ᠬᠤᠷᠢᠮ ᠤᠨ ᠢᠷᠦᠭᠡᠯ Хуримын ерөөл
ᠬᠤᠷᠢᠮ ᠤᠨ ᠢᠷᠦᠭᠡᠯ
ᠵᠠ
ᠡᠨᠡ ᠶᠢᠷᠲᠢᠨᠴᠦ ᠳ᠋ᠤ᠌ ᠲᠥᠷᠥᠭᠡᠳ
ᠡᠩᠬᠡ ᠤᠴᠠᠷᠠᠯ ᠪᠦᠷᠢᠳᠦᠭᠡᠳ
ᠡᠷᠳᠡᠨᠢᠲᠦ ᠬᠥᠮᠦᠨ ᠦ᠌ ᠪᠡᠶ᠎ᠡ ᠶ᠋ᠢ ᠣᠯᠤᠭᠠᠳ
ᠡᠬᠡ ᠳᠡᠯᠡᠬᠡᠢ ᠶ᠋ᠢ ᠲᠡᠳᠬᠦᠭᠰᠡᠨ
ᠡᠯᠪᠡᠷᠢᠯᠳᠦ ᠡᠵᠢ ᠠᠪᠤ ᠴᠢᠨᠢ
ᠡᠩᠬᠦᠷᠡᠢ ᠨᠢᠯᠬ᠎ᠠ ᠪᠡᠶᠡᠰ ᠢ ᠴᠢᠨᠢ
ᠡᠶᠡᠯᠳᠡᠭ ᠵᠥᠭᠡᠯᠡᠨ ᠥᠯᠥᠭᠡᠢ ᠪᠡᠷ
ᠡᠮᠬᠢᠯᠡᠨ ᠬᠤᠴᠢᠵᠤ
ᠡᠭᠳᠡᠭᠦᠴᠡᠬᠦ ᠶ᠋ᠢᠨ ᠵᠢᠬᠡᠭᠦᠨ ᠬᠦᠢᠲᠡᠨ ᠳ᠋ᠤ᠌
ᠡᠯᠢᠭᠡᠨ ᠦ᠌ ᠢᠯᠴᠢ ᠪᠡᠷ ᠳᠤᠯᠠᠭᠠᠴᠠᠭᠤᠯᠤᠨ
ᠡᠭᠡᠯᠢᠲᠡᠢ ᠰᠠᠢᠬᠠᠨ ᠰᠤᠷᠭᠠᠯ ᠢ᠋ᠶ᠋ᠠᠨ ᠬᠠᠢᠷᠠᠯᠠᠨ
ᠡᠷᠭᠦᠨ ᠲᠡᠳᠬᠦᠵᠦ ᠥᠰᠬᠡᠭᠰᠡᠨ ᠡᠴᠡ ᠳᠠᠷᠠᠭᠠᠯᠠᠨ
ᠭᠠᠷ ᠢ ᠴᠢᠨᠢ ᠭᠠᠨᠵᠤᠭᠠᠨ ᠳ᠋ᠤ᠌ ᠬᠦᠷᠭᠡᠵᠦ
ᠭᠥᠯ ᠢ ᠴᠢᠨᠢ ᠳᠥᠷᠦᠭᠡᠨ ᠳ᠋ᠦ᠍ ᠬᠦᠷᠭᠡᠯ᠎ᠡ᠃
ᠬᠥᠪᠴᠢᠨ ᠳᠡᠯᠡᠬᠡᠢ ᠠᠭᠤᠳᠠᠮ ᠪᠣᠯᠪᠠᠴᠤ
ᠮᠥᠷᠡᠨ ᠳᠠᠯᠠᠢ ᠪᠠᠷ ᠬᠣᠯᠪᠣᠭ᠎ᠠ ᠲᠠᠢ
ᠠᠮᠢᠲᠠᠨ ᠬᠥᠮᠦᠨ ᠣᠯᠠᠨ ᠪᠣᠯᠪᠠᠴᠤ
ᠵᠢᠷᠦᠬᠡ ᠰᠡᠳᠬᠢᠯ ᠢ᠋ᠶ᠋ᠡᠷ ᠢ᠋ᠶ᠋ᠡᠨ ᠬᠣᠯᠪᠣᠭᠠᠲᠠᠢ ᠭᠡᠵᠦ
ᠠᠬ᠎ᠠ ᠳᠡᠭᠦᠦ ᠪᠣᠯᠤᠯᠴᠠᠨ
ᠠᠮᠠᠷᠠᠭ ᠰᠠᠳᠤᠨ ᠪᠠᠷᠢᠯᠳᠤᠳᠠᠭ ᠨᠢ
ᠠᠯᠤᠰ ᠡᠷᠲᠡᠨ ᠦ᠌ ᠶᠣᠰᠣ ᠪᠢᠯᠡ᠃
ᠠᠢᠯ ᠰᠠᠭᠠᠬᠠᠯᠲᠠ ᠪᠠᠷ ᠢ᠋ᠶ᠋ᠠᠨ ᠲᠠᠨᠢᠯᠴᠠᠭᠠᠳ
ᠠᠵᠢᠯ ᠶᠠᠪᠤᠳᠠᠯ ᠢ᠋ᠶ᠋ᠠᠷ ᠨᠥᠬᠥᠷᠯᠡᠭᠡᠳ
ᠠᠶ᠎ᠠ ᠵᠠᠩ ᠢᠶᠠᠨ ᠠᠪᠤᠯᠴᠠᠭᠠᠳ
ᠠᠵᠢᠯ ᠲᠥᠷᠥᠯ ᠢ᠋ᠶ᠋ᠡᠨ ᠨᠢᠭᠡᠳᠬᠡᠬᠦ ᠪᠡᠷ
ᠬᠢᠯᠢ ᠰᠢᠳᠠᠷ ᠢ᠋ᠶ᠋ᠠᠷ ᠬᠠᠨᠢᠯᠠᠭᠰᠠᠨ
ᠬᠣᠶᠠᠷ ᠬᠡᠦᠬᠡᠳ ᠦ᠋ᠨ ᠮᠠᠨᠢ
ᠵᠠᠶᠠᠭ᠎ᠠ ᠵᠠᠮ ᠨᠢ ᠨᠡᠢᠯᠡᠭᠡᠳ
ᠵᠣᠯ ᠮᠥᠷ ᠨᠢ ᠵᠣᠬᠢᠭᠠᠳ
ᠠᠪᠤ ᠡᠵᠢ ᠪᠡᠨ ᠪᠠᠶᠠᠷᠯᠠᠭᠤᠯᠤᠨ
ᠠᠬ᠎ᠠ ᠳᠡᠭᠦᠦ ᠨᠠᠷ ᠢ᠋ᠶ᠋ᠠᠨ ᠴᠡᠩᠬᠡᠭᠦᠯᠦᠨ
ᠠᠵᠠ ᠵᠢᠷᠭᠠᠯ ᠲᠠᠢ ᠠᠮᠢᠳᠤᠷᠠᠬᠤ ᠶ᠋ᠢᠨ
ᠠᠯᠲᠠᠨ ᠪᠣᠱᠣᠭ᠎ᠠ ᠶ᠋ᠢ ᠨᠡᠭᠡᠭᠡᠵᠦ
ᠠᠢᠯ ᠣᠷᠣᠨ ᠡᠭᠦᠰᠬᠡᠬᠦ ᠪᠡᠷ ᠪᠣᠯᠵᠤ
