ᠴᠦᠳᠡᠩ ᠬᠤᠲᠠᠯᠲᠤᠭᠴᠢ ᠦᠬᠢᠨ-ᠠᠨᠳᠧᠷᠰᠸᠨ Чүдэнз худалдагч охин-Андерсен ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠦᠳᠡᠩ ᠬᠤᠲᠠᠯᠲᠤᠭᠴᠢ ᠦᠬᠢᠨ-ᠠᠨᠳᠧᠷᠰᠸᠨ Чүдэнз худалдагч охин-Андерсен

ᠴᠦᠳᠡᠩ ᠬᠤᠲᠠᠯᠲᠤᠭᠴᠢ ᠦᠬᠢᠨ-ᠠᠨᠳᠧᠷᠰᠸᠨ Чүдэнз худалдагч охин-Андерсен

2023-06-01

491

ᠴᠦᠳᠡᠩ ᠬᠤᠲᠠᠯᠲᠤᠭᠴᠢ ᠦᠬᠢᠨ

                                         ᠠᠨᠳᠧᠷᠰᠸᠨ

     ᠲᠩᠷᠢ ᠮᠠᠰᠢ ᠬᠦᠢᠲᠡᠨ ᠪᠠᠶ᠋ᠢᠪᠠ ᠃ ᠴᠠᠰᠤ ᠣᠷᠣᠭᠰᠠᠭᠠᠷ ᠂ ᠬᠠᠷ᠎ᠠ ᠪᠦᠷᠦᠢ ᠪᠣᠯᠪᠠ ᠃ ᠡᠨᠡ ᠰᠥᠨᠢ ᠪᠣᠯ ᠨᠢᠭᠡ ᠵᠢᠯ ᠦ᠋ᠨ ᠬᠠᠮᠤᠭ ᠡᠴᠦᠰ ᠦ᠋ᠨ ᠰᠥᠨᠢ –– ᠪᠢᠲᠡᠭᠦᠨ ᠦ᠌ ᠰᠥᠨᠢ ᠪᠢᠯᠡ ᠃ ᠡᠨᠡ ᠬᠦᠢᠲᠡᠨ ᠬᠠᠷᠠᠩᠭᠤᠢ ᠰᠥᠨᠢ ᠂ ᠬᠥᠯ ᠲᠣᠯᠣᠭᠠᠢ ᠨᠢᠴᠦᠭᠦᠨ ᠨᠢᠭᠡᠨ ᠪᠢᠴᠢᠬᠠᠨ ᠥᠬᠢᠨ ᠵᠡᠭᠡᠯᠢ ᠳᠡᠭᠡᠷ᠎ᠡ ᠶᠠᠪᠤᠵᠤ ᠪᠠᠶ᠋ᠢᠪᠠ ᠃ ᠲᠡᠷᠡ ᠭᠡᠷ ᠡᠴᠡ ᠪᠡᠨ ᠴᠢᠷᠭᠡᠦᠯ ᠱᠠᠬᠠᠢ ᠲᠠᠢ ᠭᠠᠷᠤᠭᠰᠠᠨ ᠶᠤᠮ ᠪᠠᠶ᠋ᠢᠵᠠᠢ ᠃ ᠭᠡᠪᠡᠴᠦ ᠲᠡᠷᠡ ᠨᠢ ᠶᠠᠮᠠᠷ ᠲᠤᠰᠠ ᠪᠣᠯᠬᠤ ᠪᠣᠢ? ᠡᠵᠢ ᠶ᠋ᠢᠨ ᠬᠢᠨᠢ ᠡᠮᠦᠰᠴᠦ ᠪᠠᠶ᠋ᠢᠬᠰᠠᠨ ᠲᠣᠮᠣ ᠱᠠᠬᠠᠢ ᠶᠤᠮ ᠪᠠᠶ᠋ᠢᠨ᠎ᠠ ᠃ ᠥᠬᠢᠨ ᠴᠠᠷᠳᠠᠮᠠᠯ ᠵᠠᠮ ᠣᠭᠲᠣᠯᠬᠤ ᠦᠶ᠎ᠡ ᠳ᠋ᠦ᠍ ᠬᠣᠶᠠᠷ ᠮᠣᠷᠢᠨ ᠲᠡᠷᠭᠡ ᠨᠢᠰᠬᠦ ᠮᠡᠲᠦ ᠳᠠᠪᠬᠢᠨ ᠢᠷᠡᠬᠦᠯᠡᠷ ᠰᠠᠨᠳᠤᠷᠤᠨ ᠳᠤᠲᠠᠭᠠᠨ ᠵᠠᠶ᠋ᠢᠯᠠᠬᠤ ᠳ᠋ᠤ᠌ ᠬᠣᠶᠠᠷ ᠱᠠᠬᠠᠢ ᠨᠢ ᠰᠤᠭᠤᠷᠠᠨ ᠦᠰᠦᠷᠪᠡ ᠃ ᠨᠢᠭᠡ ᠨᠢ ᠡᠷᠢᠭᠡᠳ ᠣᠯᠳᠠᠭᠰᠠᠨ ᠦᠭᠡᠢ ᠃ ᠨᠥᠭᠥᠭᠡ ᠶ᠋ᠢ ᠨᠢ ᠨᠢᠭᠡ ᠬᠦᠦ ᠣᠯᠵᠤ ᠠᠪᠤᠭᠠᠳ ᠳᠤᠲᠠᠭᠠᠪᠠ ᠃ ᠲᠡᠷᠡ ᠬᠣᠵᠢᠮ ᠬᠡᠦᠬᠡᠳ ᠲᠡᠢ ᠪᠣᠯᠪᠠᠯ ᠥᠯᠥᠭᠡᠢ ᠬᠢᠬᠦ ᠶᠦ᠍ᠮ ᠭᠡᠨ᠎ᠡ ᠃ 
      ᠣᠳᠣ ᠡᠨᠡ ᠥᠬᠢᠨ ᠬᠥᠯ ᠨᠢᠴᠦᠭᠦᠨ ᠶᠠᠪᠤᠬᠤ ᠯᠠ ᠬᠡᠷᠡᠭᠲᠡᠢ ᠪᠣᠯᠪᠠ ᠃ ᠪᠡᠭᠡᠷᠡᠭᠡᠳ ᠪᠢᠴᠢᠬᠠᠨ ᠬᠥᠯ ᠨᠢ ᠬᠥᠬᠡᠷᠡᠵᠡᠢ ᠃ ᠬᠠᠭᠤᠴᠢᠨ ᠪᠠᠩᠵᠠᠯ ᠤ᠋ᠨ ᠬᠢᠨᠢ ᠬᠠᠷᠮᠠᠨ ᠳ᠋ᠤ᠌ ᠠᠷᠪᠢᠨ ᠴᠦᠳᠡᠩ ᠪᠠᠶ᠋ᠢᠬᠰᠠᠨ ᠪᠥᠭᠡᠳ ᠭᠠᠷ ᠲᠠᠭᠠᠨ ᠪᠠᠰᠠ ᠨᠢᠭᠡ ᠪᠠᠭᠴᠠ ᠠᠳᠬᠤᠵᠤ ᠪᠠᠶ᠋ᠢᠪᠠ ᠃ ᠪᠦᠬᠦᠯᠢ ᠡᠳᠦᠷ ᠲᠡᠷᠡ ᠨᠢᠭᠡ ᠲᠣᠯᠣᠭᠠᠢ ᠴᠦᠳᠡᠩ ᠴᠦ᠍ ᠬᠤᠳᠠᠯᠳᠤᠵᠤ ᠴᠢᠳᠠᠭᠰᠠᠨ ᠦᠭᠡᠢ ᠂ ᠨᠢᠭᠡ ᠮᠥᠩᠭᠥ ᠴᠦ᠍ ᠣᠯᠤᠭᠰᠠᠨ ᠦᠭᠡᠢ ᠃ 
      ᠬᠥᠭᠡᠷᠦᠬᠦᠢ ! ᠲᠡᠷᠡ ᠥᠬᠢᠨ ᠲᠤᠩ ᠶᠡᠬᠡ ᠲᠠᠭᠠᠷᠠᠵᠤ ᠲᠤᠩ ᠶᠡᠬᠡ ᠥᠯᠥᠰᠴᠡᠢ ᠃ ᠲᠡᠷᠡ ᠵᠡᠭᠡᠯᠢ ᠪᠡᠷ ᠪᠠᠭᠲᠠᠴᠠᠨ ᠴᠡᠴᠡᠷᠡᠵᠦ ᠠᠯᠬᠤᠵᠤ ᠶᠠᠪᠤᠬᠤ ᠨᠢ ᠠᠶ᠋ᠢᠬᠤᠪᠲᠤᠷ ᠶᠡᠬᠡ ᠭᠤᠨᠢᠭᠲᠠᠢ ᠬᠠᠷᠠᠭᠳᠠᠨ᠎ᠠ ᠃ ᠴᠠᠰᠤᠨ ᠯᠠᠪᠰᠠ ᠠᠯᠲᠠᠨ ᠰᠢᠷ᠎ᠠ ᠭᠡᠵᠢᠭᠡᠨ ᠳᠡᠭᠡᠷ᠎ᠡ ᠨᠢ ᠪᠠᠭᠤᠵᠤ ᠪᠠᠶ᠋ᠢᠯ᠎ᠠ ᠃ ᠪᠤᠷᠵᠢᠭᠠᠷ ᠭᠡᠵᠢᠭᠡ ᠨᠢ ᠮᠥᠷᠥ ᠤᠷᠤᠭᠤ ᠨᠢ ᠪᠠᠭᠤᠭᠠᠳ ᠲᠤᠶ᠋ᠢᠯ ᠤ᠋ᠨ ᠭᠣᠶᠣ ᠬᠠᠷᠠᠭᠳᠠᠨ᠎ᠠ ᠃ ᠭᠡᠪᠡᠴᠦ ᠬᠥᠭᠡᠷᠦᠬᠦᠢ ᠥᠬᠢᠨ ᠡᠨᠡ ᠪᠦᠬᠦᠨ ᠊ᠢ ᠠᠩᠬᠠᠷᠤᠯ ᠦᠭᠡᠢ ᠶᠠᠪᠤᠨ᠎ᠠ ᠃ ᠴᠣᠩᠬᠣ ᠪᠦᠷᠢ ᠡᠴᠡ ᠳ᠋ᠧᠩ ᠦ᠋ᠨ ᠭᠡᠷᠡᠯ ᠲᠤᠶᠠᠭᠠᠷᠠᠨ ᠬᠡᠷᠡᠯᠳᠦᠵᠦ ᠵᠡᠭᠡᠯᠢ ᠪᠡᠷ ᠰᠢᠷᠠᠭᠰᠠᠨ ᠭᠠᠯᠠᠭᠤᠨ ᠮᠢᠬᠠᠨ ᠤ᠋ ᠰᠠᠢᠬᠠᠨ ᠦᠨᠦᠷ ᠬᠠᠩᠬᠤᠯᠤᠨ᠎ᠠ ᠃ ᠤᠴᠢᠷ ᠨᠢ ᠡᠨᠡ ᠰᠥᠨᠢ ᠪᠣᠯ ᠪᠢᠲᠡᠭᠦᠨ ᠦ᠌ ᠰᠥᠨᠢ ᠪᠠᠶ᠋ᠢᠯ᠎ᠠ ᠂ ᠥᠬᠢᠨ ᠡᠭᠦᠨ ᠊ᠢ ᠬᠡᠷᠬᠢᠨ ᠮᠠᠷᠲᠠᠬᠤ ᠪᠢᠯᠡ ᠃ ᠥᠬᠢᠨ ᠨᠢᠭᠡᠨ ᠪᠠᠶ᠋ᠢᠰᠢᠩ ᠤ᠋ᠨ ᠪᠤᠯᠤᠩ ᠳ᠋ᠤ᠌ ᠬᠥᠯ ᠢ᠋ᠶ᠋ᠡᠨ ᠬᠤᠮᠢᠵᠤ ᠠᠲᠤᠷᠢᠨ ᠰᠠᠭᠤᠬᠤ ᠳ᠋ᠤ᠌ ᠬᠠᠷᠢᠨ ᠤᠯᠠᠮ ᠲᠠᠭᠠᠷᠠᠬᠤ ᠰᠢᠭ᠋ ᠪᠣᠯᠪᠠ ᠃ ᠭᠡᠪᠡᠴᠦ ᠲᠡᠷᠡ ᠭᠡᠷ ᠲᠡᠭᠡᠨ ᠬᠠᠷᠢᠬᠤ ᠠ᠋ᠴᠠ ᠠᠶᠤᠨ᠎ᠠ ᠃ ᠤᠴᠢᠷ ᠨᠢ ᠨᠢᠭᠡ ᠲᠣᠯᠣᠭᠠᠢ ᠴᠦᠳᠡᠩ ᠴᠦ᠍ ᠬᠤᠳᠠᠯᠳᠤᠵᠤ ᠴᠢᠳᠠᠭᠰᠠᠨ ᠦᠭᠡᠢ ᠂ ᠨᠢᠭᠡ ᠮᠥᠩᠭᠥ ᠴᠦ᠍ ᠣᠯᠤᠭᠰᠠᠨ ᠦᠭᠡᠢ ᠲᠤᠯᠠ ᠠᠪᠤ ᠨᠢ ᠲᠡᠭᠦᠨ ᠊ᠢ ᠯᠠᠪ ᠵᠣᠳᠣᠬᠤ ᠶᠤᠮ ᠃ ᠲᠡᠷᠡ ᠮᠥᠷᠲᠡᠭᠡᠨ ᠲᠡᠭᠦᠨ ᠦ᠌ ᠭᠡᠷ ᠨᠢ ᠴᠦ᠍ ᠵᠡᠭᠡᠯᠢ ᠲᠡᠢ ᠠᠳᠠᠯᠢ ᠬᠦᠢᠲᠡᠨ ᠶᠦ᠍ᠮ ᠃ ᠲᠡᠳᠡ ᠵᠥᠪᠬᠡᠨ ᠨᠢᠭᠡᠨ ᠪᠠᠶ᠋ᠢᠰᠢᠩ ᠤ᠋ᠨ ᠳᠡᠭᠡᠪᠦᠷ ᠳᠣᠣᠷ᠎ᠠ ᠣᠷᠣᠩᠨᠠᠳᠠᠭ ᠪᠥᠭᠡᠳ ᠲᠡᠭᠦᠨ ᠦ᠌ ᠪᠡᠨ ᠲᠣᠮᠣ ᠲᠣᠮᠣ ᠨᠦᠬᠡ ᠨᠤᠭᠦᠳ ᠊ᠢ ᠡᠪᠡᠰᠦ ᠂ ᠮᠠᠭᠤ ᠪᠥᠰ ᠢ᠋ᠶ᠋ᠡᠷ ᠪᠥᠭᠯᠡᠨ ᠳᠤᠯᠠᠭᠠᠯᠠᠭᠰᠠᠨ ᠪᠣᠯᠪᠠᠴᠤ ᠰᠠᠯᠬᠢᠨ ᠮᠥᠨ ᠯᠡ ᠨᠡᠪᠲᠡ ᠦᠯᠢᠶᠡᠳᠡᠭ ᠪᠠᠶ᠋ᠢᠨ᠎ᠠ ᠃  
      ᠥᠬᠢᠨ ᠦ᠌ ᠪᠢᠴᠢᠬᠠᠨ ᠬᠣᠶᠠᠷ ᠭᠠᠷ ᠨᠢ ᠪᠡᠭᠡᠷᠡᠭᠡᠳ ᠪᠠᠷᠤᠭ ᠮᠡᠳᠡᠭᠡ ᠦᠭᠡᠢ ᠪᠣᠯᠵᠠᠢ ᠃ ᠠ ! ᠭᠠᠭᠴᠠ ᠲᠣᠯᠣᠭᠠᠢ ᠴᠦᠳᠡᠩ ᠴᠦ᠍ ᠶᠠᠭᠠᠮᠠᠢ ᠂ ᠲᠡᠭᠦᠨ ᠳ᠋ᠦ᠍ ᠲᠤᠰᠠ ᠪᠣᠯᠬᠤ ᠪᠠᠶ᠋ᠢᠬᠤ ! ᠡᠨᠡ ᠥᠬᠢᠨ ᠵᠢᠷᠦᠬᠡ ᠭᠠᠷᠭᠠᠵᠤ ᠨᠢᠭᠡ ᠲᠣᠯᠣᠭᠠᠢ ᠴᠦᠳᠡᠩ ᠰᠤᠭᠤᠯᠵᠤ ᠠᠪᠤᠭᠠᠳ ᠬᠡᠷᠡᠮ ᠳ᠋ᠦ᠍ ᠵᠤᠷᠠᠭᠠᠳ ᠨᠣᠴᠣᠭᠠᠪᠠᠯ ᠭᠠᠷ ᠢ᠋ᠶ᠋ᠠᠨ ᠳᠤᠯᠠᠭᠠᠴᠠᠭᠤᠯᠵᠤ ᠴᠢᠳᠠᠬᠤ ᠪᠣᠯᠪᠠ ‍ᠤᠤ ? ᠭᠡᠵᠦ ᠪᠣᠳᠣᠪᠠ ᠃ ᠲᠡᠭᠡᠭᠡᠳ ᠨᠢᠭᠡ ᠶ᠋ᠢ ᠰᠤᠭᠤᠯᠵᠤ ᠱᠣᠷ ᠬᠢᠲᠡᠯ᠎ᠡ ᠵᠤᠷᠠᠵᠤ ᠨᠣᠴᠣᠭᠠᠬᠤ ᠳ᠋ᠤ᠌ ᠳᠥᠯᠥ ᠪᠠᠳᠠᠷᠠᠪᠠ ! ᠶᠠᠭᠠᠬᠢᠭᠰᠠᠨ ᠬᠠᠯᠠᠭᠤᠨ ᠳᠤᠯᠠᠭᠠᠨ ᠂ ᠭᠡᠭᠡᠨ ᠰᠠᠷᠠᠭᠤᠯ ᠳᠥᠯᠥ ᠪᠣᠢ ᠂ ᠯᠠ ᠶ᠋ᠢᠨ ᠳᠥᠯᠥ ᠠᠳᠠᠯᠢ ᠪᠠᠶ᠋ᠢᠪᠠ ᠃ ᠲᠡᠷᠡ ᠪᠢᠲᠡᠭᠦᠯᠡᠨ ᠠᠪᠴᠤ ᠳᠤᠯᠠᠭᠠᠴᠠᠪᠠ ᠃ ᠡᠨᠡ ᠪᠣᠯ ᠨᠢᠭᠡᠨ ᠰᠣᠨᠢᠨ ᠵᠢᠭᠲᠡᠢ ᠭᠠᠯ ᠪᠠᠶ᠋ᠢᠯ᠎ᠠ ! ᠲᠡᠷᠡ ᠥᠬᠢᠨ ᠳ᠋ᠦ᠍ ᠶᠠᠭ ᠯᠠ ᠭᠡᠷᠡᠯ ᠲᠠᠲᠠᠭᠰᠠᠨ ᠰᠢᠷ᠎ᠠ ᠭᠠᠤᠯᠢᠨ ᠴᠢᠬᠢ ᠲᠡᠢ ᠂ ᠭᠠᠤᠯᠢᠨ ᠬᠥᠯ ᠲᠡᠢ ᠲᠣᠮᠣ ᠬᠢᠰᠠ ᠶ᠋ᠢᠨ ᠬᠠᠵᠠᠭᠤ ᠳ᠋ᠤ᠌ ᠰᠠᠭᠤᠭᠰᠠᠨ ᠮᠡᠲᠦ ᠰᠠᠨᠠᠭᠳᠠᠪᠠ ᠃ ᠬᠢᠰᠠ ᠳ᠋ᠤ᠌ ᠭᠠᠯ ᠳᠦᠷᠡᠯᠵᠡᠨ ᠬᠠᠪᠤᠲᠠᠢ ᠳᠤᠯᠠᠭᠠᠨ ᠪᠣᠯᠪᠠ ᠃ ᠭᠡᠪᠡᠴᠦ ᠶᠠᠮᠠᠷ ᠤᠴᠢᠷ ᠠ᠋ᠴᠠ ᠶᠤᠮ ᠪᠤᠤ ᠮᠡᠳᠡ ᠂ ᠥᠬᠢᠨ ᠬᠥᠯ ᠢ᠋ᠶ᠋ᠡᠨ ᠵᠢᠭᠢᠨ ᠡᠭᠡᠭᠡᠬᠦ ᠭᠡᠲᠡᠯ᠎ᠡ ᠴᠦᠳᠡᠩ ᠤᠨᠲᠠᠷᠠᠭᠠᠳ ᠬᠢᠰᠠ ᠨᠢ ᠴᠦ᠍ ᠦᠵᠡᠭᠳᠡᠬᠦ ᠦᠭᠡᠢ ᠪᠣᠯᠵᠠᠢ ᠃ ᠥᠬᠢᠨ ᠤᠨᠲᠠᠷᠠᠭᠰᠠᠨ ᠴᠦᠳᠡᠩ ᠦ᠋ᠨ ᠡᠰᠢ ᠶ᠋ᠢ ᠪᠠᠷᠢᠭᠠᠳ ᠲᠡᠨᠳᠡ ᠪᠡᠨ ᠰᠠᠭᠤᠭᠰᠠᠭᠠᠷ ᠪᠠᠶ᠋ᠢᠯ᠎ᠠ ᠃  
