ᠨᠤᠮᠤ ᠰᠤᠮᠤᠨ ᠤ᠋ ᠢᠷᠦᠭᠡᠯНум сумны ерөөл
ᠨᠤᠮᠤ ᠰᠤᠮᠤᠨ ᠤ᠋ ᠢᠷᠦᠭᠡᠯ
ᠣᠷᠳᠣᠰ ᠮᠣᠩᠭᠣᠯ ᠤ᠋ᠨ ᠤᠯᠠᠮᠵᠢᠯᠠᠯᠲᠤ ᠨᠤᠭᠤᠨ ᠬᠥᠪᠡᠭᠦᠨ ᠦ᠌ ᠨᠤᠮᠤ ᠰᠤᠮᠤᠨ ᠤ᠋ ᠬᠤᠷ ᠰᠠᠭᠠᠳᠠᠭ ᠮᠢᠯᠢᠶᠠᠬᠤ ᠢᠷᠦᠭᠡᠯ᠄
ᠠᠭᠤᠤᠯ ᠬᠣᠨᠵᠢᠨ᠄ ᠠᠷᠯᠠᠳ ᠴ᠂ ᠬᠠᠰᠪᠢᠯᠢᠭ᠌ᠲᠦ
ᠢᠷᠦᠭᠡᠯᠴᠢ ᠬᠣᠨᠵᠢᠨ ᠄ ᠬᠡᠷᠡᠶ᠋ᠢᠳ ᠪᠠ ᠂ ᠬᠡᠶ᠋ᠢᠷᠥᠪ
ᠤᠸᠮ ᠰᠠᠢᠨ ᠠᠮᠤᠭᠤᠯᠠᠩ ᠲᠠᠨ ᠪᠣᠯᠲᠤᠭᠠᠢ!
ᠤᠯᠠᠮ ᠰᠠᠢᠨ ᠵᠢᠷᠭᠠᠯᠠᠩ ᠲᠠᠨ ᠪᠣᠯᠲᠤᠭᠠᠢ!
ᠠᠷᠤ ᠭᠠᠵᠠᠷ ᠠ᠋ᠴᠠ ᠠᠪᠠᠯᠠᠵᠤ ᠢᠷᠡᠭᠰᠡᠨ
ᠠᠯᠲᠠᠨ ᠨᠤᠮᠤ ᠰᠠᠭᠠᠳᠠᠭ ᠊ᠢ ᠴᠢᠨᠢ
ᠠᠶ᠋ᠢᠷᠠᠭ ᠠᠷᠠᠵᠠ ᠠᠯᠢᠪᠠ ᠳᠠᠩ ᠲᠣᠰᠣᠨ ᠢ᠋ᠶ᠋ᠠᠷ ᠢᠷᠥᠭᠡᠵᠦ ᠮᠢᠯᠢᠶᠠᠨᠠᠮ
ᠥᠷᠭᠡᠨ ᠣᠯᠠᠨ ᠲᠦᠮᠡᠨ ᠲᠥᠷᠥᠯ ᠦ᠋ᠨ ᠳᠤᠮᠳᠠ
ᠡᠩᠬᠡ ᠠᠮᠤᠷ ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
ᠬᠠᠨ ᠬᠤᠷᠮᠤᠰᠲᠠ ᠲᠩᠷᠢ ᠶ᠋ᠢᠨ ᠣᠷᠣᠨ ᠠ᠋ᠴᠠ ᠪᠠᠭᠤᠵᠤ ᠢᠷᠡᠭᠰᠡᠨ
ᠬᠠᠭᠠᠳ ᠨᠣᠶᠠᠳ ᠲᠠᠭᠠᠨ ᠵᠢᠮᠰᠡᠭ ᠪᠣᠯᠤᠭᠰᠠᠨ
ᠬᠠᠷᠢ ᠶ᠋ᠢᠨ ᠳᠠᠶ᠋ᠢᠰᠤᠨ ᠳ᠋ᠤᠷ ᠳᠠᠷᠤᠯᠭ᠎ᠠ ᠪᠣᠯᠤᠭᠰᠠᠨ
ᠬᠠᠯᠲᠤᠷᠢᠯ ᠦᠭᠡᠢ ᠴᠢᠩ ᠵᠣᠷᠢᠭᠲᠤ
ᠬᠠᠩᠬᠠᠢ ᠬᠠᠷ᠎ᠠ ᠨᠤᠮᠤ ᠶ᠋ᠢ ᠴᠢᠨᠦ ᠬᠠᠷ᠎ᠠ ᠲᠣᠯᠣᠭᠠᠶ᠋ᠢᠲᠤ ᠬᠣᠨᠢᠨ ᠰᠢᠭᠦᠰᠦ ᠪᠡᠷ ᠢᠷᠦᠭᠡᠵᠦ ᠮᠢᠯᠢᠶᠠᠨᠠᠮ!
