1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – < ᠬᠠ᠊ > ᠶ᠋ᠢᠨ ᠠᠶ᠋ᠢᠮᠠᠭ - 2 Ертөнцийн гурав – < Ха > ин аймаг - 2

ᠶᠢᠷᠲᠢᠨᠴᠦ ᠶᠢᠨ ᠭᠤᠷᠪᠠ – < ᠬᠠ᠊ > ᠶ᠋ᠢᠨ ᠠᠶ᠋ᠢᠮᠠᠭ - 2 Ертөнцийн гурав – < Ха > ин аймаг - 2

2023-05-28

780

ᠶᠢᠷᠲᠢᠨᠴᠦ ᠶᠢᠨ ᠭᠤᠷᠪᠠ – < ᠬᠠ᠊ > ᠶ᠋ᠢᠨ ᠠᠶ᠋ᠢᠮᠠᠭ - 2


       ᠭᠤᠷᠪᠠᠨ ᠪᠤᠵᠠᠷ
   ᠬᠢᠮᠤᠰᠤᠨ ‍ᠳᠤ ᠬᠬᠢᠷ ᠨᠢᠭᠡ ᠪᠤᠵᠠᠷ
   ᠬᠤᠯᠠᠭᠠᠶ᠋ᠢᠴᠢ ‍ᠳᠤ ᠭᠠᠷ ᠨᠢᠭᠡ ᠪᠤᠵᠠᠷ
   ᠬᠠᠤᠯᠢ ‍ᠳᠤ ᠬᠠᠬᠤᠤᠯᠢ ᠨᠢᠭᠡ ᠪᠤᠵᠠᠷ

       ᠭᠤᠷᠪᠠᠨ ᠭᠡᠭᠡᠭᠡᠨ
   ᠬᠬᠢᠷ ᠦᠭᠡᠢ ᠲᠣᠯᠢ ᠨᠢᠭᠡ ᠭᠡᠭᠡᠭᠡᠨ 
   ᠭᠡᠮ ᠦᠭᠡᠢ ᠬᠥᠮᠦᠨ ᠨᠢᠭᠡ ᠭᠡᠭᠡᠭᠡᠨ
   ᠭᠡᠭᠡᠪᠴᠢ ᠲᠡᠢ ᠭᠡᠷ ᠨᠢᠭᠡ ᠭᠡᠬᠡᠭᠡᠨ

       ᠭᠤᠷᠪᠠᠨ ᠤᠯᠠᠭᠠᠨ
   ᠬᠣᠣᠷᠲᠤ ᠮᠣᠭᠠᠢ ᠶ᠋ᠢᠨ ᠬᠡᠯᠡ ᠨᠢᠭᠡ ᠤᠯᠠᠭᠠᠨ
   ᠬᠤᠷᠲᠤᠨ ᠮᠣᠷᠢᠨ ᠪ ᠲᠣᠭᠣᠰᠣ ᠨᠢᠭᠡ ᠤᠯᠠᠭᠠᠨ
   ᠬᠤᠯᠠᠭᠠᠶ᠋ᠢᠴᠢ ᠬᠥᠮᠦᠨ ᠪ ᠨᠢᠲᠦ ᠨᠢᠭᠡ ᠤᠯᠠᠭᠠᠨ

       ᠭᠤᠷᠪᠠᠨ ᠬᠠᠷᠠᠩᠭᠤᠢ
   ᠬᠣᠨᠢ ᠦᠭᠡᠢ ᠠᠶ᠋ᠢᠯ ᠦ᠋ᠨ ᠬᠣᠲᠠ ᠬᠠᠷᠠᠩᠭᠤᠢ
   ᠬᠣᠶ᠋ᠢᠰᠢ ᠪᠠᠨ ᠬᠠᠷᠠᠭᠰᠠᠨ ᠭᠡᠷ ᠬᠠᠷᠠᠩᠭᠤᠢ
   ᠨᠣᠮ ᠦᠭᠡᠢ ᠪᠠᠨᠲᠢ ᠶ᠋ᠢᠨ ᠴᠡᠭᠡᠵᠢ ᠬᠠᠷᠠᠩᠭᠤᠢ

       ᠭᠤᠷᠪᠠᠨ ᠴᠡᠩᠬᠡᠷ
   ᠬᠣᠯᠠ ᠪᠠᠶ᠋ᠢᠬ᠋᠎ᠠ ᠠᠭᠤᠯᠠ ᠨᠢᠭᠡ ᠴᠡᠩᠬᠡᠷ
   ᠬᠣᠩᠬᠣᠷ ᠲᠤ ᠪᠠᠶ᠋ᠢᠬ᠋᠎ᠠ ᠤᠰᠤ ᠨᠢᠭᠡ ᠴᠡᠩᠬᠡᠷ
   ᠬᠣᠷᠸ᠋᠎ᠠ ‍ᠳᠤ ᠪᠠᠶ᠋ᠢᠬ᠋᠎ᠠ ᠲᠩᠷᠢ ᠨᠢᠭᠡ ᠴᠡᠩᠬᠡᠷ

       ᠭᠤᠷᠪᠠᠨ ᠴᠡᠩᠬᠡᠷ
   ᠬᠤᠯᠠᠩ ᠠ᠋ᠴᠠ ᠰᠤᠪᠤᠷᠠᠭᠰᠠᠨ ᠤᠲᠤᠬ᠋᠎ᠠ ᠴᠡᠩᠬᠡᠷ
   ᠬᠣᠯᠠ ᠠ᠋ᠴᠠ ᠬᠠᠷᠠᠭᠲᠠᠭᠰᠠᠨ ᠤᠨᠢᠶᠠᠷ ᠴᠡᠩᠬᠡᠷ
   ᠬᠤᠤᠠᠲᠤᠭ ᠠ᠋ᠴᠠ ᠭᠠᠷᠤᠭᠰᠠᠨ ᠤᠰᠤ ᠴᠡᠩᠬᠡᠷ

       ᠭᠤᠷᠪᠠᠨ ᠴᠢᠮᠡᠭ
   ᠬᠣᠨᠢᠴᠢᠨ ᠬᠥᠮᠦᠨ ‍ᠳᠤ ᠤᠷᠬ᠋᠎ᠠ ᠨᠢᠭᠡ ᠴᠢᠮᠡᠭ
   ᠬᠣᠷᠢᠮᠴᠢ ᠬᠥᠮᠦᠨ ‍ᠳᠤ ᠬᠤᠪᠴᠠᠰᠤ ᠨᠢᠭᠡ ᠴᠢᠮᠡᠭ
   ᠬᠣᠲᠣᠭᠣᠷ ᠭᠠᠵᠠᠷ ᠲᠤ ᠨᠠᠭᠤᠷ ᠨᠢᠭᠡ ᠴᠢᠮᠡᠭ

       ᠭᠤᠷᠪᠠᠨ ᠴᠢᠮᠡᠭ
   ᠬᠣᠨᠢ ᠢᠮᠠᠬ᠋᠎ᠠ ᠬᠣᠲᠠ ᠶ᠋ᠢᠨ ᠴᠢᠮᠡᠭ
   ᠬᠤᠯᠤᠰᠤ ᠵᠡᠭᠡᠰᠦ ᠨᠠᠭᠤᠷ ᠦ᠋ᠨ ᠴᠢᠮᠡᠭ
   ᠬᠣᠯᠪᠣᠬ᠋᠎ᠠ ᠬᠣᠷᠰᠢᠶ᠎ᠠ ᠦᠭᠡ ᠶ᠋ᠢᠨ ᠴᠢᠮᠡᠭ

       ᠭᠤᠷᠪᠠᠨ ᠤᠷᠲᠤ
   ᠬᠣᠪᠴᠢ ᠬᠥᠮᠦᠨ ᠪ ᠬᠣᠩᠰᠢᠶᠠᠷ ᠤᠷᠲᠤ
   ᠬᠣᠣᠷᠲᠤ ᠮᠣᠭᠠᠢ ᠶ᠋ᠢᠨ ᠬᠡᠯᠡ ᠤᠷᠲᠤ
   ᠬᠤᠯᠠᠭᠠᠶ᠋ᠢᠴᠢ ᠨᠣᠬᠠᠢ ᠶ᠋ᠢᠨ ᠰᠢᠲᠤ ᠤᠷᠲᠤ

       ᠭᠤᠷᠪᠠᠨ ᠬᠡᠴᠡᠭᠦᠦ
   ᠬᠤᠲᠠᠯ ᠬᠡᠯᠡᠪᠡᠯ ᠬᠣᠶ᠋ᠢᠨ᠎ᠠ ᠨᠢ ᠬᠡᠴᠡᠭᠦᠦ
   ᠬᠤᠯᠠᠭᠠᠢ ᠬᠢᠪᠡᠯ ᠴᠠᠭᠠᠵᠠ ᠨᠢ ᠬᠡᠴᠡᠭᠦᠦ
   ᠬᠤᠷᠠᠯ ᠬᠢᠪᠡᠯ ᠰᠠᠬᠢᠯᠬ᠋᠎ᠠ ᠨᠢ ᠬᠡᠴᠡᠭᠦᠦ

