ᠠᠩᠭᠠᠢᠵᠤ ᠢᠳᠡᠭᠡᠳ ᠲᠠᠩᠭᠠᠢᠵᠤ ᠬᠡᠪᠲᠡᠨ᠎ᠡ-ᠵᠦᠢᠷ ᠰᠡᠴᠡᠨ ᠦᠭᠡАнгайж идээд тангайж хэвтэнэ-зүйр цэцэн үг ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠩᠭᠠᠢᠵᠤ ᠢᠳᠡᠭᠡᠳ ᠲᠠᠩᠭᠠᠢᠵᠤ ᠬᠡᠪᠲᠡᠨ᠎ᠡ-ᠵᠦᠢᠷ ᠰᠡᠴᠡᠨ ᠦᠭᠡАнгайж идээд тангайж хэвтэнэ-зүйр цэцэн үг

ᠠᠩᠭᠠᠢᠵᠤ ᠢᠳᠡᠭᠡᠳ ᠲᠠᠩᠭᠠᠢᠵᠤ ᠬᠡᠪᠲᠡᠨ᠎ᠡ-ᠵᠦᠢᠷ ᠰᠡᠴᠡᠨ ᠦᠭᠡАнгайж идээд тангайж хэвтэнэ-зүйр цэцэн үг

2023-05-29

2932

ᠵᠦᠢᠷ ᠰᠡᠴᠡᠨ ᠦᠭᠡ

ᠠᠩᠭᠠᠶ᠋ᠢᠵᠤ ᠢᠳᠡᠭᠡᠳ ᠲᠠᠩᠭᠠᠶ᠋ᠢᠵᠤ ᠬᠡᠪᠲᠡᠨ᠎ᠡ-ᠵᠦᠢᠷ ᠰᠡᠴᠡᠨ ᠦᠭᠡ 

ᠬᠥᠮᠦᠨ ᠢᠳᠡᠬᠦ ᠲᠤᠲᠤᠮ ᠬᠣᠪᠳᠣᠭ ᠪᠣᠯᠵᠤ 
ᠤᠨᠲᠠᠬᠤ ᠲᠤᠲᠤᠮ ᠵᠠᠯᠬᠠᠭᠤ ᠪᠣᠯᠤᠨ᠎ᠠ᠂ 
ᠤᠨᠲᠠᠬᠤ ᠨᠣᠶ᠋ᠢᠷ ᠲᠠᠭᠠᠨ ᠳᠠᠷᠤᠭᠳᠠᠪᠠᠯ 
ᠳᠣᠷᠣᠶ᠋ᠢᠲᠠᠬᠤ ᠶ᠋ᠢᠨ ᠲᠡᠮᠳᠡᠭ᠂ 
ᠤᠤᠭᠤᠵᠤ ᠢᠳᠡᠬᠦ ᠶ᠋ᠢ ᠬᠥᠭᠡᠭᠡᠴᠡᠯᠳᠦᠪᠡᠯ 
ᠦᠭᠡᠶ᠋ᠢᠷᠡᠬᠦ ᠶ᠋ᠢᠨ ᠲᠡᠮᠳᠡᠭ᠃ 
ᠮᠣᠩᠭᠣᠯᠴᠤᠳ ᠵᠠᠯᠬᠠᠭᠤ ᠬᠥᠮᠦᠨ ᠊ᠢ 
ᠠᠩᠭᠠᠶ᠋ᠢᠵᠤ ᠢᠳᠡᠭᠡᠳ ᠲᠠᠩᠭᠠᠶ᠋ᠢᠵᠤ ᠬᠡᠪᠲᠡᠨ᠎ᠡ᠃ 
ᠤᠤᠭᠤᠵᠤ ᠢᠳᠡᠬᠦ ᠳ᠋ᠡᠭᠡᠨ ᠤᠷᠭ᠎ᠠ ᠶ᠋ᠢᠨ ᠮᠣᠷᠢ ᠰᠢᠭ᠋
ᠤᠷᠤᠭᠰᠢ ᠶᠠᠪᠤᠬᠤ ᠳ᠋ᠠᠭᠠᠨ ᠤᠷᠭᠤᠭ᠎ᠠ ᠬᠠᠳᠠ ᠭᠡᠵᠦ ᠰᠢᠭᠦᠮᠵᠢᠯᠡᠳᠡᠭ᠃ 
ᠠᠯᠵᠠᠭᠤᠷᠠᠪᠠᠯ ᠵᠣᠪᠠᠯᠠᠩ ᠢᠷᠡᠨ᠎ᠡ᠂ 
ᠠᠵᠢᠯᠯᠠᠪᠠᠯ ᠵᠢᠷᠭᠠᠯ ᠢᠷᠡᠨ᠎ᠡ ᠰᠢᠦ᠃ 
ᠬᠡᠵᠢᠶᠡᠳᠡ ᠴᠢᠳᠠᠬᠤ ᠦᠭᠡᠢ ᠭᠡᠵᠦ ᠪᠤᠤ ᠬᠡᠯᠡ᠂ 
ᠠᠷᠭ᠎ᠠ ᠡᠷᠢ᠂ ᠰᠢᠯᠲᠠᠭ ᠪᠤᠤ ᠡᠷᠢ! 
