ᠶᠢᠷᠲᠢᠨᠴᠦ ᠶᠢᠨ ᠭᠤᠷᠪᠠ – < ᠭᠠ > ᠶ᠋ᠢᠨ ᠠᠶ᠋ᠢᠮᠠᠭ Ертөнцийн гурав – < Га > ин аймаг
ᠶᠢᠷᠲᠢᠨᠴᠦ ᠶᠢᠨ ᠭᠤᠷᠪᠠ – < ᠭᠠ > ᠶ᠋ᠢᠨ ᠠᠶ᠋ᠢᠮᠠᠭ
ᠭᠠ ᠶ᠋ᠢᠨ ᠠᠶ᠋ᠢᠮᠠᠭ
ᠭᠤᠷᠪᠠᠨ ᠤᠯᠠᠭᠠᠨ
ᠭᠠᠩᠲᠠᠭᠰᠠᠨ ᠵᠤᠨ ᠪ ᠨᠠᠷᠠ ᠨᠢᠭᠡ ᠤᠯᠠᠭᠠᠨ
ᠭᠠᠯᠵᠠᠭᠤᠷᠠᠭᠰᠠᠨ ᠨᠣᠬᠠᠢ ᠶ᠋ᠢᠨ ᠨᠢᠲᠦ ᠨᠢᠭᠡ ᠤᠯᠠᠭᠠᠨ
ᠭᠠᠯᠠᠪ ᠶᠢᠷᠲᠢᠨᠴᠦ ᠶ᠋ᠢᠨ ᠲᠣᠭᠣᠰᠣ ᠨᠢᠭᠡ ᠤᠯᠠᠭᠠᠨ
ᠭᠤᠷᠪᠠᠨ ᠬᠠᠷ᠎ᠠ
ᠭᠠᠵᠠᠷ ᠊ᠢ ᠤᠷᠪᠠᠭᠤᠯᠲᠠᠭ ᠠ᠋ᠴᠠ ᠭᠠᠬᠠᠢ ᠨᠢᠭᠡ ᠬᠠᠷ᠎ᠠ
ᠭᠤᠸᠠᠭᠯᠠᠵᠤ ᠨᠢᠰᠳᠡᠭ ᠡᠴᠡ ᠬᠡᠷᠢᠶ᠎ᠡ ᠨᠢᠭᠡ ᠬᠠᠷ᠎ᠠ
ᠭᠠᠯ ᠭᠠᠷᠲᠠᠭ ᠠ᠋ᠴᠠ ᠨᠡᠭᠦᠷᠡᠰᠦ ᠨᠢᠭᠡ ᠬᠠᠷ᠎ᠠ
ᠭᠤᠷᠪᠠᠨ ᠣᠶ᠋ᠢᠷ᠎ᠠ
ᠭᠠᠬᠠᠢ ᠶ᠋ᠢᠨ ᠬᠣᠩᠰᠢᠶᠠᠷ ᠭᠠᠵᠠᠷ ᠲᠤ ᠣᠶ᠋ᠢᠷ᠎ᠠ
ᠭᠠᠪᠴᠤ ᠶ᠋ᠢᠨ ᠬᠣᠩᠰᠢᠶᠠᠷ ᠵᠣᠪᠠᠯᠠᠩ ᠳᠤ ᠣᠶ᠋ᠢᠷ᠎ᠠ
ᠭᠠᠯᠵᠠᠭᠤ ᠶ᠋ᠢᠨ ᠬᠣᠩᠰᠢᠶᠠᠷ ᠬᠡᠷᠡᠭᠦᠯ ᠳᠤ ᠣᠶ᠋ᠢᠷ᠎ᠠ
ᠭᠤᠷᠪᠠᠨ ᠣᠨᠲᠣᠣ
ᠭᠠᠵᠠᠷ ᠭᠠᠵᠠᠷ ᠦ᠋ᠨ ᠵᠠᠩ ᠨᠢᠭᠡ ᠣᠨᠲᠣᠣ
ᠭᠡᠷ ᠭᠡᠷ ᠦ᠋ᠨ ᠶᠣᠰᠣ ᠨᠢᠭᠡ ᠣᠨᠲᠣᠣ
ᠭᠦᠵᠡᠭᠡ ᠭᠦᠵᠡᠭᠡ ᠶ᠋ᠢᠨ ᠪᠤᠯᠤᠩ ᠨᠢᠭᠡ ᠣᠨᠲᠣᠣ
ᠭᠤᠷᠪᠠᠨ ᠴᠢᠮᠡᠭ
ᠭᠠᠷᠮᠠᠭᠠᠢ ᠬᠥᠲᠡᠯᠮᠦᠷᠢ ᠪᠡᠶ᠎ᠡ ᠶ᠋ᠢᠨ ᠴᠢᠮᠡᠭ
ᠭᠠᠪᠢᠶ᠎ᠠ ᠵᠢᠤᠠᠬᠦᠯ ᠨᠠᠰᠤᠨ ᠪ ᠴᠢᠮᠡᠭ
ᠭᠠᠨᠵᠤᠬ᠋ᠠ ᠬᠥᠯᠢᠮ ᠡᠮᠡᠭᠡᠯ ᠦ᠋ᠨ ᠴᠢᠮᠡᠭ
ᠭᠤᠷᠪᠠᠨ ᠶᠡᠬᠡᠲᠡᠢ
ᠭᠠᠬᠠᠢ ᠢᠲᠡᠰᠢ ᠶᠡᠬᠡᠲᠡᠢ
ᠮᠣᠭᠠᠢ ᠠᠭᠤᠷ ᠶᠡᠬᠡᠲᠡᠢ
ᠮᠤᠤᠷ ᠨᠣᠶ᠋ᠢᠷ ᠶᠡᠬᠡᠲᠡᠢ
ᠭᠤᠷᠪᠠᠨ ᠵᠣᠬᠢᠬᠤ ᠦᠭᠡᠢ
ᠭᠠᠷᠤᠲᠢ ᠶ᠋ᠢᠨ ᠰᠢᠭᠦᠷᠡᠯᠲᠡ ᠱᠠᠭᠠᠵᠠᠭᠠᠢ ᠳᠤ ᠵᠣᠬᠢᠬᠤ ᠦᠭᠡᠢ
ᠲᠠᠬᠢᠶᠠᠨ ᠪ ᠬᠠᠷᠢᠶᠠᠯᠲᠠ ᠡᠯᠢᠶᠡᠨ ᠳᠤ ᠵᠣᠬᠢᠬᠤ ᠦᠭᠡᠢ
ᠦᠨᠡᠭᠡ ᠶ᠋ᠢᠨ ᠠᠷᠬ᠋᠎ᠠ ᠠᠷᠰᠯᠠᠨ ᠳᠤ ᠵᠣᠬᠢᠬᠤ ᠦᠭᠡᠢ
ᠭᠤᠷᠪᠠᠨ ᠪᠣᠯᠬᠤ ᠦᠭᠡᠢ
ᠭᠠᠭᠴᠠ ᠮᠤᠲᠤ ᠣᠢ ᠪᠣᠯᠬᠤ ᠦᠭᠡᠢ
ᠭᠠᠭᠴᠠ ᠬᠥᠮᠦᠨ ᠠᠶ᠋ᠢᠯ ᠪᠣᠯᠬᠤ ᠦᠭᠡᠢ
ᠭᠠᠭᠴᠠ ᠣᠴᠢ ᠭᠠᠯ ᠪᠣᠯᠬᠤ ᠦᠭᠡᠢ
ᠭᠤᠷᠪᠠᠨ ᠣᠬᠢ
ᠭᠠᠨᠳᠢᠬ ᠭᠡᠭᠴᠢ ᠴᠢᠯᠠᠭᠤᠨ ᠤ ᠣᠬᠢ
ᠭᠠᠩ ᠭᠡᠭᠴᠢ ᠲᠡᠮᠦᠷ ᠦᠨ ᠣᠬᠢ
