮᠠᠭᠤ ᠡᠷ᠎ᠡ ᠶ᠋ᠢᠨ ᠮᠠᠶᠢᠬ ᠨᠢ ᠶᠡᠬᠡ
ᠮᠠᠷᠠᠯ ᠡᠯᠵᠢᠭᠡ ᠶ᠋ᠢᠨ ᠳᠠᠭᠤ ᠨᠢ ᠶᠡᠬᠡ
ᠭᠤᠷᠪᠠᠨ ᠳᠡᠭᠡᠷ᠎ᠡ
ᠮᠠᠭᠤ ᠮᠣᠷᠢ ᠶ᠋ᠢ ᠤᠨᠤᠭᠰᠠᠨ ᠠ᠋ᠴᠠ ᠮᠣᠳᠣ ᠴᠢᠷᠪᠡᠯ ᠳᠡᠭᠡᠷ᠎ᠡ
ᠮᠠᠭᠤ ᠮᠢᠬ᠎ᠠ ᠶ᠋ᠢ ᠢᠳᠡᠭᠰᠡᠨ ᠠ᠋ᠴᠠ ᠮᠠᠨᠵᠢᠨ ᠢᠳᠡᠪᠡᠯ ᠳᠡᠭᠡᠷ᠎ᠡ
ᠮᠠᠭᠤ ᠡᠮ᠎ᠡ ᠶ᠋ᠢ ᠠᠪᠤᠭᠰᠠᠨ ᠠ᠋ᠴᠠ ᠭᠠᠭᠴᠠ ᠶᠠᠪᠤᠪᠠᠯ ᠳᠡᠭᠡᠷ᠎ᠡ
ᠭᠤᠷᠪᠠᠨ ᠲᠥᠷᠥᠯ
ᠮᠠᠭᠤ ᠯᠠᠮᠠ ᠮᠠᠭᠤ ᠪᠣᠯᠪᠠᠴᠤ ᠱᠠᠰᠢᠨ ᠪ ᠲᠥᠷᠥᠯ
ᠮᠣᠭᠠᠢ ᠮᠡᠯᠡᠬᠡᠢ ᠮᠠᠭᠤ ᠪᠣᠯᠪᠠᠴᠤ ᠯᠤᠤᠰ ᠦ᠋ᠨ ᠲᠥᠷᠥᠯ
ᠮᠤᠰᠢᠭᠠᠢ ᠬᠡᠯᠡᠲᠡᠨ ᠮᠠᠭᠤ ᠪᠣᠯᠪᠠᠴᠤ ᠬᠥᠮᠦᠨ ᠪ ᠲᠥᠷᠥᠯ
ᠭᠤᠷᠪᠠᠨ ᠣᠯᠠᠨ
ᠮᠠᠭᠤ ᠬᠥᠮᠦᠨ ᠳᠦ ᠶᠠᠯ᠎ᠠ ᠣᠯᠠᠨ
ᠮᠠᠭᠤ ᠮᠣᠷᠢᠨ ᠳᠦ ᠳᠠᠰᠢᠭᠤᠷ ᠣᠯᠠᠨ
ᠮᠠᠭᠤ ᠮᠤᠲᠤᠨ ᠳᠦ ᠭᠡᠰᠢᠭᠦᠦ ᠣᠯᠠᠨ
ᠭᠤᠷᠪᠠᠨ ᠲᠦᠲᠡ
ᠮᠠᠭᠤ ᠪᠣᠯᠪᠠᠴᠤ ᠰᠠᠲᠤᠨ ᠨᠢᠭᠡ ᠲᠦᠲᠡ
ᠮᠤᠷᠤᠢ ᠪᠣᠯᠪᠠᠴᠤ ᠵᠠᠮ ᠨᠢᠭᠡ ᠲᠦᠲᠡ