ᠬᠢᠭᠰᠡᠨ ᠶᠠᠪᠤᠭᠰᠠᠨ ᠢ᠋ᠶ᠋ᠠᠨ ᠡᠳᠦᠷ ᠪᠦᠷᠢ ᠰᠢᠭᠦ᠂ 
ᠪᠤᠰᠤᠳ ᠲᠤ᠌ ᠠᠮᠠᠯᠠᠭᠰᠠᠨ ᠢ᠋ᠶ᠋ᠠᠨ ᠵᠠᠪᠠᠯ ᠪᠡᠶᠡᠯᠡᠭᠦᠯ!
ᠠᠷᠪᠠᠨ ᠦᠭᠡ ᠡᠴᠡ ᠨᠢᠭᠡ ᠶ᠋ᠢ ᠲᠣᠭᠲᠠᠭ᠎ᠠ ᠂
ᠠᠷᠪᠠᠨ ᠬᠥᠮᠦᠨ ᠡᠴᠡ ᠨᠢᠭᠡ ᠶ᠋ᠢ ᠲᠠᠨᠢ!
ᠥᠭᠡᠳᠡᠯᠡᠬᠦ ᠬᠥᠮᠦᠨ ᠥᠪᠡᠷ ᠲᠡᠢ ᠪᠡᠨ ᠲᠡᠮᠡᠴᠡᠳᠡᠭ᠂
ᠤᠷᠤᠭᠤᠳᠠᠬᠤ ᠬᠥᠮᠦᠨ ᠪᠤᠰᠤᠳ ᠲᠠᠢ ᠲᠡᠮᠡᠴᠡᠳᠡᠭ᠃
ᠴᠢᠷᠮᠠᠶ᠋ᠢᠵᠤ ᠯᠠ ᠪᠠᠢ!
ᠴᠠᠭ ᠨᠢ ᠪᠣᠯᠪᠠᠯ ᠠᠵᠠ ᠵᠢᠷᠭᠠᠯ ᠬᠠᠭᠠᠯᠭ᠎ᠠ ᠶ᠋ᠢ ᠴᠢᠨᠢ ᠲᠣᠭᠰᠢᠨ᠎ᠠ᠃
ᠨᠢᠰᠳᠡᠭ ᠪᠣᠯᠭᠠᠨ ᠰᠢᠪᠠᠭᠤ ᠪᠢᠰᠢ! ᠰᠢᠮᠠᠭᠤᠯ ᠴᠤ᠌ ᠪᠠᠶ᠋ᠢᠵᠤ ᠪᠣᠯᠤᠨ᠎ᠠ᠃
ᠨᠡᠢᠯᠡᠳᠡᠭ ᠪᠣᠯᠭᠠᠨ ᠨᠥᠬᠥᠳ ᠪᠢᠰᠢ᠂ ᠨᠣᠬᠠᠳ ᠴᠤ᠌ ᠪᠠᠶ᠋ᠢᠵᠤ ᠪᠣᠯᠤᠨ᠎ᠠ᠃
ᠢᠲᠡᠭᠰᠡᠨ ᠪᠣᠯᠭᠠᠨ ᠬᠣᠭᠣᠯᠠ ᠪᠢᠰᠢ᠂ ᠬᠣᠣᠷ ᠴᠤ᠌ ᠪᠠᠶ᠋ᠢᠵᠤ ᠪᠣᠯᠤᠨ᠎ᠠ᠃
ᠢᠷᠡᠭᠰᠡᠨ ᠪᠣᠯᠭᠠᠨ ᠰᠠᠢᠨ ᠬᠥᠮᠦᠨ ᠪᠢᠰᠢ᠂ ᠰᠠᠭᠠᠷ ᠬᠥᠮᠦᠨ ᠴᠦ᠍ ᠪᠠᠶ᠋ᠢᠵᠤ ᠪᠣᠯᠤᠨ᠎ᠠ᠃
ᠵᠠᠷᠢᠮ ᠬᠥᠮᠦᠨ ᠲᠡᠢ ᠶᠠᠪᠤᠯᠴᠠᠬᠤ ᠳ᠋ᠤ᠌ ᠪᠠᠨ ᠬᠣᠨᠢᠨ ᠤ᠋ ᠮᠢᠬ᠎ᠠ ᠢᠳᠡᠬᠦ ᠰᠢᠭ ᠰᠠᠨᠠᠭ᠎ᠠ ᠠᠮᠤᠷ ᠪᠠᠢ!
ᠵᠠᠷᠢᠮ ᠬᠥᠮᠦᠨ ᠲᠡᠢ ᠬᠠᠷᠢᠯᠴᠠᠬᠤ ᠳ᠋ᠤ᠌ ᠪᠠᠨ ᠵᠢᠭᠠᠰᠤᠨ ᠤ᠋ ᠮᠢᠬ᠎ᠠ ᠢᠳᠡᠬᠦ ᠰᠢᠭ ᠪᠣᠯᠭᠣᠮᠵᠢᠯᠠᠬᠤ ᠬᠡᠷᠡᠭᠲᠡᠢ ᠰᠢᠦ!
