ᠵᠢᠭᠠᠰᠤᠴᠢᠨ ᠤ ᠰᠢᠨᠤᠬᠠᠢ ᠡᠬᠡᠨᠡᠷЗагасчны шунахай эхнэр
ᠵᠢᠭᠠᠰᠤᠴᠢᠨ ᠤ ᠰᠢᠨᠤᠬᠠᠢ ᠡᠬᠡᠨᠡᠷ
ᠨᠢᠭᠡᠨ ᠵᠢᠭᠠᠰᠤᠴᠢᠨ ᠡᠷ᠎ᠡ ᠭᠡᠷᠭᠡᠢ ᠲᠡᠢ ᠪᠡᠨ ᠬᠠᠮᠲᠤ ᠪᠠᠷ ᠵᠠᠬ᠎ᠠ
ᠦᠭᠡᠢ ᠳᠠᠯᠠᠢ ᠶ᠋ᠢᠨ ᠳᠡᠷᠭᠡᠳᠡ ᠠᠮᠢᠳᠤᠷᠠᠨ ᠰᠠᠭᠤᠳᠠᠭ ᠪᠠᠢᠵᠠᠢ᠃ ᠡᠳᠦᠷ ᠪᠦᠷᠢ ᠵᠢᠭᠠᠰᠤᠴᠢᠨ ᠬᠠᠳᠠᠨ ᠰᠡᠬᠡᠭᠡᠨ ᠳᠡᠭᠡᠷ᠎ᠡ ᠣᠴᠢᠵᠤ ᠠᠮᠢ ᠵᠢᠭᠤᠬᠤ ᠶ᠋ᠢᠨ ᠲᠤᠯᠠᠳᠠ ᠵᠢᠭᠠᠰᠤᠴᠢᠯᠠᠳᠠᠭ ᠪᠠᠢᠵᠠᠢ ᠭᠡᠨ᠎ᠡ᠂ ᠲᠡᠷᠡ ᠪᠡᠷ ᠡᠭᠡᠯ ᠳᠠᠷᠤᠤ ᠠᠮᠢᠳᠤᠷᠠᠯ ᠳ᠋ᠤ᠌ ᠪᠠᠨ ᠳᠤᠷᠠᠲᠠᠢ ᠨᠢᠭᠡᠨ ᠪᠠᠢᠵᠠᠢ᠂ ᠭᠡᠪᠡᠴᠦ ᠡᠬᠡᠨᠡᠷ ᠨᠢ ᠳᠤᠷ᠎ᠠ ᠦᠭᠡᠢ ᠭᠡᠳᠡᠭ ᠢ᠋ ᠰᠠᠢᠨ ᠮᠡᠳᠡᠳᠡᠭ ᠪᠠᠢᠪᠠ᠃ ᠵᠢᠭᠠᠰᠤᠴᠢᠨ ᠤ᠋ ᠡᠬᠡᠨᠡᠷ ᠴᠠᠭ ᠦᠷᠭᠦᠯᠵᠢ ᠯᠡ ᠠᠭᠤᠷᠯᠠᠳᠠᠭ ᠪᠠᠢᠯ᠎ᠠ᠃
ᠡᠬᠡᠨᠡᠷ ᠨᠢ᠄《ᠦᠮᠡᠬᠡᠢ ᠣᠪᠣᠬᠠᠢ ᠪᠠᠨ ᠨᠢᠭᠡ ᠬᠠᠷᠠᠭᠠᠴᠢ᠂ ᠡᠨᠡ ᠦᠨᠦᠷ ᠮᠢᠨᠦ ᠪᠡᠶ᠎ᠡ ᠶ᠋ᠢ ᠡᠪᠡᠳᠬᠡᠵᠦ
ᠪᠠᠢᠨ᠎ᠠ᠂ ᠡᠳᠦᠷ ᠣᠷᠣᠢ ᠦᠭᠡᠢ ᠴᠡᠪᠡᠷᠯᠡᠭᠡᠳ ᠴᠦ᠍ ᠳᠡᠭᠡᠷᠡᠳᠴᠦ ᠪᠠᠢᠭ᠎ᠠ ᠶᠠᠭᠤᠮ᠎ᠠ ᠠᠯᠠᠭ᠎ᠠ ᠪᠠᠢᠨ᠎ᠠ》 ᠭᠡᠨ᠎ᠡ᠃ ᠵᠢᠭᠠᠰᠤᠴᠢᠨ ᠡᠬᠡᠨᠡᠷ ᠲᠦ᠍ ᠪᠡᠨ ᠶᠡᠬᠡᠳᠡ ᠬᠠᠢᠷᠠᠲᠠᠢ ᠪᠠᠢᠯ᠎ᠠ᠃ ᠭᠡᠪᠡᠴᠦ ᠡᠬᠡᠨᠡᠷ ᠨᠢ ᠪᠠᠢᠩᠭᠤ ᠯᠠ ᠭᠣᠮᠣᠳᠠᠯᠠᠳᠠᠭ ᠪᠠᠢᠪᠠ᠃ ᠵᠢᠭᠠᠰᠤ ᠰᠠᠢᠨ ᠪᠠᠷᠢᠭᠳᠠᠭᠰᠠᠨ ᠡᠳᠦᠷ ᠵᠢᠭᠠᠰᠤᠴᠢᠨ ᠬᠣᠶᠠᠷ ᠵᠢᠭᠠᠰᠤ ᠲᠠᠢ ᠭᠡᠷ ᠲᠦ᠍ ᠪᠡᠨ ᠢᠷᠡᠬᠦ ᠳ᠋ᠦ᠍ ᠡᠬᠡᠨᠡᠷ ᠨᠢ ᠭᠤᠷᠪᠠ ᠶ᠋ᠢ ᠱᠠᠭᠠᠷᠳᠠᠳᠠᠭ ᠪᠠᠢᠵᠠᠢ᠃ ᠮᠠᠩᠭᠦ᠋ᠸᠸ ᠠᠪᠴᠢᠷᠠᠬᠤ ᠳ᠋ᠤ᠌ ᠡᠬᠡᠨᠡᠷ ᠨᠢ ᠲᠣᠭᠣᠷ ᠠᠪᠴᠢᠷᠠᠬᠤ ᠶ᠋ᠢ ᠱᠠᠭᠠᠷᠳᠠᠳᠠᠭ ᠪᠠᠢᠪᠠ᠃ ᠶᠠᠭᠠᠬᠢᠵᠤ ᠴᠤ᠌ ᠬᠢᠴᠢᠶᠡᠭᠡᠳ ᠡᠬᠡᠨᠡᠷ ᠢ᠋ᠶ᠋ᠡᠨ ᠪᠠᠶᠠᠷᠯᠠᠭᠤᠯᠵᠤ ᠴᠢᠳᠠᠳᠠᠭ ᠦᠭᠡᠢ ᠪᠠᠢᠵᠠᠢ ᠭᠡᠨ᠎ᠡ᠃
ᠵᠢᠭᠠᠰᠤᠴᠢᠨ᠄《ᠬᠣᠩᠬᠣᠷ ᠮᠢᠨᠢ ᠴᠢᠮ᠎ᠠ ᠶ᠋ᠢ ᠵᠢᠷᠭᠠᠯ ᠲᠠᠢ ᠪᠣᠯᠭᠠᠬᠤ ᠶᠢᠨ ᠲᠤᠯᠠᠳᠠ ᠪᠢ ᠶᠠᠭᠠᠬᠢᠬᠤ ᠶᠣᠰᠣᠲᠠᠢ ᠪᠣᠢ?》
ᠡᠬᠡᠨᠡᠷ ᠨᠢ《ᠨᠠᠮ᠎ᠠ ᠶ᠋ᠢ ᠡᠨᠡ ᠦᠮᠡᠬᠡᠢ ᠣᠪᠣᠬᠠᠢ ᠠ᠋ᠴᠠ ᠪᠠᠨ ᠭᠠᠷᠭ᠎ᠠ ᠲᠡᠭᠡᠭᠡᠪᠡᠯ ᠪᠢ ᠵᠢᠷᠭᠠᠯ ᠲᠠᠢ ᠪᠣᠯᠤᠨ᠎ᠠ᠃》 ᠨᠢᠭᠡᠨ ᠡᠳᠦᠷ ᠵᠢᠭᠠᠰᠤᠴᠢᠨ ᠡᠷ᠎ᠡ ᠵᠢᠭᠠᠰᠤ ᠪᠠᠷᠢᠬᠤ ᠪᠠᠷ ᠬᠠᠳᠠᠨ ᠬᠢᠰᠠᠭ᠎ᠠ ᠳ᠋ᠤ᠌ ᠣᠴᠢᠵᠠᠢ ᠭᠡᠨ᠎ᠡ᠂ ᠳᠠᠯᠠᠢ ᠶ᠋ᠢᠨ ᠤᠰᠤ ᠲᠣᠭᠲᠠᠭᠤᠨ ᠲᠤᠩᠭᠠᠯᠠᠭ ᠪᠠᠢᠯ᠎ᠠ᠃ ᠲᠡᠷᠡ ᠪᠡᠷ ᠵᠢᠭᠠᠰᠤᠨ ᠤ᠋ ᠳᠡᠭᠡᠭᠡ ᠪᠡᠨ ᠳᠠᠯᠠᠢ ᠶ᠋ᠢᠨ ᠭᠦᠨ ᠤᠷᠤᠭᠤ ᠰᠢᠳᠡᠨ ᠬᠦᠯᠢᠶᠡᠵᠦ ᠰᠠᠭᠤᠵᠠᠢ᠂ ᠣᠯᠠᠨ ᠴᠠᠭ ᠥᠩᠭᠡᠷᠡᠵᠦ ᠲᠡᠷᠡ ᠡᠷ᠎ᠡ ᠶᠠᠳᠠᠷᠠᠵᠤ ᠡᠬᠢᠯᠡᠯ᠎ᠡ᠃ ᠵᠢᠭᠠᠰᠤᠴᠢᠨ᠄《ᠡᠩ᠁ ᠥᠨᠥᠳᠥᠷ ᠴᠦ᠍ ᠵᠢᠮᠢᠰ ᠢ᠋ᠶ᠋ᠡᠷ ᠭᠣᠣᠯ ᠵᠣᠭᠣᠬᠤ ᠪᠣᠯᠬᠤ ᠨᠢ ᠲᠠ ᠬᠦᠯᠢᠶᠡᠭᠡᠷᠡᠢ᠂!