ᠡᠴᠢᠭᠡ ᠡᠬᠡ᠂ ᠠᠬ᠎ᠠ ᠳᠡᠭᠦᠦ ᠨᠠᠷ ᠪᠦᠭᠦᠳᠡ ᠶ᠋ᠢ
ᠡᠷᠬᠢᠮᠯᠡᠵᠦ ᠬᠤᠷᠢᠮᠯᠠᠭᠤᠯᠤᠭᠰᠠᠨ ᠤ᠋
ᠪᠠᠶᠠᠷ ᠤ᠋ᠨ ᠬᠤᠨᠳᠠᠭ᠎ᠠ ᠶ᠋ᠢ
ᠪᠠᠷᠢᠵᠤ ᠬᠡᠯᠡᠬᠦ ᠦᠭᠡ ᠪᠣᠯ
ᠦᠷ᠎ᠡ ᠬᠡᠦᠬᠡᠳ ᠮᠠᠨᠢ᠂
ᠥᠨᠢ ᠵᠢᠷᠭᠠᠵᠤ
ᠳᠡᠯᠭᠡᠷᠴᠤ ᠵᠢᠷᠭᠠᠵᠤ
ᠲᠠᠪᠰᠢᠵᠤ ᠵᠢᠷᠭᠠᠵᠤ
ᠬᠥᠮᠦᠵᠢᠨ ᠵᠢᠷᠭᠠᠵᠤ
ᠬᠦᠨᠳᠦᠯᠡᠭᠳᠡᠨ ᠵᠢᠷᠭᠠᠵᠤ
ᠥᠯᠵᠡᠢ ᠬᠡᠰᠢᠭ ᠪᠦᠷᠢᠳᠦᠭᠰᠡᠨ
ᠡᠨᠡ ᠰᠠᠢᠬᠠᠨ ᠦᠷᠭᠦᠭᠡᠨ ᠳ᠋ᠦ᠍ ᠪᠡᠨ
ᠥᠪᠡᠷᠰᠡᠳ ᠢ᠋ᠶ᠋ᠡᠨ ᠡᠵᠡᠨ ᠬᠥᠮᠦᠨ ᠦ᠌ ᠶᠣᠰᠣᠭᠠᠷ ᠰᠠᠭᠤᠵᠤ
ᠦᠷᠡᠵᠢᠯ ᠮᠠᠯ ᠢ᠋ᠶ᠋ᠠᠷ ᠬᠣᠲᠠ ᠪᠠᠨ ᠳᠦᠭᠦᠷᠭᠡᠵᠦ
ᠦᠷ᠎ᠡ ᠬᠡᠦᠬᠡᠳ ᠢ᠋ᠶ᠋ᠡᠷ ᠥᠨᠢᠷ ᠥᠳᠬᠡᠨ
ᠦᠢᠯᠡᠰ ᠡᠷᠳᠡᠮ ᠢ᠋ᠶ᠋ᠡᠷ ᠥᠭᠡᠳᠡᠷᠡᠭ ᠪᠠᠶᠠᠨ
ᠳᠠᠭᠠᠷᠢᠭᠠᠳ ᠢᠷᠡᠬᠦ ᠳ᠋ᠦ᠍ ᠳᠠᠯᠠᠢ ᠰᠢᠭ᠋
ᠪᠤᠴᠠᠭᠠᠳ ᠢᠷᠡᠬᠦ ᠳ᠋ᠦ᠍ ᠪᠤᠯᠠᠭ ᠰᠢᠭ᠋
ᠰᠠᠢᠨ ᠦᠢᠯᠡ ᠨᠢ
ᠰᠠᠯᠬᠢᠨ ᠬᠤᠷ᠎ᠠ ᠮᠡᠲᠦ ᠡᠯᠪᠡᠭ
ᠰᠠᠨᠠᠭᠰᠠᠨ ᠪᠦᠬᠦᠨ ᠨᠢ
ᠰᠠᠭᠠᠳ ᠦᠭᠡᠢ ᠪᠦᠲᠦᠵᠦ
ᠪᠤᠶᠠᠨ ᠬᠡᠰᠢᠭ ᠨᠢ ᠠᠷᠪᠢᠵᠢᠨ
ᠪᠠᠭᠤᠷᠠᠯᠲᠠ ᠦᠭᠡᠢ ᠵᠢᠷᠭᠠᠨ
ᠪᠤᠮ ᠲᠦᠮᠡ ᠨᠠᠰᠤᠯᠠᠬᠤ ᠶ᠋ᠢᠨ
ᠠᠰᠢᠳᠠ ᠶ᠋ᠢᠨ ᠪᠢᠯᠢᠭ
ᠠᠮᠠᠨ ᠤ᠋ ᠥᠯᠵᠡᠢ ᠶ᠋ᠢ
ᠠᠢᠯᠠᠳᠬᠠᠵᠤ
ᠳᠡᠭᠡᠭᠰᠢ ᠳᠡᠭᠡᠭᠰᠢ ᠨᠢ
ᠳᠡᠪᠰᠢᠭᠦᠯᠦᠨ ᠪᠠᠷᠢᠶ᠎ᠠ!
Хуримын ерөөл
Зээ
Энэ ертөнцөд төрөөд
Энх учрал бүрдээд
Эрдэнэт хүний биеийг олоод
Эх дэлхийг тэтгэсэн
Элбэрэлт ээж аав чинь
Энхрий нялх биесий чинь
Эелдэг зөөлөн өлгийгөөр
Эмхлэн хучиж
Эндүүцэхийн жихүүн хүйтэнд
Элэгний илчээр дулаацуулан
Ээлтэй сайхан сургаалаа хайрлан
Өргөн тэтгэж өсгөснөөс дараалан
Гары чинь ганзаганд хүргэж