       ᠭᠤᠷᠪᠠᠨ ᠵᠢᠭᠰᠢᠭᠦᠷᠢᠲᠡᠢ
   ᠬᠤᠲᠠᠯ ᠦᠭᠡ ᠨᠢᠭᠡ ᠵᠢᠭᠰᠢᠭᠦᠷᠢᠲᠡᠢ
   ᠬᠣᠭᠣᠰᠣᠨ ᠠᠭᠠᠰᠢ ᠨᠢᠭᠡ ᠵᠢᠭᠰᠢᠭᠦᠷᠢᠲᠡᠢ
   ᠬᠤᠯᠠᠭᠠᠢ ᠵᠠᠩ ᠨᠢᠭᠡ ᠵᠢᠭᠰᠢᠭᠦᠷᠢᠲᠡᠢ

       ᠭᠤᠷᠪᠠᠨ ᠡᠷᠬᠢᠮ
   ᠬᠣᠯᠠ ᠶ᠋ᠢ ᠪᠣᠲᠣᠬᠤ ᠨᠢᠭᠡ ᠡᠷᠬᠢᠮ
   ᠬᠣᠩᠭᠣᠷ ᠶ᠋ᠢᠠᠨ ᠬᠠᠶ᠋ᠢᠷᠠᠯᠠᠬᠤ ᠨᠢᠭᠡ ᠡᠷᠬᠢᠮ
   ᠬᠣᠶ᠋ᠢᠴᠢ ᠪᠠᠨ ᠬᠥᠮᠥᠵᠢᠭᠦᠯᠬᠦ ᠨᠢᠭᠡ ᠡᠷᠬᠢᠮ

       ᠭᠤᠷᠪᠠᠨ ᠦᠭᠡᠢ
   ᠬᠣᠪᠠᠬᠠᠢ ᠮᠤᠲᠤᠨ ‍ᠳᠤ ᠨᠠᠪᠴᠢ ᠦᠭᠡᠢ
   ᠬᠤᠤᠠᠲᠤᠭ ᠦ᠋ᠨ ᠤᠰᠤᠨ ‍ᠳᠤ ᠵᠢᠭᠠᠰᠤ ᠦᠭᠡᠢ
   ᠬᠤᠷᠮᠤᠰᠲᠠ ᠲᠩᠷᠢ ‍ᠳᠤ ᠱᠠᠲᠤ ᠦᠭᠡᠢ

       ᠭᠤᠷᠪᠠᠨ ᠠᠮᠠᠷᠠᠲᠠᠭ ᠦᠭᠡᠢ
   ᠬᠣᠪᠴᠢ ᠬᠥᠮᠦᠨ ᠪ ᠬᠣᠩᠰᠢᠶᠠᠷ ᠠᠮᠠᠷᠠᠲᠠᠭ ᠦᠭᠡᠢ
   ᠬᠣᠷᠭᠣᠯ ᠲᠦᠯᠡᠭᠰᠡᠳ ᠦ᠋ᠨ ᠬᠤᠷᠤᠭᠤ ᠠᠮᠠᠷᠠᠲᠠᠭ ᠦᠭᠡᠢ
   ᠬᠣᠪᠲᠣᠭ ᠬᠥᠮᠦᠨ ᠪ ᠬᠣᠲᠣᠭᠣᠲᠣ ᠠᠮᠠᠷᠠᠲᠠᠭ ᠦᠭᠡᠢ

       ᠭᠤᠷᠪᠠᠨ ᠦᠨ᠎ᠡ ᠦᠭᠡᠢ
   ᠬᠣᠷᠢᠮ ‍ᠳᠤ ᠬᠤᠪᠴᠠᠰᠤ ᠦᠭᠡᠢ ᠬᠡᠦᠬᠡᠨ ᠦᠨ᠎ᠡ ᠦᠭᠡᠢ
   ᠬᠤᠲᠠᠯᠲᠤᠭᠠᠨ ‍ᠳᠤ ᠰᠢᠲᠤ ᠦᠭᠡᠢ ᠮᠠᠯ ᠦᠨ᠎ᠡ ᠦᠭᠡᠢ
   ᠬᠤᠷᠠᠯ ‍ᠳᠤ ᠨᠣᠮ ᠦᠭᠡᠢ ᠯᠠᠮᠠ ᠦᠨ᠎ᠡ ᠦᠭᠡᠢ
 
         ᠭᠤᠷᠪᠠᠨ ᠪᠠᠯᠠᠢ 
   ᠬᠣᠭᠣᠯᠠ ᠶᠡᠬᠡᠳᠪᠡᠯ ᠣᠭᠰᠢᠵᠤ ᠪᠥᠭᠡᠯᠵᠢᠬᠦ ᠪᠠᠯᠠᠢ
   ᠬᠣᠭ ᠶᠡᠬᠡᠳᠪᠡᠯ  ᠢᠯᠵᠠᠷᠠᠵᠤ ᠦᠮᠡᠬᠡᠶ᠋ᠢᠷᠡᠬᠦ ᠪᠠᠯᠠᠢ
   ᠬᠣᠪ ᠶᠡᠬᠡᠳᠪᠡᠯ ᠬᠡᠷᠡᠯᠳᠦᠵᠦ ᠵᠣᠳᠣᠯᠳᠤᠬᠤ ᠪᠠᠯᠠᠢ
 
        ᠭᠤᠷᠪᠠᠨ ᠰᠢᠷᠪᠠᠭᠠᠨᠠᠭᠤᠷ
   ᠬᠣᠭᠣᠯᠠ ᠭᠣᠷᠢᠳᠠᠭᠰᠠᠨ ᠬᠠᠪᠠ ᠰᠢᠷᠪᠠᠭᠠᠨᠠᠭᠤᠷ
   ᠬᠣᠪ ᠭᠣᠷᠢᠳᠠᠭᠰᠠᠨ ᠬᠠᠤᠠᠬᠤᠴᠢ ᠰᠢᠷᠪᠠᠭᠠᠨᠠᠭᠤᠷ
   ᠬᠤᠪᠢ ᠭᠣᠷᠢᠳᠠᠭᠰᠠᠨ ᠪᠢᠯᠳᠠᠤᠴᠢ ᠰᠢᠷᠪᠠᠭᠠᠨᠠᠭᠤᠷ

       ᠭᠤᠷᠪᠠᠨ ᠪᠣᠯᠠᠢ
   ᠬᠣᠭᠣᠯᠠ ᠶᠡᠬᠡᠳᠪᠡᠯ ᠪᠥᠭᠡᠯᠵᠢᠬᠦ ᠨᠢ ᠪᠣᠯᠠᠢ 
   ᠬᠣᠭ ᠶᠡᠬᠡᠳᠪᠡᠯ ᠨᠣᠪᠰᠢᠷᠠᠬᠤ ᠨᠢ ᠪᠣᠯᠠᠢ
   ᠬᠣᠪ ᠶᠡᠬᠡᠳᠪᠡᠯ ᠬᠡᠷᠡᠯᠳᠦᠬᠦ ᠨᠢ ᠪᠣᠯᠠᠢ
 
        ᠭᠤᠷᠪᠠᠨ ᠶᠡᠬᠡ
   ᠬᠣᠶ᠋ᠢᠲᠠᠢ ᠬᠥᠮᠦᠨ ‍ᠦ ᠬᠤᠪᠢ ᠨᠢ ᠶᠡᠬᠡ
   ᠬᠤᠪᠢᠨᠴᠢᠷ ᠬᠥᠮᠦᠨ ‍ᠦ ᠰᠠᠨᠠᠭ᠎ᠠ ᠨᠢ ᠶᠡᠬᠡ 
   ᠬᠣᠵᠢᠭᠡᠷ ᠲᠣᠯᠣᠭᠠᠢ ‍ᠶ᠋ᠢᠨ ᠬᠠᠭ ᠨᠢ ᠶᠡᠬᠡ
 
        ᠭᠤᠷᠪᠠᠨ ᠨᠡᠮᠡᠬᠦ
   ᠬᠤᠷᠳᠤᠨ ᠮᠣᠷᠢᠨ ‍ᠳᠤ ᠲᠠᠰᠢᠭᠤᠷ ᠨᠡᠮᠡᠬᠦ
   ᠬᠤᠷ᠎ᠠ ᠪᠣᠷᠣᠭᠠᠨ ᠳᠡᠭᠡᠷ᠎ᠡ ᠤᠰᠤ ᠨᠡᠮᠡᠬᠦ
   ᠬᠣᠨᠢᠨ ᠮᠢᠬᠠᠨ ᠳᠡᠭᠡᠷ᠎ᠡ ᠲᠣᠰᠣ ᠨᠡᠮᠡᠬᠦ
 
       ᠭᠤᠷᠪᠠᠨ ᠡᠷᠬᠢᠮ
   ᠬᠣᠲᠠᠯᠠ ᠣᠯᠠᠨ ‍ᠢ ᠨᠠᠶ᠋ᠢᠷᠯᠠᠯᠳᠤᠭᠤᠯᠬᠤ ᠠ᠋ᠴᠠ ᠠᠷᠢᠬᠢ ᠨᠢᠭᠡ ᠡᠷᠬᠢᠮ
   ᠬᠣᠶᠠᠷ ᠠᠶ᠋ᠢᠯ ‍ᠢ ᠣᠶ᠋ᠢᠷᠠᠲᠤᠭᠤᠯᠬᠤ ᠠ᠋ᠴᠠ ᠬᠡᠦᠬᠡᠨ ᠨᠢᠭᠡ ᠡᠷᠬᠢᠮ
   ᠬᠣᠯᠠ ᠵᠠᠮ ‍ᠢ ᠣᠶ᠋ᠢᠷᠠᠲᠤᠭᠤᠯᠬᠤ ᠠ᠋ᠴᠠ ᠬᠦᠯᠦᠭ ᠨᠢᠭᠡ ᠡᠷᠬᠢᠮ