ᠨᠢᠭᠡ ᠵᠦᠢᠯ ᠪᠠᠷᠢᠭᠳᠠᠬᠤ ᠰᠢᠭ᠋ ᠪᠣᠯᠤᠯ᠎ᠠ᠃ ᠵᠢᠭᠠᠰᠤᠴᠢᠨ ᠳᠡᠭᠡᠭᠡ ᠪᠡᠨ ᠴᠢᠩᠭ᠎ᠠ ᠠᠳᠬᠤᠨ ᠪᠦᠬᠦ ᠴᠢᠳᠠᠯ ᠢ᠋ᠶ᠋ᠠᠷ ᠢ᠋ᠶ᠋ᠠᠨ ᠳᠠᠲᠠᠲᠠᠵᠤ ᠡᠬᠢᠯᠡᠪᠡ ᠭᠡᠨ᠎ᠡ᠃ ᠣᠦ ᠶᠡᠬᠡ ᠬᠦᠨᠳᠦ ᠪᠠᠢᠨ᠎ᠠ ᠰᠢᠦ᠂ᠬᠣᠶᠠᠷ ᠲᠣᠮᠣ ᠵᠢᠭᠠᠰᠤ ᠣᠷᠣᠭᠰᠠᠨ ᠪᠣᠯᠤᠯᠲᠠᠢ᠃ ᠳᠡᠭᠡᠬᠡᠨ ᠳ᠋ᠦ᠍ ᠣᠷᠣᠭᠰᠠᠨ ᠬᠠᠯᠢᠮᠤᠨ ᠵᠢᠭᠠᠰᠤ ᠶ᠋ᠢ ᠬᠠᠷᠠᠭᠠᠳ ᠮᠠᠯ ᠭᠠᠢᠬᠠᠵᠤ ᠣᠷᠬᠢᠪᠠ᠃ ᠠᠯᠲᠠᠨ ᠰᠢᠷᠭᠠᠯ ᠥᠩᠭᠡ ᠲᠡᠢ ᠭᠢᠯᠲᠠᠭᠠᠨᠠᠭᠰᠠᠨ ᠵᠢᠭᠠᠰᠤ ᠪᠠᠢᠪᠠ ᠭᠡᠨ᠎ᠡ᠃ ᠲᠡᠷᠡ ᠬᠦ᠌ ᠬᠠᠯᠢᠮᠤᠨ ᠵᠢᠭᠠᠰᠤ ᠵᠣᠭᠬᠢᠭᠠᠳ ᠡᠢᠮᠦ ᠬᠦᠨᠳᠦ ᠪᠠᠢᠳᠠᠭ ᠪᠢᠯᠡ᠃ ᠮᠠᠭᠠᠳ ᠦᠭᠡᠢ ᠡᠨᠡ ᠵᠢᠭᠠᠰᠤ ᠬᠡᠲᠦᠷᠬᠡᠢ ᠨᠢᠭᠡ ᠢᠳᠡᠴᠢᠬᠡᠭᠰᠡᠨ ᠪᠠᠢᠬ᠎ᠠ᠂》 ᠬᠠᠯᠢᠮᠤᠨ ᠵᠢᠭᠠᠰᠤ᠄《ᠦᠭᠡᠢ ᠳ᠋ᠠ᠂ ᠵᠢᠭᠠᠰᠤᠴᠢᠨ ᠠ᠋ ᠪᠢ ᠶᠡᠬᠡ ᠢᠳᠡᠭᠰᠡᠨ ᠡᠴᠡ ᠪᠣᠯᠤᠭᠠᠳ ᠪᠤᠰᠤᠳ ᠵᠢᠭᠠᠰᠤᠨ ᠠ᠋ᠴᠠ ᠬᠦᠨᠳᠦ ᠪᠠᠢᠭ᠎ᠠ ᠶᠤᠮ ᠪᠢᠰᠢ》 ᠵᠢᠭᠠᠰᠤᠴᠢᠨ᠄《ᠶᠠᠭᠤ᠂ ᠴᠢ ᠨᠠᠳᠠ ᠲᠠᠢ ᠶᠠᠷᠢᠯ᠎ᠠ ᠭᠡᠵᠦ ᠦᠦ?ᠶᠠᠭᠤ ᠪᠣᠯᠬᠤ ᠨᠢ ᠡᠨᠡ ᠪᠣᠢ᠂ ᠮᠢᠨᠦ ᠨᠡᠷ᠎ᠡ ᠶ᠋ᠢ ᠶᠠᠭᠠᠬᠢᠵᠤ ᠮᠡᠳᠡᠭᠰᠡᠨ ᠪᠣᠢ? 》 ᠬᠠᠯᠢᠮᠤᠨ ᠵᠢᠭᠠᠰᠤ᠄《ᠪᠢ ᠲᠠᠨ ᠤ᠋ ᠲᠤᠬᠠᠢ ᠥᠭᠡᠷ᠎ᠡ ᠣᠯᠠᠨ ᠵᠦᠢᠯ ᠢ᠋ ᠮᠡᠳᠡᠨ᠎ᠡ᠂ ᠪᠢ ᠪᠣᠯ ᠵᠢᠷ ᠤᠨ ᠨᠢᠭᠡ ᠵᠢᠭᠠᠰᠤ ᠪᠢᠰᠢ᠂ ᠪᠢ ᠪᠣᠯ ᠷᠢᠳᠢ ᠰᠢᠳᠢᠲᠡᠢ ᠬᠠᠭᠠᠨ ᠤ᠋ ᠬᠦᠦ ᠨᠠᠮ᠎ᠠ ᠶ᠋ᠢ ᠰᠤᠯᠠ ᠲᠠᠯᠪᠢᠭᠠᠴᠢ ᠳ᠋ᠠ᠂ ᠨᠠᠮ᠎ᠠ ᠶ᠋ᠢ ᠢᠳᠡᠯ᠎ᠡ ᠭᠡᠬᠦ ᠳ᠋ᠦ᠍ ᠪᠢ ᠰᠠᠢᠬᠠᠨ ᠠᠮᠲᠠᠲᠠᠢ ᠬᠣᠭᠣᠯᠠ ᠪᠣᠯᠵᠤ ᠴᠢᠳᠠᠬᠤ ᠦᠭᠡᠢ᠂ ᠭᠤᠶᠤᠶ᠎ᠠ ᠨᠠᠮ᠎ᠠ ᠶ᠋ᠢ ᠪᠢᠲᠡᠭᠡᠢ ᠠᠯᠠᠭᠠᠴᠢ ᠳ᠋ᠠ᠃》 ᠵᠢᠭᠠᠰᠤᠴᠢᠨ᠄《ᠥᠭᠡᠷ᠎ᠡ ᠶᠠᠭᠤ ᠴᠤ᠌ ᠶᠠᠷᠢᠬᠤ ᠬᠡᠷᠡᠭ ᠦᠭᠡᠢ᠂ ᠪᠢ ᠶᠠᠭᠠᠬᠢᠭᠰᠠᠨ ᠴᠤ᠌ ᠶᠠᠷᠢᠳᠠᠭ ᠵᠢᠭᠠᠰᠤ ᠠᠯᠠᠬᠤ ᠦᠭᠡᠢ᠂ ᠪᠢ ᠴᠢᠮ᠎ᠠ ᠶ᠋ᠢ ᠰᠤᠯᠠ ᠲᠠᠯᠪᠢᠨ᠎ᠠ᠃》 ᠬᠠᠯᠢᠮᠤᠨ ᠵᠢᠭᠠᠰᠤ᠄《ᠠ! ᠪᠠᠶᠠᠷᠯᠠᠯ᠎ᠠ!》 ᠵᠢᠭᠠᠰᠤᠴᠢᠨ ᠡᠬᠡᠨᠡᠷ ᠲᠦ᠍ ᠪᠡᠨ ᠵᠢᠭᠠᠰᠤᠨ ᠤ᠋ ᠲᠤᠬᠠᠢ ᠬᠡᠯᠡᠨ᠎ᠡ ᠭᠡᠬᠦ ᠡᠴᠡ ᠪᠠᠢᠵᠤ ᠶᠠᠳᠠᠵᠤ ᠪᠠᠢᠨ᠎ᠠ᠃ ᠥᠨᠥᠳᠥᠷ ᠡᠬᠡᠨᠡᠷ ᠲᠦ᠍ ᠪᠡᠨ ᠥᠭᠬᠦ ᠨᠢᠭᠡ ᠴᠦ᠍ ᠵᠢᠭᠠᠰᠤ ᠪᠠᠷᠢᠭ᠎ᠠ ᠦᠭᠡᠢ ᠭᠡᠳᠡᠭ ᠢ᠋ᠶ᠋ᠡᠨ ᠤᠮᠠᠷᠲᠠᠨ ᠭᠡᠷ ᠤᠷᠤᠭᠤ ᠪᠠᠨ ᠶᠠᠭᠠᠷᠠᠨ ᠭᠦᠶᠦᠯ᠎ᠡ᠃ ᠵᠢᠭᠠᠰᠤᠴᠢᠨ᠄《ᠬᠣᠩᠭᠣᠷ ᠮᠢᠨᠢ ᠂ᠪᠢ ᠴᠢᠮ᠎ᠠ ᠳ᠋ᠤ᠌ ᠨᠢᠭᠡᠨ ᠢᠲᠡᠭᠡᠮᠡᠷ ᠦᠭᠡᠢ ᠦᠯᠢᠭᠡᠷ ᠬᠡᠯᠡᠬᠦ ᠪᠡᠷ ᠶᠠᠭᠠᠷᠠᠭᠠᠳ ᠢᠷᠡᠯ᠎ᠡ᠃》 ᠡᠬᠡᠨᠡᠷ᠄《ᠶᠠᠭᠤ᠂ ᠥᠨᠥᠳᠥᠷ ᠵᠢᠭᠠᠰᠤ ᠪᠠᠷᠢᠭ᠎ᠠ ᠦᠭᠡᠢ ᠶᠦᠮ ᠦᠦ?》 ᠵᠢᠭᠠᠰᠤᠴᠢᠨ᠄《 ᠣ ᠂ ᠦᠭᠡᠢ ᠳ᠋ᠠ᠂ ᠪᠢ ᠬᠠᠯᠢᠮᠤᠨ ᠵᠢᠭᠠᠰᠤ ᠪᠠᠷᠢᠭᠰᠠᠨ᠂ ᠶᠠᠷᠢᠳᠠᠭ ᠵᠢᠭᠠᠰᠤ᠂ ᠲᠡᠷᠡ ᠥᠪᠡᠷ ᠢ᠋ ᠪᠡᠨ ᠷᠢᠳᠢ ᠰᠢᠳᠢᠲᠡᠢ ᠬᠠᠭᠠᠨ ᠬᠦᠦ ᠭᠡᠵᠦ ᠨᠠᠳᠠ ᠳ᠋ᠤ᠌ ᠬᠡᠯᠡᠭᠰᠡᠨ᠃》 ᠡᠬᠡᠨᠡᠷ᠄《ᠶᠠᠭᠤ? ᠲᠡᠭᠡᠭᠡᠳ ᠶᠠᠭᠤ ᠪᠣᠯᠤᠭᠰᠠᠨ ᠪᠣᠢ?》 ᠵᠢᠭᠠᠰᠤᠴᠢᠨ᠄《ᠲᠡᠭᠡᠭᠡᠳ ᠪᠢ ᠰᠤᠯᠠ ᠲᠠᠯᠪᠢᠴᠢᠬᠠᠭᠰᠠᠨ᠂ ᠣᠳᠣ ᠲᠡᠷᠡ ᠵᠢᠭᠠᠰᠤ ᠳᠠᠯᠠᠢ ᠶ᠋ᠢᠨ ᠭᠦᠨ ᠳ᠋ᠦ᠍ ᠶᠠᠪᠤᠵᠤ ᠪᠠᠢᠭ᠎ᠠ᠃》