ᠬᠠᠮᠤᠭ ᠣᠯᠠᠨ ᠲᠥᠷᠥᠯ ᠪᠦᠭᠦᠳᠡ ᠶ᠋ᠢᠨ ᠢ᠋ᠶ᠋ᠡᠨ ᠲᠥᠪ ᠳᠤᠮᠳᠠ
ᠡᠩᠬᠡ ᠠᠮᠤᠷ ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
( ᠲᠡᠷᠡ ᠪᠡᠯᠭᠡ ᠪᠡᠷ ᠪᠣᠯᠲᠤᠭᠠᠢ! )
ᠠᠰᠷᠤᠡ ᠲᠡᠭᠷᠢ ᠡᠴᠡ ᠪᠠᠭᠤᠵᠤ ᠢᠷᠡᠭᠰᠡᠨ
ᠠᠮᠪᠠᠭᠠᠢ ᠬᠠᠨ ᠠ᠋ᠴᠠ ᠬᠣᠶ᠋ᠢᠰᠢ ᠰᠦᠯᠳᠡ ᠪᠣᠯᠤᠭᠰᠠᠨ
ᠠᠷᠠᠳ ᠲᠦᠮᠡᠨ ᠦ᠌ ᠰᠦᠷ ᠪᠣᠯᠤᠭᠰᠠᠨ
ᠠᠲᠠᠭᠠᠲᠠᠨ ᠳᠠᠶ᠋ᠢᠰᠤᠨ ᠊ᠢ ᠡᠷᠬᠡ ᠳ᠋ᠦ᠍ᠷ ᠢ᠋ᠶ᠋ᠡᠨ ᠣᠷᠣᠭᠤᠯᠤᠭᠰᠠᠨ
ᠠᠷᠪᠠᠨ ᠴᠠᠭᠠᠨ ᠠᠯᠲᠠᠨ ᠰᠤᠮᠤ ᠶ᠋ᠢ ᠴᠢᠨᠢ
ᠠᠶ᠋ᠢᠷᠠᠭ ᠰᠦ ᠠᠯᠢᠪᠠ ᠲᠠᠩᠰᠤᠭ ᠢᠳᠡᠭᠡᠨ ᠢ᠋ᠶ᠋ᠡᠷ ᠮᠢᠯᠢᠶᠠᠵᠤ
ᠥᠷᠭᠡᠨ ᠣᠯᠠᠨ ᠤ᠋ ᠪᠠᠨ ᠲᠥᠪ ᠳᠤᠮᠳᠠ
ᠡᠩᠬᠡ ᠠᠮᠤᠷ ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
( ᠲᠡᠷᠡ ᠪᠡᠯᠭᠡ ᠪᠡᠷ ᠪᠣᠯᠲᠤᠭᠠᠢ! )
ᠡᠷᠬᠡᠲᠦ ᠮᠥᠩᠬᠡ ᠲᠩᠷᠢ ᠶ᠋ᠢᠨ ᠣᠷᠣᠨ ᠠ᠋ᠴᠠ ᠪᠠᠭᠤᠵᠤ ᠢᠷᠡᠭᠰᠡᠨ
ᠡᠵᠡᠨ ᠪᠣᠭᠳᠠ ᠬᠠᠭᠠᠨ ᠠ᠋ᠴᠠ ᠢᠨᠠᠭᠰᠢ
ᠡᠵᠡᠷᠬᠡᠭ ᠳᠠᠶ᠋ᠢᠰᠤᠨ ᠊ᠢ ᠡᠷᠬᠡ ᠳ᠋ᠦ᠍ᠷ ᠢ᠋ᠶ᠋ᠡᠨ ᠣᠷᠣᠭᠤᠯᠤᠭᠰᠠᠨ
ᠡᠷᠳᠡᠨᠢ ᠶ᠋ᠢᠨ ᠠᠯᠲᠠᠨ ᠬᠤᠷ ᠰᠠᠭᠠᠳᠠᠭ ᠊ᠢ ᠴᠢᠨᠢ
ᠡᠯᠳᠡᠪ ᠦ᠋ᠨ ᠠᠮᠲᠠᠲᠤ ᠢᠳᠡᠭᠡᠨ ᠤᠮᠳᠠᠭᠠᠨ ᠢ᠋ᠶ᠋ᠠᠷ ᠢᠷᠦᠭᠡᠵᠦ ᠮᠢᠯᠢᠶᠠᠨᠠᠮ
ᠥᠷᠭᠡᠵᠢᠬᠦ ᠥᠷᠭᠡᠨ ᠲᠥᠷᠥᠯ ᠪᠦᠭᠦᠳᠡ ᠶ᠋ᠢᠨ ᠢ᠋ᠶ᠋ᠡᠨ ᠲᠥᠪ ᠳᠤᠮᠳᠠ
ᠡᠩᠬᠡ ᠠᠮᠤᠷ ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
(ᠲᠡᠷᠡ ᠪᠡᠯᠭᠡ ᠪᠡᠷ ᠪᠣᠯᠲᠤᠭᠠᠢ! )
ᠴᠠᠭᠠᠲᠠᠢ ᠬᠠᠭᠠᠨ ᠠ᠋ᠴᠠ ᠢᠨᠠᠭᠰᠢ
ᠴᠠᠭ ᠲᠠᠢ ᠮᠣᠷᠳᠠᠭᠰᠠᠨ
ᠴᠠᠬᠠᠷ ᠨᠠᠢ᠍ᠮᠠᠨ ᠬᠤᠰᠢᠭᠤᠨ ᠳ᠋ᠠᠭᠠᠨ ᠡᠷᠭᠢᠵᠦ ᠲᠣᠭᠲᠠᠭᠰᠠᠨ
ᠴᠤᠬᠤᠷᠢᠯ ᠦᠭᠡᠢ ᠴᠢᠩ ᠵᠣᠷᠢᠭᠲᠤ
ᠴᠤᠴᠠᠷᠠᠯ ᠦᠭᠡᠢ ᠪᠠᠲᠤ ᠶᠣᠩᠬᠣᠷ ᠬᠥᠪᠴᠢᠲᠦ
ᠣᠭ᠌ᠶᠤ ᠡᠷᠳᠡᠨᠢ ᠶ᠋ᠢᠨ ᠣᠨᠢᠲᠤ
ᠣᠬᠢ ᠡᠷᠳᠡᠨᠢ ᠶ᠋ᠢᠨ ᠦᠲᠡᠭᠡᠷᠢᠲᠦ
ᠤᠢᠰᠤᠨ ᠬᠠᠷ᠎ᠠ ᠡᠯᠢᠭᠡᠲᠦ
ᠠᠯᠲᠠᠨ ᠲᠣᠪᠣᠷᠤᠤᠲᠤ
ᠠᠯᠲᠠᠨ ᠮᠥᠩᠭᠥᠨ ᠲᠡᠪᠬᠡᠲᠦ
ᠡᠷᠳᠡᠨᠢ ᠶ᠋ᠢᠨ ᠠᠯᠲᠠᠨ ᠬᠤᠷ ᠰᠠᠭᠠᠳᠠᠭ ᠊ᠢ ᠴᠢᠨᠢ