ᠭᠠᠰ ᠭᠡᠭᠴᠢ ᠠᠭᠤᠷ ᠤᠨ ᠣᠬᠢ
ᠭᠤᠷᠪᠠᠨ ᠠᠶᠤᠯ
ᠭᠠᠯᠵᠠᠭᠤ ᠲᠣᠭᠰᠢᠨ ᠭᠠᠯ ᠤᠨ ᠠᠶᠤᠯ
ᠭᠠᠷᠤᠵᠠ ᠠᠷᠪᠢᠨ ᠤᠰᠤᠨ ᠤ ᠠᠶᠤᠯ
ᠭᠠᠰᠠᠯᠠᠩ ᠶᠡᠬᠡᠲᠦ ᠳᠠᠶ᠋ᠢᠨ ᠤ ᠠᠶᠤᠯ
ᠭᠤᠷᠪᠠᠨ ᠠᠬᠤ
ᠭᠤᠤ ᠥᠷᠭᠡᠨ ᠪᠣᠯᠪᠠᠴᠤ ᠳᠡᠭᠡᠭᠦᠷ ᠨᠢ ᠭᠠᠷᠬᠤ ᠬᠦᠭᠦᠷᠭᠡ ᠠᠬᠤ
ᠬᠠᠳᠠ ᠦᠨᠳᠦᠷ ᠪᠣᠯᠪᠠᠴᠤ ᠬᠢᠷ᠎ᠠ ᠪᠠᠷ ᠨᠢ ᠭᠠᠷᠬᠤ ᠵᠠᠮ ᠠᠬᠤ
ᠠᠭᠤᠯᠠ ᠦᠨᠳᠦᠷ ᠪᠣᠯᠪᠠᠴᠤ ᠣᠷᠣᠢ ᠪᠠᠷ ᠨᠢ ᠭᠠᠷᠬᠤ ᠵᠠᠮ ᠠᠬᠤ
ᠭᠤᠷᠪᠠᠨ ᠰᠡᠷᠭᠡᠶ᠋ᠢᠯᠡᠬᠦ
ᠭᠣᠣᠯ ᠣᠶ᠋ᠢᠷ᠎ᠠ ᠰᠠᠭᠤᠪᠠᠯ ᠤᠰᠤ ᠠ᠋ᠴᠠ ᠰᠡᠷᠭᠡᠶ᠋ᠢᠯᠡᠬᠦ
ᠠᠭᠤᠯᠠ ᠣᠶ᠋ᠢᠷ᠎ᠠ ᠰᠠᠭᠤᠪᠠᠯ ᠭᠠᠯ ᠠ᠋ᠴᠠ ᠰᠡᠷᠭᠡᠶ᠋ᠢᠯᠡᠬᠦ
ᠵᠠᠮ ᠣᠶ᠋ᠢᠷ᠎ᠠ ᠰᠠᠭᠤᠪᠠᠯ ᠬᠤᠯᠠᠭᠠᠶ᠋ᠢᠴᠢ ᠠ᠋ᠴᠠ ᠰᠡᠷᠭᠡᠶ᠋ᠢᠯᠡᠬᠦ
ᠭᠤᠷᠪᠠᠨ ᠭᠠᠮᠰᠢᠬ
ᠭᠠᠩ ᠤᠨ ᠠᠶᠤᠯ ᠤᠷᠭᠤᠮᠠᠯ ᠳᠤ ᠨᠢᠭᠡ ᠭᠠᠮᠰᠢᠬ
ᠤᠰᠤᠨ ᠤ ᠠᠶᠤᠯ ᠠᠮᠢᠲᠠᠨ ᠳᠤ ᠨᠢᠭᠡ ᠭᠠᠮᠰᠢᠬ
ᠭᠠᠯ ᠤᠨ ᠠᠶᠤᠯ ᠠᠯᠢᠪᠠ ᠳᠤ ᠨᠢᠭᠡ ᠭᠠᠮᠰᠢᠬ
ᠭᠤᠷᠪᠠᠨ ᠲᠠᠢ
ᠭᠠᠩ ᠪᠣᠯᠪᠠᠴᠤ ᠬᠠᠲᠠᠭᠤ ᠲᠠᠢ ᠵᠥᠭᠡᠯᠡᠨ ᠲᠡᠢ
ᠭᠠᠪᠢᠷ᠎ᠠ ᠪᠣᠯᠪᠠᠴᠤ ᠰᠠᠶ᠋ᠢᠬᠠᠨ ᠲᠠᠢ ᠮᠠᠭᠤᠬᠠᠢ ᠲᠠᠢ
ᠭᠠᠪᠢᠶ᠎ᠠ ᠪᠣᠯᠪᠠᠴᠤ ᠶᠡᠬᠡ ᠲᠡᠢ ᠪᠠᠭ᠎ᠠ ᠲᠠᠢ
ᠭᠤᠷᠪᠠᠨ ᠬᠥᠭᠡᠷᠬᠦ
ᠭᠠᠩ ᠶᠡᠬᠡᠳᠪᠡᠯ ᠬᠤᠵᠢᠷ ᠬᠥᠭᠡᠷᠬᠦ
ᠭᠠᠰᠢᠭᠤᠨ ᠶᠡᠬᠡᠳᠪᠡᠯ ᠨᠢᠳᠦ ᠬᠥᠭᠡᠷᠬᠦ
ᠭᠠᠯᠵᠠᠭᠤ ᠶᠡᠬᠡᠳᠪᠡᠯ ᠴᠢᠰᠤ ᠬᠥᠭᠡᠷᠬᠦ
ᠭᠤᠷᠪᠠᠨ ᠦᠭᠡᠢ
ᠭᠠᠯ ᠤᠨ ᠳᠤᠮᠳᠠ ᠰᠡᠷᠢᠭᠦᠨ ᠦᠭᠡᠢ
ᠭᠠᠰᠠᠯᠠᠩ ᠤᠨ ᠳᠤᠮᠳᠠ ᠵᠢᠷᠭᠠᠯ ᠦᠭᠡᠢ
ᠭᠠᠰᠢᠭᠤᠨ ᠤ ᠳᠤᠮᠳᠠ ᠠᠮᠲᠠ ᠦᠭᠡᠢ
ᠭᠤᠷᠪᠠᠨ ᠲᠠᠢ
ᠭᠠᠯᠠᠪ ᠶᠡᠭᠦᠷᠡᠪᠡᠯ ᠴᠤᠤ ᠲᠠᠢ
ᠭᠠᠯᠠᠭᠤ ᠭᠠᠷᠪᠠᠯ ᠳᠠᠭᠤ ᠲᠠᠢ
ᠬᠥᠮᠦᠨ ᠶᠠᠪᠤᠪᠠᠯ ᠨᠡᠷ᠎ᠡ ᠲᠡᠢ
ᠭᠤᠷᠪᠠᠨ ᠨᠡᠮᠡᠷᠢ
ᠭᠠᠩᠭᠠᠩ ᠬᠥᠮᠦᠨ ᠳᠦ ᠭᠠᠷᠠᠬ᠎ᠠ ᠨᠡᠮᠡᠷᠢ
ᠭᠠᠭᠴᠠᠭᠠᠷ ᠶᠠᠪᠤᠬᠤ ᠳᠤ ᠳᠠᠭᠤᠤ ᠨᠡᠮᠡᠷᠢ
ᠭᠠᠯᠵᠠᠭᠤ ᠨᠣᠬᠠᠢ ᠳᠤ ᠰᠠᠯᠬᠢ ᠨᠡᠮᠡᠷᠢ
ᠭᠤᠷᠪᠠᠨ ᠦᠭᠡᠢ
ᠭᠠᠭᠴᠠᠭᠠᠷ ᠢᠶ᠋ᠠᠨ ᠪᠣᠯ ᠭᠠᠷᠬᠤ ᠨᠣᠮ ᠦᠭᠡᠢ
ᠣᠯᠠᠨ ᠢᠶ᠋ᠠᠷ ᠢᠶ᠋ᠠᠨ ᠪᠣᠯ ᠲᠣᠷᠬᠤ ᠨᠣᠮ ᠦᠭᠡᠢ