ᠡᠬᠡᠨᠡᠷ᠄《ᠴᠢ ᠷᠢᠳᠢ ᠰᠢᠳᠢᠲᠡᠢ ᠵᠢᠭᠠᠰᠤ ᠪᠠᠷᠢᠭᠰᠠᠨ᠂ ᠬᠢᠷᠢᠨ᠎ᠠ ᠵᠦᠭᠡᠷ ᠰᠤᠯᠠ ᠲᠠᠯᠪᠢᠴᠢᠬᠠᠭᠰᠠᠨ ᠬᠡᠷᠡᠭ ᠦᠦ?᠂ ᠶᠠᠭᠠᠬᠢᠭᠠᠳ ᠰᠤᠯᠠ ᠲᠠᠯᠪᠢᠵᠤ ᠪᠠᠢᠭ᠎ᠠ ᠶᠤᠮ ᠪᠣᠢ? ᠪᠢᠳᠡ ᠶᠠᠳᠠᠭᠤ ᠥᠯᠥᠰᠬᠦᠯᠡᠩ ᠠᠮᠢᠳᠤᠷᠠᠵᠤ ᠪᠠᠢᠨ᠎ᠠ᠂ ᠪᠢᠳᠡ ᠦᠮᠡᠬᠡᠢ ᠣᠪᠣᠬᠠᠢ ᠳ᠋ᠤ᠌ ᠠᠮᠢᠳᠤᠷᠠᠵᠤ ᠪᠠᠢᠨ᠎ᠠ᠂ ᠶᠠᠳᠠᠵᠤ ᠠᠷᠠᠢ ᠳᠡᠭᠡᠷ᠎ᠡ ᠪᠠᠢᠰᠢᠩ ᠭᠤᠶᠤᠵᠤ ᠪᠣᠯᠤᠭᠰᠠᠨ ᠦᠭᠡᠢ ᠦᠦ?》
ᠵᠢᠭᠠᠰᠤᠴᠢᠨ᠄《ᠲᠡᠷᠡ ᠵᠢᠭᠠᠰᠤ ᠶᠠᠭᠠᠬᠢᠵᠤ ᠨᠠᠳᠠ ᠳ᠋ᠤ᠌ ᠪᠠᠢᠰᠢᠩ ᠥᠭᠴᠦ ᠴᠢᠳᠠᠨ᠎ᠠ ᠭᠡᠵᠢ᠂ ᠴᠢᠳᠠᠬᠤ ᠦᠭᠡᠢ ᠰᠢᠳᠡ ᠪᠢᠳᠡ ᠪᠠᠢᠭ᠎ᠠ ᠵᠦᠢᠯ ᠳ᠋ᠡᠭᠡᠨ ᠰᠡᠳᠬᠢᠯ ᠬᠠᠩᠬᠤᠯᠤᠨ ᠠᠮᠢᠳᠤᠷᠠᠬᠤ ᠶᠣᠰᠣᠲᠠᠢ ᠃》
ᠡᠬᠡᠨᠡᠷ᠄《ᠪᠢ ᠰᠢᠨ᠎ᠡ ᠪᠠᠢᠰᠢᠩ ᠳ᠋ᠤ᠌ ᠠᠮᠢᠳᠤᠷᠠᠪᠠᠯ ᠠᠵᠠ ᠵᠢᠷᠭᠠᠯᠲᠠᠢ ᠪᠣᠯᠤᠨ᠎ᠠ᠃ ᠴᠢ ᠥᠪᠡᠷ ᠢ᠋ᠶ᠋ᠡᠨ ᠯᠡ ᠲᠡᠷᠡ ᠵᠢᠭᠠᠰᠤ ᠶ᠋ᠢ ᠷᠢᠳᠢ ᠰᠢᠳᠢ ᠬᠠᠭᠠᠨ ᠬᠦᠦ ᠬᠡ ᠪᠢᠵᠡ ᠳᠠ᠂ ᠴᠢ ᠠᠮᠢ ᠶ᠋ᠢ ᠨᠢ ᠬᠡᠯᠲᠦᠷᠢᠭᠦᠯᠦᠭᠰᠡᠨ᠂ ᠡᠨᠡ ᠵᠡᠷᠭᠡ ᠶ᠋ᠢᠨ ᠬᠦᠰᠡᠯ ᠢ᠋ ᠴᠢᠨᠢ ᠪᠡᠶᠡᠯᠡᠭᠦᠯᠵᠦ ᠯᠡ ᠳᠠᠭᠠᠷᠠᠭ᠎ᠠ᠃ ᠪᠤᠴᠠᠵᠤ ᠶᠠᠪᠤᠭᠠᠳ ᠲᠡᠭᠦᠨ ᠡᠴᠡ ᠪᠠᠢᠰᠢᠩ ᠭᠣᠶᠣ!》
ᠨᠥᠬᠥᠷ ᠡᠷᠭᠢᠯᠳᠦᠵᠦ ᠪᠠᠢᠭᠰᠠᠨ ᠬᠡᠳᠦᠢ ᠴᠦ᠍ ᠳᠠᠯᠠᠢ ᠶ᠋ᠢᠨ ᠡᠷᠭᠢ ᠤᠷᠤᠭᠤ ᠪᠤᠴᠠᠵᠤ ᠣᠴᠢᠯ᠎ᠠ᠂ ᠳᠠᠯᠠᠢ ᠶ᠋ᠢᠨ ᠤᠰᠤ ᠨᠣᠭᠣᠭᠠᠨ ᠰᠢᠷᠭᠠᠯ ᠲᠤᠶᠠᠭ᠎ᠠ ᠲᠠᠢ ᠪᠣᠯᠤᠭᠰᠠᠨ ᠪᠠᠢᠭ᠎ᠠ ᠶ᠋ᠢ ᠬᠠᠷᠠᠭᠠᠳ ᠵᠢᠭᠠᠰᠤᠴᠢᠨ ᠮᠠᠯ ᠭᠠᠢᠬᠠᠪᠠ᠃ ᠵᠢᠭᠠᠰᠤᠴᠢᠨ᠄《ᠰᠢᠳᠢᠲᠦ ᠵᠢᠭᠠᠰᠤ ᠮᠢᠨᠢ! ᠨᠠᠮ᠎ᠠ ᠶ᠋ᠢ ᠰᠣᠨᠣᠰᠴᠤ ᠪᠠᠢᠨ᠎ᠠ ᠤᠤ?》 ᠰᠢᠳᠢᠲᠦ ᠵᠢᠭᠠᠰᠤ ᠵᠢᠭᠠᠰᠤᠴᠢᠨ ᠢ᠋ ᠡᠷᠭᠢᠨ ᠢᠷᠡᠬᠦ ᠶ᠋ᠢ ᠬᠦᠯᠢᠶᠡᠵᠦ ᠪᠠᠢᠭᠰᠠᠨ ᠮᠡᠲᠦ ᠲᠡᠷᠡ ᠳᠠᠷᠤᠢ ᠳ᠋ᠤ᠌ ᠳᠠᠯᠠᠢ ᠶ᠋ᠢᠨ ᠭᠠᠳᠠᠷᠭᠤ ᠳᠡᠭᠡᠷ᠎ᠡ ᠢᠯᠡ ᠭᠠᠷᠴᠤ ᠢᠷᠡᠪᠡ᠃ ᠵᠢᠭᠠᠰᠤᠴᠢᠨ᠄《ᠡᠬᠡᠨᠡᠷ ᠮᠢᠨᠢ ᠰᠡᠳᠬᠢᠯ ᠳᠤᠨᠳᠠᠭᠤᠷ ᠪᠠᠢᠨ᠎ᠠ᠃
ᠬᠠᠯᠢᠮᠤᠨ ᠵᠢᠭᠠᠰᠤ᠄《ᠡᠬᠡᠨᠡᠷ ᠴᠢᠨᠢ ᠶᠠᠭᠤ ᠬᠦᠰᠡᠪᠡ ᠪᠣᠢ?》 ᠵᠢᠭᠠᠰᠤᠴᠢᠨ᠄《ᠰᠢᠨ᠎ᠡ ᠪᠠᠢᠰᠢᠩ ᠲᠠᠢ ᠪᠣᠯᠤᠮᠠᠷ ᠪᠠᠢᠨ᠎ᠠ ᠭᠡᠨ᠎ᠡ᠃》
ᠬᠠᠯᠢᠮᠤᠨ ᠵᠢᠭᠠᠰᠤ᠄《ᠪᠤᠴᠠᠭᠠᠳ ᠶᠠᠪᠤ ᠳᠠ᠂ ᠡᠬᠡᠨᠡᠷ ᠦ᠋ᠨ ᠴᠢᠨᠢ ᠬᠦᠰᠡᠯ ᠪᠡᠶᠡᠯᠡᠭᠰᠡᠨ᠂》 ᠵᠢᠭᠠᠰᠤᠴᠢᠨ ᠭᠡᠷ ᠤᠷᠤᠭᠤ ᠪᠠᠨ ᠪᠤᠴᠠᠵᠤ ᠣᠴᠢᠲᠠᠯ᠎ᠠ ᠡᠬᠡᠨᠡᠷ ᠨᠢ ᠰᠢᠨᠡᠬᠡᠨ ᠰᠠᠢᠬᠠᠨ ᠪᠠᠢᠰᠢᠩ ᠤ᠋ᠨ ᠢ᠋ᠶ᠋ᠠᠨ ᠮᠣᠳᠣᠨ ᠬᠠᠭᠠᠯᠭᠠᠨ ᠤ᠋ ᠳᠡᠷᠭᠡᠳᠡ ᠵᠣᠭᠰᠣᠵᠤ ᠪᠠᠢᠪᠠ᠂ ᠴᠡᠪᠡᠷ ᠴᠡᠮᠴᠡᠭᠡᠷ ᠳᠣᠬᠢ ᠲᠤᠬᠠᠲᠠᠢ ᠪᠠᠢᠰᠢᠩ ᠲᠡᠳᠡᠨ ᠢ᠋ ᠤᠭᠲᠤᠪᠠ ᠭᠣᠶᠣ ᠦᠵᠡᠯᠭᠡ ᠲᠠᠪᠢᠯᠭ᠎ᠠ ᠢᠯᠡ ᠵᠤᠤᠬ᠎ᠠ ᠪᠠᠢᠭ᠎ᠠ ᠬᠠᠷᠠᠭᠳᠠᠨ᠎ᠠ᠃
