ᠭᠡᠭᠦᠦ ᠶᠢᠨ ᠦᠷᠡᠰ ᠭᠠᠷᠭᠠᠬᠤ ᠶᠢᠨ ᠢᠷᠦᠭᠡᠯ Гүүний үрс гаргахын ерөөл
ᠭᠡᠭᠦᠦ ᠶᠢᠨ ᠦᠷᠡᠰ ᠭᠠᠷᠭᠠᠬᠤ ᠶᠢᠨ ᠢᠷᠦᠭᠡᠯ
ᠵᠠ
ᠬᠥᠬᠡ ᠮᠥᠩᠭᠥᠨ ᠲᠩᠷᠢ ᠶ᠋ᠢᠨ ᠠᠭᠠᠷ ᠠ᠋ᠴᠠ
ᠬᠥᠰᠢᠭᠡᠯᠡᠨ ᠲᠠᠲᠠᠭᠰᠠᠨ
ᠬᠥᠬᠡ ᠪᠠᠷᠠᠭᠠᠨ ᠡᠭᠦᠯᠡᠨ ᠳ᠋ᠦ᠍ ᠨᠢ
ᠭᠠᠯ ᠮᠡᠲᠦ ᠴᠠᠬᠢᠯᠭᠠᠨ ᠭᠠᠷᠴᠤ
ᠭᠠᠢᠬᠠᠮᠰᠢᠭᠲᠤ ᠬᠤᠷ᠎ᠠ ᠪᠠᠭᠤᠵᠤ
ᠭᠠᠳᠠᠭᠰᠠᠨ ᠰᠣᠯᠣᠩᠭ᠎ᠠ ᠲᠠᠲᠠᠵᠤ
ᠠᠷᠪᠠᠨ ᠥᠩᠭᠡ ᠶ᠋ᠢᠨ ᠴᠡᠴᠡᠭ
ᠠᠯᠠᠭᠯᠠᠨ ᠳᠡᠯᠭᠡᠷᠡᠵᠦ
ᠠᠴᠢᠲᠠᠢ ᠰᠦᠷᠦᠭ ᠨᠢ ᠢᠳᠡᠭᠡᠰᠢᠯᠡᠵᠡᠢ᠃
ᠵᠠ
ᠬᠣᠯᠠ ᠰᠠᠢᠬᠠᠨ ᠵᠡᠯ᠎ᠡ ᠪᠡᠨ
ᠬᠣᠢᠭᠤᠷ ᠢ᠋ᠶ᠋ᠠᠨ ᠲᠠᠲᠠᠵᠤ
ᠤᠷᠲᠤ ᠰᠠᠢᠬᠠᠨ ᠵᠡᠯ᠎ᠡ ᠪᠡᠨ
ᠤᠷᠳᠤᠭᠤᠷ ᠢ᠋ᠶ᠋ᠠᠨ ᠲᠠᠲᠠᠵᠤ
ᠬᠥᠨᠳᠡᠢ ᠪᠡᠷ ᠳᠦᠭᠦᠷᠡᠩ
ᠬᠥᠬᠡ ᠠᠯᠠᠭ ᠠᠳᠤᠭᠤ ᠪᠡᠨ ᠴᠤᠭᠯᠠᠭᠤᠯᠵᠤ
ᠤᠷᠭᠠᠨ ᠤ᠋ ᠤᠷᠲᠤ ᠶ᠋ᠢ ᠪᠠᠷᠢᠵᠤ
ᠬᠤᠢᠪᠢᠨ ᠤ᠋ ᠴᠡᠭᠡᠯ ᠢ᠋ ᠤᠶᠠᠵᠤ
ᠬᠤᠢ ᠰᠠᠯᠬᠢ ᠰᠢᠭ᠋
ᠬᠤᠷᠳᠤᠨ ᠮᠣᠷᠢ ᠪᠠᠨ ᠪᠠᠷᠢᠵᠤ
ᠬᠤᠯᠠᠨ᠂ ᠳᠡᠭᠢ ᠪᠣᠯᠤᠭᠰᠠᠨ
ᠤᠨᠠᠭ᠎ᠠ ᠪᠠᠨ ᠤᠷᠭᠠᠯᠠᠵᠤ
ᠳᠠᠯᠠᠨ ᠬᠥᠮᠦᠨ ᠳᠠᠷᠤᠵᠤ ᠨᠣᠭᠲᠣᠯᠠᠭᠠᠳ
ᠨᠠᠶᠠᠨ ᠬᠥᠮᠦᠨ ᠨᠠᠢᠷᠠᠯᠠᠨ ᠴᠢᠭᠲᠠᠯᠠᠭᠠᠳ
ᠨᠠᠷᠢᠨ ᠭᠤᠷᠮᠤᠰᠤᠨ ᠵᠡᠯ᠎ᠡ ᠪᠡᠨ
ᠨᠠᠴᠢᠨ ᠵᠠᠭᠠᠨ ᠢ᠋ᠶ᠋ᠠᠷ ᠢ᠋ᠶ᠋ᠠᠨ ᠴᠢᠩᠭᠠᠷᠠᠭᠤᠯᠵᠤ
ᠤᠷᠲᠤ ᠰᠠᠢᠬᠠᠨ ᠭᠠᠳᠠᠰᠤ ᠪᠠᠨ