        ᠭᠤᠷᠪᠠᠨ ᠴᠥᠭᠡᠨ
   ᠬᠣᠤᠷᠲᠤ ᠰᠠᠨᠠᠭ᠎ᠠ ᠡᠪᠦᠷᠯᠡᠭᠰᠡᠳ ᠲᠦ ᠢᠨᠠᠭ ᠨᠦᠬᠦᠷ ᠴᠥᠭᠡᠨ 
   ᠬᠣᠪᠳᠣᠭ ᠰᠠᠨᠠᠭ᠎ᠠ ᠡᠪᠦᠷᠯᠡᠭᠰᠡᠳ ᠲᠦ ᠣᠯᠵᠠ ᠠᠰᠢᠬ ᠴᠥᠭᠡᠨ
   ᠬᠤᠪᠢ ᠪᠡᠶ᠎ᠡ ᠎ᠪᠡᠨ ᠪᠣᠳᠣᠭᠰᠠᠳ ᠲᠤ ᠡᠳ᠋ ᠮᠠᠯ ᠴᠥᠭᠡᠨ

        ᠭᠤᠷᠪᠠᠨ ᠶᠣᠰᠣᠨ ᠦᠭᠡᠢ
   ᠬᠤᠷᠳᠤᠨ ‍ᠤ ᠳᠡᠭᠡᠳᠦ ᠮᠣᠷᠢ ᠪᠣᠯᠪᠠᠴᠤ ᠨᠢᠰᠦᠨ ᠶᠠᠪᠤᠬᠤ ᠶᠣᠰᠣᠨ ᠦᠭᠡᠢ
   ᠬᠤᠪᠴᠠᠰᠤᠨ ‍ᠤ ᠳᠡᠭᠡᠳᠦ ᠬᠤᠶᠠᠭ ᠪᠣᠯᠪᠠᠴᠤ ᠬᠤᠷᠢᠮ ‍ᠳᠤ ᠡᠮᠦᠰᠬᠦ ᠶᠣᠰᠣᠨ ᠦᠭᠡᠢ
   ᠬᠣᠭᠣᠯᠠᠨ ‍ᠤ ᠳᠡᠭᠡᠳᠦ ᠲᠣᠰᠣ ᠪᠣᠯᠪᠠᠴᠤ ᠴᠠᠳᠲᠠᠯ᠎ᠠ ᠢᠳᠡᠬᠦ ᠶᠣᠰᠣᠨ ᠦᠭᠡᠢ

        ᠭᠤᠷᠪᠠᠨ ᠲᠠᠶ᠋ᠢᠰᠤᠨ
   ᠬᠤᠳᠠᠯᠴᠢ ᠬᠥᠮᠦᠨ ᠨᠦᠬᠦᠷ ᠲᠦ ᠳᠠᠶ᠋ᠢᠰᠤᠨ
   ᠬᠤᠯᠠᠭᠠᠶ᠋ᠢᠴᠢ ᠬᠥᠮᠦᠨ ᠬᠠᠤᠯᠢ ‍ᠳᠤ ᠳᠠᠶ᠋ᠢᠰᠤᠨ
   ᠬᠤᠷᠢᠶᠠᠭᠰᠠᠨ ᠪᠤᠶᠠᠨ ‍ᠳᠤ ᠨᠢᠭᠦᠯ ᠳᠠᠶ᠋ᠢᠰᠤᠨ

        ᠭᠤᠷᠪᠠᠨ ᠮᠠᠭᠤ   
   ᠬᠤᠳᠠᠯᠴᠢ ᠬᠥᠮᠦᠨ ᠬᠣᠶ᠋ᠢᠨ᠎ᠠ ᠎ᠪᠠᠨ ᠮᠠᠭᠤ
   ᠬᠤᠰᠠᠷᠠᠩ ᠭᠡᠭᠦᠦ ᠬᠠᠪᠤᠷ ᠎ᠲᠠᠭᠠᠨ ᠮᠠᠭᠤ
   ᠬᠣᠤᠷᠲᠤ ᠰᠠᠨᠠᠭ᠎ᠠ ᠪᠡᠶ᠎ᠡ ᠳ᠋ᠡᠭᠡᠨ ᠮᠠᠭᠤ

        ᠭᠤᠷᠪᠠᠨ ᠮᠠᠭᠤ
   ᠬᠣᠶᠠᠷ ᠦᠵᠦᠭᠦᠷ ᠎ᠲᠡᠢ ᠬᠣᠩᠰᠢᠶᠠᠷ ᠮᠠᠭᠤ
   ᠬᠤᠷᠤᠭᠤ ᠬᠢᠮᠤᠰᠤ ᠎ᠲᠠᠢ ᠬᠤᠯᠠᠭᠠᠶ᠋ᠢᠴᠢ ᠮᠠᠭᠤ
   ᠬᠣᠶ᠋ᠢᠬᠤᠷ ᠵᠠᠩ ᠎ᠲᠠᠢ ᠡᠬᠡᠨᠡᠷ ᠮᠠᠭᠤ
 
        ᠭᠤᠷᠪᠠᠨ ᠬᠡᠷᠡᠭᠲᠡᠢ
   ᠬᠣᠨᠢᠴᠢᠨ ᠬᠥᠮᠦᠨ ‍ᠳᠦ ᠤᠷᠭ᠎ᠠ ᠬᠡᠷᠡᠭᠲᠡᠢ
   ᠬᠣᠵᠢᠭᠡᠷ ᠲᠣᠯᠣᠭᠠᠢ ‍ᠳᠦ ᠮᠠᠯᠠᠭᠠᠢ ᠬᠡᠷᠡᠭᠲᠡᠢ
   ᠬᠠᠤᠯᠢᠴᠢᠨ ᠬᠥᠮᠦᠨ ‍ᠳᠦ ᠶᠣᠰᠣ ᠬᠡᠷᠡᠭᠲᠡᠢ
 
       ᠭᠤᠷᠪᠠᠨ ᠲᠦᠭᠳᠦᠭ
   ᠬᠤᠳᠳᠤᠭ ᠳᠡᠭᠡᠷ᠎ᠡ ᠬᠣᠪᠣᠭᠣ ᠲᠦᠭᠳᠦᠭ
   ᠬᠣᠲᠣᠭᠣᠷ ᠭᠠᠵᠠᠷ ᠢᠮᠠᠭ᠎ᠠ ᠲᠦᠭᠳᠦᠭ
   ᠬᠣᠵᠢᠭᠡᠷ ᠲᠣᠯᠣᠭᠠᠢ ‍ᠳᠤ ᠪᠥᠭᠡᠰᠦ ᠲᠦᠭᠳᠦᠭ
 
        ᠭᠤᠷᠪᠠᠨ ᠨᠣᠮᠣᠬᠠᠨ
   ᠬᠤᠯᠤᠭᠠᠨ᠎ᠠ ‍ᠳᠤ ᠮᠢᠷᠢᠶᠠᠭᠴᠢ ᠮᠤᠤᠷ ᠨᠣᠮᠣᠬᠠᠨ
   ᠬᠣᠶᠠᠷ ᠬᠥᠮᠦᠨ ‍ᠢ ᠬᠠᠳᠬᠤᠭᠴᠢ ᠬᠣᠪᠴᠢ ᠨᠣᠮᠣᠬᠠᠨ
   ᠬᠤᠯᠤᠭᠠᠷ ᠡᠯᠵᠢᠭᠡ ᠡᠵᠡᠨ ᠳ᠋ᠡᠭᠡᠨ ᠨᠣᠮᠣᠬᠠᠨ
 
        ᠭᠤᠷᠪᠠᠨ ᠪᠠᠭ᠎ᠠ
   ᠬᠣᠪᠳᠣᠭ ᠬᠥᠮᠦᠨ ‍ᠦ ᠬᠤᠪᠢ ᠪᠠᠭ᠎ᠠ
   ᠬᠤᠶ᠋ᠢᠬᠤᠷ ᠬᠥᠮᠦᠨ ᠪ ᠨᠥᠬᠥᠷ ᠪᠠᠬ᠋᠎ᠠ
   ᠬᠤᠤᠲᠤᠤ ᠬᠥᠮᠦᠨ ᠪ ᠣᠯᠵᠠ ᠪᠠᠬ᠋᠎ᠠ

        ᠭᠤᠷᠪᠠᠨ ᠦᠭᠡᠢ
   ᠬᠣᠮᠣᠬᠠᠢ ᠠᠭᠤᠯᠠᠨ ‍ᠳᠤ ᠭᠥᠷᠥᠭᠡᠰᠦ ᠦᠭᠡᠢ
   ᠬᠤᠯᠵᠢᠨ ᠬᠥᠮᠦᠨ ‍ᠳᠤ ᠨᠥᠬᠥᠷ ᠦᠭᠡᠢ
   ᠬᠤᠪᠠᠬᠠᠢ ᠮᠣᠲᠣᠨ ‍ᠳᠤ ᠨᠠᠪᠴᠢ ᠦᠭᠡᠢ