ᠬᠡᠳᠦᠭᠦᠯᠡ ᠪᠡᠨ ᠪᠣᠯ ᠤᠩᠰᠢᠬᠤ ᠨᠣᠮ ᠦᠭᠡᠢ
ᠭᠤᠷᠪᠠᠨ ᠪᠥᠬᠡ
ᠭᠦᠵᠢᠷ ᠬᠡᠦᠬᠡᠳ ᠦᠨ ᠭᠦᠵᠡᠭᠡ ᠨᠢ ᠪᠥᠬᠡ
ᠭᠦᠷᠦᠮᠡᠯ ᠳᠡᠭᠡᠰᠦᠨ ᠦ ᠵᠠᠷᠤᠳᠠᠯ ᠨᠢ ᠪᠥᠬᠡ
ᠭᠦᠳᠦᠭᠡᠷ ᠶᠠᠭᠤᠮ᠎ᠠ ᠶ᠋ᠢᠨ ᠳᠠᠭᠠᠴᠠ ᠨᠢ ᠪᠥᠬᠡ
ᠭᠤᠷᠪᠠᠨ ᠮᠡᠳᠡᠬᠦ ᠦᠭᠡᠢ
ᠬᠦᠷᠡᠨ᠎ᠡ ᠬᠣᠷᠣᠬᠠᠢ ᠦᠮᠡᠬᠡᠢ ᠪᠡᠨ ᠮᠡᠳᠡᠬᠦ ᠦᠭᠡᠢ
ᠭᠦᠷᠢᠮᠴᠢ ᠯᠠᠮᠠ ᠬᠣᠤᠷ ᠢᠶ᠋ᠠᠨ ᠮᠡᠳᠡᠬᠦ ᠦᠭᠡᠢ
ᠭᠦᠵᠢᠷ ᠬᠥᠮᠦᠨ ᠪᠡᠶ᠎ᠡ ᠪᠡᠨ ᠮᠡᠳᠡᠬᠦ ᠦᠭᠡᠢ
ᠭᠤᠷᠪᠠᠨ ᠣᠨᠳᠣᠣ
ᠭᠠᠵᠠᠷ ᠭᠠᠵᠠᠷ ᠤᠨ ᠵᠠᠩ ᠨᠢ ᠣᠨᠳᠣᠣ
ᠭᠠᠬᠠᠢ ᠲᠠᠬᠢᠶ᠎ᠠ ᠶ᠋ᠢᠨ ᠳᠠᠭᠤ ᠨᠢ ᠣᠨᠳᠣᠣ
ᠭᠠᠷ ᠬᠥᠯ ᠦᠨ ᠠᠵᠢᠯ ᠨᠢ ᠣᠨᠳᠣᠣ
ᠭᠤᠷᠪᠠᠨ ᠲᠦᠭᠳᠦᠭ
ᠭᠡᠳᠡᠰᠦᠨ ᠳᠣᠲᠣᠷᠠᠬᠢ ᠪᠠᠶ᠋ᠢᠪᠡᠢ ᠲᠦᠭᠳᠦᠭ
ᠭᠡᠵᠢᠭᠡ ᠦᠭᠡᠢ ᠯᠠᠮᠠ ᠲᠦᠭᠳᠦᠭ
ᠭᠡᠷ ᠬᠣᠲᠠᠨ ᠳᠤ ᠮᠠᠯ ᠲᠦᠭᠳᠦᠭ
ᠭᠤᠷᠪᠠᠨ ᠰᠠᠷᠠᠭᠤᠯ
ᠭᠡᠭᠡᠪᠴᠢ ᠰᠠᠶ᠋ᠢᠲᠠᠢ ᠭᠡᠷ ᠡᠷᠦᠬᠡ ᠨᠢᠭᠡ ᠰᠠᠷᠠᠭᠤᠯ
ᠭᠡᠭᠡᠷᠡᠯ ᠰᠠᠶ᠋ᠢᠲᠠᠢ ᠬᠥᠮᠦᠨ ᠦ ᠴᠡᠭᠡᠵᠢ ᠨᠢᠭᠡ ᠰᠠᠷᠠᠭᠤᠯ