ᠬᠢᠬᠦ ᠦᠭᠡᠢ ᠬᠥᠮᠦᠨ ᠦ᠌ ᠦᠭᠡ ᠨᠢ ᠣᠯᠠᠨ
ᠬᠥᠭᠵᠢᠬᠦ ᠦᠭᠡᠢ ᠭᠠᠯ ᠤ᠋ᠨ ᠤᠲᠤᠭ᠎ᠠ ᠨᠢ ᠶᠡᠬᠡ᠃
ᠶᠠᠷᠢᠬᠤ ᠶ᠋ᠢᠨ ᠣᠷᠣᠨ ᠳ᠋ᠤ᠌ ᠶᠠᠪᠤᠭᠰᠠᠨ ᠨᠢ ᠳᠡᠭᠡᠷ᠎ᠡ᠂
ᠬᠡᠯᠡᠬᠦ ᠶ᠋ᠢᠨ ᠣᠷᠣᠨ ᠳ᠋ᠤ᠌ ᠬᠢᠭᠰᠡᠨ ᠨᠢ ᠳᠡᠭᠡᠷ᠎ᠡ᠃
ᠭᠦᠶᠦᠬᠦ ᠨᠣᠬᠠᠢ ᠳ᠋ᠤ᠌ ᠭᠦᠶᠦᠬᠦ ᠦᠭᠡᠢ ᠨᠣᠬᠠᠢ ᠰᠠᠭᠠᠳ ᠭᠡᠳᠡᠭ ᠢ᠋ᠶ᠋ᠡᠷ
ᠪᠦᠲᠦᠭᠡᠶ᠎ᠡ ᠭᠡᠪᠡᠯ ᠪᠡᠷᠬᠡ ᠡᠴᠡ ᠪᠤᠤ ᠠᠶᠤ!
ᠬᠢᠶ᠎ᠡ ᠭᠡᠪᠡᠯ ᠬᠡᠯᠡᠬᠦ ᠡᠴᠡ ᠪᠤᠤ ᠠᠶᠤ!
ᠠᠮᠢᠳᠤᠷᠠᠯ ᠠᠵᠢᠯ ᠢ᠋ᠶ᠋ᠠᠷ ᠳᠡᠭᠵᠢᠷᠡᠳᠡᠭ᠂
ᠠᠮᠵᠢᠯᠲᠠ ᠴᠢᠷᠮᠠᠶ᠋ᠢᠯᠲᠠ ᠪᠠᠷ ᠢᠷᠡᠳᠡᠭ ᠶᠦ᠍ᠮ᠃
ᠠᠭᠤᠴᠢᠯᠠᠵᠤ ᠴᠢᠳᠠᠳᠠᠭ ᠬᠦᠯᠢᠴᠡᠩᠭᠦᠢ ᠬᠥᠮᠦᠨ ᠪᠣᠯ ᠬᠣᠯᠠ ᠶ᠋ᠢ ᠪᠣᠳᠣᠳᠠᠭ᠂ ᠰᠡᠳᠬᠢᠯ ᠲᠣᠭᠲᠠᠭᠤᠨ ᠳᠣᠲᠣᠷ ᠲᠠᠮᠢᠷ ᠲᠠᠢ ᠬᠥᠮᠦᠨ ᠶᠦ᠍ᠮ᠃
ᠪᠤᠰᠤᠳ ᠊ᠢ ᠠᠭᠤᠴᠢᠯᠠᠬᠤ ᠨᠢ ᠤᠴᠢᠷ ᠶᠠᠪᠤᠳᠠᠯ ᠊ᠢ ᠨᠢ ᠲᠤᠩᠭᠠᠨ ᠨᠠᠷᠢᠪᠴᠢᠯᠠᠵᠤ ᠪᠠᠶ᠋ᠢᠬᠤ ᠶᠠᠪᠤᠳᠠᠯ᠂
ᠰᠡᠳᠬᠢᠯ ᠠᠭᠤᠵᠢᠭᠤ ᠬᠥᠮᠦᠨ ᠳ᠋ᠦ᠍ ᠡᠯᠡᠭᠯᠡᠯ ᠳᠣᠷᠣᠮᠵᠢᠯᠠᠯ ᠬᠠᠪᠢᠳᠠᠵᠤ ᠴᠢᠳᠠᠳᠠᠭ ᠦᠭᠡᠢ᠂
ᠠᠭᠤᠷ ᠬᠢᠯᠢᠩ ᠨᠢ ᠨᠡᠪᠲᠡᠶ᠋ᠢᠵᠤ ᠳᠡᠶ᠋ᠢᠯᠳᠡᠭ᠋ ᠦᠭᠡᠢ᠃
ᠠᠭᠤᠴᠢᠯᠠᠵᠤ ᠬᠦᠯᠢᠶᠡᠴᠡᠵᠦ ᠪᠠᠶ᠋ᠢᠲᠠᠯ᠎ᠠ ᠵᠥᠪ ᠪᠤᠷᠤᠭᠤ ᠰᠠᠢᠨ ᠮᠠᠭᠤ ᠨᠢ ᠠᠶᠠᠨᠳᠠᠭᠠᠨ ᠢᠯᠭᠠᠷᠠᠨ᠎ᠠ᠃
ᠠᠭᠤᠷᠯᠠᠪᠠᠯ ᠥᠰᠢᠶᠡᠲᠡᠨ ᠣᠯᠠᠨ᠂
ᠠᠭᠤᠴᠢᠯᠠᠪᠠᠯ ᠨᠥᠬᠥᠷ ᠣᠯᠠᠨ ᠭᠡᠳᠡᠭ ᠶᠦ᠍ᠮ᠃
ᠮᠢᠨᠦ ᠬᠦᠦ ᠪᠣᠯᠵᠤ ᠪᠠᠶ᠋ᠢᠨ᠎ᠠ᠂ ᠬᠣᠵᠢᠮ ᠰᠠᠢᠨ ᠡᠷ᠎ᠡ ᠪᠣᠯᠤᠨ᠎ᠠ ᠭᠡᠵᠦ ᠬᠡᠦᠬᠡᠳ ᠢ᠋ᠶ᠋ᠡᠨ ᠵᠣᠷᠢᠭᠵᠢᠭᠤᠯᠵᠤ ᠢᠲᠡᠭᠡᠯ ᠵᠣᠷᠢᠭ ᠲᠠᠢ ᠬᠥᠮᠦᠨ ᠪᠣᠯᠭᠠᠭᠠᠷᠠᠢ!
