ᠲᠥᠯ ᠦᠨ ᠢᠷᠦᠭᠡᠯ Төлийн ерөөл
ᠲᠥᠯ ᠦᠨ ᠢᠷᠦᠭᠡᠯ
ᠴᠠᠭ ᠤ᠋ᠨ ᠰᠠᠢᠬᠠᠨ ᠪᠣᠯᠤᠯ᠎ᠠ
ᠴᠠᠭᠠᠨ ᠴᠢᠨ ᠰᠢᠪᠠᠭᠤ ᠢᠷᠡᠯ᠎ᠡ
ᠴᠠᠰᠤᠲᠤ ᠠᠭᠤᠯᠠ ᠭᠡᠰᠦᠯᠡ
ᠴᠠᠭᠠᠭᠴᠢ ᠭᠡᠭᠦᠦ ᠤᠨᠠᠭᠠᠯᠠᠯᠠ
ᠴᠠᠭᠯᠠᠰᠢ ᠦᠭᠡᠢ ᠶᠡᠬᠡ ᠪᠠᠶᠠᠷ ᠪᠣᠯᠤᠯ᠎ᠠ
ᠬᠤᠨ ᠰᠢᠪᠠᠭᠤ ᠢᠷᠡᠯ᠎ᠡ
ᠬᠤᠷ᠎ᠠ ᠴᠠᠰᠤ ᠬᠡᠰᠦᠯᠡ
ᠬᠤᠯᠠᠭᠴᠢ ᠭᠡᠭᠦᠦ ᠤᠨᠠᠭᠠᠯᠠᠯᠠ
ᠬᠤᠪᠢᠲᠠᠢ ᠶᠡᠬᠡ ᠪᠠᠶᠠᠷ ᠪᠣᠯᠤᠯ᠎ᠠ
ᠠᠩᠭᠢᠷ ᠰᠢᠪᠠᠭᠤ ᠢᠷᠡᠯ᠎ᠡ
ᠠᠲᠠᠷ ᠭᠠᠵᠠᠷ ᠤ᠋ᠨ ᠨᠣᠭᠣᠭ᠎ᠠ ᠤᠷᠭᠤᠯ᠎ᠠ
ᠠᠯᠠᠭᠴᠢ ᠭᠡᠭᠦᠦ ᠤᠨᠠᠭᠠᠯᠠᠯᠠ
ᠠᠰᠢᠳᠠ ᠶ᠋ᠢᠨ ᠶᠡᠬᠡ ᠪᠠᠶᠠᠷ ᠪᠣᠯᠤᠯ᠎ᠠ
ᠬᠣᠩᠭᠣᠷ ᠭᠠᠯᠠᠭᠤ ᠢᠷᠡᠯ᠎ᠡ
ᠬᠣᠩᠬᠣᠷ ᠤ᠋ᠨ ᠴᠠᠰᠤ ᠬᠡᠰᠦᠯᠡ
ᠬᠣᠩᠭᠣᠷ ᠭᠡᠭᠦᠦ ᠤᠨᠠᠭᠠᠯᠠᠯᠠ
ᠬᠣᠣᠰ ᠦᠭᠡᠢ ᠶᠡᠬᠡ ᠪᠠᠶᠠᠷ ᠪᠣᠯᠤᠯ᠎ᠠ᠃
ᠬᠥᠬᠡᠭᠡ ᠰᠢᠪᠠᠭᠤ ᠢᠷᠡᠯ᠎ᠡ
ᠬᠦᠷᠦᠭᠰᠡᠨ ᠭᠠᠵᠠᠷ ᠭᠡᠰᠦᠯᠡ
ᠬᠥᠭᠡᠨᠡᠭᠰᠡᠨ ᠬᠤᠷᠠᠭ᠎ᠠ ᠪᠠᠨ ᠰᠠᠭᠠᠬᠠᠯᠠᠬᠤ
ᠬᠡᠰᠢᠭᠲᠦ ᠶᠡᠬᠡ ᠪᠠᠶᠠᠷ ᠪᠣᠯᠤᠯ᠎ᠠ᠃
ᠳᠡᠯᠳᠡᠩ ᠴᠢᠬᠢ ᠲᠡᠢ ᠬᠥᠷ ᠡᠴᠡ ᠲᠥᠷᠥᠯ ᠢ᠋ᠶ᠋ᠡᠨ
ᠳᠠᠯᠠᠩ ᠶᠡᠬᠡᠲᠦ ᠮᠠᠯ ᠢ᠋ᠶ᠋ᠠᠨ ᠰᠠᠭᠠᠬᠤ
ᠳᠡᠯᠭᠡᠷ ᠶᠡᠬᠡ ᠪᠠᠶᠠᠷ ᠪᠣᠯᠤᠯ᠎ᠠ᠃
ᠤᠯᠢᠶᠠᠰᠤ ᠮᠣᠳᠣ ᠨᠠᠢᠯᠵᠠᠯᠠᠯᠠ
ᠤᠨᠠᠭ᠎ᠠ ᠳᠠᠭ᠎ᠠ ᠳᠡᠯᠯᠡᠬᠦ
ᠤᠴᠠᠷᠠᠯᠲᠤ ᠰᠠᠢᠬᠠᠨ ᠴᠠᠭ ᠢᠷᠡᠯ᠎ᠡ᠃
ᠬᠠᠢᠯᠠᠰᠤ ᠮᠣᠳᠣ ᠨᠠᠢᠯᠵᠠᠯᠠᠯᠠ
ᠬᠠᠮᠤᠭ ᠣᠯᠠᠨ ᠢ᠋ ᠪᠠᠶᠠᠰᠬᠠᠬᠤ