ᠡᠬᠡᠨᠡᠷ ᠨᠢ᠄《ᠬᠣᠩᠭᠣᠷ ᠮᠢᠨᠢ ᠬᠠᠷᠠᠭᠠᠴᠢ᠂ ᠡᠨᠡ ᠪᠠᠢᠰᠢᠩ ᠬᠠᠪᠢ ᠦᠭᠡᠢ ᠲᠣᠮᠣ ᠪᠠᠰᠠ ᠴᠡᠪᠡᠷ ᠴᠡᠮᠴᠡᠭᠡᠷ ᠶᠦᠮ᠃》 ᠵᠢᠭᠠᠰᠤᠴᠢᠨ᠄《ᠲᠡᠢᠮᠦ ᠰᠢᠦ᠂ ᠪᠢᠳᠡᠨ ᠳ᠋ᠦ᠍ ᠪᠠᠰᠠ ᠵᠤᠤᠬ᠎ᠠ ᠪᠠᠢᠨ᠎ᠠ᠂ ᠡᠨᠡ ᠦᠨᠡᠬᠡᠷ ᠰᠠᠢᠬᠠᠨ ᠪᠢᠰᠢ ᠭᠡᠵᠢ ᠦᠦ᠂ ᠴᠢ ᠣᠳᠣ ᠵᠢᠷᠭᠠᠯᠲᠠᠢ ᠪᠠᠢᠨ᠎ᠠ ᠤᠤ ᠡᠨᠳᠡ ᠨᠠᠰᠤᠨ ᠲᠤᠷᠰᠢᠳᠠ ᠪᠠᠨ ᠠᠮᠢᠳᠤᠷᠠᠵᠤ ᠪᠣᠯᠤᠨ᠎ᠠ ᠪᠢᠵᠡ ᠳᠠ᠃》 ᠡᠬᠡᠨᠡᠷ᠄《ᠨᠠᠰᠤᠨ ᠲᠤᠷᠰᠢᠲᠠ! ᠡᠩ᠂ ᠬᠠᠷᠠᠨ ᠪᠠᠢᠵᠤ ᠪᠣᠯᠤᠶ᠎ᠠ᠂ ᠬᠣᠭᠣᠯᠠ ᠪᠠᠨ ᠢᠳᠡᠭᠡᠳ ᠣᠷᠣᠨ ᠳ᠋ᠤ᠌ ᠪᠠᠨ ᠣᠷᠣᠵᠠᠭᠠᠶ᠎ᠠ᠃》 ᠲᠡᠷᠡ ᠰᠥᠨᠢ ᠡᠬᠡᠨᠡᠷ ᠨᠢ ᠲᠠᠢᠪᠤᠩ ᠤᠨᠲᠠᠵᠤ ᠴᠢᠳᠠᠭᠰᠠᠨ ᠦᠭᠡᠢ ᠶᠠᠭᠤ ᠥᠪᠡᠷ ᠢ᠋ ᠨᠢ ᠠᠵᠠ ᠵᠢᠷᠭᠠᠯᠲᠠᠢ ᠪᠣᠯᠭᠠᠬᠤ ᠶ᠋ᠢ ᠪᠣᠳᠣᠨ ᠲᠣᠯᠣᠭᠠᠢ ᠪᠠᠨ ᠪᠢᠰᠢᠯᠭᠠᠵᠤ ᠪᠠᠢᠯ᠎ᠠ᠂ ᠲᠡᠷᠡ ᠥᠷᠯᠥᠭᠡ ᠡᠷᠲᠡ ᠬᠣᠭᠣᠯᠠᠨ ᠤ᠋ ᠰᠢᠷᠡᠭᠡᠨ ᠦ᠌ ᠠᠷᠤ ᠳ᠋ᠤ᠌ ᠨᠥᠬᠥᠷ ᠢ᠋ᠶ᠋ᠡᠨ ᠬᠦᠯᠢᠶᠡᠨ ᠰᠠᠭᠤᠵᠤ ᠪᠠᠢᠪᠠ ᠭᠡᠨ᠎ᠡ᠃ ᠡᠬᠡᠨᠡᠷ᠄《ᠥᠷᠯᠥᠭᠡᠨ ᠦ᠌ ᠮᠡᠨᠳᠦ᠂ ᠨᠥᠬᠥᠷ ᠮᠢᠨᠢ ᠰᠣᠨᠣᠰᠤᠭᠠᠴᠢ᠂ ᠡᠨᠡ ᠪᠠᠢᠰᠢᠩ ᠪᠢᠳᠡᠨ ᠳ᠋ᠦ᠍ ᠵᠢᠵᠢᠭᠳᠡᠬᠦ ᠶᠦᠮ ᠪᠠᠢᠨ᠎ᠠ᠂ ᠪᠢ ᠣᠷᠳᠣᠨ ᠲᠠᠢ ᠪᠣᠯᠤᠮᠠᠷ ᠪᠠᠢᠨ᠎ᠠ᠂ ᠪᠠᠰᠠ ᠬᠠᠲᠤᠨ ᠬᠠᠭᠠᠨ ᠪᠣᠯᠤᠮᠠᠷ ᠪᠠᠢᠨ᠎ᠠ᠂ ᠰᠢᠳᠢᠲᠦ ᠵᠢᠭᠠᠰᠤ ᠤᠷᠤᠭᠤ ᠣᠴᠢᠭᠠᠳ ᠪᠢᠳᠡᠨ ᠳ᠋ᠦ᠍ ᠣᠷᠳᠣᠨ ᠥᠭᠭᠦᠭᠡᠴᠢ ᠭᠡᠵᠦ ᠭᠣᠶᠣ᠃》 ᠵᠢᠭᠠᠰᠤᠴᠢᠨ᠄《ᠴᠢ ᠶᠠᠭᠠᠬᠢᠭᠠᠳ ᠬᠠᠲᠤᠨ ᠬᠠᠭᠠᠨ ᠪᠣᠯᠬᠤ ᠶ᠋ᠢ ᠬᠦᠰᠡᠭᠡ ᠪᠣᠢ? ᠡᠨᠡ ᠪᠦᠬᠦᠨ ᠪᠢᠳᠡᠨ ᠳ᠋ᠦ᠍ ᠬᠠᠩᠭᠠᠯᠲᠠᠲᠠᠢ ᠰᠢᠦ ᠳ᠋ᠠ᠃》 ᠡᠬᠡᠨᠡᠷ ᠨᠢ᠄《ᠡᠭᠦᠨ ᠢ᠋ ᠵᠥᠪᠬᠡᠨ ᠪᠢ ᠰᠢᠢᠳᠦᠨ᠎ᠡ᠂ ᠰᠢᠳᠢᠲᠦ ᠵᠢᠭᠠᠰᠤ ᠲᠠᠢ ᠠᠭᠤᠯᠵᠠᠵᠤ ᠨᠠᠮ᠎ᠠ ᠶ᠋ᠢ ᠬᠠᠭᠠᠨ ᠬᠠᠲᠤᠨ ᠪᠣᠯᠭ᠎ᠠ》 ᠨᠥᠬᠥᠷ ᠨᠢ ᠡᠷᠡᠭᠡᠯᠵᠡᠭᠰᠡᠨ ᠦᠭᠡᠢ ᠳᠠᠯᠠᠢ ᠶ᠋ᠢ ᠴᠢᠭᠯᠡᠨ ᠠᠯᠬᠤᠯ᠎ᠠ᠂ ᠳᠠᠯᠠᠢ ᠶ᠋ᠢᠨ ᠤᠰᠤ ᠦᠵᠦᠮ ᠦ᠋ᠨ ᠶᠠᠭᠠᠨ ᠥᠩᠭᠡ ᠲᠡᠢ ᠪᠣᠯᠵᠤ ᠰᠠᠯᠬᠢ ᠢᠰᠬᠡᠷᠦᠭᠰᠡᠨ ᠡᠳᠦᠷ ᠪᠠᠢᠯ᠎ᠠ᠃ ᠵᠢᠭᠠᠰᠤᠴᠢᠨ᠄《ᠰᠢᠳᠢᠲᠦ ᠵᠢᠭᠠᠰᠤ ᠮᠢᠨᠢ! ᠨᠠᠮ᠎ᠠ ᠶ᠋ᠢ ᠰᠣᠨᠣᠰᠴᠤ ᠪᠠᠢᠨ᠎ᠠ ᠤᠤ᠁ ᠡᠬᠡᠨᠡᠷ ᠮᠠᠨᠢ ᠰᠡᠳᠬᠢᠯ ᠳᠤᠨᠳᠠᠭᠤᠷ ᠪᠠᠢᠨ᠎ᠠ᠃》 ᠬᠠᠯᠢᠮᠤᠨ ᠵᠢᠭᠠᠰᠤ!《ᠡᠬᠡᠨᠡᠷ ᠴᠢᠨᠢ ᠶᠠᠭᠤ ᠬᠦᠰᠡᠭᠡ ᠪᠣᠢ?》 ᠵᠢᠭᠠᠰᠤᠴᠢᠨ᠄《ᠥᠪᠡᠷ ᠦ᠋ᠨ ᠭᠡᠰᠡᠨ ᠣᠷᠳᠣᠨ ᠲᠠᠢ ᠬᠠᠲᠤᠨ ᠬᠠᠭᠠᠨ ᠪᠣᠯᠤᠮᠠᠷ ᠪᠠᠢᠨ᠎ᠠ ᠭᠡᠨ᠎ᠡ᠃》 ᠬᠠᠯᠢᠮᠤᠨ ᠵᠢᠭᠠᠰᠤ᠄《ᠪᠤᠴᠠᠭᠠᠳ ᠶᠠᠪᠤ ᠳᠠ᠂ ᠡᠬᠡᠨᠡᠷ ᠦ᠋ᠨ ᠴᠢᠨᠢ ᠬᠦᠰᠡᠯ ᠪᠡᠶᠡᠯᠡᠭᠰᠡᠨ᠃》 ᠨᠥᠬᠥᠷ ᠭᠡᠷ ᠲᠦ᠍ ᠪᠡᠨ ᠪᠤᠴᠠᠨ ᠣᠴᠢᠲᠠᠯ᠎ᠠ ᠰᠢᠨ᠎ᠡ ᠪᠠᠢᠰᠢᠩ ᠨᠢ ᠠᠯᠠᠭ᠎ᠠ ᠪᠣᠯᠵᠤ ᠣᠷᠣᠨ ᠳ᠋ᠤ᠌ ᠨᠢ ᠲᠣᠮᠣ ᠭᠠᠤᠯᠢᠨ ᠬᠠᠭᠠᠯᠭ᠎ᠠ ᠲᠠᠢ ᠨᠦᠰᠡᠷ ᠣᠷᠳᠣᠨ ᠰᠦᠨᠳᠡᠷᠯᠡᠵᠦ ᠪᠠᠢᠬᠤ ᠨᠢ ᠲᠡᠷᠡ᠂ ᠬᠠ ᠰᠠᠢ ᠦᠭᠡᠢ ᠵᠠᠷᠤᠴᠠ ᠰᠢᠪᠡᠭᠴᠢᠨ ᠨᠦ᠍ᠭᠦᠳ ᠶᠠᠭᠠᠷᠠᠨ ᠭᠦᠶᠦᠯᠳᠦᠵᠦ ᠪᠠᠢᠯ᠎ᠠ᠂ ᠰᠡᠩᠲᠡᠢ ᠳ᠋ᠦ᠍ ᠡᠬᠡᠨᠡᠷ ᠨᠢ ᠰᠠᠭᠤᠵᠤ ᠪᠠᠢᠭ᠎ᠠ ᠶ᠋ᠢ ᠵᠢᠭᠠᠰᠤᠴᠢᠨ ᠬᠠᠷᠠᠯ᠎ᠠ ᠲᠣᠯᠣᠭᠠᠢ ᠳ᠋ᠤ᠌ ᠪᠠᠨ ᠲᠢᠲᠢᠮ ᠵᠡᠭᠦᠭᠰᠡᠨ ᠪᠠᠢᠪᠠ᠃ ᠵᠢᠭᠠᠰᠤᠴᠢᠨ᠄《ᠴᠢ ᠢᠩᠬᠢᠭᠳ ᠬᠠᠲᠤᠨ ᠬᠠᠭᠠᠨ ᠪᠣᠯᠤᠯ᠎ᠠ᠃》 ᠡᠬᠡᠨᠡᠷ ᠨᠢ᠄《ᠲᠡᠢᠮᠦ ᠠ᠋᠂ ᠪᠢ ᠪᠣᠯ ᠬᠠᠲᠤᠨ ᠬᠠᠭᠠᠨ!》 