ᠠᠭᠤᠯᠠ ᠶ᠋ᠢᠨ ᠴᠢᠨᠡᠭᠡᠨ ᠠᠯᠲᠠ ᠮᠥᠩᠭᠥ ᠬᠠᠳᠠᠭᠠᠯᠠᠭᠰᠠᠨ ᠴᠤ᠌ ᠦᠷᠡᠵᠦ ᠰᠦᠢᠳᠬᠡᠪᠡᠯ ᠳᠣᠣᠷ᠎ᠠ ᠪᠠᠨ ᠳᠠᠭᠤᠰᠬᠠᠴᠢᠬᠠᠨ᠎ᠠ᠃
ᠬᠠᠷᠢᠨ ᠢᠲᠡᠭᠡᠯ ᠵᠣᠷᠢᠭ ᠪᠣᠯ ᠳᠠᠭᠤᠰᠬᠠᠬᠤ ᠴᠤ᠌ ᠦᠭᠡᠢ ᠥᠪ ᠬᠥᠷᠥᠩᠭᠡ!
ᠠᠭᠤᠲᠠᠯᠠᠬᠤ ᠲᠤᠲᠤᠮ
ᠡᠲᠯᠡᠬᠦ ᠲᠤᠲᠤᠮ ᠨᠡᠮᠡᠭᠲᠡᠬᠦ ᠡᠴᠡ ᠪᠢᠰᠢ ᠬᠣᠷᠣᠭᠳᠠᠬᠤ ᠦᠭᠡᠢ ᠭᠠᠶ᠋ᠢᠬᠠᠮᠰᠢᠬᠲᠠᠢ ᠪᠠᠶ᠋ᠢᠲᠠᠭ᠃
ᠡᠷ᠎ᠡ ᠬᠥᠮᠦᠨ ᠵᠣᠷᠢᠭᠰᠠᠨ ᠳ᠋ᠠᠭᠠᠨ
ᠡᠮᠡᠭᠡᠯ ᠲᠡᠢ ᠮᠣᠷᠢ ᠬᠠᠷᠠᠶ᠋ᠢᠬᠰᠠᠨ ᠳ᠋ᠠᠭᠠᠨ ᠭᠡᠳᠡᠭ ᠰᠢᠦ᠃
ᠭᠡᠷ ᠪᠦᠯᠢ ᠶ᠋ᠢᠨ ᠳᠣᠲᠣᠷ᠎ᠠ ᠪᠠᠨ ᠢᠯᠠᠭᠴᠢ ᠪᠣᠯᠬᠤ ᠭᠡᠵᠦ ᠵᠢᠳᠬᠦᠬᠦ ᠨᠢ ᠠᠵᠤ ᠠᠮᠢᠳᠤᠷᠠᠯ ᠳ᠋ᠤ᠌ ᠮᠠᠰᠢ ᠬᠣᠣᠷᠲᠠᠢ!
ᠢᠯᠠᠭᠴᠢ ᠪᠣᠯᠬᠤ ᠶ᠋ᠢ ᠬᠦᠰᠡᠪᠡᠯ ᠠᠭᠤᠴᠢᠯᠠᠬᠤ ᠣᠷᠣᠨ ᠵᠠᠢ ᠦᠭᠡᠢ ᠪᠣᠯᠤᠨ᠎ᠠ᠃
ᠨᠢᠭᠡ ᠬᠥᠮᠦᠨ ᠦ᠌ ᠰᠡᠳᠬᠢᠯ ᠳ᠋ᠦ᠍ ᠢᠯᠠᠬᠤ ᠪᠣᠯᠤᠭᠠᠳ ᠠᠭᠤᠴᠢᠯᠠᠬᠤ ᠬᠣᠶᠠᠷ ᠵᠡᠷᠭᠡ ᠣᠷᠣᠰᠢᠬᠤ ᠳ᠋ᠤ᠌ ᠪᠡᠷᠬᠡ ᠪᠠᠶ᠋ᠢᠲᠠᠭ᠂
ᠠᠭᠤᠴᠢᠯᠠᠬᠤ ᠪᠣᠯ ᠡᠶ᠎ᠡ ᠡᠪᠲᠡᠢ ᠵᠣᠯ ᠵᠢᠷᠭᠠᠯ ᠲᠠᠢ ᠭᠡᠷ ᠪᠦᠯᠢ ᠶ᠋ᠢᠨ ᠰᠠᠭᠤᠷᠢ ᠶᠤᠮ᠃
ᠡᠩᠭᠡᠷ ᠳᠠᠭᠠᠪᠠᠯ ᠳᠤᠯᠠᠭᠠᠨ
ᠡᠶ᠎ᠡ ᠳᠠᠭᠠᠪᠠᠯ ᠨᠠᠶ᠋ᠢᠷ ᠭᠡᠳᠡᠭ ᠰᠢᠦ ᠳᠧ!