ᠮᠤᠩᠬᠠᠭ ᠪᠣᠯᠪᠠᠴᠤ ᠡᠮ᠎ᠡ ᠨᠢᠭᠡ ᠲᠦᠲᠡ
ᠭᠤᠷᠪᠠᠨ ᠰᠠᠶ᠋ᠢᠬᠠᠨ
ᠮᠡᠲᠡᠯᠭᠡ ᠡᠷᠲᠡᠮ ᠲᠡᠢ ᠨᠢ ᠰᠠᠶ᠋ᠢᠬᠠᠨ
ᠮᠤᠷᠠᠯ ᠶᠤᠰᠤ ᠲᠠᠢ ᠨᠢ ᠰᠠᠶ᠋ᠢᠬᠠᠨ
ᠮᠡᠷᠭᠡᠨ ᠤᠬᠠᠭᠠᠨ ᠲᠠᠢ ᠨᠢ ᠰᠠᠶ᠋ᠢᠬᠠᠨ
ᠭᠤᠷᠪᠠᠨ ᠵᠢᠭᠰᠢᠭᠦᠷᠢᠲᠡᠢ
ᠮᠡᠷᠭᠡᠯᠡᠵᠦ ᠠᠭᠠᠰᠢᠯᠠᠬᠤ ᠨᠢᠭᠡ ᠵᠢᠭᠰᠢᠭᠦᠷᠢᠲᠡᠢ
ᠮᠡᠬᠡᠯᠡᠵᠦ ᠠᠪᠬᠤ ᠨᠢᠭᠡ ᠵᠢᠭᠰᠢᠭᠦᠷᠢᠲᠡᠢ
ᠮᠡᠲᠡᠮᠡᠬᠡᠢ ᠦᠵᠡᠯ ᠨᠢᠭᠡ ᠵᠢᠭᠰᠢᠭᠦᠷᠢᠲᠡᠢ
ᠭᠤᠷᠪᠠᠨ ᠬᠠᠩᠬᠤ ᠦᠭᠡᠢ
ᠮᠡᠷᠭᠡᠳ ᠡᠷᠲᠡᠮ ᠶ᠋ᠢᠡᠷ ᠬᠠᠩᠬᠤ ᠦᠭᠡᠢ
ᠪᠠᠶᠠᠳ ᠠᠰᠢᠬ ᠶ᠋ᠢᠠᠷ ᠬᠠᠩᠬᠤ ᠦᠭᠡᠢ
ᠳᠠᠯᠠᠢ ᠤᠰᠤ ᠪᠠᠷ ᠬᠠᠩᠬᠤ ᠦᠭᠡᠢ
ᠭᠤᠷᠪᠠᠨ ᠭᠠᠷᠬᠤ
ᠮᠡᠷᠭᠡᠳ ᠊ᠢ ᠬᠣᠷᠣᠰᠬᠠᠪᠠᠰᠤ ᠤᠯᠠᠮ ᠡᠷᠲᠡᠮ ᠭᠠᠷᠬᠤ
ᠮᠤᠩᠬᠠᠭ ᠦ᠋ᠳ ᠊ᠢ ᠬᠣᠷᠣᠰᠬᠠᠪᠠᠰᠤ ᠤᠯᠠᠮ ᠪᠠᠭᠠᠰᠤ ᠭᠠᠷᠬᠤ
ᠮᠠᠩᠬᠤᠤ ᠰᠤᠭᠲᠤᠭᠤ ᠶ᠋ᠢ ᠰᠠᠨᠲᠤᠷᠭᠠᠪᠠᠰᠤ ᠤᠩᠭᠤᠰᠤ ᠭᠠᠷᠬᠤ
ᠭᠤᠷᠪᠠᠨ ᠬᠥᠭᠡᠷᠦᠬᠦᠢ
ᠮᠡᠲᠡᠯ ᠦᠭᠡᠢ ᠬᠥᠮᠦᠨ ᠳᠦ ᠨᠠᠶ᠋ᠢᠷ ᠨᠢᠭᠡ ᠬᠠᠶ᠋ᠢᠷᠠᠬᠠᠨ