ᠭᠡᠪᠬᠦᠢ ᠰᠠᠶ᠋ᠢᠲᠠᠢ ᠰᠦᠮ᠎ᠡ ᠬᠡᠶ᠋ᠢᠳ ᠨᠢᠭᠡ ᠰᠠᠷᠠᠭᠤᠯ
ᠭᠤᠷᠪᠠᠨ ᠨᠣᠭᠣᠭᠠᠨ
ᠭᠡᠵᠢᠭᠡᠨ ᠳᠦ ᠪᠠᠶ᠋ᠢᠳᠠᠭ ᠣᠭ᠌ᠶᠤ ᠨᠣᠭᠣᠭᠠᠨ
ᠭᠡᠳᠡᠰᠦᠨ ᠳᠦ ᠪᠠᠶ᠋ᠢᠳᠠᠭ ᠰᠥᠰᠥ ᠨᠣᠭᠣᠭᠠᠨ
ᠬᠡᠷᠡᠯᠳᠦᠵᠦ ᠪᠠᠶ᠋ᠢᠳᠠᠭ ᠪᠣᠯᠣᠷ ᠨᠣᠭᠣᠭᠠᠨ
ᠭᠤᠷᠪᠠᠨ ᠰᠠᠶ᠋ᠢᠨ
ᠭᠡᠷ ᠦᠨ ᠡᠭᠦᠳᠡ ᠭᠡᠳᠡᠭᠡᠷ ᠰᠠᠶ᠋ᠢᠨ
ᠭᠡᠷ ᠦᠨ ᠡᠵᠡᠨ ᠪᠥᠭᠲᠦᠭᠡᠷ ᠰᠠᠶ᠋ᠢᠨ
ᠬᠡᠷᠬᠡᠢ ᠬᠥᠮᠦᠨ ᠨᠣᠮᠣᠬᠠᠨ ᠰᠠᠶ᠋ᠢᠨ
ᠭᠤᠷᠪᠠᠨ ᠡᠬᠢ
ᠭᠡᠷ ᠦᠨ ᠡᠬᠢ ᠡᠭᠦᠳᠡ
ᠡᠳ᠋ ᠦ᠋ᠨ ᠡᠬᠢ ᠬᠠᠲᠠᠭ
ᠠᠮᠢᠲᠠᠨ ᠪ ᠡᠬᠢ ᠵᠢᠭᠠᠰᠤ
ᠭᠤᠷᠪᠠᠨ ᠴᠣᠭᠣᠷᠠᠬᠠᠢ
ᠭᠡᠶ᠋ᠢᠬᠦ ᠲᠩᠷᠢ ᠶ᠋ᠢᠨ ᠭᠡᠵᠢᠭᠡ ᠨᠢ ᠴᠣᠭᠣᠷᠠᠬᠠᠢ
ᠣᠷᠭᠢᠬ᠋ᠠ ᠬᠥᠮᠦᠨ ᠪ ᠮᠠᠯᠠᠭᠠᠢ ᠨᠢ ᠴᠣᠭᠣᠷᠠᠬᠠᠢ
ᠭᠡᠷᠭᠡᠢ ᠬᠥᠮᠦᠨ ᠪ ᠴᠢᠬᠢ ᠨᠢ ᠴᠣᠭᠣᠷᠠᠬᠠᠢ
ᠭᠤᠷᠪᠠᠨ ᠰᠠᠷᠠᠭᠤᠯᠬᠠᠨ
ᠭᠡᠭᠡᠪᠴᠢ ᠲᠤᠩᠭᠠᠯᠠᠭ ᠭᠡᠷ ᠨᠢᠭᠡ ᠰᠠᠷᠠᠭᠤᠯᠬᠠᠨ
ᠭᠡᠮ ᠦᠭᠡᠢ ᠬᠥᠮᠦᠨ ᠨᠢᠭᠡ ᠰᠠᠷᠠᠭᠤᠯᠬᠠᠨ
ᠭᠡᠵᠢᠭᠡ ᠦᠭᠡᠢ ᠲᠣᠯᠣᠭᠠᠢ ᠨᠢᠭᠡ ᠰᠠᠷᠠᠭᠤᠯᠬᠠᠨ
ᠭᠤᠷᠪᠠᠨ ᠬᠡᠴᠡᠭᠦᠦ