ᠠᠯᠲᠠᠨ ᠨᠠᠷᠠ ᠢᠯᠴᠢ ᠭᠡᠷᠡᠯ ᠬᠠᠶ᠋ᠢᠷᠠᠯᠠᠵᠤ
ᠠᠪᠤ ᠡᠵᠢ ᠠᠮᠢ ᠨᠠᠰᠤ ᠣᠯᠭᠣᠭᠰᠠᠨ ᠶᠤᠮ᠃
ᠠᠯᠲᠠ ᠮᠥᠩᠭᠥ ᠶ᠋ᠢ ᠣᠯᠵᠤ ᠪᠣᠯᠤᠨ᠎ᠠ᠂
ᠠᠪᠤ ᠡᠵᠢ ᠳᠠᠬᠢᠵᠤ ᠣᠯᠳᠠᠬᠤ ᠦᠭᠡᠢ ᠭᠡᠳᠡᠭ᠃
ᠠᠪᠤ ᠡᠵᠢ ᠨᠠᠰᠤᠲᠠᠨ ᠲᠣᠮᠣᠭᠠᠲᠠᠨ ᠢ᠋ᠶ᠋ᠠᠨ ᠪᠢᠳᠡ ᠭᠠᠭᠴᠠ ᠥᠨᠥᠳᠥᠷ ᠯᠡ ᠪᠢᠰᠢ᠂
ᠡᠳᠦᠷ ᠪᠦᠷᠢ ᠠᠴᠢᠯᠠᠵᠤ ᠬᠦᠨᠳᠦᠯᠡᠵᠦ ᠶᠠᠪᠤᠶ᠎ᠠ!
ᠮᠣᠩᠭᠣᠯᠴᠤᠳ ᠬᠡᠦᠬᠡᠳ ᠢ᠋ᠶ᠋ᠡᠨ ᠰᠤᠷᠭᠠᠬᠤ ᠳ᠋ᠤ᠌ ᠪᠠᠨ ᠳᠤᠷ᠎ᠠ ᠰᠣᠨᠢᠷᠬᠠᠯ ᠊ᠢ ᠨᠢ ᠮᠠᠰᠢ ᠠᠩᠬᠠᠷᠳᠠᠭ᠂
ᠬᠡᠦᠬᠡᠳ ᠦ᠋ᠨ ᠳᠤᠷ᠎ᠠ ᠰᠣᠨᠢᠷᠬᠠᠯ ᠪᠣᠯ ᠲᠡᠳᠡᠨ ᠦ᠌ ᠥᠪᠡᠷᠮᠢᠴᠡ ᠠᠪᠢᠶᠠᠰ ᠴᠢᠳᠠᠪᠤᠷᠢ ᠨᠢ ᠶᠦ᠍ᠮ᠃
ᠡᠨᠡ ᠳᠤᠷ᠎ᠠ ᠰᠣᠨᠢᠷᠬᠠᠯ ᠠ᠋ᠴᠠ ᠨᠢ ᠠᠯᠪᠠᠳᠠᠵᠤ ᠰᠠᠯᠭᠠᠪᠠᠯ ᠠᠪᠢᠶᠠᠰ ᠴᠢᠳᠠᠪᠤᠷᠢ ᠨᠢ ᠦᠭᠡᠢ ᠪᠣᠯᠤᠭᠠᠳ ᠶᠠᠭ ᠮᠠᠰᠢᠨ ᠬᠥᠮᠦᠨ ᠰᠢᠭ ᠬᠡᠵᠢᠶᠡᠳᠡ ᠬᠥᠮᠦᠨ ᠦ᠌ ᠵᠢᠯᠣᠭᠣᠳᠬᠤ ᠶ᠋ᠢ ᠬᠦᠯᠢᠶᠡᠳᠡᠭ ᠪᠣᠯᠴᠢᠬᠠᠨ᠎ᠠ᠃
ᠢᠩᠭᠢᠬᠦᠯᠡᠷ ᠮᠣᠩᠭᠣᠯᠴᠤᠳ ᠤᠷᠭᠤᠭᠰᠠᠨ ᠦᠭᠡᠢ ᠤᠬᠠᠭᠠᠨ ᠊ᠢ ᠨᠢ ᠤᠭᠯᠠᠵᠤ ᠪᠤᠤ ᠰᠤᠷᠭ᠎ᠠ ᠂
ᠳᠠᠭᠠᠭᠤᠯᠵᠤ ᠰᠤᠷᠭ᠎ᠠ᠂ ᠳᠠᠷᠤᠯᠠᠵᠤ ᠪᠤᠤ ᠰᠤᠷᠭ᠎ᠠ ᠭᠡᠵᠦ ᠶᠠᠷᠢᠳᠠᠭ᠃
ᠪᠤᠰᠤᠳ ᠤ᠋ᠨ ᠠᠴᠢ ᠲᠤᠰᠠ ᠶ᠋ᠢ ᠦᠨᠡᠯᠡᠬᠦ ᠶ᠋ᠢᠨ ᠠᠷᠭ᠎ᠠ ᠦᠭᠡᠢ ᠶᠦ᠍ᠮ᠃
ᠵᠢᠱ᠌ᠢᠶ᠎ᠡ ᠨᠢ᠄ ᠦᠭᠡ ᠶᠠᠷᠢᠶ᠎ᠠ ᠤᠴᠢᠷ ᠶᠣᠰᠣᠭᠠᠷ ᠵᠢᠭᠠᠵᠤ ᠰᠤᠷᠭᠠᠭᠰᠠᠨ ᠤ᠋ ᠠᠴᠢ ᠲᠤᠰᠠ ᠶ᠋ᠢ ᠶᠠᠭᠠᠬᠢᠵᠤ ᠦᠨᠡᠯᠡᠬᠦ ᠪᠣᠢ?