ᠬᠠᠷᠢᠯᠲᠠ ᠦᠭᠡᠢ ᠶᠡᠬᠡ ᠪᠠᠶᠠᠷ ᠪᠣᠯᠤᠯ᠎ᠠ᠃
ᠬᠤᠰᠤ ᠮᠣᠳᠣ ᠨᠠᠢᠯᠵᠠᠯᠠᠯᠠ
ᠬᠣᠨᠢ ᠬᠤᠷᠠᠭ᠎ᠠ ᠪᠠᠨ ᠬᠢᠷᠭᠠᠬᠤ
ᠬᠣᠣᠰ ᠦᠭᠡᠢ ᠶᠡᠬᠡ ᠪᠠᠶᠠᠷ ᠪᠣᠯᠤᠯ᠎ᠠ᠃
ᠪᠤᠷᠭᠠᠰᠤ ᠮᠣᠳᠣ ᠨᠠᠢᠯᠵᠠᠯᠠᠯᠠ
ᠪᠢᠷᠠᠭᠤ ᠲᠤᠭᠤᠯ ᠢ᠋ᠶ᠋ᠠᠨ ᠵᠡᠯᠡᠯᠡᠬᠦ
ᠪᠤᠶᠠᠨᠲᠠᠢ ᠶᠡᠬᠡ ᠪᠠᠶᠠᠷ ᠪᠣᠯᠤᠯ᠎ᠠ᠃
ᠪᠣᠢ ᠪᠦᠬᠦᠨ ᠲᠡᠭᠦᠰ
ᠪᠢᠯᠢᠭᠦᠨ ᠰᠠᠢᠬᠠᠨ ᠴᠠᠭ ᠢᠷᠡᠯ᠎ᠡ
ᠪᠢᠯᠢᠭ ᠪᠢᠯᠢᠭ ᠦ᠋ᠨ ᠳᠡᠭᠡᠳᠦ ᠪᠣᠯᠭᠠᠵᠤ
ᠪᠡᠯᠡᠭ ᠢᠷᠦᠭᠡᠯ ᠢ᠋ᠶ᠋ᠡᠨ ᠲᠠᠯᠪᠢᠶ᠎ᠠ᠃
ᠪᠢᠲᠡᠭᠦᠦ ᠲᠤᠭᠤᠷᠠᠢᠲᠠᠨ ᠨᠢ ᠪᠦᠷᠢᠳᠲᠦᠭᠡᠢ
ᠪᠦᠷᠬᠦᠭᠡᠷ ᠬᠤᠨᠳᠠᠭ᠎ᠠ ᠨᠢ ᠳᠦᠭᠦᠷᠡᠲᠦᠭᠡᠢ
ᠪᠦᠭᠦᠳᠡ ᠣᠯᠠᠨ ᠢ᠋ᠶ᠋ᠠᠷ ᠨᠡᠷᠡᠲᠦᠭᠡᠢ᠃
ᠠᠴᠠ ᠲᠤᠭᠤᠷᠠᠢᠲᠠᠨ ᠨᠢ ᠠᠷᠪᠢᠵᠢᠲᠤᠭᠠᠢ
ᠠᠶᠠᠭ᠎ᠠ ᠰᠢᠨᠠᠭ᠎ᠠ ᠨᠢ ᠴᠡᠯᠡᠯᠵᠡᠲᠦᠭᠡᠢ
ᠠᠷᠠᠳ ᠵᠤᠨ ᠨᠢ ᠮᠥᠩᠬᠡᠷᠡᠰᠦᠭᠡᠢ᠃
ᠬᠥᠪᠡᠭᠦᠨ ᠦᠷ᠎ᠡ ᠨᠢ ᠥᠨᠢᠷ ᠪᠣᠯᠲᠤᠭᠠᠢ
ᠥᠬᠢᠨ ᠦᠷ᠎ᠡ ᠨᠢ ᠣᠯᠠᠨ ᠪᠣᠯᠲᠤᠭᠠᠢ
ᠰᠦᠮᠪᠦᠷ ᠠᠭᠤᠯᠠ ᠮᠡᠲᠦ ᠪᠠᠲᠤ ᠪᠣᠯᠲᠤᠭᠠᠢ
ᠰᠦᠨ ᠳᠠᠯᠠᠢ ᠮᠡᠲᠦ ᠭᠦᠨ ᠪᠣᠯᠲᠤᠭᠠᠢ
ᠰᠠᠷ᠎ᠠ ᠨᠠᠷᠠ ᠮᠡᠲᠦ ᠭᠡᠷᠡᠯᠲᠡᠢ ᠪᠣᠯᠲᠤᠭᠠᠢ
ᠰᠠᠪᠠ ᠶᠢᠷᠲᠢᠨᠴᠦ ᠮᠡᠲᠦ ᠠᠭᠤᠤ ᠪᠣᠯᠲᠤᠭᠠᠢ
ᠡᠳᠦᠷ ᠪᠦᠷᠢ
ᠥᠯᠵᠡᠢ ᠬᠤᠲᠤᠭ ᠨᠡᠮᠡᠲᠦᠭᠡᠢ
ᠰᠠᠷ᠎ᠠ ᠪᠦᠷᠢ
ᠰᠠᠢᠨ ᠪᠤᠶᠠᠨ ᠳᠡᠯᠭᠡᠷᠡᠲᠦᠭᠡᠢ
ᠵᠢᠯ ᠪᠦᠷᠢ
ᠵᠢᠷᠭᠠᠯ ᠪᠠᠶᠠᠷ ᠢᠶᠠᠷ ᠪᠢᠯᠬᠠᠲᠤᠭᠠᠢ᠃
