ᠪ᠂ᠷᠢᠨᠴᠢᠨ-ᠪᠢᠯᠢᠭᠦᠨ ᠨᠣᠮᠴᠢ ᠪᠢᠮᠪᠠ ᠶ᠋ᠢᠨ ᠷᠢᠨᠴᠢᠨБилгүүн номч _Бямбын Ренчин ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪ᠂ᠷᠢᠨᠴᠢᠨ-ᠪᠢᠯᠢᠭᠦᠨ ᠨᠣᠮᠴᠢ ᠪᠢᠮᠪᠠ ᠶ᠋ᠢᠨ ᠷᠢᠨᠴᠢᠨБилгүүн номч _Бямбын Ренчин

ᠪ᠂ᠷᠢᠨᠴᠢᠨ-ᠪᠢᠯᠢᠭᠦᠨ ᠨᠣᠮᠴᠢ ᠪᠢᠮᠪᠠ ᠶ᠋ᠢᠨ ᠷᠢᠨᠴᠢᠨБилгүүн номч _Бямбын Ренчин

ᠠᠩᠭᠢᠯᠠᠯ:ᠴᠤᠤᠲᠤ ᠬᠥᠮᠥᠰ
2025-01-10

1422

    ᠶᠦᠩᠰᠢᠶᠡᠪᠦ ᠣᠪᠣᠭᠲᠤ ᠪᠢᠮᠪᠠ ᠶ᠋ᠢᠨ ᠷᠢᠨᠴᠢᠨ (1905.11.21—1977.03.04) ᠮᠣᠩᠭᠣᠯ ᠤ᠋ᠨ ᠣᠷᠴᠢᠨ ᠦᠶ᠎ᠡ ᠶ᠋ᠢᠨ ᠤᠳᠬ᠎ᠠ ᠵᠣᠬᠢᠶᠠᠯ ᠤ᠋ᠨ ᠦᠨᠳᠦᠰᠦᠯᠡᠭᠴᠢᠳ ᠦ᠋ᠨ ᠨᠢᠭᠡ᠂ 20ᠵᠠᠭᠤᠨ ᠤ᠋ ᠮᠠᠩᠯᠠᠢ ᠮᠣᠩᠭᠣᠯᠴᠢ ᠡᠷᠳᠡᠮᠲᠡᠨ᠃ ᠠᠩᠭ᠌ᠯᠢ᠂ ᠹᠷᠠᠨᠼᠢ᠂ ᠭᠧᠷᠮᠠᠨ᠂ ᠴᠧᠺᠧ᠂ ᠫᠣᠯᠢᠰᠢ᠂ ᠡᠰᠫᠧᠷᠠᠨᠲ᠋ᠣ᠂ ᠣᠷᠣᠰ ᠬᠡᠯᠡ ᠶ᠋ᠢ ᠭᠠᠷᠭᠠᠭᠤᠳ ᠡᠵᠡᠮᠰᠢᠭᠰᠡᠨ ᠪᠥᠭᠡᠳ ᠡᠰᠫᠧᠷᠠᠨᠲ᠋ᠣ ᠬᠡᠯᠡᠨ ᠦ᠌ ᠥᠪᠡᠷ ᠢ᠋ᠶ᠋ᠡᠨ ᠰᠤᠷᠬᠤ ᠪᠢᠴᠢᠭ ᠵᠣᠬᠢᠶᠠᠭᠰᠠᠨ᠃ ᠲᠤᠬᠠᠢ ᠶ᠋ᠢᠨ ᠦᠶ᠎ᠡ ᠶ᠋ᠢᠨ ᠵᠥᠪᠯᠡᠯᠲᠦ ᠬᠣᠯᠪᠣᠭᠠᠲᠤ ᠤᠯᠤᠰ ᠤ᠋ᠨ ᠲᠥᠷᠥ ᠶ᠋ᠢᠨ ᠲᠡᠷᠢᠭᠦᠨ ᠨᠦ᠍ᠭᠦᠳ ᠲᠦ᠍ ᠥᠪᠡᠷ ᠢ᠋ ᠨᠢ ᠭᠦᠳᠬᠡᠨ ᠳᠣᠷᠣᠮᠵᠢᠯᠠᠭᠰᠠᠨ ᠢ᠋ ᠡᠰᠡᠷᠭᠦᠴᠡᠵᠦ᠂ ᠮᠥᠨ ᠨᠡᠢᠭᠡᠮ ᠳ᠋ᠦ᠍ ᠪᠠᠢᠭ᠎ᠠ ᠭᠠᠵᠢᠭᠤᠳᠠᠯ ᠤ᠋ᠨ ᠲᠠᠯ᠎ᠠ ᠪᠠᠷ ᠵᠠᠬᠢᠳᠠᠯ ᠪᠢᠴᠢᠨ ᠴᠠᠭ ᠦᠶ᠎ᠡ ᠰᠢᠭᠦᠮᠵᠢᠯᠡᠵᠦ ᠪᠠᠢᠪᠠ᠃ ᠮᠣᠩᠭᠣᠯ ᠤ᠋ᠨ ᠰᠢᠨᠵᠢᠯᠡᠬᠦ ᠤᠬᠠᠭᠠᠨ ᠤ᠋ ᠵᠢᠳᠬᠦᠯᠲᠡᠨ᠂ ᠵᠣᠬᠢᠶᠠᠯᠴᠢ᠂ ᠣᠷᠴᠢᠭᠤᠯᠤᠭᠴᠢ᠂ ᠰᠣᠶᠣᠨ ᠬᠡᠬᠡᠷᠡᠭᠦᠯᠦᠭᠴᠢ᠃

1927 ᠣᠨ ᠳ᠋ᠤ᠌ ᠰᠤᠷᠭᠠᠭᠤᠯᠢ ᠪᠠᠨ ᠲᠡᠭᠦᠰᠬᠡᠨ ᠳᠣᠷᠣᠨ᠎ᠠ ᠰᠤᠳᠤᠯᠤᠯ ᠤ᠋ᠨ ᠳ᠋ᠢᠫᠯᠣᠮ ᠡᠪᠦᠷᠲᠦᠯᠡᠭᠡᠳ ᠤᠯᠠᠭᠠᠨᠪᠠᠭᠠᠲᠤᠷ ᠲᠤ᠌ ᠢᠷᠡᠵᠦ ᠮᠣᠩᠭᠣᠯ ᠤ᠋ᠨ ᠬᠡᠬᠡᠷᠡᠭᠦᠯᠬᠦ ᠶᠠᠮᠤᠨ ᠤ᠋ ᠬᠠᠷᠢᠶ᠎ᠠ᠂ ᠰᠤᠳᠤᠷ ᠪᠢᠴᠢᠭ ᠦ᠋ᠨ ᠬᠦᠷᠢᠶᠡᠯᠡᠩ ᠳ᠋ᠦ᠍ ᠠᠵᠢᠯᠯᠠᠵᠤ ᠪᠠᠢᠵᠠᠢ᠃
1937 ᠣᠨ ᠳ᠋ᠤ᠌ ᠤᠯᠤᠰ ᠲᠥᠷᠥ ᠶ᠋ᠢᠨ ᠬᠢᠯᠢᠰ ᠬᠡᠷᠡᠭ ᠢ᠋ᠶ᠋ᠡᠷ ᠪᠠᠷᠢᠭᠳᠠᠨ ᠱᠣᠷᠣᠩ ᠳ᠋ᠤ᠌ ᠬᠣᠷᠢᠭᠳᠠᠵᠠᠢ᠃
