ᠰᠠᠢᠨ ᠬᠠᠭᠠᠨ ᠪᠠᠲᠤСайн хаан бат ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠨ ᠬᠠᠭᠠᠨ ᠪᠠᠲᠤСайн хаан бат

ᠰᠠᠢᠨ ᠬᠠᠭᠠᠨ ᠪᠠᠲᠤСайн хаан бат

ᠠᠩᠭᠢᠯᠠᠯ:ᠲᠡᠦᠬᠡ ᠰᠣᠶᠣᠯ
2022-01-07

1520

   ᠪᠠᠲᠤ ᠬᠠᠭᠠᠨ (1208–1255) ᠴᠢᠩᠭᠢᠰ ᠬᠠᠭᠠᠨ ᠤ᠋ ᠠᠴᠢ ᠬᠦᠦ᠃ 1208 ᠣᠨ ᠤ᠋ ᠯᠤᠤ ᠵᠢᠯ ᠴᠢᠩᠭᠢᠰ ᠬᠠᠭᠠᠨ ᠤ᠋ ᠤᠤᠭᠠᠨ ᠬᠦᠦ ᠵᠥᠴᠢ ᠪᠣᠯᠤᠨ ᠣᠬᠢ/ᠬᠤᠸᠠ ᠦᠵᠢᠨ (ᠬᠣᠩᠭᠢᠷᠠᠳ) ᠬᠠᠲᠤᠨ ᠠ᠋ᠴᠠ ᠲᠥᠷᠥᠭᠰᠡᠨ᠃ ᠮᠣᠩᠭᠣᠯ ᠤ᠋ᠨ ᠨᠥᠯᠥᠭᠡ ᠪᠦᠬᠦᠢ ᠤᠳᠤᠷᠢᠳᠤᠭᠴᠢ᠂ ᠬᠥᠬᠡ ᠤᠷᠲᠤ ᠶ᠋ᠢ ᠦᠨᠳᠦᠰᠦᠯᠡᠨ ᠪᠠᠢᠭᠤᠯᠤᠭᠴᠢ ᠲᠡᠷᠡ ᠪᠡᠷ ᠧᠦ᠋ᠷᠣᠫᠠ ᠵᠦᠭ ᠬᠢᠭᠰᠡᠨ ᠮᠣᠩᠭᠣᠯ ᠤ᠋ᠨ ᠡᠵᠡᠨᠲᠦ ᠭᠦᠷᠦᠨ ᠦ᠌ ᠪᠠᠢᠯᠳᠤᠨ ᠳᠠᠭᠠᠭᠤᠯᠤᠯᠲᠠ ᠶ᠋ᠢ ᠮᠣᠩᠭᠣᠯ ᠤ᠋ᠨ ᠪᠤᠰᠤᠳ ᠬᠠᠭᠠᠳ ᠠ᠋ᠴᠠ ᠥᠷᠥᠨ᠎ᠡ ᠳᠠᠬᠢᠨ ᠳ᠋ᠤ᠌ ᠢᠯᠡᠭᠦᠦ ᠠᠯᠳᠠᠷᠰᠢᠭᠰᠠᠨ᠃ ᠡᠨᠡ ᠠᠶᠠᠨ ᠲᠡᠢᠨ ᠢ᠋ ᠲᠡᠦᠬᠡᠨ ᠳ᠋ᠦ᠍ 《ᠠᠬᠠᠮᠠᠳ ᠬᠦᠦ ᠦ᠋ᠳ ᠦ᠋ᠨ ᠲᠡᠢᠨ》 ᠭᠡᠵᠦ ᠲᠡᠮᠳᠡᠭᠯᠡᠭᠳᠡᠭᠰᠡᠨ᠃ ᠲᠡᠭᠦᠨ ᠦ᠌ ᠬᠥᠬᠡ ᠤᠷᠲᠤ ᠠᠯᠲᠠᠨ ᠤᠷᠲᠤ (ᠪᠤᠶᠤ ᠺᠢᠫᠴᠠᠺ ᠤ᠋ᠨ ᠬᠠᠨᠯᠢᠭ) ᠪᠣᠯᠵᠤ᠂ ᠣᠷᠣᠰ ᠪᠣᠯᠤᠨ ᠺᠠᠸᠬᠠᠰ ᠢ᠋ 250 ᠣᠷᠴᠢᠮ ᠵᠢᠯ ᠦ᠋ᠨ ᠲᠤᠷᠰᠢ ᠵᠠᠬᠢᠷᠴᠢ ᠪᠠᠢᠭᠰᠠᠨ᠃ ᠲᠡᠭᠦᠨ ᠦ᠌ ᠴᠡᠷᠢᠭ ᠫᠣᠯᠢᠰᠢ᠂ ᠤᠩᠭᠠᠷᠢ ᠶ᠋ᠢᠨ ᠴᠡᠷᠢᠭ ᠢ᠋ ᠪᠤᠲᠠ ᠴᠣᠬᠢᠵᠤ ᠪᠠᠢᠵᠠᠢ᠃

1-1

1-2