        ᠭᠤᠷᠪᠠᠨ ᠬᠤᠷᠴᠠ
   ᠬᠣᠣᠷᠲᠤ ᠮᠣᠭᠠᠢ ᠶ᠋ᠢᠨ ᠬᠡᠯᠡ ᠬᠤᠷᠴᠠ
   ᠬᠣᠪᠲᠣᠭ ᠬᠥᠮᠦᠨ ᠪ ᠰᠢᠲᠦ ᠬᠤᠷᠴᠠ
   ᠬᠤᠷᠲᠤᠨ ᠮᠣᠷᠢᠨ ᠪ ᠬᠥᠯ ᠬᠤᠷᠴᠠ

         ᠭᠤᠷᠪᠠᠨ ᠵᠢᠮᠰᠡᠭ
   ᠬᠣᠩᠬᠣ ᠳᠠᠮᠠᠷᠤ ᠬᠣᠶᠠᠷ ᠨᠢ ᠯᠠᠮᠠ ᠶ᠋ᠢᠨ ᠵᠢᠮᠰᠡᠭ
   ᠬᠣᠯᠪᠣᠬ᠋᠎ᠠ ᠰᠢᠯᠦᠭ ᠬᠣᠶᠠᠷ ᠨᠢ ᠨᠠᠶ᠋ᠢᠷ ᠦ᠋ᠨ ᠵᠢᠮᠰᠡᠭ
   ᠬᠤᠪᠢᠩ ᠬᠤᠨᠲᠠᠬ᠋᠎ᠠ ᠬᠣᠶᠠᠷ ᠨᠢ ᠰᠢᠷᠡᠭᠡᠨ ᠪ ᠵᠢᠮᠰᠡᠭ

        ᠭᠤᠷᠪᠠᠨ ᠪᠣᠯᠲᠠᠭ
   ᠬᠣᠶᠠᠷ ᠳᠤᠭᠤᠢ ᠨᠡᠶ᠋ᠢᠯᠡᠭᠡᠳ ᠲᠡᠷᠭᠡ ᠪᠣᠯᠲᠠᠭ
   ᠬᠣᠶᠠᠷ ᠬᠥᠮᠦᠨ ᠨᠡᠶ᠋ᠢᠯᠡᠭᠡᠳ ᠭᠡᠷ ᠪᠣᠯᠲᠠᠭ
   ᠬᠣᠶᠠᠷ ᠠᠶ᠋ᠢᠯ ᠨᠡᠶ᠋ᠢᠯᠡᠭᠡᠳ ᠣᠶ᠋ᠢᠷ᠎ᠠ ᠪᠣᠯᠲᠠᠭ

       ᠭᠤᠷᠪᠠᠨ ᠲᠠᠰᠤᠷᠠᠬᠤ ᠦᠭᠡᠢ
   ᠬᠣᠶᠠᠷ ᠡᠮ᠎ᠡ ᠲᠡᠢ ᠬᠥᠮᠦᠨ ‍ᠳᠤ ᠬᠡᠷᠡᠭᠦᠯ ᠲᠠᠰᠤᠷᠠᠬᠤ ᠦᠭᠡᠢ
   ᠭᠠᠭᠴᠠ ᠲᠡᠮᠡᠭᠡ ᠲᠡᠢ ᠬᠥᠮᠦᠨ ‍ᠳᠤ ᠡᠷᠢᠯ ᠲᠠᠰᠤᠷᠠᠬᠤ ᠦᠭᠡᠢ
   ᠬᠣᠪᠴᠢ ᠬᠣᠩᠰᠢᠶᠠᠷ ᠲᠠᠢ ᠬᠥᠮᠦᠨ ‍ᠳᠤ ᠤᠷᠰᠢᠬ ᠲᠠᠰᠤᠷᠠᠬᠤ ᠦᠭᠡᠢ

        ᠭᠤᠷᠪᠠᠨ ᠠᠲᠠᠯᠢ ᠦᠭᠡᠢ
   ᠬᠤᠯᠠᠭᠠᠶ᠋ᠢᠴᠢ ᠬᠥᠮᠦᠨ ᠴᠢᠨᠣ᠎ᠠ ᠲᠠᠢ ᠠᠲᠠᠯᠢ
   ᠬᠤᠲᠠᠯᠴᠢ ᠬᠥᠮᠦᠨ ᠦᠨᠡᠭᠡ ᠲᠡᠢ ᠠᠲᠠᠯᠢ 
   ᠬᠣᠪᠴᠢ ᠬᠥᠮᠦᠨ ᠨᠣᠬᠠᠢ ᠲᠠᠢ ᠠᠲᠠᠯᠢ

        ᠭᠤᠷᠪᠠᠨ ᠵᠢᠮᠰᠡᠭ
   ᠬᠤᠸᠠᠷ ᠪᠦᠯᠡᠵᠡᠭ ᠬᠣᠶᠠᠷ ᠨᠢ ᠵᠠᠯᠠᠭᠤ ᠪᠦᠰᠡᠭᠦᠢ ᠶ᠋ᠢᠨ ᠵᠢᠮᠰᠡᠭ
   ᠬᠠᠮᠠᠷ ᠴᠢᠬᠢ ᠬᠣᠶᠠᠷ ᠨᠢ ᠬᠥᠮᠦᠨ ᠪ ᠪᠡᠶ᠎ᠡ ᠶ᠋ᠢᠨ ᠵᠢᠮᠰᠡᠭ
   ᠬᠣᠨᠢ ᠢᠮᠠᠬ᠋᠎ᠠ ᠬᠣᠶᠠᠷ ᠨᠢ ᠬᠦᠷᠢᠶ᠎ᠡ ᠬᠣᠲᠠ ᠶ᠋ᠢᠨ ᠵᠢᠮᠰᠡᠭ

       ᠭᠤᠷᠪᠠᠨ ᠦᠭᠡᠢ
   ᠬᠤᠷᠠᠬ᠋᠎ᠠ ᠦᠭᠡᠢ ᠪᠣᠯ ᠢᠷᠭᠡ ᠦᠭᠡᠢ
   ᠬᠣᠯᠪᠣᠬ᠋᠎ᠠ ᠦᠭᠡᠢ ᠪᠣᠯ ᠨᠠᠶ᠋ᠢᠷ ᠦᠭᠡᠢ
   ᠢᠰᠢᠭᠡ ᠦᠭᠡᠢ ᠪᠣᠯ ᠰᠡᠷᠬᠡ ᠦᠭᠡᠢ

       ᠭᠤᠷᠪᠠᠨ ᠶᠡᠬᠡ
   ᠭᠡᠲᠡᠯ ᠦ᠋ᠨ ᠬᠥᠮᠦᠨ ᠪ ᠢᠲᠡᠬᠦ ᠨᠢ ᠨᠢᠭᠡ ᠶᠡᠬᠡ
   ᠬᠡᠷᠡᠭᠲᠦ ᠬᠥᠮᠦᠨ ᠪ ᠪᠣᠲᠣᠬᠤ ᠨᠢ ᠨᠢᠭᠡ ᠶᠡᠬᠡ
   ᠬᠡᠷᠰᠡᠦ ᠬᠥᠮᠦᠨ ᠪ ᠬᠢᠴᠢᠶᠡᠬᠦ ᠨᠢ ᠨᠢᠭᠡ ᠶᠡᠬᠡ

       ᠭᠤᠷᠪᠠᠨ ᠬᠥᠭᠡᠷᠦᠬᠦᠢ
   ᠬᠢᠯᠢᠰ ᠠᠮᠰᠠᠭᠰᠠᠨ ᠬᠥᠮᠦᠨ ᠨᠢᠭᠡ ᠬᠥᠭᠡᠷᠦᠬᠦᠢ
   ᠬᠢᠷᠠᠭᠤ ‍ᠳᠤ ᠠᠪᠲᠠᠭᠰᠠᠨ ᠤᠷᠭᠤᠮᠠᠯ ᠨᠢᠭᠡ ᠬᠥᠭᠡᠷᠦᠬᠦᠢ
   ᠬᠢᠬᠠᠯ ᠡᠳ᠋ᠯᠡᠭᠰᠡᠨ ᠠᠷᠠᠳ ᠨᠢᠭᠡ ᠬᠥᠭᠡᠷᠦᠬᠦᠢ

       ᠭᠤᠷᠪᠠᠨ ᠣᠯᠠᠨ
   ᠬᠤᠲᠠᠯᠴᠢ ᠬᠥᠮᠦᠨ ᠪ ᠦᠨᠡᠨ ᠨᠢ ᠣᠯᠠᠨ
   ᠬᠣᠣᠷᠲᠤ ᠬᠥᠮᠦᠨ ᠪ ᠥᠪ ᠨᠢ ᠣᠯᠠᠨ
   ᠬᠣᠪᠲᠣᠭ ᠬᠥᠮᠦᠨ ᠪ ᠪᠣᠲᠣᠯᠬ᠋᠎ᠠ ᠨᠢ ᠣᠯᠠᠨ

       ᠭᠤᠷᠪᠠᠨ ᠬᠤᠷᠲᠤᠨ
   ᠬᠤᠷᠴᠠ ᠬᠥᠮᠦᠨ ᠪ ᠲᠠᠷᠢᠬᠢ ᠬᠤᠷᠲᠤᠨ
   ᠬᠣᠪᠴᠢ ᠬᠥᠮᠦᠨ ᠪ ᠬᠣᠩᠰᠢᠶᠠᠷ ᠬᠤᠷᠲᠤᠨ
   ᠬᠤᠤᠲᠤᠤ ᠬᠥᠮᠦᠨ ᠪ ᠬᠡᠯᠡ ᠬᠤᠷᠲᠤᠨ