ᠮᠡᠷᠭᠡᠵᠢᠯ ᠦᠭᠡᠢ ᠬᠥᠮᠦᠨ ᠳᠦ ᠡᠳ᠋ ᠨᠢᠭᠡ ᠬᠠᠶ᠋ᠢᠷᠠᠬᠠᠨ
ᠮᠡᠲᠡᠯᠭᠡ ᠦᠭᠡᠢ ᠬᠥᠮᠦᠨ ᠳᠦ ᠡᠷᠲᠡᠮ ᠨᠢᠭᠡ ᠬᠠᠶ᠋ᠢᠷᠠᠬᠠᠨ
ᠭᠤᠷᠪᠠᠨ ᠦᠭᠡᠢ
ᠮᠡᠯᠡᠬᠡᠢ ᠬᠠᠷᠠᠶ᠋ᠢᠪᠠᠴᠤ ᠵᠠᠮᠠᠭ ᠠ᠋ᠴᠠ ᠬᠣᠯᠠᠤᠠᠬᠤ ᠦᠭᠡᠢ
ᠮᠤᠩᠬᠠᠭ ᠮᠡᠷᠭᠡᠯᠡᠪᠡᠰᠦ ᠢᠨᠢᠶᠡᠲᠦᠮ ᠡᠴᠡ ᠬᠣᠯᠠᠤᠠᠬᠤ ᠦᠭᠡᠢ
ᠮᠡᠬᠡᠲᠡᠨ ᠵᠠᠯᠢᠯᠠᠪᠠᠴᠤ ᠭᠤᠲᠤᠮᠰᠢᠬ ᠠ᠋ᠴᠠ ᠬᠣᠯᠠᠤᠠᠬᠤ ᠦᠭᠡᠢ
ᠭᠤᠷᠪᠠᠨ ᠦᠭᠡᠢ
ᠮᠡᠬᠡ ᠭᠠᠷᠭᠠᠬᠤ ᠦᠭᠡᠢ ᠦᠨᠡᠭᠡ ᠭᠡᠵᠦ ᠦᠭᠡᠢ
ᠮᠢᠬ᠎ᠠ ᠢᠲᠡᠬᠦ ᠦᠭᠡᠢ ᠴᠢᠨᠣ᠎ᠠ ᠭᠡᠵᠦ ᠦᠭᠡᠢ
ᠮᠥᠷ ᠭᠠᠷᠬᠤ ᠦᠭᠡᠢ ᠠᠮᠢᠲᠠᠨ ᠭᠡᠵᠦ ᠦᠭᠡᠢ
ᠭᠤᠷᠪᠠᠨ ᠰᠠᠶ᠋ᠢᠬᠠᠨ
ᠮᠢᠬ᠎ᠠ ᠭᠦᠢᠴᠡᠭᠰᠡᠨ ᠤᠨᠠᠬ᠋᠎ᠠ ᠨᠢᠭᠡ ᠰᠠᠶ᠋ᠢᠬᠠᠨ
ᠮᠠᠯ ᠪᠡᠯᠴᠢᠭᠰᠡᠨ ᠲᠠᠯ᠎ᠠ ᠨᠢᠭᠡ ᠰᠠᠶ᠋ᠢᠬᠠᠨ
ᠮᠤᠲᠤ ᠬᠦᠬᠡᠷᠡᠭᠰᠡᠨ ᠠᠭᠤᠯᠠ ᠨᠢᠭᠡ ᠰᠠᠶ᠋ᠢᠬᠠᠨ
ᠭᠤᠷᠪᠠᠨ ᠪᠣᠯᠭᠠᠬᠤ
ᠮᠣᠷᠢ ᠶ᠋ᠢ ᠤᠨᠤᠵᠤ ᠵᠢᠷᠣᠬ᠋᠎ᠠ ᠪᠣᠯᠭᠠᠬᠤ