      ᠲᠡᠷᠡ ᠪᠠᠰᠠ ᠨᠢᠭᠡ ᠶ᠋ᠢ ᠵᠤᠷᠠᠪᠠ ᠃ ᠴᠦᠳᠡᠩ ᠨᠢ ᠨᠣᠴᠣᠵᠤ ᠭᠡᠷᠡᠯᠲᠦᠪᠡ ᠃ ᠭᠡᠷᠡᠯ ᠨᠢ ᠲᠤᠭᠤᠷᠭᠠᠨ ᠳᠡᠭᠡᠷ᠎ᠡ ᠲᠤᠰᠤᠭᠰᠠᠨ ᠳ᠋ᠤ᠌ ᠲᠤᠭᠤᠷᠭ᠎ᠠ ᠨᠢᠮᠭᠡᠨ ᠬᠬᠢᠪ ᠮᠡᠲᠦ ᠭᠡᠷᠡᠯ ᠲᠠᠲᠠᠭᠠᠳ ᠥᠬᠢᠨ ᠳ᠋ᠦ᠍ ᠭᠡᠷ ᠦ᠋ᠨ ᠳᠣᠲᠣᠷᠠᠬᠢ ᠨᠢ ᠬᠦᠷᠲᠡᠯ᠎ᠡ ᠦᠵᠡᠭᠳᠡᠬᠦ ᠪᠣᠯᠪᠠ ᠃ ᠴᠠᠪ ᠴᠠᠭᠠᠨ ᠪᠦᠲᠡᠭᠡᠯᠭᠡ ᠲᠡᠢ ᠰᠢᠷᠡᠭᠡᠨ ᠳᠡᠭᠡᠷ᠎ᠡ ᠨᠠᠷᠢᠨ ᠬᠢᠴᠡ ᠲᠡᠢ ᠰᠠᠢᠬᠠᠨ ᠠᠶᠠᠭ᠎ᠠ ᠲᠠᠪᠠᠭ ᠦ᠋ᠳ ᠥᠷᠥᠵᠦ ᠂ ᠭᠡᠳᠡᠰᠦᠨ ᠳᠣᠲᠣᠷ᠎ᠠ ᠨᠢ ᠠᠯᠮᠤᠷᠠᠳ ᠂ ᠭᠦᠢᠯᠡᠰᠦ ᠲᠦᠭᠦᠷᠭᠡᠭᠰᠡᠨ ᠰᠢᠷᠠᠭᠰᠠᠨ ᠭᠠᠯᠠᠭᠤ ᠠ᠋ᠴᠠ ᠠᠩᠬᠢᠯᠤᠮ᠎ᠠ ᠬᠠᠯᠠᠭᠤᠨ ᠠᠭᠤᠷ ᠰᠠᠪᠰᠠᠵᠤ ᠪᠠᠶ᠋ᠢᠪᠠ ᠃ ᠨᠡᠩ ᠬᠠᠴᠢᠨ ᠭᠡᠪᠡᠯ ᠥᠨᠥᠬᠢ ᠭᠠᠯᠠᠭᠤ ᠨᠢᠷᠤᠭᠤᠨ ᠳᠡᠭᠡᠷ᠎ᠡ ᠪᠡᠨ ᠬᠠᠳᠬᠤᠭᠤᠯᠤᠭᠰᠠᠨ ᠬᠢᠲᠤᠭ᠎ᠠ ᠰᠡᠷᠡᠭᠡ ᠲᠡᠢ ᠪᠡᠨ ᠲᠠᠪᠠᠭ ᠠ᠋ᠴᠠ ᠪᠠᠨ ᠦᠰᠦᠷᠦᠨ ᠭᠠᠷᠤᠭᠠᠳ ᠱᠠᠯᠠ ᠳᠡᠭᠡᠭᠦᠷ ᠬᠠᠶ᠋ᠢᠪᠠᠩ ᠳᠠᠶ᠋ᠢᠪᠠᠩ ᠠᠯᠬᠤᠭᠰᠠᠭᠠᠷ ᠰᠢᠭᠤᠳ ᠬᠥᠭᠡᠷᠦᠬᠦᠢ ᠥᠬᠢᠨ ᠤᠷᠤᠭᠤ ᠢᠷᠡᠪᠡ ᠃ ᠶᠠᠭ ᠡᠨᠡ ᠦᠶ᠎ᠡ ᠳ᠋ᠦ᠍ ᠴᠦᠳᠡᠩ ᠨᠢ ᠤᠨᠲᠠᠷᠠᠪᠠ ᠃ ᠡᠮᠦᠨ᠎ᠡ ᠨᠢ ᠮᠥᠨ ‍ᠬᠦ ᠬᠦᠢᠲᠡᠨ ᠴᠡᠪᠳᠡᠭ ᠲᠤᠭᠤᠷᠭ᠎ᠠ ᠬᠡᠪ ᠢ᠋ᠶ᠋ᠡᠷ ᠢ᠋ᠶ᠋ᠡᠨ ᠪᠠᠶ᠋ᠢᠯ᠎ᠠ ᠃ 
      ᠬᠥᠭᠡᠷᠦᠬᠦᠢ ᠥᠬᠢᠨ ᠪᠠᠰᠠ ᠨᠢᠭᠡ ᠶ᠋ᠢ ᠵᠤᠷᠠᠪᠠ ᠃ ᠡᠨᠡ ᠤᠳᠠᠭ᠎ᠠ ᠲᠡᠷᠡ ᠂ ᠭᠣᠶᠣ ᠰᠠᠢᠬᠠᠨ ᠰᠦᠯᠳᠡ ᠮᠣᠳᠣᠨ ᠳᠣᠣᠷ᠎ᠠ ᠰᠠᠭᠤᠵᠤ ᠪᠠᠶ᠋ᠢᠪᠠ ᠃ ᠡᠨᠡ ᠰᠦᠯᠳᠡ ᠮᠣᠳᠣ ᠲᠡᠭᠦᠨ ᠳ᠋ᠦ᠍ ᠨᠢᠳᠤᠨᠤᠨ ᠵᠢᠯ ᠦ᠋ᠨ ᠢᠰᠦᠢᠰ ᠪᠤᠷᠬᠠᠨ ᠤ᠋ ᠮᠠᠨᠳᠤᠯᠠᠭᠰᠠᠨ ᠡᠳᠦᠷ ᠪᠠᠶᠠᠨ ᠬᠤᠳᠠᠯᠳᠤᠭᠠᠴᠢᠨ ᠤ᠋ ᠰᠢᠯ ᠡᠭᠦᠳᠡ ᠪᠡᠷ ᠬᠠᠷᠠᠭᠳᠠᠭᠰᠠᠨ ᠲᠡᠷᠡ ᠰᠦᠯᠳᠡ ᠮᠣᠳᠣᠨ ᠠ᠋ᠴᠠ ᠴᠤ᠌ ᠪᠦᠳᠦᠭᠦᠨ ᠪᠥᠭᠡᠳ ᠭᠣᠶᠣ ᠰᠠᠨᠠᠭᠳᠠᠪᠠ ᠃ ᠮᠣᠳᠣᠨ ᠤ᠋ ᠨᠣᠭᠣᠭᠠᠨ ᠮᠥᠴᠢᠷ ᠦ᠋ᠳ ᠦ᠋ᠨ ᠳᠡᠭᠡᠭᠦᠷ ᠬᠡᠳᠦᠨ ᠮᠢᠩᠭᠠᠨ ᠯᠠ ᠳᠤᠸᠠᠯᠠᠨ ᠨᠣᠴᠣᠵᠤ ᠂ ᠳᠡᠯᠭᠡᠭᠦᠷ ᠬᠤᠳᠠᠯᠳᠤᠭᠠᠨ ᠤ᠋ ᠴᠣᠩᠬᠣ ᠪᠠᠷ ᠦᠵᠡᠭᠳᠡᠵᠦ ᠪᠠᠶ᠋ᠢᠬᠰᠠᠨ ᠮᠠᠰᠢ ᠣᠯᠠᠨ ᠭᠣᠶᠣ ᠰᠠᠢᠬᠠᠨ ᠵᠢᠷᠤᠭ ᠦ᠋ᠳ ᠲᠡᠢ ᠠᠳᠠᠯᠢᠬᠠᠨ ᠵᠢᠷᠤᠭ ᠦ᠋ᠳ ᠥᠭᠡᠳᠡ ᠡᠴᠡ ᠨᠢ ᠠᠨᠢᠪᠴᠢᠵᠤ ᠪᠠᠶ᠋ᠢᠪᠠ ᠃ ᠪᠢᠴᠢᠬᠠᠨ ᠥᠬᠢᠨ ᠵᠢᠷᠤᠭ ᠤᠷᠤᠭᠤ ᠭᠠᠷ ᠢ᠋ᠶ᠋ᠠᠨ ᠰᠠᠷᠪᠠᠶ᠋ᠢᠲᠠᠯ᠎ᠠ ᠴᠦᠳᠡᠩ ᠨᠢ ᠪᠠᠰᠠ ᠯᠠ ᠤᠨᠲᠠᠷᠠᠪᠠ ᠃ ᠰᠦᠯᠳᠡ ᠮᠣᠳᠣ ᠳᠡᠭᠡᠷᠡᠬᠢ ᠯᠡ ᠨᠤᠭᠤᠳ ᠤᠯᠠᠮ ᠤᠯᠠᠮ ᠬᠥᠭᠡᠷᠦᠨ ᠳᠡᠭᠳᠡᠭᠰᠡᠭᠡᠷ ᠰᠡᠭᠦᠯ ᠳ᠋ᠡᠭᠡᠨ ᠣᠭᠲᠠᠷᠭᠤᠢ ᠳ᠋ᠠᠬᠢ ᠭᠢᠯᠠᠯᠵᠠᠨ ᠰᠠᠴᠤᠷᠠᠭᠰᠠᠨ ᠣᠳᠣᠳ ᠠᠳᠠᠯᠢ ᠪᠣᠯᠪᠠ ᠃ ᠲᠩᠷᠢ ᠡᠴᠡ ᠨᠢᠭᠡᠨ ᠣᠳᠣ ᠭᠡᠷᠡᠯ ᠲᠡᠳᠡᠨ ᠰᠤᠪᠤᠷᠠᠪᠠ ᠃  
      《 ᠨᠢᠭᠡᠨ ᠬᠥᠮᠦᠨ ᠦᠬᠦᠬᠦ ᠭᠡᠵᠦ ᠪᠠᠶ᠋ᠢᠨ᠎ᠠ ᠳᠠ 》 ᠭᠡᠵᠦ ᠲᠡᠷᠡ ᠥᠬᠢᠨ ᠬᠡᠯᠡᠯ᠎ᠡ ᠃ ᠤᠴᠢᠷ ᠨᠢ ᠡᠮᠡᠭᠡ ᠡᠵᠢ ᠨᠢ ᠠᠮᠢᠳᠤ ᠪᠠᠶ᠋ᠢᠬᠤ ᠳ᠋ᠠᠭᠠᠨ 《 ᠨᠢᠭᠡ ᠣᠳᠣ ᠰᠤᠪᠤᠷᠠᠪᠠᠯ ᠨᠢᠭᠡ ᠬᠥᠮᠦᠨ ᠦ᠌ ᠰᠦᠨᠡᠰᠦ ᠳ᠋ᠧᠪᠠᠵᠠᠨ ᠳ᠋ᠤ᠌ ᠣᠴᠢᠵᠤ ᠪᠠᠶ᠋ᠢᠬ᠋᠎ᠠ ᠨᠢ ᠲᠡᠷᠡ ᠶᠤᠮ 》 ᠭᠡᠵᠦ ᠲᠡᠭᠦᠨ ᠳ᠋ᠦ᠍ ᠶᠠᠷᠢᠳᠠᠭ ᠪᠠᠶ᠋ᠢᠬᠰᠠᠨ ᠪᠠᠶ᠋ᠢᠵᠠᠢ ᠃ 