       ᠭᠤᠷᠪᠠᠨ ᠵᠢᠮᠰᠡᠭ
   ᠬᠣᠩᠬᠣ ᠳᠠᠮᠠᠷᠤ ᠬᠣᠶᠠᠷ ᠨᠢ ᠬᠤᠷᠠᠯ ᠦ᠋ᠨ ᠵᠢᠮᠰᠡᠭ
   ᠬᠤᠪᠢᠩ ᠬᠤᠨᠲᠠᠬ᠋᠎ᠠ ᠬᠣᠶᠠᠷ ᠨᠢ ᠨᠠᠶ᠋ᠢᠷ ᠦ᠋ᠨ ᠵᠢᠮᠰᠡᠭ
   ᠬᠤᠷᠤᠭᠤᠪᠴᠢ ᠬᠠᠶ᠋ᠢᠴᠢ ᠬᠣᠶᠠᠷ ᠨᠢ ᠡᠬᠡᠨᠡᠷ ᠦ᠋ᠨ ᠵᠢᠮᠰᠡᠭ

       ᠭᠤᠷᠪᠠᠨ ᠴᠢᠮᠡᠭ
   ᠬᠣᠩᠭᠣᠷ ᠨᠥᠬᠥᠷ ᠨᠢ ᠬᠣᠶᠠᠷ ᠨᠢᠲᠦᠨ ᠪ ᠴᠢᠮᠡᠭ
   ᠬᠤᠷᠲᠤᠨ ᠵᠢᠷᠣᠬ᠋᠎ᠠ ᠨᠢ ᠬᠤᠸᠠ ᠮᠣᠷᠢᠨ ᠪ ᠴᠢᠮᠡᠭ
   ᠬᠤᠨᠲᠠᠨ ᠤᠯᠠᠭᠠᠨ ᠨᠢ ᠦᠩᠭᠡ ᠪᠣᠲᠣᠭ ᠦ᠋ᠨ ᠴᠢᠮᠡᠭ

       ᠭᠤᠷᠪᠠᠨ ᠭᠠᠷᠲᠠᠭ
   ᠬᠤᠪᠠᠬᠠᠢ ᠠᠭᠤᠯᠠᠨ ᠠ᠋ᠴᠠ ᠲᠣᠭᠣᠰᠣ ᠨᠢᠭᠡ ᠭᠠᠷᠲᠠᠭ
   ᠬᠣᠵᠢᠭᠢᠷ ᠲᠣᠯᠣᠭᠠᠢ ᠠ᠋ᠴᠠ ᠬᠠᠭ ᠨᠢᠭᠡ ᠭᠠᠷᠲᠠᠭ
   ᠬᠣᠪᠲᠣᠭ ᠯᠠᠮᠠ ᠠ᠋ᠴᠠ ᠰᠢᠯᠦᠰᠦ ᠨᠢᠭᠡ ᠭᠠᠷᠲᠠᠭ

       ᠭᠤᠷᠪᠠᠨ ᠪᠠᠬ᠋᠎ᠠ
   ᠬᠣᠪᠴᠢ ᠬᠥᠮᠦᠨ ‍ᠳᠤ ᠨᠥᠬᠥᠷ ᠨᠢᠭᠡ ᠪᠠᠬ᠋᠎ᠠ
   ᠬᠤᠶ᠋ᠢᠬᠤᠷ ᠬᠥᠮᠦᠨ ‍ᠳᠤ ᠰᠠᠶ᠋ᠢᠨ ᠨᠢᠭᠡ ᠪᠠᠬ᠋᠎ᠠ
   ᠬᠤᠶᠠᠯᠢ ᠡᠬᠡᠨᠡᠷ ᠲᠦ ᠬᠠᠶ᠋ᠢᠷ᠎ᠠ ᠨᠢᠭᠡ ᠪᠠᠬ᠋᠎ᠠ

       ᠭᠤᠷᠪᠠᠨ ᠦᠨᠡᠨ
   ᠬᠤᠷᠠᠭᠰᠠᠨ ᠪ ᠡᠴᠦᠰ ᠲᠦ ᠲᠠᠷᠬᠠᠬᠤ ᠦᠨᠡᠨ
   ᠬᠤᠷᠢᠶᠠᠭᠰᠠᠨ ᠪ ᠡᠴᠦᠰ ᠲᠦ ᠦᠭᠡᠶ᠋ᠢᠷᠡᠬᠦ ᠦᠨᠡᠨ
   ᠲᠥᠷᠥᠭᠰᠡᠨ ᠪ ᠡᠴᠦᠰ ᠲᠦ ᠦᠬᠦᠬᠦ ᠦᠨᠡᠨ

       ᠭᠤᠷᠪᠠᠨ ᠴᠢᠮᠡᠭ
   ᠬᠤᠨ ᠭᠠᠯᠠᠭᠤ ᠨᠠᠭᠤᠷ ᠦ᠋ᠨ ᠴᠢᠮᠡᠭ
   ᠬᠤᠪᠴᠠᠰᠤ ᠬᠤᠨᠠᠷ ᠪᠡᠶ᠎ᠡ ᠶ᠋ᠢᠨ ᠴᠢᠮᠡᠭ
   ᠬᠣᠨᠢ ᠢᠮᠠᠬ᠋᠎ᠠ ᠬᠣᠲᠠ ᠶ᠋ᠢᠨ ᠴᠢᠮᠡᠭ

       ᠭᠤᠷᠪᠠᠨ ᠰᠠᠶ᠋ᠢᠨ
   ᠬᠥᠯᠲᠡᠭᠦᠦ ᠭᠠᠵᠠᠷ ᠲᠤ ᠯᠠᠩᠲᠤ ᠰᠠᠶ᠋ᠢᠨ
   ᠬᠥᠭᠰᠢᠨ ᠬᠥᠮᠦᠨ ‍ᠳᠤ ᠥᠭᠡᠬᠦ ᠰᠠᠶ᠋ᠢᠨ
   ᠬᠥᠰᠢᠭᠡᠨ ᠤᠨᠤᠬ᠋᠎ᠠ ‍ᠳᠤ ᠲᠠᠰᠢᠭᠤᠷ ᠰᠠᠶ᠋ᠢᠨ

       ᠭᠤᠷᠪᠠᠨ ᠰᠠᠶ᠋ᠢᠬᠠᠨ
   ᠬᠥᠮᠦᠵᠢᠬᠦ ᠨᠠᠰᠤᠨ ‍ᠳᠤ ᠬᠡᠦᠬᠡᠳ ᠰᠠᠶ᠋ᠢᠬᠠᠨ
   ᠬᠥᠲᠡᠯᠬᠦ ᠠᠮᠢᠲᠠᠨ ‍ᠳᠤ ᠬᠥᠮᠦᠨ ᠰᠠᠶ᠋ᠢᠬᠠᠨ
   ᠬᠥᠮᠦᠨ ᠲᠥᠷᠥᠯᠬᠢᠲᠡᠨ ‍ᠳᠤ ᠮᠣᠷᠠᠯ ᠰᠠᠶ᠋ᠢᠬᠠᠨ

       ᠭᠤᠷᠪᠠᠨ ᠪᠠᠶᠠᠨ
   ᠬᠥᠬᠡ ᠲᠩᠷᠢ ᠣᠲᠣ ᠪᠠᠷ ᠪᠠᠶᠠᠨ
   ᠬᠥᠷᠥᠰᠥᠲᠦ ᠭᠠᠵᠠᠷ ᠦᠨᠲᠦᠰᠦ ᠪᠡᠷ ᠪᠠᠶᠠᠨ
   ᠬᠥᠬᠡᠷᠡᠬᠦ ᠳᠠᠯᠠᠢ ᠤᠰᠤ ᠪᠠᠷ ᠪᠠᠶᠠᠨ 

       ᠭᠤᠷᠪᠠᠨ ᠬᠣᠭᠣᠰᠣᠨ
   ᠬᠥᠲᠡᠯᠵᠦ ᠬᠠᠷᠠᠭᠲᠠᠬᠤ ᠪᠣᠯᠪᠠᠴᠤ ᠵᠡᠷᠭᠡᠯᠭᠡᠨ ᠬᠣᠭᠣᠰᠣᠨ
   ᠬᠥᠭ ᠳᠠᠭᠤᠨ ᠲᠠᠢ ᠪᠣᠯᠪᠠᠴᠤ ᠴᠤᠤᠷᠢᠶ᠎ᠠ ᠬᠣᠭᠣᠰᠣᠨ
   ᠬᠥᠨᠥᠭᠡᠬᠦ ᠲᠡᠮᠡᠴᠡᠬᠦ ᠪᠣᠯᠪᠠᠴᠤ ᠵᠡᠭᠦᠲᠦ ᠬᠣᠭᠣᠰᠣᠨ

       ᠭᠤᠷᠪᠠᠨ ᠮᠡᠲᠡᠬᠦ ᠦᠭᠡᠢ
   ᠬᠥᠭᠰᠢᠨ ᠬᠥᠮᠦᠨ ᠬᠥᠭᠡᠷᠪᠡᠯ ᠦᠬᠦᠬᠦ ᠪᠡᠨ ᠮᠡᠲᠡᠬᠦ ᠦᠭᠡᠢ
   ᠬᠥᠬᠡ ᠬᠠᠷᠭᠠᠨ᠎ᠠ ᠰᠢᠲᠠᠪᠠᠯ ᠤᠨᠲᠠᠷᠠᠬᠤ ᠪᠠᠨ ᠮᠡᠲᠡᠬᠦ ᠦᠭᠡᠢ
   ᠬᠥᠯᠦᠭ ᠲᠡᠷᠭᠡ ᠬᠥᠭᠯᠡᠪᠡᠯ ᠵᠣᠭᠰᠣᠬᠤ ᠪᠠᠨ ᠮᠡᠲᠡᠬᠦ ᠦᠭᠡᠢ