ᠵᠢᠭᠠᠰᠤᠴᠢᠨ᠄《ᠡᠨᠡ ᠰᠠᠢᠬᠠᠨ ᠪᠢᠰᠢ ᠭᠡᠵᠢ ᠦᠦ? ᠴᠢ ᠣᠳᠣ ᠵᠢᠷᠭᠠᠯ ᠲᠠᠢ ᠪᠠᠢᠨ᠎ᠠ ᠤᠤ?》 ᠡᠬᠡᠨᠡᠷ ᠨᠢ᠄《ᠡᠩ᠁ ᠦᠭᠡᠢ᠁ ᠬᠠᠲᠤᠨ ᠬᠠᠭᠠᠨ ᠪᠣᠯᠬᠤ ᠬᠠᠩᠭᠠᠯᠲᠠᠲᠠᠢ ᠪᠢᠰᠢ ᠪᠢ ᠡᠵᠡᠨ ᠬᠠᠭᠠᠨ ᠪᠣᠯᠤᠮᠠᠷ ᠪᠠᠢᠨ᠎ᠠ᠃》 ᠵᠢᠭᠠᠰᠤᠴᠢᠨ᠄《ᠠ! ᠶᠠᠭᠤ? ᠪᠢ ᠶᠠᠭᠤ ᠪᠣᠳᠣᠵᠤ ᠪᠠᠢᠭ᠎ᠠ ᠶ᠋ᠢ ᠴᠢᠨᠢ ᠮᠡᠳᠡᠵᠦ ᠪᠠᠢᠨ᠎ᠠ᠂ ᠰᠢᠳᠢᠲᠦ ᠵᠢᠭᠠᠰᠤ ᠴᠢᠮ᠎ᠠ ᠶ᠋ᠢ ᠬᠠᠭᠠᠨ ᠪᠣᠯᠭᠠᠵᠤ ᠴᠢᠳᠠᠬᠤ ᠦᠭᠡᠢ᠂ ᠡᠨᠡ ᠴᠢᠨᠢ ᠪᠣᠯᠤᠮᠵᠢ ᠦᠭᠡᠢ᠂》 ᠡᠬᠡᠨᠡᠷ ᠨᠢ᠄《ᠴᠢ ᠡᠭᠦᠨ ᠢ᠋ ᠮᠡᠳᠡᠬᠦ ᠲᠡᠷᠡ ᠵᠢᠭᠠᠰᠤᠨ ᠳᠡᠭᠡᠷ᠎ᠡ ᠪᠡᠨ ᠣᠴᠢᠭᠠᠳ ᠨᠠᠮ᠎ᠠ ᠶ᠋ᠢ ᠡᠵᠡᠨ ᠬᠠᠭᠠᠨ ᠪᠣᠯᠭᠠᠭᠠᠳ ᠥᠭ᠃》 ᠵᠢᠭᠠᠰᠤᠴᠢᠨ ᠡᠷᠡᠭᠡᠯᠵᠡᠭᠰᠡᠨ ᠦᠭᠡᠢ ᠳᠠᠯᠠᠢ ᠶ᠋ᠢ ᠴᠢᠭᠯᠡᠨ ᠠᠯᠬᠤᠯ᠎ᠠ᠂ ᠳᠠᠯᠠᠢ ᠶ᠋ᠢᠨ ᠤᠰᠤ ᠬᠦᠷᠡᠩ ᠥᠩᠭᠡ ᠲᠡᠢ ᠪᠣᠯᠤᠭᠰᠠᠨ ᠪᠠᠢᠬᠤ ᠶ᠋ᠢ ᠬᠠᠷᠠᠨ ᠭᠠᠢᠬᠠᠨ ᠬᠡᠰᠡᠭ ᠵᠣᠭᠰᠣᠭᠠᠳ᠂ ᠵᠢᠭᠠᠰᠤᠴᠢᠨ᠄《ᠰᠢᠳᠢᠲᠦ ᠵᠢᠭᠠᠰᠤ ᠮᠢᠨᠢ! ᠨᠠᠮ᠎ᠠ ᠶ᠋ᠢ ᠰᠣᠨᠣᠰᠴᠤ ᠪᠠᠢᠨ᠎ᠠ ᠤᠤ᠁ ᠡᠬᠡᠨᠡᠷ ᠮᠢᠨᠢ ᠰᠡᠳᠬᠢᠯ ᠳᠤᠨᠳᠠᠭᠤᠷ ᠪᠠᠢᠨ᠎ᠠ᠂᠃》 ᠬᠠᠯᠢᠮᠤᠨ ᠵᠢᠭᠠᠰᠤ᠄《ᠡᠬᠡᠨᠡᠷ ᠴᠢᠨᠢ ᠶᠠᠭᠤ ᠬᠦᠰᠡᠭᠡ ᠪᠣᠢ?》 ᠵᠢᠭᠠᠰᠤᠴᠢᠨ᠄《ᠲᠡᠷᠡ ᠡᠵᠡᠨ ᠬᠠᠭᠠᠨ ᠪᠣᠯᠤᠮᠠᠷ ᠪᠠᠢᠨ᠎ᠠ ᠭᠡᠨ᠎ᠡ᠃》 ᠬᠠᠯᠢᠮᠤᠨ ᠵᠢᠭᠠᠰᠤ᠄《ᠪᠤᠴᠠᠭᠠᠳ ᠶᠠᠪᠤ ᠳᠠ! ᠡᠬᠡᠨᠡᠷ ᠦ᠋ᠨ ᠴᠢᠨᠢ ᠬᠦᠰᠡᠯ ᠪᠡᠶᠡᠯᠡᠭᠰᠡᠨ᠃》 ᠵᠢᠭᠠᠰᠤᠴᠢᠨ ᠡᠬᠡᠨᠡᠷ ᠮᠢᠨᠢ ᠣᠳᠣ ᠠᠵᠠ ᠵᠢᠷᠭᠠᠯ ᠲᠠᠢ ᠪᠣᠯᠤᠭᠰᠠᠨ ᠪᠣᠯ ᠤᠤ? ᠭᠡᠮᠡᠨ ᠪᠣᠳᠣᠭᠰᠠᠭᠠᠷ ᠪᠤᠴᠠᠨ ᠠᠯᠬᠤᠯ᠎ᠠ᠃ ᠣᠷᠳᠣᠨ ᠳ᠋ᠤ᠌ ᠲᠤᠯᠵᠤ ᠣᠴᠢᠲᠠᠯ᠎ᠠ ᠲᠣᠮᠣ ᠭᠠᠤᠯᠢᠨ ᠬᠠᠭᠠᠯᠭᠠᠨ ᠤ᠋ ᠣᠷᠣᠨ ᠳ᠋ᠤ᠌ ᠲᠣᠮᠣ ᠠᠯᠲᠠᠨ ᠬᠠᠭᠠᠯᠭ᠎ᠠ ᠲᠡᠭᠦᠨ ᠢ᠋ ᠤᠭᠲᠤᠯ᠎ᠠ᠂ ᠣᠷᠳᠣᠨ ᠡᠮᠦᠨᠡᠬᠢ ᠡᠴᠡ ᠪᠡᠨ ᠴᠦ᠍ ᠲᠣᠮᠣ ᠪᠣᠯᠤᠭᠰᠠᠨ ᠪᠠᠢᠪᠠ᠃ ᠳᠣᠲᠣᠷ᠎ᠠ ᠨᠢ ᠵᠢᠭᠠᠰᠤᠴᠢᠨ ᠡᠬᠡᠨᠡᠷ ᠠᠯᠲᠠᠨ ᠰᠡᠩᠲᠡᠢ ᠳ᠋ᠦ᠍ ᠰᠠᠭᠤᠵᠤ ᠪᠠᠢᠯ᠎ᠠ᠂ ᠬᠠᠭᠠᠨ ᠤ᠋ ᠰᠢᠳᠠᠷ ᠲᠤᠰᠠᠯᠠᠬᠤ ᠨᠤᠭᠤᠳ ᠪᠤᠰᠤᠳ ᠬᠠᠭᠠᠨᠲᠤ ᠤᠯᠤᠰ ᠤ᠋ᠨ ᠬᠠᠭᠠᠳ ᠲᠡᠭᠦᠨ ᠦ᠌ ᠳᠣᠣᠷ᠎ᠠ ᠰᠠᠭᠤᠵᠤ ᠪᠠᠢᠨ᠎ᠠ ᠭᠡᠨ᠎ᠡ᠃ ᠨᠢᠭᠡ ᠭᠠᠷ ᠲᠤ᠌ ᠪᠠᠨ ᠠᠯᠲᠠᠨ ᠪᠥᠮᠪᠥᠷᠴᠡᠭ᠂ ᠨᠥᠬᠥᠭᠡ ᠭᠠᠷ ᠲᠤ᠌ ᠪᠠᠨ ᠸᠴᠢᠷ ᠲᠠᠶᠠᠭ ᠪᠠᠷᠢᠭᠰᠠᠨ ᠪᠠᠢᠯ᠎ᠠ᠃ ᠵᠢᠭᠠᠰᠤᠴᠢᠨ᠄《ᠬᠠᠢᠷᠠᠲᠤ ᠮᠢᠨᠢ᠂ ᠴᠢ ᠢᠩᠭᠢᠭᠡᠳ ᠦᠨᠡᠬᠡᠷ ᠡᠵᠡᠨ ᠬᠠᠭᠠᠨ ᠪᠣᠯᠤᠯ᠎ᠠ᠃》 ᠡᠬᠡᠨᠡᠷ ᠄《ᠲᠡᠢᠮᠦ ᠠ᠋᠂ ᠦᠨᠡᠨ᠂ ᠲᠡᠷᠡ ᠵᠢᠭᠠᠰᠤ ᠬᠦᠰᠡᠯ ᠢ᠋ ᠮᠢᠨᠢ ᠪᠡᠶᠡᠯᠡᠭᠦᠯᠵᠦ ᠴᠢᠳᠠᠨ᠎ᠠ ᠭᠡᠵᠦ ᠬᠡᠯᠡᠭᠰᠡᠨ ᠪᠠᠢᠬ᠎ᠠ ᠠ᠋!》 ᠵᠢᠭᠠᠰᠤᠴᠢᠨ᠄《ᠲᠡᠢᠮᠦ ᠠ᠋᠂ ᠴᠢ ᠬᠡᠯᠡᠭᠰᠡᠨ᠂ ᠴᠢ ᠲᠡᠭᠡᠭᠡᠳ ᠵᠢᠷᠭᠠᠯ ᠲᠠᠢ ᠪᠠᠢᠨ᠎ᠠ ᠤᠤ?》 ᠡᠬᠡᠨᠡᠷ᠄《ᠪᠢ᠁ ᠪᠢ ᠦᠨᠡᠨ ᠳ᠋ᠦ᠍ ᠪᠡᠨ ᠮᠡᠳᠡᠬᠦ ᠦᠭᠡᠢ ᠪᠠᠢᠨ᠎ᠠ᠂ ᠬᠠᠷᠠᠵᠤ ᠯᠠ ᠪᠠᠢᠶ᠎ᠠ᠂ ᠪᠢᠳᠡᠨ ᠢ᠋ ᠤᠷᠲᠤ ᠡᠳᠦᠷ ᠬᠦᠯᠢᠶᠡᠵᠦ ᠪᠠᠢᠨ᠎ᠠ᠂ ᠪᠢᠳᠡ ᠣᠳᠣ ᠶᠠᠪᠤᠵᠤ ᠤᠨᠲᠠᠬᠤ ᠶᠣᠰᠣᠲᠠᠢ᠃》 ᠵᠢᠭᠠᠰᠤᠴᠢᠨ ᠡᠬᠡᠨᠡᠷ ᠢ᠋ ᠪᠡᠨ ᠣᠬᠢᠭᠠᠳ ᠥᠭᠡᠷ᠎ᠡ ᠵᠦᠢᠯ ᠱᠠᠭᠠᠷᠳᠠᠬᠤ ᠪᠣᠢ ᠭᠡᠬᠦ ᠡᠴᠡ ᠠᠶᠤᠵᠤ ᠪᠠᠢᠯ᠎ᠠ᠃ ᠭᠡᠪᠡᠴᠦ ᠲᠡᠷᠡ ᠪᠡᠷ ᠡᠳᠦᠷᠵᠢᠨ ᠭᠦᠶᠦᠭᠰᠡᠭᠡᠷ ᠶᠡᠬᠡᠳᠡ ᠶᠠᠳᠠᠷᠠᠭᠰᠠᠨ ᠪᠠᠢᠯ᠎ᠠ᠂
ᠬᠡᠪᠲᠡᠭᠰᠡᠨ ᠳᠠᠷᠤᠢ ᠳ᠋ᠤ᠌ ᠪᠠᠨ ᠭᠦᠨ ᠨᠣᠢᠷ ᠲᠤ᠌ ᠪᠠᠨ ᠠᠪᠲᠠᠨ ᠤᠨᠲᠠᠵᠠᠢ ᠭᠡᠨ᠎ᠡ᠃ ᠭᠡᠪᠡᠴᠦ ᠡᠬᠡᠨᠡᠷ ᠨᠢ ᠤᠨᠲᠠᠵᠤ ᠴᠢᠳᠠᠬᠤ ᠦᠭᠡᠢ ᠪᠠᠢᠯ᠎ᠠ᠂ ᠶᠠᠭᠤ ᠥᠪᠡᠷ ᠢ᠋ ᠨᠢ ᠠᠵᠠ ᠵᠢᠷᠭᠠᠯᠲᠠᠢ ᠪᠣᠯᠭᠠᠬᠤ ᠶ᠋ᠢ ᠪᠣᠳᠣᠨ ᠤᠳᠠᠭᠠᠨ ᠭᠡᠭᠴᠢ ᠨᠢ ᠰᠠᠭᠤᠯ᠎ᠠ᠃ ᠨᠢᠭᠡ ᠳᠣᠯᠣᠭ᠎ᠠ ᠬᠣᠨᠣᠭ ᠥᠩᠭᠡᠷᠡᠪᠡ᠂ ᠣᠷᠣᠢ ᠪᠦᠷᠢ ᠵᠢᠭᠠᠰᠤᠴᠢᠨ ᠡᠬᠡᠨᠡᠷ ᠢ᠋ ᠪᠡᠨ ᠠᠵᠠ ᠵᠢᠷᠭᠠᠯᠲᠠᠢ ᠪᠣᠯᠤᠭᠠᠱᠢ ᠭᠡᠵᠦ ᠵᠠᠯᠪᠠᠷᠢᠳᠠᠭ ᠪᠠᠢᠪᠠ᠃ ᠬᠠᠷᠢᠨ ᠡᠬᠡᠨᠡᠷ ᠨᠢ ᠰᠥᠨᠢ ᠪᠦᠷᠢ ᠣᠷᠣᠨ ᠳᠣᠲᠣᠷ᠎ᠠ ᠪᠠᠨ ᠰᠠᠷ᠎ᠠ ᠣᠳᠣᠳ ᠤᠷᠤᠭᠤ ᠬᠠᠷᠠᠵᠤ ᠰᠠᠭᠤᠳᠠᠭ ᠪᠠᠢᠪᠠ᠃ ᠡᠴᠦᠰ ᠲᠦ᠍ ᠨᠢ ᠨᠢᠭᠡᠨ ᠰᠥᠨᠢ ᠲᠡᠷᠡ ᠪᠡᠷ ᠵᠠᠬ᠎ᠠ ᠬᠢᠵᠠᠭᠠᠷ ᠦᠭᠡᠢ ᠪᠣᠳᠣᠯ ᠳ᠋ᠤ᠌ ᠠᠪᠲᠠᠭᠰᠠᠭᠠᠷ ᠵᠠᠯᠬᠠᠵᠤ ᠠᠮᠠᠷᠠᠬᠤ ᠶ᠋ᠢ ᠬᠦᠰᠡᠭᠰᠡᠨ ᠪᠣᠯᠪᠠᠴᠤ᠃ ᠡᠬᠡᠨᠡᠷ᠄《ᠶᠠᠭᠤ? ᠥᠷᠯᠥᠭᠡ ᠪᠣᠯᠴᠢᠬᠠᠯ᠎ᠠ ᠭᠡᠵᠢ ᠦᠦ ᠨᠠᠷᠠ ᠢᠩᠭᠢᠵᠦ ᠰᠢᠭᠤᠳ ᠮᠠᠨᠳᠤᠵᠤ ᠵᠢᠷᠦᠬᠡᠯᠡᠨ᠎ᠡ ᠭᠡᠨ᠎ᠡ᠂ ᠨᠠᠮ᠎ᠠ ᠶ᠋ᠢ ᠪᠦᠲᠦᠨ ᠳᠣᠯᠣᠭ᠎ᠠ ᠬᠣᠨᠣᠭ ᠤᠨᠲᠠᠭ᠎ᠠ ᠦᠭᠡᠢ ᠶ᠋ᠢ ᠮᠡᠳᠡᠭᠡ ᠦᠭᠡᠢ ᠶᠦᠮ ᠪᠠᠢᠬ᠎ᠠ ᠳᠠ᠃》《ᠨᠥᠬᠥᠷ ᠮᠢᠨᠢ! ᠰᠡᠷᠡᠭᠡᠷᠡᠢ! ᠪᠢ ᠨᠠᠷᠠ ᠰᠠᠷ᠎ᠠ ᠶ᠋ᠢ ᠬᠦᠰᠡᠯ ᠢ᠋ᠶ᠋ᠡᠷ ᠢ᠋ᠶ᠋ᠡᠨ ᠤᠳᠤᠷᠢᠳᠤᠮᠠᠷ ᠪᠠᠢᠨ᠎ᠠ ᠲᠡᠳᠡᠨ ᠢ᠋ ᠮᠢᠨᠦ ᠵᠥᠪᠰᠢᠶᠡᠷᠡᠯ ᠦᠭᠡᠢ ᠬᠥᠳᠡᠯᠦᠭᠡᠰᠡᠢ ᠭᠡᠵᠦ ᠪᠢ ᠬᠦᠰᠡᠬᠦ ᠦᠭᠡᠢ ᠪᠠᠢᠨ᠎ᠠ᠃ ᠪᠢ ᠪᠦᠬᠦᠨ ᠡᠴᠡ ᠵᠠᠬᠢᠷᠤᠭᠳᠠᠰᠢ ᠦᠭᠡᠢ ᠪᠣᠯᠤᠮᠠᠷ ᠪᠠᠢᠨ᠎ᠠ᠃》 ᠵᠢᠭᠠᠰᠤᠴᠢᠨ᠄《ᠶᠠᠭᠤ? ᠭᠤᠶᠤᠶ᠎ᠠ! ᠣᠳᠣ ᠪᠣᠯᠢᠵᠤ ᠦᠵᠡ᠂ ᠪᠢ ᠪᠤᠴᠠᠵᠤ ᠣᠴᠢᠵᠤ ᠥᠪᠡᠷᠰᠡᠳ ᠦ᠋ᠨ ᠠᠮᠢᠳᠤᠷᠠᠯ ᠢ᠋ ᠡᠷᠡᠰᠳᠡᠯ ᠳ᠋ᠦ᠍ ᠣᠷᠣᠭᠤᠯᠵᠤ ᠴᠢᠳᠠᠬᠤ ᠦᠭᠡᠢ!》