ᠲᠡᠮᠦᠷ ᠊ᠢ ᠳᠠᠪᠲᠠᠵᠤ ᠵᠡᠪᠰᠡᠭ ᠪᠣᠯᠭᠠᠬᠤ
ᠬᠡᠦᠬᠡᠳ ᠊ᠢ ᠰᠤᠷᠭᠠᠵᠤ ᠬᠥᠮᠦᠨ ᠪᠣᠯᠭᠠᠬᠤ
ᠭᠤᠷᠪᠠᠨ ᠴᠢᠲᠠᠬᠤ ᠦᠭᠡᠢ
ᠮᠣᠷᠢ ᠬᠤᠷᠲᠤᠨ ᠪᠣᠯᠪᠠᠴᠤ ᠰᠡᠭᠦᠲᠡᠷ ᠶ᠋ᠢᠡᠨ ᠣᠷᠬᠢᠵᠤ ᠴᠢᠲᠠᠬᠤ ᠦᠭᠡᠢ
ᠵᠠᠭᠠᠨ ᠴᠢᠲᠠᠯ ᠲᠠᠢ ᠪᠣᠯᠪᠠᠴᠤ ᠬᠤᠯᠤᠭᠠᠨ᠎ᠠ ᠶ᠋ᠢ ᠳᠠᠶ᠋ᠢᠯᠵᠤ ᠴᠢᠲᠠᠬᠤ ᠦᠭᠡᠢ
ᠢᠯᠲᠤ ᠬᠤᠷᠴᠠ ᠪᠣᠯᠪᠠᠴᠤ ᠤᠰᠤ ᠶ᠋ᠢ ᠳᠠᠰᠤᠯᠵᠤ ᠴᠢᠲᠠᠬᠤ ᠦᠭᠡᠢ
ᠭᠤᠷᠪᠠᠨ ᠡᠷᠢᠭᠦ
ᠮᠣᠭᠠᠢ ᠰᠠᠨᠲᠤᠷᠪᠠᠯ ᠨᠥᠭᠡ ᠨᠢᠭᠡ ᠡᠷᠢᠭᠦ
ᠮᠤᠤᠷ ᠰᠠᠨᠲᠤᠷᠪᠠᠯ ᠮᠤᠲᠤ ᠨᠢᠭᠡ ᠡᠷᠢᠭᠦ
ᠮᠠᠭᠤ ᠬᠥᠮᠦᠨ ᠰᠠᠨᠲᠤᠷᠪᠠᠯ ᠣᠶ᠋ᠢᠷ᠎ᠠ ᠪᠠᠨ ᠡᠷᠢᠭᠦ
ᠭᠤᠷᠪᠠᠨ ᠦᠭᠡᠢ
ᠮᠣᠭᠠᠢ ᠶ᠋ᠢᠨ ᠵᠤᠯᠵᠠᠬ᠋᠎ᠠ ᠨᠠᠷᠢᠨ ᠴᠦ᠍ ᠮᠤᠰᠬᠢᠵᠤ ᠬᠡᠪᠲᠡᠬᠦ ᠪᠡᠨ ᠪᠣᠯᠢᠬᠤ ᠦᠭᠡᠢ
ᠮᠤᠤᠷ ᠦ᠋ᠨ ᠵᠤᠯᠵᠠᠬ᠋᠎ᠠ ᠪᠠᠬ᠋᠎ᠠ ᠴᠦ᠍ ᠮᠢᠷᠢᠶᠠᠬᠤ ᠵᠠᠩ ᠶ᠋ᠢᠠᠨ ᠬᠠᠶᠠᠬᠤ ᠦᠭᠡᠢ
ᠮᠠᠭᠤ ᠰᠠᠨᠠᠭᠠᠲᠠᠨ ᠬᠡᠵᠢᠶ᠎ᠡ ᠴᠦ᠍ ᠬᠣᠤᠷᠲᠤ ᠪᠣᠳᠣᠯᠭ᠎ᠠ ᠪᠠᠨ ᠭᠡᠭᠡᠬᠦ ᠦᠭᠡᠢ