ᠭᠡᠨᠡᠤᠠᠲᠡ ᠳᠠᠭᠠᠷᠢᠬᠤ ᠨᠢᠭᠡ ᠬᠡᠴᠡᠭᠦᠦ
ᠭᠡᠲᠡᠵᠦ ᠲᠠᠩᠨᠠᠬᠤ ᠨᠢᠭᠡ ᠬᠡᠴᠡᠭᠦᠦ
ᠭᠡᠲᠡᠷᠭᠦ ᠴᠣᠬᠢᠬᠤ ᠨᠢᠭᠡ ᠬᠡᠴᠡᠭᠦᠦ
ᠭᠤᠷᠪᠠᠨ ᠮᠡᠲᠡᠬᠦ ᠦᠭᠡᠢ
ᠭᠤᠷᠪᠠᠨ ᠦᠭᠡᠨ ᠪ ᠲᠥᠬᠥᠭᠡ ᠶ᠋ᠢ ᠨᠢ ᠮᠡᠲᠡᠬᠦ ᠦᠭᠡᠢ
ᠭᠤᠷᠪᠠᠨ ᠲᠣᠬᠣᠢ ᠪᠤᠶ᠋ᠢᠯ ᠦ᠋ᠨ ᠡᠩ ᠊ᠢ ᠨᠢ ᠮᠡᠲᠡᠬᠦ ᠦᠭᠡᠢ
ᠭᠤᠷᠪᠠᠯᠵᠢᠨ ᠥᠭᠡᠲᠡᠰᠦᠨ ᠪ ᠵᠦᠢᠲᠡᠰᠦ ᠶ᠋ᠢ ᠨᠢ ᠮᠡᠲᠡᠬᠦ ᠦᠭᠡᠢ
ᠭᠤᠷᠪᠠᠨ ᠬᠦᠷᠬᠦ ᠦᠭᠡᠢ
ᠭᠤᠷᠭᠤᠤᠯ ᠭᠣᠶᠣ ᠪᠣᠯᠪᠠᠴᠤ ᠲᠣᠭᠣᠰ ᠊ᠢ ᠬᠦᠷᠬᠦ ᠦᠭᠡᠢ
ᠭᠤᠨ᠎ᠠ ᠴᠢᠲᠠᠯ ᠲᠠᠢ ᠪᠣᠯᠪᠠᠴᠤ ᠪᠤᠬ᠎ᠠ ᠶ᠋ᠢ ᠬᠦᠷᠬᠦ ᠦᠭᠡᠢ
ᠭᠣᠣᠯ ᠬᠦᠴᠦ ᠲᠡᠢ ᠪᠣᠯᠪᠠᠴᠤ ᠮᠥᠷᠡᠨ ᠊ᠢ ᠬᠦᠷᠬᠦ ᠦᠭᠡᠢ
ᠭᠤᠷᠪᠠᠨ ᠶᠡᠬᠡ ᠰᠠᠨᠠᠭᠠᠲᠠᠨ
ᠭᠣᠯᠢᠶ᠎ᠠ ᠦᠶᠡᠷ ᠢᠷᠡᠬᠦ ᠶ᠋ᠢ ᠪᠣᠯᠭᠣᠮᠵᠢᠯᠠᠨ ᠥᠨᠲᠥᠷ ᠲᠤ ᠭᠠᠷᠴᠤ ᠵᠣᠭᠰᠣᠨ᠎ᠠ
ᠲᠣᠭᠣᠷᠤᠤ ᠳᠡᠯᠡᠬᠡᠢ ᠴᠥᠮᠥᠷᠡᠬᠦ ᠶ᠋ᠢ ᠪᠣᠯᠭᠣᠮᠵᠢᠯᠠᠨ ᠰᠡᠮ ᠰᠡᠮ ᠶ᠋ᠢᠡᠷ ᠠᠯᠬᠤᠨ᠎ᠠ