       ᠭᠤᠷᠪᠠᠨ ᠪᠥᠬᠡ
   ᠬᠦᠷᠭᠡᠨ ᠬᠥᠮᠦᠨ ᠪ ᠬᠦᠵᠦᠭᠦᠦ ᠨᠢ ᠪᠥᠬᠡ
   ᠬᠥᠮᠦᠨ ᠪ ᠮᠣᠷᠢᠨ ᠪ ᠨᠢᠷᠤᠭᠤ ᠨᠢ ᠪᠥᠬᠡ
   ᠬᠦᠰᠡᠯᠡᠩᠲᠦ ᠬᠥᠮᠦᠨ ᠪ ᠵᠣᠷᠢᠬ ᠨᠢ ᠪᠥᠬᠡ

       ᠭᠤᠷᠪᠠᠨ ᠡᠷᠬᠢᠮ
   ᠬᠥᠮᠦᠵᠢᠯ ᠬᠦᠷᠲᠡᠬᠦ ᠨᠢᠭᠡ ᠡᠷᠬᠢᠮ
   ᠬᠥᠮᠦᠨᠴᠢ ᠴᠢᠨᠠᠷ ᠨᠢᠭᠡ ᠡᠷᠬᠢᠮ
   ᠬᠦᠴᠦᠯᠡᠨ ᠰᠤᠲᠤᠯᠬᠤ ᠨᠢᠭᠡ ᠡᠷᠬᠢᠮ

       ᠭᠤᠷᠪᠠᠨ ᠡᠷᠬᠢᠮ
   ᠬᠥᠮᠦᠨ ᠲᠡᠢ ᠬᠠᠷᠢᠯᠴᠠᠵᠤ ᠶᠠᠪᠤᠬᠤ ᠨᠢᠭᠡ ᠡᠷᠬᠢᠮ
   ᠬᠦᠴᠦᠨ ᠵᠣᠷᠢᠬ ᠲᠠᠢ ᠶᠠᠪᠤᠬᠤ ᠨᠢᠭᠡ ᠡᠷᠬᠢᠮ
   ᠬᠦᠴᠢᠷ ᠊ᠢ ᠳᠠᠪᠠᠵᠤ ᠶᠠᠪᠤᠬᠤ ᠨᠢᠭᠡ ᠡᠷᠬᠢᠮ

       ᠭᠤᠷᠪᠠᠨ ᠬᠦᠴᠦᠨ ‍ᠳᠤ
   ᠬᠥᠮᠦᠨ ᠬᠥᠮᠦᠨ ᠪ ᠬᠦᠴᠦᠨ ‍ᠳᠤ
   ᠬᠥᠯᠥᠭ ᠲᠤᠭᠤᠷᠠᠢ ᠶ᠋ᠢᠨ ᠬᠦᠴᠦᠨ ‍ᠳᠤ
   ᠬᠥᠭᠥᠷᠭᠡ ᠲᠤᠯᠭᠠᠭᠤᠷᠢ ᠶ᠋ᠢᠨ ᠬᠦᠴᠦᠨ ‍ᠳᠤ

       ᠭᠤᠷᠪᠠᠨ ᠬᠣᠯᠪᠣᠭᠠᠲᠠᠢ
   ᠬᠥᠮᠦᠨ ᠮᠠᠯ ᠠᠮᠢᠲᠤᠷᠠᠯ ᠦ᠋ᠨ ᠬᠣᠯᠪᠣᠭᠠᠲᠠᠢ
   ᠬᠥᠪᠡᠭᠦᠨ ᠥᠬᠢᠨ ᠤᠷᠤᠭ ᠦ᠋ᠨ ᠬᠣᠯᠪᠣᠭᠠᠲᠠᠢ
   ᠬᠥᠬᠡ ᠰᠢᠷ᠎ᠠ ᠪᠣᠲᠣᠭ ᠦ᠋ᠨ ᠬᠣᠯᠪᠣᠭᠠᠲᠠᠢ

       ᠭᠤᠷᠪᠠᠨ ᠤᠲᠠᠭᠠᠨ
   ᠬᠦᠷᠬᠦ ‍ᠳᠤ ᠮᠣᠷᠢ ᠤᠲᠠᠭᠠᠨ
   ᠬᠦᠯᠢᠶᠡᠬᠦ ‍ᠳᠤ ᠴᠠᠭ ᠤᠲᠠᠭᠠᠨ
   ᠬᠥᠯᠴᠥᠬᠦ ‍ᠳᠤ ᠭᠠᠯ ᠤᠳᠠᠭᠠᠨ

       ᠭᠤᠷᠪᠠᠨ ᠴᠢᠮᠡᠭ
   ᠬᠥᠬᠡ ᠥᠩᠭᠡ ᠮᠣᠩᠭᠣᠯ ‍ᠤᠨ ᠴᠢᠮᠡᠭ
   ᠬᠦᠯᠦᠭ ᠮᠣᠷᠢ ᠤᠶᠠᠭ᠎ᠠ ‍ᠶ᠋ᠢᠨ ᠴᠢᠮᠡᠭ
   ᠬᠦᠴᠦ ᠴᠢᠳᠠᠯ ᠡᠷ᠎ᠡ ‍ᠶ᠋ᠢᠨ ᠴᠢᠮᠡᠭ

       ᠭᠤᠷᠪᠠᠨ ᠦᠭᠡᠢ
   ᠬᠥᠮᠦᠨ ‍ᠤ ᠶᠠᠭᠤᠮ᠎ᠠ ‍ᠳᠤ ᠬᠠᠶ᠋ᠢᠷ᠎ᠠ ᠦᠭᠡᠢ
   ᠵᠢᠷᠣᠭ᠎ᠠ ᠮᠣᠷᠢᠨ ‍ᠳᠤ ᠵᠢᠷᠭᠠᠯ ᠦᠭᠡᠢ
   ᠠᠯᠢᠶ᠎ᠠ ᠬᠡᠦᠬᠡᠳ ᠎ᠲᠤ᠌ ᠠᠮᠤᠷ ᠦᠭᠡᠢ

       ᠭᠤᠷᠪᠠᠨ ᠡᠯᠡᠭ
   ᠬᠦᠯᠦᠭ ᠥᠲᠡᠯᠪᠡᠯ ᠤᠨᠠᠭᠠᠨ ‍ᠤ ᠡᠯᠡᠭ
   ᠬᠡᠦᠬᠡᠨ ᠥᠲᠡᠯᠪᠡᠯ ᠠᠶ᠋ᠢᠯ ‍ᠤᠨ ᠡᠯᠡᠭ
   ᠬᠥᠮᠦᠨ ᠥᠲᠡᠯᠪᠡᠯ ᠬᠡᠦᠬᠡᠳ ‍ᠤᠨ ᠡᠯᠡᠭ

       ᠭᠤᠷᠪᠠᠨ ᠠᠴᠢᠲᠠᠢ
   ᠬᠥᠬᠥᠭᠦᠯᠵᠦ ᠥᠰᠬᠡᠭᠰᠡᠨ ᠡᠵᠢ ᠨᠢᠭᠡ ᠠᠴᠢᠲᠠᠢ
   ᠬᠥᠮᠦᠨ ᠪᠣᠯᠭᠠᠭᠰᠠᠨ ᠠᠪᠤ ᠨᠢᠭᠡ ᠠᠴᠢᠲᠠᠢ
   ᠬᠥᠮᠦᠵᠢᠭᠦᠯᠵᠦ ᠰᠤᠷᠭᠠᠭᠰᠠᠨ ᠪᠠᠭᠰᠢ ᠨᠢᠭᠡ ᠠᠴᠢᠲᠠᠢ

       ᠭᠤᠷᠪᠠᠨ ᠳᠤᠷᠠᠲᠠᠢ
   ᠬᠥᠮᠦᠨ ‍ᠤ ᠮᠣᠷᠢ ‍ᠶ᠋ᠢ ᠤᠨᠤᠭᠰᠠᠨ ᠬᠥᠮᠦᠨ ᠣᠷᠣᠯᠳᠣᠬᠤ ᠳᠤᠷᠠᠲᠠᠢ
   ᠬᠥᠮᠦᠨ ‍ᠤ ᠠᠵᠢᠯ ‍ᠢ ᠬᠢᠭᠰᠡᠨ ᠬᠥᠮᠦᠨ ᠬᠣᠯᠬᠢᠬᠤ ᠳᠤᠷᠠᠲᠠᠢ
   ᠬᠥᠮᠦᠨ ‍ᠤ ᠳᠡᠪᠡᠯ ‍ᠢ ᠡᠮᠦᠰᠦᠭᠰᠡᠨ ᠬᠥᠮᠦᠨ ᠪᠠᠷᠢᠯᠳᠤᠬᠤ ᠳᠤᠷᠠᠲᠠᠢ