ᠭᠤᠷᠪᠠᠨ ᠪᠣᠯᠭᠠᠨ᠎ᠠ
ᠮᠣᠷᠢ ᠶ᠋ᠢ ᠤᠨᠤᠵᠤ ᠪᠠᠶ᠋ᠢᠭᠠᠳ ᠵᠢᠷᠣᠭ᠎ᠠ ᠪᠣᠯᠭᠠᠨ᠎ᠠ
ᠲᠡᠮᠦᠷ ᠢ ᠳᠠᠪᠲᠠᠵᠤ ᠪᠠᠶ᠋ᠢᠭᠠᠳ ᠵᠡᠪᠰᠡᠭ ᠪᠣᠯᠭᠠᠨ᠎ᠠ
ᠬᠡᠦᠬᠡᠳ ᠢ ᠰᠤᠷᠭᠠᠵᠤ ᠪᠠᠶ᠋ᠢᠭᠠᠳ ᠬᠥᠮᠦᠨ ᠪᠣᠯᠭᠠᠨ᠎ᠠ
ᠭᠤᠷᠪᠠᠨ ᠨᠣᠪᠰᠢ
ᠮᠤᠩᠬᠠᠭ ᠬᠥᠮᠦᠨ ᠠᠶ᠋ᠢᠯ ᠤᠨ ᠨᠣᠪᠰᠢ
ᠮᠤᠬᠤᠯᠴᠣᠭ ᠮᠣᠳᠣ ᠠᠭᠤᠯᠠ ᠶ᠋ᠢᠨ ᠨᠣᠪᠰᠢ
ᠮᠠᠭᠤ ᠡᠮ᠎ᠡ ᠭᠡᠷ ᠦᠨ ᠨᠣᠪᠰᠢ
ᠭᠤᠷᠪᠠᠨ ᠦᠭᠡᠢ
ᠮᠥᠴᠢᠷ ᠪᠦᠲᠦᠨ ᠮᠣᠳᠣ ᠨᠢᠭᠡ ᠦᠭᠡᠢ
ᠡᠯᠢᠭᠡ ᠪᠦᠲᠦᠨ ᠬᠥᠮᠦᠨ ᠨᠢᠭᠡ ᠦᠭᠡᠢ
ᠦᠰᠦ ᠪᠦᠲᠦᠨ ᠲᠣᠯᠣᠭᠠᠢ ᠨᠢᠭᠡ ᠦᠭᠡᠢ
ᠭᠤᠷᠪᠠᠨ ᠨᠢᠭᠡ
ᠮᠥᠰᠥ ᠴᠠᠰᠤ ᠶ᠋ᠢᠨ ᠤᠰᠤ ᠨᠢ ᠨᠢᠭᠡ
ᠮᠥᠷᠭᠥᠯ ᠵᠠᠯᠪᠠᠷᠢᠯ ᠤᠨ ᠰᠦᠰᠦᠭ ᠨᠢ ᠨᠢᠭᠡ
ᠮᠦᠰᠢᠶᠡᠳᠦ ᠢᠨᠢᠶᠡᠳᠦ ᠶ᠋ᠢᠨ ᠤᠴᠢᠷ ᠨᠢ ᠨᠢᠭᠡ
ᠯᠠ ᠶ᠋ᠢᠨ ᠠᠶ᠋ᠢᠮᠠᠭ
ᠭᠤᠷᠪᠠᠨ ᠣᠨᠴᠣᠭᠣᠢ
ᠯᠠᠮᠠ ᠯᠠᠮᠠ ᠶ᠋ᠢᠨ ᠯᠠᠮᠠᠳᠠᠬᠤ ᠨᠢ ᠣᠨᠴᠣᠭᠣᠢ