ᠤᠷᠠᠨ ᠵᠠᠩᠰᠢᠯ ᠲᠠᠢ ᠮᠤᠨᠠ ᠪᠠᠷ ᠢ᠋ᠶ᠋ᠠᠨ ᠲᠦᠭᠵᠢᠭᠦᠯᠵᠦ
ᠤᠶᠠᠭᠰᠠᠨ ᠤᠨᠠᠭ᠎ᠠ ᠶᠤᠮ ᠪᠢᠵᠡ ᠡ᠃
ᠵᠡᠯᠡᠯᠡᠭᠰᠡᠨ ᠤᠨᠠᠭ᠎ᠠ ᠴᠢᠨᠢ
ᠵᠡᠭᠡᠷ᠎ᠡ ᠭᠥᠷᠦᠭᠡᠰᠦᠨ ᠡᠴᠡ ᠣᠯᠠᠨ
ᠨᠣᠭᠲᠣᠯᠠᠭᠰᠠᠨ ᠤᠨᠠᠭ᠎ᠠ ᠴᠢᠨᠢ
ᠨᠤᠭᠲᠤᠷᠤ ᠰᠢᠪᠠᠭᠤᠨ ᠠ᠋ᠴᠠ ᠣᠯᠠᠨ
ᠡᠬᠡ ᠶ᠋ᠢᠨ ᠢ᠋ᠶ᠋ᠡᠨ ᠳᠡᠷᠭᠡᠳᠡ᠂
ᠡᠩ ᠲᠡᠢ ᠴᠠᠭᠠᠨ
ᠢᠰᠡᠭᠡᠢ ᠪᠡᠨ ᠳᠡᠪᠢᠰᠴᠦ
ᠡᠯᠳᠡᠪ ᠵᠦᠢᠯ ᠦ᠋ᠨ
ᠢᠳᠡᠭᠡ ᠤᠮᠳᠠᠭᠠᠨ ᠢᠶᠠᠨ
ᠡᠩᠨᠡᠭᠦᠯᠦᠨ ᠲᠠᠯᠪᠢᠵᠤ
ᠠᠵᠢᠨᠠᠢ ᠴᠠᠭᠠᠨ ᠬᠥᠯᠥᠭ ᠦ᠋ᠨ ᠢ᠋ᠶ᠋ᠡᠨ ᠴᠡᠭᠡ ᠶ᠋ᠢ
ᠠᠯᠲᠠᠨ ᠮᠥᠩᠭᠥᠨ ᠴᠠᠭᠠᠷᠢᠭ ᠲᠠᠢ
ᠠᠭᠠᠷᠤ ᠽᠠᠨᠳᠠᠨ ᠠᠭᠠᠷᠤᠤᠨ ᠳ᠋ᠠᠭᠠᠨ
ᠠᠮᠠᠰᠠᠷ ᠲᠡᠭᠰᠢ ᠳᠦᠭᠦᠷᠭᠡᠭᠡᠳ
ᠠᠷᠪᠠᠨ ᠵᠦᠭ ᠲᠦ᠍ ᠨᠢ ᠰᠠᠴᠤᠯᠢ ᠪᠣᠯᠭᠠᠨ ᠡᠷᠭᠦᠵᠦ
ᠠᠳᠤᠭᠤᠨ ᠰᠦᠷᠦᠭ ᠦ᠋ᠨ ᠢ᠋ᠶ᠋ᠡᠨ ᠪᠠᠶᠠᠷ ᠢ᠋ ᠶᠣᠰᠣᠯᠠᠵᠤ ᠪᠦᠬᠦᠢ ᠳ᠋ᠦ᠍
ᠠᠪᠤ ᠶ᠋ᠢᠨ ᠢ᠋ᠶ᠋ᠡᠨ ᠪᠤᠶᠠᠨ ᠳ᠋ᠤ᠌
ᠠᠷᠪᠢᠨ ᠰᠠᠢᠬᠠᠨ
ᠡᠵᠢ ᠶ᠋ᠢᠨ ᠢ᠋ᠶ᠋ᠡᠨ ᠪᠤᠶᠠᠨ ᠳ᠋ᠤ᠌
ᠡᠯᠪᠡᠭ ᠰᠠᠢᠬᠠᠨ
ᠶᠠᠭᠤ ᠰᠠᠨᠠᠭᠰᠠᠨ ᠶᠢᠰᠦᠨ ᠬᠦᠰᠡᠯ
ᠠᠯᠳᠠᠷ ᠨᠡᠷ᠎ᠡ ᠠᠷᠪᠠᠨ ᠴᠠᠭᠠᠨ ᠪᠤᠶᠠᠨ ᠨᠢ
ᠰᠦᠨ ᠳᠠᠯᠠᠢ ᠮᠡᠲᠦ ᠥᠷᠭᠡᠨ ᠳᠡᠯᠭᠡᠷᠡᠵᠦ
ᠪᠠᠳᠠᠷᠠᠨ ᠲᠤᠨᠤᠷᠠᠵᠤ ᠪᠠᠢᠬᠤ ᠶ᠋ᠢᠨ
ᠪᠡᠯᠭᠡ ᠲᠡᠢ ᠢᠷᠦᠭᠡᠯ ᠢ᠋ ᠨᠡᠢᠲᠡ ᠶ᠋ᠢᠨ ᠳᠤᠮᠳᠠ
ᠮᠠᠰᠢᠳᠠ ᠳᠡᠪᠰᠢᠭᠦᠯᠦᠨ ᠠᠢᠯᠠᠳᠬᠠᠶ᠎ᠠ᠃