       ᠭᠤᠷᠪᠠᠨ ᠬᠣᠯᠪᠣᠭ᠎ᠠ ᠎ᠲᠠᠢ
   ᠬᠥᠬᠡ ᠲᠡᠭᠷᠢ ᠠᠭᠤᠳᠠᠮ ᠪᠣᠯᠪᠠᠴᠤ ᠠᠭᠠᠷ ‍ᠢᠶ᠋ᠠᠷ ᠬᠣᠯᠪᠣᠭ᠎ᠠ ᠎ᠲᠠᠢ
   ᠬᠥᠮᠦᠨ ᠠᠮᠢᠲᠠᠨ ᠣᠯᠠᠨ ᠪᠣᠯᠪᠠᠴᠤ ᠠᠵᠢᠯ ‍ᠢᠶ᠋ᠠᠷ ᠬᠣᠯᠪᠣᠭ᠎ᠠ ᠎ᠲᠠᠢ
   ᠬᠦᠦ ᠬᠡᠦᠬᠡᠨ ᠬᠣᠯᠠ ᠪᠣᠯᠪᠠᠴᠤ ᠤᠷᠤᠭ ‍ᠢᠶ᠋ᠠᠷ ᠬᠣᠯᠪᠣᠭ᠎ᠠ ᠎ᠲᠠᠢ

       ᠭᠤᠷᠪᠠᠨ ᠰᠠᠶ᠋ᠢᠬᠠᠨ
   ᠬᠦᠨᠳᠦᠳᠬᠡᠵᠦ ᠰᠤᠷᠤᠭᠰᠠᠨ ᠵᠠᠩᠰᠢᠯ ᠨᠢᠭᠡ ᠰᠠᠶ᠋ᠢᠬᠠᠨ
   ᠬᠥᠬᠥᠭᠦᠯᠵᠦ ᠥᠰᠬᠡᠭᠰᠡᠨ ᠡᠵᠢ ᠨᠢᠭᠡ ᠰᠠᠶ᠋ᠢᠬᠠᠨ
   ᠬᠥᠮᠦᠵᠢᠭᠦᠯᠵᠦ ᠰᠤᠷᠭᠠᠭᠰᠠᠨ ᠪᠠᠭᠰᠢ ᠨᠢᠭᠡ ᠰᠠᠶ᠋ᠢᠬᠠᠨ

       ᠭᠤᠷᠪᠠᠨ ᠦᠭᠡᠢ
   ᠬᠦᠴᠦᠨ ‍ᠤ ᠬᠥᠮᠦᠨ ‍ᠳᠤ ᠰᠠᠭᠤᠳᠠᠯ ᠦᠭᠡᠢ
   ᠬᠥᠯᠥᠰᠢᠨ ‍ᠤ ᠦᠬᠡᠷ ᠎ᠲᠤ᠌ ᠤᠶᠠᠭ᠎ᠠ ᠦᠭᠡᠢ
   ᠬᠥᠮᠦᠨ ‍ᠤ ᠡᠳ᠋ ᠎ᠲᠤ᠌ ᠬᠠᠶ᠋ᠢᠷ᠎ᠠ ᠦᠭᠡᠢ

       ᠭᠤᠷᠪᠠᠨ ᠦᠭᠡᠢ
   ᠬᠥᠯ ‍ᠳᠤ ᠡᠮᠦᠰᠬᠦ ᠠ᠋ᠴᠠ ᠪᠠᠭᠠᠷᠲᠤᠭ ᠦᠭᠡᠢ
   ᠭᠡᠳᠡᠷᠭᠦ ᠎ᠪᠠᠨ ᠬᠠᠶᠠᠬᠤ ᠠ᠋ᠴᠠ ᠭᠡᠵᠢᠭᠡ ᠦᠭᠡᠢ
   ᠰᠠᠨᠠᠵᠤ ᠦᠬᠦᠬᠦ ᠠ᠋ᠴᠠ ᠦᠷ᠎ᠡ ᠦᠭᠡᠢ

       ᠭᠤᠷᠪᠠᠨ ᠶᠡᠬᠡ
   ᠬᠦᠰᠡᠯ ᠶᠡᠬᠡᠲᠡᠢ ᠬᠥᠮᠦᠨ ‍ᠤ ᠬᠤᠪᠢ ᠨᠢ ᠶᠡᠬᠡ
   ᠬᠥᠯ ᠶᠡᠬᠡᠲᠡᠢ ᠬᠥᠮᠦᠨ ‍ᠤ ᠭᠤᠲᠤᠯ ᠨᠢ ᠶᠡᠬᠡ
   ᠬᠥᠳᠡᠯᠮᠦᠷᠢ ᠶᠡᠬᠡᠲᠡᠢ ᠬᠥᠮᠦᠨ ‍ᠤ ᠪᠦᠲᠦᠭᠡᠯ ᠨᠢ ᠶᠡᠬᠡ

       ᠭᠤᠷᠪᠠᠨ ᠵᠥᠪ
   ᠬᠦᠯᠦᠭ ᠥᠲᠡᠯᠪᠡᠴᠦ ᠠᠴᠢᠶᠠᠨ ᠳ᠋ᠠᠭᠠᠨ ᠵᠥᠪ
   ᠬᠥᠮᠦᠨ ᠥᠲᠡᠯᠪᠡᠴᠦ ᠬᠡᠦᠬᠡᠳ ᠎ᠲᠡᠭᠡᠨ ᠵᠥᠪ
   ᠪᠤᠬ᠎ᠠ ᠥᠲᠡᠯᠪᠡᠴᠦ ᠪᠢᠷᠠᠭᠤᠨ ᠳ᠋ᠠᠭᠠᠨ ᠵᠥᠪ

       ᠭᠤᠷᠪᠠᠨ ᠰᠠᠶ᠋ᠢᠬᠠᠨ
   ᠬᠥᠬᠡ ᠮᠥᠩᠬᠡ ᠲᠡᠭᠷᠢ ‍ᠶ᠋ᠢᠨ ᠤᠨᠢᠶᠠᠷ ᠰᠠᠶ᠋ᠢᠬᠠᠨ
   ᠬᠥᠬᠡᠷᠡᠵᠦ ᠬᠠᠷᠠᠭᠳᠠᠬᠤ ᠠ᠋ᠴᠠ ᠣᠭᠲᠠᠷᠭᠤᠢ ᠰᠠᠶ᠋ᠢᠬᠠᠨ
   ᠬᠥᠭᠯᠡᠵᠦ ᠰᠠᠭᠤᠬᠤ ᠠ᠋ᠴᠠ ᠬᠥᠭᠵᠢᠮ ᠰᠠᠶ᠋ᠢᠬᠠᠨ

       ᠭᠤᠷᠪᠠᠨ ᠲᠡᠮᠳᠡᠭ
   ᠬᠥᠳᠡᠯᠮᠦᠷᠢ ᠰᠠᠶ᠋ᠢᠲᠠᠢ ᠪᠣᠯ ᠬᠥᠭᠵᠢᠬᠦ ‍ᠶ᠋ᠢᠨ ᠲᠡᠮᠳᠡᠭ
   ᠬᠥᠩᠭᠡᠮᠰᠦᠭ ᠵᠠᠩ ᠎ᠲᠠᠢ ᠪᠣᠯ ᠨᠡᠶ᠋ᠢᠴᠡᠬᠦ ‍ᠶ᠋ᠢᠨ ᠲᠡᠮᠳᠡᠭ
   ᠬᠥᠭᠵᠢᠭᠦᠨ ᠵᠠᠩ ᠎ᠲᠠᠢ ᠪᠣᠯ ᠪᠠᠶᠠᠷᠯᠠᠬᠤ ‍ᠶ᠋ᠢᠨ ᠲᠡᠮᠳᠡᠭ

       ᠭᠤᠷᠪᠠᠨ ᠵᠥᠪ
   ᠬᠦᠨᠳᠦ ‍ᠶ᠋ᠢ ᠬᠥᠩᠭᠡᠨ ᠠ᠋ᠴᠠ ᠨᠢ ᠡᠬᠢᠯᠡᠬᠦ ᠨᠢ ᠵᠥᠪ
   ᠬᠦᠯᠦᠭ ‍ᠢ ᠤᠨᠠᠭᠠᠨ ᠠ᠋ᠴᠠ ᠨᠢ ᠰᠤᠷᠭᠠᠬᠤ ᠨᠢ ᠵᠥᠪ
   ᠬᠥᠮᠦᠨ ‍ᠢ ᠨᠢᠯᠬ᠎ᠠ ᠠ᠋ᠴᠠ ᠨᠢ ᠬᠥᠮᠦᠵᠢᠭᠦᠯᠬᠦ ᠨᠢ ᠵᠥᠪ

       ᠭᠤᠷᠪᠠᠨ ᠪᠠᠶ᠋ᠢᠳᠠᠭ
   ᠬᠥᠬᠡᠷᠡᠵᠦ ᠪᠠᠶ᠋ᠢᠬᠤ ᠠᠭᠤᠯᠠ ‍ᠶ᠋ᠢᠨ ᠴᠠᠭᠠᠨ᠎ᠠ ᠪᠠᠰᠠ ᠠᠭᠤᠯᠠ ᠪᠠᠢᠳᠠᠭ
   ᠬᠥᠨᠲᠡᠯᠢᠰᠴᠦ ᠪᠠᠶ᠋ᠢᠬᠤ ᠤᠰᠤᠨ ᠪ ᠴᠠᠭᠠᠨ᠎ᠠ ᠪᠠᠰᠠ ᠤᠰᠤ ᠪᠠᠶ᠋ᠢᠲᠠᠭ
   ᠬᠦᠰᠡᠵᠦ ᠪᠠᠶ᠋ᠢᠬᠤ ᠬᠦᠰᠡᠯᠡᠩ ᠦ᠋ᠨ ᠴᠠᠭᠠᠨ᠎ᠠ ᠪᠠᠰᠠ ᠬᠦᠰᠡᠯᠡᠩ ᠪᠠᠶ᠋ᠢᠲᠠᠭ