      ᠲᠡᠷᠡ ᠪᠠᠰᠠ ᠨᠢᠭᠡ ᠴᠦᠳᠡᠩ ᠲᠤᠭᠤᠷᠭᠠᠨ ᠳ᠋ᠤ᠌ ᠵᠤᠷᠠᠪᠠ ᠃ ᠡᠨᠡ ᠤᠳᠠᠭ᠎ᠠ ᠣᠷᠴᠢᠨ ᠲᠣᠭᠣᠷᠢᠨ ᠊ᠢ ᠥᠪᠴᠢ ᠭᠡᠢᠭᠦᠯᠦᠭᠰᠡᠨ ᠭᠡᠷᠡᠯ ᠳᠣᠲᠣᠷ᠎ᠠ ᠡᠮᠡᠭᠡ ᠡᠵᠢ ᠨᠢ ᠮᠥᠨ ᠲᠡᠶ᠋ᠢᠨ ‍ᠬᠦ ᠡᠶᠡᠯᠳᠡᠭ ᠵᠥᠭᠡᠯᠡᠨ ᠡᠨᠡᠷᠢᠩᠭᠦᠢ ᠬᠠᠶ᠋ᠢᠷᠠᠲᠠᠢ ᠳᠦᠷᠢ ᠪᠡᠷ ᠵᠣᠭᠰᠣᠵᠤ ᠪᠠᠶ᠋ᠢᠬᠤ ᠨᠢ ᠲᠣᠪ ᠲᠣᠳᠣᠷᠬᠠᠢ ᠬᠠᠷᠠᠭᠳᠠᠨ᠎ᠠ ᠃ 
      《 ᠡᠮᠡᠭᠡ ᠡᠵᠢ ᠠ᠋ ! 》 ᠭᠡᠵᠦ ᠥᠬᠢᠨ ᠳᠠᠭᠤᠳᠠᠭᠠᠳ ᠄ 《 ᠨᠠᠮ᠎ᠠ ᠶ᠋ᠢ ᠪᠡᠨ ᠠᠪᠤᠭᠠᠳ ᠶᠠᠪᠤ ᠠ᠋ ! ᠡᠨᠡ ᠴᠦᠳᠡᠩ ᠤᠨᠲᠠᠷᠠᠬᠤ ᠲᠠᠢ ᠵᠡᠷᠭᠡ ᠲᠠ ᠪᠠᠰᠠ ᠴᠤ᠌ ᠭᠠᠯ ᠲᠠᠢ ᠬᠢᠰᠠ ᠠᠳᠠᠯᠢ ᠂  ᠰᠠᠢᠬᠠᠨ ᠦᠨᠦᠷ ᠬᠠᠩᠬᠤᠯᠤᠭᠰᠠᠨ ᠲᠡᠷᠡ ᠰᠢᠷᠠᠭᠰᠠᠨ ᠭᠠᠯᠠᠭᠤ ᠠᠳᠠᠯᠢ ᠂ ᠭᠣᠶᠣ ᠦᠵᠡᠰᠬᠦᠯᠡᠩᠲᠦ ᠰᠦᠯᠳᠡ ᠮᠣᠳᠣ ᠠᠳᠠᠯᠢ ᠦᠵᠡᠭᠳᠡᠬᠦ ᠦᠭᠡᠢ ᠪᠣᠯᠬᠤ ᠶ᠋ᠢ ᠪᠢ ᠮᠡᠳᠡᠵᠦ ᠪᠠᠶ᠋ᠢᠨ᠎ᠠ ! 》 ᠭᠡᠪᠡ ᠃ 
      ᠥᠬᠢᠨ ᠡᠮᠡᠭᠡ ᠡᠵᠢ ᠪᠡᠨ ᠠᠪᠴᠤ ᠬᠣᠴᠣᠷᠬᠤ ᠭᠡᠵᠦ ᠴᠦᠳᠡᠩ ᠢ᠋ᠶ᠋ᠡᠨ ᠪᠠᠭᠴᠠ ᠪᠠᠷ ᠨᠢ ᠨᠣᠴᠣᠭᠠᠪᠠ ᠃ ᠡᠨᠡ ᠪᠠᠭᠴᠠ ᠴᠦᠳᠡᠩ ᠡᠴᠡ ᠬᠤᠷᠴᠠ ᠭᠡᠷᠡᠯ ᠭᠠᠷᠴᠤ ᠡᠳᠦᠷ ᠮᠡᠲᠦ ᠭᠡᠭᠡᠨ ᠪᠣᠯᠪᠠ ᠃ ᠡᠮᠡᠭᠡ ᠡᠵᠢ ᠨᠢ ᠬᠡᠵᠢᠶ᠎ᠡ ᠴᠦ᠍ ᠡᠶ᠋ᠢᠮᠦ ᠰᠦᠷᠯᠢᠭ ᠥᠨᠳᠥᠷ ᠭᠤᠸ᠋᠎ᠠ ᠰᠠᠢᠬᠠᠨ ᠪᠠᠶ᠋ᠢᠬᠰᠠᠨ ᠦᠭᠡᠢ ᠪᠢᠯᠡ ᠃ ᠡᠮᠡᠭᠡ ᠡᠵᠢ ᠨᠢ ᠥᠬᠢᠨ ᠢ᠋ᠶ᠋ᠡᠨ ᠲᠡᠪᠡᠷᠢᠵᠦ ᠠᠪᠤᠭᠠᠳ ᠬᠠᠯᠠᠭᠤᠨ ᠡᠯᠢᠭᠡᠨ ᠳ᠋ᠡᠭᠡᠨ ᠨᠠᠭᠠᠯᠳᠤᠭᠤᠯᠤᠨ ᠂ ᠬᠣᠶᠠᠭᠤᠯᠠ ᠰᠠᠷᠠᠭᠤᠯ ᠲᠤᠶᠠᠭᠠᠨ ᠳᠤᠮᠳᠠᠭᠤᠷ ᠂  ᠰᠠᠢᠬᠠᠨ ᠬᠥᠭᠵᠢᠶᠡᠨ ᠳᠣᠲᠣᠭᠤᠷ ᠨᠢᠰᠦᠨ ᠣᠳᠪᠠ ᠃ ᠥᠨᠳᠥᠷ ᠡᠴᠡ ᠥᠨᠳᠥᠷ ᠨᠢᠰᠴᠦ ᠂ ᠲᠡᠷᠡ ‍ᠬᠦ ᠳᠠᠭᠠᠷᠠᠳᠠᠭ ᠦᠭᠡᠢ ᠂ ᠥᠯᠥᠰᠳᠡᠭ ᠦᠭᠡᠢ ᠂ ᠭᠠᠰᠠᠯᠠᠩ ᠵᠣᠪᠠᠯᠠᠩ ᠦᠭᠡᠢ ᠣᠷᠣᠨ ᠳ᠋ᠤ᠌ ᠨᠢᠰᠦᠨ ᠣᠳᠪᠠ ᠃  