ᠢᠷᠦᠭᠡᠵᠦ ᠮᠢᠯᠢᠶᠠᠵᠤ
ᠥᠷᠭᠡᠵᠢᠨ ᠪᠠᠶᠠᠵᠢᠬᠤ ᠲᠥᠷᠥᠯ ᠣᠯᠠᠨ ᠤ᠋ ᠲᠥᠪ ᠳᠤᠮᠳᠠ
ᠡᠩᠬᠡ ᠠᠮᠤᠷ ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
(ᠲᠡᠷᠡ ᠪᠡᠯᠭᠡ ᠪᠡᠷ ᠪᠣᠯᠲᠤᠭᠠᠢ! )
ᠬᠤᠲᠤᠭᠲᠤ ᠮᠥᠩᠬᠡ ᠲᠩᠷᠢ ᠶ᠋ᠢᠨ ᠣᠷᠣᠨ ᠠ᠋ᠴᠠ ᠵᠠᠶᠠᠭᠠᠲᠠᠢ ᠪᠠᠭᠤᠵᠤ ᠢᠷᠡᠭᠰᠡᠨ
ᠬᠤᠪᠢᠯᠠᠢ ᠰᠡᠴᠡᠨ ᠬᠠᠭᠠᠨ ᠠ᠋ᠴᠠ ᠢᠨᠠᠭᠰᠢ
ᠬᠣᠲᠠᠯᠠ ᠤᠯᠤᠰ ᠤ᠋ᠨ ᠰᠦᠷ ᠮᠠᠩᠯᠠᠢ ᠪᠣᠯᠤᠭᠰᠠᠨ
ᠬᠤᠷ ᠰᠠᠭᠠᠳᠠᠭ ᠊ᠢ ᠴᠢᠨᠢ
ᠢᠷᠦᠭᠡᠵᠦ ᠮᠢᠯᠢᠶᠠᠨᠠᠮ
ᠬᠣᠲᠠᠯᠠ ᠣᠯᠠᠨ ᠲᠥᠷᠥᠯ ᠦ᠋ᠨ ᠢ᠋ᠶ᠋ᠡᠨ ᠲᠥᠪ ᠳᠤᠮᠳᠠ
ᠡᠩᠬᠡ ᠠᠮᠤᠷ ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
(ᠲᠡᠷᠡ ᠪᠡᠯᠭᠡ ᠪᠡᠷ ᠪᠣᠯᠲᠤᠭᠠᠢ! )
2012 ᠣᠨ ᠤ᠋1 ᠰᠠᠷ᠎ᠠ ᠶ᠋ᠢᠨ ᠠᠷᠪᠠᠨ ᠳ᠋ᠤ᠌ ᠃
ᠦᠰᠦᠭ ᠬᠠᠲᠠᠭᠴᠢ ᠄ ᠲᠣᠳᠣᠭᠡᠷᠡᠯ
ᠦᠰᠦᠭ ᠠᠮᠢᠯᠠᠭᠤᠯᠤᠭᠴᠢ ᠄ ᠬᠡᠷᠡᠶ᠋ᠢᠳ ᠨᠠᠷᠠᠰᠤ
ᠦᠰᠦᠭ ᠬᠢᠨᠠᠭᠴᠢ ᠄ ᠪᠠᠶᠠᠷᠴᠡᠴᠡᠭ ᠠᠯᠲᠠᠨ ᠠᠭᠤᠯᠠ