ᠯᠠᠨᠲᠤᠤ ᠵᠡᠭᠡᠲᠦᠦ ᠶ᠋ᠢᠨ ᠲᠤᠰᠤᠯᠲᠠ ᠨᠢ ᠣᠨᠴᠣᠭᠣᠢ
ᠯᠠᠩᠭᠤᠸᠠ ᠰᠢᠭᠤᠸᠠ ᠶ᠋ᠢᠨ ᠠᠮᠲᠠ ᠨᠢ ᠣᠨᠴᠣᠭᠣᠢ
ᠭᠤᠷᠪᠠᠨ ᠠᠯᠳᠠᠬᠤ ᠦᠭᠡᠢ
ᠯᠠᠮᠠ ᠬᠠᠮᠢᠭ᠎ᠠ ᠣᠴᠢᠪᠠᠴᠤ ᠬᠣᠪᠳᠣᠭ ᠵᠠᠩ ᠢᠶ᠋ᠠᠨ ᠠᠯᠳᠠᠬᠤ ᠦᠭᠡᠢ
ᠯᠣᠶ᠋ᠢᠪᠠᠷᠴᠢᠨ ᠬᠠᠮᠢᠭ᠎ᠠ ᠶᠠᠪᠤᠪᠠᠴᠤ ᠬᠡᠷᠡᠭ ᠲᠠᠲᠠᠬᠤ ᠪᠠᠨ ᠠᠯᠳᠠᠬᠤ ᠦᠭᠡᠢ
ᠯᠠᠭᠤ ᠬᠠᠮᠢᠭ᠎ᠠ ᠬᠥᠷᠪᠡᠴᠦ ᠲᠠᠷᠢᠶ᠎ᠠ ᠲᠠᠰᠤᠯᠬᠤ ᠪᠠᠨ ᠠᠯᠳᠠᠬᠤ ᠦᠭᠡᠢ
ᠭᠤᠷᠪᠠᠨ ᠨᠠᠶ᠋ᠢᠲᠠᠪᠦᠷᠢᠲᠡᠢ
ᠯᠠᠪᠳᠠᠭᠤᠨ ᠳᠣᠭᠲᠠᠭᠤᠨ ᠪᠣᠯ ᠠᠵᠢᠯᠯᠠᠬᠤ ᠳᠤ ᠨᠠᠶ᠋ᠢᠲᠠᠪᠦᠷᠢᠲᠡᠢ
ᠯᠠᠪᠯᠠᠯᠲᠠ ᠬᠢᠨᠠᠯᠲᠠ ᠪᠣᠯ ᠬᠡᠯᠡᠬᠦ ᠳᠦ ᠨᠡᠶ᠋ᠢᠲᠡᠪᠦᠷᠢᠲᠡᠢ
ᠯᠣᠬᠢᠬ ᠵᠦᠢ ᠲᠡᠢ ᠪᠣᠯ ᠪᠠᠷᠢᠮᠲᠠᠯᠠᠬᠤ ᠳᠤ ᠨᠡᠶ᠋ᠢᠲᠡᠪᠦᠷᠢᠲᠡᠢ
ᠦᠰᠦᠭ ᠠᠮᠢᠯᠠᠭᠤᠯᠤᠭᠴᠢ ᠄ ᠳ᠋ᠦ᠋ᠩ ᠹᠧᠩ ᠂ ᠮᠢᠩᠭᠠᠳ ᠴᠢᠮᠡᠭ ᠂ ᠣᠶᠤᠨᠲᠤᠨᠠᠯ ᠂ ᠬᠠᠲᠠᠴᠢ ᠤᠷᠠᠨ᠎ᠠ
ᠬᠢᠨᠠᠭᠴᠢ ᠄ ᠮᠢᠩᠭᠠᠳ ᠴᠢᠮᠡᠭ ᠂ ᠬᠠᠲᠠᠴᠢ ᠤᠷᠠᠨ᠎ᠠ