1942 ᠣᠨ ᠳ᠋ᠤ᠌ ᠰᠤᠯᠠᠯᠠᠭᠳᠠᠵᠤ ᠮᠣᠩᠭᠣᠯ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠣᠷᠢᠶᠠᠨ ᠤ᠋ ᠰᠢᠢᠳᠪᠦᠷᠢ ᠪᠡᠷ 《ᠦᠨᠡᠨ》 ᠰᠣᠨᠢᠨ ᠤ᠋ ᠭᠠᠵᠠᠷ ᠲᠤ᠌ ᠵᠢᠭᠠᠭᠳᠠᠨ 1958 ᠣᠨ ᠬᠦᠷᠲᠡᠯ᠎ᠡ ᠠᠷᠪᠠᠨ ᠵᠢᠷᠭᠤᠭᠠᠨ ᠵᠢᠯ ᠠᠵᠢᠯᠯᠠᠵᠠᠢ᠃
1956 ᠣᠨ ᠳ᠋ᠤ᠌ 《ᠮᠣᠩᠭᠣᠯ ᠬᠡᠯᠡᠨ ᠨᠦ᠍ᠭᠦᠳ ᠦ᠋ᠨ ᠬᠠᠷᠢᠴᠠᠭᠤᠯᠤᠭᠰᠠᠨ ᠲᠡᠦᠬᠡᠨ ᠬᠡᠯᠡᠨ ᠦ᠌ ᠵᠦᠢ》 ᠪᠦᠲᠦᠭᠡᠯ ᠢ᠋ᠶ᠋ᠡᠷ ᠢ᠋ᠶ᠋ᠡᠨ ᠬᠡᠯᠡ ᠪᠢᠴᠢᠭ ᠦ᠋ᠨ ᠤᠬᠠᠭᠠᠨ ᠤ᠋ ᠳ᠋ᠣᠺᠲ᠋ᠣᠷ ᠪᠣᠯᠤᠭᠰᠠᠨ᠃
1961 ᠣᠨ ᠳ᠋ᠤ᠌ 《ᠮᠣᠩᠭᠣᠯ ᠪᠢᠴᠢᠭ ᠦ᠋ᠨ ᠬᠡᠯᠡᠨ ᠦ᠌ ᠵᠦᠢ》 ᠪᠦᠲᠦᠭᠡᠯ ᠢ᠋ᠶ᠋ᠡᠷ ᠢ᠋ᠶ᠋ᠡᠨ ᠰᠢᠨᠵᠢᠯᠡᠬᠦ ᠤᠬᠠᠭᠠᠨ ᠤ᠋ ᠠᠺᠠᠳᠧᠮᠢᠴᠢ ᠴᠣᠯᠠ ᠲᠤᠰ᠂ ᠲᠤᠰ ᠬᠦᠷᠲᠡᠵᠡᠢ᠃
ᠮᠣᠩᠭᠣᠯ ᠬᠡᠯᠡ ᠪᠢᠴᠢᠭ᠂ ᠠᠷᠠᠳ ᠤ᠋ᠨ ᠪᠢᠯᠢᠭ᠂ ᠤᠭᠰᠠᠭᠠᠲᠠᠨ ᠤ᠋ ᠵᠦᠢ ᠶ᠋ᠢᠨ ᠰᠤᠳᠤᠯᠭ᠎ᠠ ᠬᠢᠭᠰᠡᠨ᠂ ᠰᠢᠨᠵᠢᠯᠡᠬᠦ ᠤᠬᠠᠭᠠᠨ ᠤ᠋ ᠠᠺᠠᠳᠧᠮᠢ ᠶ᠋ᠢᠨ ᠵᠢᠩᠬᠢᠨᠢ ᠭᠡᠰᠢᠭᠦᠨ᠂ ᠬᠡᠯᠡ ᠪᠢᠴᠢᠭ ᠦ᠋ᠨ ᠤᠬᠠᠭᠠᠨ ᠤ᠋ ᠳ᠋ᠣᠺᠲ᠋ᠣᠷ ᠴᠣᠯᠠ ᠲᠠᠢ ᠪᠠᠢᠪᠠ᠃ 