ᠳᠠᠬᠢᠭᠠᠳ ᠬᠡᠯᠡᠬᠦ ᠳ᠋ᠦ᠍ ᠴᠠᠩᠭᠠᠭᠠᠳ ᠠᠮᠢ ᠲᠠᠰᠤᠷᠠᠮᠠᠷ ᠪᠠᠶ᠋ᠢᠭ᠎ᠠ ᠬᠥᠮᠦᠨ ᠳ᠋ᠦ᠍ ᠨᠢᠭᠡ ᠠᠶᠠᠭ᠎ᠠ ᠬᠦᠢᠲᠡᠨ ᠤᠰᠤ ᠥᠭᠬᠦ ᠳ᠋ᠦ᠍ ᠯᠡ ᠠᠮᠢ ᠶ᠋ᠢ ᠨᠢ ᠠᠪᠤᠷᠠᠳᠠᠭ᠂
ᠭᠡᠪᠡᠴᠦ ᠠᠶᠠᠭ᠎ᠠ ᠬᠦᠢᠲᠡᠨ ᠤᠰᠤ ᠶ᠋ᠢ ᠮᠥᠩᠭᠥ ᠪᠡᠷ ᠪᠣᠳᠣᠪᠠᠯ ᠶᠠᠭᠤ ᠴᠤ᠌ ᠪᠢᠰᠢ ᠪᠣᠯᠤᠨ᠎ᠠ᠃
ᠴᠢᠮᠬᠢᠭᠡᠳ ᠦᠭᠬᠦᠪᠡᠴᠦ ᠬᠦᠨᠡᠰᠦ᠂
ᠴᠢᠬᠡ ᠬᠠᠷᠠᠪᠠᠴᠤ ᠬᠠᠶ᠋ᠢᠷ᠎ᠠ ᠭᠡᠳᠡᠭ ᠦ᠋ᠨ ᠶᠣᠰᠣ ᠨᠢ ᠡᠨᠡ ᠶᠦ᠍ᠮ ᠃
ᠨᠠᠷᠠ ᠲᠠᠢ ᠰᠠᠷᠠ ᠲᠠᠢ ᠲᠩᠷᠢ ᠰᠠᠢᠬᠠᠨ
ᠨᠠᠭᠠᠳᠤᠮ ᠲᠠᠢ ᠢᠨᠢᠶᠡᠳᠦᠮ ᠲᠡᠢ ᠠᠶ᠋ᠢᠯ ᠰᠠᠢᠬᠠᠨ ᠭᠡᠳᠡᠭ᠃
ᠱᠣᠭ ᠢᠨᠢᠶᠡᠳᠦᠮ ᠨᠢ ᠬᠥᠮᠦᠨ ᠦ᠌ ᠭᠤᠨᠢᠭ ᠊ᠢ ᠤᠬᠢᠶᠠᠵᠤ᠂ ᠰᠡᠳᠬᠢᠯ ᠊ᠢ ᠰᠡᠷᠭᠦᠭᠡᠳᠡᠭ
ᠠᠮᠢᠳᠤᠷᠠᠯ ᠤ᠋ᠨ ᠳᠠᠪᠤᠰᠤ ᠶᠤᠮ᠃
ᠠᠵᠤ ᠠᠮᠢᠳᠤᠷᠠᠯ ᠨᠠᠭᠠᠳᠤᠮ ᠱᠣᠭ ᠢ᠋ᠶ᠋ᠠᠷ ᠳᠤᠲᠠᠪᠠᠯ
ᠬᠣᠭᠣᠯᠠ ᠪᠤᠳᠠᠭ᠎ᠠ ᠳᠠᠪᠤᠰᠤ ᠦᠭᠡᠢ ᠰᠢᠭ ᠪᠣᠯᠳᠠᠭ᠃
ᠱᠣᠭ ᠢᠨᠢᠶᠡᠳᠦᠮ ᠊ᠢ ᠴᠠᠭ ᠭᠠᠵᠠᠷ ᠤᠴᠢᠷ ᠶᠠᠪᠤᠳᠠᠯ ᠊ᠢ ᠲᠤᠩᠭᠠᠨ ᠡᠪᠯᠢᠭ ᠬᠡᠷᠡᠭᠯᠡᠭᠡᠷᠡᠢ᠃
ᠨᠠᠭᠠᠳᠴᠤ ᠶᠠᠪᠤᠬᠤ ᠨᠢ ᠨᠠᠰᠤᠨ ᠤ᠋ ᠵᠢᠷᠭᠠᠯ
ᠢᠨᠢᠶᠡᠯᠴᠡᠵᠦ ᠶᠠᠪᠤᠬᠤ ᠨᠢ ᠡᠳᠦᠷ ᠦ᠋ᠨ ᠵᠢᠷᠭᠠᠯ ᠭᠡᠳᠡᠭ ᠰᠢᠦ!