      ᠮᠠᠷᠭᠠᠰᠢ ᠥᠷᠯᠥᠭᠡ ᠨᠢ ᠡᠨᠡ ᠥᠬᠢᠨ ᠬᠡᠷᠡᠮ ᠦ᠋ᠨ ᠪᠤᠯᠤᠩ ᠳ᠋ᠤ᠌ ᠬᠣᠶᠠᠷ ᠬᠠᠴᠠᠷ ᠨᠢ ᠭᠦᠨ ᠤᠯᠠᠭᠠᠨ ᠪᠣᠯᠤᠭᠠᠳ ᠢᠨᠢᠶᠡᠮᠰᠦᠭᠯᠡᠨ ᠰᠠᠭᠤᠵᠤ ᠪᠠᠶ᠋ᠢᠪᠠ ᠃ ᠲᠡᠷᠡ ᠥᠬᠢᠨ ᠦᠬᠦᠴᠢᠬᠡᠵᠡᠢ ᠃ ᠪᠢᠲᠡᠭᠦᠨ ᠦ᠌ ᠰᠥᠨᠢ ᠬᠥᠯᠳᠡᠵᠦ ᠦᠬᠦᠵᠡᠢ ᠃ ᠰᠢᠨ᠎ᠡ ᠵᠢᠯ ᠦ᠋ᠨ ᠨᠠᠷᠠᠨ ᠮᠠᠨᠳᠤᠵᠤ ᠪᠢᠴᠢᠬᠠᠨ ᠬᠡᠭᠦᠷ ᠳᠡᠭᠡᠷ᠎ᠡ ᠨᠢ ᠲᠤᠰᠤᠭᠰᠠᠨ ᠪᠠᠶ᠋ᠢᠯ᠎ᠠ ᠃ ᠬᠥᠭᠡᠷᠦᠬᠦᠢ ᠥᠬᠢᠨ ᠤᠨᠲᠠᠷᠠᠭᠰᠠᠨ ᠴᠦᠳᠡᠩ ᠦ᠋ᠨ ᠮᠣᠳᠣ ᠪᠠᠨ ᠪᠠᠷᠢᠭᠰᠠᠨ ᠬᠡᠪ ᠢ᠋ᠶ᠋ᠡᠷ ᠰᠠᠭᠤᠵᠤ ᠪᠠᠶ᠋ᠢᠪᠠ ᠃ 
      《 ᠡᠨᠡ ᠥᠬᠢᠨ ᠳᠤᠯᠠᠭᠠᠴᠠᠬᠤ ᠭᠡᠵᠦ ᠰᠠᠨᠠᠭᠰᠠᠨ ᠪᠠᠶ᠋ᠢᠵᠠᠢ ᠁ 》 ᠭᠡᠵᠦ ᠬᠥᠮᠦᠰ ᠶᠠᠷᠢᠯᠴᠠᠨ᠎ᠠ ᠃ ᠭᠡᠪᠡᠴᠦ ᠡᠨᠡ ᠥᠬᠢᠨ ᠬᠡᠴᠢᠨᠡᠨ ᠭᠣᠶᠣ ᠰᠠᠢᠬᠠᠨ ᠶᠠᠭᠤᠮᠠᠰ ᠦᠵᠡᠵᠦ ᠪᠠᠶ᠋ᠢᠬᠰᠠᠨ ᠪᠠ ᠶᠠᠭᠠᠬᠢᠭᠰᠠᠨ ᠶᠡᠬᠡ ᠪᠠᠶᠠᠷ ᠵᠢᠷᠭᠠᠯᠲᠠᠢ ᠪᠠᠷ ᠡᠮᠡᠭᠡ ᠡᠵᠢ ᠲᠡᠢ ᠪᠡᠨ ᠬᠣᠶᠠᠭᠤᠯᠠ ᠰᠢᠨ᠎ᠡ ᠵᠢᠯ ᠦ᠋ᠨ ᠪᠠᠶᠠᠷ ᠲᠤ᠌ ᠱᠤᠩᠪᠠᠵᠤ ᠣᠳᠤᠭᠰᠠᠨ ᠊ᠢ ᠬᠡᠨ ᠴᠦ᠍ ᠮᠡᠳᠡᠬᠦ ᠦᠭᠡᠢ ᠶᠦ᠍ᠮ ᠃  

 ᠢᠷᠡᠯᠲᠡ ᠄  ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
                 ᠬᠡᠯᠡ ᠪᠢᠴᠢᠭ ᠂  ᠶᠢᠰᠦᠳᠦᠭᠡᠷ ᠳᠡᠪᠲᠡᠷ  

       ᠦᠰᠦᠭ ᠠᠮᠢᠯᠠᠭᠤᠯᠤᠭᠴᠢ᠄ ᠦᠯᠵᠡᠶ᠋ᠢᠪᠠᠭᠠᠲᠤᠷ  
       ᠬᠢᠨᠠᠭᠴᠢ ᠄ ᠣᠤᠠᠬᠠᠨᠰᠣ ‍ᠠ᠋