Хөлий чинь дөрөөнд хүргэлээ.
Хөвчин дэлхий уудам боловч
Мөрөн далайгаар холбоотой
Амьтан хүн олон боловч
Зүрх сэтгэлээрээ холбоотой гэж
Ах дүү бололцон
Амраг садан барилддаг нь
Алс эртний ёс билээ.
Айл саахалтаараа танилцаад
Ажил явдлаар нөхөрлөөд
Ая зангаа авалцаад
Ажил төрлөө нэгтгэхээр
Хил шадраар ханилсан
Хоёр хүүхдийн маань
Заяа зам нь нийлээд
Зол мөр нь зохиод
Аав ээжээ баярлуулан
Ах дүү нараа цэнгүүлэн
Аз жаргалтай амьдрахын
Алтан босгыг нээж
Айл орон үүсгэхээр болж
Эцэг эх, ах дүү нар бүгдийг
Эрхэмлэж хуримлуулсны баярын хундагыг
Барьж хэлэх үг бол
Үр хүүхэд маань,
Өнө жаргаж
Дэлгэрч жаргаж
Дэвшиж жаргаж
Хүмүүжин жаргаж
Хүндлэгдэн жаргаж
Өлзий хишиг бүрдсэн
Энэ сайхан өргөөндөө
Өөрсдөө эзэн хүний ёсоор сууж
Үржил малаар хотоо дүүргэж
Үр хүүхдээр өнөр өтгөн
Үйлс эрдмээр өөдрөг баян
Дайраад ирэхэд далай шиг
Буцаад ирэхэд булаг шиг
Сайн үйл нь
Салхин хур мэт элбэг
Санасан бүхэн нь
Саадгүй бүтэж
Буян хишиг нь арвижин
Бууралтгүй жарган
Бум түм наслахын
Ашдын билэг
Амны өлзийг
Айлтгаж
Дээш дээш нь
Дэвшүүлэн барья.