ᠠᠴᠢ ᠰᠠᠨᠠᠪᠠᠯ ᠤᠷᠤᠭᠤᠳᠠᠨ᠎ᠠ᠂
ᠠᠴᠢ ᠬᠠᠷᠢᠭᠤᠯᠪᠠᠯ ᠥᠭᠡᠳᠡᠯᠡᠨ᠎ᠡ ᠭᠡᠵᠦ
ᠪᠤᠰᠤᠳ ᠲᠤ᠌ ᠲᠤᠰᠠ ᠬᠦᠷᠭᠡᠭᠰᠡᠨ ᠬᠥᠮᠦᠨ
ᠠᠴᠢ ᠬᠠᠷᠢᠭᠤᠯᠬᠤ ᠶ᠋ᠢ ᠪᠤᠰᠤᠳ ᠠ᠋ᠴᠠ ᠱᠠᠭᠠᠷᠳᠠᠬᠤ᠃ ᠭᠠᠪᠢᠶᠠᠷᠬᠠᠬᠤ ᠶ᠋ᠢ ᠴᠡᠭᠡᠷᠯᠡᠳᠡᠭ ᠶᠦ᠍ᠮ᠃
ᠪᠤᠰᠤᠳ ᠊ᠢ ᠲᠤᠰᠠᠯᠠᠬᠤ ᠨᠢ ᠪᠤᠶᠠᠨ ᠬᠤᠷᠢᠶᠠᠵᠤ ᠪᠠᠶ᠋ᠢᠭ᠎ᠠ ᠪᠣᠯᠪᠠᠴᠤ
ᠪᠤᠴᠠᠭᠠᠭᠠᠳ ᠬᠠᠷᠢᠭᠤ ᠰᠠᠨᠠᠪᠠᠯ ᠪᠤᠶᠠᠨ ᠨᠢ ᠬᠠᠷᠢᠨ᠎ᠠ ᠭᠡᠵᠦ ᠪᠤᠭᠤᠷᠤᠯᠴᠤᠳ ᠬᠡᠯᠡᠳᠡᠭ᠃
ᠲᠤᠰᠠᠯᠠᠭᠰᠠᠨ ᠢ᠋ᠶ᠋ᠠᠨ ᠨᠢᠭᠡ ᠬᠣᠷᠣᠮ ᠳ᠋ᠤ᠌ ᠮᠠᠷᠲᠠ᠂
ᠲᠤᠰᠠᠯᠠᠭᠤᠯᠤᠭᠰᠠᠨ ᠢ᠋ᠶ᠋ᠠᠨ ᠨᠢᠭᠡ ᠨᠠᠰᠤᠨ ᠳ᠋ᠤ᠌ ᠪᠠᠨ ᠴᠡᠭᠡᠵᠢᠯᠡ! ᠭᠡᠳᠡᠭ ᠨᠢ ᠡᠨᠡ ᠶᠦ᠍ᠮ᠃
ᠠᠵᠠ ᠵᠢᠷᠭᠠᠯ ᠭᠡᠳᠡᠭ ᠥᠪᠡᠷ ᠦ᠋ᠨ ᠭᠡᠷ ᠲᠦ᠍ ᠤᠷᠭᠤᠳᠠᠭ ᠵᠦᠢᠯ ᠪᠣᠯᠬᠤ ᠠ᠋ᠴᠠ ᠪᠢᠰᠢ᠂ ᠠᠶ᠋ᠢᠯ ᠤ᠋ᠨ ᠭᠡᠷ ᠡᠴᠡ ᠲᠡᠭᠦᠳᠡᠭ ᠵᠦᠢᠯ ᠪᠢᠰᠢ ᠠ᠋!
ᠭᠡᠷ ᠲᠡᠭᠡᠨ ᠪᠠᠶ᠋ᠢᠬᠤ ᠰᠠᠢᠬᠠᠨ᠂
ᠭᠡᠷ ᠪᠦᠯᠢ ᠪᠡᠷ ᠢ᠋ᠶ᠋ᠡᠨ ᠬᠠᠮᠲᠤ ᠪᠠᠶ᠋ᠢᠬᠤ ᠵᠢᠷᠭᠠᠯᠲᠠᠢ!
ᠠᠪᠤ ᠡᠵᠢ ᠠᠬ᠎ᠠ ᠳᠡᠭᠦᠦ ᠲᠥᠷᠥᠯ ᠲᠡᠢ ᠪᠠᠶ᠋ᠢᠬᠤ ᠰᠠᠢᠬᠠᠨ᠂
ᠠᠪᠤ ᠡᠵᠢ ᠠᠬ᠎ᠠ ᠳᠡᠭᠦᠦ ᠲᠥᠷᠥᠯ ᠲᠡᠢ ᠪᠡᠨ ᠬᠠᠮᠲᠤ ᠪᠠᠶ᠋ᠢᠬᠤ ᠵᠢᠷᠭᠠᠯᠲᠠᠢ!
ᠠᠶ᠋ᠢᠯ ᠭᠡᠷ ᠪᠣᠯ ᠠᠵᠠ ᠵᠢᠷᠭᠠᠯ ᠤ᠋ᠨ ᠥᠯᠥᠭᠡᠢ ᠶᠦ᠍ᠮ᠃
ᠡᠵᠢ ᠶ᠋ᠢᠨ ᠰᠦ ᠪᠡᠷ ᠬᠥᠯ ᠳ᠋ᠦ᠍ ᠣᠷᠣᠵᠤ᠂
ᠠᠪᠤ ᠶ᠋ᠢᠨ ᠠᠴᠢ ᠪᠠᠷ ᠬᠥᠮᠦᠨ ᠪᠣᠯᠤᠨ᠎ᠠ ᠭᠡᠳᠡᠭ᠃
ᠵᠢᠯ ᠳ᠋ᠦ᠍ ᠲᠠ ᠠᠪᠤ ᠡᠵᠢ ᠲᠡᠢ ᠪᠡᠨ ᠬᠡᠳᠦᠨ ᠬᠣᠨᠣᠭ ᠬᠠᠮᠲᠤ ᠪᠠᠶ᠋ᠢᠲᠠᠭ ‍ᠤᠤ?