        ᠭᠤᠷᠪᠠᠨ ᠲᠡᠮᠲᠡᠭ
   ᠬᠥᠬᠡ ᠮᠠᠨᠠᠨ ᠲᠠᠲᠠᠪᠠᠯ ᠪᠣᠷᠣᠭᠠᠨ ᠣᠷᠣᠬᠤ ᠶ᠋ᠢᠨ ᠲᠡᠮᠲᠡᠭ
   ᠬᠦᠢᠲᠡᠨ ᠰᠠᠯᠬᠢᠨ ᠬᠥᠲᠡᠯᠪᠡᠯ ᠬᠢᠷᠠᠭᠤ ᠤᠨᠠᠬᠤ ᠶ᠋ᠢᠨ ᠲᠡᠮᠲᠡᠭ
   ᠬᠥᠮᠦᠰᠭᠡ ᠨᠢᠲᠦ ᠡᠷᠡᠶ᠋ᠢᠪᠡᠯ ᠬᠡᠷᠡᠭᠦᠯ ᠪᠣᠯᠬᠤ ᠶ᠋ᠢᠨ ᠲᠡᠮᠲᠡᠭ

       ᠭᠤᠷᠪᠠᠨ ᠤᠲᠠᠭᠠᠨ
   ᠬᠦᠰᠡᠬᠦ ‍ᠳᠤ ᠪᠡᠶᠡᠯᠡᠯ ᠤᠲᠠᠭᠠᠨ
   ᠬᠥᠭᠵᠢᠬᠦ ‍ᠳᠤ ᠭᠠᠯ ᠤᠲᠠᠭᠠᠨ
   ᠬᠥᠲᠡᠯᠬᠦ ‍ᠳᠤ ᠬᠥᠯᠥᠭ ᠤᠲᠠᠭᠠᠨ

       ᠭᠤᠷᠪᠠᠨ ᠦᠭᠡᠢ
   ᠬᠥᠯᠥᠭ ᠦ᠋ᠨ ᠰᠠᠶ᠋ᠢᠨ ᠡᠮᠡᠭᠡᠯ ‍ᠳᠤ ᠦᠭᠡᠢ
   ᠬᠥᠮᠦᠨ ᠪ ᠰᠠᠶ᠋ᠢᠨ ᠵᠢᠰᠦᠨ ‍ᠳᠤ ᠦᠭᠡᠢ
   ᠬᠥᠷᠥᠩᠭᠡ ᠶ᠋ᠢᠨ ᠰᠠᠶ᠋ᠢᠨ ᠥᠩᠭᠡᠨ ‍ᠳᠤ ᠦᠭᠡᠢ

       ᠭᠤᠷᠪᠠᠨ ᠪᠠᠶ᠋ᠢᠲᠠᠭ
   ᠬᠥᠯᠥᠭ ᠡᠴᠡ ᠰᠠᠶ᠋ᠢᠨ ᠬᠥᠯᠥᠭ ᠨᠢᠭᠡ ᠪᠠᠶ᠋ᠢᠲᠠᠭ
   ᠬᠥᠮᠦᠨ  ᠠ᠋ᠴᠠ ᠰᠠᠶ᠋ᠢᠨ ᠬᠥᠮᠦᠨ ᠨᠢᠭᠡ ᠪᠠᠶ᠋ᠢᠲᠠᠭ
   ᠬᠥᠷᠥᠩᠭᠡ ᠠ᠋ᠴᠠ ᠰᠠᠶ᠋ᠢᠨ ᠬᠥᠷᠥᠩᠭᠡ ᠨᠢᠭᠡ ᠪᠠᠶ᠋ᠢᠲᠠᠭ

       ᠭᠤᠷᠪᠠᠨ ᠬᠥᠬᠡ
   ᠬᠥᠢᠲᠡᠷᠡᠬᠦ ᠲᠩᠷᠢ ᠶ᠋ᠢᠨ ᠬᠥᠪᠡᠭᠡ ᠨᠢ ᠬᠥᠬᠡ
   ᠬᠦᠷᠬᠢᠷᠡᠬᠦ ᠤᠰᠤᠨ ᠪ ᠥᠩᠭᠡ ᠨᠢ ᠬᠥᠬᠡ
   ᠬᠥᠷᠦᠩᠲᠦ ᠠᠷᠢᠬᠢᠨ ᠪ ᠭᠠᠯ ᠨᠢ ᠬᠥᠬᠡ

       ᠭᠤᠷᠪᠠᠨ ᠪᠠᠶ᠋ᠢᠲᠠᠭ
   ᠬᠥᠮᠦᠨ ᠪ ᠰᠠᠶ᠋ᠢᠨ ᠦᠨᠡᠨ ᠳ᠋ᠡᠭᠡᠨ ᠪᠠᠶ᠋ᠢᠲᠠᠭ
   ᠬᠥᠯᠥᠭ ᠦ᠋ᠨ ᠰᠠᠶ᠋ᠢᠨ ᠴᠢᠲᠠᠯ ᠳ᠋ᠠᠭᠠᠨ ᠪᠠᠶ᠋ᠢᠲᠠᠭ
   ᠬᠥᠷᠥᠩᠭᠡ ᠶ᠋ᠢᠨ ᠰᠠᠶ᠋ᠢᠨ ᠴᠢᠨᠠᠷ ᠲᠠᠭᠠᠨ ᠪᠠᠶ᠋ᠢᠲᠠᠭ

       ᠭᠤᠷᠪᠠᠨ ᠦᠭᠡᠢ
   ᠬᠥᠮᠦᠨ ᠪ ᠰᠠᠨᠠᠬ᠋᠎ᠠ ᠦᠵᠦᠭᠦᠷ ᠦᠭᠡᠢ
   ᠬᠦᠰᠡᠯ ᠦ᠋ᠨ ᠦᠵᠦᠭᠦᠷ ᠤᠭᠣᠰᠣᠷ ᠦᠭᠡᠢ
   ᠬᠥᠬᠡ ᠲᠩᠷᠢ ᠬᠥᠪᠡᠭᠡ ᠦᠭᠡᠢ

       ᠭᠤᠷᠪᠠᠨ ᠪᠣᠯᠬᠤ ᠦᠭᠡᠢ
   ᠬᠥᠯᠥᠭ ᠶ᠋ᠢᠡᠨ ᠬᠥᠯᠥᠰᠦᠲᠡᠯ᠎ᠡ ᠭᠡᠳ ᠡᠮᠡᠭᠡᠯ ᠊ᠢ ᠨᠢ ᠠᠪᠴᠤ ᠪᠣᠯᠬᠤ ᠦᠭᠡᠢ
   ᠬᠥᠯ ᠶ᠋ᠢᠡᠨ ᠶᠠᠲᠠᠷᠠᠯ᠎ᠠ ᠭᠡᠳ ᠬᠡᠪᠲᠡᠵᠦ ᠠᠮᠠᠷᠠᠵᠤ ᠪᠣᠯᠬᠤ ᠦᠭᠡᠢ
   ᠬᠥᠯᠲᠡᠵᠦ ᠳᠠᠭᠠᠷᠠᠯ᠎ᠠ ᠭᠡᠳ ᠬᠠᠯᠠᠭᠠᠵᠤ ᠡᠭᠡᠭᠡᠵᠦ ᠪᠣᠯᠬᠤ ᠦᠭᠡᠢ

       ᠭᠤᠷᠪᠠᠨ ᠰᠢᠷᠦᠭᠦᠨ 
   ᠬᠥᠯᠥᠭ ᠮᠣᠷᠢᠨ ᠪ ᠬᠥᠯ ᠨᠢᠭᠡ ᠰᠢᠷᠦᠭᠦᠨ
   ᠬᠦᠰᠢᠭᠦᠨ ᠨᠤᠮᠤ ᠶ᠋ᠢᠨ ᠰᠤᠮᠤ ᠨᠢᠭᠡ ᠰᠢᠷᠦᠭᠦᠨ
   ᠬᠥᠭᠰᠢᠨ ᠦᠬᠡᠷ ᠦ᠋ᠨ ᠬᠡᠯᠡ ᠨᠢᠭᠡ ᠰᠢᠷᠦᠭᠦᠨ

     ᠦᠰᠦᠭ ᠠᠮᠢᠯᠠᠭᠤᠯᠤᠭᠴᠢ ᠄   ᠣᠶᠤᠨᠲᠤᠨᠠᠯ ᠂ ᠳ᠋ᠦ᠋ᠩ ᠹᠧᠩ  ᠂  ᠮᠢᠩᠭᠠᠳ  ᠴᠢᠮᠡᠭ ᠂ ᠬᠠᠳᠠᠴᠢ ᠤᠷᠠᠨ᠎ᠠ  
         ᠬᠢᠨᠠᠭᠴᠢ ᠄   ᠮᠢᠩᠭᠠᠳ ᠴᠢᠮᠡᠭ ᠂  ᠬᠠᠷᠠᠨᠤᠳ ᠲᠤᠶᠠᠭ᠎ᠠ ᠂ ᠬᠠᠳᠠᠴᠢ ᠤᠷᠠᠨ᠎ᠠ