ᠡᠬᠡᠨᠡᠷ᠄《ᠴᠢ ᠪᠢᠳᠡᠨ ᠦ᠌ ᠠᠮᠢᠳᠤᠷᠠᠯ ᠢ᠋ ᠡᠷᠡᠰᠳᠡᠯ ᠳ᠋ᠦ᠍ ᠣᠷᠣᠭᠤᠯᠬᠤ ᠦᠭᠡᠢ᠂ ᠪᠢ ᠥᠪᠡᠷᠰᠡᠳ ᠦ᠋ᠨ ᠢ᠋ᠶ᠋ᠡᠨ ᠠᠮᠢᠳᠤᠷᠠᠯ ᠢ᠋ ᠤᠳᠤᠷᠢᠳᠬᠤ ᠪᠣᠯᠤᠨ᠎ᠠ᠂ ᠶᠠᠭᠤ ᠴᠤ᠌ ᠪᠢᠳᠡᠨ ᠳ᠋ᠦ᠍ ᠬᠦᠷᠴᠦ ᠴᠢᠳᠠᠬᠤ ᠦᠭᠡᠢ ᠵᠢᠭᠠᠰᠤᠨ ᠳᠡᠭᠡᠷ᠎ᠡ ᠣᠴᠢᠭᠠᠳ ᠨᠠᠮ᠎ᠠ ᠶ᠋ᠢ ᠪᠦᠬᠦᠨ ᠡᠴᠡ ᠬᠦᠴᠦᠷᠬᠡᠭ ᠪᠣᠯᠭ᠎ᠠ᠃》 ᠵᠢᠭᠠᠰᠤᠴᠢᠨ᠄《ᠦᠭᠡᠢ ᠳ᠋ᠠ ᠬᠣᠩᠭᠣᠷ ᠮᠢᠨᠢ᠂ ᠴᠢ ᠶᠠᠭᠤ ᠭᠤᠶᠤᠵᠤ ᠪᠠᠢᠭ᠎ᠠ ᠪᠠᠨ ᠮᠡᠳᠡᠬᠦ ᠦᠭᠡᠢ ᠪᠠᠢᠨ᠎ᠠ᠃》 ᠡᠬᠡᠨᠡᠷ᠄《ᠪᠢ ᠴᠠᠭᠠᠰᠢᠳᠠ ᠲᠡᠰᠬᠦ ᠦᠭᠡᠢ ᠨᠢ ᠴᠢ ᠶᠠᠭ ᠣᠳᠣ ᠶᠠᠪᠤᠬᠤ ᠦᠭᠡᠢ ᠪᠣᠯ ᠪᠢ ᠶᠡᠬᠡᠳᠡ ᠭᠤᠲᠤᠷᠠᠬᠤ ᠪᠣᠯᠤᠨ᠎ᠠ ᠰᠢᠦ᠂ ᠪᠢ ᠰᠡᠳᠬᠢᠯ ᠢ᠋ᠶ᠋ᠡᠷ ᠤᠨᠠᠨ᠎ᠠ᠃》 ᠵᠢᠭᠠᠰᠤᠴᠢᠨ ᠡᠬᠡᠨᠡᠷ ᠢ᠋ᠶ᠋ᠡᠨ ᠠᠵᠠ ᠵᠢᠷᠭᠠᠯᠲᠠᠢ ᠪᠠᠢᠯᠭᠠᠬᠤ ᠶ᠋ᠢ ᠬᠦᠰᠡᠭᠰᠡᠨ ᠴᠦ᠍ ᠡᠨᠡ ᠪᠤᠷᠤᠭᠤ ᠭᠡᠳᠡᠭ ᠢ᠋ ᠮᠡᠳᠡᠵᠦ ᠪᠠᠢᠯ᠎ᠠ᠂ ᠳᠠᠯᠠᠢ ᠳ᠋ᠤ᠌ ᠲᠤᠯᠵᠤ ᠣᠴᠢᠲᠠᠯ᠎ᠠ ᠲᠩᠷᠢ ᠳ᠋ᠦ᠍ ᠡᠭᠦᠯᠡ ᠪᠦᠷᠬᠦᠨ ᠰᠠᠯᠬᠢ ᠬᠦᠴᠦ ᠲᠡᠢ ᠰᠢᠭᠤᠷᠴᠤ ᠪᠠᠢᠯ᠎ᠠ᠃ ᠵᠢᠭᠠᠰᠤᠴᠢᠨ᠄《ᠡᠨᠡ ᠬᠡᠵᠢᠶ᠎ᠡ ᠳᠠᠭᠤᠰᠬᠤ ᠶᠤᠮ ᠪᠣᠯ ᠠ᠋ ᠡᠨᠡ ᠪᠦᠬᠦᠨ ᠪᠤᠷᠤᠭᠤ ᠶᠤᠮ ᠰᠠᠨ᠂ ᠶᠠᠭᠤ? ᠥᠨᠥᠳᠥᠷ ᠳᠠᠯᠠᠢ ᠶ᠋ᠢᠨ ᠤᠰᠤ ᠬᠠᠷ᠎ᠠ ᠬᠠᠷᠠᠭᠳᠠᠭᠠᠳ ᠪᠠᠢᠬᠤ ᠴᠢᠨᠢ ᠦᠨᠡᠬᠡᠷ ᠶᠡᠬᠡ ᠠᠶᠤᠵᠤ ᠪᠠᠢᠨ᠎ᠠ ᠰᠢᠦ᠃ ᠶᠠᠭᠤ᠂ ᠰᠢᠳᠢᠲᠦ ᠵᠢᠭᠠᠰᠤ ᠠ᠋᠂ ᠨᠠ᠂ ᠨᠠ ᠨᠠᠮ᠎ᠠ ᠶ᠋ᠢ ᠰᠣᠨᠣᠰᠴᠤ ᠪᠠᠢᠨ᠎ᠠ ᠤᠤ?᠁ ᠵᠢᠭᠠᠰᠤ ᠠ᠋᠂ ᠡᠬᠡᠨᠡᠷ ᠮᠠᠨᠢ ᠣᠳᠣ ᠰᠡᠳᠬᠢᠯ ᠳᠤᠨᠳᠠᠭᠤᠷ ᠪᠠᠢᠨ᠎ᠠ᠃》 ᠬᠠᠯᠢᠮᠤᠨ ᠵᠢᠭᠠᠰᠤ᠄《ᠡᠬᠡᠨᠡᠷ ᠴᠢᠨᠢ ᠶᠠᠭᠤ ᠬᠦᠰᠡᠭᠡ ᠪᠣᠢ?》 ᠵᠢᠭᠠᠰᠤᠴᠢᠨ᠄《ᠶᠠᠭᠤ ᠪᠦᠬᠦᠨ ᠡᠴᠡ ᠬᠦᠴᠦᠷᠬᠡᠭ ᠶᠠᠭᠤᠨ ᠳ᠋ᠤ᠌ ᠴᠤ᠌ ᠵᠠᠬᠢᠷᠤᠭᠳᠠᠰᠢ ᠦᠭᠡᠢ ᠪᠣᠯᠤᠮᠠᠷ ᠪᠠᠢᠨ᠎ᠠ ᠭᠡᠨ᠎ᠡ᠃ ᠬᠠᠯᠢᠮᠤᠨ ᠵᠢᠭᠠᠰᠤ᠄《ᠡᠩ ᠪᠤᠴᠠᠭᠠᠳ ᠶᠠᠪᠤ ᠳᠠ᠂ ᠡᠬᠡᠨᠡᠷ ᠦ᠋ᠨ ᠴᠢᠨᠢ ᠬᠦᠰᠡᠯ ᠪᠡᠶᠡᠯᠡᠭᠰᠡᠨ᠃》 ᠵᠢᠭᠠᠰᠤᠴᠢᠨ ᠪᠦᠬᠦ ᠬᠤᠷᠳᠤ ᠪᠠᠷ ᠢ᠋ᠶ᠋ᠠᠨ ᠭᠦᠶᠦᠵᠡᠢ ᠭᠡᠨ᠎ᠡ᠃ ᠡᠩ ᠡᠬᠡᠨᠡᠷ ᠮᠢᠨᠢ ᠣᠳᠣ ᠶᠠᠮᠠᠷ ᠪᠣᠯᠤᠭᠰᠠᠨ ᠢ᠋ ᠮᠡᠳᠡᠬᠦ ᠶᠠᠭᠤᠮ᠎ᠠ ᠠᠯᠠᠭ᠎ᠠ ᠪᠢ ᠶᠠᠭᠠᠷᠠᠬᠤ ᠶᠣᠰᠣᠲᠠᠢ᠃ ᠵᠢᠭᠠᠰᠤᠴᠢᠨ᠄《ᠦᠭᠡᠢ ᠶᠠᠭᠤ ᠪᠣᠢ?》 ᠭᠡᠲᠡᠯ᠎ᠡ ᠵᠢᠭᠠᠰᠤᠴᠢᠨ ᠤ᠋ ᠡᠬᠡᠨᠡᠷ ᠣᠷᠣ ᠮᠥᠷ ᠦᠭᠡᠢ ᠠᠯᠠᠭ᠎ᠠ ᠪᠣᠯᠤᠭᠰᠠᠨ ᠪᠠᠢᠯ᠎ᠠ᠂ ᠡᠬᠡᠨᠡᠷ ᠢ᠋ᠶ᠋ᠡᠨ ᠬᠠᠮᠢᠭ᠎ᠠ ᠠ᠋ᠴᠠ ᠴᠤ᠌ ᠬᠠᠢᠭᠠᠳ ᠣᠯᠤᠭᠰᠠᠨ ᠦᠭᠡᠢ ᠬᠠᠢᠭᠠᠳ ᠯᠠ ᠬᠠᠢᠭᠠᠳ ᠯᠠ ᠪᠠᠢᠵᠠᠢ ᠭᠡᠨ᠎ᠡ᠃ ᠲᠡᠭᠡᠭᠡᠳ ᠳᠠᠯᠠᠢ ᠤᠷᠤᠭᠤ ᠪᠤᠴᠠᠭᠠᠳ ᠭᠦᠶᠦᠯ᠎ᠡ ᠳᠠᠯᠠᠢ ᠶ᠋ᠢᠨ ᠤᠰᠤ ᠡᠷᠭᠢᠭᠡᠳ ᠲᠣᠭᠲᠠᠭᠤᠨ ᠲᠤᠩᠭᠠᠯᠠᠭ ᠪᠣᠯᠤᠭᠰᠠᠨ ᠪᠠᠢᠪᠠ᠂ ᠡᠭᠦᠯᠡ ᠵᠠᠮᠬᠠᠷᠠᠨ ᠲᠩᠷᠢ ᠴᠡᠯᠮᠡᠵᠦ ᠨᠡᠷ᠎ᠡ ᠰᠢᠷᠠᠵᠤ ᠪᠠᠢᠪᠠ᠃ ᠵᠢᠭᠠᠰᠤᠴᠢᠨ᠄《ᠰᠢᠳᠢᠲᠦ ᠵᠢᠭᠠᠰᠤ ᠠ᠋᠂ ᠰᠢᠳᠢᠲᠦ ᠵᠢᠭᠠᠰᠤ ᠠ᠋ ᠨᠠᠮ᠎ᠠ ᠶ᠋ᠢ ᠰᠣᠨᠣᠰᠴᠤ ᠪᠠᠢᠨ᠎ᠠ ᠤᠤ? ᠭᠤᠶᠤᠶ᠎ᠠ ᠭᠠᠷᠤᠭᠠᠳ ᠢᠷᠡᠭᠡᠴᠢ ᠳ᠋ᠠ᠂ ᠴᠢ ᠮᠢᠨᠦ ᠡᠬᠡᠨᠡᠷ ᠢ᠋ ᠶᠠᠭᠠᠬᠢᠵᠤ ᠣᠷᠬᠢᠬᠤ ᠨᠢ ᠡᠨᠡ ᠪᠣᠢ?》 