ᠲᠡᠳᠡᠨ ᠊ᠢ ᠪᠡᠨ ᠬᠡᠳᠦᠢ ᠨᠠᠰᠤᠯᠠᠨ᠎ᠠ ᠭᠡᠵᠦ ᠰᠠᠨᠠᠳᠠᠭ ‍ᠤᠤ?
ᠠᠮᠠᠷᠠᠯᠲᠠ ᠪᠣᠯᠵᠤ ᠪᠠᠶ᠋ᠢᠨ᠎ᠠ ᠠᠪᠤ ᠡᠵᠢ ᠳ᠋ᠡᠭᠡᠨ ᠣᠴᠢᠭᠠᠷᠠᠢ᠂
ᠠᠭᠤᠯᠵᠠᠭᠠᠳ ᠦᠨᠦᠰᠦᠭᠦᠯ!ᠦᠵᠡᠭᠰᠡᠨ ᠬᠠᠷᠠᠭᠰᠠᠨ ᠢ᠋ᠶ᠋ᠠᠨ ᠶᠠᠷᠢ᠃
ᠲᠡᠳᠡᠨ ᠳ᠋ᠦ᠍ ᠪᠠᠶᠠᠷ ᠪᠣᠯᠤᠨ᠎ᠠ᠂
ᠲᠠᠨ ᠳ᠋ᠤ᠌ ᠪᠤᠶᠠᠨ ᠪᠣᠯᠤᠨ᠎ᠠ᠃
ᠠᠮᠠᠨ ᠤ᠋ ᠪᠡᠯᠭᠡ ᠬᠠᠮᠢᠭᠠᠰᠢ ᠪᠠᠨ ᠪᠣᠯ᠂
ᠠᠰᠢᠳᠠ ᠶ᠋ᠢᠨ ᠪᠡᠯᠭᠡ ᠲᠡᠶ᠋ᠢᠰᠢ ᠪᠡᠨ ᠭᠡᠳᠡᠭ᠃
ᠡᠪᠡᠳᠴᠢᠨ ᠲᠡᠢ ᠬᠡᠪᠲᠡᠵᠦ ᠪᠠᠶ᠋ᠢᠬᠰᠠᠨ ᠬᠥᠮᠦᠨ ᠊ᠢ ᠬᠡᠶ᠋ᠢᠰᠴᠦ ᠢᠷᠡᠭᠰᠡᠨ ᠡᠪᠡᠳᠴᠢᠨ ᠴᠢᠨᠢ ᠬᠣᠭ ᠦᠭᠡᠢ ᠠᠷᠢᠯᠤᠭ᠂
ᠬᠡᠶ᠋ᠢᠮᠣᠷᠢ ᠴᠣᠭ ᠴᠢᠨᠢ ᠮᠠᠨᠳᠤᠵᠤ
ᠬᠡᠵᠢᠶᠡᠳᠡ ᠡᠷᠡᠭᠦᠯ ᠶᠠᠪᠤᠭ! ᠭᠡᠵᠦ ᠢᠷᠦᠭᠡᠬᠦ ᠳ᠋ᠦ᠍ ᠳᠣᠣᠷ᠎ᠠ ᠪᠠᠨ ᠴᠣᠭ ᠵᠢᠪᠬᠤᠭ᠎ᠠ ᠨᠢ ᠰᠠᠶ᠋ᠢᠵᠢᠷᠠᠨ ᠬᠦᠴᠦ ᠲᠠᠮᠢᠷ ᠨᠢ ᠨᠡᠮᠡᠭᠲᠡᠭᠰᠡᠨ ᠰᠢᠭ ᠪᠣᠯᠤᠨ᠎ᠠ᠃
ᠢᠷᠦᠭᠡᠯ ᠪᠡᠯᠭᠡᠳᠡᠯ ᠊ᠢ ᠮᠣᠩᠭᠣᠯᠴᠤᠳ ᠢᠷᠡᠭᠡᠳᠦᠢ ᠶ᠋ᠢᠨ ᠠᠵᠢᠯ ᠦᠢᠯᠡᠰ ᠰᠠᠢᠨ ᠰᠠᠢᠬᠠᠨ ᠤ᠋ ᠬᠥᠲᠥᠯᠦᠭᠴᠢ ᠪᠡᠷ ᠦᠵᠡᠳᠡᠭ᠃
ᠮᠣᠩᠭᠣᠯ ᠬᠥᠮᠦᠨ ᠪᠡᠯᠡᠭ ᠢ᠋ᠶ᠋ᠡᠷ ᠭᠡᠳᠡᠭ ᠨᠢ ᠡᠶ᠋ᠢᠮᠦ ᠤᠴᠢᠷ ᠲᠠᠢ ᠶᠤᠮ᠃

   ᠦᠰᠦᠭ ᠬᠠᠳᠠᠭᠴᠢ᠄ᠲᠣᠲᠣᠭᠡᠷᠡᠯ
   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠣᠤᠠᠬᠠᠨᠰᠣ᠎ᠠ ᠂ ᠠᠯᠲᠠᠨ ᠠᠭᠤᠯᠠ