1929 ᠣᠨ ᠳ᠋ᠤ᠌ ᠪᠠᠢᠭᠤᠯᠤᠭᠰᠠᠨ ᠮᠣᠩᠭᠣᠯ ᠤ᠋ᠨ ᠵᠣᠬᠢᠶᠠᠯᠴᠢᠳ ᠤ᠋ᠨ ᠠᠩᠬᠠᠨ ᠤ᠋ ᠳᠤᠭᠤᠢᠯᠠᠩ ᠤ᠋ᠨ ᠭᠡᠰᠢᠭᠦᠨ ᠪᠠᠢᠭᠰᠠᠨ ᠪᠥᠭᠡᠳ ᠣᠷᠣᠰ᠂ ᠴᠧᠺᠧ᠂ ᠫᠣᠯᠢᠰᠢ᠂ ᠹᠷᠠᠨᠼᠢ᠂ ᠠᠩᠭ᠌ᠯᠢ᠂ ᠡᠰᠫᠧᠷᠠᠨᠲ᠋ᠣ᠂ ᠭᠧᠷᠮᠠᠨ ᠬᠡᠯᠡ ᠲᠡᠢ ᠠᠭᠤᠤ ᠶᠡᠬᠡ ᠡᠷᠳᠡᠮᠲᠡᠨ ᠬᠥᠮᠦᠨ ᠪᠠᠢᠪᠠ᠃
ᠤᠯᠤᠰ ᠲᠥᠷᠥ ᠶ᠋ᠢᠨ ᠬᠡᠯᠮᠡᠭᠳᠡᠭᠦᠯᠦᠯᠲᠡ ᠳ᠋ᠦ᠍ ᠥᠷᠲᠥᠵᠦ᠂ 10 ᠵᠢᠯ ᠦ᠋ᠨ ᠶᠠᠯ᠎ᠠ ᠠᠪᠤᠭᠰᠠᠨ ᠪᠣᠯᠪᠠᠴᠤ ᠣᠷᠣᠰ ᠬᠡᠯᠡ ᠶ᠋ᠢ ᠡᠵᠡᠮᠰᠢᠭᠰᠡᠨ ᠦ᠌ ᠪᠡᠨ ᠬᠦᠴᠦᠨ ᠳ᠋ᠦ᠍ ᠱᠣᠷᠣᠩ ᠠ᠋ᠴᠠ ᠭᠠᠷᠴᠤ ᠪᠠᠢᠭᠰᠠᠨ ᠲᠡᠦᠬᠡ ᠲᠡᠢ᠂ ᠦᠨᠳᠦᠰᠦᠨ ᠦ᠌ ᠦᠵᠡᠯᠲᠡᠨ ᠡᠨᠡ ᠬᠥᠮᠦᠨ ᠠᠮᠢᠳᠤᠷᠠᠯ ᠤ᠋ᠨ ᠢ᠋ᠶ᠋ᠠᠨ ᠲᠤᠷᠰᠢ ᠰᠣᠴᠢᠶᠠᠯᠢᠰᠲᠤ ᠨᠡᠢᠭᠡᠮ ᠦ᠋ᠨ ᠳᠠᠷᠤᠯᠲᠠ ᠳᠣᠣᠷ᠎ᠠ ᠪᠠᠢᠭᠰᠠᠨ ᠪᠢᠯᠡ᠃ ᠲᠡᠷᠡᠴᠢᠯᠡᠨ ᠵᠣᠬᠢᠶᠠᠯᠴᠢ ᠂ᠰᠡᠩᠭᠡ ᠲᠡᠭᠦᠨ ᠳ᠋ᠦ᠍ ᠵᠣᠷᠢᠭᠤᠯᠵᠤ 《ᠳᠠᠯᠠᠨ ᠨᠠᠰᠤᠲᠠᠨ ᠳ᠋ᠤ᠌ ᠴᠤ᠌ ᠳᠠᠷᠤᠭᠤᠯᠭ᠎ᠠ ᠬᠡᠷᠡᠭᠲᠡᠢ》 ᠭᠡᠳᠡᠭ ᠳᠠᠭᠠᠷᠢᠯ ᠰᠢᠯᠦᠭ ᠪᠢᠴᠢᠵᠦ ᠪᠢᠮᠪᠠ ᠶ᠋ᠢᠨ ᠷᠢᠨᠴᠢᠨ ᠦ᠌ ᠠᠷᠠᠳ ᠤ᠋ᠨ ᠤᠯᠠᠮᠵᠢᠯᠠᠯᠲᠤ ᠰᠣᠶᠣᠯ᠂ ᠤᠳᠬ᠎ᠠ ᠵᠣᠬᠢᠶᠠᠯ ᠢ᠋ ᠪᠠᠬᠠᠷᠬᠠᠨ ᠬᠦᠨᠳᠦᠯᠡᠬᠦ ᠦᠵᠡᠯ ᠢ᠋ ᠨᠢ ᠹᠧᠣᠳᠠᠯ ᠤ᠋ᠨ ᠰᠣᠶᠣᠯ ᠢ᠋ ᠪᠠᠬᠠᠷᠬᠠᠭᠴᠢ᠂ ᠦᠨᠳᠦᠰᠦᠷᠬᠡᠭ ᠦᠵᠡᠯᠲᠡᠨ ᠭᠡᠮᠡᠨ ᠭᠦᠳᠬᠡᠨ ᠵᠣᠬᠢᠶᠠᠨ ᠪᠠᠢᠭᠤᠯᠤᠯᠲᠠ ᠲᠠᠢ ᠪᠠᠷ ᠳᠠᠷᠤᠮᠲᠠᠯᠠᠵᠤ ᠪᠠᠢᠵᠠᠢ᠃ ᠪᠢᠮᠪᠠ ᠶ᠋ᠢᠨ ᠷᠢᠨᠴᠢᠨ ᠨᠢ ᠴᠣᠭᠲᠤ ᠲᠠᠢᠵᠢ ᠺᠢᠨᠣ᠋ ᠪᠠᠷ ᠢ᠋ᠶ᠋ᠠᠨ 1945 ᠣᠨ ᠳ᠋ᠤ᠌ ᠮᠠᠷᠱᠠᠯ ᠴᠣᠢ᠍ᠢᠪᠠᠯᠰᠠᠩ ᠤ᠋ᠨ ᠨᠡᠷᠡᠮᠵᠢᠲᠦ ᠲᠥᠷᠥ ᠶ᠋ᠢᠨ ᠱᠠᠩᠨᠠᠯ ᠢ᠋ ᠠᠩᠬ᠎ᠠ ᠬᠦᠷᠲᠡᠭᠴᠢᠳ ᠦ᠋ᠨ ᠨᠢᠭᠡ ᠪᠣᠯᠤᠭᠰᠠᠨ᠃《ᠦᠷ ᠦ᠋ᠨ ᠲᠤᠶᠠᠭ᠎ᠠ》 ᠭᠤᠷᠮᠤᠰᠤᠨ ᠷᠣᠮᠠᠨ᠂ 《ᠵᠠᠭᠠᠨ ᠵᠠᠯᠠᠭᠤᠳ᠋ᠠᠢ 》ᠪᠠᠯᠠᠷ ᠡᠷᠲᠡᠨ ᠦ᠌ ᠰᠡᠳᠦᠪᠲᠦ ᠷᠣᠮᠠᠨ᠂《 ᠪᠡᠷᠢ ᠴᠡᠴᠡᠭ》᠂ 《ᠭᠦᠨᠵᠡ》᠂ 《ᠰᠠᠨᠳᠤ ᠪᠠᠨ ᠠᠮᠪᠠᠨ》᠂《 ᠶᠡᠬᠡ ᠨᠡᠭᠦᠳᠡᠯ》᠂ 《ᠨᠢᠭᠤᠴᠠ ᠶ᠋ᠢ ᠵᠠᠳᠠᠷᠠᠭᠤᠯᠤᠭᠰᠠᠨ ᠵᠠᠬᠢᠶ᠎ᠠ》᠂ 《 ᠰᠢᠬᠦᠷᠴᠢ ᠪᠤᠨᠢᠶ᠎ᠠ》᠂ 《 ᠠᠨᠤ ᠬᠠᠲᠤᠨ》 ᠵᠡᠷᠭᠡ ᠣᠯᠠᠨ ᠰᠣᠨᠢᠷᠬᠠᠯᠲᠠᠢ ᠵᠣᠬᠢᠶᠠᠯ ᠪᠢᠴᠢᠵᠦ ᠦᠯᠡᠳᠡᠭᠡᠵᠡᠢ᠃ ᠲᠡᠭᠦᠨ ᠦ᠌ 《ᠦᠷ ᠦ᠋ᠨ ᠲᠤᠶᠠᠭ᠎ᠠ》 ᠭᠤᠷᠪᠠᠯᠠᠭᠰᠠᠨ ᠷᠣᠮᠠᠨ ᠢ᠋ ᠣᠷᠣᠰ᠂ ᠴᠧᠺᠧ ᠬᠡᠯᠡᠨ ᠢ᠋ᠶ᠋ᠡᠷ ᠣᠷᠴᠢᠭᠤᠯᠤᠭᠰᠠᠨ᠃ ᠂ ᠷᠢᠨᠴᠢᠨ ᠣᠯᠠᠨ ᠵᠢᠯ ᠦ᠋ᠨ ᠲᠤᠷᠰᠢ ᠡᠬᠡ ᠬᠡᠯᠡᠨ ᠢ᠋ᠶ᠋ᠡᠨ ᠭᠠᠳᠠᠭᠠᠳᠤ ᠶ᠋ᠢᠨ ᠤᠳᠬ᠎ᠠ ᠵᠣᠬᠢᠶᠠᠯ ᠣᠷᠴᠢᠭᠤᠯᠬᠤ ᠠᠵᠢᠯ ᠳ᠋ᠤ᠌ ᠬᠦᠴᠦ ᠴᠢᠳᠠᠯ ᠢ᠋ᠶ᠋ᠠᠨ ᠳᠠᠢ᠍ᠢᠴᠢᠯᠠᠵᠤ ᠭᠣᠷᠺᠢ᠂ ᠮᠠᠢᠺᠦᠢᠰᠺ ᠦ᠋ᠨ᠂ ᠱᠣᠯᠬᠤᠪ᠂ ᠮᠣᠫᠠᠰᠤᠭᠰᠠᠨ᠂ ᠬᠢᠭᠮᠧᠲ ᠨᠠᠷ ᠤ᠋ᠨ ᠪᠦᠲᠦᠭᠡᠯ ᠦ᠋ᠳ ᠡᠴᠡ ᠮᠣᠩᠭᠣᠯ ᠤ᠋ᠨ ᠤᠩᠰᠢᠭᠴᠢ ᠣᠯᠠᠨ ᠳ᠋ᠤ᠌ ᠲᠠᠨᠢᠯᠴᠠᠭᠤᠯᠵᠠᠢ᠃ ᠵᠣᠬᠢᠶᠠᠯᠴᠢ ᠡᠷᠳᠡᠮᠲᠡᠨ᠂ ᠪᠢᠴᠢᠭ ᠦ᠋ᠨ ᠶᠡᠬᠡ ᠬᠥᠮᠦᠨ ᠪᠢᠮᠪᠠ ᠶ᠋ᠢᠨ ᠷᠢᠨᠴᠢᠨ 1977 ᠣᠨ ᠤ᠋ 3 ᠳ᠋ᠤᠭᠠᠷ ᠰᠠᠷ᠎ᠠ ᠶ᠋ᠢᠨ 4 ᠦ᠌ ᠡᠳᠦᠷ ᠲᠠᠭᠠᠯᠠᠯ ᠲᠡᠭᠦᠰᠴᠡᠢ᠃ ᠪᠢᠮᠪᠠ ᠶ᠋ᠢᠨ ᠷᠢᠨᠴᠢᠨ ᠦ᠌ ᠮᠡᠨᠳᠦᠯᠡᠭᠰᠡᠨ ᠦ᠌ 100 ᠵᠢᠯ ᠦ᠋ᠨ ᠣᠢ ᠶ᠋ᠢ ᠲᠣᠬᠢᠶᠠᠯᠳᠤᠭᠤᠯᠤᠨ ᠲᠡᠭᠦᠨ ᠦ᠌ ᠳᠤᠷᠠᠰᠬᠠᠯ ᠤ᠋ᠨ ᠬᠥᠰᠢᠶ᠎ᠡ ᠶ᠋ᠢ ᠤᠯᠤᠰ ᠤ᠋ᠨ ᠲᠥᠪ ᠨᠣᠮ ᠤ᠋ᠨ ᠰᠠᠩ ᠤ᠋ᠨ ᠡᠮᠦᠨᠡᠬᠢ ᠲᠠᠯᠠᠪᠠᠢ ᠳ᠋ᠤ᠌ 2005 ᠣᠨ ᠳ᠋ᠤ᠌ ᠪᠤᠰᠬᠠᠵᠠᠢ᠃