ᠬᠠᠯᠢᠮᠤᠨ ᠵᠢᠭᠠᠰᠤ᠄《ᠪᠢ ᠬᠦᠰᠡᠯ ᠢ᠋ ᠨᠢ ᠪᠡᠶᠡᠯᠡᠭᠦᠯᠦᠭᠰᠡᠨ ᠡᠬᠡᠨᠡᠷ ᠴᠢᠨᠢ ᠪᠦᠬᠦᠨ ᠡᠴᠡ ᠬᠦᠴᠦ ᠲᠡᠢ ᠶᠠᠭᠤᠨ ᠳ᠋ᠤ᠌ ᠴᠤ᠌ ᠵᠠᠬᠢᠷᠤᠭᠳᠠᠰᠢ ᠦᠭᠡᠢ ᠪᠣᠯᠬᠤ ᠶ᠋ᠢ ᠬᠦᠰᠡᠭᠰᠡᠨ ᠬᠦᠰᠡᠯ ᠨᠢ ᠪᠡᠶᠡᠯᠡᠭᠰᠡᠨ! ᠡᠨᠡ ᠴᠦ᠍ ᠪᠦᠬᠦᠨ ᠡᠴᠡ ᠬᠦᠴᠦ ᠲᠡᠢ ᠲᠡᠷᠡ ᠵᠦᠢᠯ ᠢ᠋ ᠬᠠᠷᠠᠵᠤ ᠪᠠᠢᠭ᠎ᠠ ᠦᠭᠡᠢ ᠲᠡᠷᠡ ᠣᠳᠣ ᠶᠠᠭᠤᠨ ᠳ᠋ᠤ᠌ ᠴᠤ᠌ ᠵᠠᠬᠢᠷᠤᠭᠳᠠᠰᠢ ᠦᠭᠡᠢ ᠪᠣᠯᠤᠭᠰᠠᠨ ᠰᠢᠦ ᠳ᠋ᠠ!》 ᠵᠢᠭᠠᠰᠤᠴᠢᠨ᠄《ᠦᠭᠡᠢ ᠭᠤᠶᠤᠶ᠎ᠠ ᠡᠬᠡᠨᠡᠷ ᠢ᠋ ᠮᠢᠨᠢ ᠪᠤᠴᠠᠭᠠᠳ ᠥᠭᠭᠦᠭᠡᠴᠢ ᠳ᠋ᠠ!》 ᠬᠠᠯᠢᠮᠤᠨ ᠵᠢᠭᠠᠰᠤ᠄《ᠪᠢ ᠡᠭᠦᠨ ᠢ᠋ ᠪᠤᠴᠠᠭᠠᠵᠤ ᠴᠢᠳᠠᠬᠤ ᠦᠭᠡᠢ ᠵᠢᠭᠠᠰᠤᠴᠢᠨ ᠠ᠋!》 ᠵᠢᠭᠠᠰᠤᠴᠢᠨ᠄《ᠬᠦᠯᠢᠶᠡᠭᠡᠷᠡᠢ᠂ ᠪᠢ ᠮᠡᠳᠡᠯ᠎ᠡ ᠡᠳᠦᠢ ᠬᠦᠷᠲᠡᠯ᠎ᠡ ᠪᠢ ᠡᠬᠡᠨᠡᠷ ᠦ᠋ᠨ ᠮᠢᠨᠢ ᠬᠦᠰᠡᠯ ᠢ᠋ ᠪᠡᠶᠡᠯᠡᠭᠦᠯᠵᠦ ᠥᠭᠭᠦᠭᠡᠴᠢ ᠭᠡᠵᠦ ᠭᠤᠶᠤᠭᠰᠠᠨ ᠴᠢ ᠲᠡᠭᠦᠨ ᠦ᠌ ᠬᠦᠰᠡᠯ ᠢ᠋ ᠪᠡᠶᠡᠯᠡᠭᠦᠯᠦᠭᠰᠡᠨ! ᠭᠡᠪᠡᠴᠦ ᠪᠢ ᠴᠢᠨᠦ ᠠᠮᠢ ᠶ᠋ᠢ ᠠᠪᠤᠷᠠᠭᠰᠠᠨ ᠪᠢᠵᠡ ᠳᠠ ᠮᠢᠨᠦ ᠬᠦᠰᠡᠯ ᠢ᠋ ᠪᠡᠶᠡᠯᠡᠭᠦᠯᠵᠦ ᠥᠭᠭᠦᠭᠡᠴᠢ ᠳ᠋ᠠ!》 ᠬᠠᠯᠢᠮᠤᠨ ᠵᠢᠭᠠᠰᠤ᠄《ᠡᠩ᠂ ᠲᠠᠨ ᠤ᠋ ᠵᠥᠪ ᠳ᠋ᠠ ᠶᠠᠭᠤ ᠬᠦᠰᠡᠵᠦ ᠪᠠᠢᠨ᠎ᠠ?》 ᠵᠢᠭᠠᠰᠤᠴᠢᠨ ᠭᠦᠨᠵᠡᠭᠡᠢ ᠠᠮᠢᠰᠬᠤᠯ ᠠᠪᠤᠯ᠎ᠠ᠂ ᠵᠢᠭᠠᠰᠤᠴᠢᠨ᠄《ᠪᠢ ᠡᠬᠡᠨᠡᠷ ᠢ᠋ᠶ᠋ᠡᠨ ᠠᠵᠠ ᠵᠢᠷᠭᠠᠯᠲᠠᠢ ᠪᠠᠢᠭᠠᠰᠠᠢ ᠭᠡᠵᠦ ᠬᠦᠰᠡᠵᠦ ᠪᠠᠢᠨ᠎ᠠ᠃》 ᠬᠠᠯᠢᠮᠤᠨ ᠵᠢᠭᠠᠰᠤ᠄《ᠪᠤᠴᠠᠭᠠᠳ ᠶᠠᠪᠤ ᠳᠠ᠂ ᠨᠠᠢᠵᠠ ᠮᠢᠨᠢ ᠡᠬᠡᠨᠡᠷ ᠢ᠋ ᠴᠢᠨᠢ ᠠᠵᠠ ᠵᠢᠷᠭᠠᠯᠲᠠᠢ ᠪᠠᠢᠯᠭᠠᠬᠤ ᠪᠦᠬᠦᠢ ᠯᠡ ᠵᠦᠢᠯ ᠲᠡᠭᠦᠨ ᠳ᠋ᠦ᠍ ᠣᠳᠣ ᠪᠣᠢ᠃》 ᠨᠥᠬᠥᠷ ᠶᠠᠭᠠᠷᠠᠨ ᠭᠡᠷ ᠲᠦ᠍ ᠪᠡᠨ ᠬᠠᠷᠢᠯ᠎ᠠ᠂ ᠲᠡᠷᠡ ᠶᠡᠬᠡ ᠯᠡ ᠭᠠᠢᠬᠠᠪᠠ᠃ᠡᠬᠡᠨᠡᠷ ᠨᠢ ᠬᠠᠭᠤᠴᠢᠨ ᠵᠢᠵᠢᠭ ᠣᠪᠣᠬᠠᠢ ᠶ᠋ᠢᠨ ᠢ᠋ᠶ᠋ᠡᠨ ᠤᠷᠲᠤ ᠵᠣᠭᠰᠣᠵᠤ ᠪᠠᠢᠭ᠎ᠠ ᠶ᠋ᠢ ᠬᠠᠷᠠᠪᠠ᠂ ᠭᠡᠪᠡᠴᠦ ᠤᠷᠢᠳᠤ ᠶ᠋ᠢᠨ ᠬᠢ ᠰᠢᠭ ᠢ᠋ᠶ᠋ᠡᠨ ᠦᠮᠡᠬᠡᠢ ᠪᠢᠰᠢ ᠪᠠᠢᠪᠠ ᠭᠡᠨ᠎ᠡ᠂ ᠵᠢᠭᠠᠰᠤᠴᠢᠨ ᠡᠬᠡᠨᠡᠷ ᠤᠷᠤᠭᠤ ᠪᠠᠨ ᠭᠦᠶᠦᠨ ᠣᠴᠢᠯ᠎ᠠ ᠵᠢᠭᠠᠰᠤᠴᠢᠨ᠄《ᠴᠢ ᠪᠤᠴᠠᠭᠠᠳ ᠢᠷᠡᠵᠡᠢ᠂ ᠴᠢ ᠪᠤᠴᠠᠭᠠᠳ ᠢᠷᠡᠵᠡᠢ᠃》 ᠡᠬᠡᠨᠡᠷ᠄《ᠲᠡᠢᠮᠦ ᠠ᠋ ᠬᠠᠢᠷᠠᠲᠤ ᠮᠢᠨᠢ ᠲᠠᠩᠰᠤᠭ ᠣᠷᠳᠣᠨ ᠬᠠᠭᠠᠨ ᠰᠡᠩᠲᠡᠢ ᠪᠡᠷ ᠠᠵᠠ ᠵᠢᠷᠭᠠᠯ ᠢ᠋ ᠥᠪᠡᠷ ᠦ᠋ᠨ ᠪᠣᠯᠭᠠᠵᠤ ᠴᠢᠳᠠᠬᠤ ᠦᠭᠡᠢ ᠭᠡᠳᠡᠭ ᠢ᠋ ᠪᠢ ᠤᠬᠠᠭᠠᠷᠠᠭᠰᠠᠨ ᠣᠳᠣ ᠭᠡᠷ ᠲᠦ᠍ ᠪᠡᠨ ᠣᠷᠣᠵᠠᠭᠠᠶ᠎ᠠ᠃》 ᠲᠡᠷᠡ ᠡᠳᠦᠷ ᠡᠴᠡ ᠬᠣᠢᠰᠢ ᠵᠢᠭᠠᠰᠤᠴᠢᠨ ᠲᠡᠭᠦᠨ ᠦ᠌ ᠡᠬᠡᠨᠡᠷ ᠬᠣᠶᠠᠷ ᠨᠢᠭᠡ ᠴᠦ᠍ ᠡᠳᠦᠷ ᠥᠯᠥᠰᠦᠭᠡ ᠦᠭᠡᠢ ᠶᠦᠮ ᠭᠡᠳᠡᠭ᠃ ᠵᠢᠭᠠᠰᠤᠴᠢᠨ ᠤ᠋ ᠡᠬᠡᠨᠡᠷ ᠠᠵᠠ ᠵᠢᠷᠭᠠᠯ ᠢ᠋ ᠵᠢᠵᠢᠭ ᠵᠦᠢᠯ ᠳ᠋ᠦ᠍ ᠣᠷᠣᠰᠢᠨ ᠪᠠᠢᠳᠠᠭ ᠢ᠋ ᠤᠬᠠᠭᠠᠷᠠᠭᠰᠠᠨ ᠠᠵᠠᠢ᠃ ᠲᠡᠷᠡ ᠴᠠᠭ ᠠ᠋ᠴᠠ ᠬᠣᠢᠰᠢ ᠨᠥᠬᠥᠷ ᠭᠡᠷᠭᠡᠢ ᠬᠣᠶᠠᠷ ᠠᠮᠤᠷ ᠰᠠᠢᠬᠠᠨ ᠳ᠋ᠤ᠌ ᠪᠠᠨ ᠵᠢᠷᠭᠠᠵᠠᠢ ᠭᠡᠨ᠎ᠡ᠃
ᠦᠰᠦᠭ ᠠᠮᠢᠯᠠᠭᠤᠯᠤᠭᠴᠢ᠄ ᠴᠣᠭᠵᠢᠷᠭᠠᠯ
ᠦᠰᠦᠭ ᠬᠠᠳᠠᠭᠴᠢ᠄ ᠰᠡᠷᠭᠦᠯᠡᠩ
ᠬᠢᠨᠠᠭᠴᠢ᠄ ᠢᠷᠡᠭᠡᠳᠦᠢ