ᠮᠡᠯᠡᠬᠡᠢ ᠲᠩᠷᠢ ᠤᠨᠠᠬᠤ ᠶ᠋ᠢ ᠪᠣᠯᠭᠣᠮᠵᠢᠯᠠᠨ ᠳᠡᠭᠡᠭᠰᠢ ᠪᠡᠨ ᠬᠠᠷᠠᠵᠤ ᠬᠡᠪᠲᠡᠨ᠎ᠡ
ᠭᠤᠷᠪᠠᠨ ᠵᠢᠭᠰᠢᠭᠦᠷᠢᠲᠡᠢ
ᠭᠤᠨᠢᠷᠠᠵᠤ ᠭᠤᠲᠤᠷᠠᠬᠤ ᠨᠢᠭᠡ ᠵᠢᠭᠰᠢᠭᠦᠷᠢᠲᠡᠢ
ᠭᠣᠶᠣᠯᠠᠵᠤ ᠪᠠᠷᠲᠠᠮᠨᠠᠬᠤ ᠨᠢᠭᠡ ᠵᠢᠭᠰᠢᠭᠦᠷᠢᠲᠡᠢ
ᠭᠣᠯᠣᠵᠤ ᠳᠡᠭᠡᠷᠡᠩᠭᠦᠶ᠋ᠢᠯᠡᠬᠦ ᠨᠢᠭᠡ ᠵᠢᠭᠰᠢᠭᠦᠷᠢᠲᠡᠢ
ᠭᠤᠷᠪᠠᠨ ᠶᠡᠬᠡ
ᠭᠦᠶᠦᠬᠡᠨ ᠤᠰᠤᠨ ᠪ ᠳᠠᠪᠠᠯᠭᠠᠨ ᠶᠡᠬᠡ
ᠳᠤᠮᠳᠠᠭᠤᠷ ᠤᠰᠤᠨ ᠪ ᠴᠠᠯᠭᠢᠶᠠᠨ ᠶᠡᠬᠡ
ᠳᠣᠯᠭᠢᠨ ᠬᠥᠮᠦᠨ ᠪ ᠠᠭᠤᠷ ᠶᠡᠬᠡ
ᠭᠤᠷᠪᠠᠨ ᠬᠤᠷᠴᠠ
ᠭᠥᠯᠦᠭᠡᠨ ᠨᠣᠬᠠᠢ ᠶ᠋ᠢᠨ ᠰᠢᠲᠦ ᠬᠤᠷᠴᠠ
ᠵᠤᠨ ᠪ ᠪᠤᠭᠤ ᠶ᠋ᠢᠨ ᠡᠪᠡᠷ ᠬᠤᠷᠴᠠ
ᠦᠬᠦᠬᠦ ᠬᠥᠮᠦᠨ ᠪ ᠨᠢᠲᠦ ᠬᠤᠷᠴᠠ
ᠭᠤᠷᠪᠠᠨ ᠬᠣᠪᠲᠣᠭ
ᠬᠦᠷᠮ᠎ᠡ ᠡᠮᠦᠰᠦᠭᠰᠡᠨ ᠨᠣᠶᠠᠨ ᠬᠣᠪᠲᠣᠭ
ᠭᠦᠶᠦᠨ ᠰᠢᠭᠰᠢᠭᠰᠡᠨ ᠨᠣᠬᠠᠢ ᠬᠣᠪᠲᠣᠭ
ᠭᠦᠷᠢᠮ ᠲᠠᠯᠪᠢᠬᠰᠠᠨ ᠯᠠᠮᠠ ᠬᠣᠪᠲᠣᠭ
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠮᠢᠩᠭᠠᠳ ᠴᠢᠮᠡᠭ
ᠬᠢᠨᠠᠭᠴᠢ ᠄ ᠮᠢᠩᠭᠠᠳ ᠴᠢᠮᠡᠭ ᠂ ᠬᠠᠳᠠᠴᠢ ᠤᠷᠠᠨ᠎ᠠ